ᠰᠠᠷᠢᠳᠠᠭ ᠥᠨᠳᠥᠷ- ᠰᠡ᠊· ᠤᠯᠠᠭᠠᠨᠲᠤᠶᠠᠭ᠎ᠠSaridag öndörСарьдаг өндөр-Са·Улаантуяа
ᠰᠠᠷᠢᠳᠠᠭ ᠥᠨᠳᠥᠷ
ᠤᠷᠠᠳ ᠠᠷᠠᠳ ᠤ᠋ᠨ ᠳᠠᠭᠤᠤ
ᠰᠢᠩᠭᠡᠬᠡᠨ ᠦᠢᠯᠡᠳᠦᠭᠴᠢ᠄ ᠣᠳᠬᠣᠨᠪᠠᠭᠠᠲᠤᠷ
ᠳᠠᠭᠤᠴᠢᠨ᠄ ᠰᠡ᠊· ᠤᠯᠠᠭᠠᠨᠲᠤᠶᠠᠭ᠎ᠠ
ᠰᠠᠷᠢᠳᠠᠭ ᠥᠨᠳᠥᠷ ᠤ᠋ᠨ ᠡᠩᠭᠡᠷ ᠢ᠋ᠶ᠋ᠡᠷ
ᠰᠡᠷᠢᠭᠦᠬᠡᠨ ᠰᠠᠯᠬᠢᠨ ᠰᠡᠩᠭᠢᠨᠡᠵᠦ ᠪᠠᠢᠨ᠎ᠠ
ᠰᠠᠭᠭᠠᠯᠲᠠ ᠠᠢᠯ ᠤ᠋ᠨ ᠬᠣᠨᠢᠳ ᠮᠢᠨᠢ
ᠰᠠᠢᠷ ᠢ᠋ᠶ᠋ᠠᠨ ᠳᠠᠭᠠᠭᠠᠳ ᠢᠳᠡᠰᠢᠯᠡᠵᠦ ᠪᠠᠢᠨ᠎ᠠ᠃
ᠬᠢᠯᠢᠩ ᠲᠣᠷᠭᠠᠨ ᠡᠩᠭᠡᠷ ᠨᠢ
ᠬᠡ ᠶ᠋ᠢ ᠨᠢ ᠲᠠᠭᠠᠷᠠᠭᠤᠯᠵᠤ ᠡᠰᠬᠡᠯᠡ
ᠬᠡᠭᠡᠷ᠎ᠡ ᠶ᠋ᠢᠨ ᠵᠠᠳᠠᠭᠠᠢ ᠲᠠᠯ᠎ᠠ ᠳᠡᠭᠡᠷ᠎ᠡ
ᠬᠡᠨ ᠳ᠋ᠦ᠍ ᠪᠡᠨ ᠥᠭᠬᠦ ᠪᠡᠷ ᠤᠷᠠᠯᠠᠪᠠ ᠲᠠ
ᠰᠠᠢᠬᠠᠨ ᠴᠤ᠌ ᠬᠠᠷ᠎ᠠ ᠨᠢᠳᠦ ᠪᠡᠷ ᠢ᠋ᠶ᠋ᠡᠨ
ᠰᠠᠷᠠᠭᠤᠯᠬᠠᠨ ᠲᠠᠯ᠎ᠠ ᠶ᠋ᠢ ᠪᠡᠨ ᠠᠵᠢᠭᠯᠠᠵᠤ ᠪᠠᠢᠨ᠎ᠠ
ᠰᠠᠪᠬᠠᠨ ᠴᠠᠭᠠᠨ ᠬᠤᠷᠤᠭᠤ ᠪᠠᠷ ᠢ᠋ᠶ᠋ᠠᠨ
ᠰᠠᠢᠬᠠᠨ ᠤᠭᠠᠯᠵᠠ ᠪᠠᠨ ᠱᠠᠭᠯᠠᠭᠠᠳ ᠪᠠᠢᠨ᠎ᠠ᠃
ᠳᠤᠷᠠᠨ ᠴᠤ᠌ ᠬᠠᠷ᠎ᠠ ᠨᠢᠳᠦ ᠪᠡᠷ ᠢ᠋ᠶ᠋ᠡᠨ
ᠲᠣᠭᠲᠠᠭᠰᠠᠨ ᠰᠦᠷᠦᠭ ᠢ᠋ᠶ᠋ᠡᠨ ᠬᠠᠷᠠᠵᠤ ᠪᠠᠢᠨ᠎ᠠ
ᠲᠣᠭᠣᠳᠠᠩ ᠴᠤ᠌ ᠬᠠᠩᠭᠠᠢ ᠤᠭᠠᠯᠵᠠ ᠪᠠᠨ
ᠲᠣᠭᠣᠷᠢᠭᠤᠯᠤᠭᠠᠳ ᠬᠠᠪᠲᠠᠭ᠎ᠠ ᠳ᠋ᠤ᠌ ᠪᠠᠨ ᠱᠠᠭᠯᠠᠭᠠᠳ ᠪᠠᠢᠨ᠎ᠠ
ᠰᠢᠯᠢ ᠶ᠋ᠢᠨ ᠤᠷᠲᠤ ᠶ᠋ᠢᠨ ᠵᠠᠮ ᠢ᠋ᠶ᠋ᠠᠷ ᠢ᠋ᠶ᠋ᠠᠨ
ᠰᠢᠨᠡᠬᠡᠨ ᠠᠮᠠᠷᠠᠭ ᠨᠢ ᠪᠣᠯᠵᠣᠭᠠᠨ ᠳ᠋ᠤ᠌ ᠪᠠᠨ
ᠠᠭᠲᠠ ᠮᠣᠷᠢ ᠪᠠᠨ ᠲᠡᠯᠡᠮᠡᠭᠦᠯᠦᠭᠡᠳ
ᠠᠳᠤᠭᠤ ᠪᠠᠨ ᠢᠪᠡᠭᠡᠭᠡᠳ ᠠᠢᠰᠤᠢ ᠯᠠ ᠪᠠᠢᠨ᠎ᠠ
ᠦᠰᠦᠭ ᠠᠮᠢᠯᠠᠭᠤᠯᠤᠭᠴᠢ᠄ ᠪᠦᠷᠢᠨᠵᠢᠷᠭᠠᠯ
ᠬᠢᠨᠠᠭᠴᠢ ᠪᠠᠭᠰᠢ᠄ ᠡᠷᠳᠡᠨᠢᠪᠢᠯᠢᠭ· ᠣᠳᠬᠤᠩᠬᠤᠸᠠᠷ
