ᠦᠬᠡᠷ ᠮᠢᠨᠢ -ᠤᠷᠤᠭᠰᠢᠯᠠᠯᠲᠠ Ükher mini-UragshlaltҮхэр минь-Урагшлалт ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠬᠡᠷ ᠮᠢᠨᠢ -ᠤᠷᠤᠭᠰᠢᠯᠠᠯᠲᠠ Ükher mini-UragshlaltҮхэр минь-Урагшлалт

ᠦᠬᠡᠷ ᠮᠢᠨᠢ -ᠤᠷᠤᠭᠰᠢᠯᠠᠯᠲᠠ Ükher mini-UragshlaltҮхэр минь-Урагшлалт

ᠠᠩᠭᠢᠯᠠᠯ:ᠳᠠᠭᠤᠤ ᠬᠥᠭᠵᠢᠮ
2026-01-08

584

ᠦᠬᠡᠷ ᠮᠢᠨᠢ

    ᠦᠭᠡ᠄ ᠵᠢᠬ᠌ᠮᠢᠤᠡᠰᠦᠢ᠍ᠷᠦᠩ 
    ᠠᠶ᠎ᠠ᠄ ᠴᠦᠢᠵᠢᠡᠵᠡᠪ 
    ᠳᠠᠭᠤᠴᠢᠨ᠄ ᠤᠷᠤᠭᠰᠢᠯᠠᠯᠲᠠ 

ᠰᠦᠷᠦᠭ ᠢ᠋ᠶ᠋ᠡᠨ ᠳᠠᠭᠠᠭᠤᠯᠤᠭᠠᠳ ᠮᠥᠭᠡᠷᠡᠭᠡᠳ ᠢᠷᠡᠳᠡᠭ 
ᠰᠦ ᠲᠡᠢ ᠣᠯᠠᠨ ᠦᠨᠢᠶ᠎ᠡ ᠮᠢᠨᠢ 
ᠰᠠᠭᠤᠯᠭ᠎ᠠ ᠰᠠᠭᠤᠯᠭ᠎ᠠ ᠪᠠᠷ ᠰᠦ ᠶ᠋ᠢ ᠨᠢ ᠰᠠᠭᠠᠬᠤ ᠳ᠋ᠤ᠌ 
ᠰᠠᠭᠠᠯᠢᠴᠢᠨ ᠨᠠᠮ᠎ᠠ ᠶ᠋ᠢ ᠪᠡᠨ ᠪᠠᠶᠠᠰᠬᠠᠳᠠᠭ 
ᠡᠢᠮᠦ ᠯᠡ ᠬᠠᠢᠷᠠᠲᠠᠢ ᠮᠠᠯ ᠢ᠋ ᠪᠡᠨ ᠬᠦ 
ᠡᠯᠳᠡᠪ ᠭᠠᠮᠰᠢᠭ ᠠ᠋ᠴᠠ ᠵᠠᠢᠯᠠᠭᠤᠯᠤᠨ 
ᠡᠬᠡ ᠣᠷᠣᠨ ᠢ᠋ᠶ᠋ᠠᠨ ᠪᠠᠶᠠᠵᠢᠭᠤᠯᠤᠨ ᠴᠢᠬᠢᠷᠬᠠᠵᠢᠭᠤᠯᠤᠶ᠎ᠡ ᠬᠦᠢ

ᠬᠦᠵᠦᠭᠦᠦ ᠰᠡᠭᠡᠷ ᠨᠢ ᠪᠠᠮᠪᠠᠢᠭᠰᠠᠨ
ᠬᠦᠳᠡᠷ ᠪᠦᠳᠦᠭᠦᠨ ᠱᠠᠷ ᠢ᠋ ᠪᠡᠨ
ᠬᠥᠯᠴᠢᠬᠡᠭᠡᠳ ᠠᠶᠠᠨ ᠳ᠋ᠤ᠌ ᠪᠠᠨ ᠶᠠᠪᠤᠬᠤᠢ ᠳ᠋ᠤ᠌
ᠬᠥᠳᠡᠯᠮᠦᠷᠢ ᠶ᠋ᠢᠨ ᠵᠣᠷᠢᠭ ᠢ᠋ ᠬᠥᠪᠴᠢᠯᠡᠳᠡᠭ
ᠡᠢᠮᠦ ᠯᠡ ᠬᠠᠢᠷᠠᠲᠠᠢ ᠮᠠᠯ ᠢ᠋ ᠪᠡᠨ ᠬᠦ
ᠡᠯᠳᠡᠪ ᠭᠠᠮᠰᠢᠭ ᠠ᠋ᠴᠠ ᠵᠠᠢᠯᠠᠭᠤᠯᠤᠨ
ᠡᠬᠡ ᠣᠷᠣᠨ ᠢ᠋ᠶ᠋ᠠᠨ ᠪᠠᠶᠠᠵᠢᠭᠤᠯᠤᠨ ᠴᠢᠬᠢᠷᠬᠠᠵᠢᠭᠤᠯᠤᠶ᠎ᠡ ᠬᠦᠢ

ᠪᠤᠬᠠᠨᠳᠠᠢ᠂ ᠫᠤᠤᠬᠢᠡᠳᠠᠢ
ᠪᠤᠷᠤᠭᠤ ᠭᠠᠵᠠᠷ ᠢ᠋ᠶ᠋ᠠᠷ ᠪᠢᠲᠡᠭᠡᠢ ᠣᠷᠣ
ᠪᠠᠭᠠᠰᠤᠠᠳᠠᠢ᠂ ᠵᠢᠭᠠᠬᠠᠡᠳᠠᠢ
ᠠᠷᠭᠠᠯ ᠲᠦᠯᠡᠭᠡ ᠪᠡᠨ ᠲᠡᠭᠦᠭᠡᠳ ᠶᠠᠪᠤ
ᠬᠥᠭᠡᠷᠦᠬᠦᠨ ᠵᠢᠭᠠᠬᠠᠨ ᠲᠤᠭᠤᠯ ᠤ᠋ᠳ ᠮᠢᠨᠢ
ᠬᠥᠳᠡᠭᠡ ᠲᠠᠯ᠎ᠠ ᠪᠠᠷ ᠪᠡᠯᠴᠢᠭᠡᠳ ᠶᠠᠪᠤ
ᠬᠦᠳᠡᠷ ᠪᠦᠳᠦᠭᠦᠨ ᠱᠠᠷ ᠲᠠᠢ ᠮᠢᠨᠢ
ᠬᠦᠳᠡᠷ ᠭᠦᠳᠡᠢ ᠵᠢᠷᠭᠠᠭᠠᠷᠠᠢ

ᠥᠩᠭᠡ ᠵᠢᠰᠦ ᠪᠡᠷ ᠴᠣᠭᠯᠢᠭ
ᠥᠰᠪᠥᠷᠢ ᠶ᠋ᠢᠨ ᠣᠯᠠᠨ ᠲᠤᠭᠤᠯ ᠤ᠋ᠳ ᠮᠢᠨᠢ
ᠤᠯᠤᠰ ᠢ᠋ᠶ᠋ᠠᠨ ᠪᠠᠶᠠᠵᠢᠭᠤᠯᠵᠤ ᠬᠥᠭᠵᠢᠭᠦᠯᠬᠦ ᠳ᠋ᠦ᠍
ᠤᠷᠮ᠎ᠠ ᠵᠣᠷᠢᠭ ᠢ᠋ ᠣᠷᠭᠢᠯᠤᠭᠤᠯᠳᠠᠭ
ᠡᠢᠮᠦ ᠯᠡ ᠬᠠᠢᠷᠠᠲᠠᠢ ᠮᠠᠯ ᠢ᠋ ᠪᠡᠨ ᠬᠦ
ᠡᠯᠳᠡᠪ ᠭᠠᠮᠰᠢᠭ ᠠ᠋ᠴᠠ ᠵᠠᠢᠯᠠᠭᠤᠯᠤᠨ
ᠡᠬᠡ ᠣᠷᠣᠨ ᠢ᠋ᠶ᠋ᠠᠨ ᠪᠠᠶᠠᠵᠢᠭᠤᠯᠤᠨ ᠴᠢᠬᠢᠷᠬᠠᠵᠢᠭᠤᠯᠤᠶ᠎ᠡ ᠬᠦᠢ

   ᠦᠰᠦᠭ ᠠᠮᠢᠠᠭᠤᠯᠤᠬᠴᠢ᠄  ᠰᠡᠴᠡᠨᠬᠡᠷᠡᠯ
   ᠦᠰᠦᠭ ᠬᠠᠲᠠᠭᠴᠢ᠄ ᠰᠡᠴᠡᠨᠭᠡᠷᠡᠯ
   ᠬᠢᠨᠠᠭᠴᠢ ᠪᠠᠭᠰᠢ᠄ ᠠᠯᠳᠠᠨᠴᠡᠴᠩ