ᠰᠸᠡᠳᠡᠷ ᠬᠡᠦᠬᠡᠨ-ᠰᠠᠢᠨᠰᠡᠴᠡᠨSadar khüükhen-SainsatsanСадар хүүхэн-Сайнсацан
ᠰᠸᠡᠳᠡᠷ ᠬᠡᠦᠬᠡᠨ
ᠠᠷᠠᠳ ᠤ᠋ᠨ ᠳᠠᠭᠤᠤ
ᠳᠠᠭᠤᠴᠢᠨ᠄ ᠰᠠᠢᠨᠰᠡᠴᠡᠨ
ᠡᠷᠲᠡ ᠤᠷᠢᠳᠤ ᠶ᠋ᠢᠨ ᠴᠠᠭ ᠲᠤ᠌ ᠰᠧ ᠸᠠᠩ ᠤ᠋ᠨ ᠬᠤᠰᠢᠭᠤᠨ ᠳ᠋ᠤ᠌ ᠰᠸᠡᠳᠡᠷ ᠭᠡᠳᠡᠭ ᠰᠠᠢᠬᠠᠨ ᠥᠬᠢᠨ ᠠᠮᠢᠳᠤᠷᠠᠳᠠᠭ ᠪᠠᠢᠵᠠᠢ᠂ ᠡᠵᠢ ᠠᠪᠤ ᠨᠢ ᠥᠬᠢᠨ ᠢ᠋ᠶ᠋ᠡᠨ ᠬᠣᠯᠠ ᠶ᠋ᠢᠨ ᠬᠤᠰᠢᠭᠤᠨ ᠤ᠋ ᠬᠥᠭᠰᠢᠨ ᠨᠣᠶᠠᠨ ᠳ᠋ᠤ᠌ ᠪᠣᠭᠲᠣᠯᠠᠨ ᠥᠭᠬᠦ ᠪᠡᠷ ᠰᠥᠨᠢ ᠲᠣᠭᠲᠠᠭᠰᠠᠨ ᠢ᠋ ᠥᠬᠢᠨ ᠨᠢ ᠣᠯᠵᠤ ᠮᠡᠳᠡᠴᠢᠬᠡᠭᠡᠳ ᠬᠡᠴᠢᠨᠡᠨ ᠳᠤᠷ᠎ᠠ ᠦᠭᠡᠢ ᠴᠦ᠍ ᠭᠡᠰᠡᠨ ᠪᠣᠯᠪᠠᠴᠤ ᠡᠴᠢᠭᠡ ᠡᠬᠡ ᠶ᠋ᠢᠨ ᠡᠷᠬᠡᠨ ᠳ᠋ᠦ᠍ ᠣᠷᠣᠭᠰᠠᠨ ᠨᠢ ᠠᠷᠭ᠎ᠠ ᠦᠭᠡᠢ ᠪᠣᠭᠲᠣᠯᠠᠭᠳᠠᠨ ᠬᠦᠷᠭᠡᠭᠳᠡᠵᠡᠢ᠂
ᠰᠧ ᠸᠠᠩ ᠤ᠋ᠨ ᠬᠤᠰᠢᠭᠤᠨ ᠤ᠋ ᠰᠡᠴᠡᠨ ᠵᠠᠯᠠᠨ ᠤ᠋ ᠥᠬᠢᠨ ᠶᠦᠮ ᠰᠢᠦ ᠬᠦ᠂
ᠠᠷᠪᠠᠨ ᠨᠠᠢ᠍ᠮᠠᠨ ᠨᠠᠰᠤᠲᠠᠢ ᠳ᠋ᠤ᠌ ᠪᠠᠨ ᠠᠯᠢᠶ᠎ᠠ ᠰᠸᠨᠳᠡᠷ ᠨᠡᠷ᠎ᠡ ᠲᠡᠢ ᠳᠡ ᠬᠦ᠂
ᠠᠷᠪᠠᠨ ᠬᠣᠰᠢᠭᠤ ᠶ᠋ᠢ ᠳᠠᠮᠵᠢᠭᠤᠯᠤᠭᠠᠳ ᠠᠳᠤᠭᠤᠴᠢᠨ ᠬᠦᠦ ᠳ᠋ᠦ᠍ ᠪᠡᠨ ᠥᠭᠭᠦᠭᠡᠰᠡᠢ ᠳᠡ ᠬᠦ᠂
ᠬᠣᠷᠢᠨ ᠬᠣᠰᠢᠭᠤ ᠶ᠋ᠢ ᠳᠠᠮᠵᠢᠭᠤᠯᠤᠭᠠᠳ ᠬᠣᠨᠢᠴᠢᠨ ᠬᠦᠦ ᠳ᠋ᠦ᠍ ᠪᠡᠨ ᠥᠭᠭᠦᠭᠡᠰᠡᠢ ᠳᠡ ᠬᠦ᠂
ᠴᠠᠭᠠᠨ ᠲᠣᠷᠭᠠᠨ ᠴᠠᠮᠴᠠ ᠶ᠋ᠢ ᠪᠡᠨ ᠬᠡᠨ ᠳ᠋ᠦ᠍ ᠪᠡᠨ ᠭᠡᠳ ᠣᠶᠣᠬᠤ ᠤᠤ ᠳᠠ ᠬᠦ᠂
ᠴᠡᠯ ᠪᠤᠭᠤᠷᠤᠯ ᠪᠠᠶᠠᠨ ᠲᠠᠢ ᠴᠠᠭ ᠢ᠋ ᠶᠠᠭᠠᠬᠢᠵᠤ ᠴᠤ᠌ ᠪᠠᠷᠠᠬᠤ ᠤᠤ ᠳᠠ ᠬᠦ᠂
ᠬᠦᠷᠡᠩ ᠲᠣᠷᠭᠠᠨ ᠴᠠᠮᠴᠠ ᠶ᠋ᠢ ᠪᠡᠨ ᠬᠡᠨ ᠳ᠋ᠦ᠍ ᠪᠡᠨ ᠭᠡᠳ ᠣᠶᠣᠬᠤ ᠤᠤ ᠳᠠ ᠬᠦ᠂
ᠬᠥᠭᠰᠢᠨ ᠪᠤᠭᠤᠷᠤᠯ ᠪᠠᠶᠠᠨ ᠲᠠᠢ ᠬᠣᠷᠸ᠎ᠠ ᠶ᠋ᠢ ᠶᠠᠭᠠᠬᠢᠵᠤ ᠴᠤ᠌ ᠪᠠᠷᠠᠬᠤ ᠤᠤ ᠳᠠ ᠬᠦ᠂
ᠬᠥᠭᠰᠢᠨ ᠨᠣᠶᠠᠨ ᠭᠤᠸᠠᠢ ᠰᠸᠨᠳᠡᠷ ᠥᠬᠢᠨ ᠢ᠋ ᠥᠪᠡᠷ ᠲᠡᠭᠡᠨ ᠳᠠᠰᠬᠠᠵᠤ ᠠᠪᠬᠤ ᠶ᠋ᠢᠨ ᠲᠤᠯᠠ ᠳᠠ᠂
ᠲᠣᠷᠭᠠᠨ ᠤ᠋ ᠳᠡᠭᠡᠳᠦ ᠶ᠋ᠢ ᠡᠳ᠋ᠯᠡᠭᠦᠯᠵᠦ ᠢᠳᠡᠭᠡᠨ ᠦ᠌ ᠳᠡᠭᠡᠵᠢ ᠶ᠋ᠢ ᠢᠳᠡᠭᠦᠯᠵᠦ ᠠᠯᠢ ᠪᠣᠯᠬᠤ ᠪᠠᠷ ᠠᠷᠭᠠᠳᠠᠨ ᠴᠤ᠌ ᠰᠸᠡᠳᠡᠷ ᠥᠬᠢᠨ ᠳᠠᠰᠤᠭᠰᠠᠨ ᠦᠭᠡᠢ ᠬᠠᠢ ᠴᠢ ᠡᠨᠡ ᠠᠢᠯ ᠠ᠋ᠴᠠ ᠶᠠᠭᠠᠬᠢᠵᠤ ᠨᠢᠭᠡ ᠣᠷᠬᠢᠨ ᠳᠤᠲᠠᠭᠠᠶ᠎ᠠ ᠭᠡᠵᠦ ᠪᠣᠳᠣᠬᠤ ᠳ᠋ᠠᠭᠠᠨ ᠢᠩᠭᠢᠵᠦ ᠳᠠᠭᠤᠯᠠᠭᠰᠠᠨ ᠭᠡᠨ᠎ᠡ᠂
ᠠᠯᠢᠮ᠎ᠠ ᠪᠠᠷ ᠨᠡᠷᠡᠭᠰᠡᠨ ᠠᠷᠢᠬᠢ ᠶ᠋ᠢ ᠪᠡᠨ ᠠᠮᠲᠠᠯᠠᠵᠤ ᠤᠤᠭᠤᠭᠠᠳ ᠰᠣᠭᠲᠣᠯᠠ ᠳᠠ ᠬᠦ᠂
ᠠᠯᠤᠰ ᠬᠣᠯᠠ ᠶ᠋ᠢᠨ ᠲᠠᠨ ᠳ᠋ᠤ᠌ ᠪᠠᠨ ᠠᠮᠠᠷᠠᠭ ᠰᠡᠳᠬᠢᠯ ᠢ᠋ᠶ᠋ᠡᠨ ᠲᠤᠰᠢᠶᠠᠶ᠎ᠠ ᠬᠦ᠂
ᠬᠤᠨᠳᠠᠭᠠᠨ ᠳ᠋ᠤ᠌ ᠪᠠᠢᠭ᠎ᠠ ᠳᠠᠷᠠᠰᠤ ᠶ᠋ᠢ ᠪᠡᠨ ᠬᠤᠪᠢᠶᠠᠭᠠᠳ ᠤᠤᠭᠤᠬᠤᠯᠠᠷ ᠠᠮᠲᠠᠲᠠᠢ ᠶᠠ ᠬᠦ᠂
ᠬᠣᠯᠠ ᠶ᠋ᠢᠨ ᠬᠤᠰᠢᠭᠤᠨ ᠤ᠋ ᠲᠠᠨ ᠳ᠋ᠤ᠌ ᠪᠠᠨ ᠬᠣᠩᠭᠣᠷ ᠪᠡᠶ᠎ᠡ ᠪᠡᠨ ᠲᠤᠰᠢᠶᠠᠶ᠎ᠠ ᠬᠦ᠂
ᠭᠡᠵᠦ ᠳᠠᠭᠤᠯᠠᠨ ᠬᠥᠭᠰᠢᠨ ᠨᠣᠶᠠᠨ ᠢ᠋ ᠰᠣᠭᠲᠣᠭᠠᠵᠤ ᠣᠷᠬᠢᠭᠠᠳ ᠥᠪᠡᠷ ᠲᠡᠭᠡᠨ ᠣᠷᠬᠢᠨ ᠳᠤᠲᠠᠭᠠᠵᠠᠢ᠂ ᠣᠷᠬᠢᠨ ᠳᠤᠲᠠᠭᠠᠵᠤ ᠶᠠᠪᠤᠵᠤ ᠪᠠᠢᠬᠤ ᠵᠠᠮ ᠳ᠋ᠠᠭᠠᠨ ᠢᠩᠭᠢᠵᠦ ᠳᠠᠭᠤᠯᠠᠭᠰᠠᠨ ᠭᠡᠨ᠎ᠡ᠂
ᠬᠣᠢᠰᠢ ᠪᠠᠨ ᠡᠷᠭᠢᠭᠡᠳ ᠬᠠᠷᠠᠬᠤᠯᠠᠷ ᠬᠣᠩᠭᠣᠷ ᠡᠵᠢ ᠮᠢᠨᠢ ᠦᠵᠡᠭᠳᠡᠯ᠎ᠡ ᠳᠡ ᠬᠦ᠂
ᠤᠷᠤᠭᠰᠢ ᠪᠠᠨ ᠡᠷᠭᠢᠭᠡᠳ ᠬᠠᠷᠠᠬᠤᠯᠠᠷ ᠤᠬᠠᠭᠠᠨᠲᠤ ᠠᠪᠤ ᠮᠢᠨᠢ ᠬᠠᠷᠠᠭᠳᠠᠯ᠎ᠠ ᠳᠠ ᠬᠦ᠂
ᠭᠡᠵᠦ ᠳᠠᠭᠤᠯᠠᠨ ᠶᠠᠪᠤᠭᠰᠠᠭᠠᠷ ᠪᠠᠢᠭᠠᠳ ᠨᠢᠭᠡ ᠨᠠᠭᠠᠳᠤᠮ ᠤ᠋ᠨ ᠬᠤᠷᠠᠯ ᠬᠢᠵᠦ ᠪᠠᠢᠬᠤ ᠳᠡᠭᠡᠷ᠎ᠡ ᠲᠠᠭᠠᠷᠠᠯᠳᠤᠭᠰᠠᠨ ᠶᠤᠮ ᠭᠡᠨ᠎ᠡ ᠢᠩᠭᠢᠭᠡᠳ ᠰᠸᠡᠳᠡᠷ ᠥᠬᠢᠨ ᠡᠷᠡᠭᠲᠡᠢ ᠬᠥᠮᠦᠨ ᠢ᠋ᠶ᠋ᠡᠷ ᠣᠪᠯᠠᠨ ᠵᠠᠰᠠᠵᠤ ᠪᠠᠷᠢᠯᠳᠤᠭᠰᠠᠨ ᠪᠠᠢᠨ᠎ᠠ ᠲᠡᠷᠡ ᠴᠠᠭ ᠠ᠋ᠴᠠ ᠡᠬᠢᠯᠡᠨ ᠮᠣᠩᠭᠣᠯ ᠪᠥᠬᠡ ᠶ᠋ᠢᠨ ᠵᠣᠳᠣᠭ ᠤ᠋ᠨ ᠡᠩᠭᠡᠷ ᠲᠠᠯ᠎ᠠ ᠨᠢ ᠵᠠᠳᠠᠭᠠᠢ ᠪᠣᠯᠤᠭᠰᠠᠨ ᠳᠣᠮᠣᠭ ᠲᠠᠢ ᠪᠢᠯᠡ᠂
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ ᠪᠠᠭᠰᠢ᠄ ᠰᠣᠨᠢᠨᠪᠠᠶᠠᠷ
