ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ < ᠭᠤᠲᠠᠭᠠᠷ ᠪᠦᠯᠦᠭ 1–3> Бүлжхэн хатан– [монгол] Дамбын Төрбат <гутгар бүлэг 1–3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ < ᠭᠤᠲᠠᠭᠠᠷ ᠪᠦᠯᠦᠭ 1–3> Бүлжхэн хатан– [монгол] Дамбын Төрбат <гутгар бүлэг 1–3>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ < ᠭᠤᠲᠠᠭᠠᠷ ᠪᠦᠯᠦᠭ 1–3> Бүлжхэн хатан– [монгол] Дамбын Төрбат <гутгар бүлэг 1–3>

ᠠᠩᠭᠢᠯᠠᠯ:ᠲᠤᠭᠤᠵᠢ ᠷᠣᠮᠠᠨ
2026-01-05

124

ᠪᠦᠯᠵᠢᠬᠢᠨ ᠬᠠᠲᠤᠨ– < ᠭᠤᠲᠠᠭᠠᠷ ᠪᠦᠯᠦᠭ 1–3>


               ᠭᠤᠲᠠᠭᠠᠷ ᠪᠦᠯᠦᠭ 

        《ᠠᠯᠲᠠᠨ ᠤᠯᠤᠰ ᠠᠷᠭᠠᠳᠠᠬᠤ ᠭᠡᠵᠦ ᠠᠷᠭ᠎ᠠ ᠪᠠᠨ ᠪᠠᠷᠠᠪᠠ》 
         ᠳᠤᠯ ᠵᠢᠭᠠᠰᠤ ᠮᠡᠲᠦ ᠶᠠᠭᠤᠨ ᠳ᠋ᠤ᠌  
         ᠲᠤᠯᠪᠠᠷᠠᠨ ᠭᠠᠰᠠᠯᠤᠨ᠎ᠠ ᠴᠢ 
         ᠲᠤᠭᠤᠷᠭ᠎ᠠ ᠴᠡᠷᠢᠭ ᠢ᠋ᠶ᠋ᠡᠨ ᠪᠡᠬᠢᠯᠡᠶ᠎ᠡ ᠭᠡᠵᠦ 
         ᠲᠤᠢᠯᠲᠠᠢ ᠦᠭᠡ ᠪᠡᠨ ᠬᠡᠯᠡᠯᠴᠡᠭᠰᠡᠨ ᠪᠢᠰᠢ ᠪᠢᠯᠡ ᠤᠤ 
         ᠤᠰᠤᠨ ᠤ᠋ ᠵᠢᠭᠠᠰᠤ ᠮᠡᠲᠦ ᠶᠠᠭᠤᠨ ᠳ᠋ᠤ᠌ 
         ᠤᠶᠠᠷᠠᠨ ᠭᠠᠰᠠᠯᠤᠨ᠎ᠠ ᠴᠢ 
         ᠤᠯᠤᠰ ᠲᠥᠷᠥ ᠪᠡᠨ ᠪᠠᠢᠭᠤᠯᠤᠶ᠎ᠠ ᠭᠡᠵᠦ 
         ᠤᠴᠢᠷᠲᠠᠢ ᠦᠭᠡ ᠪᠡᠨ ᠬᠡᠯᠡᠯᠴᠡᠭᠰᠡᠨ ᠪᠢᠰᠢ ᠪᠢᠯᠡ ᠤᠤ᠃ 
                           《ᠠᠯᠲᠠᠨ ᠲᠣᠪᠴᠢ》    

                1
       ᠬᠠᠮᠤᠭ ᠮᠣᠩᠭᠣᠯ ᠲᠠᠢ ᠬᠠᠶᠠᠭ᠎ᠠ ᠨᠡᠢᠯᠡᠭᠰᠡᠨ ᠲᠡᠦᠬᠡᠨ ᠳ᠋ᠦ᠍ ᠠᠯᠲᠠᠨ ᠤᠯᠤᠰ ᠡᠢᠨ ᠬᠦᠨᠳᠦᠯᠡᠯ ᠦᠵᠡᠭᠦᠯᠵᠦ ᠪᠠᠢᠭᠰᠠᠨ ᠲᠡᠦᠬᠡ ᠦᠭᠡᠢ ᠶᠦᠮ᠃ ᠦᠵᠢᠮᠡᠢ ᠬᠠᠭᠠᠨ ᠤ᠋ ᠲᠦᠮᠡᠨ ᠲᠦᠰᠢᠮᠡᠯ ᠦ᠋ᠨ ᠲᠡᠷᠢᠭᠦᠨ ᠨᠣᠶᠠᠳ ᠴᠠᠴᠠᠷ ᠪᠠᠷᠢᠨ ᠵᠠᠮ ᠲᠣᠰᠴᠤ᠂ ᠲᠠᠲᠠᠷ ᠪᠠᠷᠢᠭᠰᠠᠨ ᠮᠢᠩᠭᠠᠨ ᠴᠡᠷᠢᠭ ᠢ᠋ᠶ᠋ᠡᠷ ᠳᠠᠪᠬᠤᠷ ᠬᠠᠮᠠᠭᠠᠯᠠᠨ ᠶᠡᠬᠡ ᠬᠣᠲᠠᠨ ᠤ᠋ ᠪᠠᠨ ᠪᠣᠱᠣᠭ᠎ᠠ ᠠᠯᠬᠤᠭᠤᠯᠵᠠᠢ᠃ ᠦᠵᠢᠮᠡᠢ ᠥᠪᠡᠷ ᠢ᠋ᠶ᠋ᠡᠨ ᠬᠠᠲᠤᠳ ᠬᠢᠭᠡᠳ ᠭᠦᠩᠵᠦ᠂ ᠬᠣᠩ ᠲᠠᠢᠵᠢ ᠨᠠᠷ ᠢ᠋ᠶ᠋ᠠᠨ ᠳᠠᠭᠠᠭᠤᠯᠤᠨ ᠠᠯᠲᠠ ᠮᠥᠩᠭᠥ᠂ ᠬᠣᠷᠭᠣᠢ ᠲᠣᠷᠭ᠎ᠠ ᠪᠣᠯᠤᠭᠰᠠᠭᠠᠷ ᠤᠭᠲᠤᠵᠤ᠂ 
       — ᠬᠠᠮᠤᠭ ᠮᠣᠩᠭᠣᠯ ᠤ᠋ᠨ ᠬᠠᠪᠤᠯ ᠪᠠᠭᠠᠲᠤᠷ ᠥᠪᠡᠷ ᠦ᠋ᠨ ᠪᠡᠶ᠎ᠡ ᠪᠡᠷ ᠮᠣᠷᠢᠯᠠᠨ ᠢᠷᠡᠭᠰᠡᠨ ᠨᠢ ᠦᠶ᠎ᠡ ᠶ᠋ᠢᠨ ᠦᠶ᠎ᠡ ᠳ᠋ᠦ᠍ ᠮᠢᠨᠦ ᠠᠯᠪᠠᠲᠤ ᠣᠯᠠᠨ ᠳ᠋ᠤ᠌ ᠦᠯᠢᠭᠡᠷ ᠪᠣᠯᠤᠨ ᠶᠠᠷᠢᠭᠳᠠᠬᠤ ᠪᠢᠵᠡ ᠠ᠋᠁ ᠭᠡᠵᠦ ᠠᠮᠠᠨ ᠤ᠋ ᠪᠡᠯᠭᠡ ᠲᠡᠢ ᠦᠭᠡ ᠬᠡᠯᠡᠵᠦ᠂ ᠨᠢᠭᠤᠷ ᠳᠦᠭᠦᠷᠡᠩ ᠮᠢᠰᠢᠯᠵᠡᠨ ᠠᠭᠤᠯᠵᠠᠵᠤ ᠠᠪᠠᠢ᠃ 
       ᠲᠡᠢᠨ ᠡᠬᠢᠯᠡᠭᠰᠡᠨ ᠶᠠᠷᠢᠶ᠎ᠠ ᠬᠥᠭᠡᠷᠦᠭᠡ᠂ ᠨᠠᠷᠭᠢᠶᠠᠨ ᠨᠠᠭᠠᠳᠤᠮ ᠬᠢᠭᠡᠳ ᠨᠠᠢᠷ ᠬᠤᠷᠢᠮ ᠤ᠋ᠨ ᠴᠢᠮᠡᠭ ᠲᠡᠢ ᠪᠡᠷ ᠰᠠᠷ᠎ᠠ ᠭᠠᠷᠤᠢ ᠦᠷᠭᠦᠯᠵᠢᠯᠡᠬᠦ ᠳ᠋ᠦ᠍ ᠶᠠᠭᠤ ᠲᠠᠢ ᠴᠤ᠌ ᠬᠠᠮᠤᠭ ᠮᠣᠩᠭᠣᠯᠴᠤᠳ ᠠᠯᠳᠠᠬᠤ ᠶᠠᠭᠤᠮ᠎ᠠ ᠪᠠᠢᠭᠰᠠᠨ ᠦᠭᠡᠢ᠃ ᠴᠡᠭᠡᠵᠢᠨ ᠦ᠌ ᠰᠤᠸᠠᠮᠫᠠᠨ ᠭᠦᠶᠦᠯᠭᠡᠵᠦ ᠦᠵᠡᠪᠡᠯ ᠰᠢᠫᠢᠩ ᠭᠣᠣᠯ ᠠ᠋ᠴᠠ ᠬᠣᠢᠰᠢᠬᠢ ᠬᠣᠷᠢᠨ ᠳᠣᠯᠣᠭᠠᠨ ᠴᠠᠢᠵᠠ ᠶ᠋ᠢ ᠮᠣᠩᠭᠣᠯ ᠳ᠋ᠤ᠌ ᠮᠡᠳᠡᠭᠦᠯᠵᠦ ᠦᠭᠭᠦᠭᠰᠡᠨ ᠪᠠᠢᠪᠠ᠃ ᠮᠣᠷᠢᠲᠠᠨ ᠡᠷᠡᠰ ᠡᠴᠡ ᠬᠠᠮᠠᠭᠠᠯᠠᠵᠤ᠂ ᠶᠠᠯᠠᠲᠠᠨ ᠬᠢᠲᠠᠳ ᠢ᠋ᠶ᠋ᠠᠷ ᠪᠠᠷᠢᠭᠤᠯᠤᠭᠰᠠᠨ ᠡᠨᠡ ᠣᠯᠠᠨ ᠴᠠᠢᠵᠠ ᠠᠯᠲᠠᠨ ᠤᠯᠤᠰ ᠤ᠋ᠨ ᠬᠥᠷᠥᠩᠭᠡ ᠮᠥᠨ ᠲᠡᠳᠦᠢ ᠴᠦ᠍ ᠣᠨᠢᠰᠣᠭ᠎ᠠ ᠮᠡᠲᠦ ᠵᠠᠩᠨᠠᠵᠤ ᠨᠠᠢᠷ ᠲᠠᠯᠪᠢᠨ ᠦᠭᠭᠦᠭᠰᠡᠨ ᠪᠣᠯᠠᠢ᠃ 
       — ᠪᠡᠯᠡᠭ ᠥᠭᠴᠦ ᠪᠠᠢᠬᠤ ᠳ᠋ᠤ᠌ ᠡᠯᠢᠭᠡ ᠪᠤᠷᠤᠭᠤᠯᠠᠵᠤ ᠶᠠᠭᠤᠨ᠎ᠠ ᠭᠠᠷ ᠲᠠᠲᠠᠬᠤ ᠪᠢᠯᠡ᠂ ᠥᠭᠭᠦᠭᠰᠡᠨ ᠢ᠋ ᠠᠪᠤᠶ᠎ᠠ ᠭᠡᠳ ᠬᠠᠪᠤᠯ ᠬᠠᠭᠠᠨ ᠢᠨᠢᠶᠡᠮᠰᠦᠭᠯᠡᠬᠦ ᠳ᠋ᠦ᠍ ᠮᠥᠨᠥᠬᠡᠨ ᠲᠡᠷᠢᠭᠦᠯᠡᠵᠦ ᠣᠴᠢᠭᠰᠠᠨ ᠰᠢᠶᠣᠤ ᠪᠢᠶᠣᠤ ᠱᠣ᠌ᠥ᠋ ᠨᠦ ᠰᠠᠢᠳ ᠴᠡᠪᠡᠷᠬᠡᠨ ᠮᠣᠩᠭᠣᠯ ᠬᠡᠯᠡ ᠪᠡᠷ᠂ 
       — ᠣᠷᠣ ᠭᠡᠬᠦ ᠳ᠋ᠦ᠍ ᠱᠠᠭᠠᠢᠪᠠ᠂ ᠦᠢᠴᠢ ᠭᠡᠬᠦ ᠳ᠋ᠦ᠍ ᠭᠡᠳᠡᠢᠪᠡ ᠭᠡᠳᠡᠭ ᠪᠢᠯᠡ ᠤᠤ ᠭᠡᠳ ᠶᠡᠬᠡ ᠳᠠᠭᠤ ᠪᠠᠷ ᠳᠡᠰ ᠳᠡᠰ ᠬᠥᠬᠥᠷᠡᠵᠦ ᠪᠢᠯᠡ᠃ ᠶᠡᠷᠦ ᠠᠯᠲᠠᠨ ᠤᠯᠤᠰ ᠤ᠋ᠨ ᠰᠢᠳᠠᠷ ᠶᠡᠬᠡᠰ ᠡᠢᠮᠦ ᠯᠡ ᠳᠠᠪᠬᠤᠷ ᠪᠣᠳᠣᠯ ᠲᠠᠢ ᠤᠯᠤᠰ᠃ ᠬᠠᠪᠤᠯ ᠬᠠᠭᠠᠨ ᠤ᠋ ᠦᠷᠭᠦᠭᠡᠨ ᠳ᠋ᠦ᠍ ᠰᠢᠷᠢᠳᠡᠭ ᠳᠣᠯᠢᠶᠠᠴᠢᠬᠠᠬᠤ ᠭᠡᠳ ᠪᠠᠢᠭᠰᠠᠨ ᠨᠠᠬᠢᠯᠵᠠᠭᠤᠷ ᠵᠠᠩ ᠣᠷᠣ ᠠᠷᠢᠯᠵᠤ᠂ ᠳᠡᠷᠭᠡᠳᠡ ᠶ᠋ᠢᠨ ᠪᠠᠷ᠎ᠠ ᠪᠣᠯᠤᠭᠴᠢᠳ ᠢ᠋ᠶ᠋ᠠᠨ ᠬᠠᠷᠠᠴᠠ ᠪᠠᠷ ᠢ᠋ᠶ᠋ᠠᠨ ᠲᠠᠰᠢᠭᠤᠷᠳᠠᠵᠤ᠂ ᠦᠭᠡ ᠪᠡᠷ ᠢ᠋ᠶ᠋ᠡᠨ ᠴᠠᠭᠠᠵᠠᠯᠠᠬᠤ ᠡᠷᠬᠡᠲᠦ ᠨᠢᠭᠡᠨ ᠪᠣᠯᠵᠠᠢ᠃ ᠦᠵᠢᠮᠡᠢ ᠬᠠᠭᠠᠨ ᠰᠢᠳᠠᠷ ᠢ᠋ᠶ᠋ᠠᠨ ᠰᠠᠢᠰᠢᠶᠠᠨ ᠬᠤᠨᠳᠠᠭ᠎ᠠ ᠱᠠᠩᠨᠠᠵᠤ᠂ 
       一 ᠲᠦᠮᠡᠨ ᠭᠠᠵᠠᠷ ᠤ᠋ᠨ ᠴᠠᠭᠠᠨ ᠬᠡᠷᠡᠮ ᠦ᠋ᠨ ᠴᠢᠨᠠᠳᠤ ᠨᠤᠲᠤᠭ ᠢ᠋ ᠲᠦᠪᠰᠢᠳᠬᠡᠬᠦ ᠳ᠋ᠦ᠍ ᠰᠢᠶᠣᠤ ᠣᠪᠣᠭᠲᠠᠨ ᠤ᠋ ᠣᠷᠣᠭᠤᠯᠤᠭᠰᠠᠨ ᠨᠡᠮᠡᠷᠢ ᠦᠯᠡᠮᠵᠢᠬᠡᠨ ᠶᠦᠮ᠃ ᠬᠠᠷᠠᠮᠰᠠᠯ ᠲᠠᠢ ᠨᠢ ᠬᠠᠪᠤᠯ ᠪᠠᠭᠠᠲᠤᠷ ᠲᠠ ᠸᠠᠩ ᠬᠡᠷᠬᠡᠮ ᠢ᠋ ᠮᠢᠨᠢ ᠥᠭᠭᠢᠶᠡᠮᠦᠷ ᠰᠡᠳᠬᠢᠯ ᠭᠠᠷᠭᠠᠵᠤ ᠡᠭᠡᠭᠦᠯᠵᠦ ᠢᠯᠡᠭᠡᠭᠰᠡᠨ ᠪᠢᠯᠡ᠃ ᠶᠡᠬᠡ ᠬᠡᠷᠡᠭ ᠪᠦᠲᠦᠭᠡᠵᠦ ᠢᠷᠡᠭᠰᠡᠨ ᠰᠢᠶᠣᠤ ᠣᠪᠣᠭᠲᠠᠨ ᠳ᠋ᠤ᠌ ᠸᠠᠩ ᠬᠡᠷᠬᠡᠮ ᠱᠠᠩᠨᠠᠭᠰᠠᠨ᠂ ᠲᠡᠢᠮᠦ ᠶ᠋ᠢᠨ ᠤᠴᠢᠷ ᠮᠢᠨᠦ ᠣᠷᠳᠣᠨ ᠤ᠋ ᠲᠣᠯᠣᠭᠠᠢ ᠲᠠᠢ ᠪᠦᠭᠦᠳᠡ ᠰᠥᠬᠥᠷᠡᠵᠦ ᠪᠠᠢᠳᠠᠭ ᠶᠤᠮ ᠬᠡᠮᠡᠬᠦ ᠳ᠋ᠦ᠍᠂ 
       一 ᠵᠠ ᠲᠡᠢᠮᠦ ᠪᠢᠯᠡ ᠭᠡᠵᠦ ᠰᠢᠶᠣᠤ ᠣᠪᠣᠭᠲᠤ ᠰᠠᠢᠪᠤᠷᠯᠠᠨ ᠭᠦᠶᠦᠬᠦ ᠠᠵᠢ᠃  ᠳᠠᠯᠳᠠ ᠰᠠᠨᠠᠭ᠎ᠠ᠂ ᠳᠠᠪᠬᠤᠷ ᠨᠡᠭᠦᠳᠡᠯ ᠢ᠋ ᠨᠢ ᠬᠠᠪᠤᠯ ᠬᠠᠭᠠᠨ ᠠᠯᠠᠭᠠᠨ ᠤ᠋ ᠪᠠᠨ ᠬᠡ ᠰᠢᠭ ᠨᠢᠭᠡᠳ ᠨᠢᠭᠡᠨ ᠦᠭᠡᠢ ᠬᠠᠷᠠᠵᠤ ᠰᠠᠭᠤᠪᠠ᠃ ᠴᠢᠩᠭᠢᠲᠡᠯ᠎ᠡ ᠭᠤᠨᠢᠭ ᠲᠤ᠌ ᠠᠪᠲᠠᠭᠰᠠᠨ ᠨᠢᠭᠡᠨ ᠬᠠᠷᠠᠴᠠ ᠭᠠᠵᠠᠷ ᠱᠠᠭᠠᠢᠵᠤ᠂ ᠲᠡᠭᠡᠭᠰᠡᠨ ᠢ᠋ᠶ᠋ᠡᠨ ᠲᠠᠩᠰᠤᠭ ᠰᠢᠷᠡᠭᠡᠨ ᠦ᠌ ᠴᠠᠮᠢᠨ ᠵᠢᠮᠢᠰ ᠳᠠᠪᠠᠭᠤᠯᠵᠤ ᠥᠪᠡᠷ ᠳᠡᠭᠡᠷ᠎ᠡ ᠨᠢ ᠲᠤᠰᠬᠤ ᠶ᠋ᠢ ᠬᠠᠭᠠᠨ ᠮᠡᠳᠡᠷᠡᠵᠡᠢ᠃ ᠶᠡᠷᠦ ᠨᠢ ᠬᠡᠨ ᠪᠠᠢᠵᠤ ᠪᠣᠯᠬᠤ ᠪᠢᠯᠡ᠃ ᠲᠡᠷᠡ ᠪᠡᠷ ᠵᠣᠭᠰᠣᠭ᠎ᠠ ᠵᠠᠢ ᠦᠭᠡᠢ ᠠᠯᠲᠠᠨ ᠰᠡᠷᠡᠭᠡ᠂ ᠮᠥᠩᠭᠥᠨ ᠲᠠᠢᠵᠠ(ᠳ᠋ᠡᠶᠧᠽᠢ)᠂ ᠬᠠᠰ ᠵᠦᠩᠵᠡ ᠪᠠᠷᠢᠨ ᠭᠦᠶᠦᠯᠳᠦᠬᠦ ᠠᠶᠠᠭᠠᠴᠢ᠂ ᠬᠤᠨᠳᠠᠭᠠᠴᠢ ᠨᠠᠷ ᠤ᠋ᠨ ᠵᠠᠪᠰᠠᠷ ᠵᠠᠭᠠᠯᠢᠬᠠᠢ ᠪᠠᠷ ᠬᠠᠷᠠᠪᠠᠯ ᠠᠴᠢ ᠨᠠᠷ ᠲᠠᠢ ᠨᠢ ᠰᠠᠴᠠᠭᠤ ᠪᠠᠢᠯᠲᠠᠢ ᠵᠢᠭᠠᠯ ᠬᠦᠦ ᠠᠮᠠ ᠳᠦᠭᠦᠷᠡᠩ ᠰᠢᠭᠦᠰᠦ ᠲᠡᠢ ᠵᠢᠮᠢᠰ ᠢ᠋ ᠤᠷᠮ᠎ᠠ ᠦᠭᠡᠢ ᠵᠠᠵᠢᠯᠵᠤ᠂ ᠡᠵᠢ ᠨᠢ ᠪᠣᠯᠤᠯᠲᠠᠢ ᠭᠤᠸ᠎ᠠ ᠵᠠᠯᠠᠭᠤ ᠬᠠᠲᠤᠨ ᠬᠦᠦ ᠶ᠋ᠢ ᠠᠷᠭᠠᠳᠠᠵᠤ ᠶᠠᠮᠠᠷ ᠨᠢᠭᠡ ᠶ᠋ᠢ ᠥᠭᠦᠯᠡᠭᠰᠡᠨ ᠢ᠋ᠶ᠋ᠡᠨ ᠬᠥᠮᠦᠰ ᠦ᠋ᠨ ᠨᠢᠳᠦ ᠬᠠᠷᠢᠭᠤᠯᠤᠨ᠂ ᠬᠠᠭᠠᠨ ᠢ᠋ ᠰᠡᠮᠬᠡᠨ ᠠᠵᠢᠪᠠ᠃ ᠶᠠᠷᠢᠶᠠᠨ ᠦᠭᠡᠢ ᠲᠠᠨᠢᠳᠠᠭ ᠴᠢᠷᠠᠢ ᠮᠥᠨ᠃ ᠬᠠᠮᠢᠭ᠎ᠠ ᠨᠢᠭᠡ ᠭᠠᠵᠠᠷ ᠤ᠋ᠨ ᠴᠢᠭᠤᠯᠭᠠᠨ ᠳ᠋ᠤ᠌ ᠬᠠᠷᠠᠭᠰᠠᠨ ᠪᠢᠯᠡ ᠤᠤ᠂ ᠬᠡᠵᠢᠶ᠎ᠡ ᠨᠢᠭᠡᠨ ᠴᠠᠭ ᠤ᠋ᠨ ᠨᠠᠢᠷ ᠨᠠᠭᠠᠳᠤᠮ ᠳ᠋ᠤ᠌ ᠦᠵᠡᠭᠰᠡᠨ ᠪᠢᠯᠡ ᠤᠤ᠁ ᠡᠢᠮᠦ ᠨᠢᠳᠦ ᠶ᠋ᠢ ᠬᠠᠷᠠᠭᠰᠠᠨ ᠡᠷ᠎ᠡ ᠮᠠᠷᠲᠠᠬᠤ ᠯᠠ ᠤᠴᠢᠷ ᠦᠭᠡᠢ ᠬᠠᠷᠠᠴᠠ ᠪᠠᠢᠪᠠ᠃  
       ᠡᠨᠡ ᠮᠡᠲᠦ ᠶ᠋ᠢ ᠬᠠᠷᠠᠬᠤ᠂ ᠪᠣᠳᠣᠬᠤ ᠬᠤᠭᠤᠴᠠᠭ᠎ᠠ ᠥᠭᠴᠦ ᠠᠯᠲᠠᠨ ᠲᠠᠢᠵᠠᠨ᠎ᠠ ᠣᠪᠣᠭᠠᠯᠠᠭᠰᠠᠨ ᠤᠰᠤᠨ ᠦᠵᠦᠮ ᠡᠴᠡ ᠰᠢᠷᠬᠡᠭ ᠲᠡᠳᠦᠢ ᠶ᠋ᠢ ᠡᠮᠬᠦᠵᠦ ᠤᠳᠠᠭᠠᠨ ᠬᠠᠷᠠᠭᠰᠠᠨ ᠢ᠋ᠶ᠋ᠠᠨ ᠦᠵᠢᠮᠡᠢ᠂ 
       — ᠠᠢᠯ ᠬᠦᠷᠰᠢ ᠤᠯᠤᠰ ᠪᠣᠯᠬᠣᠷ ᠲᠠᠨᠢᠳᠠᠭ ᠮᠡᠳᠡᠳᠡᠭ ᠴᠢᠷᠠᠢ ᠲᠠᠭᠠᠷᠠᠵᠤ ᠤᠴᠠᠷᠠᠵᠤ ᠴᠤ᠌ ᠪᠣᠯᠬᠤ ᠶᠤᠮ ᠳᠠ ᠭᠡᠵᠦ ᠪᠢᠲᠡᠭᠦᠦ ᠤᠳᠬ᠎ᠠ ᠲᠠᠢ ᠦᠭᠡ ᠪᠡᠷ ᠲᠦᠩᠰᠢᠭᠰᠡᠨ ᠢ᠋ᠶ᠋ᠡᠨ᠂ 
       — ᠠᠳᠤᠭᠤᠨ ᠤ᠋ ᠪᠠᠨ ᠬᠢᠷᠢ ᠪᠡᠷ ᠢᠰᠬᠡᠷ ᠭᠡᠳᠡᠭ ᠪᠢᠯᠡ ᠤᠤ! ᠭᠡᠵᠦ ᠠᠰᠠᠭᠤᠪᠠ᠃ ᠬᠠᠪᠤᠯ ᠬᠠᠭᠠᠨ ᠮᠥᠨᠥᠬᠢ ᠭᠤᠨᠢᠭ ᠲᠤ᠌ ᠠᠪᠲᠠᠭᠰᠠᠨ ᠬᠦᠦ ᠡᠴᠡ ᠬᠠᠷᠠᠴᠠ ᠰᠠᠯᠭᠠᠵᠤ᠂ 
       — ᠲᠠᠨ ᠤ᠋ ᠨᠣᠶᠠᠳ ᠲᠤ᠌ ᠬᠡᠯᠡᠬᠦ ᠭᠡᠵᠦ ᠮᠠᠨ ᠤ᠋ ᠠᠯᠪᠠᠲᠤ ᠨᠠᠷ ᠤ᠋ᠨ ᠵᠣᠬᠢᠶᠠᠭᠰᠠᠨ ᠦᠭᠡ ᠶᠦᠮ ᠭᠡᠨ᠎ᠡ ᠯᠠᠢ ᠭᠡᠬᠦ ᠳ᠋ᠦ᠍ ᠦᠵᠢᠮᠡᠢ ᠳᠡᠰ ᠳᠡᠰ ᠢᠨᠢᠶᠡᠨ᠂ 
       — ᠴᠡᠴᠡᠨ ᠠᠯᠪᠠᠲᠤ ᠲᠠᠢ ᠬᠥᠮᠦᠨ ᠶᠦᠮ ᠭᠡᠪᠡ᠃ ᠬᠠᠪᠤᠯ ᠬᠠᠭᠠᠨ᠂ 
       — ᠮᠡᠷᠭᠡᠨ ᠢ᠋ ᠨᠢ ᠪᠠᠰᠠ ᠮᠠᠷᠲᠠᠭᠤᠵᠠᠢ ᠭᠡᠬᠦ ᠳ᠋ᠦ᠍ ᠦᠵᠢᠮᠡᠢ ᠬᠠᠭᠠᠨ ᠤ᠋ ᠴᠢᠷᠠᠢ ᠲᠥᠪ ᠪᠣᠯᠵᠤ᠂ 
       — ᠬᠠᠪᠤᠯ ᠪᠠᠭᠠᠲᠤᠷ ᠲᠠ ᠨᠡᠬᠡᠯ ᠬᠠᠲᠠᠭᠤ ᠬᠥᠮᠦᠨ ᠶᠦᠮ ᠭᠡᠳ ᠰᠠᠨᠠᠭ᠎ᠠ ᠠᠯᠳᠠᠵᠤ᠂ 
       — ᠡᠪᠦᠭᠡᠨ ᠬᠠᠭᠠᠨ ᠪᠢ ᠵᠢᠯ ᠪᠦᠷᠢ ᠲᠠᠨ ᠳ᠋ᠤ᠌ ᠠᠮᠤᠨ ᠤ᠋ ᠠᠯᠪᠠ ᠡᠷᠭᠦᠵᠦ ᠪᠠᠢᠶ᠎ᠠ ᠠ᠋᠁ ᠭᠡᠬᠦ ᠳ᠋ᠦ᠍ ᠬᠠᠪᠤᠯ᠂ 
       — ᠦᠬᠡᠷ ᠰᠦᠷᠦᠭ ᠴᠢᠨᠢ ᠡᠭᠦᠳᠡ ᠪᠡᠷ ᠱᠠᠭᠠᠢᠬᠤ ᠠᠯᠳᠠᠮ᠎ᠠ ᠣᠯᠠᠨ᠂ ᠬᠣᠨᠢᠨ ᠰᠦᠷᠦᠭ ᠴᠢᠨᠢ ᠬᠣᠲᠠ ᠳᠦᠭᠦᠷᠡᠩ ᠨᠠᠯᠠᠢᠵᠤ ᠪᠠᠢᠨ᠎ᠠ ᠭᠡᠵᠦ ᠳᠤᠭᠤᠯᠳᠠᠭᠰᠠᠨ ᠬᠡᠮᠡᠵᠡᠢ᠃  
       ᠠᠯᠲᠠᠨ ᠤᠯᠤᠰ ᠵᠢᠯ ᠦ᠋ᠨ ᠵᠢᠯ ᠳ᠋ᠦ᠍ ᠦᠬᠡᠷ᠂ ᠬᠣᠨᠢ᠂ ᠠᠮᠤᠨ ᠤ᠋ ᠠᠯᠪᠠ ᠡᠷᠭᠦᠵᠦ ᠪᠠᠢᠬᠤ ᠪᠠᠷ ᠡᠢᠨ ᠲᠣᠬᠢᠷᠠᠭᠰᠠᠨ ᠨᠢ ᠶᠡᠬᠡ ᠪᠠᠭᠤᠯᠲᠠ ᠪᠠᠢᠪᠠ᠃ ᠶᠡᠷᠦ ᠬᠠᠮᠤᠭ ᠮᠣᠩᠭᠣᠯ ᠠᠯᠪᠠ ᠲᠠᠲᠠᠪᠤᠷᠢ ᠥᠭᠴᠦ ᠶᠠᠪᠤᠭᠰᠠᠨ ᠠ᠋ᠴᠠ ᠠᠪᠴᠤ ᠶᠠᠪᠤᠭᠰᠠᠨ ᠲᠡᠦᠬᠡ ᠬᠣᠪᠣᠷ ᠶᠤᠮ᠃ ᠲᠡᠢᠨ ᠬᠥᠯ ᠪᠣᠯᠤᠭᠰᠠᠨ ᠨᠠᠢᠷ ᠨᠠᠭᠠᠳᠤᠮ᠂ ᠶᠠᠷᠢᠶ᠎ᠠ ᠬᠥᠭᠡᠷᠦᠭᠡ ᠬᠠᠪᠤᠷ ᠤ᠋ᠨ ᠡᠬᠢᠨ ᠰᠠᠷ᠎ᠠ ᠳ᠋ᠤ᠌ ᠡᠬᠢᠯᠡᠵᠦ᠂ ᠳᠤᠮᠳᠠ ᠰᠠᠷ᠎ᠠ ᠶ᠋ᠢᠨ ᠰᠢᠪᠲᠤᠷᠠᠭ᠎ᠠ ᠪᠠᠷ ᠬᠣᠲᠠ ᠳᠠᠶᠠᠭᠠᠷ ᠢ᠋ ᠬᠠᠮᠤᠷᠤᠭᠰᠠᠨ ᠶᠡᠬᠡ ᠪᠤᠳᠠᠭᠠᠯᠠᠭ᠎ᠠ ᠪᠠᠷ ᠥᠨᠳᠥᠷᠯᠡᠵᠦ ᠪᠢᠯᠡ᠃  
       ᠬᠠᠪᠤᠯ ᠬᠠᠭᠠᠨ ᠢ᠋ ᠲᠥᠷᠥ ᠶ᠋ᠢᠨ ᠡᠵᠡᠨ ᠦᠵᠢᠮᠡᠢ ᠲᠥᠭᠡ ᠴᠦ᠍ ᠳᠡᠷᠭᠡᠳᠡ ᠡᠴᠡ ᠪᠡᠨ ᠬᠣᠯᠠᠳᠤᠭᠤᠯᠤᠭᠰᠠᠨ ᠦᠭᠡᠢ ᠪᠣᠯᠠᠢ᠃ ᠲᠡᠷᠡ ᠪᠡᠷ ᠲᠠᠯ᠎ᠠ ᠶ᠋ᠢᠨ ᠪᠠᠭᠠᠲᠤᠷ ᠡᠷ᠎ᠡ ᠡᠴᠡ ᠦᠶ᠎ᠡ ᠮᠤᠯᠲᠤᠷᠠᠭᠰᠠᠨ ᠠᠬ᠎ᠠ ᠬᠡᠳᠦᠢ ᠴᠦ᠍ ᠬᠠᠭᠠᠨ ᠬᠡᠷᠡᠮ ᠦ᠋ᠨ ᠳᠣᠲᠣᠷ᠎ᠠ ᠥᠪᠡᠷ ᠥᠪᠡᠷ ᠦ᠋ᠨ ᠣᠷᠳᠣᠨ ᠪᠦᠬᠦᠢ ᠭᠤᠴᠢᠨ ᠳᠣᠯᠣᠭᠠᠨ ᠡᠷᠬᠡ ᠬᠠᠲᠤᠨ ᠲᠠᠢ ᠠᠭᠠᠳ ᠲᠠᠢᠭᠠᠨ ᠡᠷᠡᠰ ᠢ᠋ᠶ᠋ᠡᠷ ᠪᠣᠱᠣᠭ᠎ᠠ ᠶ᠋ᠢ ᠨᠢ ᠰᠠᠬᠢᠭᠤᠯᠤᠭᠰᠠᠨ ᠮᠢᠩᠭ᠎ᠠ ᠭᠠᠷᠤᠢ ᠲᠠᠲᠠᠪᠤᠷᠢ ᠡᠮᠡᠰ ᠲᠡᠢ ᠠᠵᠢ᠃ ᠤᠯᠤᠰ᠂ ᠤᠯᠤᠰ ᠤ᠋ᠨ ᠢ᠋ᠶ᠋ᠠᠨ ᠵᠠᠶᠠᠭ᠎ᠠ ᠶ᠋ᠢ ᠥᠮᠥᠭᠡᠷᠡᠵᠦ ᠠᠮᠠ ᠮᠤᠷᠤᠢᠬᠤ ᠴᠠᠭ ᠪᠠᠢᠳᠠᠭ ᠴᠤ᠌ ᠨᠠᠢᠷ ᠤ᠋ᠨ ᠴᠢᠯᠥᠭᠡ᠂ ᠨᠠᠭᠠᠳᠤᠮ ᠤ᠋ᠨ ᠵᠠᠪᠰᠠᠷ ᠢ᠋ᠶ᠋ᠠᠷ ᠪᠠᠰᠠ ᠬᠦ᠌ ᠡᠷ᠎ᠡ ᠬᠥᠮᠦᠨ ᠰᠢᠭ ᠵᠠᠩᠨᠠᠵᠤ ᠬᠤᠨᠳᠠᠭ᠎ᠠ ᠳᠠᠷᠠᠰᠤ ᠬᠤᠪᠢᠶᠠᠨ ᠪᠠᠯᠭᠤᠵᠤ ᠬᠠᠭᠠᠨ ᠬᠥᠮᠦᠨ ᠦ᠌ ᠵᠢᠷᠭᠠᠯ᠂ ᠵᠣᠪᠠᠯᠠᠩ ᠢ᠋ ᠬᠦᠦᠷᠨᠢᠬᠦ ᠨᠢ ᠪᠠᠰᠠ ᠪᠣᠢ᠃ ᠡᠢᠨ ᠬᠠᠭᠠᠨ ᠬᠡᠷᠡᠮᠦᠨ ᠳ᠋ᠦ᠍ ᠡᠪᠦᠯ ᠦ᠋ᠨ ᠴᠠᠰᠤ ᠬᠠᠢᠯᠵᠤ᠂ ᠬᠠᠪᠤᠷ ᠤ᠋ᠨ ᠤᠷᠢ ᠢᠷᠡᠵᠦ ᠪᠠᠢᠬᠤ ᠳ᠋ᠤ᠌ ᠬᠥᠬᠡ ᠵᠦᠩ ᠥᠷᠥᠵᠦ ᠲᠠᠯᠪᠢᠭᠰᠠᠨ ᠶᠠᠪᠠᠭᠠᠨ ᠵᠠᠮ ᠢ᠋ᠶ᠋ᠠᠷ ᠠᠢᠰᠤᠢ ᠴᠡᠴᠡᠭ ᠦ᠋ᠨ ᠦᠨᠦᠷ ᠪᠠᠶᠠᠰᠤᠯ ᠬᠦᠦᠷᠨᠢᠵᠦ ᠰᠠᠯᠬᠢᠯᠠᠳᠠᠭ ᠠᠪᠠᠢ᠃ ᠨᠢᠭᠡ ᠤᠳᠠᠭ᠎ᠠ ᠬᠠᠪᠤᠯ ᠪᠤᠢᠯᠠᠰᠤ ᠴᠡᠴᠡᠭᠯᠡᠭᠰᠡᠨ ᠪᠤᠲᠠᠨ ᠤ᠋ ᠴᠠᠭᠠᠨ᠎ᠠ ᠠ᠋ᠴᠠ ᠮᠥᠨᠥᠬᠡᠨ ᠭᠤᠨᠢᠭᠲᠤ ᠬᠦᠦ ᠶ᠋ᠢᠨ ᠨᠢᠳᠦ ᠰᠢᠷᠲᠡᠨ ᠪᠠᠢᠬᠤ ᠶ᠋ᠢ ᠵᠦᠩ ᠢ᠋ᠶ᠋ᠡᠷ ᠢ᠋ᠶ᠋ᠡᠨ ᠮᠡᠳᠡᠷᠡᠵᠦ ᠪᠢᠯᠡ᠃ ᠲᠡᠭᠡᠬᠦ ᠳ᠋ᠦ᠍ ᠦᠵᠢᠮᠡᠢ ᠬᠠᠭᠠᠨ ᠰᠢᠪᠢᠩ ᠭᠣᠣᠯ ᠢ᠋ᠶ᠋ᠠᠷ ᠵᠠᠯᠭᠠᠳᠠᠭ ᠬᠢᠯᠢ ᠶ᠋ᠢᠨ ᠲᠤᠬᠠᠢ ᠪᠣᠳᠣᠯ ᠳ᠋ᠠᠭᠠᠨ ᠠᠪᠲᠠᠵᠤ᠂ 
       — ᠬᠣᠶᠠᠷ ᠪᠢᠰᠢ᠂ ᠭᠤᠷᠪᠠ ᠪᠢᠰᠢ᠂ ᠬᠣᠷᠢᠨ ᠳᠣᠯᠣᠭᠠᠨ ᠴᠠᠢᠵᠠ ᠰᠢᠦ ᠭᠡᠳ ᠬᠠᠪᠤᠯ ᠬᠠᠭᠠᠨ ᠢ᠋ ᠠᠵᠢᠭᠰᠠᠨ ᠢ᠋ᠶ᠋ᠠᠨ ᠬᠠᠷᠠᠭ᠎ᠠ᠂ ᠰᠠᠨᠠᠭ᠎ᠠ ᠬᠣᠶᠠᠷ ᠨᠢ ᠣᠭᠲᠣ ᠥᠭᠡᠷ᠎ᠡ ᠵᠦᠭ ᠲᠦ᠍ ᠬᠠᠨᠳᠤᠭᠰᠠᠨ ᠢ᠋ ᠭᠠᠢᠬᠠᠨ ᠠᠩᠵᠠᠭᠠᠷᠠᠵᠤ ᠮᠥᠷᠥ ᠶ᠋ᠢ ᠨᠢ ᠳᠠᠪᠠᠭᠤᠯᠤᠨ ᠪᠣᠢᠯᠠᠰᠤᠨ ᠪᠤᠲᠠ ᠤᠷᠤᠭᠤ ᠬᠠᠷᠠᠨ᠂ 
       — ᠲᠤᠭᠤᠷᠢᠯ᠂ ᠴᠢ ᠨᠠᠭᠠᠰᠢ ᠢᠷ᠎ᠡ! ᠭᠡᠯ᠎ᠡ᠃ 
       ᠬᠠᠪᠤᠯ ᠰᠠᠶᠢ ᠰᠠᠨᠠᠪᠠ᠃ ᠮᠥᠨᠥᠬᠡᠨ ᠬᠠᠭᠠᠨ ᠰᠣᠶᠣᠷᠬᠠᠯ ᠤ᠋ᠨ ᠶᠡᠬᠡ ᠨᠠᠢᠷ  ᠲᠤ᠌ ᠲᠠᠩᠰᠤᠭ ᠰᠢᠷᠡᠭᠡᠨ ᠦ᠌ ᠳᠠᠷᠴᠤᠭ ᠪᠤᠯᠤᠩ ᠳ᠋ᠤ᠌ ᠪᠦᠯᠲᠡᠭᠡᠨᠡᠵᠦ ᠰᠠᠭᠤᠭᠰᠠᠨ ᠵᠢᠭᠠᠯ ᠬᠦᠦ ᠳᠣᠮᠣᠭᠲᠤ ᠬᠡᠷᠡᠢᠳ ᠦ᠋ᠨ ᠳᠣᠯᠣᠭᠠᠨ ᠦᠶ᠎ᠡ ᠵᠠᠯᠭᠠᠭᠰᠠᠨ ᠲᠣᠭᠰᠢᠨ ᠮᠠᠷᠬᠤᠰ ᠤ᠋ᠨ ᠠᠴᠢ ᠲᠤᠭᠤᠷᠢᠯ ᠬᠥᠪᠡᠭᠦᠨ ᠠᠵᠢ᠃ ᠪᠢᠰᠢᠭᠦᠢ ᠯᠡ ᠠᠭᠤᠯᠵᠠᠨ ᠤᠴᠠᠷᠠᠵᠤ ᠶᠠᠪᠤᠭᠰᠠᠨ ᠠᠲᠠᠯ᠎ᠠ ᠲᠠᠨᠢᠭᠰᠠᠨ ᠦᠭᠡᠢ᠃ ᠪᠢ ᠥᠲᠡᠯᠵᠦ ᠪᠠᠢᠨ᠎ᠠ ᠳᠠ ᠭᠡᠵᠦ ᠬᠠᠪᠤᠯ ᠭᠤᠨᠢᠭᠯᠠᠩᠭᠤᠢ ᠪᠣᠳᠣᠪᠠ᠃ ᠪᠤᠯᠠᠭᠠᠨ ᠵᠠᠬ᠎ᠠ ᠲᠠᠢ ᠬᠣᠷᠭᠣᠢ ᠡᠯᠢᠭᠡᠪᠴᠢ ᠡᠮᠦᠰᠴᠦ᠂ ᠠᠯᠲᠠᠨ ᠲᠣᠨᠣᠭ ᠲᠠᠢ ᠰᠣᠷᠣᠨ ᠪᠦᠰᠡ ᠪᠦᠰᠡᠯᠡᠭᠰᠡᠨ ᠲᠣᠭᠣᠷᠢᠯ ᠭᠦᠶᠦᠨ ᠢᠷᠡᠵᠦ ᠰᠥᠭᠥᠳᠬᠦ ᠳ᠋ᠦ᠍ ᠴᠢᠷᠠᠢ ᠨᠢ ᠴᠣᠩᠬᠢᠢᠵᠤ᠂ ᠨᠢᠳᠦ ᠨᠢ ᠬᠥᠩᠬᠥᠢᠭᠰᠡᠨ ᠬᠠᠷᠠᠭᠳᠠᠨ᠎ᠠ᠃ ᠨᠤᠲᠤᠭ ᠤᠰᠤ ᠪᠠᠨ᠂ ᠡᠴᠢᠭᠡ ᠪᠣᠶᠣᠷᠣᠭ ᠢ᠋ᠶ᠋ᠠᠨ ᠰᠠᠨᠠᠳᠠᠭ ᠪᠢᠵᠡ ᠳᠡ᠃ 
       — ᠬᠠᠮᠤᠭ ᠮᠣᠩᠭᠣᠯ ᠤ᠋ᠨ ᠬᠠᠪᠤᠯ ᠪᠠᠭᠠᠲᠤᠷ ᠢᠷᠡᠭᠰᠡᠨ᠁ 
       — ᠪᠢ ᠮᠡᠳᠡᠭᠰᠡᠨ ᠪᠢᠯᠡ᠂ ᠬᠠᠭᠠᠨᠲᠠᠨ ᠠ᠋᠃ 
       — ᠠᠢᠯ ᠠᠢᠮᠠᠭ ᠤ᠋ᠨ ᠤᠯᠤᠰ ᠪᠠᠢᠨ᠎ᠠ᠃ ᠠᠪᠤ ᠨᠣᠶᠠᠨ ᠳ᠋ᠠᠭᠠᠨ ᠳᠠᠢᠬᠤ ᠦᠭᠡ ᠪᠣᠢ ᠪᠢᠯᠡ ᠤᠤ ᠭᠡᠬᠦ ᠳ᠋ᠦ᠍ ᠲᠣᠭᠣᠷᠢᠯ ᠬᠥᠪᠡᠭᠦᠨ ᠦᠨᠡᠨ ᠬᠡᠯᠡᠪᠡ ᠤᠤ ᠭᠡᠬᠦ ᠰᠢᠭ ᠦᠵᠢᠮᠡᠢ ᠬᠠᠭᠠᠨ ᠤ᠋ ᠨᠢᠳᠦ ᠤᠷᠤᠭᠤ ᠴᠣᠴᠢᠮᠠᠭ ᠬᠠᠷᠠᠭᠰᠠᠨ ᠢ᠋ᠶ᠋ᠠᠨ ᠴᠠᠭᠠᠰᠢᠯᠠᠭᠤᠯᠵᠤ ᠲᠣᠭᠯᠠᠭ᠎ᠠ ᠦᠭᠡᠢ ᠭᠡᠳᠡᠭ ᠲᠦ᠍ ᠢᠳᠡᠭᠡᠨ᠂ 
       — ᠲᠤᠤᠯᠠ ᠶ᠋ᠢᠨ ᠮᠥᠰᠥᠨ ᠳᠡᠭᠡᠷ᠎ᠡ ᠬᠠᠷᠪᠤᠵᠤ ᠲᠣᠭᠯᠠᠳᠠᠭ᠂ ᠲᠣᠭᠣᠯᠭᠠᠨ ᠬᠣᠶᠠᠷ ᠱᠠᠬᠠᠢ ᠲᠠᠢ ᠶᠤᠮ ᠰᠠᠨ᠃ ᠮᠥᠰᠥ ᠨᠢ ᠴᠥᠮᠥᠷᠡᠵᠦ ᠵᠢᠪᠦᠭᠡ ᠦᠭᠡᠢ ᠪᠣᠯ᠂ ᠮᠥᠷᠡᠨ ᠨᠢ ᠬᠠᠲᠠᠵᠤ ᠰᠢᠷᠭᠢᠭᠡ ᠦᠭᠡᠢ ᠪᠣᠯ ᠬᠦᠷᠭᠡᠭᠦᠯ ᠭᠡᠵᠦ ᠪᠠᠢᠨ᠎ᠠ ᠭᠡᠭᠡᠷᠡᠢ ᠭᠡᠳ ᠮᠡᠬᠦᠢᠪᠡ᠃ ᠬᠠᠪᠤᠯ《 ᠴᠣᠪᠣᠭᠣ ᠬᠦᠦ ᠶᠦᠮ》 ᠭᠡᠮᠡᠨ ᠶᠡᠬᠡ ᠯᠡ ᠲᠣᠭᠣᠵᠤ ᠵᠣᠭᠰᠣᠲᠠᠯ᠎ᠠ ᠴᠡᠴᠡᠷᠯᠢᠭ ᠦ᠋ᠨ ᠭᠦᠨ ᠡᠴᠡ᠂ 
       — ᠲᠣᠭᠣᠷᠢᠯ᠁ ᠲᠣᠭᠣᠷᠢᠯ ᠠ᠋᠁ ᠮᠢᠨᠦ ᠬᠦᠦ! ᠭᠡᠬᠦ ᠴᠡᠭᠡᠯᠬᠡᠨ ᠳᠠᠭᠤ ᠬᠠᠲᠠᠵᠤ ᠲᠦᠳᠡᠬᠡᠨ ᠵᠠᠯᠠᠭᠤ ᠬᠠᠲᠤᠨ ᠵᠦᠷ ᠭᠣᠷ ᠰᠢᠭ᠋ ᠳᠡᠭᠳᠡᠨ ᠭᠠᠷᠴᠤ ᠢᠷᠡᠪᠡ᠃ ᠲᠡᠷᠡ ᠪᠡᠷ ᠶᠡᠬᠡ ᠬᠠᠭᠠᠳ ᠠ᠋ᠴᠠ ᠰᠦᠷᠳᠡᠨ ᠬᠣᠷᠣᠮ ᠬᠢᠷᠢ ᠮᠡᠭᠳᠡᠭᠰᠡᠨ ᠢ᠋ᠶ᠋ᠡᠨ ᠬᠣᠷᠮᠣᠢ ᠬᠤᠮᠢᠨ ᠰᠥᠭᠥᠳᠴᠦ᠂ 
       — ᠬᠠᠭᠠᠳ ᠠᠮᠤᠭᠤᠯᠠᠩ ᠤᠤ ᠭᠡᠯ᠎ᠡ᠃ ᠬᠣᠷᠵᠠᠬᠤᠰ ᠪᠣᠶᠣᠷᠤᠭ ᠤ᠋ᠨ ᠠᠪᠠᠯᠢ ᠬᠠᠲᠤᠨ ᠢᠯᠮ᠎ᠠ ᠮᠥᠨ ᠠᠵᠤᠭᠤ᠃ ᠬᠠᠪᠤᠯ ᠬᠠᠭᠠᠨ ᠥᠲᠥᠨ ᠴᠠᠭᠠᠨ ᠰᠠᠬᠠᠯ ᠢ᠋ᠶ᠋ᠠᠨ ᠳᠣᠨᠵᠢᠲᠠᠢ ᠰᠢᠪᠲᠤᠷᠠᠵᠤ᠂ 
       — ᠠᠮᠤᠭᠤᠯᠠᠩ ᠭᠡᠳ ᠭᠤᠸ᠎ᠠ ᠬᠠᠲᠤᠨ ᠢ᠋ ᠬᠥᠯ ᠡᠴᠡ ᠲᠣᠯᠣᠭᠠᠢ ᠬᠦᠷᠲᠡᠯ᠎ᠡ ᠬᠠᠷᠠᠬᠤ ᠳ᠋ᠤ᠌ ᠲᠡᠷᠡ ᠪᠡᠷ ᠤᠷᠲᠤ ᠰᠣᠷᠮᠤᠤᠰᠤᠨ ᠤ᠋ ᠰᠡᠭᠦᠳᠡᠷ ᠤᠨᠠᠭᠠᠨ ᠭᠣᠳᠣᠢᠪᠠ᠃ ᠴᠡᠴᠡᠷᠯᠢᠭ ᠲᠦ᠍ ᠨᠠᠮ ᠭᠦᠮ ᠪᠣᠯᠤᠯ᠎ᠠ᠃ ᠡᠨᠡ ᠦᠶᠡᠰ ᠵᠢᠮᠢᠰᠦᠨ ᠦ᠌ ᠪᠤᠲᠠ ᠳᠦᠭᠦᠷᠡᠩ ᠴᠡᠴᠡᠷᠯᠢᠭ ᠦ᠋ᠨ ᠬᠠᠮᠢᠭ᠎ᠠ ᠨᠢᠭᠡᠲᠡᠭᠡ ᠲᠠᠢᠭᠠᠨ ᠡᠷᠡᠰ ᠦ᠋ᠨ ᠠᠯᠬᠤᠭ᠎ᠠ ᠶ᠋ᠢ ᠪᠣᠳᠣᠪᠠᠯ ᠪᠠᠲᠤ ᠴᠢᠬᠢᠷᠡᠭ ᠬᠥᠯ ᠦ᠋ᠨ ᠴᠢᠮᠡᠭᠡ ᠰᠣᠨᠣᠰᠳᠠᠵᠤ ᠪᠡᠶᠡᠷᠬᠡᠦ ᠪᠤᠭᠤᠷᠤᠯ ᠬᠥᠮᠦᠨ ᠲᠦᠷᠭᠡᠨ ᠲᠦᠷᠭᠡᠨ ᠠᠯᠬᠤᠯᠠᠨ ᠭᠠᠷᠴᠤ ᠢᠷᠡᠭᠰᠡᠨ ᠢ᠋ᠶ᠋ᠡᠨ᠂ 
       — ᠬᠠᠭᠠᠳ ᠠᠮᠤᠭᠤᠯᠠᠩ ᠤᠤ ᠭᠡᠮᠡᠨ ᠮᠡᠬᠦᠰᠬᠢᠬᠦ ᠳ᠋ᠦ᠍ ᠦᠵᠢᠮᠡᠢ ᠬᠠᠭᠠᠨ ᠲᠥᠪ ᠠᠮᠤᠭᠤᠯᠠᠩ ᠳᠠᠭᠤ ᠪᠠᠷ᠂ 
       — ᠡᠯᠵᠢᠭᠡᠳᠡᠢ ᠨᠣᠶᠠᠨ᠃ ᠢᠯᠮ᠎ᠠ ᠬᠠᠲᠤᠨ ᠡᠨᠡ ᠬᠥᠮᠦᠨ ᠦ᠌ ᠠᠰᠠᠷᠠᠮᠵᠢᠨ ᠳ᠋ᠤ᠌ ᠪᠠᠢᠭ᠎ᠠ ᠶᠤᠮ ᠭᠡᠪᠡ᠃ ᠡᠯᠵᠢᠭᠡᠳᠡᠢ ᠨᠣᠶᠠᠨ ᠬᠠᠪᠤᠯ ᠬᠠᠭᠠᠨ ᠳ᠋ᠤ᠌ ᠶᠣᠰᠣ ᠲᠡᠳᠦᠢ ᠲᠣᠯᠣᠭᠠᠢ ᠳᠣᠬᠢᠭᠠᠳ᠂ 
       — ᠬᠠᠲᠤᠨ ᠲᠠ ᠲᠣᠭᠣᠰ ᠤ᠋ᠨ ᠬᠦᠷᠢᠶᠡᠯᠡᠩ ᠳ᠋ᠦ᠍ ᠣᠴᠢᠶ᠎ᠠ ᠭᠡᠰᠡᠨ ᠪᠢᠯᠡ ᠬᠡᠮᠡᠬᠦ ᠳᠠᠭᠤᠨ ᠤ᠋ ᠬᠢᠨᠢ ᠥᠩᠭᠡ ᠠᠷᠭᠠᠳᠠᠩᠭᠤᠢ ᠪᠠᠰᠠ ᠬᠠᠷᠠᠮᠨᠠᠩᠭᠤᠢ ᠰᠣᠨᠣᠰᠳᠠᠬᠤ ᠳ᠋ᠤ᠌ ᠬᠠᠪᠤᠯ᠂ 
       — ᠢᠯᠮ᠎ᠠ ᠬᠠᠲᠤᠨ ᠲᠠ ᠲᠣᠭᠣᠰᠬᠠᠨ ᠬᠡᠷᠡᠮ ᠳ᠋ᠦ᠍ ᠲᠣᠯᠣᠭᠠᠢ ᠬᠣᠷᠭᠣᠳᠠᠵᠤ᠂ ᠲᠣᠭᠣᠰ ᠤ᠋ᠨ ᠬᠦᠷᠢᠶᠡᠯᠡᠩ ᠳ᠋ᠦ᠍ ᠡᠳᠦᠷ ᠥᠩᠭᠡᠷᠡᠭᠡᠳᠡᠭ ᠪᠣᠯᠤᠭᠰᠠᠭᠠᠷ ᠤᠳᠠᠵᠤ ᠪᠠᠢᠨ᠎ᠠ ᠤᠤ? ᠬᠡᠮᠡᠵᠡᠢ᠃ 
       — ᠵᠠ ᠪᠢ ᠺᠢᠳᠠᠨ ᠨᠣᠶᠠᠨ ᠮᠣᠷᠢᠯᠠᠭᠰᠠᠨ ᠤ᠋ ᠬᠣᠢᠲᠤᠨ ᠬᠠᠪᠤᠷ ᠣᠯᠵᠠᠯᠠᠭᠳᠠᠵᠤ ᠢᠷᠡᠭᠰᠡᠨ᠁ ᠭᠡᠵᠦ ᠢᠯᠮ᠎ᠠ ᠬᠠᠲᠤᠨ ᠴᠡᠭᠡᠵᠢᠨ ᠦ᠌ ᠭᠦᠨ ᠡᠴᠡ ᠭᠠᠷᠬᠤ ᠨᠠᠮᠳᠠᠭᠤ ᠳᠠᠭᠤ ᠪᠠᠷ ᠥᠭᠦᠯᠡᠪᠡ᠃ ᠦᠵᠢᠮᠡᠢ ᠬᠠᠭᠠᠨ ᠶᠠᠷᠢᠶᠠᠨ ᠳ᠋ᠤ᠌ ᠣᠷᠣᠵᠤ᠂ 
       — ᠡᠬᠢᠯᠡᠵᠦ ᠠᠭᠤᠯᠵᠠᠬᠤ ᠳ᠋ᠠᠭᠠᠨ ᠪᠢ ᠲᠠᠨ ᠳ᠋ᠤ᠌ ᠠᠳᠤᠭᠤᠨ ᠤ᠋ ᠪᠠᠨ ᠬᠢᠷᠢ ᠪᠡᠷ ᠢᠰᠬᠡᠷᠳᠡᠭ ᠭᠡᠵᠦ ᠵᠦᠭᠡᠷ ᠬᠡᠯᠡᠭᠡ ᠦᠭᠡᠢ ᠶᠦᠮ᠃ ᠬᠤᠷᠵᠠᠬᠤᠰ ᠪᠣᠶᠤᠷᠤᠭ ᠮᠠᠨ ᠤ᠋ ᠬᠢᠯᠢ ᠤᠷᠤᠭᠤ ᠵᠡᠪᠰᠡᠭᠯᠡᠨ ᠳᠠᠭᠠᠷᠢᠵᠤ᠂ ᠡᠯᠳᠡᠪᠯᠡᠨ ᠨᠣᠮᠣᠬᠠᠴᠢᠯᠠᠬᠤ ᠶ᠋ᠢ ᠵᠠᠪᠳᠤᠭᠰᠠᠨ ᠲᠤᠯᠠ ᠪᠢ ᠬᠠᠷᠢᠭᠤ ᠪᠠᠷᠢᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ᠃ ᠲᠡᠢᠮᠦ ᠪᠢᠵᠡ᠂ ᠡᠯᠵᠢᠭᠡᠳᠡᠢ? ᠭᠡᠪᠡᠯ ᠡᠵᠡᠨ ᠦ᠌ ᠪᠡᠨ ᠬᠠᠶᠠᠵᠤ ᠥᠭᠭᠦᠭᠰᠡᠨ ᠮᠢᠬ᠎ᠠ ᠶ᠋ᠢ ᠬᠠᠪ ᠬᠢᠨ ᠡᠮᠬᠦᠬᠦ ᠬᠠᠪᠠ ᠮᠡᠲᠦ ᠦᠭᠡ ᠶ᠋ᠢ ᠨᠢ ᠤᠬᠤᠰᠬᠢᠨ ᠡᠯᠭᠦᠵᠦ᠂ 
       — ᠡᠵᠡᠨ ᠦ᠌ ᠬᠡᠯᠡᠳᠡᠭ ᠲᠦᠮᠡᠨ ᠦᠨᠡᠨ! ᠭᠡᠳ ᠢᠯᠮ᠎ᠠ ᠬᠠᠲᠤᠨ ᠤᠷᠤᠭᠤ ᠰᠦ ᠳᠣᠯᠢᠶᠠᠭᠰᠠᠨ ᠭᠥᠯᠥᠭᠡ ᠰᠢᠭ ᠳᠠᠯᠵᠢᠢᠨ ᠰᠢᠷᠲᠡᠯ᠎ᠡ᠃ ᠶᠡᠷᠦ ᠰᠢᠷᠪᠠᠬᠤ ᠰᠡᠭᠦᠯ ᠯᠡ ᠳᠤᠲᠠᠭᠤ ᠠᠵᠤᠭᠤ᠃ ᠦᠵᠢᠮᠡᠢ ᠬᠠᠭᠠᠨ ᠲᠠᠭᠠᠰᠢᠶᠠᠯ ᠲᠡᠭᠦᠰ ᠮᠢᠰᠢᠯᠵᠡᠨ᠂ 
       — ᠰᠠᠢᠬᠠᠨ ᠬᠠᠲᠤᠨ ᠰᠠᠢᠨ ᠬᠥᠮᠦᠨ ᠦ᠌ ᠠᠰᠠᠷᠠᠮᠵᠢᠨ ᠳ᠋ᠤ᠌ ᠪᠠᠢᠭ᠎ᠠ ᠪᠢᠯᠡ᠃ ᠲᠡᠭᠡᠭᠡᠳ ᠴᠦ᠍ ᠬᠣᠷᠵᠠᠬᠤᠰ ᠪᠣᠶᠤᠷᠤᠭ ᠳᠥᠴᠢᠨ ᠬᠠᠲᠤᠨ ᠲᠠᠢ ᠶᠤᠮ ᠬᠡ ᠪᠢᠵᠡ ᠳᠡ᠁ ᠭᠡᠪᠡᠯ ᠲᠤᠭᠤᠷᠢᠯ ᠤ᠋ᠨ ᠵᠣᠪᠬᠢ ᠴᠢᠬᠢᠭᠳᠡᠵᠦ᠂ 
       — ᠬᠠᠲᠤᠨ ᠢᠵᠢᠢ ᠠ᠋᠂ ᠲᠣᠭᠣᠰ ᠤ᠋ᠨ ᠬᠦᠷᠢᠶᠡᠯᠡᠩ ᠳ᠋ᠦ᠍ ᠣᠴᠢᠶ᠎ᠠ᠃ ᠲᠡᠨᠳᠡ ᠦᠯᠢᠭᠡᠷ ᠦ᠋ᠨ ᠰᠡᠭᠦᠳᠡᠷᠦᠪᠴᠢ ᠪᠠᠢᠳᠠᠭ ᠪᠢᠯᠡ᠂ ᠥᠵᠢᠨ ᠢᠵᠢᠢ! ᠡᠯᠵᠢᠭᠡᠳᠡᠢ ᠨᠣᠶᠠᠨ ᠤ᠋ ᠨᠠᠷᠠ ᠭᠠᠷᠴᠤ ᠢᠨᠢᠶᠡᠳᠦ ᠠᠯᠲᠠᠨ᠂ 
       — ᠬᠠᠭᠠᠳ ᠲᠦᠮᠡᠨ ᠨᠠᠰᠤᠯᠠᠲᠤᠭᠠᠢ ᠭᠡᠳ ᠰᠤᠭᠤ ᠪᠠᠷᠠᠳᠠᠭᠰᠠᠨ ᠬᠥᠭᠰᠢᠨ ᠪᠤᠭᠤ ᠰᠢᠭ᠋ ᠰᠠᠯᠬᠢ ᠲᠠᠲᠠᠭᠤᠯᠤᠨ ᠣᠳᠴᠤ ᠪᠢᠯᠡ᠃ ᠬᠥᠪᠡᠭᠦᠨ ᠶᠡᠬᠡ ᠯᠡ ᠪᠠᠶᠠᠷ ᠬᠥᠷ ᠪᠣᠯᠤᠨ ᠳᠡᠭᠳᠡᠵᠦ᠂ ᠬᠥᠭᠰᠢᠨ ᠵᠠᠯᠠᠭᠤ ᠬᠣᠶᠠᠷ ᠤ᠋ᠨ ᠵᠠᠮ ᠭᠡᠷᠦᠨ ᠪᠠᠢᠯ᠎ᠠ᠃ ᠬᠠᠪᠤᠯ ᠳᠣᠲᠣᠷ᠎ᠠ ᠪᠠᠨ ᠰᠡᠮᠬᠡᠨ ᠭᠠᠢᠬᠠᠵᠤ《᠁ ᠲᠣᠭᠯᠠᠬᠤ ᠲᠡᠳᠦᠢ ᠳ᠋ᠦ᠍ ᠪᠡᠶᠡᠰᠦᠨ ᠳᠡᠪᠡᠯᠵᠡᠬᠦ ᠬᠦᠦ ᠴᠦ᠍ ᠪᠢᠰᠢ ᠳᠡ᠃ ᠲᠣᠭᠣᠰ ᠤ᠋ᠨ ᠴᠡᠴᠡᠷᠯᠢᠭ ᠳᠠᠬᠢ ᠦᠯᠢᠭᠡᠷ ᠦ᠋ᠨ ᠴᠡᠴᠡᠷᠯᠢᠭ ᠭᠡᠨ᠎ᠡ ᠠ᠋》 ᠭᠡᠮᠡᠨ ᠪᠣᠳᠣᠭᠠᠳ ᠯᠠ ᠥᠩᠭᠡᠷᠡᠵᠦ ᠠᠪᠠᠢ᠃ 
       ᠲᠡᠭᠦᠨ ᠡᠴᠡ ᠬᠣᠢᠰᠢ ᠢᠯᠮ᠎ᠠ ᠬᠠᠲᠤᠨ ᠤ᠋ ᠪᠠᠷ᠎ᠠ ᠬᠠᠷᠠᠭᠳᠠᠭᠰᠠᠨ ᠦᠭᠡᠢ᠃ ᠬᠠᠶᠠ ᠲᠤᠭᠤᠷᠢᠯ ᠬᠥᠪᠡᠭᠦᠨ ᠬᠠᠭᠠᠨ ᠴᠡᠴᠡᠷᠯᠢᠭ ᠲᠦ᠍ ᠲᠣᠭᠯᠠᠵᠤ ᠶᠠᠪᠤᠭ᠎ᠠ ᠬᠠᠷᠠᠭᠳᠠᠬᠤ ᠪᠣᠯᠪᠠᠴᠤ ᠬᠣᠶᠠᠷ ᠲᠠᠢᠭᠠᠨ ᠳᠡᠷᠭᠡᠳᠡ ᠡᠴᠡ ᠨᠢ ᠦᠯᠦ ᠬᠣᠯᠠᠳᠬᠤ ᠲᠤᠯᠠ ᠬᠡᠯᠡ ᠠᠪᠤᠯᠴᠠᠨ ᠡᠰᠡ ᠴᠢᠳᠠᠵᠠᠢ᠃ ᠡᠢᠨ ᠬᠦᠯᠦᠭ ᠦ᠋ᠨ ᠵᠢᠯᠣᠭᠣ ᠶ᠋ᠢ ᠨᠤᠲᠤᠭ ᠤ᠋ᠨ ᠵᠦᠭ ᠵᠠᠯᠠᠬᠤ ᠪᠣᠯᠪᠠ᠃ ᠠᠯᠲᠠᠨ ᠤᠯᠤᠰ ᠤ᠋ᠨ ᠠᠮᠢᠳᠤ ᠪᠤᠷᠬᠠᠨ ᠦᠵᠢᠮᠡᠢ ᠰᠡᠴᠡᠨ ᠬᠠᠭᠠᠨ ᠥᠪᠡᠷ ᠢ᠋ᠶ᠋ᠡᠨ ᠵᠢᠶᠤᠤᠰᠠ ᠬᠥᠯᠯᠡᠨ ᠮᠣᠷᠳᠠᠵᠤ ᠭᠤᠷᠪᠠᠨ ᠭᠤᠷᠪᠠ ᠶᠢᠰᠦᠨ ᠪᠠᠷ᠎ᠠ ᠶ᠋ᠢᠨ ᠭᠠᠵᠠᠷ ᠦᠳᠡᠭᠡᠳ ᠰᠢᠳᠠᠷ ᠰᠠᠢᠳ᠂ ᠬᠦᠯᠦᠭ ᠪᠠᠭᠠᠲᠤᠷ ᠤ᠋ᠳ ᠬᠢᠭᠡᠳ ᠬᠡᠰᠢᠭᠲᠡᠨ ᠴᠡᠷᠢᠭ ᠲᠦ᠍ ᠬᠦᠷᠲᠡᠯ᠎ᠡ ᠭᠠᠷ ᠤ᠋ᠨ ᠪᠡᠯᠡᠭ ᠬᠦᠷᠲᠡᠭᠡᠪᠡ᠃ ᠡᠢᠨ ᠬᠠᠭᠠᠴᠠᠨ ᠰᠠᠯᠬᠤ ᠲᠣᠷᠭᠠᠨ ᠠᠭᠱᠠᠨ ᠳ᠋ᠤ᠌ ᠦᠵᠢᠮᠡᠢ ᠬᠠᠭᠠᠨ ᠤ᠋ ᠵᠣᠪᠬᠢ ᠴᠢᠬᠢᠭᠲᠦᠨ᠂ ᠳᠠᠭᠤ ᠡᠷᠢᠶᠡᠨᠲᠦᠵᠦ᠂ 
       — ᠬᠠᠭᠠᠨ ᠨᠢ ᠶᠠᠭᠠᠬᠢᠬᠤ ᠪᠣᠢ᠃ ᠬᠠᠮᠤᠭ ᠤ᠋ᠨ ᠭᠣᠣᠯ ᠨᠢ ᠡᠷ᠎ᠡ ᠰᠢᠭ ᠡᠷ᠎ᠡ ᠲᠡᠢ ᠰᠠᠷ᠎ᠠ ᠭᠠᠷᠤᠢ ᠦᠭᠡ ᠬᠥᠭᠡᠷᠦᠯᠳᠦᠪᠡ᠃ ᠡᠨᠡ ᠳᠥᠴᠢ ᠬᠣᠨᠣᠭ ᠮᠢᠨᠦ ᠳᠠᠯᠠᠨ ᠨᠠᠰᠤᠨ ᠤ᠋ ᠵᠣᠪᠠᠯᠠᠩ ᠢ᠋ ᠨᠢᠮᠭᠡᠯᠡᠭᠰᠡᠨ ᠳ᠋ᠦ᠍ ᠭᠢᠯᠠᠢᠯ᠎ᠠ᠁ ᠭᠡᠰᠡᠨ ᠢ᠋ᠶ᠋ᠡᠨ ᠴᠢᠷᠠᠢ ᠨᠢ ᠲᠥᠪ᠂ ᠰᠠᠨᠠᠭ᠎ᠠ ᠨᠢ ᠲᠥᠷᠥ ᠪᠣᠯᠵᠤ ᠠᠯᠠᠭ᠎ᠠ ᠪᠠᠨ ᠭᠤᠷᠪᠠᠨᠲᠠ ᠲᠠᠰᠢᠬᠤ ᠳ᠋ᠤ᠌ ᠦᠳᠡᠯᠲᠡ ᠶ᠋ᠢᠨ ᠶᠡᠬᠡ ᠴᠣᠪᠤᠭᠠᠨ ᠤ᠋ ᠲᠡᠷᠢᠭᠦᠨ᠎ᠡ ᠪᠢᠨᠳᠠᠷᠢᠯᠠᠨ ᠵᠠᠯᠠᠵᠤ ᠶᠠᠪᠤᠭᠰᠠᠨ ᠮᠥᠩᠭᠥᠨ ᠲᠣᠨᠣᠭᠲᠤ᠂ ᠽᠠᠨᠳᠠᠨ ᠵᠢᠶᠣᠣᠰᠠ  ᠨᠠᠮᠢᠯᠵᠠᠨ ᠨᠠᠭᠠᠰᠢᠯᠠᠵᠠᠢ᠃ ᠶᠡᠬᠡ ᠬᠥᠯ ᠬᠥᠭᠵᠢᠶᠡᠨ ᠨᠠᠮ ᠭᠦᠮ ᠪᠣᠯᠵᠤ᠂ ᠪᠦᠭᠦᠳᠡ ᠶ᠋ᠢᠨ ᠬᠠᠷᠠᠴᠠ ᠠᠷᠢᠭᠤᠨ ᠦᠨᠦᠷᠲᠦ ᠽᠠᠨᠳᠠᠨ ᠵᠢᠶᠣᠣᠰᠠ ᠶ᠋ᠢᠨ ᠲᠣᠷᠭᠠᠨ ᠬᠥᠰᠢᠭᠡᠨ ᠳᠡᠭᠡᠷ᠎ᠡ ᠣᠪᠣᠭᠠᠷᠠᠵᠠᠢ᠃ ᠬᠢᠶ᠎ᠡ ᠴᠡᠷᠢᠭ ᠴᠠᠴᠤᠭᠲᠤ ᠡᠭᠦᠳᠡ ᠶ᠋ᠢ ᠵᠥᠭᠡᠯᠡᠬᠡᠨ ᠨᠡᠭᠡᠭᠡᠬᠦ ᠳ᠋ᠦ᠍ ᠮᠢᠬ᠎ᠠ ᠮᠠᠷᠢᠶ᠎ᠠ ᠲᠡᠭᠰᠢ᠂ ᠨᠢᠳᠦ ᠬᠥᠮᠥᠰᠬᠡ ᠵᠣᠬᠢᠰᠲᠤ ᠵᠠᠯᠠᠭᠤᠬᠠᠨ ᠭᠦᠩᠵᠦ ᠲᠣᠷᠮᠣᠯᠵᠠᠨ ᠮᠢᠰᠢᠶᠡᠬᠦᠢ ᠳ᠋ᠦ᠍ ᠶᠡᠬᠡᠰ ᠨᠣᠶᠠᠳ᠂ ᠡᠭᠡᠯ ᠳᠠᠢᠴᠢᠳ ᠠᠶᠠᠷᠬᠠᠨ ᠳᠠᠭᠤ ᠠᠯᠳᠠᠪᠠᠢ᠃ ᠦᠵᠢᠮᠡᠢ ᠬᠠᠭᠠᠨ ᠠᠬ᠎ᠠ ᠬᠥᠮᠦᠨ ᠦ᠌ ᠲᠤᠨᠵᠢ ᠲᠠᠢ ᠬᠠᠷᠠᠴᠠ ᠪᠠᠷ ᠬᠠᠪᠤᠯ ᠢ᠋ ᠬᠠᠳᠬᠤᠨ ᠪᠠᠢᠵᠤ᠂ 
       — ᠦᠰᠦ ᠶ᠋ᠢ ᠴᠢᠨᠢ ᠦᠯᠦ ᠴᠠᠢᠯᠭᠠᠬᠤ ᠠᠮᠢᠳᠤ ᠪᠤᠯᠠᠭ᠂ ᠦᠭᠡ ᠶ᠋ᠢ ᠮᠢᠨᠢ ᠦᠯᠦ ᠮᠠᠷᠲᠠᠭᠤᠯᠬᠤ ᠠᠮᠢᠳᠤ ᠵᠢᠷᠤᠭ ᠴᠢᠮ᠎ᠠ ᠳ᠋ᠤ᠌ ᠪᠡᠯᠡᠭᠯᠡᠰᠦ! ᠬᠡᠮᠡᠪᠡ᠃ ᠬᠠᠪᠤᠯ ᠬᠠᠭᠠᠨ ᠴᠠᠭᠠᠨ ᠪᠦᠷᠭᠦᠳ ᠦ᠋ᠨ ᠳᠡᠯᠢ ᠰᠢᠭ ᠬᠥᠮᠥᠰᠬᠡ ᠡᠷᠭᠦᠨ ᠮᠢᠰᠢᠯᠵᠡᠵᠦ᠂ 
       — ᠪᠡᠶ᠎ᠡ ᠶ᠋ᠢ ᠪᠡᠯᠡᠭᠯᠡᠵᠦ ᠪᠣᠯᠬᠤ ᠴᠤ᠌ 
            ᠪᠢᠯᠢᠭ ᠢ᠋ ᠪᠡᠯᠡᠭᠯᠡᠵᠦ ᠦᠯᠦ ᠪᠣᠯᠬᠤ 
            ᠰᠠᠢᠬᠠᠨ ᠢ᠋ ᠪᠡᠯᠡᠭᠯᠡᠵᠦ ᠪᠣᠯᠬᠤ ᠴᠤ᠌ 
            ᠰᠠᠨᠠᠭ᠎ᠠ ᠶ᠋ᠢ ᠪᠡᠯᠡᠭᠯᠡᠵᠦ ᠦᠯᠦ ᠪᠣᠯᠬᠤ ᠠᠵᠢ ᠭᠡᠳ ᠴᠤᠯᠪᠤᠭᠤᠷ ᠬᠤᠮᠢᠨ ᠮᠣᠷᠳᠠᠪᠠ᠃ ᠲᠡᠭᠡᠭᠰᠡᠨ ᠢ᠋ᠶ᠋ᠡᠨ ᠬᠠᠩᠭᠠᠯ ᠬᠦᠯᠦᠭ ᠦ᠋ᠨ ᠡᠷᠭᠢᠴᠡᠬᠡᠨ ᠳᠤᠮᠳᠠ 
       一 ᠤᠬᠠᠭᠠᠨ ᠦᠭᠡᠢ ᠠᠳᠤᠭᠤᠰᠤ ᠭᠡᠵᠦ ᠮᠣᠷᠢ ᠪᠠᠨ 
            ᠤᠭᠠᠯᠵᠠ ᠦᠭᠡᠢ ᠡᠳ᠋ᠯᠡᠯ ᠰᠢᠭ ᠢᠯᠳᠦ ᠪᠡᠨ ᠪᠡᠯᠡᠭᠯᠡᠳᠡᠭ ᠪᠢᠯᠡ᠂ ᠪᠢᠳᠡ 
            ᠵᠠᠶᠠᠭ᠎ᠠ ᠲᠠᠢ ᠭᠦᠩᠵᠦ ᠶ᠋ᠢ᠂ 
            ᠰᠠᠨᠠᠭ᠎ᠠ ᠲᠠᠢ ᠬᠥᠮᠦᠨ ᠢ᠋ ᠪᠡᠯᠡᠭ ᠲᠦ᠍ ᠡᠰᠡ ᠥᠭᠬᠦ᠂ 
            ᠪᠡᠯᠡᠭ ᠲᠦ᠍ ᠡᠰᠡ ᠠᠪᠬᠤ ᠪᠢᠯᠡ ᠭᠡᠪᠡ᠃  ᠡᠢᠨ ᠥᠭᠦᠯᠡᠭᠡᠳ ᠬᠤᠢ ᠰᠠᠯᠬᠢ ᠮᠡᠲᠦ ᠳᠣᠪᠲᠣᠯᠭᠠᠨ ᠣᠳᠬᠤ ᠳ᠋ᠤ᠌ ᠴᠢᠬᠢᠨ᠎ᠡ ᠬᠤᠨ ᠬᠤᠭᠤᠷ ᠤ᠋ᠨ ᠠᠶᠠᠯᠭᠤ ᠠᠮᠢᠯᠠᠵᠤ᠂ 
       一 ᠵᠤᠯᠵᠠᠭᠠᠨ ᠤᠬᠠᠭᠠᠨ ᠢ᠋ ᠨᠢ ᠲᠦᠰᠢᠵᠦ ᠥᠰᠬᠡᠭᠰᠡᠨ
            ᠵᠤᠢᠷᠭᠠᠨ ᠦᠭᠡ ᠦᠭᠡᠢ ᠮᠡᠷᠭᠡᠨ ᠲᠦᠰᠢᠮᠡᠯ
         《ᠬᠠᠭᠠᠨ ᠣᠷᠳᠣᠨ ᠳ᠋ᠤ᠌ ᠡᠢᠮᠦ ᠥᠬᠢᠨ
             ᠬᠠᠮᠢᠭ᠎ᠠ ᠠ᠋ᠴᠠ ᠵᠠᠶᠠᠭᠠᠬᠤ ᠪᠣᠢ ᠳᠠ 》 ᠭᠡᠪᠡ ᠭᠡᠨ᠎ᠡ ᠭᠡᠮᠡᠨ ᠬᠥᠩᠬᠥᠷ ᠬᠣᠷᠴᠢ ᠥᠭᠦᠯᠡᠬᠦ ᠰᠢᠭ ᠪᠣᠯᠪᠠᠢ᠃ ᠡᠯ᠎ᠡ ᠳᠠᠭᠤᠨ ᠠ᠋ᠴᠠ ᠥᠪᠡᠷ ᠦ᠋ᠨ ᠵᠥᠪ ᠢ᠋ ᠣᠯᠤᠭᠰᠠᠨ ᠬᠠᠭᠠᠨᠲᠠᠨ ᠡᠷᠭᠢᠨ ᠬᠠᠷᠠᠪᠠᠯ ᠪᠢᠲᠡᠭᠦᠦ ᠲᠠᠷᠢᠶᠠᠨ ᠱᠠᠩ ᠲᠠᠲᠠᠭᠰᠠᠨ ᠲᠠᠯ᠎ᠠ ᠶ᠋ᠢᠨ ᠳᠤᠮᠳᠠ ᠭᠠᠭᠴᠠ ᠪᠦᠲᠦᠨ ᠲᠣᠯᠣᠭᠠᠢ ᠳᠡᠭᠡᠷᠡᠬᠢ ᠠᠰᠠᠷ ᠳᠣᠣᠷ᠎ᠠ ᠦᠵᠢᠮᠡᠢ ᠬᠠᠭᠠᠨ ᠲᠣᠷᠣᠢᠨ ᠦᠯᠡᠳᠡᠭᠰᠡᠨ ᠠᠪᠠᠢ᠃ ᠲᠡᠷᠡ ᠶᠡᠷᠦ ᠮᠠᠭᠤ ᠬᠥᠮᠦᠨ ᠪᠠᠢᠭᠰᠠᠨ ᠦᠭᠡᠢ᠃ ᠲᠥᠷᠥ ᠵᠠᠷᠢᠮ ᠳ᠋ᠠᠭᠠᠨ ᠰᠠᠢᠨ ᠬᠥᠮᠦᠨ ᠢ᠋ ᠴᠦ᠍ ᠮᠠᠭᠤ ᠦᠢᠯᠡ ᠬᠢᠬᠦ ᠳ᠋ᠦ᠍ ᠬᠦᠷᠭᠡᠬᠦ ᠨᠢ ᠪᠣᠢ᠃   

                2  
       ᠬᠥᠬᠡ ᠨᠣᠭᠣᠭᠠᠨ ᠤ᠋ ᠭᠡᠭᠡᠨ ᠤᠨᠢᠶᠠᠷ ᠲᠠᠯ᠎ᠠ ᠪᠠᠷ ᠳᠦᠭᠦᠷᠡᠩ ᠴᠡᠩᠬᠡᠷᠲᠦᠭᠰᠡᠨ ᠬᠡᠷᠦᠯᠦᠨ ᠦ᠌ ᠬᠥᠳᠡᠭᠡ ᠠᠷᠠᠯ ᠤᠷᠤᠭᠤ ᠮᠢᠩᠭᠠᠲᠤ ᠴᠡᠷᠢᠭ ᠦ᠋ᠨ ᠲᠦᠷᠦᠭᠦᠴᠢ ᠬᠠᠷ᠎ᠠ ᠲᠠᠷᠯᠠᠨᠲᠤᠨ ᠣᠷᠣᠵᠤ ᠢᠷᠡᠯ᠎ᠡ᠃ ᠲᠡᠢᠨ ᠳᠣᠯᠣᠭᠠᠨ ᠳ᠋ᠤ᠌ ᠣᠯᠠᠨ ᠰᠠᠷ᠎ᠠ᠂ ᠪᠦᠲᠦᠨ ᠵᠢᠯ ᠢ᠋ᠶ᠋ᠡᠷ ᠮᠣᠷᠳᠠᠬᠤ ᠳ᠋ᠠᠭᠠᠨ ᠴᠤᠴᠠᠵᠤ ᠶᠠᠳᠠᠷᠠᠳᠠᠭ ᠦᠭᠡᠢ ᠴᠡᠷᠢᠭ ᠡᠷᠡᠰ ᠡᠨᠡ ᠬᠣᠯᠠ ᠶ᠋ᠢᠨ ᠵᠠᠮ ᠳ᠋ᠤ᠌ ᠠᠶᠠᠨᠰᠢᠵᠤ ᠶᠠᠳᠠᠷᠠᠭᠰᠠᠨ ᠨᠢ ᠲᠣᠢᠮᠣ ᠦᠭᠡᠢ ᠰᠠᠨᠵᠠᠢ᠃ ᠬᠠᠪᠤᠯ ᠬᠠᠭᠠᠨ ᠤ᠋ ᠪᠡᠶ᠎ᠡ ᠬᠠᠮᠠᠭᠠᠯᠠᠵᠤ ᠮᠣᠷᠳᠠᠭᠰᠠᠨ ᠬᠡᠰᠢᠭᠲᠡᠨ ᠮᠢᠩᠭᠠᠲᠤ ᠠᠯᠲᠠᠨ ᠤᠯᠤᠰ ᠤ᠋ᠨ ᠰᠢᠪᠠᠷ ᠬᠡᠷᠡᠮᠲᠦ ᠬᠣᠲᠠᠨ᠎ᠠ ᠬᠦᠷᠦᠯᠴᠡᠨ ᠣᠴᠢᠵᠤ᠂ ᠰᠢᠪᠠᠭᠠᠷᠠᠯᠳᠤᠨ ᠰᠠᠭᠤᠭᠴᠢ ᠲᠦᠮᠡ ᠪᠤᠮᠠᠨ ᠣᠯᠠᠨ ᠤ᠋ ᠳᠤᠮᠳᠠ ᠬᠤᠸᠠᠷᠠᠩᠨᠠᠨ ᠥᠷᠯᠥᠭᠡ ᠣᠷᠣᠢ ᠦᠭᠡᠢ ᠲᠠᠩᠰᠤᠭ ᠬᠣᠭᠣᠯᠠ᠂ ᠴᠠᠮᠢᠨ ᠵᠢᠮᠢᠰ ᠢ᠋ᠶ᠋ᠡᠷ ᠲᠠᠢᠯᠠᠭᠤᠯᠤᠨ ᠲᠤᠬᠠᠯᠠᠭᠰᠠᠨ ᠨᠢ ᠪᠡᠶ᠎ᠡ ᠨᠢᠯᠬᠠᠷᠠᠭᠤᠯᠵᠤ᠂ ᠬᠥᠯ ᠬᠦᠨᠳᠦᠷᠡᠭᠦᠯᠵᠦ ᠣᠷᠬᠢᠭᠰᠠᠨ ᠠᠪᠠᠢ᠃ ᠴᠢᠩᠭᠢᠭᠡᠳ ᠵᠣᠭᠰᠣᠬᠤ ᠦᠭᠡᠢ ᠴᠡᠷᠢᠭ ᠪᠦᠷᠢ ᠶ᠋ᠢᠨ ᠭᠠᠨᠵᠤᠭ᠎ᠠ ᠬᠣᠭᠣᠰᠣᠨ ᠦᠭᠡᠢ ᠠᠭᠠᠳ ᠦᠵᠢᠮᠡᠢ ᠬᠠᠭᠠᠨ ᠤ᠋ ᠥᠭᠯᠢᠭᠡᠴᠢ ᠭᠥᠩᠵᠦᠰ ᠦ᠋ᠨ ᠭᠠᠷ ᠴᠠᠢᠯᠭᠠᠭᠰᠠᠨ ᠳᠡᠪᠡᠯ ᠦ᠋ᠨ ᠳᠠᠪᠤᠤ᠂ ᠪᠥᠰᠡᠨ ᠦ᠌ ᠳᠤᠷᠳᠤᠩ ᠪᠣᠢ ᠶ᠋ᠢᠨ ᠭᠠᠳᠠᠨ᠎ᠠ ᠥᠪᠡᠷ ᠥᠪᠡᠷᠰᠡᠳ ᠦ᠋ᠨ ᠪᠡᠯᠡ ᠪᠠᠨᠴᠢᠩ ᠤ᠋ᠨ ᠬᠢᠷᠢ ᠪᠡᠷ ᠭᠠᠭᠴᠠ ᠨᠢᠭᠡ ᠲᠣᠭᠣᠭ᠎ᠠ ᠪᠤᠳᠠᠭ᠎ᠠ᠂ ᠬᠡᠦᠬᠡᠳ ᠦ᠋ᠨ ᠨᠢᠳᠦ ᠬᠠᠭᠤᠷᠬᠤ ᠪᠤᠷᠠᠮ᠂ ᠵᠢᠮᠢᠰᠬᠡᠨ ᠠᠪᠤᠭᠰᠠᠨ ᠨᠢ ᠪᠣᠢ᠃ ᠭᠠᠭᠴᠠ ᠤᠳᠠᠭ᠎ᠠ ᠰᠡᠯᠡᠮ᠎ᠡ ᠭᠠᠩ ᠬᠢᠯᠭᠡᠵᠦ᠂ ᠭᠠᠷ ᠤ᠋ᠨ ᠴᠢᠯᠡᠭᠡ ᠭᠠᠷᠭᠠᠭ᠎ᠠ ᠦᠭᠡᠢ ᠠᠲᠠᠯ᠎ᠠ ᠣᠯᠵᠠ ᠣᠮᠣᠭ ᠲᠡᠭᠦᠰ ᠶᠠᠪᠤᠭ᠎ᠠ ᠳ᠋ᠠᠭᠠᠨ ᠪᠠᠶᠠᠰᠪᠠᠴᠤ ᠪᠡᠶ᠎ᠡ ᠯᠠᠭᠯᠠᠢᠨ᠂ ᠬᠦᠵᠦᠭᠦᠦ ᠬᠥᠰᠢᠨ᠂ ᠨᠢᠳᠦ ᠠᠷᠭᠠᠭᠠᠳ ᠢᠷᠡᠬᠦ ᠳ᠋ᠦ᠍᠂  
       — ᠵᠣᠪᠠᠯᠠᠩ ᠳ᠋ᠠᠭᠠᠨ ᠳᠤᠷᠠᠲᠠᠢ ᠵᠣᠪᠠᠯᠭ᠎ᠠ ᠶᠤᠮ ᠠ᠋᠁ ᠭᠡᠮᠡᠨ ᠢᠨᠢᠶᠡᠯᠳᠦᠵᠦ ᠶᠠᠪᠤᠯ᠎ᠠ᠃ ᠶᠡᠷᠦ ᠴᠢᠰᠤ ᠠᠰᠬᠠᠵᠤ ᠲᠥᠷᠥ ᠳᠣᠩᠰᠣᠯᠣᠯ ᠦᠭᠡᠢ ᠪᠡᠶ᠎ᠡ ᠪᠡᠶ᠎ᠡ ᠳ᠋ᠡᠭᠡᠨ ᠠᠢᠯᠴᠢᠨ ᠪᠣᠯᠤᠨ ᠣᠴᠢᠵᠤ᠂ ᠡᠨᠡ ᠮᠡᠲᠦ ᠳᠠᠢᠯᠠᠭᠤᠯᠤᠨ ᠠᠮᠤᠷ ᠵᠢᠮᠦᠷ ᠪᠤᠴᠠᠳᠠᠭ ᠪᠣᠯ ᠶᠠᠭᠤ ᠲᠠᠢ ᠵᠢᠷᠭᠠᠯᠠᠩ ᠰᠠᠨᠵᠠᠢ᠃ ᠴᠢᠩᠭᠢᠵᠦ ᠭᠡᠮᠡᠨ ᠨᠢ ᠬᠦ ᠬᠤᠶᠠᠭᠲᠠᠨ ᠡᠷᠡᠰ ᠨᠤᠮᠤ ᠪᠠᠨ ᠤᠨᠢᠨ ᠳ᠋ᠤ᠌ ᠬᠠᠪᠴᠢᠭᠤᠯᠵᠤ᠂ ᠰᠤᠮᠤ ᠪᠠᠨ ᠬᠠᠨᠠᠨ ᠳ᠋ᠤ᠌ ᠡᠯᠭᠦᠵᠦ ᠠᠩ ᠠᠪᠠ ᠠ᠋ᠴᠠ ᠪᠤᠰᠤᠳ ᠴᠠᠭ ᠲᠤ᠌ ᠡᠪᠰᠢᠶᠡᠯᠭᠡᠵᠦ ᠲᠠᠲᠠᠬᠤ ᠦᠭᠡᠢ ᠡᠪ ᠨᠠᠢᠷ ᠲᠠᠢ ᠰᠠᠭᠤᠬᠤ ᠪᠥᠯᠥᠭᠡ᠃ ᠬᠠᠪᠤᠯ ᠬᠠᠭᠠᠨ ᠴᠤ᠌ ᠳᠣᠲᠣᠷ᠎ᠠ ᠴᠡᠯᠮᠡᠵᠦ᠂ ᠰᠡᠳᠬᠢᠯ ᠣᠩᠭᠣᠢᠨ ᠡᠭᠦᠯᠡᠨ ᠪᠣᠷᠣ ᠮᠣᠷᠢᠨ ᠤ᠋ ᠪᠠᠨ ᠰᠤᠯᠠ ᠳ᠋ᠠᠭᠠᠨ ᠪᠥᠮᠪᠥᠷᠢᠬᠦ ᠠᠯᠬᠤᠭᠠᠨ ᠳ᠋ᠤ᠌ ᠪᠦᠪᠡᠢᠯᠡᠭᠳᠡᠨ ᠳᠡᠯᠭᠡᠭᠦᠯᠵᠦ᠂ ᠠᠯᠲᠠᠨ ᠤᠯᠤᠰ ᠤ᠋ᠨ ᠦᠵᠢᠮᠡᠢ ᠶ᠋ᠢ ᠨᠢᠭᠡ ᠪᠡᠶᠡᠰᠴᠦ᠂ ᠨᠥᠭᠦᠭᠡ ᠭᠠᠢᠬᠠᠵᠤ᠂ ᠪᠠᠰᠠ ᠰᠡᠵᠢᠭᠯᠡᠵᠦ ᠶᠠᠪᠤᠯ᠎ᠠ᠃ ᠶᠠᠭᠤ ᠲᠠᠢ ᠴᠤ᠌ ᠡᠨᠡ ᠤᠳᠠᠭ᠎ᠠ ᠦᠭᠡ ᠵᠥᠷᠢᠭᠰᠡᠨ ᠴᠦ᠍ ᠢᠯᠳᠦ ᠵᠥᠷᠢᠭᠰᠡᠨ ᠦᠭᠡᠢ᠂ ᠬᠠᠷᠠᠴᠠ ᠪᠠᠷ ᠪᠠᠢᠯᠳᠤᠭᠰᠠᠨ ᠴᠤ᠌ ᠵᠢᠳᠠ ᠪᠠᠷ ᠬᠠᠳᠬᠤᠯᠳᠤᠭᠰᠠᠨ ᠦᠭᠡᠢ ᠭᠡᠵᠦ ᠳᠣᠲᠣᠷ᠎ᠠ ᠪᠠᠨ ᠳᠠᠩᠰᠠᠯᠠᠨ᠂ ᠤᠷᠪᠠᠭᠤᠯᠵᠤ ᠨᠢᠭᠡ ᠪᠣᠳᠣᠨ ᠤᠷᠭᠤᠭᠤᠯᠵᠤ ᠨᠢᠭᠡ ᠰᠠᠨᠠᠨ ᠶᠠᠪᠤᠯ᠎ᠠ᠃ ᠴᠢᠩᠭᠢᠲᠡᠯ᠎ᠡ ᠲᠦᠷᠦᠭᠦᠴᠢ ᠪᠠᠭ ᠤ᠋ᠨ ᠨᠢᠭᠡᠨ ᠳᠠᠢᠴᠢᠨ ᠳᠣᠪᠲᠣᠯᠭᠠᠨ ᠢᠷᠡᠵᠦ᠂  
       — ᠬᠠᠭᠠᠨ ᠲᠠᠨ ᠳ᠋ᠤ᠌ ᠠᠢᠯᠠᠳᠬᠠᠶ᠎ᠠ᠃ ᠬᠠᠷ᠎ᠠ ᠵᠢᠷᠦᠬᠡᠨ ᠦ᠌ ᠬᠥᠬᠡ ᠨᠠᠭᠤᠷ ᠲᠤ᠌ ᠲᠠᠨ ᠤ᠋ ᠵᠢᠷᠭᠤᠭᠠᠨ ᠬᠥᠪᠡᠭᠦᠨ ᠲᠠᠷᠭᠤᠨ ᠢᠷᠭᠡ ᠶ᠋ᠢᠨ ᠤᠭᠤᠴᠠ ᠲᠠᠯᠪᠢᠵᠤ᠂ ᠲᠡᠷᠯᠡᠨ ᠦᠬᠡᠷ ᠦ᠋ᠨ ᠮᠢᠬ᠎ᠠ ᠴᠢᠨᠠᠵᠤ᠂ ᠡᠰᠦᠭ ᠰᠥᠩᠨᠡᠨ ᠠᠶᠠᠭᠠᠯᠠᠵᠤ᠂ ᠢᠳᠡᠭᠡ ᠪᠡᠨ ᠲᠠᠪᠠᠭᠯᠠᠨ ᠤᠭᠲᠤᠵᠤ ᠪᠠᠢᠨ᠎ᠠ᠃ ᠬᠠᠭᠠᠨ ᠲᠠ ᠳᠥᠷᠥᠭᠡ ᠮᠤᠯᠲᠤᠯᠤᠨ ᠦᠳᠡᠯᠡᠬᠦ ᠪᠤᠶᠤ ᠭᠡᠬᠦ ᠳ᠋ᠦ᠍ ᠬᠠᠪᠤᠯ ᠬᠠᠭᠠᠨ ᠵᠠᠮ ᠤ᠋ᠨ ᠲᠣᠭᠣᠰᠣᠨ ᠳ᠋ᠤ᠌ ᠳᠠᠷᠤᠭᠳᠠᠵᠤ᠂ ᠬᠠᠪᠤᠷ ᠤ᠋ᠨ ᠨᠠᠷᠠᠨ ᠳ᠋ᠤ᠌ ᠬᠠᠷᠰᠢᠭᠰᠠᠨ ᠴᠡᠷᠢᠭ ᠢ᠋ᠶ᠋ᠡᠨ ᠬᠠᠷᠠᠵᠤ ᠬᠠᠷᠠᠵᠤ ᠴᠢᠮᠡᠭᠡ ᠦᠭᠡᠢ ᠲᠣᠯᠣᠭᠠᠢ ᠳᠣᠬᠢᠯ᠎ᠠ᠃ 
       ᠬᠠᠷ᠎ᠠ ᠵᠢᠷᠦᠬᠡᠨ ᠦ᠌ ᠬᠥᠬᠡ ᠨᠠᠭᠤᠷ ᠲᠤ᠌ ᠭᠠᠵᠠᠷ ᠭᠠᠵᠠᠷ ᠠ᠋ᠴᠠ ᠲᠥᠷᠥᠭᠦᠯᠵᠦ ᠵᠤᠨ ᠠᠢᠯᠴᠢᠯᠠᠬᠤ ᠪᠢᠯᠡ᠃ ᠲᠠᠯ᠎ᠠ ᠬᠡᠭᠡᠷ᠎ᠡ ᠶ᠋ᠢᠨ ᠬᠥᠬᠡ ᠴᠠᠢᠳᠠᠮ ᠳ᠋ᠤ᠌ ᠰᠤᠷᠠᠭ ᠴᠤ᠌ ᠦᠭᠡᠢ ᠠᠭᠰᠠᠨ ᠴᠡᠴᠡᠭ ᠠᠯᠠᠭᠯᠠᠵᠤ᠂ ᠡᠪᠡᠰᠦ ᠨᠣᠭᠣᠭ᠎ᠠ ᠤᠨᠤᠭ᠎ᠠ ᠮᠣᠷᠢᠳ ᠤ᠋ᠨ ᠰᠠᠭᠠᠭ ᠱᠦᠷᠭᠦᠨ ᠬᠠᠯᠢᠭᠤᠷᠠᠵᠤ ᠪᠠᠢᠪᠠ᠃ ᠴᠡᠴᠡᠭ ᠢ᠋ᠶ᠋ᠡᠷ ᠡᠮᠵᠢᠭᠰᠡᠨ ᠨᠠᠭᠤᠷ ᠤ᠋ᠨ ᠰᠠᠯᠬᠢᠨ ᠳᠡᠭᠡᠷ᠎ᠡ ᠠᠰᠠᠷ᠂ ᠮᠠᠢᠬᠠᠨ ᠠᠯᠠᠭᠯᠠᠵᠤ ᠬᠠᠷᠠᠭᠳᠠᠬᠤ ᠠᠭᠠᠳ ᠭᠡᠷ ᠲᠡᠷᠭᠡ᠂ ᠵᠢᠵᠢᠭ ᠴᠠᠴᠠᠷ ᠲᠡᠷᠢᠭᠦᠲᠡᠨ ᠬᠦᠷᠢᠶᠡᠯᠡᠨ ᠪᠠᠭᠤᠵᠠᠢ᠃ ᠠᠭᠤᠯᠠ ᠰᠢᠭ᠋ ᠬᠠᠩᠬᠠᠷ ᠬᠦᠦ ᠨᠦ᠍ᠭᠦᠳ ᠨᠢ ᠬᠣᠯᠠ ᠰᠠᠭᠠᠬᠠᠯᠲᠠ ᠶ᠋ᠢᠨ ᠭᠠᠵᠠᠷ ᠲᠣᠰᠣᠨ ᠢᠷᠡᠵᠦ᠂ ᠬᠡᠭᠡᠷ᠎ᠡ ᠶ᠋ᠢᠨ ᠰᠠᠯᠬᠢ ᠠᠩᠬᠢᠯᠤᠭᠰᠠᠨ ᠬᠠᠴᠠᠷ ᠢ᠋ᠶ᠋ᠠᠨ ᠠᠪᠤ ᠳ᠋ᠠᠭᠠᠨ ᠦᠨᠦᠷᠯᠡᠭᠦᠯᠬᠦ ᠳ᠋ᠦ᠍ ᠬᠠᠪᠤᠯ ᠤ᠋ᠨ ᠬᠠᠲᠠᠭᠤ ᠰᠡᠳᠬᠢᠯ ᠡᠷᠬᠡ ᠦᠭᠡᠢ ᠤᠶᠠᠷᠠᠵᠤ᠂ 
       — ᠬᠠᠲᠤᠨ ᠢᠵᠢᠢ ᠨᠢ ᠠᠮᠤᠭᠤᠯᠠᠩ ᠤᠤ ᠭᠡᠬᠦ ᠳ᠋ᠦ᠍ ᠲᠥᠷᠥ ᠳᠠᠭᠠᠭᠠᠵᠤ ᠦᠯᠡᠳᠡᠭᠰᠡᠨ ᠥᠬᠢᠨᠪᠠᠷᠬᠠᠭ᠂ ᠭᠡᠷ ᠳᠠᠭᠠᠭᠠᠵᠤ ᠬᠣᠴᠣᠷᠤᠭᠰᠠᠨ ᠬᠣᠲᠣᠯᠠ ᠨᠣᠶᠠᠨ ᠤᠷᠤᠭᠤ ᠬᠠᠷᠠᠪᠠ᠃ ᠬᠣᠲᠣᠯᠠ ᠡᠯ᠎ᠡ ᠬᠠᠷᠠᠴᠠ ᠶ᠋ᠢ ᠦᠯᠦ ᠮᠡᠳᠡᠷᠡᠭᠴᠢ ᠪᠣᠯᠵᠤ᠂ 
       — ᠢᠵᠢᠢ ᠶ᠋ᠢᠨ ᠪᠡᠶ᠎ᠡ ᠰᠠᠢᠨ ᠭᠡᠯ᠎ᠡ᠃ ᠡᠢᠨ ᠵᠠᠮ ᠵᠠᠭᠤᠷ᠎ᠠ ᠶ᠋ᠢᠨ ᠰᠣᠨᠢᠨ ᠬᠠᠴᠢᠨ ᠢ᠋ ᠭᠠᠩᠭᠠᠷ ᠭᠤᠩᠭᠠᠷ ᠭᠡᠭᠰᠡᠭᠡᠷ ᠬᠠᠷ᠎ᠠ ᠵᠢᠷᠦᠬᠡᠨ ᠦ᠌ ᠬᠥᠬᠡ ᠨᠠᠭᠤᠷ ᠤ᠋ᠨ ᠬᠥᠪᠡᠭᠡᠨ ᠳ᠋ᠦ᠍ ᠢᠷᠡᠪᠡᠯ ᠬᠠᠷᠯᠢ ᠺᠤ ᠬᠠᠲᠤᠨ ᠲᠡᠷᠢᠭᠦᠯᠡᠵᠦ ᠬᠠᠭᠠᠨ ᠡᠵᠡᠨ ᠢ᠋ᠶ᠋ᠡᠨ ᠲᠣᠰᠪᠠᠢ᠃ ᠠᠯᠤᠰ ᠤ᠋ᠨ ᠠᠶᠠᠨ ᠠ᠋ᠴᠠ ᠬᠠᠨᠢ ᠢᠵᠢᠯᠢ ᠪᠡᠨ ᠲᠤᠰᠤᠭᠰᠠᠨ ᠡᠮᠡᠰ ᠦ᠋ᠨ ᠰᠡᠮᠬᠡᠨ ᠢᠨᠢᠶᠡᠯᠳᠦᠬᠦ᠂ ᠠᠬ᠎ᠠ ᠪᠠᠨ ᠤᠭᠲᠤᠭᠰᠠᠨ ᠳᠡᠭᠦᠦ ᠶ᠋ᠢᠨ ᠬᠥᠭᠡᠷᠦᠬᠦᠨ ᠳᠠᠭᠤ ᠠᠯᠳᠠᠬᠤ᠂ ᠠᠪᠤ ᠳ᠋ᠠᠭᠠᠨ ᠲᠡᠪᠡᠷᠢᠭᠦᠯᠦᠭᠰᠡᠨ ᠵᠢᠭᠠᠬᠠᠨ ᠦᠷ᠎ᠡ ᠶ᠋ᠢᠨ ᠪᠡᠶᠡᠰᠦᠨ ᠬᠠᠰᠬᠢᠷᠬᠤ ᠴᠣᠪᠣᠭᠣ ᠴᠣᠯᠭᠢᠭᠤᠨ ᠳᠠᠭᠤᠨ ᠣᠳᠣᠲᠤ ᠲᠩᠷᠢ ᠶ᠋ᠢᠨ ᠳᠣᠣᠷ᠎ᠠ ᠰᠥᠨᠢᠵᠢᠨ ᠰᠣᠨᠣᠰᠳᠠᠵᠤ ᠪᠢᠯᠡ᠃ ᠠᠯᠢᠪᠠ ᠠᠶᠠᠨ ᠲᠡᠢᠨ ᠡᠴᠡ ᠪᠤᠴᠠᠵᠤ ᠢᠷᠡᠬᠦ ᠪᠦᠷᠢ ᠡᠢᠨ ᠤᠴᠠᠷᠠᠯᠳᠤᠳᠠᠭ ᠵᠠᠶᠢᠭ ᠲᠠᠢ ᠬᠡᠳᠦᠢ ᠴᠦ᠍ ᠡᠨᠡ ᠤᠳᠠᠭ᠎ᠠ  ᠠᠯᠢ ᠴᠤ᠌ ᠠᠰᠠᠷ ᠲᠤ᠌᠂ ᠠᠯᠢ ᠴᠤ᠌ ᠮᠠᠢᠬᠠᠨ ᠳ᠋ᠤ᠌ ᠬᠡᠨ ᠴᠦ᠍ ᠤᠬᠢᠯᠠᠭᠰᠠᠨ ᠦᠭᠡᠢ ᠠᠵᠢ᠃ ᠶᠡᠷᠦ ᠬᠠᠮᠤᠭ ᠮᠣᠩᠭᠣᠯ ᠤ᠋ᠨ ᠲᠡᠦᠬᠡᠨ ᠳ᠋ᠦ᠍ ᠬᠠᠭᠠᠴᠠᠯ ᠦᠭᠡᠢ ᠠᠶᠠᠨ ᠡᠨᠡ ᠪᠣᠯᠪᠠ᠃ ᠣᠳᠣᠲᠤ ᠲᠩᠷᠢ ᠶ᠋ᠢᠨ ᠳᠣᠣᠷ᠎ᠠ ᠰᠥᠨᠢᠵᠢᠨ ᠡᠰᠦᠭ ᠵᠠᠯᠭᠢᠯᠠᠵᠤ᠂ ᠠᠯᠲᠠᠨ ᠤᠯᠤᠰ ᠤ᠋ᠨ ᠠᠮᠲᠠᠲᠤ ᠳᠠᠷᠠᠰᠤ ᠬᠦᠷᠲᠡᠨ ᠤᠷᠲᠤ ᠶ᠋ᠢᠨ ᠳᠠᠭᠤᠤ ᠶ᠋ᠢ ᠤᠶᠠᠩᠭᠠᠯᠠᠭᠤᠯᠤᠨ ᠠᠶᠠᠯᠵᠤ ᠠᠪᠠᠢ᠃ ᠡᠯ᠎ᠡ ᠨᠢᠯᠪᠤᠰᠤ ᠦᠭᠡᠢ ᠪᠠᠶᠠᠷ ᠲᠤ᠌ ᠰᠡᠳᠬᠢᠯ ᠳᠠᠯᠪᠢᠷᠠᠵᠤ᠂ ᠰᠠᠨᠠᠭ᠎ᠠ ᠠᠮᠤᠷ ᠨᠣᠢᠷᠰᠤᠭᠰᠠᠨ ᠴᠤ᠌ ᠪᠠᠶᠠᠷᠲᠤ ᠬᠦᠷᠢᠶ᠎ᠡ ᠦᠷ ᠦ᠋ᠨ ᠲᠠᠪᠤᠨ ᠵᠢᠩ ᠢ᠋ᠶ᠋ᠡᠷ ᠰᠡᠷᠡᠳᠡᠭ ᠴᠠᠭ ᠲᠠᠭᠠᠨ ᠯᠠ ᠳᠡᠭᠡᠭᠰᠢᠯᠡᠵᠦ ᠪᠢᠯᠡ᠃ ᠬᠠᠷᠯᠢ ᠺᠤ ᠬᠠᠲᠤᠨ ᠠᠯᠲᠠᠨ ᠲᠠᠷᠮᠠᠨ ᠤ᠋ ᠵᠡᠭᠦᠨ᠎ᠡ ᠭᠠᠯ ᠪᠠᠳᠠᠷᠠᠭᠠᠨ ᠰᠠᠭᠤᠬᠤ ᠳ᠋ᠤ᠌ ᠬᠥᠪᠡᠭᠦᠳ ᠨᠢ ᠬᠥᠬᠥᠵᠦ ᠥᠰᠦᠭᠰᠡᠨ ᠴᠦ᠍ ᠬᠡᠪ ᠨᠢ ᠠᠯᠳᠠᠷᠠᠭ᠎ᠠ ᠦᠭᠡᠢ ᠰᠡᠷᠡᠭᠡᠷ ᠬᠥᠬᠥ ᠤᠷᠤᠭᠤ ᠭᠠᠯ ᠤ᠋ᠨ ᠲᠤᠶᠠᠭ᠎ᠠ ᠡᠷᠬᠡᠯᠡᠨ ᠴᠣᠷᠣᠢᠯᠠᠨ ᠪᠠᠢᠬᠤ ᠠᠵᠢ᠃ ᠶᠡᠷᠦ ᠰᠠᠢᠬᠠᠨ ᠬᠠᠲᠤᠨ ᠶᠤᠮ᠃ ᠶᠡᠬᠡ ᠬᠠᠲᠤᠨ ᠬᠠᠭᠠᠨ ᠡᠵᠡᠨ ᠦ᠌ ᠪᠡᠨ ᠲᠣᠮᠣ ᠮᠥᠩᠭᠥᠨ ᠠᠶᠠᠭᠠᠨ ᠳ᠋ᠤ᠌ ᠦᠬᠡᠷ ᠦ᠋ᠨ ᠴᠠᠷᠴᠠᠭᠤ ᠬᠠᠪᠢᠷᠭ᠎ᠠ ᠠᠯᠠᠭᠯᠠᠭᠤᠯᠤᠨ ᠬᠥᠰᠬᠥᠯᠡᠭᠡᠳ᠂ ᠰᠦ ᠪᠣᠯᠤᠭᠰᠠᠨ ᠰᠢᠷᠭᠠᠯ ᠴᠠᠢ ᠬᠢᠵᠦ ᠪᠠᠢᠯ᠎ᠠ᠃ ᠭᠡᠷ ᠦ᠋ᠨ ᠡᠵᠡᠨ ᠦ᠌ ᠲᠦᠰᠢᠭ ᠪᠣᠯᠤᠭᠰᠠᠨ᠂ ᠣᠯᠠᠨ ᠵᠢᠯ ᠳ᠋ᠦ᠍ ᠵᠠᠩᠰᠢᠯ ᠪᠣᠯᠤᠭᠰᠠᠨ ᠨᠢᠭᠡᠨ ᠶᠣᠰᠣᠨ ᠡᠨᠡ ᠠᠪᠠᠢ᠃ ᠠᠶᠠᠨ ᠲᠡᠢᠨ ᠳ᠋ᠡᠭᠡᠨ ᠮᠣᠷᠳᠠᠭᠰᠠᠨ ᠭᠡᠷ ᠦ᠋ᠨ ᠡᠵᠡᠨ ᠢᠯᠠᠭᠠᠳ ᠴᠣ ᠢᠷᠡᠵᠦ ᠪᠣᠯᠤᠨ᠎ᠠ᠂ ᠢᠯᠠᠭᠳᠠᠭᠠᠳ ᠢᠷᠡᠵᠦ ᠴᠦ᠍ ᠪᠠᠰᠠ ᠪᠣᠯᠤᠨ᠎ᠠ᠃ ᠲᠡᠷᠡ ᠪᠣᠯᠭᠠᠨ ᠳ᠋ᠤ᠌ ᠭᠡᠷ ᠲᠡᠭᠡᠨ ᠢᠷᠡᠵᠦ ᠬᠣᠨᠣᠭᠰᠠᠨ ᠡᠳᠦᠷ ᠦ᠋ᠨ ᠥᠷᠯᠥᠭᠡ ᠡᠷᠦᠬᠡ ᠪᠡᠨ ᠲᠠᠲᠠᠵᠤ᠂ ᠭᠠᠯ ᠢ᠋ᠶ᠋ᠠᠨ ᠪᠠᠳᠠᠷᠠᠭᠠᠵᠤ᠂ ᠴᠠᠢ ᠪᠠᠨ ᠴᠢᠨᠠᠭᠠᠳ ᠳᠡᠭᠡᠵᠢ ᠶ᠋ᠢ ᠨᠢ ᠥᠪᠡᠷ ᠦ᠋ᠨ ᠭᠠᠷ ᠢ᠋ᠶ᠋ᠠᠷ ᠬᠠᠭᠠᠨ ᠳ᠋ᠠᠭᠠᠨ ᠪᠠᠷᠢᠳᠠᠭ ᠪᠢᠯᠡ᠃ ᠬᠠᠪᠤᠯ ᠴᠤ᠌ ᠡᠨᠡ ᠶᠣᠰᠣᠨ ᠳ᠋ᠤ᠌ ᠲᠡᠰᠴᠦ᠂ ᠢᠯᠠᠵᠤ ᠭᠠᠷᠤᠭᠰᠠᠨ ᠲᠡᠢᠨ ᠡᠴᠡ ᠣᠯᠵᠤ ᠢᠷᠡᠭᠰᠡᠨ ᠭᠤᠸ᠎ᠠ ᠲᠠᠲᠠᠪᠤᠷᠢ ᠡᠮᠡᠰ ᠢᠨᠵᠠᠭ᠎ᠠ ᠮᠡᠲᠦ ᠰᠠᠷᠲᠠᠢᠵᠤ᠂ ᠰᠤᠭᠤ ᠮᠡᠲᠦ ᠰᠣᠷᠲᠣᠢᠵᠤ ᠪᠠᠢᠪᠠᠴᠤ ᠳᠥᠷᠥᠭᠡ ᠮᠤᠯᠲᠤᠯᠤᠭᠰᠠᠨ ᠣᠷᠣᠢ ᠪᠠᠨ ᠶᠡᠬᠡ ᠬᠠᠲᠤᠨ ᠤ᠋ ᠦᠷᠭᠦᠭᠡᠨ ᠳ᠋ᠦ᠍ ᠬᠣᠨᠣᠭᠯᠠᠬᠤ ᠠᠵᠢ᠃ ᠴᠢᠩᠭᠢᠭᠡᠳ ᠥᠷᠯᠥᠭᠡ ᠬᠠᠷᠯᠢ ᠺᠤ ᠶ᠋ᠢᠨ ᠬᠣᠢᠮᠣᠷ ᠳᠡᠪᠡᠯ ᠢ᠋ᠶ᠋ᠡᠨ ᠨᠥᠮᠥᠭᠡᠨ ᠨᠥᠮᠥᠷᠦᠨ ᠵᠠᠪᠢᠯᠠᠵᠤ ᠰᠠᠭᠤᠭᠠᠳ ᠠᠶᠠᠭ᠎ᠠ ᠳᠦᠭᠦᠷᠡᠩ ᠬᠢᠷᠤᠵᠤ ᠬᠥᠰᠬᠥᠯᠡᠭᠰᠡᠨ ᠠᠯᠠᠭ ᠮᠢᠬ᠎ᠠ ᠠᠮᠠ ᠳᠦᠭᠦᠷᠡᠩ ᠵᠠᠵᠢᠯᠤᠨ ᠲᠠᠪᠠᠯᠠᠵᠤ ᠰᠤᠷᠤᠭᠰᠠᠨ ᠨᠢ ᠪᠣᠢ᠃ ᠡᠢᠨ ᠭᠠᠯ ᠢ᠋ᠶ᠋ᠠᠨ ᠰᠢᠷᠳᠡᠨ ᠠᠶᠠᠭ᠎ᠠ ᠴᠠᠢ ᠪᠠᠨ ᠳᠥᠴᠢᠨ ᠵᠢᠯ ᠬᠤᠪᠢᠶᠠᠨ ᠨᠠᠰᠤ ᠶ᠋ᠢ ᠪᠠᠷᠠᠭᠰᠠᠨ ᠤᠯᠤᠰ ᠶᠠᠷᠢᠬᠤ ᠶᠠᠭᠤᠮ᠎ᠠ ᠳᠠᠭᠤᠰᠪᠠᠯ ᠳᠠᠭᠤᠰᠴᠤ ᠪᠣᠯᠬᠤ ᠰᠠᠨ ᠪᠢᠯᠡ᠃ ᠭᠡᠲᠡᠯ᠎ᠡ ᠠᠬᠠᠷ ᠰᠠᠬᠠᠷ ᠶᠠᠷᠢᠶ᠎ᠠ ᠪᠠᠷ ᠴᠠᠢ ᠪᠠᠨ ᠳᠠᠪᠤᠰᠤᠯᠠᠵᠤ᠂ ᠢᠳᠡᠭᠡ ᠪᠡᠨ ᠠᠮᠲᠠᠯᠠᠬᠤ ᠨᠢ ᠪᠣᠢ᠃ ᠡᠨᠡ ᠤᠳᠠᠭ᠎ᠠ ᠬᠠᠲᠤᠨ ᠲᠥᠯᠥᠵᠦ ᠲᠥᠯᠥᠵᠦ᠂   
       — ᠬᠠᠭᠠᠨ ᠲᠠᠨ ᠳ᠋ᠤ᠌ ᠠᠢᠯᠠᠳᠬᠠᠯ ᠦᠭᠡ ᠪᠠᠢᠨ᠎ᠠ ᠰᠠᠨᠵᠠᠢ ᠭᠡᠯ᠎ᠡ᠃ ᠲᠥᠷᠥ ᠶ᠋ᠢᠨ ᠣᠷᠳᠣᠨ ᠳ᠋ᠤ᠌ ᠪᠤᠰᠤ ᠬᠡᠭᠡᠷ᠎ᠡ ᠶ᠋ᠢᠨ ᠲᠠᠷᠮᠠᠨ ᠳ᠋ᠤ᠌᠂ ᠲᠠᠮᠠᠭᠠᠲᠤ ᠰᠡᠨᠳᠡᠢ ᠳ᠋ᠦ᠍ ᠪᠤᠰᠤ ᠶᠡᠬᠡ ᠬᠠᠲᠤᠨ ᠤ᠋ ᠭᠡᠷ ᠲᠦ᠍ ᠠᠲᠠᠯ᠎ᠠ ᠢᠩᠭᠢᠵᠦ ᠶᠣᠰᠣᠷᠬᠠᠬᠤ ᠨᠢ ᠬᠠᠪᠤᠯ ᠳ᠋ᠤ᠌ ᠭᠠᠢᠬᠠᠯ ᠲᠥᠷᠥᠭᠦᠯᠵᠦ᠂ 
       — ᠬᠠᠷᠯᠢ ᠺᠤ ᠲᠠ ᠶᠠᠭᠤ ᠬᠡᠯᠡᠬᠦ ᠭᠡᠰᠡᠨ ᠢ᠋ᠶ᠋ᠡᠨ ᠬᠡᠯᠡ! ᠬᠡᠮᠡᠬᠦ ᠳ᠋ᠦ᠍ ᠲᠣᠷᠭᠠᠨ ᠤᠤᠵᠢᠨ ᠤ᠋ ᠬᠢᠨᠢ ᠡᠩᠭᠡᠷ ᠥᠭᠡᠳᠡ ᠣᠴᠢ ᠦᠰᠦᠴᠢᠭᠡ ᠦᠭᠡᠢ ᠠᠲᠠᠯ᠎ᠠ ᠬᠡᠢ ᠭᠦᠪᠢᠵᠦ᠂ ᠲᠡᠭᠡᠭᠰᠡᠨ ᠢ᠋ᠶ᠋ᠡᠨ ᠬᠢᠬᠦ ᠶᠠᠭᠤᠮ᠎ᠠ ᠪᠠᠨ ᠣᠯᠵᠤ ᠶᠠᠳᠠᠭᠰᠠᠨ ᠮᠡᠲᠦ ᠰᠣᠪᠤᠳᠤᠨ ᠤᠨᠵᠢᠯᠭ᠎ᠠ ᠪᠠᠨ ᠢᠮᠡᠷᠦᠨ ᠬᠣᠷᠣᠮ ᠬᠢᠷᠢ ᠳᠠᠭᠤ ᠦᠭᠡᠢ ᠰᠠᠭᠤᠭᠰᠠᠨ ᠢ᠋ᠶ᠋ᠠᠨ᠂ 
       — ᠮᠠᠨ ᠤ᠋ ᠬᠢ ᠴᠢᠨᠢ ᠬᠥᠮᠦᠨ ᠨᠡᠮᠡᠭᠳᠡᠭᠡᠳ ᠪᠠᠢᠭ᠎ᠠ ᠰᠢᠦ ᠳᠡ ᠭᠡᠪᠡ᠃ ᠬᠠᠪᠤᠯ ᠭᠠᠢᠬᠠᠨ ᠬᠠᠷᠠᠪᠠᠯ ᠳᠡᠪᠡᠯ ᠦ᠋ᠨ ᠬᠣᠷᠮᠣᠢ ᠡᠮᠬᠡᠷᠢᠳᠦᠨ ᠪᠠᠢᠵᠤ᠂ 
       — ᠡᠭᠦᠨ ᠡᠴᠡ ᠪᠣᠯᠵᠤ ᠥᠬᠢᠨᠪᠠᠷᠬᠠᠭ᠂ ᠬᠣᠲᠣᠯᠠ ᠬᠣᠶᠠᠷ ᠮᠠᠭᠤᠳᠠᠯᠴᠠᠭᠠᠳ ᠪᠠᠢᠭ᠎ᠠ ᠁ ᠬᠡᠮᠡᠯ᠎ᠡ᠃ 
       — ᠬᠤᠯᠠᠨ ᠠᠪᠠᠯᠢ ᠡᠬᠡᠨᠡᠷ ᠪᠠᠭᠤᠯᠭᠠᠭ᠎ᠠ ᠤᠤ? 
       — ᠦᠭᠡᠢ ᠪᠢᠯᠡ᠂ ᠬᠠᠭᠠᠨᠲᠠᠨ᠁ 
       — ᠲᠣᠳᠣᠢᠨ ᠤᠤ? ᠠᠬ᠎ᠠ ᠶ᠋ᠢ ᠪᠡᠨ ᠠᠪᠤᠭ᠎ᠠ ᠦᠭᠡᠢ ᠪᠠᠢᠬᠤ ᠳ᠋ᠤ᠌᠁ 
       — ᠦᠭᠡᠢ ᠳᠡ᠂ ᠡᠵᠡᠨᠲᠡᠨ ᠮᠢᠨᠢ᠃ ᠬᠣᠲᠣᠯᠠ ᠬᠦᠦ ᠬᠦᠷᠢᠶᠡᠨ ᠳ᠋ᠡᠭᠡᠨ ᠲᠠᠲᠠᠪᠤᠷᠢ ᠡᠮ᠎ᠡ ᠲᠡᠢ ᠪᠣᠯᠤᠭᠰᠠᠨ᠁ 
       — ᠲᠡᠷᠡ ᠡᠷ᠎ᠡ ᠬᠥᠮᠦᠨ ᠦ᠌ ᠶᠠᠪᠤᠳᠠᠯ ᠁ ᠭᠡᠰᠡᠨ ᠢ᠋ᠶ᠋ᠡᠨ ᠬᠠᠪᠤᠯ ᠬᠠᠭᠠᠨ ᠰᠠᠬᠠᠯ ᠳᠣᠣᠷ᠎ᠠ ᠪᠠᠨ ᠮᠤᠰᠢᠯᠵᠠᠨ《ᠡᠨᠡ ᠡᠮᠡᠰ ᠬᠡᠦᠬᠡᠨ ᠨᠦ᠍ᠭᠦᠳ ᠶᠠᠯᠢ ᠦᠭᠡᠢ ᠶᠠᠭᠤᠮ᠎ᠠ ᠶ᠋ᠢ ᠲᠩᠷᠢ ᠳ᠋ᠦ᠍ ᠬᠠᠲᠠᠭᠠᠳᠠᠭ ᠤᠯᠤᠰ》 ᠭᠡᠰᠡᠨ ᠰᠢᠦ ᠶᠠᠭᠤᠮ᠎ᠠ ᠪᠣᠳᠣᠵᠤ ᠰᠠᠭᠤᠲᠠᠯ᠎ᠠ ᠬᠠᠷᠯᠢ ᠺᠤ᠂ 
       — ᠬᠠᠭᠠᠨᠲᠠᠨ ᠠ᠋᠁ ᠲᠡᠷᠡ ᠲᠠᠲᠠᠪᠤᠷᠢ ᠡᠮ᠎ᠡ ᠨᠢ 《ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ ᠶᠠᠩᠬᠠᠨ》 ᠲᠠᠢ ᠥᠨᠥ ᠲᠠᠲ᠋ᠠᠷ ᠬᠡᠦᠬᠡᠨ ᠰᠢᠦ ᠳᠡ ᠭᠡᠯ᠎ᠡ᠃ ᠬᠠᠪᠤᠯ ᠬᠠᠭᠠᠨ ᠬᠡᠷᠡᠭ ᠦ᠋ᠨ ᠴᠠᠭᠠᠳᠤ ᠰᠡᠵᠢᠭᠦᠷ ᠢ᠋ ᠰᠠᠶᠢ ᠲᠣᠭᠣᠮᠰᠠᠷᠯᠠᠵᠤ᠂ ᠳᠤᠮᠳᠠᠭᠤᠷ ᠴᠠᠢ ᠲᠠᠢ ᠮᠥᠩᠭᠥᠨ ᠠᠶᠠᠭ᠎ᠠ ᠪᠠᠨ ᠶᠠᠪᠠᠭᠠᠨ ᠰᠢᠷᠡᠭᠡᠨ᠎ᠡ ᠵᠥᠭᠡᠯᠡᠬᠡᠨ ᠲᠠᠯᠪᠢᠪᠠ᠃ ᠡᠨᠡ ᠲᠣᠭᠯᠠᠭᠠᠮ ᠪᠢᠰᠢ ᠰᠠᠨᠵᠠᠢ᠃ ᠴᠢᠩᠭᠢᠲᠡᠯ᠎ᠡ ᠭᠠᠳᠠᠨ᠎ᠠ ᠠ᠋ᠴᠠ ᠬᠣᠲᠣᠯᠠ ᠨᠣᠶᠠᠨ ᠥᠪᠡᠷ ᠲᠤᠨᠢ ᠲᠡᠷᠡ ᠪᠣᠯᠭᠠᠨ ᠦᠯᠦ ᠠᠩᠵᠠᠭᠠᠷᠠᠭᠳᠠᠳᠠᠭ ᠨᠠᠮᠤᠭᠤᠨ ᠳᠦᠷᠢ ᠪᠡᠷ ᠵᠥᠭᠡᠯᠡᠨ ᠠᠯᠬᠤᠯᠠᠨ ᠣᠷᠣᠵᠤ ᠢᠷᠡᠭᠰᠡᠨ ᠢ᠋ᠶ᠋ᠡᠨ᠂   
       ᠎— ᠡᠵᠡᠨ ᠬᠠᠭᠠᠨ ᠰᠣᠶᠣᠷᠬ᠎ᠠ᠃ ᠪᠢ《ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ》 ᠠᠪᠤᠭᠰᠠᠨ ᠶᠠᠩᠬᠠᠨ ᠢ᠋ ᠲᠠᠲᠠᠪᠤᠷᠢ ᠡᠮ᠎ᠡ ᠪᠣᠯᠭᠠᠨ ᠬᠠᠶᠠᠭᠠᠨ ᠳ᠋ᠠᠭᠠᠨ ᠠᠪᠤᠭᠰᠠᠨ ᠪᠢᠯᠡ᠃ ᠲᠥᠷᠥ ᠶ᠋ᠢᠨ ᠶᠠᠯ᠎ᠠ ᠶ᠋ᠢ ᠭᠡᠯᠳᠦᠷᠢᠭᠦᠯᠵᠦ ᠬᠠᠢᠷᠠᠯᠠ! ᠭᠡᠬᠦ ᠳ᠋ᠦ᠍᠂ ᠬᠠᠪᠤᠯ ᠬᠠᠭᠠᠨ ᠨᠥᠮᠥᠭᠡᠨ ᠳᠡᠪᠡᠯ ᠦ᠋ᠨ ᠢ᠋ᠶ᠋ᠡᠨ ᠡᠩᠭᠡᠷ᠂ ᠵᠠᠭᠠᠮᠠᠨ ᠠ᠋ᠴᠠ ᠲᠡᠳᠡᠨ ᠠᠬᠢᠭᠤᠯᠵᠤ ᠨᠥᠮᠥᠷᠦᠭᠰᠡᠨ ᠢ᠋ᠶ᠋ᠡᠨ᠂ 
       — ᠡᠨᠡ ᠶᠠᠯ᠎ᠠ ᠶ᠋ᠢ ᠪᠢ ᠥᠭᠭᠦᠭᠡ ᠦᠭᠡᠢ᠃ ᠺᠢᠳᠠᠨ ᠨᠣᠶᠠᠨ ᠶᠸᠯᠢᠤᠢ ᠳᠠᠰᠢ ᠥᠭᠭᠦᠭᠰᠡᠨ ᠶᠦᠮ ᠭᠡᠯ᠎ᠡ᠃ 

                3  
       ᠢᠷᠭᠤᠢ ᠬᠠᠭᠳᠠᠷᠠᠵᠤ᠂ ᠴᠡᠴᠡᠭ ᠰᠣᠶᠣᠭᠠᠯᠠᠵᠤ ᠪᠣᠢ ᠠᠭᠤᠯᠠ ᠶ᠋ᠢᠨ ᠨᠣᠭᠣᠭᠠᠨ ᠦᠨᠦᠷ ᠢ᠋ ᠲᠡᠭᠡᠭᠡᠨ ᠢᠷᠡᠬᠦ ᠰᠠᠯᠬᠢᠨ ᠰᠡᠪᠰᠢᠶᠡᠨ ᠳ᠋ᠦ᠍ ᠬᠡ ᠲᠡᠢ ᠴᠡᠩᠬᠡᠷ ᠠᠰᠠᠷ ᠤ᠋ᠨ ᠬᠣᠷᠮᠣᠢ ᠳᠡᠷᠪᠡᠵᠦ᠂ ᠲᠦᠷᠦᠭᠦᠯᠡᠭᠡ ᠬᠠᠷᠠᠨ ᠬᠡᠪᠲᠡᠭᠰᠡᠨ ᠶᠢᠰᠦᠭᠡᠢ ᠶ᠋ᠢᠨ ᠨᠢᠴᠦᠭᠦᠨ ᠴᠡᠭᠡᠵᠢ ᠤᠷᠤᠭᠤ ᠰᠡᠷᠢᠭᠦᠦ ᠲᠠᠲᠠᠬᠤ ᠠᠵᠢ᠃ ᠲᠡᠷᠡ ᠪᠡᠷ ᠠᠯᠲᠠᠨ ᠲᠠᠷᠮᠠᠨ ᠠ᠋ᠴᠠ ᠬᠠᠷᠠᠴᠠ ᠦᠯᠦ ᠰᠠᠯᠭᠠᠨ ᠴᠢᠯᠡᠲᠡᠯ᠎ᠡ ᠬᠡᠪᠲᠡᠭᠰᠡᠨ ᠨᠢ ᠡᠨᠡ ᠪᠢᠯᠡ᠃ ᠦᠷ ᠦ᠋ᠨ ᠬᠢᠷᠠᠭᠠᠨ ᠢ᠋ᠶ᠋ᠠᠷ ᠲᠠᠲᠠᠪᠤᠷᠢ ᠬᠠᠲᠤᠨ ᠤ᠋ ᠵᠢᠵᠢᠭ ᠰᠢᠷ᠎ᠠ ᠴᠠᠴᠠᠷ ᠠ᠋ᠴᠠ ᠬᠥᠯ ᠦ᠋ᠨ ᠴᠢᠮᠡᠭᠡ ᠭᠠᠷᠴᠤ᠂ ᠬᠣᠲᠣᠯᠠ ᠨᠣᠶᠠᠨ ᠰᠥᠨᠢ ᠨᠣᠢᠷ ᠦᠭᠡᠢ ᠬᠣᠨᠣᠭᠰᠠᠨ ᠶᠠᠩᠵᠤ ᠲᠠᠢ ᠬᠥᠷᠵᠡᠭᠡᠷᠳᠡᠭᠦᠦ ᠴᠢᠷᠠᠢᠯᠠᠨ ᠭᠠᠷᠴᠤ ᠢᠷᠡᠭᠰᠡᠨ ᠢ᠋ᠶ᠋ᠡᠨ ᠡᠴᠢᠭᠡ ᠬᠠᠭᠠᠨ ᠤ᠋ ᠬᠢ ᠤᠷᠤᠭᠤ ᠰᠢᠢᠳᠦᠮᠡᠭ ᠠᠯᠬᠤᠵᠤ ᠠᠪᠠᠢ᠃ ᠭᠤᠸ᠎ᠠ ᠪᠦᠯᠵᠢᠭᠡᠨ ᠬᠠᠲᠤᠨ ᠤ᠋ ᠬᠤᠪᠢ ᠵᠠᠶᠠᠭ᠎ᠠ ᠬᠢᠲᠤᠭᠠᠨ ᠤ᠋ ᠢᠷ ᠳᠡᠭᠡᠷ᠎ᠡ ᠪᠣᠢ ᠶ᠋ᠢ ᠬᠥᠪᠡᠭᠦᠨ ᠭᠠᠳᠠᠷᠯᠠᠨ᠎ᠠ᠃ ᠡᠴᠢᠭᠡ ᠶ᠋ᠢᠨ ᠡᠵᠡᠭᠦᠢ ᠳ᠋ᠦ᠍ ᠲᠡᠭᠦᠨ ᠢ᠋ ᠬᠠᠶᠠᠭᠠᠨ ᠳ᠋ᠠᠭᠠᠨ ᠠᠪᠴᠤ ᠳᠡᠷ᠎ᠡ ᠨᠢᠭᠡᠳᠦᠭᠰᠡᠨ ᠬᠣᠲᠣᠯᠠ ᠠᠪᠠᠭ᠎ᠠ ᠡᠨᠡ ᠨᠢᠭᠦᠯ ᠢ᠋ᠶ᠋ᠡᠨ ᠬᠠᠭᠠᠨ ᠳ᠋ᠤ᠌ ᠠᠢᠯᠠᠳᠬᠠᠵᠤ᠂ ᠥᠷᠥᠰᠢᠶᠡᠯ ᠭᠤᠶᠤᠬᠤ ᠪᠠᠷ ᠪᠠᠷᠠᠯᠬᠠᠵᠤ ᠪᠣᠢ ᠶ᠋ᠢ ᠰᠡᠳᠬᠢᠯ ᠵᠢᠷᠦᠬᠡ ᠪᠡᠷ ᠢ᠋ᠶ᠋ᠡᠨ ᠮᠡᠳᠡᠷᠡᠵᠡᠢ᠃ ᠬᠠᠷᠠᠴᠠ ᠮᠥᠷᠭᠥᠯᠳᠦᠬᠦ ᠪᠦᠷᠢ ᠡᠭᠦᠯᠡᠨ ᠳ᠋ᠦ᠍ ᠲᠥᠭᠡᠷᠢᠭᠰᠡᠨ ᠠᠩᠭᠢᠷ ᠤ᠋ᠨ ᠵᠤᠯᠵᠠᠭ᠎ᠠ ᠮᠡᠲᠦ ᠠᠷᠠᠴᠢᠭ᠎ᠠ ᠦᠭᠡᠢ ᠨᠠᠮᠤᠭᠤᠬᠠᠨ ᠢ᠋ᠶ᠋ᠠᠷ ᠨᠢᠳᠦ ᠪᠤᠷᠤᠭᠤᠯᠠᠵᠤ ᠡᠷ᠎ᠡ ᠶ᠋ᠢᠨ ᠶᠠᠮᠠᠷ ᠴᠦ᠍ ᠠᠪᠤᠷᠢ ᠶ᠋ᠢ ᠳᠠᠰᠤᠨ ᠥᠩᠭᠡᠷᠡᠭᠡᠬᠦ ᠡᠮ᠎ᠡ ᠰᠢᠳᠢ ᠶ᠋ᠢ ᠮᠡᠳᠡᠷᠡᠭᠦᠯᠦᠨ ᠪᠠᠢᠳᠠᠭ ᠪᠦᠯᠵᠢᠭᠡᠨ ᠥᠵᠢᠨ ᠦ᠌ ᠵᠠᠶᠠᠭ᠎ᠠ ᠥᠪᠡᠷ ᠲᠤᠨᠢ ᠶᠠᠮᠠᠷ ᠨᠢᠭᠡᠨ ᠲᠠᠯ᠎ᠠ ᠪᠠᠷ ᠬᠠᠮᠢᠶ᠎ᠠ ᠲᠠᠢ ᠰᠠᠨᠠᠭᠳᠠᠬᠤ ᠨᠢ ᠪᠣᠢ᠃ ᠡᠢᠨ ᠬᠠᠷᠠᠵᠤ ᠬᠡᠪᠲᠡᠲᠡᠯ᠎ᠡ ᠬᠣᠲᠣᠯᠠ ᠴᠢᠷᠠᠢ ᠪᠠᠷᠤᠭᠠᠷ ᠲᠣᠯᠣᠭᠠᠢ ᠭᠤᠳᠤᠭᠠᠷ ᠭᠠᠷᠴᠤ ᠢᠷᠡᠭᠡᠳ᠂ ᠬᠠᠷ᠎ᠠ ᠵᠢᠷᠦᠬᠡᠨ ᠦ᠌ ᠬᠥᠬᠡ ᠨᠠᠭᠤᠷ ᠪᠦᠴᠢᠨ ᠪᠠᠭᠤᠭᠰᠠᠨ ᠬᠦᠷᠢᠶ᠎ᠡ ᠶ᠋ᠢ ᠨᠢᠳᠦ ᠭᠦᠶᠦᠯᠭᠡᠵᠦ ᠤᠳᠠᠭᠠᠨ ᠬᠠᠷᠠᠭᠰᠠᠨ ᠢ᠋ᠶ᠋ᠠᠨ ᠨᠢᠭᠡᠨᠲᠡ ᠴᠡᠭᠡᠵᠢ ᠳᠦᠭᠦᠷᠡᠩ ᠠᠮᠢᠰᠬᠤᠭ᠎ᠠ ᠠᠪᠤᠪᠠ᠃ ᠴᠢᠩᠭᠢᠭᠡᠳ ᠶᠡᠬᠡ ᠬᠠᠲᠤᠨ ᠤ᠋ ᠥᠷᠭᠥᠭᠡ ᠥᠭᠡᠳᠡ ᠱᠠᠯᠠᠮᠠᠭᠠᠢ ᠠᠯᠬᠤᠭᠰᠠᠨ ᠢ᠋ᠶ᠋ᠠᠨ ᠬᠡᠨ ᠨᠢᠭᠡ ᠶ᠋ᠢ ᠳᠠᠭᠤᠳᠠᠵᠤ ᠬᠠᠷᠠᠭᠳᠠᠨ᠎ᠠ᠃ ᠲᠦᠳᠡᠬᠡᠨ《ᠠᠢᠯ ᠤ᠋ᠨ ᠲᠣᠭᠣᠭ᠎ᠠ ᠥᠩᠭᠡᠢᠵᠦ ᠠᠮᠢ ᠵᠠᠭᠤᠬᠤ ᠶᠠᠯᠠᠲᠤ》ᠬᠠᠲᠤᠨ ᠤ᠋ ᠭᠠᠭᠴᠠ ᠬᠦᠦ ᠲᠡᠢ ᠬᠦᠷᠢᠶᠡᠨ ᠦ᠌ ᠵᠠᠬ᠎ᠠ ᠳ᠋ᠤ᠌ ᠰᠠᠷᠠ ᠫᠠᠢ ᠬᠠᠷᠪᠤᠬᠤ ᠠᠭᠰᠠᠨ ᠮᠡᠯᠲᠡᠭ ᠬᠢᠶ᠎ᠡ ᠫᠡᠷ ᠫᠡᠷ ᠭᠦᠶᠦᠨ ᠢᠷᠡᠵᠦ ᠦᠵᠡᠭᠳᠡᠨ᠎ᠡ᠃ ᠲᠡᠳᠡ ᠤᠳᠠᠭᠠᠨ ᠶᠠᠷᠢᠯᠴᠠᠵᠤ ᠪᠣᠢ ᠶ᠋ᠢ ᠰᠡᠳᠬᠢᠯ ᠳᠣᠭᠳᠣᠯᠤᠨ ᠰᠢᠷᠳᠡᠵᠦ ᠬᠡᠪᠲᠡᠲᠡᠯ᠎ᠡ ᠠᠷᠤ ᠳ᠋ᠤᠨᠢ ᠨᠡᠭᠦᠨ ᠠᠬ᠎ᠠ ᠶ᠋ᠢᠨ ᠳᠠᠭᠤ ᠭᠠᠷᠴᠤ᠂ 
       — ᠮᠡᠯᠲᠡᠭ ᠬᠢᠶ᠎ᠡ ᠡᠴᠡ ᠠᠰᠠᠭᠤᠪᠠᠯ ᠯᠠ ᠮᠡᠳᠡᠵᠦ ᠪᠣᠯᠬᠤ ᠶᠤᠮ ᠪᠠᠢᠨ᠎ᠠ ᠭᠡᠯ᠎ᠡ᠃ ᠶᠢᠰᠦᠭᠡᠢ ᠳᠡᠭᠦᠦ ᠶ᠋ᠢᠨ ᠢ᠋ᠶ᠋ᠡᠨ ᠴᠡᠭᠡᠵᠢᠨ ᠳᠣᠲᠣᠷ᠎ᠠ ᠣᠷᠣᠭᠰᠠᠨ ᠶᠤᠮ ᠰᠢᠭ᠋ ᠡᠢᠨ ᠬᠡᠯᠡᠪᠡ᠃ ᠴᠠᠭ ᠤ᠋ᠨ ᠴᠠᠭ ᠲᠤ᠌ ᠲᠣᠭᠯᠠᠭᠠᠮ ᠱᠣᠭᠯᠠᠭᠠᠮ ᠬᠢᠵᠦ ᠶᠠᠪᠤᠳᠠᠭ ᠨᠢᠭᠡᠨ ᠲᠤᠯᠠ ᠪᠠᠰᠠ ᠴᠠᠭᠠᠰᠢᠯᠠᠭᠤᠯᠵᠤ ᠪᠠᠢᠵᠤ ᠮᠡᠳᠡᠨ᠎ᠡ ᠭᠡᠮᠡᠨ ᠬᠠᠷᠠᠪᠠᠯ ᠦᠨᠡᠨ ᠰᠠᠨᠠᠭᠠᠨ ᠠ᠋ᠴᠠ ᠥᠭᠦᠯᠡᠭᠰᠡᠨ ᠠᠵᠢ᠃ ᠨᠡᠭᠦᠨ᠂ 
       — ᠬᠠᠭᠠᠨ ᠡᠪᠦᠭᠡ ᠬᠣᠲᠣᠯᠠ ᠠᠪᠠᠭ᠎ᠠ ᠳ᠋ᠤ᠌ ᠳᠠᠭ᠎ᠠ ᠲᠠᠢ ᠦᠭᠡ ᠠᠢᠯᠠᠳᠤᠭᠰᠠᠨ ᠦᠭᠡᠢ ᠠᠵᠢ᠃ ᠨᠢᠭᠤᠷᠤᠨ ᠳᠡᠭᠡᠷ᠎ᠡ ᠨᠢ ᠪᠢᠴᠢᠭᠡᠰᠦᠲᠡᠢ ᠪᠠᠢᠨ᠎ᠠ ᠪᠢᠰᠢ ᠤᠤ᠃ 
      — ᠵᠠᠶᠠᠭ᠎ᠠ ᠮᠠᠭᠤ ᠲᠠᠢ ᠠᠮᠢᠲᠠᠨ ᠶᠤᠮ ᠳᠠ᠂ ᠬᠥᠭᠡᠷᠦᠬᠦᠢ᠃ 
       — ᠣᠯᠵᠠᠨ ᠤ᠋ ᠡᠮ᠎ᠡ ᠳ᠋ᠦ᠍ ᠨᠢᠳᠦ ᠪᠤᠤ ᠠᠯᠲᠠ᠂ ᠶᠢᠰᠦᠭᠡᠢ ᠳᠡᠭᠦᠦ᠃ ᠬᠠᠭᠠᠨ ᠬᠥᠮᠦᠨ ᠦ᠌ ᠦᠷ᠎ᠡ ᠡᠮᠡᠭᠡᠯ ᠳᠤᠬᠤᠭ᠎ᠠ ᠦᠭᠡᠢ ᠬᠦᠯᠦᠭ ᠤᠨᠤᠵᠤ᠂ ᠡᠷ᠎ᠡ ᠶ᠋ᠢᠨ ᠠᠮᠢᠰᠬᠤᠭ᠎ᠠ ᠬᠦᠷᠦᠭᠡ ᠦᠭᠡᠢ ᠡᠮ᠎ᠡ ᠡᠪᠦᠷᠲᠦᠯᠡᠨ᠎ᠡ ᠠ᠋᠃ 
       — ᠠᠪᠠᠯᠢ ᠬᠠᠲᠤᠨ ᠪᠠᠭᠤᠯᠭᠠᠬᠤ ᠨᠢ ᠴᠦ᠍ ᠶᠠᠭᠤ ᠪᠣᠢ᠃ ᠠᠮᠢᠨ ᠳ᠋ᠠᠭᠠᠨ ᠳᠠᠮ ᠪᠣᠯᠤᠶ᠎ᠠ ᠤᠤ ᠯᠠ ᠭᠡᠵᠦ ᠪᠣᠳᠣᠭᠰᠠᠨ ᠶᠤᠮ᠃ 
       — ᠶᠢᠰᠦᠭᠡᠢ ᠳᠡᠭᠦᠦ ᠳ᠋ᠦ᠍ ᠬᠠᠲᠤᠨ ᠣᠯᠵᠤ ᠥᠭᠭᠦᠨ᠎ᠡ ᠠ᠋ ᠭᠡᠳ ᠨᠡᠭᠦᠨ ᠠᠭᠠᠳᠠᠭᠠᠨᠠᠨ ᠢᠨᠢᠶᠡᠬᠦ ᠳ᠋ᠦ᠍ ᠶᠢᠰᠦᠭᠡᠢ ᠤᠷᠤᠭᠤᠯ ᠢ᠋ ᠨᠢ ᠭᠠᠷ ᠤ᠋ᠨ ᠢ᠋ᠶ᠋ᠠᠨ ᠠᠷᠤ ᠪᠠᠷ ᠳᠠᠷᠤᠵᠤ᠂ 
       — ᠴᠢᠮᠡᠭᠡ ᠦᠭᠡᠢ! ᠭᠡᠯ᠎ᠡ᠃  ᠮᠠᠯᠲᠠᠭ ᠬᠢᠶ᠎ᠡ ᠡᠪᠦᠭᠡ ᠬᠠᠭᠠᠨ ᠤ᠋ ᠥᠷᠭᠥᠭᠡ ᠤᠷᠤᠭᠤ ᠭᠦᠶᠦᠯ᠎ᠡ᠃《ᠠᠮᠢᠨ ᠳ᠋ᠤ᠌ ᠲᠤᠯᠤᠭᠰᠠᠨ ᠠᠯᠪᠠ ᠳᠡᠭᠳᠡᠵᠡᠢ ᠳᠡ》ᠭᠡᠳ ᠨᠡᠭᠦᠨ ᠤᠬᠤᠰᠬᠢᠨ ᠪᠣᠰᠴᠤ ᠥᠷᠥᠭᠡᠯᠳᠡᠭᠰᠡᠨ ᠳᠡᠪᠡᠯ ᠢ᠋ᠶ᠋ᠡᠨ ᠡᠮᠦᠰᠴᠦ᠂ ᠠᠰᠠᠷ ᠤ᠋ᠨ ᠪᠠᠭᠠᠨ᠎ᠠ ᠠ᠋ᠴᠠ ᠪᠦᠰᠡ ᠪᠡᠨ ᠠᠪᠴᠤ ᠪᠦᠰᠡᠯᠡᠨ ᠶᠡᠦᠳᠡᠨ ᠮᠠᠯᠠᠭᠠᠢ ᠪᠠᠨ ᠬᠠᠰᠢ ᠶᠠᠰᠢᠬᠠᠨ ᠰᠢᠭ᠋ ᠬᠠᠶᠠᠪᠠ᠃ ᠶᠢᠰᠦᠭᠡᠢ ᠴᠦ᠍ ᠶᠠᠭᠠᠷᠠᠨ ᠬᠤᠪᠴᠠᠰᠤᠯᠠᠵᠤ ᠠᠮᠠ ᠲᠦᠷᠭᠡᠨ᠂ ᠶᠠᠪᠤᠳᠠᠯ ᠬᠡᠢᠰᠬᠡᠯᠡᠭᠦᠨ ᠴᠦ᠍ ᠬᠥᠭᠰᠢᠨ ᠵᠠᠯᠠᠭᠤ ᠬᠢᠭᠡᠳ ᠳᠡᠭᠡᠳᠦᠰ ᠳᠣᠣᠷᠠᠳᠤᠰ ᠬᠡᠨ ᠲᠡᠢ ᠴᠦ᠍ ᠪᠣᠯᠪᠠ ᠨᠢ ᠨᠣ ᠦᠭᠡᠢ ᠶᠠᠪᠤᠵᠤ ᠴᠢᠳᠠᠬᠤ ᠨᠡᠭᠦᠨ ᠠᠬ᠎ᠠ ᠪᠠᠨ ᠳᠠᠭᠠᠵᠤ ᠭᠠᠷᠤᠯ᠎ᠠ᠃ ᠡᠨᠡ ᠬᠢᠷᠢ ᠮᠡᠯᠲᠡᠩ ᠬᠢᠶ᠎ᠡ ᠶᠡᠬᠡ ᠲᠠᠷᠮᠠᠨ ᠤ᠋ ᠬᠣᠷᠭᠣᠢ ᠡᠭᠦᠳᠡ ᠶ᠋ᠢ ᠭᠦᠨ ᠬᠦᠨᠳᠦᠳᠬᠡᠯ ᠲᠡᠢ ᠣᠷᠬᠢᠭᠠᠳ ᠪᠥᠭᠲᠦᠭ ᠪᠥᠭᠲᠦᠭ᠂ ᠮᠠᠢᠵᠢᠭᠢ ᠮᠠᠢᠵᠢᠭᠢ ᠬᠢᠨ ᠲᠤᠩ ᠶᠠᠭᠠᠷᠠᠤ ᠠᠯᠬᠤᠵᠤ ᠶᠠᠪᠤᠬᠤ ᠳ᠋ᠤ᠌ ᠨᠡᠭᠦᠨ᠂ 
       — ᠮᠡᠯᠲᠡᠩ! ᠭᠡᠪᠡᠯ ᠨᠠᠪᠲᠠᠰᠬᠢᠭᠰᠡᠨ ᠢ᠋ᠶ᠋ᠡᠨ ᠰᠠᠶᠢ ᠬᠠᠨ ᠬᠥᠪᠡᠭᠦᠳ ᠢ᠋ ᠬᠠᠷᠠᠵᠤ ᠰᠡᠭᠰᠡᠭᠡᠨᠡᠨ ᠭᠦᠶᠦᠵᠦ ᠢᠷᠡᠭᠡᠳ᠂ 
       — ᠡᠷᠬᠢᠮ ᠨᠡᠭᠦᠨ ᠶᠠᠭᠤ ᠠᠢᠯᠠᠳᠬᠤ ᠰᠠᠨ ᠪᠣᠯ? ᠭᠡᠯ᠎ᠡ᠃ ᠨᠡᠭᠦᠨ ᠳᠡᠭᠡᠳᠦ ᠤᠷᠤᠭᠤᠯ ᠳᠡᠭᠡᠷ᠎ᠡ ᠨᠢ ᠬᠠᠷᠠᠯᠠᠨ ᠲᠠᠷᠯᠠᠨᠲᠤᠵᠤ ᠬᠠᠷᠠᠭᠳᠠᠬᠤ ᠨᠢᠯᠬ᠎ᠠ ᠵᠢᠪᠡᠷᠢ ᠪᠡᠨ ᠢᠯᠢᠭᠰᠡᠨ ᠢ᠋ᠶ᠋ᠡᠨ᠂ 
       — ᠬᠠᠭᠠᠨ ᠡᠪᠦᠭᠡ ᠳᠣᠲᠣᠷ᠎ᠠ ᠭᠠᠵᠠᠷ ᠤ᠋ᠨ ᠵᠢᠮᠢᠰ ᠥᠭᠪᠡ ᠤᠤ? ᠭᠡᠬᠦ ᠳ᠋ᠦ᠍ ᠮᠡᠯᠲᠡᠩ ᠬᠢᠶ᠎ᠡ᠂ 
       — ᠥᠭᠭᠦᠭᠰᠡᠨ ᠠ᠋᠂ ᠥᠭᠭᠦᠭᠰᠡᠨ᠁ ᠶᠡᠬᠡ ᠬᠠᠲᠤᠨ ᠬᠡᠰᠢᠭ ᠬᠦᠷᠲᠡᠭᠡᠭᠰᠡᠨ ᠭᠡᠵᠦ ᠡᠪᠦᠷ ᠢ᠋ᠶ᠋ᠡᠨ ᠠᠭᠤᠳᠠᠯᠪᠠᠯ ᠶᠢᠰᠦᠭᠡᠢ· 
       — ᠡᠪᠦᠭᠡ ᠬᠠᠭᠠᠨ ᠥᠪᠡᠷ ᠢ᠋ ᠲᠠᠨᠢ ᠶᠠᠭᠤᠨ ᠳ᠋ᠤ᠌ ᠵᠠᠷᠤᠪᠠ ᠭᠡᠯ᠎ᠡ᠃ ᠮᠡᠯᠲᠡᠩ ᠬᠢᠶ᠎ᠡ ᠡᠪᠦᠷ ᠡᠴᠡ ᠪᠡᠨ ᠬᠡᠳᠦᠨ ᠴᠢᠪᠠᠭ᠎ᠠ ᠭᠠᠷᠭᠠᠵᠤ ᠢᠷᠡᠭᠡᠳ ᠢᠮᠡᠷᠦᠨ ᠪᠠᠢᠭᠰᠠᠨ ᠢ᠋ᠶ᠋ᠠᠨ᠂ 
       — ᠬᠠᠨ ᠨᠣᠶᠠᠳ ᠮᠢᠨᠢ ᠰᠦᠢᠳ ᠪᠣᠯᠵᠠᠢ᠂ ᠬᠡᠷᠡᠢᠳ ᠦ᠋ᠨ ᠪᠣᠶᠤᠷᠤᠭ ᠬᠣᠷᠵᠠᠬᠤᠰ ᠤ᠋ᠨ ᠬᠠᠲᠤᠨ ᠢᠯᠮ᠎ᠠ᠂ ᠨᠤᠭᠤᠨ ᠬᠥᠪᠡᠭᠦᠨ ᠲᠣᠭᠣᠷᠢᠯ ᠬᠣᠶᠠᠷ ᠦᠵᠢᠮᠡᠢ ᠬᠠᠭᠠᠨ ᠤ᠋ ᠠᠰᠷᠠᠮᠵᠢᠨ ᠳ᠋ᠤ᠌ ᠪᠠᠢᠨ᠎ᠠ ᠭᠡᠨ᠎ᠡ᠃ ᠡᠭᠦᠨ ᠢ᠋ ᠲᠤᠭᠤᠯᠭ᠎ᠠ! ᠰᠤᠮᠤ ᠮᠡᠲᠦ ᠨᠢᠰ᠂ ᠰᠠᠯᠬᠢ ᠮᠡᠲᠦ ᠭᠦᠶᠦ ᠭᠡᠪᠡ ᠨᠠᠮᠠᠶ᠋ᠢ ᠭᠡᠳ ᠮᠥᠨ ᠯᠡ ᠮᠠᠢᠵᠢᠭᠢ ᠮᠠᠢᠵᠢᠭᠢ᠂ ᠶᠠᠢᠵᠢᠬᠢ ᠵᠠᠢᠵᠢᠭᠢ ᠭᠡᠮᠡᠨ ᠬᠣᠶᠠᠷ ᠳᠠᠰᠢ ᠪᠠᠨ ᠰᠠᠪᠠᠴᠢᠨ ᠭᠦᠶᠦᠵᠦ ᠣᠳᠬᠤ ᠳ᠋ᠤ᠌ ᠪᠠᠷᠢᠵᠤ ᠶᠠᠪᠤᠭ᠎ᠠ ᠮᠥᠩᠭᠥᠨ ᠬᠠᠵᠠᠭᠠᠷ ᠤ᠋ᠨ ᠲᠣᠪᠣᠷᠤᠤ ᠬᠠᠩᠭᠢᠷ ᠵᠢᠩᠭᠢᠷ᠂ ᠬᠠᠩᠭᠢᠷ ᠵᠢᠩᠭᠢᠷ ᠠᠯᠤᠰᠯᠠᠵᠠᠢ᠃ 
       — ᠶᠡᠷᠦ ᠮᠠᠯᠲᠠᠭ ᠬᠢᠶ᠎ᠡ ᠳ᠋ᠦ᠍ ᠡᠨᠡ ᠮᠡᠲᠦ ᠴᠢᠬᠤᠯᠠ ᠠᠯᠪᠠ ᠣᠨᠣᠭᠳᠠᠵᠤ ᠪᠠᠢᠭᠰᠠᠨ ᠨᠢ ᠦᠭᠡᠢ ᠶᠦᠮ᠃ ᠶᠡᠬᠡ ᠬᠠᠭᠠᠨ ᠲᠡᠭᠦᠨ ᠢ᠋ ᠬᠥᠮᠦᠨ ᠭᠡᠮᠡᠨ ᠲᠣᠭᠣᠵᠤ᠂ 
       — ᠮᠡᠯᠲᠡᠩ ᠮᠢᠨᠢ᠁ ᠭᠡᠵᠦ ᠳᠣᠲᠣᠨᠣᠴᠢᠯᠠᠨ᠂ 
       — ᠬᠡᠷᠡᠢᠳ ᠤᠯᠤᠰ ᠤ᠋ᠨ ᠵᠠᠶᠠᠭ᠎ᠠ ᠭᠤᠳᠤᠢᠭᠰᠠᠨ ᠳᠡᠭᠡᠷ᠎ᠡ ᠪᠡᠨ ᠭᠣᠳᠣᠢᠵᠤ ᠬᠣᠷᠵᠠᠬᠣᠰ  ᠪᠣᠶᠤᠷᠤᠭ ᠤ᠋ᠨ ᠬᠠᠲᠤᠨ᠂ ᠬᠦᠦ ᠬᠣᠶᠠᠷ ᠤ᠋ᠨ ᠠᠯᠲᠠᠨ ᠤᠯᠤᠰ ᠤ᠋ᠨ ᠠᠰᠠᠷᠠᠮᠵᠢᠨ ᠳ᠋ᠤ᠌ ᠪᠠᠢᠬᠤ ᠠᠵᠢ᠃ ᠬᠡᠦᠬᠡᠨ ᠬᠥᠮᠦᠨ ᠶᠠᠭᠠᠬᠢᠬᠤ ᠪᠣᠢ᠃ ᠦᠰᠦ ᠤᠷᠲᠤ ᠤᠬᠠᠭᠠᠨ ᠪᠣᠭᠣᠨᠢ ᠪᠢᠯᠡ᠃ ᠬᠦᠦ ᠶ᠋ᠢ ᠬᠠᠷᠢᠨ ᠪᠢ ᠶᠡᠬᠡ ᠲᠣᠭᠣᠪᠠ᠃ ᠲᠡᠷᠡ ᠴᠣᠪᠣᠭᠣ ᠬᠦᠦ ᠨᠠᠳᠠ《ᠲᠤᠤᠯᠠ ᠶ᠋ᠢᠨ ᠮᠥᠰᠥᠨ ᠳᠡᠭᠡᠷ᠎ᠡ ᠬᠠᠷᠪᠤᠨ ᠲᠣᠭᠯᠠᠳᠠᠭ ᠲᠣᠭᠣᠯᠭᠠᠨ ᠬᠣᠶᠠᠷ ᠱᠠᠭᠠᠢ ᠲᠠᠢ ᠶᠤᠮ ᠰᠠᠨ᠃ ᠮᠥᠰᠥ ᠨᠢ ᠴᠥᠮᠥᠷᠡᠵᠦ ᠵᠢᠪᠦᠭᠡ ᠦᠭᠡᠢ ᠪᠣᠯ᠂ ᠮᠥᠷᠡᠨ ᠨᠢ ᠰᠢᠷᠭᠢᠵᠦ ᠬᠠᠲᠠᠭ᠎ᠠ ᠦᠭᠡᠢ ᠪᠣᠯ ᠬᠦᠷᠭᠡᠭᠦᠯ》 ᠭᠡᠵᠦ ᠬᠡᠯᠡᠭᠦᠯᠦᠭᠰᠡᠨ᠃ ᠡᠨᠡ ᠦᠭᠡ ᠶ᠋ᠢ ᠪᠤᠶᠤᠷᠤᠭ  ᠲᠤ᠌ ᠳᠠᠮᠵᠢᠭᠤᠯ᠃ ᠬᠠᠭᠠᠨ ᠮᠢᠨᠦ ᠦᠭᠡ ᠦᠨᠡᠨ ᠪᠣᠯᠬᠤ ᠶ᠋ᠢ ᠬᠠᠵᠠᠭᠠᠷ ᠮᠢᠨᠢ ᠭᠡᠷᠡᠴᠢᠯᠡᠨ᠎ᠡ᠂ ᠮᠠᠢ᠁ ᠮᠣᠷᠢ ᠬᠠᠷᠠᠵᠤ᠂ ᠪᠡᠶ᠎ᠡ ᠬᠠᠮᠠᠭᠠᠯᠠᠬᠤ ᠬᠥᠮᠦᠨ ᠠᠪᠤᠭᠠᠷᠠᠢ ᠭᠡᠵᠡᠢ᠃ 
       — ᠡᠢᠨ ᠨᠠᠰᠤ ᠠᠬᠢᠭᠰᠠᠨ ᠠᠯᠪᠠᠲᠤ ᠶ᠋ᠢᠨ ᠬᠤᠪᠢ ᠳ᠋ᠤ᠌ ᠳᠣᠲᠣᠨᠣᠴᠢᠯᠠᠭᠰᠠᠨ ᠳ᠋ᠤ᠌ ᠶᠡᠬᠡ ᠯᠡ ᠪᠡᠶᠡᠰᠴᠦ ᠥᠳᠥ ᠮᠡᠲᠦ ᠬᠥᠩᠭᠡᠨ ᠪᠣᠯᠤᠭᠰᠠᠨ ᠠᠪᠠᠢ᠃ ᠲᠡᠷᠡ ᠪᠡᠷ ᠦᠭᠡ ᠨᠣᠶᠠᠨ ᠳ᠋ᠤ᠌ ᠬᠠᠷᠪᠤᠭ᠎ᠠ ᠵᠢᠭᠠᠵᠤ ᠥᠭᠴᠦ ᠪᠠᠢᠭᠰᠠᠨ ᠭᠠᠵᠠᠷ ᠢ᠋ᠶ᠋ᠠᠨ ᠣᠴᠢᠭᠠᠳ· 
       — ᠬᠦᠦ ᠴᠢ ᠨᠠᠳᠠ ᠲᠠᠢ ᠶᠠᠪᠤᠬᠤ ᠤᠤ? ᠭᠡᠵᠦ ᠶᠡᠬᠡ ᠯᠡ ᠬᠥᠷ ᠪᠣᠯᠤᠨ ᠠᠰᠠᠭᠤᠪᠠᠯ᠂ 
       — ᠬᠠᠮᠢᠭᠠᠰᠢ ᠪᠠᠨ? ᠭᠡᠳ ᠲᠡᠮᠦᠵᠢᠨ ᠦᠭᠡ ᠦᠷᠭᠦᠨ ᠨᠢᠰᠬᠦ ᠰᠢᠪᠠᠭᠤᠨ ᠵᠢᠭᠦᠷ ᠮᠡᠲᠦ ᠬᠥᠮᠥᠰᠬᠡ ᠡᠷᠭᠦᠨ ᠬᠠᠷᠠᠬᠤ ᠳ᠋ᠤ᠌᠂ 
       — ᠪᠤᠷᠬᠠᠨ ᠬᠠᠯᠳᠤᠨ ᠢ᠋ ᠥᠪᠥᠷᠯᠡᠵᠦ᠂ ᠵᠢᠯᠡᠮ᠎ᠡ ᠠᠭᠤᠯᠠ ᠶ᠋ᠢ ᠥᠷᠥᠯᠡᠵᠦ᠂ ᠥᠯᠥᠭᠡᠢ ᠪᠤᠯᠠᠭ ᠲᠤ᠌ ᠬᠣᠨᠣᠭᠯᠠᠵᠤ᠂ ᠭᠠᠴᠤᠷᠠᠲᠠᠢ᠂ ᠤᠯᠢᠶᠠᠰᠤᠲᠠᠢ ᠳᠠᠮᠵᠢᠨ ᠲᠤᠤᠯᠠ ᠶ᠋ᠢᠨ ᠬᠠᠷ᠎ᠠ ᠰᠢᠭᠤᠢ ᠬᠦᠷᠦᠨ᠎ᠡ ᠳᠡ ᠭᠡᠯ᠎ᠡ᠃ 
       — ᠬᠡᠷᠡᠢᠳ ᠦ᠋ᠨ ᠨᠤᠲᠤᠭ ᠤᠤ? 
       — ᠦᠭᠡ ᠨᠣᠶᠠᠨ᠂ ᠴᠢ ᠶᠡᠷᠦ ᠨᠢ ᠡᠨᠡ ᠵᠢᠵᠢᠭ ᠴᠡᠭᠡᠵᠢᠨ ᠳ᠋ᠦ᠍ ᠲᠣᠮᠣ ᠰᠠᠨᠠᠭ᠎ᠠ ᠲᠡᠭᠡᠭᠡᠵᠦ ᠶᠠᠪᠤᠳᠠᠭ ᠬᠥᠮᠦᠨ ᠠ᠋᠃ 
       — ᠪᠢ ᠲᠡᠢᠮᠦ ᠵᠢᠵᠢᠭ ᠴᠡᠭᠡᠵᠢ ᠲᠡᠢ ᠤᠤ? ᠮᠠᠯᠲᠠᠭ ᠬᠢᠶ᠎ᠡ ᠨᠢᠳᠦ ᠪᠡᠨ ᠠᠨᠢᠪᠴᠢᠨ ᠲᠡᠭᠦᠨ ᠢ᠋ ᠬᠥᠯ ᠡᠴᠡ ᠲᠣᠯᠣᠭᠠᠢ ᠬᠦᠷᠲᠡᠯ᠎ᠡ ᠰᠢᠷᠲᠡᠬᠦ ᠳ᠋ᠡᠭᠡᠨ ᠥᠪᠡᠷ ᠦ᠋ᠨ ᠢ᠋ᠶ᠋ᠡᠨ ᠠᠰᠠᠷᠠᠮᠵᠢᠨ ᠳ᠋ᠤ᠌ ᠪᠠᠢᠭᠰᠠᠨ ᠬᠡᠳᠦᠨ ᠰᠠᠷ᠎ᠠ ᠳ᠋ᠤ᠌ ᠴᠡᠭᠡᠵᠢ ᠨᠢ ᠲᠡᠪᠬᠡᠢᠵᠦ᠂ ᠣᠮᠣᠭᠯᠠᠩ ᠮᠣᠷᠢᠨ ᠤ᠋ ᠡᠷᠭᠢᠴᠡᠬᠡᠨ ᠳᠤᠮᠳᠠ ᠡᠮᠡᠭᠡᠯ ᠬᠠᠶᠠᠬᠤ ᠳ᠋ᠤ᠌ ᠳᠠᠯᠤ ᠨᠢᠷᠤᠭᠤᠨ ᠤ᠋ ᠬᠢᠨᠢ ᠪᠤᠯᠴᠢᠩ ᠵᠠᠩᠭᠢᠷᠠᠳᠠᠭ ᠪᠣᠯᠵᠠᠢ᠃ ᠮᠡᠯᠲᠡᠩ ᠣᠯᠣᠩ ᠢ᠋ᠶ᠋ᠠᠨ ᠰᠠᠢᠲᠤᠷ ᠴᠢᠩᠭᠠᠯᠠᠭᠰᠠᠨ ᠢ᠋ᠶ᠋ᠠᠨ᠂ 
       — ᠴᠢ ᠤᠤ᠂ ᠲᠣᠮᠣ ᠴᠡᠭᠡᠵᠢ ᠲᠡᠢ᠁ ᠭᠡᠬᠦ ᠳ᠋ᠦ᠍ ᠦᠭᠡ ᠨᠣᠶᠠᠨ ᠥᠪᠡᠷ ᠦ᠋ᠨ ᠮᠣᠷᠢ ᠪᠠᠨ ᠬᠠᠵᠠᠭᠠᠷᠯᠠᠨ᠂ 
       — ᠦᠨᠡᠨ ᠬᠡᠯᠡᠵᠦ ᠪᠠᠢ ᠭᠡᠳ ᠡᠮᠡᠭᠡᠯ ᠦ᠋ᠨ ᠪᠦᠭᠦᠷᠭᠡᠨ ᠳ᠋ᠦ᠍ ᠵᠢᠯᠣᠭᠣ ᠪᠠᠨ ᠰᠣᠢᠨ᠂ 
       — ᠪᠢ ᠶᠠᠪᠤᠨ᠎ᠠ᠃ ᠬᠥᠲᠥᠴᠢ ᠪᠣᠯᠵᠤ ᠮᠣᠷᠢ ᠶ᠋ᠢ ᠲᠠᠨᠢ ᠬᠠᠷᠠᠶ᠎ᠠ ᠭᠡᠵᠦ ᠰᠢᠢᠳᠦᠮᠡᠭ ᠬᠡᠯᠡᠯ᠎ᠡ᠃ ᠡᠢᠨ ᠬᠠᠪᠤᠯ ᠬᠠᠭᠠᠨ ᠤ᠋ ᠬᠡᠷᠡᠢᠳ ᠠᠢᠮᠠᠭ ᠲᠤ᠌ ᠢᠯᠡᠭᠡᠬᠦ ᠬᠣᠶᠠᠷ ᠡᠯᠴᠢ ᠮᠣᠷᠢᠨ ᠴᠠᠭ ᠲᠤ᠌ ᠪᠠᠭᠲᠠᠨ ᠮᠣᠷᠳᠠᠬᠤ ᠪᠣᠯᠪᠠ᠃ ᠦᠭᠡ ᠬᠦᠦ ᠬᠦᠷᠢᠶ᠎ᠡ ᠲᠣᠭᠣᠷᠢᠭᠰᠠᠨ ᠬᠣᠷᠢᠭ᠎ᠠ ᠬᠠᠷᠠᠭᠤᠯ ᠠ᠋ᠴᠠ ᠰᠠᠯᠵᠤ ᠡᠯ᠎ᠡ ᠬᠡᠳᠦᠨ ᠰᠠᠷ᠎ᠠ ᠳ᠋ᠤ᠌ ᠡᠯᠢᠭᠡᠮᠰᠡᠵᠦ ᠳᠣᠲᠣᠨᠣᠰᠤᠭᠰᠠᠨ ᠮᠡᠯᠲᠡᠭ ᠬᠢᠶ᠎ᠡ ᠲᠡᠢ ᠡᠢᠨ ᠳᠥᠷᠥᠭᠡ ᠨᠡᠢᠯᠡᠬᠦ ᠪᠣᠯᠤᠭᠰᠠᠨ ᠢ᠋ᠶ᠋ᠠᠨ ᠥᠵᠢᠨ ᠢᠵᠢᠢ ᠳ᠋ᠦ᠍ ᠪᠠᠶᠠᠷ ᠲᠠᠢ ᠳᠣᠭᠣᠯᠭᠠᠵᠠᠢ᠃ ᠪᠢᠴᠢᠬᠠᠨ ᠴᠠᠴᠠᠷ ᠠ᠋ᠴᠠ ᠲᠣᠯᠣᠭᠠᠢ ᠴᠣ ᠦᠯᠦ ᠴᠤᠬᠤᠢᠯᠭᠠᠬᠤ ᠬᠠᠲᠤᠨ᠂ ᠬᠦᠦ ᠪᠡᠨ ᠳᠥᠯᠭᠡᠨ ᠨᠢᠳᠦ ᠪᠡᠷ ᠤᠳᠠᠭᠠᠨ ᠬᠠᠷᠠᠭᠠᠳ ᠰᠠᠯᠬᠢ ᠦᠨᠦᠷᠲᠦᠭᠰᠡᠨ ᠳᠤᠬᠤᠨ ᠳᠡᠭᠡᠷ᠎ᠡ ᠨᠢ ᠦᠨᠦᠷᠯᠡᠵᠦ᠂ 
       — ᠮᠢᠨᠦ ᠬᠦᠦ ᠲᠣᠮᠣ ᠪᠣᠯᠵᠠᠢ ᠭᠡᠳ ᠲᠣᠷᠭᠠᠨ ᠳᠡᠷᠡᠨ ᠳᠣᠣᠭᠤᠷ ᠭᠠᠷ ᠰᠢᠷᠭᠤᠭᠤᠯᠤᠨ ᠠᠳᠬᠤ ᠳᠦᠭᠦᠷᠡᠩ ᠠᠮᠲᠠᠲᠠᠨ ᠢ᠋ ᠡᠪᠦᠷ ᠲᠦ᠋ᠨᠢ ᠬᠢᠵᠦ ᠪᠢᠯᠡ᠃ ᠴᠢᠩᠭᠢᠭᠡᠳ ᠪᠠᠭᠤᠷᠴᠢ ᠴᠢᠷᠬ᠎ᠠ ᠡᠪᠦᠭᠡᠨ ᠦ᠌᠂ 
       — ᠡᠯᠴᠢ ᠶ᠋ᠢᠨ ᠬᠦᠨᠡᠰᠦ ᠭᠡᠮᠡᠨ ᠥᠭᠴᠢᠯᠭᠡᠭᠰᠡᠨ ᠪᠣᠭᠴᠣ ᠲᠠᠢ ᠶ᠋ᠢ ᠲᠣᠬᠣᠭᠠᠳ᠂ ᠬᠥᠲᠥᠯᠦᠭᠡ ᠮᠣᠷᠢᠲᠠᠢ ᠬᠣᠶᠠᠷ ᠡᠷ᠎ᠡ ᠬᠦᠷᠢᠶᠡᠨ ᠦ᠌ ᠵᠠᠬ᠎ᠠ ᠳ᠋ᠤ᠌ ᠨᠠᠷᠠ ᠲᠤᠰᠬᠠᠭᠤᠯᠵᠤ ᠲᠠᠯᠪᠢᠭᠰᠠᠨ ᠮᠤᠬᠤᠯᠠᠭ ᠲᠡᠷᠭᠡᠨ ᠦ᠌ ᠭᠠᠳᠠᠭ᠎ᠠ ᠲᠦᠷ ᠰᠠᠭᠠᠲᠠᠭᠰᠠᠨ ᠨᠢ ᠮᠠᠯᠲᠠᠭ ᠬᠢᠶ᠎ᠡ ᠶ᠋ᠢᠨ ᠬᠢ ᠠᠵᠢ᠃ ᠲᠡᠷᠭᠡᠨ ᠦ᠌ ᠳᠤᠭᠤᠢ ᠨᠠᠯᠠᠨ ᠮᠢᠬᠠᠯᠢᠭᠳᠠᠭᠤ ᠬᠥᠯ ᠢ᠋ᠶ᠋ᠡᠨ ᠵᠢᠭᠢᠵᠦ ᠰᠠᠭᠤᠭᠠᠳ ᠠᠯᠠᠭᠰᠠᠨ ᠰᠢᠪᠠᠭᠤᠨ ᠤ᠋ ᠪᠠᠨ ᠥᠳᠥ ᠶ᠋ᠢ ᠵᠤᠮᠠᠯᠤᠨ ᠰᠠᠭᠤᠭᠰᠠᠨ ᠬᠡᠵᠢᠶᠡᠯ ᠡᠬᠡᠨᠡᠷ ᠡᠷᠭᠢᠨ ᠬᠠᠷᠠᠭᠰᠠᠨ ᠢ᠋ᠶ᠋ᠠᠨ ᠤᠬᠤᠰᠬᠢᠨ ᠪᠣᠰᠴᠤ᠂  
       — ᠬᠡ᠂ ᠬᠡᠯᠡ ᠴᠢᠮᠡᠭᠡ ᠴᠦ᠍ ᠦᠭᠡᠢ ᠶᠡᠬᠡᠰ ᠳᠠᠭᠠᠭᠤᠯᠵᠤ ᠢᠷᠡᠭᠡᠳ ᠭᠡᠬᠦ ᠳ᠋ᠦ᠍ ᠮᠠᠯᠲᠠᠭ ᠪᠠᠳᠬ᠎ᠠ ᠳᠦᠭᠦᠷᠡᠩ ᠨᠢᠭᠤᠷᠤᠨ ᠳ᠋ᠠᠭᠠᠨ ᠢᠨᠢᠶᠡᠳᠦ ᠲᠣᠳᠣᠷᠠᠭᠤᠯᠤᠨ᠂ 
       — ᠶᠡᠬᠡᠰ ᠳᠡᠭᠡᠳᠦᠰ ᠪᠢᠰᠢ᠂ ᠢᠵᠢᠯᠢ ᠪᠣᠷᠣᠭ ᠡᠷ᠎ᠡ᠁ ᠭᠡᠳ ᠡᠪᠦᠷ ᠢ᠋ᠶ᠋ᠡᠨ ᠤᠬᠤᠬᠤ ᠳ᠋ᠤ᠌ ᠮᠤᠬᠤᠯᠠᠭ ᠲᠡᠷᠭᠡᠨ ᠦ᠌ ᠣᠢᠷᠠᠯᠴᠠᠭ᠎ᠠ ᠭᠢᠯᠭᠠᠨ᠎ᠠ ᠰᠦᠯᠵᠢᠨ ᠲᠣᠭᠯᠠᠵᠤ ᠠᠭᠰᠠᠨ ᠳᠥᠷᠪᠡ ᠲᠠᠪᠤᠨ ᠪᠠᠨᠳᠢ ᠭᠦᠶᠦᠯᠳᠦᠨ ᠰᠢᠪᠡᠪᠡ᠃ ᠮᠠᠯᠲᠠᠭ ᠡᠪᠦᠷ ᠡᠴᠡ ᠪᠡᠨ ᠴᠢᠪᠠᠭ᠎ᠠ ᠭᠠᠷᠭᠠᠵᠤ ᠢᠷᠡᠨ ᠲᠣᠰᠣᠨ ᠰᠠᠷᠪᠠᠢᠬᠤ ᠠᠯᠠᠭ᠎ᠠ ᠪᠦᠷᠢ ᠳᠡᠭᠡᠷ᠎ᠡ ᠨᠢᠵᠡᠭᠡᠳ ᠢ᠋ ᠲᠠᠯᠪᠢᠭᠠᠳ ᠭᠠᠷ  ᠲᠤ᠌ ᠦᠯᠡᠳᠡᠭᠰᠡᠨ ᠬᠣᠶᠠᠷ ᠢ᠋ ᠠᠪᠠᠭᠠᠢ ᠳ᠋ᠠᠭᠠᠨ ᠥᠭᠴᠦ᠂ 
       — ᠡᠮᠬᠦᠴᠢᠬᠡ ᠭᠡᠯ᠎ᠡ᠃ ᠲᠣᠰᠣ ᠳᠠᠭᠠᠭᠠᠭᠰᠠᠨ ᠪᠣᠷᠣ ᠠᠪᠠᠭᠠᠢ ᠪᠠᠨ ᠨᠢᠳᠦ ᠳᠦᠭᠦᠷᠡᠩ ᠬᠠᠷᠠᠭᠰᠠᠨ ᠢ᠋ᠶ᠋ᠠᠨ ᠮᠣᠷᠢᠨ ᠳ᠋ᠠᠭᠠᠨ ᠠᠯᠠᠪᠬᠢᠨ ᠮᠣᠷᠳᠠᠭᠠᠳ ᠬᠡᠷᠡᠢᠳ ᠨᠤᠲᠤᠭ ᠤ᠋ᠨ ᠵᠦᠭ ᠳᠡᠷᠭᠡᠭᠦᠯᠵᠡᠢ᠃ 

         ~ ᠦᠷᠭᠦᠯᠵᠢᠯᠡᠯ ᠪᠤᠢ ~