ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠵᠢᠷᠭᠤᠭ᠎ᠠ〕 Цаг төрийн үймээн – Д ᠂ Намдаг - Цаг төрийн үймээн ᠂ гуравдугаар бүлэг -6
ᠲᠠᠯ᠎ᠠ ᠳ᠋ᠤ᠌ ᠰᠢᠭᠤᠷᠭ᠎ᠠ
ᠳᠣᠷᠵᠢ ᠳ᠋ᠠᠨᠽᠠᠨ ᠤ᠋ ᠡᠬᠡ ᠶ᠋ᠢ ᠣᠷᠣᠰᠢᠭᠤᠯᠤᠭᠠᠳ ᠡᠭᠡᠴᠢ ᠶ᠋ᠢ ᠨᠢ ᠭᠠᠳᠠᠨ᠎ᠠ ᠪᠠᠨ ᠠᠪᠠᠴᠢᠨ ᠪᠠᠭᠤᠯᠭᠠᠵᠠᠢ᠃ ᠡᠭᠦᠨ ᠦ᠌ ᠳᠠᠷᠠᠭᠠᠬᠠᠨ ᠲᠠᠢ ᠬᠦᠷᠢᠶ᠎ᠡ ᠵᠦᠭ ᠡᠴᠡ ᠡᠯᠳᠡᠪ ᠰᠠᠢᠬᠠᠨ ᠠᠪᠢᠶ᠎ᠠ ᠴᠤᠤᠷᠢᠶᠠᠳᠠᠵᠤ ᠡᠬᠢᠯᠡᠪᠡ᠃ ᠲᠠᠪᠤᠳᠤᠭᠠᠷ ᠪᠣᠭᠳᠠ ᠶ᠋ᠢᠨ ᠬᠤᠪᠢᠯᠭᠠᠨ ᠪᠡᠷᠤᠨ ᠵᠠᠩᠵᠤᠨ ᠭᠠᠮᠢᠩ ᠤ᠋ᠨ ᠭᠠᠷ ᠲᠤ ᠤᠰᠠᠳᠬᠠᠭᠳᠠᠭᠰᠠᠨ ᠠᠦ᠋ᠲ᠋ᠣᠨᠣᠮᠢᠲᠤ ᠵᠠᠰᠠᠭ ᠢ᠋ ᠳᠠᠬᠢᠨ ᠪᠠᠢᠭᠤᠯᠵᠤ ᠠᠯᠢᠪᠠ ᠶ᠋ᠢ ᠨᠢᠭᠦᠯᠡᠰᠦᠨ ᠦᠵᠡᠭᠴᠢ ᠮᠢᠩᠭᠠᠨ ᠮᠡᠯᠮᠡᠢ᠂ ᠲᠦᠮᠡᠨ ᠰᠣᠨᠣᠷᠲᠦ ᠸᠴᠢᠷ ᠳᠠᠷᠢ ᠶ᠋ᠢᠨ ᠭᠡᠭᠡᠨ ᠪᠣᠭᠳᠠ ᠯᠠᠮᠠᠲᠠᠨ ᠢ᠋ ᠳᠠᠬᠢᠨ ᠬᠠᠭᠠᠨ ᠰᠢᠷᠡᠭᠡᠨ᠎ᠡ ᠵᠠᠯᠠᠪᠠ ᠯᠠ ᠭᠡᠨ᠎ᠡ᠃ ᠬᠠᠭᠠᠨ ᠡᠵᠡᠨ ᠪᠣᠭᠳᠠ ᠯᠠᠮᠠᠳᠠᠨ ᠠ᠋ᠴᠠ ᠪᠦᠬᠦ ᠬᠠᠯᠬ᠎ᠠ ᠶ᠋ᠢᠨ ᠣᠯᠠᠨ ᠯᠠᠮᠠ᠂ ᠬᠠᠷ᠎ᠠ᠂ ᠳᠡᠭᠡᠳᠦ ᠲᠣᠣᠷᠠᠲᠤ ᠴᠥᠮ ᠢ᠋ ᠠᠶᠤᠨ ᠡᠮᠢᠶᠡᠬᠦ ᠪᠡᠨ ᠮᠠᠷᠲᠠᠨ ᠠᠵᠤ ᠠᠮᠢᠳᠤᠷᠠᠯ ᠤ᠋ᠨ ᠢ᠋ᠶ᠋ᠠᠨ ᠦᠢᠯᠡ ᠬᠡᠷᠡᠭ ᠲᠦ᠍ ᠡᠷᠭᠢᠵᠦ ᠣᠷᠣᠭᠲᠤᠨ! ᠭᠡᠵᠦ ᠵᠠᠷᠯᠢᠭ ᠪᠠᠭᠤᠯᠭᠠᠯ᠎ᠠ ᠯᠠ ᠭᠡᠨ᠎ᠡ᠃ ᠬᠦᠷᠢᠶ᠎ᠡ ᠣᠷᠴᠢᠨ ᠳ᠋ᠤ᠌ ᠡᠩᠬᠡᠵᠢᠨ ᠲᠥᠪᠰᠢᠷᠡᠭᠰᠨ ᠢ᠋ ᠬᠡᠯᠡᠪᠡᠯ ᠡᠳᠦᠷ ᠦ᠋ᠨ ᠴᠠᠭ ᠲᠤ ᠡᠷᠭᠢᠯ ᠮᠥᠷᠭᠥᠯ᠂ ᠦᠳᠡᠰᠢ ᠶ᠋ᠢᠨ ᠴᠠᠭ ᠲᠤ ᠨᠠᠢᠷ ᠴᠡᠩᠭᠡᠯ᠂ ᠡᠯᠪᠡᠭ ᠳᠡᠯᠪᠡᠭ ᠦ᠋ᠨ ᠬᠤᠪᠢ ᠳ᠋ᠤ᠌ ᠭᠡᠪᠡᠯ᠂ ᠠᠯᠲᠠ᠂ ᠮᠥᠩᠭᠥ᠂ ᠲᠣᠷᠭ᠎ᠠ᠂ ᠬᠣᠷᠭᠣᠢ᠂ ᠬᠠ ᠶᠠ ᠦᠭᠡᠢ ᠬᠥᠭᠯᠡᠷᠡᠨ ᠬᠡᠪᠲᠡᠨ᠎ᠡ ᠯᠡ ᠭᠡᠨ᠎ᠡ᠃
ᠭᠡᠪᠡᠴᠦ ᠡᠭᠦᠨ ᠢ᠋ ᠬᠡᠨ ᠦᠵᠡᠭᠡᠳ ᠢᠷᠡᠭᠰᠡᠨ ᠬᠡᠷᠡᠭ ᠪᠣᠢ? ᠬᠡᠨ ᠴᠦ᠍ ᠦᠭᠡᠢ᠃ ᠭᠡᠯᠡ ᠴᠦ᠍ ᠬᠥᠮᠦᠰ ᠶᠠᠷᠢᠯᠴᠠᠨ᠎ᠠ᠃ ᠴᠣᠬᠣᠮ ᠬᠥᠮᠦᠨ ᠲᠣᠯᠣᠭᠠᠢ ᠲᠠᠢ ᠪᠦᠬᠦᠨ ᠢ᠋ᠶ᠋ᠡᠷ ᠢ᠋ᠶ᠋ᠡᠨ ᠪᠠᠶᠠᠷ ᠪᠠᠬᠠᠳᠤᠯ ᠪᠣᠯᠤᠨ ᠱᠤᠤᠭᠢᠯᠳᠤᠨ᠎ᠠ᠃
ᠡᠭᠦᠨ ᠳ᠋ᠦ᠍ ᠬᠡᠯᠢᠭ ᠭᠤᠸᠠᠢ ᠳ᠋ᠤ᠌ ᠨᠠᠷᠠ ᠭᠠᠷᠤᠭᠰᠠᠨ ᠲᠠᠢ ᠠᠳᠠᠯᠢ᠃ ᠵᠠ ᠲᠠ ᠮᠢᠨᠢ᠂ ᠪᠢ ᠡᠰᠡ ᠬᠡᠯᠡᠯ᠎ᠡ ᠤᠤ! ᠮᠣᠩᠭᠣᠯ ᠪᠢᠳᠡᠨ ᠦ᠌ ᠵᠣᠯ ᠵᠠᠶᠠᠭ᠎ᠠ ᠢᠩᠭᠢᠵᠦ ᠢᠷᠡᠬᠦ ᠶᠣᠰᠣᠲᠠᠢ ᠶᠤᠮ ᠭᠡᠳ ᠴᠠᠭᠠᠰᠢ ᠨᠢ ᠪᠠᠰᠠ ᠢᠷᠡᠭᠡᠳᠦᠢ ᠶ᠋ᠢᠨ ᠶᠠᠪᠤᠳᠠᠯ ᠤ᠋ᠳ ᠢ᠋ ᠡᠢᠮᠦ ᠲᠡᠢᠮᠦ ᠪᠣᠯᠤᠨ᠎ᠠ ᠭᠡᠵᠦ ᠬᠡᠳᠦᠨ ᠠᠷᠪᠠᠨ ᠵᠦᠢᠯ ᠦ᠋ᠨ ᠰᠠᠢᠨ ᠰᠠᠢᠬᠠᠨ ᠢ᠋ ᠤᠭᠲᠤᠨ ᠶᠠᠷᠢᠨ᠎ᠠ᠃
ᠬᠠᠪᠤᠷ ᠴᠠᠰᠤ ᠨᠠᠷᠠᠨ ᠳ᠋ᠤ᠌ ᠬᠠᠢᠯᠵᠤ ᠭᠠᠵᠠᠷ ᠤ᠋ᠨ ᠥᠩᠭᠡ ᠨᠣᠭᠣᠭᠠᠷᠠᠬᠤ ᠮᠡᠲᠦ ᠬᠥᠮᠦᠨ ᠪᠦᠷᠢ ᠶ᠋ᠢᠨ ᠰᠡᠳᠬᠢᠯ ᠦᠨᠡᠬᠡᠷ ᠰᠢᠨᠡᠴᠢᠯᠡᠭᠳᠡᠵᠡᠢ᠃ ᠲᠡᠭᠡᠭᠡᠳ ᠴᠠᠰᠤ ᠮᠥᠰᠥᠨ ᠳ᠋ᠦ᠍ ᠬᠤᠴᠢᠭᠳᠠᠭᠰᠠᠨ ᠡᠨᠡ ᠠᠭᠤᠯᠠ ᠶ᠋ᠢᠨ ᠬᠢᠷ᠎ᠠ ᠳ᠋ᠤ᠌ ᠬᠣᠷᠭᠣᠳᠠᠬᠤ ᠶ᠋ᠢᠨ ᠬᠡᠷᠡᠭ ᠶᠠᠭᠤ ᠪᠢᠯᠡ! ᠣᠳᠣ ᠲᠠ ᠮᠢᠨᠢ ᠨᠡᠭᠦᠵᠡᠭᠡᠶᠡ! ᠭᠡᠵᠦ ᠪᠡᠶ᠎ᠡ ᠪᠡᠶ᠎ᠡ ᠶ᠋ᠢ ᠤᠷᠢᠶᠠᠯᠠᠨ ᠳᠠᠭᠤᠳᠠᠨ᠎ᠠ᠃
ᠢᠩᠭᠢᠭᠡᠳ ᠲᠡᠳᠡ ᠭᠱᠠᠨ ᠵᠠᠭᠤᠷ᠎ᠠ ᠶ᠋ᠢᠨ ᠳᠣᠲᠣᠷ᠎ᠠ ᠦᠭᠡᠢᠷᠡᠲᠡᠯᠡ ᠪᠡᠨ ᠦᠷᠡᠭᠳᠡᠭᠰᠡᠨ ᠡᠴᠡ ᠦᠯᠡᠳᠡᠭᠡᠰᠡ ᠮᠠᠯ ᠬᠥᠷᠥᠩᠭᠡ ᠪᠡᠨ ᠲᠠᠭᠤᠪᠤᠷᠢᠯᠠᠨ ᠨᠡᠭᠦᠪᠡ᠃ ᠢᠵᠢᠯᠢ ᠳᠠᠰᠤᠯ ᠪᠣᠯᠤᠭᠰᠠᠨ ᠨᠤᠲᠤᠭ ᠢ᠋ᠶ᠋ᠠᠨ ᠪᠠᠷᠠᠭᠠᠳᠠᠨ ᠢᠷᠡᠬᠦ ᠳ᠋ᠦ᠍ ᠠᠮᠢᠰᠬᠤᠯᠠᠬᠤ ᠠᠭᠠᠷ᠂ ᠠᠮᠢᠳᠤᠷᠠᠬᠤ ᠲᠡᠵᠢᠭᠡᠯ ᠭᠠᠭᠴᠠᠬᠦ ᠡᠨᠳᠡ ᠪᠠᠢᠭ᠎ᠠ ᠮᠡᠲᠦ ᠬᠥᠮᠦᠨ ᠦ᠌ ᠰᠡᠳᠬᠢᠯ ᠰᠠᠶᠢ ᠲᠠᠢᠪᠤᠰᠢᠷᠠᠬᠤ ᠲᠡᠳᠦᠢ ᠦᠭᠡᠢ ᠡᠴᠡᠨ ᠵᠤᠳᠠᠷᠠᠭᠰᠠᠨ ᠮᠠᠯ ᠤ᠋ᠨ ᠪᠣᠷᠪᠢ ᠲᠡᠨᠢᠢᠬᠦ ᠠᠵᠢ᠃
ᠭᠡᠲᠡᠯ᠎ᠡ ᠬᠠᠷᠠᠮᠰᠠᠯᠲᠠᠢ ᠨᠢ ᠬᠣᠶᠠᠷᠬᠠᠨ ᠬᠣᠨᠣᠭ ᠤ᠋ᠨ ᠳᠠᠷᠠᠭ᠎ᠠ᠂ ᠬᠦᠷᠢᠶ᠎ᠡ ᠵᠦᠭ ᠡᠴᠡ ᠰᠣᠨᠢᠨ ᠰᠠᠢᠬᠠᠨ ᠶᠠᠭᠤᠮ᠎ᠠ ᠳᠤᠭᠤᠯᠳᠠᠬᠤ ᠶ᠋ᠢᠨ ᠣᠷᠣᠨ ᠳ᠋ᠤ᠌《ᠵᠠ ᠳᠠ᠂ ᠲᠠ ᠮᠢᠨᠢ! ᠠᠢᠬᠤᠪᠲᠤᠷ ᠭᠡᠨ᠎ᠡ! ᠠᠶᠤᠯᠲᠠᠢ ᠳᠣᠭᠰᠢᠨ ᠰᠢᠷᠦᠭᠦᠨ ᠶᠠᠭᠤᠮ᠎ᠠ ᠭᠠᠷᠤᠭᠠᠳ ᠢᠷᠡᠪᠡ ᠭᠡᠨ᠎ᠡ》 ᠭᠡᠳᠡᠭ ᠰᠢᠪᠡᠨᠡᠭᠰᠡᠨ ᠶᠠᠷᠢᠶ᠎ᠠ ᠳᠡᠯᠭᠡᠷᠡᠪᠡ᠃ ᠭᠡᠪᠡᠴᠦ ᠳᠠᠭᠠᠪᠤᠷᠢ ᠳ᠋ᠤᠨᠢ《ᠳᠠᠮ ᠤ᠋ᠨ ᠦᠭᠡ ᠳᠠᠮᠵᠢᠭᠲᠠᠢ᠂ ᠬᠣᠯᠠ ᠦᠭᠡ ᠬᠤᠤᠳᠤᠤ ᠲᠠᠢ!》 ᠭᠡᠳᠡᠭ ᠦᠭᠡ ᠳᠤᠷᠠᠳᠤᠭᠳᠠᠨ ᠠᠮᠢᠲᠠᠨ ᠤ᠋ ᠰᠡᠳᠬᠢᠯ ᠢ᠋ ᠲᠠᠢᠪᠤᠰᠢᠷᠠᠭᠤᠯᠤᠨᠠ᠃
ᠭᠡᠲᠡᠯ᠎ᠡ ᠨᠢᠭᠡ ᠡᠳᠦᠷ《ᠳᠣᠭᠰᠢᠨ ᠰᠢᠷᠦᠭᠦᠨ ᠬᠥᠮᠦᠰ ᠠᠯᠪᠠᠨ ᠪᠠᠷᠢᠶ᠎ᠠ ᠪᠠᠷᠢᠵᠤ ᠶᠠᠪᠤᠨ᠎ᠠ ᠭᠡᠨ᠎ᠡ!》 ᠭᠡᠵᠦ ᠭᠠᠵᠠᠷ ᠰᠠᠢ ᠦᠭᠡᠢ ᠱᠤᠤᠭᠢᠪᠠ᠃ ᠡᠨᠡ ᠲᠤᠬᠠᠢ ᠳ᠋ᠤ᠌ ᠬᠡᠯᠢᠭ ᠦ᠋ᠨ ᠬᠢᠨ ᠬᠣᠲᠠ ᠶ᠋ᠢᠨ ᠪᠦᠬᠦ ᠡᠷᠡᠭᠲᠠᠢᠴᠤᠳ ᠭᠡᠯᠢᠭ ᠦ᠋ᠨ ᠭᠡᠷ ᠲᠦ᠍ ᠴᠤᠭᠯᠠᠷᠠᠵᠤ ᠶᠠᠭᠠᠬᠢᠬᠤ ᠪᠢᠯᠡ᠂ ᠬᠡᠷᠬᠢᠬᠦ ᠪᠢᠯᠡ᠂ ᠪᠣᠯᠤᠯᠴᠠᠬᠤ ᠳ᠋ᠤ᠌᠂ ᠬᠡᠯᠢᠭ ᠲᠡᠳᠡᠨ ᠦ᠌ ᠪᠡᠨ ᠰᠡᠳᠬᠢᠯ ᠢ᠋ ᠲᠠᠢᠪᠤᠰᠢᠷᠠᠭᠤᠯᠬᠤ ᠭᠡᠰᠡᠨ ᠰᠢᠭ ᠤᠴᠢᠷ ᠶᠠᠪᠤᠳᠠᠯ ᠢ᠋ ᠤᠷᠢᠳᠴᠢᠯᠠᠨ ᠲᠠᠭᠠᠪᠤᠷᠢᠯᠠᠭᠰᠠᠨ ᠢ᠋ᠶ᠋ᠠᠷ ᠬᠥᠩᠭᠡᠪᠴᠢᠯᠡᠨ ᠶᠠᠷᠢᠵᠤ ᠪᠠᠢᠪᠠ᠃
ᠭᠡᠲᠡᠯ᠎ᠡ ᠭᠡᠨᠡᠳᠲᠡ ᠨᠣᠬᠠᠳ ᠬᠤᠴᠠᠨ ᠫᠤᠤ ᠳᠤᠤᠭᠠᠷᠤᠭᠰᠠᠨ ᠪᠥᠭᠡᠳ ᠲᠡᠷᠡ ᠲᠣᠣᠷᠬᠠᠨ ᠢ᠋ᠶ᠋ᠠᠨ《ᠭᠠᠷ᠂ ᠭᠠᠷᠴᠠᠭ᠎ᠠ! ᠬᠥᠮᠦᠨ ᠪᠠᠢᠨ᠎ᠠ ᠤᠤ ᠭᠠᠷᠴᠠᠭ᠎ᠠ》 ᠭᠡᠵᠦ ᠬᠠᠰᠬᠢᠷᠬᠤ ᠰᠣᠨᠣᠰᠳᠠᠨ ᠫᠤᠤ ᠪᠠᠰᠠ ᠳᠠᠬᠢᠨ ᠳᠤᠤᠭᠠᠷᠪᠠ᠃ ᠭᠡᠯᠢᠭ ᠦ᠋ᠨ ᠳ᠋ᠦ᠍ ᠪᠠᠢᠭ᠎ᠠ ᠪᠦᠬᠦᠨ ᠢ᠋ᠶ᠋ᠡᠷ ᠢ᠋ᠶ᠋ᠡᠨ ᠰᠣᠴᠢᠨ ᠭᠠᠷᠪᠠ᠃
ᠪᠠᠷᠣᠨ ᠤᠩᠺᠸᠷᠠᠨ ᠤ᠋ ᠦᠰᠦ ᠰᠠᠬᠠᠯ ᠳ᠋ᠠᠭᠠᠨ ᠳᠠᠷᠤᠭᠳᠠᠭᠰᠠᠨ ᠨᠢᠭᠡ ᠣᠷᠣᠰ ᠣᠹᠢᠼᠧᠷ ᠬᠣᠶᠠᠷ ᠮᠣᠩᠭᠣᠯ ᠴᠡᠷᠢᠭ ᠲᠡᠢ ᠢᠷᠡᠭᠰᠡᠨ ᠪᠠᠢᠪᠠ᠃ ᠠᠮᠤᠷ ᠮᠡᠨᠳᠦ ᠮᠡᠳᠡᠬᠦ ᠶ᠋ᠢᠨ ᠣᠷᠣᠨ ᠳ᠋ᠤ᠌ ᠲᠡᠳᠡ᠄ ᠶᠡᠬᠡ ᠴᠡᠷᠢᠭ ᠲᠦ᠍ ᠬᠣᠭᠣᠯᠠ ᠬᠦᠨᠡᠰᠦ ᠬᠡᠷᠡᠭᠲᠡᠢ! ᠦᠭᠡᠷ ᠮᠠᠯ ᠴᠢᠨᠢ ᠬᠠᠮᠢᠭ᠎ᠠ ᠪᠣᠢ? ᠭᠡᠵᠦ ᠰᠢᠷᠦᠭᠦᠨ ᠳᠣᠷᠢᠭᠤᠨ ᠳᠤᠤᠭᠠᠷᠤᠨ᠎ᠠ᠃ ᠡᠳᠡᠨ ᠦ᠌ ᠡᠮᠦᠨ᠎ᠡ ᠬᠥᠮᠦᠨ ᠪᠦᠷᠢ ᠠᠶᠤᠨ ᠴᠡᠴᠡᠷᠡᠵᠦ ᠪᠠᠢᠬᠤ ᠳ᠋ᠤ᠌ ᠭᠡᠯᠢᠭ ᠲᠠᠢᠪᠤᠩ᠃《ᠲᠥᠷᠥ ᠳ᠋ᠦ᠍ ᠰᠦᠷ᠂ ᠲᠦᠮᠡᠨ ᠢ᠋ᠶ᠋ᠡᠨ ᠰᠥᠬᠦᠷᠡᠭᠦᠯᠳᠡᠭ ᠪᠠᠢᠬᠤ ᠶᠣᠰᠣᠲᠠᠢ》 ᠭᠡᠵᠦ ᠦᠵᠡᠳᠡᠭ ᠦ᠋ᠨ ᠢ᠋ᠶ᠋ᠡᠨ ᠳᠡᠭᠡᠷ᠎ᠡ《ᠲᠥᠷᠥ ᠳ᠋ᠦ᠍ ᠪᠠᠰᠠ ᠠᠪᠬᠤ ᠬᠠᠤᠯᠢ᠂ ᠠᠷᠠᠳ ᠲᠤ ᠡᠷᠭᠦᠬᠦ ᠡᠭᠦᠷᠭᠡ ᠪᠠᠢᠬᠤ ᠶᠣᠰᠣᠲᠠᠢ》 ᠭᠡᠵᠦ ᠦᠵᠡᠳᠡᠭ ᠢ᠋ᠶ᠋ᠡᠷ ᠢ᠋ᠶ᠋ᠡᠨ᠄
— ᠵᠠ ᠡᠵᠡᠳ ᠮᠢᠨᠢ ᠪᠠᠷᠢᠯᠭᠦᠢ ᠶᠠᠭᠠᠬᠢᠬᠤᠪ! ᠭᠠᠭᠴᠠᠬᠠᠨ ᠠᠯᠪᠠᠲᠤ ᠪᠢᠳᠡ ᠴᠢᠨᠢ ᠭᠠᠮᠢᠩ ᠤ᠋ᠨ ᠬᠥᠯ ᠳ᠋ᠦ᠍ ᠰᠦᠷᠡᠬᠡᠢ ᠰᠦᠢᠳᠦᠭᠰᠡᠨ ᠰᠢᠦ ᠳᠡ! ᠭᠡᠳ ᠴᠠᠭᠠᠰᠢ ᠨᠢ ᠡᠷᠦᠬᠡ ᠪᠦᠷᠢ ᠳ᠋ᠦ᠍ ᠶᠠᠭᠤ ᠶᠠᠭᠤ ᠣᠨᠣᠭᠳᠠᠬᠤ ᠶ᠋ᠢ ᠯᠠᠪᠯᠠᠬᠤ ᠭᠡᠬᠦ ᠳ᠋ᠦ᠍ᠨᠢ ᠬᠣᠶᠠᠷ ᠮᠣᠩᠭᠣᠯ ᠤ᠋ᠨ ᠨᠢᠭᠡ ᠨᠢ ᠳᠤᠲᠠᠭᠤ ᠮᠥᠷᠥᠪᠴᠢᠯᠡᠭᠰᠡᠨ ᠫᠤᠤ ᠪᠠᠨ ᠮᠤᠯᠲᠤᠯᠤᠨ ᠠᠪᠴᠤ ᠬᠡᠯᠢᠭ ᠲᠦ᠍ ᠲᠤᠯᠭᠠᠨ᠄
— ᠮᠣᠷᠳᠠ ᠣᠳᠣᠬᠠᠨ! ᠦᠬᠡᠷ ᠴᠢᠨᠢ ᠬᠠᠮᠢᠭ᠎ᠠ ᠪᠣᠢ? ᠭᠡᠵᠦ ᠬᠠᠰᠬᠢᠷᠪᠠ᠃ ᠬᠡᠯᠢᠭ ᠰᠣᠴᠢᠨ ᠰᠠᠨᠳᠤᠷᠴᠤ ᠤᠶᠠᠭᠠᠲᠠᠢ ᠪᠠᠢᠭ᠎ᠠ ᠮᠣᠷᠢ ᠶ᠋ᠢ ᠳᠠᠢᠯᠠᠨ ᠠᠪᠴᠤ ᠬᠣᠷᠢᠨ ᠲᠠᠪᠤᠲᠠᠨ ᠰᠢᠭ᠋ ᠦᠰᠦᠷᠦᠨ ᠭᠠᠷᠪᠠ᠃ ᠦᠬᠡᠷ ᠦ᠋ᠨ ᠵᠦᠭ ᠴᠢᠭᠯᠡᠬᠦ ᠳ᠋ᠦ᠍ᠨᠢ ᠪᠠᠷᠥᠨ ᠦ᠌ ᠬᠢᠨ ᠬᠥᠮᠦᠨ ᠮᠣᠷᠢ ᠬᠣᠶᠠᠷ ᠢ᠋ ᠡᠭᠡᠯᠵᠢᠯᠡᠭᠦᠯᠦᠨ ᠲᠠᠰᠤ ᠰᠢᠪᠬᠠᠷᠳᠠᠨ ᠳᠠᠪᠬᠢᠵᠠᠢ᠃
ᠪᠢᠳᠡ ᠤᠩᠬᠸᠷᠡᠨ ᠦ᠌ ᠬᠢᠨ ᠡᠢᠮᠦ ᠳᠣᠭᠰᠢᠨ ᠰᠢᠷᠦᠭᠦᠨ ᠭᠡᠵᠦ ᠬᠡᠨ ᠦ᠌ ᠴᠦ᠍ ᠪᠣᠳᠣᠯ ᠳ᠋ᠤ᠌ ᠬᠠᠷᠠᠬᠠᠨ ᠣᠷᠣᠭ᠎ᠠ ᠦᠭᠡᠢ ᠪᠠᠢᠭᠰᠠᠨ ᠠᠵᠢ᠃《ᠦᠭᠡᠢ ᠲᠠ ᠮᠢᠨᠢ ᠡᠨᠡ ᠴᠢᠨᠢ ᠶᠠᠭᠤ ᠭᠡᠭᠴᠢ ᠪᠣᠢ?》·《 ᠪᠠᠰᠠ ᠶᠠᠭᠤ ᠪᠣᠯᠵᠤ ᠪᠠᠢᠭ᠎ᠠ ᠨᠢ ᠡᠨᠡ ᠪᠣᠢ》 ᠭᠡᠵᠦ ᠭᠠᠢᠬᠠᠯᠳᠤᠨᠠ᠃ ᠡᠮᠡᠭᠡᠳ ᠬᠥᠭᠰᠢᠳ ᠪᠤᠷᠬᠠᠨ ᠭᠣᠨᠴᠣᠭᠰᠤᠮ ᠢ᠋ᠶ᠋ᠠᠨ ᠳᠠᠭᠤᠳᠠᠨ ᠤᠬᠢᠯᠠᠯᠳᠤᠨᠠ᠃
ᠡᠳᠡᠨ ᠦ᠌ ᠳᠤᠮᠳᠠ ᠭᠠᠭᠴᠠᠬᠠᠨ ᠳᠣᠷᠵᠢ ᠡᠢᠮᠦᠷᠬᠦ ᠶᠠᠭᠤᠮ᠎ᠠ ᠪᠣᠯᠬᠤ ᠶ᠋ᠢ ᠤᠷᠢᠳᠴᠢᠯᠠᠨ ᠮᠡᠳᠡᠵᠦ ᠬᠦᠯᠢᠶᠡᠵᠦ ᠪᠠᠢᠭᠰᠠᠨ ᠢ᠋ᠶ᠋ᠠᠷ ᠢ᠋ᠶ᠋ᠠᠨ ᠵᠥᠪᠬᠡᠨ ᠡᠴᠢᠭᠡ ᠶ᠋ᠢᠨ ᠲᠥᠯᠥᠭᠡ ᠵᠣᠪᠠᠨ ᠲᠡᠭᠦᠨ ᠦ᠌ ᠠᠮᠢᠳᠤ ᠮᠡᠨᠳᠦ ᠢᠷᠡᠬᠦ ᠡᠰᠡᠬᠦ ᠶ᠋ᠢ ᠨᠢ ᠯᠡ ᠬᠦᠯᠢᠶᠡᠪᠡ᠃ ᠣᠷᠣᠢ ᠭᠡᠯᠢᠭ ᠵᠥᠪᠬᠡᠨ ᠪᠢᠷᠠᠭᠤ ᠰᠢᠳᠦᠯᠡᠩ᠂ ᠦᠨᠢᠶ᠎ᠡ ᠲᠡᠳᠦᠢᠬᠡᠨ ᠢ᠋ ᠲᠠᠭᠤᠪᠤᠷᠢᠯᠠᠨ ᠡᠷᠭᠢᠵᠦ ᠢᠷᠡᠪᠡ᠃ ᠪᠡᠶ᠎ᠡ ᠳ᠋ᠡᠭᠡᠨ ᠲᠠᠰᠢᠭᠤᠷ ᠤ᠋ᠨ ᠰᠣᠷᠪᠢ ᠪᠠᠬᠠᠨ ᠣᠯᠵᠤ ᠠᠷᠠᠢ ᠶᠠᠳᠠᠨ ᠬᠥᠳᠡᠯᠬᠦ ᠪᠣᠯᠪᠠᠴᠤ ᠲᠡᠷᠡ ᠪᠡᠨ ᠶᠠᠷᠢᠬᠤ ᠶ᠋ᠢᠨ ᠣᠷᠣᠨ ᠳ᠋ᠤ᠌᠄
— ᠵᠠ ᠵᠠ᠂ ᠲᠠ ᠮᠢᠨᠢ᠂ ᠪᠦᠬᠦ ᠬᠣᠲᠠ ᠪᠠᠷ ᠢ᠋ᠶ᠋ᠠᠨ ᠲᠡᠷᠭᠡᠨ ᠳ᠋ᠦ᠍ ᠬᠥᠯᠯᠡᠬᠦ ᠶᠠᠭᠤᠮ᠎ᠠ ᠦᠭᠡᠢ ᠪᠣᠯᠪᠠ ᠰᠢᠪ ᠳᠡ᠃ ᠭᠡᠪᠡᠴᠦ ᠶᠠᠭᠠᠬᠢᠬᠤᠪ᠃ ᠪᠦᠬᠦ ᠭᠠᠢ ᠪᠠᠷᠴᠢᠳ ᠡᠭᠦᠪᠡᠷ ᠥᠩᠭᠡᠷᠡᠨ᠎ᠡ ᠪᠣᠢ! ᠭᠡᠵᠦ ᠥᠭᠦᠯᠡᠨ᠎ᠡ᠃
ᠭᠡᠲᠡᠯ᠎ᠡ ᠭᠠᠢ ᠪᠠᠷᠴᠢᠳ ᠭᠡᠳᠡᠭ ᠨᠢ ᠶᠠᠭᠠᠬᠢᠭ᠎ᠠ ᠴᠦ᠍ ᠦᠭᠡᠢ ᠪᠠᠢᠵᠠᠢ᠃ ᠦᠳᠡᠰᠢ ᠶ᠋ᠢᠨ ᠪᠦᠷᠦᠩᠬᠦᠢ ᠳ᠋ᠦ᠍ ᠮᠣᠷᠢᠨ ᠲᠤᠭᠤᠷᠠᠢ ᠲᠠᠴᠢᠭᠢᠨᠠᠵᠤ ᠤᠭᠲᠤᠨ ᠳᠠᠪᠬᠢᠭᠰᠠᠨ ᠨᠣᠬᠠᠳ ᠢ᠋ ᠫᠤᠤ ᠶ᠋ᠢᠨ ᠳᠠᠭᠤ ᠠᠶᠤᠯᠭᠠᠨ᠂ ᠨᠢᠴᠤᠭᠠᠵᠤ ᠪᠠᠰᠠ ᠬᠡᠰᠡᠭ ᠬᠥᠮᠦᠰ ᠢᠷᠡᠪᠡ᠃ ᠡᠳᠡ ᠮᠥᠨ ᠯᠡ ᠪᠠᠷᠤᠨ ᠤ᠋ ᠬᠢᠨ᠃ ᠬᠣᠶᠠᠷ ᠣᠷᠣᠰ᠂ ᠭᠤᠷᠪᠠᠨ ᠬᠠᠯᠬ᠎ᠠ ᠪᠦᠭᠦᠳᠡ ᠵᠢᠷᠭᠤᠭᠠᠨ ᠬᠥᠮᠦᠨ᠃ ᠭᠡᠯᠢᠭ ᠦ᠋ᠨ ᠳ᠋ᠦ᠍ ᠣᠷᠣᠬᠤ ᠳ᠋ᠠᠭᠠᠨ ᠲᠡᠳᠡ ᠬᠡᠨ ᠡᠰᠡᠷᠭᠦᠴᠡᠭᠰᠡᠨ ᠢ᠋ ᠫᠤᠤᠳᠠᠨ ᠠᠯᠠᠬᠤ ᠪᠠᠨ ᠮᠡᠳᠡᠭᠳᠡᠬᠦ ᠭᠡᠰᠡᠨ ᠰᠢᠭ ᠵᠡᠪᠰᠡᠭ ᠢ᠋ᠶ᠋ᠡᠨ ᠭᠠᠷ ᠠ᠋ᠴᠠ ᠰᠠᠯᠭᠠᠭᠰᠠᠨ ᠦᠭᠡᠢ᠃
— ᠵᠠ ᠶᠡᠬᠡ ᠴᠡᠷᠢᠭ ᠲᠦ᠍ ᠠᠭᠲᠠ ᠮᠣᠷᠢᠳ ᠬᠡᠷᠡᠭᠲᠡᠢ! ᠠᠳᠤᠭᠤ ᠪᠠᠨ ᠣᠳᠣᠬᠠᠨ ᠠᠪᠴᠢᠷᠠ! ᠭᠡᠵᠦ《ᠮᠡᠨᠳᠦᠯᠡᠨ᠎ᠡ》᠃
ᠬᠡᠯᠢᠭ ᠡᠳᠡᠨ ᠦ᠌ ᠡᠮᠦᠨ᠎ᠡ ᠤᠴᠢᠷ ᠶᠠᠪᠤᠳᠠᠯ ᠢ᠋ᠶ᠋ᠠᠨ ᠶᠠᠷᠢᠭᠠᠳ ᠨᠡᠮᠡᠭᠦᠷᠢ ᠦᠭᠡᠢ ᠶ᠋ᠢ ᠪᠦᠷᠢᠨ ᠮᠡᠳᠡᠵᠦ ᠪᠠᠢᠪᠠ᠃
— ᠵᠠ ᠬᠦᠦ ᠮᠢᠨᠢ ᠮᠣᠷᠳᠠᠵᠤ ᠦᠵᠡ! ᠭᠡᠵᠦ ᠳᠣᠷᠵᠢ ᠶ᠋ᠢ ᠶᠠᠭᠠᠷᠠᠭᠤᠯᠪᠠ᠃
ᠳᠣᠷᠵᠢ ᠶ᠋ᠢᠨ ᠭᠡᠷ ᠡᠴᠡ ᠭᠠᠷᠬᠤ ᠭᠡᠬᠦ ᠳ᠋ᠦ᠍ ᠲᠠᠪᠤᠨ ᠬᠥᠮᠦᠨ ᠦ᠌ ᠳᠡᠭᠡᠳᠦ ᠲᠠᠯ᠎ᠠ ᠳ᠋ᠤ᠌ ᠰᠠᠭᠤᠭᠰᠠᠨ ᠮᠠᠩᠨᠠᠢ ᠳ᠋ᠠᠭᠠᠨ ᠬᠠᠷᠠᠬᠠᠨ ᠡᠳᠡᠭᠡᠷᠡᠵᠦ ᠭᠦᠢᠴᠡᠭᠡ ᠦᠭᠡᠢ ᠬᠦᠷᠡᠩ ᠤᠯᠠᠭᠠᠨ ᠰᠣᠷᠪᠢ ᠲᠠᠢ ᠢᠳᠡᠷᠬᠡᠨ ᠣᠷᠣᠰ ᠬᠡᠳᠦᠨ ᠦᠭᠡ ᠬᠡᠯᠡᠨ ᠵᠠᠩᠭᠢᠳᠤᠭᠰᠠᠨ ᠭᠠᠷ ᠢ᠋ᠶ᠋ᠠᠷ ᠵᠠᠨᠤᠯᠬᠢᠯᠠᠪᠠ᠃ ᠡᠨᠡ ᠬᠥᠮᠦᠨ ᠣᠷᠣᠵᠤ ᠢᠷᠡᠩᠭᠦᠲᠡ ᠪᠡᠨ ᠪᠤᠷᠬᠠᠨ ᠤ᠋ ᠡᠮᠦᠨᠡᠬᠢ ᠲᠠᠬᠢᠯ ᠤ᠋ᠨ ᠰᠢᠷᠡᠭᠡ ᠶ᠋ᠢ ᠣᠩᠬᠣᠯᠳᠠᠭᠤᠯᠤᠨ ᠠᠪᠴᠢᠷᠠᠵᠤ ᠰᠠᠨᠳᠠᠢᠯᠠᠨ ᠰᠠᠭᠤᠭᠰᠠᠨ ᠪᠥᠭᠡᠳ ᠲᠡᠭᠦᠪᠡᠷ ᠭᠡᠷ ᠦ᠋ᠨ ᠬᠥᠮᠦᠰ ᠶᠠᠭᠠᠬᠢᠬᠤ ᠠ᠋ᠴᠠ ᠴᠦ᠍ ᠦᠯᠦ ᠪᠤᠴᠠᠬᠤ ᠪᠤᠷᠤᠭᠤ ᠨᠣᠮᠲᠠᠨ ᠭᠡᠵᠦ ᠣᠢᠯᠠᠭᠠᠵᠠᠢ᠃ ᠣᠳᠣ ᠶᠠᠭᠤ ᠭᠡᠵᠦ ᠪᠠᠢᠭ᠎ᠠ ᠶ᠋ᠢ ᠪᠤᠷᠢᠶᠠᠳ ᠬᠥᠮᠦᠨ ᠦ᠌ ᠠᠮᠠ ᠠ᠋ᠴᠠ ᠰᠣᠨᠣᠰᠪᠠᠯ᠄
— 《ᠠᠳᠤᠭᠤ ᠪᠠᠨ ᠠᠪᠴᠢᠷᠠᠬᠤ ᠦᠭᠡᠢ ᠪᠣᠯ ᠴᠥᠮ ᠢ᠋ ᠫᠤᠤᠳᠠᠨ ᠠᠯᠠᠨ᠎ᠠ》 ᠭᠡᠵᠦ ᠪᠠᠢᠭ᠎ᠠ ᠠᠵᠢ᠃ ᠭᠡᠲᠡᠯ᠎ᠡ ᠬᠠᠵᠠᠭᠤ ᠠ᠋ᠴᠠ ᠨᠢ᠄
— ᠳᠣᠷᠵᠢ ᠴᠢ ᠪᠢᠳᠡᠨ ᠢ᠋ ᠵᠠᠯᠢᠯᠠᠬᠤ ᠭᠡᠵᠦ ᠪᠢᠲᠡᠭᠡᠢ ᠮᠤᠩᠳᠠ ᠣᠷᠬᠢᠭᠠᠷᠠᠢ᠂ ᠪᠢ ᠲᠠᠨ ᠤ᠋ ᠨᠠᠢ᠍ᠮᠠᠨ ᠠᠵᠢᠷᠭ᠎ᠠ ᠠᠳᠤᠭᠤ ᠲᠠᠢ ᠶ᠋ᠢ ᠰᠠᠢᠨ ᠮᠡᠳᠡᠨ᠎ᠡ ᠭᠡᠵᠦ ᠨᠢᠭᠡ ᠨᠢ ᠬᠡᠯᠡᠪᠡ᠃ ᠠᠵᠢᠪᠠᠯ ᠲᠠᠮᠠᠭ᠎ᠠ ᠶ᠋ᠢᠨ ᠭᠠᠵᠠᠷ ᠪᠠᠢᠨ ᠪᠠᠢᠨ ᠪᠢᠴᠢᠭᠡᠴᠢ ᠶ᠋ᠢᠨ ᠠᠯᠪᠠ ᠬᠠᠭᠠᠳᠠᠭ ᠲᠥᠪᠵᠢᠷ ᠭᠡᠳᠡᠭ ᠴᠤᠤ ᠲᠠᠢ ᠰᠠᠭᠰᠠᠭᠤ ᠡᠷ᠎ᠡ ᠪᠠᠢᠪᠠ᠃ ᠣᠳᠣ ᠬᠤᠪᠴᠠᠰᠤ ᠬᠤᠨᠠᠷ ᠢ᠋ᠶ᠋ᠠᠨ ᠰᠣᠯᠢᠵᠤ᠂ ᠨᠢᠷᠤᠭᠤᠨ ᠳ᠋ᠠᠭᠠᠨ ᠫᠤᠤ᠂ ᠲᠠᠰᠢᠶᠠᠨ ᠳ᠋ᠠᠭᠠᠨ ᠰᠡᠯᠡᠮ᠎ᠡ ᠵᠡᠭᠦᠵᠦ ᠮᠥᠷᠥᠨ ᠳ᠋ᠡᠭᠡᠨ ᠶᠠᠭ ᠴᠤ᠌ ᠦᠭᠡᠢ ᠰᠢᠷ᠎ᠠ ᠳᠠᠪᠤᠤ ᠶ᠋ᠢᠨ ᠲᠡᠮᠳᠡᠭ ᠬᠠᠲᠠᠭᠰᠠᠨ ᠢ᠋ᠶ᠋ᠠᠷ ᠢ᠋ᠶ᠋ᠠᠨ ᠪᠤᠰᠤᠳ ᠳᠤ ᠲᠠᠨᠢᠭᠳᠠᠬᠤ ᠪᠠᠨ ᠪᠣᠯᠢᠭᠰᠠᠨ ᠪᠠᠢᠪᠠ᠃
ᠳᠣᠷᠵᠢ ᠠᠳᠤᠭᠤᠨ ᠤ᠋ ᠪᠠᠨ ᠵᠦᠭ ᠶᠠᠭᠠᠷᠠᠨ ᠳᠠᠪᠬᠢᠯ᠎ᠠ᠃ ᠲᠩᠷᠢ ᠳ᠋ᠦ᠍ ᠲᠥᠭᠥᠷᠢᠭ ᠰᠠᠷ᠎ᠠ ᠲᠠᠢ᠃ ᠲᠡᠭᠦᠨ ᠦ᠌ ᠲᠤᠶᠠᠭᠠᠨ ᠳ᠋ᠤ᠌ ᠡᠷᠢᠶᠡᠨ ᠲᠠᠷᠯᠠᠨ ᠴᠠᠰᠤᠨ ᠰᠦ ᠴᠠᠭᠠᠨ ᠢ᠋ᠶ᠋ᠠᠷ ᠬᠡᠷᠡᠯᠳᠦᠵᠦ ᠪᠠᠢᠬᠤ ᠶ᠋ᠢᠨ ᠠᠴᠢ ᠪᠠᠷ ᠠᠳᠤᠭᠤ ᠪᠠᠨ ᠬᠢᠯᠪᠠᠷᠬᠠᠨ ᠣᠯᠵᠤ ᠴᠤᠭᠯᠠᠷᠠᠭᠤᠯᠪᠠ᠃ ᠠᠷᠤ ᠭᠡᠷ ᠦ᠋ᠨ ᠢ᠋ᠶ᠋ᠡᠨ ᠬᠥᠮᠦᠰ ᠢ᠋ ᠶᠠᠭᠤ ᠪᠣᠯᠵᠤ ᠪᠠᠢᠭ᠎ᠠ ᠪᠣᠯ ᠭᠡᠵᠦ ᠠᠮᠢ ᠲᠡᠮᠡᠴᠡᠨ ᠶᠠᠭᠠᠷᠠᠬᠤ ᠳ᠋ᠠᠭᠠᠨ ᠵᠣᠭᠰᠣᠭ᠎ᠠ ᠵᠠᠢ ᠦᠭᠡᠢ ᠬᠥᠭᠡᠭᠡᠨ ᠭᠠᠳᠠᠨ᠎ᠠ ᠪᠠᠨ ᠠᠪᠴᠢᠷᠠᠪᠠ᠃ ᠪᠡᠷᠣᠨ ᠤ᠋ ᠬᠢᠨ ᠠᠳᠤᠭᠤᠨ ᠤ᠋ ᠴᠢᠮᠡᠭᠡ ᠪᠡᠷ ᠭᠡᠷ ᠡᠴᠡ ᠭᠠᠷᠴᠤ ᠬᠣᠷᠢ ᠠ᠋ᠴᠠ ᠳᠣᠷᠣᠭᠰᠢ ᠦᠭᠡᠢ ᠰᠠᠢᠨ ᠮᠣᠷᠢᠳ ᠢ᠋ ᠬᠥᠲᠥᠯᠬᠦ ᠨᠣᠭᠲᠣ ᠶ᠋ᠢᠨ ᠬᠠᠮᠲᠤ ᠭᠠᠷᠭᠠᠵᠤ ᠲᠤᠰᠢᠶᠠᠪᠠ᠃ ᠭᠡᠯᠢᠭ ᠦ᠋ᠨ ᠬᠢ ᠬᠣᠶᠠᠷ ᠵᠠᠭᠤᠭᠠᠳ ᠠᠳᠤᠭᠤ ᠲᠠᠢ ᠪᠠᠢᠭᠰᠠᠨ ᠪᠣᠯᠪᠠᠴᠤ᠂ ᠭᠠᠮᠢᠩ ᠤ᠋ᠳ ᠲᠤ᠌ ᠬᠣᠶᠠᠷ ᠳᠠᠬᠢᠨ ᠴᠥᠯᠮᠦᠭᠦᠯᠦᠭᠰᠡᠨ ᠲᠤᠯᠠ ᠣᠳᠣ ᠬᠣᠷᠢᠨ ᠮᠣᠷᠢ ᠭᠠᠷᠭᠠᠵᠤ ᠬᠡᠷᠬᠢᠪᠡᠴᠦ ᠴᠢᠳᠠᠬᠤ ᠦᠭᠡᠢ ᠪᠠᠢᠪᠠ᠃ ᠭᠡᠪᠡᠴᠦ ᠲᠤᠰᠢᠶᠠᠯ ᠳ᠋ᠠᠭᠠᠨ ᠮᠣᠷᠢᠳ ᠢ᠋ᠶ᠋ᠠᠨ ᠪᠡᠷᠢᠯᠡᠪᠡ᠃ ᠠᠷᠪᠠᠨ ᠵᠢᠷᠭᠤᠭ᠎ᠠ ᠶ᠋ᠢᠨ ᠲᠣᠭᠠᠨ ᠳ᠋ᠤ᠌ ᠬᠦᠷᠦᠭᠰᠡᠨ ᠦ᠌ ᠳᠥᠷᠪᠡ ᠨᠢ ᠶᠠᠭᠢᠷ ᠶᠠᠳᠠᠭ ᠲᠤ ᠲᠣᠭᠠᠯᠠᠭᠳᠠᠨ ᠬᠠᠰᠤᠭᠳᠠᠪᠠ᠃ ᠡᠭᠦᠨᠴᠡ ᠴᠠᠭᠠᠰᠢ ᠶᠠᠭᠤ ᠴᠦ᠍ ᠦᠭᠡᠢ ᠪᠠᠢᠭ᠎ᠠ ᠶ᠋ᠢ ᠪᠠᠷᠣᠨ ᠤ᠋ ᠬᠢᠨ ᠬᠠᠷᠠᠭᠰᠠᠭᠠᠷ ᠪᠣᠯᠪᠠᠴᠤ ᠫᠤᠤ ᠲᠤᠯᠭᠠᠨ ᠵᠠᠩᠳᠤᠴᠢᠬᠤ ᠲᠤᠯᠠ ᠳᠣᠷᠵᠢ ᠪᠤᠰᠤᠳ ᠤ᠋ᠨ ᠮᠣᠷᠢᠳ ᠠ᠋ᠴᠠ ᠪᠡᠷᠢᠯᠡᠪᠡ᠃ ᠡᠴᠦᠰ ᠲᠦ᠋ᠨᠢ ᠳ᠋ᠠᠨᠽᠠᠨ ᠤ᠋ ᠡᠭᠡᠴᠢ ᠶ᠋ᠢᠨ ᠭᠠᠭᠴᠠ ᠪᠣᠷᠣ ᠮᠣᠷᠢ ᠶ᠋ᠢ ᠣᠷᠣᠭᠤᠯᠤᠨ ᠪᠠᠢᠵᠤ ᠠᠶᠤᠯ ᠠ᠋ᠴᠠ ᠮᠤᠯᠲᠤᠷᠠᠪᠠ᠃
— ᠵᠠ ᠲᠠ ᠮᠢᠨᠢ ᠡᠨᠡ ᠴᠢᠨᠢ ᠶᠠᠭᠤ ᠭᠡᠭᠴᠢ ᠪᠣᠢ?
— ᠦᠭᠡᠢ ᠲᠠ ᠮᠢᠨᠢ ᠡᠨᠡ ᠴᠢᠨᠢ ᠬᠡᠨ ᠦ᠌ ᠲᠥᠯᠥᠭᠡ ᠪᠣᠢ?
— ᠪᠤᠤ ᠮᠡᠳᠡ!
— ᠶᠣᠰᠣᠲᠠᠢ ᠪᠤᠤ ᠮᠡᠳᠡ! ᠥᠨᠥ ᠥᠷᠯᠥᠭᠡ ᠪᠦᠬᠦ ᠬᠣᠲᠠ ᠪᠠᠷ ᠢ᠋ᠶ᠋ᠠᠨ ᠲᠡᠷᠭᠡᠨ ᠳ᠋ᠦ᠍ ᠬᠥᠯᠬᠦ ᠦᠬᠡᠷ ᠦᠭᠡᠢ ᠪᠣᠯᠤᠭᠰᠠᠨ ᠪᠣᠯ ᠣᠳᠣ ᠤᠨᠤᠬᠤ ᠤᠨᠤᠭ᠎ᠠ ᠦᠭᠡᠢ ᠪᠣᠯᠤᠯ᠎ᠠ᠃
— ᠮᠠᠨ ᠤ᠋ ᠳ᠋ᠤ᠌ ᠴᠦ᠍ ᠠᠯᠠᠭ᠎ᠠ᠂ ᠲᠠᠨ ᠤ᠋ ᠳ᠋ᠤ᠌ ᠴᠦ᠍ ᠠᠯᠠᠭ᠎ᠠ ᠭᠡᠰᠡᠨ ᠶᠠᠷᠢᠶ᠎ᠠ ᠲᠡᠷᠡ ᠪᠠᠷᠣᠨ ᠤ᠋ ᠬᠢᠨ ᠦ᠌ ᠠᠷᠤ ᠳ᠋ᠤ᠌ ᠦᠯᠡᠳᠡᠪᠡ᠃
ᠡᠢᠨᠬᠦ ᠨᠢᠭᠡ ᠬᠡᠷᠡᠭ ᠥᠩᠭᠡᠷᠡᠨ ᠬᠡᠳᠦ ᠬᠣᠨᠣᠲᠠᠯ᠎ᠠ ᠪᠠᠰᠠ ᠯᠠ ᠪᠠᠷᠣᠨ ᠤ᠋ ᠬᠢᠨ ᠢᠷᠡᠪᠡ᠃《ᠶᠡᠬᠡ ᠴᠡᠷᠢᠭ ᠲᠦ᠍ ᠡᠮᠡᠭᠡᠯ ᠬᠢᠵᠠᠭᠠᠷ᠂ ᠬᠤᠪᠴᠠᠰᠤ ᠬᠤᠨᠠᠷ ᠪᠠᠰᠠ ᠪᠤᠰᠤᠳ ᠬᠡᠷᠡᠭᠯᠡᠯ ᠬᠡᠷᠡᠭᠲᠡᠢ ᠭᠡᠨ᠎ᠡ》 ᠲᠡᠳᠡ ᠳᠣᠲᠣᠷ᠎ᠠ ᠭᠠᠳᠠᠨ᠎ᠠ ᠬᠣᠶᠠᠷ ᠢ᠋ ᠨᠡᠪᠲᠡ ᠰᠢᠪᠳᠠ ᠨᠡᠩᠵᠢᠵᠦ ᠪᠠᠢᠭᠠᠳ ᠬᠡᠷᠡᠭᠲᠡᠢ ᠯᠡ ᠭᠡᠰᠡᠨ ᠪᠦᠭᠦᠳᠡ ᠶ᠋ᠢ ᠪᠡᠨ ᠬᠠᠭᠤᠷᠠᠢᠯᠠᠵᠤ ᠠᠪᠤᠭᠠᠳ ᠵᠠᠢᠯᠠᠪᠠ᠃ ᠡᠨᠡ ᠤᠳᠠᠭ᠎ᠠ ᠭᠡᠯᠢᠭ ᠦ᠋ᠨ ᠬᠣᠲᠠ ᠶ᠋ᠢᠨ ᠬᠢᠨ ᠲᠡᠳᠦᠢ ᠯᠡ ᠭᠠᠢᠬᠠᠨ ᠱᠠᠭᠰᠢᠯᠳᠤᠭᠰᠠᠨ ᠵᠦᠢᠯ ᠦᠭᠡᠢ᠂ ᠬᠠᠷᠢᠨ ᠡᠳᠦᠢ ᠪᠣᠯᠲᠠᠯ᠎ᠠ ᠬᠥᠮᠦᠨ ᠦ᠌ ᠠᠮᠢ ᠦᠷᠡᠭᠳᠡᠭᠡ ᠦᠭᠡᠢ ᠪᠠᠢᠭ᠎ᠠ ᠶ᠋ᠢ ᠣᠯᠵᠠᠭᠤᠷᠬᠠᠨᠠ᠃ ᠪᠤᠰᠤᠳ ᠭᠠᠵᠠᠷ ᠤ᠋ᠳ ᠢ᠋ᠶ᠋ᠠᠷ ᠪᠠᠢᠬᠤ ᠦᠭᠡᠢ ᠶ᠋ᠢᠨ ᠠᠶᠤᠯ ᠳ᠋ᠤ᠌ ᠲᠤᠯᠭᠠᠮᠳᠠᠨ᠂ ᠵᠣᠳᠣᠭᠤᠯᠤᠭᠰᠠᠨ᠂ ᠴᠠᠪᠴᠢᠭᠤᠯᠤᠭᠰᠠᠨ᠂ ᠫᠤᠤᠳᠠᠭᠤᠯᠤᠭᠰᠠᠨ᠂ ᠭᠡᠷ ᠣᠷᠣᠨ ᠢ᠋ᠶ᠋ᠠᠨ ᠲᠦᠢᠮᠡᠷᠳᠡᠭᠦᠯᠦᠭᠰᠡᠨ ᠬᠦᠷᠲᠡᠯ᠎ᠡ ᠳᠤᠭᠤᠯᠳᠠᠨ᠎ᠠ᠃ ᠲᠡᠷᠡ ᠳᠤᠮᠳᠠ ᠠ᠋ᠴᠠ ᠲᠠᠷᠢᠶ᠎ᠠ ᠪᠤᠳᠠᠭᠠᠨ ᠤ᠋ ᠠᠵᠢᠯᠴᠢᠨ ᠢᠷᠡᠭᠡᠳ ᠭᠠᠷ ᠬᠣᠭᠣᠰᠣᠨ ᠪᠣᠯᠲᠠᠯ᠎ᠠ ᠪᠠᠨ ᠳᠡᠭᠡᠷᠡᠮᠳᠡᠭᠦᠯᠵᠦ᠂ ᠶᠡᠬᠡᠩᠬᠢ ᠨᠢ ᠠᠯᠠᠭᠳᠠᠨ᠂ ᠣᠷᠣᠨ ᠪᠠᠢᠰᠢᠩ ᠨᠢ ᠲᠦᠢᠮᠦᠷᠳᠡᠭᠳᠡᠵᠦ ᠪᠠᠢᠭ᠎ᠠ ᠶ᠋ᠢ ᠪᠦᠬᠦ ᠨᠤᠲᠤᠭ ᠤ᠋ᠨ ᠬᠢᠨ ᠦᠵᠡᠭᠰᠡᠭᠡᠷ ᠪᠠᠢᠯ᠎ᠠ᠃ ᠡᠢᠮᠦ ᠳ᠋ᠦ᠍ ᠬᠥᠮᠦᠨ ᠪᠦᠷᠢ ᠶ᠋ᠢᠨ ᠰᠡᠳᠬᠢᠯ ᠦᠢᠮᠡᠨ᠎ᠡ᠃
ᠲᠡᠷᠡ ᠳᠤᠮᠳᠠ ᠠ᠋ᠴᠠ ᠭᠡᠯᠢᠭ ᠪᠠᠷᠣᠨ ᠤᠩᠬᠸᠷᠡᠨ ᠢ᠋ ᠠᠩᠬ᠎ᠠ ᠰᠤᠷᠠᠭ ᠢ᠋ᠶ᠋ᠠᠷ ᠨᠢ ᠬᠡᠲᠦᠷᠬᠡᠢ ᠰᠦᠰᠦᠭᠯᠡᠨ ᠪᠢᠰᠢᠷᠡᠵᠦ ᠡᠬᠢᠯᠡᠭᠰᠡᠨ ᠦ᠌ ᠪᠡᠨ ᠬᠤᠪᠢ ᠳ᠋ᠤ᠌ ᠣᠳᠣ ᠬᠡᠷᠬᠢᠬᠦ ᠤᠬᠠᠭᠠᠨ ᠢ᠋ᠶ᠋ᠠᠨ ᠣᠯᠬᠤ ᠦᠭᠡᠢ ᠪᠣᠯᠤᠨ ᠳᠡᠮᠡᠢ ᠬᠥᠮᠥᠰᠬᠡ ᠵᠠᠩᠭᠢᠳᠤᠨ ᠪᠣᠳᠣᠯ ᠪᠣᠯᠤᠨ᠎ᠠ᠃ ᠭᠡᠲᠡᠯ᠎ᠡ ᠠᠢᠯ ᠠᠢᠮᠠᠭ ᠤ᠋ᠨ ᠬᠥᠮᠦᠰ ᠲᠡᠭᠦᠨ ᠢ᠋ ᠡᠷᠬᠡ ᠦᠭᠡᠢ ᠬᠠᠰᠢᠷ ᠳᠣᠬᠢ ᠬᠥᠮᠦᠨ ᠭᠡᠵᠦ ᠦᠵᠡᠳᠡᠭ ᠢ᠋ᠶ᠋ᠡᠷ ᠢ᠋ᠶ᠋ᠡᠨ《ᠣᠳᠣ ᠶᠠᠭᠠᠬᠢᠬᠤ ᠪᠣᠢ? ᠶᠡᠷᠦ ᠨᠢ ᠪᠢᠳᠡᠨ ᠳ᠋ᠦ᠍ ᠭᠠᠢ ᠭᠠᠮᠰᠢᠭ ᠪᠠᠷᠠᠭᠳᠠᠬᠤ ᠶᠠᠭᠠᠬᠢᠭ᠎ᠠ ᠴᠦ᠍ ᠦᠭᠡᠢ ᠪᠠᠢᠭ᠎ᠠ ᠪᠤᠰᠤ ᠤᠤ?》 ᠭᠡᠵᠦ ᠪᠠᠢᠨ ᠪᠠᠢᠨ ᠣᠷᠣᠵᠤ ᠢᠷᠡᠨ᠎ᠡ᠃ ᠬᠠᠷᠢᠭᠤ ᠳ᠋ᠤᠨᠢ ᠬᠡᠯᠢᠭ ᠲᠡᠳᠦᠢ ᠯᠡ ᠶᠠᠭᠤᠮ᠎ᠠ ᠶᠠᠷᠢᠬᠤ ᠦᠭᠡᠢ ᠪᠠᠢᠭᠰᠠᠨ ᠢ᠋ᠶ᠋ᠠᠨ ᠳᠠᠬᠢᠨ ᠳᠦᠷᠪᠡᠵᠦ᠂ ᠠᠭᠤᠯᠠ ᠶ᠋ᠢᠨ ᠪᠡᠷᠬᠡ ᠳ᠋ᠦ᠍ ᠭᠠᠷᠬᠤ ᠶ᠋ᠢ ᠰᠢᠢᠳᠪᠦᠷᠢᠯᠡᠪᠡ᠃
ᠪᠦᠬᠦ ᠬᠣᠲᠠ ᠪᠠᠷ ᠢ᠋ᠶ᠋ᠠᠨ ᠶᠠᠭᠤᠮ᠎ᠠ ᠪᠠᠨ ᠡᠮᠬᠢᠯᠡᠨ ᠦᠳᠡᠰᠢ ᠶ᠋ᠢᠨ ᠬᠠᠷᠠᠩᠭᠤᠢ ᠪᠠᠷ ᠭᠡᠷ ᠣᠷᠣᠨ ᠢ᠋ᠶ᠋ᠠᠨ ᠠᠴᠢᠶᠠᠯᠠᠪᠠ᠃ ᠲᠡᠷᠭᠡᠨ ᠳ᠋ᠦ᠍ ᠣᠷᠣᠬᠤ ᠱᠠᠷ ᠦᠭᠡᠢ ᠲᠤᠯᠠ ᠲᠤᠷᠠᠭᠠᠯ ᠳ᠋ᠤ᠌ ᠲᠤᠢᠯᠳᠠᠭᠰᠠᠨ ᠦᠨᠢᠶ᠎ᠡ᠂ ᠭᠡᠭᠦᠦ᠂ ᠠᠵᠢᠷᠭ᠎ᠠ ᠮᠡᠲᠦ ᠶ᠋ᠢ ᠬᠦᠴᠦ ᠪᠡᠷ ᠠᠪᠠᠴᠢᠨ ᠬᠥᠯᠪᠡ᠃ ᠡᠳ᠋ ᠬᠣᠭᠰᠢᠯ ᠢ᠋ᠶ᠋ᠠᠨ ᠡᠭᠦᠷᠬᠦ ᠶ᠋ᠢ ᠨᠢ ᠡᠭᠦᠷᠴᠦ᠂ ᠳᠡᠭᠦᠷᠬᠦ ᠶ᠋ᠢ ᠨᠢ ᠳᠡᠭᠦᠷᠬᠦ ᠵᠦᠢᠯ ᠪᠦᠷᠢ ᠪᠡᠷ ᠴᠢᠷᠵᠦ ᠭᠤᠯᠳᠤᠷᠢᠬᠤ ᠳ᠋ᠤ᠌ ᠬᠦᠷᠴᠡᠢ᠃ ᠲᠡᠭᠡᠭᠡᠳ ᠠᠷᠠᠢᠬᠠᠨ ᠨᠢᠭᠡ ᠬᠥᠳᠡᠯᠬᠦᠢᠴᠡ ᠪᠡᠨ ᠪᠣᠯᠬᠤ ᠳ᠋ᠤ᠌ ᠤᠷᠢᠳ ᠡᠮᠦᠨ᠎ᠡ ᠲᠡᠷᠭᠡᠨ ᠳ᠋ᠦ᠍ ᠣᠷᠣᠵᠤ ᠦᠵᠡᠭᠡ ᠦᠭᠡᠢ ᠮᠠᠯ ᠭᠠᠵᠠᠷ ᠰᠠᠢ ᠦᠭᠡᠢ ᠲᠤᠢᠯᠠᠨ ᠲᠣᠩᠭᠣᠴᠢᠵᠤ ᠬᠦᠴᠦ ᠲᠠᠮᠢᠷ ᠢ᠋ᠶ᠋ᠠᠨ ᠪᠠᠷᠠᠨ᠎ᠠ᠃ ᠲᠡᠭᠦᠨ ᠦ᠌ ᠵᠡᠷᠭᠡᠴᠡᠭᠡ ᠪᠡᠷ ᠨᠤᠢᠷᠣᠨ ᠳ᠋ᠤ᠌ ᠳᠠᠷᠤᠭᠳᠠᠨ ᠤᠨᠲᠠᠭᠰᠠᠨ ᠬᠡᠦᠬᠡᠳ ᠪᠠᠭᠠᠴᠤᠳ ᠤᠬᠢᠯᠠᠯᠳᠤᠨᠠ᠃ ᠬᠡᠪᠲᠡᠷᠢ ᠳ᠋ᠡᠭᠡᠨ ᠬᠣᠷᠭᠣᠳᠠᠭᠰᠠᠨ ᠬᠣᠨᠢ ᠢᠮᠠᠭᠠᠳ᠂ ᠲᠤᠭᠤᠯ᠂ ᠪᠢᠷᠠᠭᠤ ᠬᠣᠲᠠ ᠶ᠋ᠢᠨ ᠥᠯᠥᠰᠬᠦᠯᠡᠩ ᠨᠣᠬᠠᠳ ᠤᠯᠢᠨ ᠭᠠᠰᠠᠯᠬᠤ ᠨᠢ ᠶᠣᠰᠣᠲᠠᠢ ᠭᠠᠯ ᠤᠰᠤᠨ ᠤ᠋ ᠭᠠᠰᠢᠭᠤᠨ ᠵᠣᠪᠠᠯᠠᠩ ᠢ᠋ ᠳᠤᠷᠠᠳᠬᠤ ᠮᠡᠲᠦ ᠪᠣᠯᠵᠠᠢ᠃
ᠨᠡᠭᠦᠳᠡᠯ ᠦ᠋ᠨ ᠵᠠᠮ ᠳ᠋ᠤ᠌ ᠴᠡᠭᠴᠡᠷᠡᠨ ᠣᠷᠣᠬᠤ ᠳ᠋ᠤ᠌ ᠲᠤᠩ ᠰᠠᠶᠢᠬᠠᠨ ᠲᠣᠢᠯᠠᠵᠤ ᠪᠠᠢᠭᠰᠠᠨ ᠬᠥᠰᠬᠡ ᠨᠦ᠍ᠭᠦᠳ ᠠᠮᠢᠰᠬᠤᠭᠠᠳᠠᠨ ᠪᠠᠢᠨ ᠪᠠᠢᠨ ᠵᠣᠭᠰᠣᠬᠤ ᠪᠣᠯᠪᠠ᠃ ᠡᠭᠦᠨ ᠳ᠋ᠦ᠍ ᠰᠢᠷᠦᠭᠦᠨ ᠬᠠᠷᠢᠶᠠᠯ ᠵᠦᠬᠡᠯ᠂ ᠨᠠᠮᠠᠨᠴᠢᠯᠠᠯ ᠠᠯᠢᠨ ᠴᠦ᠍ ᠨᠡᠮᠡᠭᠦᠷᠢ ᠦᠭᠡᠢ ᠪᠠᠢᠪᠠᠴᠤ ᠬᠥᠮᠦᠨ ᠪᠦᠷᠢ ᠶ᠋ᠢᠨ ᠠᠮᠠᠨ ᠠ᠋ᠴᠠ ᠵᠠᠪᠠᠯ ᠨᠢᠭᠡ ᠶ᠋ᠢ ᠨᠢ ᠭᠠᠷᠭᠠᠨ᠎ᠠ᠃
ᠡᠢᠨᠬᠦ ᠶᠠᠳᠠᠨ ᠶᠠᠪᠤᠲᠠᠯ᠎ᠠ ᠬᠥᠨᠳᠡᠯᠡᠨ ᠡᠴᠡ ᠬᠣᠶᠠᠷ ᠮᠣᠷᠢ ᠲᠠᠢ ᠬᠥᠮᠦᠨ᠂ ᠥᠩᠭᠡ ᠬᠠᠲᠠᠭᠤᠷᠠᠭᠰᠠᠨ ᠴᠠᠰᠤ ᠫᠦᠷᠴᠢᠭᠢᠨᠡᠭᠦᠯᠦᠨ ᠲᠤᠪᠷᠭᠠᠨ ᠭᠠᠷᠴᠤ ᠢᠷᠡᠪᠡ᠃ ᠭᠡᠪᠡᠴᠦ ᠲᠡᠳᠡ ᠨᠤᠲᠤᠭ ᠤ᠋ᠨ ᠬᠢᠨ᠂ ᠪᠠᠷᠣᠨ ᠤ᠋ ᠬᠢᠨ ᠢᠳᠡᠷ ᠵᠠᠯᠠᠭᠤᠰ ᠢ᠋ ᠴᠡᠷᠢᠭ ᠲᠦ᠍ ᠪᠠᠷᠢᠪᠴᠢᠯᠠᠨ ᠶᠠᠪᠤᠭ᠎ᠠ ᠠ᠋ᠴᠠ ᠵᠢᠭᠤᠲᠠᠨ ᠶᠠᠪᠤᠭᠰᠠᠳ ᠪᠠᠢᠪᠠ᠃ ᠡᠨᠡ ᠮᠠᠭᠤᠬᠠᠢ ᠮᠡᠳᠡᠭᠡ ᠶ᠋ᠢ ᠭᠡᠯᠢᠭ ᠦ᠋ᠨ ᠬᠢᠨ ᠰᠣᠨᠣᠰᠤᠭᠠᠳ ᠳᠥᠷᠪᠡᠨ ᠵᠢᠭᠤᠲᠠᠵᠤ ᠠᠮᠵᠢᠭᠰᠠᠨ ᠢ᠋ᠶ᠋ᠠᠨ ᠣᠯᠵᠠᠭᠤᠷᠬᠠᠨ ᠪᠠᠶᠠᠷᠯᠠᠯᠳᠤᠨ᠎ᠠ᠃
ᠤᠷᠤᠭᠰᠢ ᠳᠠᠪᠰᠢᠬᠤ ᠳᠣᠳᠣᠮ ᠭᠠᠵᠠᠷ ᠤ᠋ᠨ ᠪᠠᠷᠲᠠᠭ᠎ᠠ ᠶᠡᠬᠡᠰᠴᠦ ᠴᠠᠰᠤᠨ ᠬᠣᠩᠬᠣᠷ ᠵᠤᠵᠠᠭᠠᠷᠠᠨ᠎ᠠ᠃ ᠲᠡᠭᠦᠨ ᠳ᠋ᠦ᠍ᠨᠢ ᠵᠤᠲᠠᠷᠠᠭᠰᠠᠨ ᠮᠠᠯ ᠰᠢᠭᠢᠳᠦᠨ ᠦᠷᠭᠦᠯᠵᠢᠯᠡᠨ ᠬᠠᠶᠠᠭᠳᠠᠨ᠎ᠠ᠃ ᠬᠥᠰᠬᠡ ᠨᠦ᠍ᠭᠦᠳ ᠰᠤᠯᠠᠳᠠᠨ ᠶᠠᠪᠤᠬᠤ ᠪᠠᠨ ᠪᠣᠯᠢᠬᠤ ᠳ᠋ᠤ᠌ ᠬᠥᠮᠦᠰ ᠠᠴᠢᠶ᠎ᠠ ᠠ᠋ᠴᠠ ᠪᠠᠨ ᠪᠠᠢᠨ ᠪᠠᠢᠨ ᠪᠠᠭᠤᠯᠭᠠᠨ ᠬᠠᠶᠠᠨ᠎ᠠ᠃ ᠠᠱ᠌ᠢᠭᠦᠢ ᠭᠡᠬᠦ ᠡᠴᠡ ᠰᠥᠨᠢ ᠰᠠᠯᠬᠢ ᠰᠢᠭᠤᠷᠭ᠎ᠠ ᠦᠭᠡᠢ᠃
ᠬᠡᠯᠢᠭ ᠠᠩᠬ᠎ᠠ ᠬᠥᠳᠡᠯᠬᠦ ᠳ᠋ᠡᠭᠡᠨ ᠪᠦᠬᠦᠨ ᠦ᠌ ᠰᠡᠭᠦᠯ ᠪᠠᠷᠢᠭᠰᠠᠨ ᠢ᠋ᠶ᠋ᠠᠨ ᠲᠦᠷᠦᠭᠦᠯᠡᠨ ᠵᠠᠮ ᠭᠠᠷᠭᠠᠵᠤ ᠬᠣᠢᠨ᠎ᠠ ᠠ᠋ᠴᠠ ᠪᠠᠨ ᠳᠠᠭᠠᠭᠤᠯᠤᠨ᠎ᠠ᠃ ᠤᠨᠤᠭᠰᠠᠨ ᠮᠣᠷᠢ ᠨᠢ ᠶᠠᠰᠤᠨ ᠬᠡᠳᠡᠷᠭᠡ ᠲᠤᠷᠠᠩᠬᠠᠢ ᠪᠣᠯᠪᠠᠴᠤ ᠤᠭ ᠨᠢ ᠬᠤᠷᠳᠤ ᠲᠠᠢ ᠰᠠᠢᠨ ᠭᠡᠵᠦ ᠠᠯᠳᠠᠷᠰᠢᠭᠰᠠᠨ ᠥᠨᠳᠥᠷ ᠴᠡᠭᠡᠵᠢ ᠲᠡᠢ ᠪᠣᠷᠣ ᠮᠣᠷᠢ ᠪᠠᠢᠯ᠎ᠠ᠃ ᠲᠡᠭᠦᠨ ᠳᠡᠭᠡᠷ᠎ᠡ ᠪᠡᠨ ᠭᠡᠯᠢᠭ ᠰᠠᠢᠬᠠᠨ ᠰᠤᠷ ᠲᠠᠢ ᠤᠯᠠᠭᠠᠨ ᠦᠨᠡᠭᠡᠨ ᠯᠣᠪᠤᠤᠵᠠ ᠪᠠᠭᠤᠯᠭᠠᠨ ᠪᠦᠴᠡᠯᠡᠵᠦ᠂ ᠢᠮᠠᠭᠠᠨ ᠳᠠᠬᠤ ᠲᠠᠢ᠂ ᠭᠤᠲᠤᠯ ᠢ᠋ᠶ᠋ᠠᠨ ᠬᠦᠨᠳᠦ ᠳᠥᠷᠦᠭᠡᠨ ᠳ᠋ᠦ᠍ ᠪᠠᠲᠤ ᠰᠠᠭᠤᠯᠭᠠᠨ ᠵᠢᠭᠢᠵᠦ᠂ ᠤᠨᠤᠭᠰᠠᠨ ᠮᠣᠷᠢᠨ ᠤ᠋ ᠪᠠᠨ ᠬᠣᠯᠠ ᠬᠣᠯᠠ ᠶ᠋ᠢᠨ ᠭᠢᠰᠬᠢᠯᠲᠡ ᠳ᠋ᠦ᠍᠂《ᠠ ᠮᠠᠨ ᠤ᠋ ᠣᠷᠣᠨ ᠶᠢᠷᠲᠢᠨᠴᠦ ᠡᠯᠳᠡᠪ ᠲᠠᠨᠢᠬᠤ ᠲᠠᠨᠢᠬᠤ ᠦᠭᠡᠢ ᠭᠠᠳᠠᠭᠠᠳᠤ ᠶ᠋ᠢᠨ ᠳᠠᠢᠰᠤᠨ ᠤ᠋ ᠭᠠᠷ ᠲᠤ ᠦᠷᠡᠭᠳᠡᠵᠦ ᠪᠠᠢᠨ᠎ᠠ᠃ ᠶᠠᠭᠠᠬᠢᠭᠠᠳ ᠡᠨᠡ ᠪᠣᠢ? ᠶᠠᠭᠠᠬᠢᠭᠠᠳ ᠪᠢᠳᠡᠨ ᠦ᠌ ᠬᠤᠪᠢ ᠵᠠᠶᠠᠭ᠎ᠠ ᠡᠢᠮᠦ ᠪᠣᠯᠵᠤ ᠣᠷᠬᠢᠪᠠ ᠭᠡᠳᠡᠭ ᠭᠦᠨ ᠪᠣᠳᠣᠯ ᠢ᠋ ᠠᠩᠬ᠎ᠠ ᠤᠳᠠᠭ᠎ᠠ ᠪᠣᠳᠣᠪᠠ᠃ ᠴᠠᠭᠠᠰᠢ ᠪᠣᠳᠣᠪᠠᠯ ᠵᠠᠰᠠᠭ ᠲᠥᠷᠥ ᠶ᠋ᠢᠨ ᠡᠷᠬᠡ ᠪᠠᠷᠢᠭᠰᠠᠨ ᠬᠠᠭᠠᠳ᠂ ᠨᠣᠶᠠᠳ᠂ ᠬᠤᠲᠤᠭᠲᠤ ᠬᠤᠪᠢᠯᠭᠠᠳ ᠭᠣᠮᠣᠳᠠᠭᠤᠰᠢᠲᠠᠢ ᠪᠣᠯᠵᠠᠢ᠃ ᠶᠡᠷᠦ ᠨᠢ ᠪᠦᠬᠦ ᠶᠠᠪᠤᠳᠠᠯ ᠦᠨᠡᠬᠡᠷ ᠲᠡᠳᠡᠨ ᠦ᠌ ᠮᠠᠭᠤ ᠠ᠋ᠴᠠ ᠪᠣᠯᠵᠤ ᠣᠷᠬᠢᠪᠠ ᠤᠤ? ᠭᠡᠵᠦ ᠬᠡᠳᠦ ᠳᠠᠬᠢᠨ ᠡᠷᠭᠢᠴᠡᠭᠦᠯᠦᠭᠰᠡᠨ ᠦ᠌ ᠪᠡᠨ ᠡᠴᠦᠰ ᠲᠦ᠍ ᠥᠪᠡᠷ ᠦ᠋ᠨ ᠢ᠋ᠶ᠋ᠡᠨ ᠪᠣᠳᠣᠯ ᠢ᠋ ᠡᠷᠭᠢᠨ ᠵᠢᠭᠰᠢᠬᠦ ᠳ᠋ᠦ᠍ ᠬᠦᠷᠪᠡ᠃ ᠡᠵᠡᠳ ᠳᠡᠭᠡᠳᠦᠰ ᠲᠡᠭᠡᠨ ᠡᠢᠮᠦ ᠮᠠᠭᠤ ᠮᠠᠭᠤᠬᠠᠢ ᠶ᠋ᠢ ᠰᠠᠨᠠᠬᠤ ᠬᠥᠮᠦᠨ ᠨᠠᠳᠠ ᠠ᠋ᠴᠠ ᠥᠭᠡᠷ᠎ᠡ ᠪᠠᠢᠬᠤ ᠤᠤ ᠭᠡᠵᠦ ᠪᠣᠳᠣᠭᠠᠳ᠂ ᠡᠨᠡ ᠮᠠᠭᠤᠬᠠᠢ ᠶ᠋ᠢ ᠨᠠᠳᠠ ᠳ᠋ᠤ᠌ ᠯᠠᠪ ᠪᠤᠷᠤᠭᠤ ᠵᠦᠭ ᠦ᠋ᠨ ᠶᠠᠭᠤᠮ᠎ᠠ ᠯᠠ ᠪᠣᠳᠣᠭᠳᠠᠭᠤᠯᠪᠠ ᠪᠣᠯᠤᠯᠲᠠᠢ ᠭᠡᠵᠦ ᠰᠡᠵᠢᠭᠯᠡᠨ ᠲᠩᠷᠢ ᠳ᠋ᠦ᠍ ᠭᠢᠯᠠᠯᠵᠠᠬᠤ ᠣᠳᠣᠨ ᠮᠡᠴᠢᠳ ᠢ᠋ ᠰᠢᠷᠳᠡᠵᠦ ᠮᠡᠭᠵᠡᠮ ᠭᠡᠳᠡᠭ ᠵᠠᠯᠪᠠᠷᠢᠯ ᠳᠥᠷᠪᠡᠨ ᠱᠠᠲᠤ ᠰᠢᠯᠦᠭᠯᠡᠯ ᠢ᠋ ᠤᠩᠰᠢᠨ ᠨᠠᠮᠠᠨᠴᠢᠯᠠᠪᠠ᠃
ᠦᠰᠦᠭ ᠠᠮᠢᠯᠠᠭᠤᠯᠤᠭᠰᠠᠨ ᠨᠢ ᠄ ᠲᠡᠭᠷᠢ ᠡᠵᠢ
