ᠲᠠᠷᠢᠶᠠᠨ ᠲᠦᠷᠦᠭᠦᠦ  ᠦᠺᠷᠠᠢᠨ- ᠠᠷᠠᠳ ᠤ᠋ᠨ ᠦᠯᠢᠭᠡᠷТариан түрүү_ Украин ардын үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠷᠢᠶᠠᠨ ᠲᠦᠷᠦᠭᠦᠦ  ᠦᠺᠷᠠᠢᠨ- ᠠᠷᠠᠳ ᠤ᠋ᠨ ᠦᠯᠢᠭᠡᠷТариан түрүү_ Украин ардын үлгэр

ᠲᠠᠷᠢᠶᠠᠨ ᠲᠦᠷᠦᠭᠦᠦ  ᠦᠺᠷᠠᠢᠨ- ᠠᠷᠠᠳ ᠤ᠋ᠨ ᠦᠯᠢᠭᠡᠷТариан түрүү_ Украин ардын үлгэр

ᠠᠩᠭᠢᠯᠠᠯ:ᠳᠣᠮᠣᠭ ᠦᠯᠢᠭᠡᠷ
2026-01-05

1596

ᠲᠠᠷᠢᠶᠠᠨ ᠲᠦᠷᠦᠭᠦᠦ 

              ᠦᠺᠷᠠᠢᠨ ᠠᠷᠠᠳ ᠤ᠋ᠨ ᠦᠯᠢᠭᠡᠷ 

    ᠡᠷᠲᠡ ᠤᠷᠢᠳᠤ ᠴᠠᠭ ᠲᠤ᠌ ᠬᠣᠶᠠᠷ ᠪᠣᠷᠣᠬᠠᠨ ᠬᠤᠯᠤᠭᠠᠨ᠎ᠠ ᠤᠯᠠᠭᠠᠨ ᠵᠠᠯᠠᠭᠠᠲᠤ ᠲᠠᠬᠢᠶᠠᠨ ᠤ᠋ ᠬᠠᠮᠲᠤ ᠠᠮᠢᠳᠤᠷᠠᠨ ᠰᠠᠭᠤᠳᠠᠭ ᠪᠠᠢᠵᠠᠢ᠃ ᠬᠣᠶᠠᠷ ᠬᠤᠯᠤᠭᠠᠨ᠎ᠠ ᠳᠠᠭᠤᠯᠠᠵᠤ ᠬᠥᠭᠵᠢᠮᠳᠡᠬᠦ᠂ ᠭᠦᠶᠦᠵᠦ ᠬᠠᠷᠠᠢᠬᠤ ᠶ᠋ᠢ ᠯᠡ ᠮᠡᠳᠡᠳᠡᠭ ᠠᠮᠢᠲᠠᠨ᠃ ᠬᠠᠷᠢᠨ ᠲᠠᠬᠢᠶ᠎ᠠ ᠨᠢ ᠦᠷ ᠦ᠋ᠨ ᠭᠡᠭᠡᠨ ᠢ᠋ᠶ᠋ᠡᠷ ᠳᠣᠩᠭᠣᠳᠴᠤ᠂ ᠬᠠᠮᠤᠭ ᠠᠮᠢᠲᠠᠨ ᠢ᠋ ᠰᠡᠷᠢᠭᠡᠭᠡᠳ ᠠᠵᠢᠯ ᠳ᠋ᠤ᠌ ᠪᠠᠨ ᠭᠠᠷᠳᠠᠭ ᠪᠠᠢᠵᠠᠢ᠃
ᠨᠢᠭᠡ ᠡᠳᠦᠷ ᠲᠠᠬᠢᠶ᠎ᠠ ᠬᠠᠰᠢᠶᠠᠨ ᠤ᠋ ᠬᠣᠭ ᠴᠡᠪᠡᠷᠯᠡᠵᠦ ᠶᠠᠪᠤᠭᠠᠳ ᠲᠠᠷᠢᠶᠠᠨ ᠲᠦᠷᠦᠭᠦᠦ ᠣᠯᠵᠤ ᠭᠡᠨ᠎ᠡ᠃ ᠲᠡᠭᠡᠭᠡᠳ ᠲᠠᠬᠢᠶ᠎ᠠ ᠨᠠᠢᠵᠠ ᠬᠣᠶᠠᠷ ᠬᠤᠯᠤᠭᠠᠨ᠎ᠠ ᠪᠠᠨ ᠳᠠᠭᠤᠳᠠᠵᠤ᠂
— ᠡᠢᠮᠦ ᠰᠠᠢᠬᠠᠨ ᠲᠠᠷᠢᠶᠠᠨ ᠲᠦᠷᠦᠭᠦᠦ ᠣᠯᠤᠯ᠎ᠠ ᠭᠡᠳ ᠦᠵᠡᠭᠦᠯᠵᠡᠢ᠃ ᠬᠣᠶᠠᠷ ᠬᠤᠯᠤᠭᠠᠨ᠎ᠠ ᠳᠡᠷᠭᠡᠳᠡ ᠨᠢ ᠢᠷᠡᠭᠡᠳ᠂
— ᠡᠭᠦᠨ ᠢ᠋ ᠴᠣᠬᠢᠵᠤ ᠴᠠᠢᠷᠠᠭᠤᠯᠬᠤ ᠬᠡᠷᠡᠭᠲᠡᠢ ᠪᠠᠢᠨ᠎ᠠ ᠭᠡᠵᠦ ᠭᠡᠨ᠎ᠡ᠃
— ᠬᠡᠨ ᠡᠭᠦᠨ ᠢ᠋ ᠴᠣᠬᠢᠵᠤ ᠴᠠᠢᠷᠠᠭᠤᠯᠬᠤ ᠪᠣᠢ? ᠭᠡᠵᠦ ᠲᠠᠬᠢᠶ᠎ᠠ ᠠᠰᠠᠭᠤᠪᠠ᠃
— ᠪᠢ ᠬᠢᠬᠦ ᠦᠭᠡᠢ ᠰᠢᠦ ᠭᠡᠵᠦ ᠠᠬ᠎ᠠ ᠬᠤᠯᠤᠭᠠᠨ᠎ᠠ ᠨᠢ ᠬᠠᠷᠢᠭᠤᠯᠵᠠᠢ᠃
— ᠪᠢ ᠪᠠᠰᠠ ᠬᠢᠬᠦ ᠦᠭᠡᠢ ᠭᠡᠵᠦ ᠳᠡᠭᠦᠦ ᠬᠤᠯᠤᠭᠠᠨ᠎ᠠ ᠨᠢ ᠬᠠᠷᠢᠭᠤᠯᠪᠠ᠃
— ᠵᠠ ᠶᠠᠭᠠᠬᠢᠬᠤ ᠪᠣᠢ ᠪᠢ ᠬᠢᠶ᠎ᠡ ᠭᠡᠵᠦ ᠲᠠᠬᠢᠶ᠎ᠠ ᠬᠡᠯᠡᠵᠦ ᠭᠡᠨ᠎ᠡ᠃
ᠲᠡᠭᠡᠭᠡᠳ ᠲᠠᠬᠢᠶ᠎ᠠ ᠠᠵᠢᠯ ᠳ᠋ᠤ᠌ ᠪᠠᠨ ᠣᠷᠣᠪᠠ᠃ ᠬᠠᠷᠢᠨ ᠬᠣᠶᠠᠷ ᠬᠤᠯᠤᠭᠠᠨ᠎ᠠ ᠪᠥᠮᠪᠥᠭᠡ ᠪᠡᠷ ᠲᠣᠭᠯᠠᠵᠤ᠂ ᠲᠠᠬᠢᠶ᠎ᠠ ᠲᠠᠷᠢᠶ᠎ᠠ ᠪᠠᠨ ᠴᠠᠢᠷᠠᠭᠤᠯᠵᠤ ᠳᠠᠭᠤᠰᠤᠭᠠᠳ᠂
— ᠬᠦᠢ ᠨᠠᠢᠵᠠ ᠤ᠋ᠳ ᠳ᠋ᠠ᠂ ᠴᠠᠢᠷᠠᠭᠤᠯᠤᠭᠰᠠᠨ ᠲᠠᠷᠢᠶ᠎ᠠ ᠶ᠋ᠢ ᠬᠠᠷᠠᠭᠠᠴᠢ! ᠭᠡᠵᠦ ᠬᠣᠶᠠᠷ ᠬᠤᠯᠤᠭᠠᠨ᠎ᠠ ᠶ᠋ᠢ ᠳᠠᠭᠤᠳᠠᠵᠠᠢ᠃ ᠬᠣᠶᠠᠷ ᠬᠤᠯᠤᠭᠠᠨ᠎ᠠ ᠭᠦᠶᠦᠵᠦ ᠢᠷᠡᠭᠡᠳ᠂
— ᠣᠳᠣ ᠴᠠᠢᠷᠠᠭᠤᠯᠤᠭᠰᠠᠨ ᠲᠠᠷᠢᠶ᠎ᠠ ᠶ᠋ᠢ ᠲᠡᠭᠡᠷᠮᠡᠳᠡᠵᠦ ᠭᠤᠯᠢᠷ ᠬᠢᠬᠦ ᠬᠡᠷᠡᠭᠲᠡᠢ ᠪᠠᠢᠨ᠎ᠠ ᠭᠡᠵᠦ ᠰᠢᠪᠡᠨᠡᠵᠡᠭᠡᠨ᠎ᠡ᠃
— ᠬᠡᠨ ᠡᠭᠦᠨ ᠢ᠋ ᠲᠡᠭᠡᠷᠮ᠎ᠡ ᠯᠤᠭᠡ ᠠᠪᠠᠴᠢᠬᠤ ᠪᠤᠢ? ᠭᠡᠵᠦ ᠲᠠᠬᠢᠶ᠎ᠠ ᠠᠰᠠᠭᠤᠪᠠ᠃
— ᠪᠢ ᠴᠢᠳᠠᠬᠤ ᠦᠭᠡᠢ ᠰᠢᠦ ᠭᠡᠵᠦ ᠠᠬ᠎ᠠ ᠬᠤᠯᠤᠭᠠᠨ᠎ᠠ ᠨᠢ ᠬᠠᠷᠢᠭᠤᠯᠪᠠ᠃
— ᠪᠢ ᠪᠠᠰᠠ ᠴᠢᠳᠠᠬᠤ ᠦᠭᠡᠢ ᠰᠢᠦ ᠭᠡᠵᠦ ᠳᠡᠭᠦᠦ ᠬᠤᠯᠤᠭᠠᠨ᠎ᠠ ᠨᠢ ᠬᠠᠰᠬᠢᠷᠴᠤ ᠭᠡᠨ᠎ᠡ᠃
— ᠵᠠ᠂ ᠶᠠᠭᠠᠬᠢᠬᠤ ᠪᠣᠢ᠂ ᠪᠢ ᠴᠠᠢᠷᠠᠭᠤᠯᠤᠭᠰᠠᠨ ᠲᠠᠷᠢᠶ᠎ᠠ ᠪᠠᠨ ᠡᠭᠦᠷᠴᠦ ᠲᠡᠭᠡᠷᠮ᠎ᠡ ᠯᠤᠭᠡ ᠣᠴᠢᠶ᠎ᠠ ᠳ᠋ᠠ ᠭᠡᠵᠦ ᠲᠠᠬᠢᠶ᠎ᠠ ᠬᠡᠯᠡᠵᠡᠢ᠃
ᠲᠡᠭᠡᠭᠡᠳ ᠲᠠᠬᠢᠶ᠎ᠠ ᠲᠠᠷᠢᠶ᠎ᠠ ᠪᠠᠨ ᠱᠤᠤᠳᠠᠨ ᠳ᠋ᠤ᠌ ᠬᠢᠵᠦ ᠡᠭᠦᠷᠴᠦ ᠶᠠᠪᠤᠭᠰᠠᠭᠠᠷ ᠲᠡᠭᠡᠷᠮ᠎ᠡ ᠳᠡᠭᠡᠷ᠎ᠡ ᠠᠪᠠᠴᠢᠨ ᠲᠡᠭᠡᠷᠮᠡᠳᠡᠵᠦ ᠭᠤᠯᠢᠷ ᠪᠣᠯᠭᠠᠪᠠ᠃ ᠡᠨᠡ ᠦᠶ᠎ᠡ ᠳ᠋ᠦ᠍ ᠬᠣᠶᠠᠷ ᠬᠤᠯᠤᠭᠠᠨ᠎ᠠ ᠪᠡᠶ᠎ᠡ ᠪᠡᠶ᠎ᠡ ᠪᠡᠨ ᠳᠡᠭᠡᠭᠦᠷ ᠢ᠋ᠶ᠋ᠡᠨ ᠬᠠᠷᠠᠢᠵᠤ ᠶᠡᠬᠡ ᠯᠡ ᠬᠥᠭᠵᠢᠯ ᠲᠡᠢ ᠲᠣᠭᠯᠠᠵᠤ ᠪᠠᠢᠪᠠ᠃ ᠲᠠᠬᠢᠶ᠎ᠠ ᠪᠤᠴᠠᠵᠤ ᠢᠷᠡᠭᠡᠳ ᠬᠣᠶᠠᠷ ᠬᠤᠯᠤᠭᠠᠨ᠎ᠠ ᠶ᠋ᠢ ᠳᠠᠬᠢᠨ ᠳᠠᠭᠤᠳᠠᠵᠤ᠂
— ᠪᠢ ᠭᠤᠯᠢᠷ ᠠᠪᠴᠢᠷᠠᠯ᠎ᠠ ᠭᠡᠵᠦ ᠭᠡᠨ᠎ᠡ᠃ ᠬᠣᠶᠠᠷ ᠬᠤᠯᠤᠭᠠᠨ᠎ᠠ ᠭᠦᠶᠦᠵᠦ ᠢᠷᠡᠭᠡᠳ᠂
— ᠲᠠᠬᠢᠶ᠎ᠠ ᠮᠢᠨᠢ! ᠣᠳᠣ ᠭᠤᠯᠢᠷ ᠢ᠋ᠶ᠋ᠠᠨ ᠵᠢᠭᠤᠷᠠᠵᠤ᠂ ᠠᠮᠲᠠᠲᠠᠢ ᠪᠢᠯᠠᠭᠤᠷ ᠬᠢᠬᠦ ᠬᠡᠷᠡᠭᠲᠡᠢ ᠪᠠᠢᠨ᠎ᠠ ᠭᠡᠵᠡᠢ᠃
— ᠬᠡᠨ ᠭᠤᠯᠢᠷ ᠵᠢᠭᠤᠷᠠᠬᠤ ᠪᠢᠯᠡ ᠭᠡᠵᠦ ᠲᠠᠬᠢᠶ᠎ᠠ ᠠᠰᠠᠭᠤᠬᠤ ᠳ᠋ᠤ᠌᠂
— ᠬᠣᠶᠠᠷ ᠬᠤᠯᠤᠭᠠᠨ᠎ᠠ ᠪᠢ ᠴᠢᠳᠠᠬᠤ ᠦᠭᠡᠢ᠂ ᠪᠢ ᠯᠠᠪ ᠴᠢᠳᠠᠬᠤ ᠦᠭᠡᠢ ᠭᠡᠵᠦ ᠥᠷᠢᠰᠦᠯᠳᠦᠨ ᠬᠠᠷᠢᠭᠤᠯᠵᠠᠭᠠᠪᠠ᠃ ᠲᠠᠬᠢᠶ᠎ᠠ ᠪᠣᠳᠣᠵᠤ ᠪᠣᠳᠣᠵᠤ᠂
— ᠨᠠᠳᠠ ᠪᠠᠷ ᠬᠢᠯᠭᠡᠬᠦ ᠭᠡᠵᠦ ᠪᠠᠢᠭ᠎ᠠ ᠶᠤᠮ ᠤᠤ? ᠭᠡᠵᠦ ᠬᠡᠯᠡᠭᠡᠳ
— ᠭᠤᠯᠢᠷ ᠢ᠋ᠶ᠋ᠠᠨ ᠵᠢᠭᠤᠷᠠᠵᠤ ᠲᠦᠯᠡᠭᠡ ᠪᠡᠨ ᠬᠠᠭᠠᠯᠵᠠᠢ᠃ ᠲᠡᠭᠡᠭᠡᠳ ᠫᠢᠰᠢᠩ ᠢ᠋ᠶ᠋ᠡᠨ ᠭᠠᠯᠯᠠᠵᠤ ᠪᠢᠯᠠᠭᠤ ᠪᠠᠨ ᠬᠠᠭᠠᠷᠢᠵᠤ ᠡᠬᠢᠯᠡᠪᠡ᠃ ᠡᠨᠡ ᠦᠶ᠎ᠡ ᠳ᠋ᠦ᠍ ᠬᠣᠶᠠᠷ ᠬᠤᠯᠤᠭᠠᠨ᠎ᠠ ᠬᠥᠭᠵᠢᠮᠳᠡᠨ ᠳᠠᠭᠤᠯᠠᠵᠤ ᠪᠠᠢᠪᠠ᠃ ᠲᠠᠬᠢᠶ᠎ᠠ ᠪᠢᠯᠠᠭᠤ ᠪᠠᠨ ᠭᠠᠷᠭᠠᠵᠤ ᠰᠢᠷᠡᠭᠡᠨ ᠳᠡᠭᠡᠷ᠎ᠡ ᠲᠠᠯᠪᠢᠵᠠᠢ᠃ ᠬᠣᠶᠠᠷ ᠬᠤᠯᠤᠭᠠᠨ᠎ᠠ ᠡᠭᠦᠪᠡᠷ ᠲᠡᠭᠦᠪᠡᠷ ᠭᠦᠶᠦᠵᠦ ᠶᠠᠪᠤᠭᠰᠠᠨ ᠢ᠋ᠶ᠋ᠠᠨ ᠭᠡᠨᠡᠳᠲᠡ ᠪᠢᠯᠠᠭᠤ ᠶ᠋ᠢ ᠬᠠᠷᠠᠭᠰᠠᠨ ᠢ᠋ᠶ᠋ᠠᠨ᠂
— ᠪᠢ ᠥᠯᠥᠰᠴᠦ ᠪᠠᠢᠨ᠎ᠠ ᠭᠡᠵᠦ ᠠᠬ᠎ᠠ ᠬᠤᠯᠤᠭᠠᠨ᠎ᠠ ᠨᠢ ᠭᠤᠩᠭᠠᠨᠢᠪᠠ᠃ ᠪᠢ ᠪᠠᠰᠠ ᠶᠠᠭᠤᠮ᠎ᠠ ᠢᠳᠡᠮᠡᠷ ᠪᠠᠢᠨ᠎ᠠ ᠭᠡᠵᠦ ᠳᠡᠭᠦᠦ ᠬᠤᠯᠤᠭᠠᠨ᠎ᠠ ᠨᠢ ᠲᠣᠰᠣᠨ ᠬᠡᠯᠡᠭᠡᠳ ᠰᠢᠷᠡᠭᠡ ᠲᠣᠭᠣᠷᠢᠨ ᠰᠠᠭᠤᠵᠠᠭᠠᠪᠠ ᠭᠡᠨ᠎ᠡ᠃ ᠬᠠᠷᠢᠨ ᠲᠠᠬᠢᠶ᠎ᠠ᠂
— ᠬᠦᠯᠢᠶᠡᠵᠦ ᠪᠠᠢᠭᠠᠷᠠᠢ! ᠬᠦᠯᠢᠶᠡᠵᠦ ᠪᠠᠢᠭᠠᠷᠠᠢ! ᠭᠡᠪᠡ᠃ ᠪᠢᠳᠡᠨ ᠦ᠌ ᠬᠡᠨ ᠮᠠᠨᠢ ᠲᠠᠷᠢᠶᠠᠨ ᠲᠦᠷᠦᠭᠦᠦ ᠣᠯᠤᠯ᠎ᠠ ᠭᠡᠵᠦ ᠠᠰᠠᠭᠤᠪᠠ᠃ ᠲᠠ ᠣᠯᠤᠭᠰᠠᠨ ᠭᠡᠵᠦ ᠬᠣᠶᠠᠷ ᠬᠤᠯᠤᠭᠠᠨ᠎ᠠ ᠱᠣᠭᠰᠢᠨ ᠬᠡᠯᠡᠪᠡ᠃ ᠲᠡᠭᠡᠬᠦᠯᠡᠷ ᠨᠢ ᠲᠠᠬᠢᠶ᠎ᠠ ᠲᠠᠷᠢᠶᠠᠨ ᠲᠦᠷᠦᠭᠦᠦ ᠶ᠋ᠢ ᠬᠡᠨ ᠴᠣᠬᠢᠵᠤ ᠴᠠᠢᠷᠠᠭᠤᠯᠤᠭᠰᠠᠨ ᠪᠢᠯᠡ ᠭᠡᠪᠡ᠃ ᠲᠠ ᠴᠠᠢᠷᠠᠭᠤᠯᠤᠭᠰᠠᠨ ᠭᠡᠵᠦ ᠬᠣᠶᠠᠷ ᠬᠤᠯᠤᠭᠠᠨ᠎ᠠ ᠴᠤᠯᠴᠠᠷᠢᠬᠤ ᠶ᠋ᠢᠨ ᠠᠷᠭ᠎ᠠ ᠦᠭᠡᠢ ᠬᠠᠷᠢᠭᠤᠯᠪᠠ᠃ ᠲᠡᠭᠡᠪᠡᠯ ᠬᠡᠨ ᠮᠠᠨᠢ ᠲᠠᠷᠢᠶ᠎ᠠ ᠪᠠᠨ ᠲᠡᠭᠡᠷᠮᠡᠳᠡᠯ᠎ᠡ ᠭᠡᠵᠦ ᠲᠠᠬᠢᠶ᠎ᠠ ᠳᠠᠬᠢᠨ ᠠᠰᠠᠭᠤᠯ᠎ᠠ᠃ ᠲᠠ ᠯᠠ ᠲᠡᠭᠡᠷᠮᠡᠳᠡᠭᠰᠡᠨ ᠭᠡᠵᠦ ᠬᠣᠶᠠᠷ ᠬᠤᠯᠤᠭᠠᠨ᠎ᠠ ᠳᠤᠭᠤᠯᠳᠠᠬᠤ ᠲᠡᠳᠦᠢᠬᠡᠨ ᠬᠠᠷᠢᠭᠤᠯᠵᠠᠢ᠃ ᠲᠡᠭᠡᠪᠡᠯ ᠬᠡᠨ ᠭᠤᠯᠢᠷ ᠵᠢᠭᠤᠷᠠᠵᠤ ᠲᠦᠯᠡᠭᠡ ᠬᠠᠭᠠᠯᠵᠤ ᠫᠢᠰᠢᠩ ᠭᠠᠯᠯᠠᠵᠤ᠂ ᠬᠡᠨ ᠪᠢᠯᠠᠭᠤ ᠬᠠᠭᠠᠷᠢᠭᠰᠠᠨ ᠪᠢᠯᠡ ᠭᠡᠵᠦ ᠲᠠᠬᠢᠶ᠎ᠠ ᠳᠠᠬᠢᠨ ᠠᠰᠠᠭᠤᠪᠠ᠃ ᠲᠠ ᠴᠥᠮ ᠢ᠋ ᠨᠢ ᠬᠢᠭᠰᠡᠨ ᠭᠡᠵᠦ ᠬᠣᠶᠠᠷ ᠬᠤᠯᠤᠭᠠᠨ᠎ᠠ ᠳᠤᠭᠤᠯᠳᠠᠬᠤ ᠲᠠᠢ ᠦᠭᠡᠢ ᠲᠡᠢ ᠪᠣᠯᠤᠭᠰᠠᠨ ᠭᠡᠨ᠎ᠡ᠃ ᠲᠠᠬᠢᠶ᠎ᠠ ᠬᠣᠶᠠᠷ ᠬᠤᠯᠤᠭᠠᠨ᠎ᠠ ᠠ᠋ᠴᠠ ᠲᠠ ᠬᠣᠶᠠᠷ ᠲᠡᠭᠡᠪᠡᠯ ᠶᠠᠭᠤ ᠬᠢᠭᠰᠡᠨ ᠪᠢᠯᠡ? ᠭᠡᠵᠦ ᠠᠰᠠᠭᠤᠬᠤ ᠳ᠋ᠤ᠌ ᠲᠡᠳᠡ ᠶᠠᠭᠤ ᠴᠤ᠌ ᠬᠠᠷᠢᠭᠤᠯᠵᠤ ᠴᠢᠳᠠᠭᠰᠠᠨ ᠦᠭᠡᠢ᠃
ᠲᠡᠭᠡᠭᠡᠳ ᠬᠣᠶᠠᠷ ᠬᠤᠯᠤᠭᠠᠨ᠎ᠠ ᠢᠴᠢᠬᠦ ᠳ᠋ᠦ᠍ ᠪᠡᠨ ᠰᠢᠷᠡᠭᠡᠨ ᠦ᠌ ᠳᠡᠷᠭᠡᠳᠡᠬᠢ ᠰᠠᠨᠳᠠᠯᠢ ᠠ᠋ᠴᠠ ᠪᠠᠭᠤᠵᠤ ᠨᠢᠭᠤᠷ ᠪᠤᠷᠤᠭᠤᠯᠴᠠᠭᠠᠨ ᠭᠠᠷᠴᠤ ᠣᠳᠪᠠ᠃ ᠶᠠᠭᠤ ᠴᠤ᠌ ᠬᠢᠳᠡᠭ ᠦᠭᠡᠢ ᠲᠡᠢᠮᠦ ᠵᠠᠯᠬᠠᠭᠤ ᠠᠮᠢᠲᠠᠳ ᠢ᠋ ᠬᠡᠨ ᠴᠦ᠍ ᠭᠡᠰᠡᠨ ᠳᠠᠢᠯᠠᠬᠤ ᠦᠭᠡᠢ ᠰᠢᠦ ᠳ᠋ᠠ᠃ ᠠᠵᠢᠯ ᠬᠢᠪᠡᠯ ᠠᠮᠲᠠ ᠣᠯᠤᠭᠰᠠᠨ ᠭᠡᠳᠡᠭ ᠠᠷᠠᠳ ᠤ᠋ᠨ ᠵᠦᠢᠷ ᠦᠭᠡ ᠪᠠᠢᠳᠠᠭ ᠢ᠋ ᠬᠡᠨ ᠴᠦ᠍ ᠭᠡᠰᠡᠨ ᠰᠠᠨᠠᠵᠤ ᠶᠠᠪᠤᠭᠤᠰᠢᠲᠠᠢ ᠰᠠᠢᠬᠠᠨ ᠰᠤᠷᠭᠠᠯ ᠪᠢᠯᠡ᠃

   ᠬᠡᠦᠬᠡᠳ ᠦ᠋ᠨ ᠺᠠᠠᠠᠳᠠᠨ ᠶᠢᠷᠲᠢᠨᠴᠦ ᠰᠤᠪᠠᠭ ᠤᠩᠰᠢᠵᠤ ᠪᠡᠯᠡᠳᠬᠡᠪᠡ᠂
                        2025 ᠣᠨ

  ᠦᠰᠦᠭ ᠬᠠᠳᠠᠭᠴᠢ᠄ ᠠᠯᠲᠠᠨᠴᠢᠮᠡᠭ
  ᠦᠰᠦᠭ ᠠᠮᠢᠯᠠᠭᠤᠯᠤᠭᠴᠢ᠄ ᠠᠯᠲᠠᠨᠴᠢᠮᠡᠭ