ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠣᠲᠢ-ᠡᠷᠬᠢᠮ ᠨᠠᠢᠷᠠᠯᠭᠠᠳᠤ ᠢᠳᠡᠭᠡᠨ ᠤᠮᠳᠠᠭᠠᠨ–4 Идээ ундааны жинхэнэ товч–Хүсэхүй᠂ Хөхлуу нар – 1-р боть Эрхэм найрлагат итгэн ундаа- 4
ᠡᠷᠬᠢᠮ ᠨᠠᠢᠷᠠᠯᠭᠠᠳᠤ ᠢᠳᠡᠭᠡᠨ ᠤᠮᠳᠠᠭᠠᠨ– 4
ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠴᠠᠭᠠᠨ ᠭᠤᠯᠢᠷ ᠵᠢᠷᠭᠤᠭᠠᠨ ᠵᠢᠩ ᠢ᠋ ᠨᠤᠬᠤᠵᠤ᠂ ᠵᠣᠭᠣᠰ ᠤ᠋ᠨ ᠬᠡᠯᠪᠡᠷᠢᠲᠦ ᠵᠢᠵᠢᠭ ᠪᠣᠭᠣᠷᠰᠣᠭ ᠬᠢᠵᠦ᠂ ᠬᠣᠨᠢᠨ ᠮᠢᠬ᠎ᠠ ᠬᠣᠶᠠᠷ ᠮᠥᠴᠢ ᠪᠠ ᠬᠣᠨᠢ ᠶ᠋ᠢᠨ ᠬᠡᠯᠡ ᠬᠣᠶᠠᠷ ᠢ᠋ ᠪᠣᠯᠭᠣᠭᠠᠳ ᠬᠡᠷᠴᠢᠵᠦ᠂ ᠨᠠᠩᠭᠢ ᠴᠠᠭᠠᠨ ᠨᠢᠭᠡ ᠵᠢᠩ᠂ ᠮᠥᠭᠥ ᠬᠠᠭᠠᠰ ᠵᠢᠩ᠂ ᠰᠢᠷ᠎ᠠ ᠯᠤᠤᠪᠠᠩ ᠲᠠᠪᠤ᠂ ᠠᠷᠢᠬᠢᠨ ᠪᠠᠵᠠᠮᠠᠭ ᠲᠤᠷ ᠳᠠᠷᠤᠭᠰᠠᠨ ᠭᠠ ᠳᠥᠷᠪᠡᠨ ᠯᠠᠩ ᠢ᠋ ᠴᠥᠮ ᠢ᠋ ᠬᠡᠷᠴᠢᠮᠦᠢ᠃
ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠤ᠋ ᠥᠳᠬᠡᠨ ᠱᠥᠯᠦᠨ ᠳ᠋ᠦ᠍ᠷ ᠬᠠᠮᠲᠤ ᠬᠢᠵᠦ ᠪᠤᠴᠠᠯᠭᠠᠨ᠂ ᠬᠠᠭᠤᠷᠤᠭᠰᠠᠨ ᠰᠣᠩᠭᠢᠨ᠎ᠠ ᠪᠠ ᠼᠤᠤ ᠨᠡᠮᠡᠵᠦ ᠨᠠᠢᠷᠠᠭᠤᠯᠤᠮᠤᠢ᠃
ᠬᠢᠮ᠎ᠠ ᠲᠠᠢ ᠰᠢᠩᠭᠡᠨ ᠪᠤᠳᠠᠭ᠎ᠠ
ᠬᠣᠳᠣᠭᠣᠳᠣ ᠳᠡᠯᠢᠭᠦᠦ ᠶ᠋ᠢ ᠰᠡᠯᠪᠢᠨ ᠬᠦᠴᠦᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠤᠰᠤᠨ ᠳ᠋ᠤᠷ ᠪᠤᠴᠠᠯᠭᠠᠭᠠᠳ ᠱᠦᠭᠦᠵᠦ ᠭᠠᠷᠭᠠᠨ ᠲᠤᠩᠭᠠᠯᠠᠭ ᠱᠥᠯᠥ ᠶ᠋ᠢ ᠬᠡᠷᠡᠭᠯᠡᠮᠦᠢ᠃ ᠰᠢᠰᠢ ᠶ᠋ᠢᠨ ᠴᠠᠭᠠᠨ ᠪᠤᠳᠠᠭ᠎ᠠ ᠬᠣᠶᠠᠷ ᠱᠧᠩ ᠢ᠋ ᠣᠰᠤᠨ᠎ᠠ ᠴᠡᠪᠡᠷᠯᠡᠨ ᠤᠬᠢᠶᠠᠨ᠎ᠠ᠃ ᠬᠠᠷ᠎ᠠ ᠮᠢᠬ᠎ᠠ ᠶ᠋ᠢ ᠵᠢᠵᠢᠭᠯᠡᠨ ᠬᠡᠷᠴᠢᠵᠦ᠂ ᠤᠷᠢᠳᠠᠪᠡᠷ ᠪᠤᠳᠠᠭ᠎ᠠ ᠪᠠᠨ ᠱᠥᠯᠦᠨ ᠳ᠋ᠦ᠍ ᠬᠢᠭᠡᠳ ᠳᠠᠷᠠᠭ᠎ᠠ ᠠᠨᠤ ᠬᠡᠷᠴᠢᠭᠰᠡᠨ ᠮᠢᠬ᠎ᠠ ᠪᠠᠨ ᠬᠢᠵᠦ᠂ ᠢᠩᠭᠢᠵᠦ ᠪᠤᠳᠠᠭ᠎ᠠ᠂ ᠰᠣᠩᠭᠢᠨ᠎ᠠ᠂ ᠳᠠᠪᠤᠰᠤ ᠨᠤᠭᠤᠳ ᠢ᠋ᠶ᠋ᠠᠷ ᠰᠢᠩᠭᠡᠨ ᠪᠤᠳᠠᠭ᠎ᠠ ᠪᠣᠯᠭᠠᠨ ᠴᠢᠨᠠᠮᠤᠢ᠂ ᠡᠰᠡᠬᠦᠯ᠎ᠡ ᠶᠤᠸᠠᠨ ᠮᠢ ᠪᠤᠳᠠᠭ᠎ᠠ᠂ ᠵᠧ ᠮᠢ ᠪᠤᠳᠠᠭ᠎ᠠ ᠺᠧ ᠮᠢ ᠪᠤᠳᠠᠭ᠎ᠠ (园米,折米,渴米) ᠵᠡᠷᠭᠡ ᠠᠯᠢᠨ ᠢ᠋ᠶ᠋ᠠᠷ ᠴᠤ᠌ ᠰᠢᠩᠭᠡᠨ ᠪᠤᠳᠠᠭ᠎ᠠ ᠪᠣᠯᠭᠠᠨ ᠴᠢᠨᠠᠵᠤ ᠪᠣᠯᠤᠮᠤᠢ᠃
ᠮᠢᠬᠠᠨ ᠱᠥᠯᠥ ᠲᠡᠢ ᠰᠢᠩᠭᠡᠨ ᠪᠤᠳᠠᠭ᠎ᠠ
ᠬᠣᠳᠣᠭᠣᠳᠣ ᠳᠡᠯᠢᠭᠦᠦ ᠶ᠋ᠢ ᠰᠡᠯᠪᠢᠨ ᠪᠥᠭᠡᠷᠡᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡᠨ ᠮᠥᠴᠢ ᠶ᠋ᠢ ᠰᠠᠯᠭᠠᠨ ᠬᠡᠷᠴᠢᠮᠦᠢ᠃
ᠳᠡᠭᠡᠷᠡᠬᠢ ᠮᠢᠬ᠎ᠠ ᠪᠠᠨ ᠤᠰᠤᠨ ᠳ᠋ᠤᠷ ᠪᠤᠴᠠᠯᠭᠠᠭᠠᠳ ᠱᠦᠭᠦᠵᠦ ᠭᠠᠷᠭᠠᠨ᠂ ᠲᠤᠩᠭᠠᠯᠠᠭ ᠱᠥᠯᠦᠨ ᠳᠣᠲᠣᠷ᠎ᠠ ᠰᠢᠰᠢ ᠶ᠋ᠢᠨ ᠴᠠᠭᠠᠨ ᠬᠣᠶᠠᠷ ᠱᠧᠩ ᠢ᠋ ᠬᠢᠵᠦ ᠰᠢᠩᠭᠡᠨ ᠪᠤᠳᠠᠭ᠎ᠠ ᠪᠣᠯᠭᠠᠨ ᠪᠤᠴᠠᠯᠭᠠᠨ ᠪᠣᠯᠭᠣᠭᠠᠳ ᠰᠣᠩᠭᠢᠨ᠎ᠠ ᠳᠠᠪᠤᠰᠤ ᠨᠡᠮᠡᠵᠦ ᠨᠠᠢᠷᠠᠭᠤᠯᠤᠮᠤᠢ᠃ ᠡᠰᠡᠬᠦᠯ᠎ᠡ ᠡᠮᠦᠨ᠎ᠡ ᠳᠤᠷᠠᠳᠤᠭᠰᠠᠨ ᠶᠤᠸᠠᠨ ᠮᠢ ᠪᠤᠳᠠᠭ᠎ᠠ᠂ ᠵᠧ ᠮᠢ ᠪᠤᠳᠠᠭ᠎ᠠ ᠺᠧ ᠮᠢ ᠪᠤᠳᠠᠭ᠎ᠠ (园米,折米,渴米) ᠵᠡᠷᠭᠡ ᠶ᠋ᠢᠨ ᠠᠯᠢ ᠵᠦᠢᠯ ᠦ᠋ᠨ ᠠᠮᠤ ᠪᠠᠷ ᠴᠢᠨᠠᠭᠰᠠᠨ ᠴᠤ᠌ ᠴᠥᠮ ᠪᠣᠯᠤᠮᠤᠢ᠃
ᠰᠢᠰᠢ ᠶ᠋ᠢᠨ ᠠᠮᠤ ᠶ᠋ᠢᠨ ᠳᠠᠪᠤᠰᠤ ᠦᠭᠡᠢ ᠰᠢᠩᠭᠡᠨ ᠪᠤᠳᠠᠭ᠎ᠠ
ᠬᠣᠳᠣᠭᠣᠳᠣ ᠳᠡᠯᠢᠭᠦᠦ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡᠨ ᠮᠥᠴᠢ ᠶ᠋ᠢ ᠰᠠᠯᠭᠠᠨ ᠬᠡᠷᠴᠢᠮᠦᠢ᠃
ᠰᠢᠰᠢ ᠶ᠋ᠢᠨ ᠴᠠᠭᠠᠨ ᠬᠣᠶᠠᠷ ᠱᠧᠩ᠃ ᠤᠷᠢᠳᠠᠪᠡᠷ ᠤᠰᠤᠨ ᠢ᠋ᠶ᠋ᠠᠨ ᠪᠤᠴᠠᠯᠭᠠᠭᠠᠳ ᠲᠤᠩᠭᠠᠯᠠᠭ ᠪᠣᠯᠲᠠᠯ᠎ᠠ ᠲᠤᠩᠭᠠᠭᠠᠵᠤ᠂ ᠳᠠᠷᠠᠭ᠎ᠠ ᠠᠨᠤ ᠰᠢᠰᠢ ᠶ᠋ᠢᠨ ᠠᠮᠤ ᠪᠠᠨ ᠭᠤᠷᠪᠠ ᠲᠠᠪᠤᠨ ᠤᠳᠠᠭ᠎ᠠ ᠴᠡᠪᠡᠷᠯᠡᠨ ᠤᠬᠢᠶᠠᠭᠠᠳ ᠰᠢᠩᠭᠡᠨ ᠪᠤᠳᠠᠭ᠎ᠠ ᠪᠣᠯᠭᠠᠨ ᠴᠢᠨᠠᠮᠤᠢ᠂ ᠡᠰᠡᠬᠦᠯ᠎ᠡ ᠡᠮᠦᠨ᠎ᠡ ᠳᠤᠷᠠᠳᠤᠭᠰᠠᠨ ᠶᠤᠸᠠᠨ ᠮᠢ ᠪᠤᠳᠠᠭ᠎ᠠ᠂ ᠵᠧ ᠮᠢ ᠪᠤᠳᠠᠭ᠎ᠠ ᠺᠧ ᠮᠢ ᠪᠤᠳᠠᠭ᠎ᠠ (园米,折米,渴米) ᠵᠡᠷᠭᠡ ᠶ᠋ᠢᠨ ᠠᠯᠢ ᠵᠦᠢᠯ ᠦ᠋ᠨ ᠠᠮᠤ ᠪᠠᠷ ᠴᠢᠨᠠᠭᠰᠠᠨ ᠴᠤ᠌ ᠴᠥᠮ ᠪᠣᠯᠤᠮᠤᠢ᠃
ᠾᠧᠰᠢ ᠠᠮᠤ ᠶ᠋ᠢᠨ ᠮᠢᠬᠠᠨ ᠱᠦᠯᠦᠳᠦ ᠰᠢᠩᠭᠡᠨ ᠪᠤᠳᠠᠭ᠎ᠠ
ᠡᠨᠡ ᠢᠨᠦ ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡᠨ ᠮᠥᠴᠢ ᠶ᠋ᠢ ᠰᠠᠯᠭᠠᠨ ᠬᠡᠷᠴᠢᠵᠦ᠂ ᠾᠧᠰᠢ ᠠᠮᠤ ᠬᠣᠶᠠᠷ ᠱᠧᠩ᠃ ᠮᠢᠬ᠎ᠠ ᠪᠠᠷ ᠱᠥᠯᠥ ᠭᠠᠷᠭᠠᠭᠠᠳ ᠰᠢᠯᠦᠨ ᠳᠣᠲᠣᠷᠠᠬᠢ ᠮᠢᠬ᠎ᠠ ᠶ᠋ᠢ ᠨᠢ ᠱᠦᠭᠦᠵᠦ ᠭᠠᠷᠭᠠᠨ᠂ ᠾᠧᠰᠢ ᠠᠮᠤ ᠪᠠᠨ ᠴᠡᠪᠡᠷᠯᠡᠨ ᠤᠬᠢᠶᠠᠭᠠᠳ ᠱᠥᠯᠦᠨ ᠪᠤᠴᠠᠯᠭᠠᠭᠠᠳ ᠲᠤᠩᠭᠠᠯᠠᠭ ᠪᠣᠯᠲᠠᠯ᠎ᠠ ᠲᠤᠩᠭᠠᠭᠠᠵᠤ᠂ ᠳᠠᠷᠠᠭ᠎ᠠ ᠠᠨᠤ ᠰᠢᠰᠢ ᠶ᠋ᠢᠨ ᠠᠮᠤ ᠪᠠᠨ ᠭᠤᠷᠪᠠ ᠲᠠᠪᠤᠨ ᠤᠳᠠᠭ᠎ᠠ ᠴᠡᠪᠡᠷᠯᠡᠨ ᠤᠬᠢᠶᠠᠭᠠᠳ ᠱᠥᠯᠦᠨ ᠳ᠋ᠦ᠍ᠷ ᠬᠢᠵᠦ ᠪᠤᠴᠠᠯᠭᠠᠨ᠂ ᠳᠠᠷᠠᠭ᠎ᠠ ᠠᠨᠤ ᠨᠠᠷᠢᠨ ᠬᠡᠷᠴᠢᠭᠰᠡᠨ ᠮᠢᠬ᠎ᠠ ᠪᠠᠨ ᠱᠥᠯᠦᠨ ᠳ᠋ᠦ᠍ᠷ ᠬᠢᠭᠡᠳ ᠠᠮᠤ᠂ ᠰᠣᠩᠭᠢᠨ᠎ᠠ ᠳᠠᠪᠤᠰᠤ ᠶ᠋ᠢᠨ ᠬᠠᠮᠲᠤ ᠰᠢᠩᠭᠡᠨ ᠪᠤᠳᠠᠭ᠎ᠠ ᠪᠣᠯᠭᠠᠨ ᠪᠤᠴᠠᠯᠭᠠᠨ᠎ᠠ ᠡᠰᠡᠬᠦᠯ᠎ᠡ ᠮᠢᠬ᠎ᠠ ᠬᠢᠬᠦ ᠦᠭᠡᠢ ᠴᠦ᠍ ᠪᠣᠯᠤᠮᠤᠢ᠃
ᠰᠡᠰᠦ ᠶ᠋ᠢᠨ ᠱᠥᠯᠥ ᠰᠡᠰᠦ ᠬᠡᠮᠡᠭᠴᠢ (ᠪᠠᠷᠠᠭᠤᠨ ᠭᠠᠵᠠᠷ ᠤ᠋ᠨ ᠢᠳᠡᠭᠡᠨ ᠤᠮᠳᠠᠭᠠᠨ ᠤ᠋ ᠨᠡᠷ᠎ᠡ ᠪᠣᠯᠠᠢ)
ᠡᠨᠡ ᠬᠦ ᠱᠥᠯᠥ ᠢᠨᠦ ᠴᠤᠯᠤ ᠰᠠᠪᠠ ᠶ᠋ᠢᠨ ᠰᠡᠷᠢᠭᠦᠨ᠂ ᠬᠡᠪᠡᠯᠢ ᠳᠣᠲᠣᠷ᠎ᠠ ᠬᠦᠢᠲᠡᠨ ᠢ᠋ᠶ᠋ᠡᠷ ᠡᠪᠡᠳᠬᠦ ᠂ ᠨᠢᠷᠤᠭᠤ ᠪᠡᠯᠬᠡᠭᠦᠰᠦ ᠪᠡᠷ ᠱᠠᠷᠬᠢᠷᠠᠨ ᠡᠪᠡᠳᠬᠦ ᠵᠡᠷᠭᠡ ᠭᠡᠮ ᠢ᠋ ᠵᠠᠰᠠᠮᠤᠢ᠃
ᠡᠭᠦᠨ ᠳ᠋ᠦ᠍ᠷ ᠬᠣᠨᠢᠨ ᠮᠢᠬ᠎ᠠ ᠬᠣᠶᠠᠷ ᠮᠥᠴᠢ᠂ ᠬᠣᠨᠢᠨ ᠲᠣᠯᠣᠭᠠᠢ ᠰᠢᠭᠢᠷ᠎ᠡ ᠨᠢᠭᠡᠨ ᠪᠦᠬᠦᠯᠢ᠂ ᠭᠠᠭᠤᠯᠠ ᠳᠥᠷᠪᠡᠨ ᠪᠦᠬᠦᠯᠢ᠂ ᠰᠢᠩᠼᠠ ᠭᠤᠷᠪᠠᠨ ᠯᠠᠩ ᠨᠣᠢᠲᠠᠨᠭᠠ ᠬᠠᠭᠠᠰ ᠵᠢᠩ᠂ ᠬᠠᠰᠢᠨᠢ (ᠰᠢᠩᠭᠦᠨ) ᠢ᠋ ᠸᠠᠨᠳᠧᠦ ᠪᠤᠷᠴᠠᠭ ᠤ᠋ᠨ ᠬᠣᠶᠠᠷ ᠮᠥᠬᠥᠯᠢᠭ ᠦ᠋ᠨ ᠲᠡᠳᠦᠢ᠃
ᠳᠡᠭᠡᠷᠡᠬᠢ ᠵᠦᠢᠯ ᠦ᠋ᠳ ᠢ᠋ ᠲᠡᠮᠦᠷ ᠲᠣᠭᠣᠭᠠᠨ ᠳ᠋ᠤ᠌ ᠪᠤᠴᠠᠯᠭᠠᠭᠠᠳ ᠱᠥᠯᠥ ᠶ᠋ᠢ ᠠᠨᠤ ᠴᠢᠯᠠᠭᠤᠨ ᠰᠠᠪᠠᠨ ᠳ᠋ᠤᠷ ᠬᠢᠵᠦ᠂ ᠲᠡᠷᠡ ᠳᠠᠷᠤᠢ ᠳ᠋ᠤ᠌ ᠨᠢ ᠰᠧᠪᠦᠷᠦ ᠶ᠋ᠢᠨ ᠦᠷ᠎ᠡ ᠨᠢᠭᠡᠨ ᠵᠢᠩ᠂ ᠨᠠᠯᠢᠱᠠᠮ ᠬᠣᠶᠠᠷ ᠯᠠᠩ᠂ ᠳᠠᠪᠤᠰᠤ ᠥᠴᠦᠬᠡᠨ ᠲᠡᠳᠦᠢ ᠬᠢᠮᠦᠢ᠃ ᠰᠧᠪᠦᠷᠦ ᠶ᠋ᠢ ᠦᠷᠡᠰ ᠦ᠋ᠨ ᠲᠣᠰᠣ ᠨᠢᠭᠡ ᠰᠢᠨᠠᠭ᠎ᠠ ᠪᠠᠷ ᠨᠣᠮᠣᠬᠠᠳᠬᠠᠨ᠂ ᠰᠢᠩᠭᠦᠨ ᠢ᠋ ᠸᠠᠨᠳᠧᠦ ᠪᠤᠷᠴᠠᠭ ᠤ᠋ᠨ ᠲᠡᠳᠦᠢ ᠶ᠋ᠢ ᠪᠠᠬᠠᠨ ᠰᠢᠷᠠᠪᠲᠤᠷ ᠬᠠᠷ᠎ᠠ ᠪᠣᠯᠲᠠᠯ᠎ᠠ ᠬᠠᠭᠤᠷᠤᠮᠤᠢ᠃ ᠵᠢᠴᠢ ᠱᠥᠯᠦᠨ ᠦ᠌ ᠬᠦᠭᠡᠭᠡᠰᠦᠯᠢᠭ ᠲᠣᠰᠣ ᠶ᠋ᠢ ᠠᠪᠴᠤ ᠬᠠᠶᠠᠨ ᠲᠤᠩᠭᠠᠯᠠᠭ ᠪᠣᠯᠭᠠᠭᠠᠳ ᠵᠢᠶᠠ ᠰᠢᠶᠠᠩ (ᠲᠤᠩ ᠯᠠᠪᠠᠢ ᠶ᠋ᠢᠨ ᠲᠥᠷᠥᠯ ᠦ᠋ᠨ ᠠᠮᠠᠨ ᠤ᠋ ᠬᠠᠭᠠᠯᠲᠠ) ᠪᠠᠩᠪᠤᠢ ᠰᠢᠩᠭᠦᠨ ᠪᠠ ᠰᠢᠷ᠎ᠠ ᠲᠣᠰᠣ ᠨᠤᠭᠤᠳ ᠢ᠋ ᠬᠠᠮᠲᠤᠷᠠᠭᠤᠯᠤᠨ ᠰᠢᠲᠠᠭᠠᠵᠤ ᠤᠲᠤᠭ᠎ᠠ ᠪᠠᠷ ᠯᠣᠩᠬᠣ ᠶ᠋ᠢ ᠤᠳᠤᠭᠠᠳ ᠲᠤᠩᠭᠠᠯᠠᠭ ᠱᠥᠯᠥ ᠶ᠋ᠢ ᠠᠬᠤᠭᠤᠯᠵᠤ ᠪᠢᠲᠡᠭᠦᠮᠵᠢᠯᠡᠨ ᠬᠠᠳᠠᠭᠠᠯᠠᠵᠤ ᠬᠡᠷᠡᠭᠯᠡᠮᠦᠢ᠃
ᠬᠣᠨᠢᠨ ᠵᠢᠷᠦᠬᠡ ᠶ᠋ᠢᠨ ᠰᠢᠷᠠᠮᠠᠯ
ᠡᠨᠡ ᠪᠣᠯᠪᠠᠰᠤ ᠡᠮᠢᠶᠡᠵᠦ ᠰᠣᠴᠢᠭᠰᠠᠨ ᠠ᠋ᠴᠠ ᠵᠢᠷᠦᠬᠡ ᠠᠮᠤᠷ ᠦᠭᠡᠢ᠂ ᠪᠣᠭᠣᠨᠢᠳᠠᠨ ᠭᠣᠨᠢᠷᠬᠠᠭᠠᠳ ᠦᠯᠦ ᠪᠠᠶᠠᠰᠬᠤ ᠶ᠋ᠢ ᠵᠠᠰᠠᠮᠤᠢ᠃
ᠡᠭᠦᠨ ᠳ᠋ᠦ᠍ᠷ ᠰᠠᠳᠠᠷᠬᠠᠢ ᠲᠠᠢ ᠬᠣᠨᠢᠨ ᠵᠢᠷᠦᠬᠡ ᠨᠢᠭᠡ᠂ ᠬᠣᠲᠣᠩ ᠭᠠᠵᠠᠷ ᠤ᠋ᠨ ᠭᠦᠷᠭᠦᠮ ᠭᠤᠷᠪᠠᠨ ᠴᠢᠨ ᠢ᠋ ᠬᠡᠷᠡᠭᠯᠡᠮᠦᠢ᠃ ᠰᠧᠪᠢᠮᠧᠳᠤᠭ ᠤ᠋ᠨ ᠤᠰᠤ ᠨᠢᠭᠡ ᠠᠶᠠᠭᠠᠨ ᠳ᠋ᠤᠷ ᠭᠦᠷᠭᠦᠮ ᠢ᠋ ᠳᠡᠪᠲᠦᠭᠡᠨ ᠲᠤᠩᠭᠠᠯᠠᠭ ᠰᠥᠮᠥᠰᠦ ᠶ᠋ᠢ ᠠᠪᠤᠭᠠᠳ ᠥᠴᠦᠬᠡᠨ ᠲᠡᠳᠦᠢ ᠳᠠᠪᠤᠰᠤ ᠬᠢᠮᠦᠢ᠃ ᠵᠢᠴᠢ ᠬᠣᠨᠢᠨ ᠵᠢᠷᠦᠬᠡ ᠶ᠋ᠢ ᠰᠢᠪᠠᠭ᠎ᠠ ᠪᠠᠷ ᠰᠢᠪᠠᠭᠠᠯᠠᠭᠠᠳ ᠭᠠᠯ ᠳᠡᠭᠡᠷ᠎ᠡ ᠰᠢᠷᠠᠬᠤ ᠶ᠋ᠢᠨ ᠵᠡᠷᠭᠡ ᠪᠡᠷ ᠭᠦᠷᠭᠦᠮ ᠦ᠋ᠨ ᠰᠥᠮᠥᠰᠦ ᠶ᠋ᠢ ᠠᠭᠠᠵᠢᠮ ᠠᠭᠠᠵᠢᠮ ᠢ᠋ᠶ᠋ᠠᠷ ᠳᠦᠷᠭᠢᠭᠰᠡᠭᠡᠷ ᠲᠦᠷᠬᠢᠵᠦ ᠪᠠᠷᠠᠲᠠᠯ᠎ᠠ ᠰᠢᠷᠠᠬᠤ ᠪᠠᠨ ᠵᠣᠭᠰᠣᠨ᠎ᠠ᠃ ᠡᠨᠡ ᠬᠦ᠌ ᠬᠣᠨᠢᠨ ᠤ᠋ ᠵᠢᠷᠦᠬᠡ ᠶ᠋ᠢ ᠢᠳᠡᠪᠡᠰᠦ ᠵᠢᠷᠦᠬᠡᠨ ᠲᠠᠮᠢᠷ ᠢ᠋ ᠠᠮᠤᠷᠯᠢᠩᠭᠤᠢ ᠲᠠᠢᠪᠤᠰᠢᠷᠠᠭᠤᠯᠤᠨ ᠰᠠᠨᠠᠭ᠎ᠠ ᠰᠡᠳᠬᠢᠯ ᠢ᠋ ᠪᠠᠶᠠᠰᠬᠠᠭᠤᠯᠤᠮᠤᠢ᠃
ᠬᠣᠨᠢᠨ ᠪᠥᠭᠡᠷ᠎ᠡ ᠶ᠋ᠢᠨ ᠰᠢᠷᠠᠮᠠᠯ
ᠡᠨᠡ ᠪᠣᠯᠪᠠᠰᠤ ᠨᠠᠷᠢᠨ ᠨᠢᠷᠤᠭᠤᠨ ᠤ᠋ ᠴᠣᠴᠢᠮᠠᠭ ᠡᠪᠡᠷᠰᠢᠶᠡᠯ ᠢ᠋ ᠠᠨᠠᠭᠠᠮᠤᠢ᠃
ᠬᠣᠨᠢᠨ ᠤ᠋ ᠪᠥᠭᠡᠷ᠎ᠡ ᠨᠢᠭᠡᠨ ᠬᠣᠣᠰ ᠭᠦᠷᠭᠦᠮ ᠨᠢᠭᠡᠨ ᠴᠢᠨ᠃ ᠭᠦᠷᠭᠦᠮ ᠢ᠋ ᠰᠧᠪᠢᠮᠧᠳᠤᠭ ᠤ᠋ᠨ ᠤᠰᠤ ᠨᠢᠭᠡᠨ ᠰᠢᠨᠠᠭᠠᠨ ᠳ᠋ᠤᠷ ᠳᠡᠪᠲᠦᠭᠡᠭᠡᠳ ᠲᠤᠩᠭᠠᠯᠠᠭ ᠰᠥᠮᠥᠰᠦ ᠶ᠋ᠢ ᠠᠪᠴᠤ᠂ ᠥᠴᠦᠬᠡᠨ ᠲᠡᠳᠦᠢ ᠳᠠᠪᠤᠰᠤ ᠬᠢᠭᠡᠳ ᠬᠣᠨᠢᠨ ᠪᠥᠭᠡᠷ᠎ᠡ ᠶ᠋ᠢ ᠰᠢᠪᠠᠭ᠎ᠠ ᠪᠠᠷ ᠰᠢᠪᠠᠭᠠᠯᠠᠵᠤ᠂ ᠭᠠᠯ ᠳᠡᠭᠡᠷ᠎ᠡ ᠰᠢᠷᠠᠬᠤ ᠶ᠋ᠢᠨ ᠵᠡᠷᠭᠡᠪᠡᠷ ᠥᠨᠥᠬᠢ ᠭᠦᠷᠭᠦᠮ ᠦ᠋ᠨ ᠰᠥᠮᠥᠰᠦ ᠪᠡᠨ ᠳᠦᠷᠭᠢᠭᠰᠡᠭᠡᠷ ᠲᠦᠷᠬᠢᠵᠦ ᠳᠠᠭᠤᠰᠲᠠᠯ᠎ᠠ ᠰᠢᠷᠠᠬᠤ ᠪᠠᠨ ᠵᠣᠭᠰᠣᠮᠤᠢ᠃ ᠡᠨᠡ ᠬᠦ ᠰᠢᠷᠠᠮᠠᠯ ᠬᠣᠨᠢᠨ ᠪᠥᠭᠡᠷ᠎ᠡ ᠶ᠋ᠢ ᠢᠳᠡᠪᠡᠰᠦ ᠳᠡᠭᠡᠷ᠎ᠡ ᠳᠤᠷᠠᠳᠤᠭᠰᠠᠨ ᠡᠪᠡᠷᠰᠢᠶᠡᠯ ᠢ᠋ ᠠᠷᠢᠯᠭᠠᠬᠤ ᠳ᠋ᠤ᠌ ᠮᠠᠰᠢ ᠲᠤᠰᠠᠲᠠᠢ᠃
ᠲᠠᠬᠢᠶᠠᠨ ᠮᠢᠬᠠᠨ ᠱᠥᠯᠥ
ᠲᠠᠷᠭᠤᠨ ᠲᠠᠬᠢᠶ᠎ᠠ ᠠᠷᠪᠠ ᠶ᠋ᠢ ᠦᠰᠦ ᠶ᠋ᠢ ᠵᠤᠯᠭᠠᠭᠠᠵᠤ ᠰᠠᠢᠲᠤᠷ ᠴᠡᠪᠡᠷᠯᠡᠨ ᠤᠬᠢᠶᠠᠭᠠᠳ ᠴᠢᠨᠠᠵᠤ ᠪᠣᠯᠭᠣᠭᠠᠭᠰᠠᠨ ᠤ᠋ ᠰᠡᠭᠦᠯᠡᠷ ᠬᠡᠰᠡᠭᠯᠡᠨ ᠬᠡᠷᠴᠢᠮᠦᠢ᠃ ᠨᠣᠢᠲᠠᠨ ᠭᠠ ᠶ᠋ᠢᠨ ᠰᠢᠭᠦᠰᠦ ᠨᠢᠭᠡᠨ ᠭᠧ᠂ ᠰᠣᠩᠭᠢᠨ᠎ᠠ ᠬᠣᠶᠠᠷ ᠯᠠᠩ ᠢ᠋ ᠬᠡᠷᠴᠢᠵᠦ᠂ ᠭᠠ ᠶ᠋ᠢᠨ ᠲᠠᠯᠬ᠎ᠠ ᠬᠠᠭᠠᠰ ᠵᠢᠩ᠂ ᠶᠧᠷᠮᠠ ᠶ᠋ᠢᠨ ᠲᠠᠯᠬ᠎ᠠ ᠳᠥᠷᠪᠡᠨ ᠯᠠᠩ᠂ ᠭᠤᠯᠢᠷ ᠬᠣᠶᠠᠷ ᠯᠠᠩ ᠢ᠋ᠶ᠋ᠠᠷ ᠨᠠᠷᠢᠨ ᠰᠢᠷᠬᠡᠭ ᠬᠢᠮᠦᠢ᠃
ᠳᠡᠭᠡᠷᠡᠬᠢ ᠵᠦᠢᠯ ᠦ᠋ᠳ ᠢ᠋ ᠲᠠᠬᠢᠶ᠎ᠠ ᠴᠢᠨᠠᠭᠰᠠᠨ ᠱᠥᠯᠥ ᠪᠡᠷ ᠪᠤᠴᠠᠯᠭᠠᠨ᠂ ᠬᠠᠭᠤᠷᠤᠭᠰᠠᠨ ᠰᠣᠩᠭᠢᠨ᠎ᠠ᠂ ᠼᠤᠤ ᠪᠠ ᠭᠠ ᠶ᠋ᠢᠨ ᠰᠢᠭᠦᠰᠦ ᠶ᠋ᠢ ᠬᠢᠵᠦ ᠨᠠᠢᠷᠠᠭᠤᠯᠤᠮᠤᠢ᠃
ᠬᠠᠭᠤᠷᠤᠮᠠᠯ ᠪᠦᠲᠦᠨ᠎ᠡ
ᠪᠦᠲᠦᠨ᠎ᠡ ᠬᠣᠷᠢ ᠶ᠋ᠢ ᠰᠠᠢᠲᠤᠷ ᠴᠡᠪᠡᠷᠯᠡᠨ ᠴᠢᠨᠠᠭᠠᠳ ᠬᠡᠰᠡᠭᠯᠡᠨ ᠬᠡᠷᠴᠢᠵᠦ᠂ ᠯᠤᠤᠪᠠᠩ ᠬᠣᠶᠠᠷ ᠢ᠋ ᠬᠡᠷᠴᠢᠵᠦ᠂ ᠭᠠ ᠶ᠋ᠢᠨ ᠲᠠᠯᠬ᠎ᠠ ᠳᠥᠷᠪᠡᠨ ᠯᠠᠩ᠂ ᠬᠣᠨᠢᠨ ᠰᠡᠭᠦᠯ ᠨᠢᠭᠡᠨ ᠪᠦᠬᠦᠯᠢ ᠶ᠋ᠢ ᠬᠡᠷᠴᠢᠨ᠂ ᠭᠤᠯᠢᠷ ᠬᠣᠶᠠᠷ ᠯᠠᠩ ᠢ᠋ᠶ᠋ᠠᠷ ᠨᠠᠷᠢᠨ ᠰᠢᠷᠬᠡᠭ ᠬᠢᠮᠦᠢ᠃
ᠳᠡᠭᠡᠷᠡᠬᠢ ᠵᠦᠢᠯ ᠦ᠋ᠳ ᠢ᠋ ᠪᠦᠲᠦᠨ᠎ᠡ ᠶ᠋ᠢ ᠴᠢᠨᠠᠭᠰᠠᠨ ᠱᠥᠯᠥ ᠳ᠋ᠦ᠍ᠷ ᠪᠤᠴᠠᠯᠭᠠᠨ ᠬᠠᠭᠤᠷᠤᠭᠰᠠᠨ ᠰᠣᠩᠭᠢᠨ᠎ᠠ ᠪᠠ᠂ ᠼᠤᠤ ᠬᠢᠵᠦ ᠨᠠᠢᠷᠠᠭᠤᠯᠤᠮᠤᠢ᠃
ᠲᠠᠤᠯᠠᠢ ᠶ᠋ᠢᠨ ᠮᠢᠬ᠎ᠠ
ᠲᠠᠤᠯᠠᠢ ᠬᠣᠶᠠᠷ ᠢ᠋ ᠰᠠᠯᠭᠠᠨ ᠬᠡᠷᠴᠢᠵᠦ᠂ ᠯᠤᠤᠪᠠᠩ ᠬᠣᠶᠠᠷ ᠢ᠋ ᠬᠡᠷᠴᠢᠵᠦ᠂ ᠬᠣᠨᠢᠨ ᠰᠡᠭᠦᠯ ᠨᠢᠭᠡᠨ ᠪᠦᠬᠦᠯᠢ ᠶ᠋ᠢ ᠬᠡᠷᠴᠢᠮ ᠪᠣᠯᠭᠠᠨ ᠬᠡᠷᠴᠢᠨ᠂ᠨᠠᠷᠢᠯᠢᠭ ᠪᠠᠭᠰᠤᠷᠭ᠎ᠠ ᠬᠣᠶᠠᠷ ᠴᠢᠨ᠃
ᠳᠡᠭᠡᠷᠡᠬᠢ ᠵᠦᠢᠯ ᠦ᠋ᠳ ᠢ᠋ ᠴᠢᠨᠠᠵᠤ ᠬᠠᠭᠤᠷᠤᠭᠰᠠᠨ ᠰᠣᠩᠭᠢᠨ᠎ᠠ ᠪᠠ ᠼᠤᠤ ᠬᠢᠵᠦ ᠨᠠᠢᠷᠠᠭᠤᠯᠤᠭᠠᠳ ᠪᠠᠰᠠ ᠭᠤᠯᠢᠷ ᠤ᠋ᠨ ᠨᠠᠷᠢᠨ ᠰᠢᠷᠬᠡᠭ ᠬᠣᠶᠠᠷ ᠯᠠᠩ ᠢ᠋ ᠨᠡᠮᠡᠷᠢᠯᠡᠵᠦ ᠨᠠᠢᠷᠠᠭᠤᠯᠤᠮᠤᠢ᠃
ᠾᠧᠰᠢ ᠶ᠋ᠢᠨ ᠬᠣᠨᠢᠨ ᠠᠭᠤᠰᠬᠢ
ᠬᠣᠨᠢᠨ ᠠᠭᠤᠰᠬᠢ ᠨᠢᠭᠡᠨ ᠪᠦᠬᠦᠯᠢ᠂ ᠭᠣᠭᠣᠳ ᠵᠢᠷᠭᠤᠭᠠᠨ ᠠ᠋ᠴᠠ ᠰᠢᠭᠦᠰᠦ ᠶ᠋ᠢ ᠠᠪᠴᠤ᠂ ᠭᠤᠯᠢᠷ ᠬᠣᠶᠠᠷ ᠵᠢᠩ ᠢ᠋ᠶ᠋ᠡᠷ ᠵᠢᠭᠤᠷᠠᠮᠠᠯ ᠬᠢᠵᠦ᠂ ᠰᠢᠷ᠎ᠠ ᠲᠣᠰᠣ ᠬᠠᠭᠠᠰ ᠵᠢᠩ᠂ ᠨᠠᠯᠢᠱᠠᠮ ᠬᠣᠶᠠᠷ ᠯᠠᠩ᠂ ᠨᠣᠢᠲᠠᠨ ᠭᠠ ᠶ᠋ᠢᠨ ᠰᠢᠭᠦᠰᠦ ᠬᠣᠶᠠᠷ ᠭᠧ᠃
ᠳᠡᠭᠡᠷᠡᠬᠢ ᠵᠦᠢᠯ ᠦ᠋ᠳ ᠢ᠋ ᠲᠡᠭᠰᠢᠬᠡᠨ ᠨᠠᠢᠷᠠᠭᠤᠯᠤᠭᠠᠳ ᠠᠭᠤᠰᠬᠢᠨ ᠳ᠋ᠤᠷ ᠴᠢᠳᠬᠤᠨ ᠴᠢᠨᠠᠵᠤ ᠪᠣᠯᠭᠣᠭᠠᠳ ᠰᠥᠮᠥᠰᠦᠨ ᠳ᠋ᠦ᠍ᠷ ᠲᠦᠷᠢᠵᠦ ᠢᠳᠡᠮᠦᠢ᠃
ᠶᠦᠩᠸ᠎ᠠ ᠶ᠋ᠢᠨ ᠨᠠᠢᠷᠠᠭᠤᠯᠭ᠎ᠠ ᠲᠠᠢ ᠬᠣᠨᠢᠨ ᠪᠤᠯᠴᠢᠩ
ᠬᠣᠨᠢᠨ ᠪᠤᠯᠴᠢᠩ ᠨᠢᠭᠡ ᠶ᠋ᠢ ᠪᠣᠯᠭᠣᠵᠤ᠂ ᠬᠣᠨᠢᠨ ᠬᠠᠪᠢᠷᠭ᠎ᠠ ᠬᠣᠶᠠᠷ ᠢ᠋ ᠤᠷᠲᠤᠯᠵᠢᠨ ᠬᠡᠰᠡᠭ ᠢ᠋ᠶ᠋ᠡᠷ ᠬᠡᠷᠴᠢᠨ᠂ ᠪᠤᠷᠴᠠᠭ ᠤ᠋ᠨ ᠭᠤᠯᠢᠷ ᠵᠢᠴᠢ ᠴᠠᠭᠠᠨ ᠭᠤᠯᠢᠷ ᠢ᠋ ᠲᠣᠰᠪᠣᠷᠢ ᠨᠢᠭᠡᠨ ᠵᠢᠩ ᠭᠦᠷᠭᠦᠮ ᠬᠣᠶᠠᠷ ᠴᠢᠨ᠂ ᠵᠦᠷᠦᠷ᠎ᠠ ᠲᠠᠪᠤᠨ ᠴᠢᠨ᠃
ᠳᠡᠭᠡᠷᠡᠬᠢ ᠵᠣᠶᠢᠯ ᠤ᠋ᠳ ᠢ᠋ ᠳᠠᠪᠤᠰᠤ ᠪᠠ ᠪᠠᠭᠰᠤᠷᠭ᠎ᠠ ᠯᠤᠭ᠎ᠠ ᠨᠠᠢᠷᠠᠭᠤᠯᠤᠭᠠᠳ ᠪᠤᠯᠴᠢᠩ ᠬᠠᠪᠢᠷᠭ᠎ᠠ ᠳᠡᠭᠡᠷ᠎ᠡ ᠲᠦᠷᠬᠢᠭᠰᠠᠨ ᠤ᠋ ᠰᠡᠭᠦᠯᠡᠷ ᠦᠷᠡᠰ ᠦ᠋ᠨ ᠲᠣᠰᠣᠨ ᠳ᠋ᠤᠷ ᠪᠤᠴᠠᠯᠭᠠᠮᠤᠢ᠃
ᠬᠣᠨᠢᠨ ᠭᠡᠳᠡᠰᠦ ᠶ᠋ᠢᠨ ᠬᠡᠷᠴᠢᠮ
ᠬᠣᠨᠢᠨ ᠮᠢᠬ᠎ᠠ ᠲᠠᠪᠤᠨ ᠵᠢᠩ ᠬᠢᠭᠡᠳ ᠬᠣᠨᠢᠨ ᠰᠡᠭᠦᠯ ᠨᠢᠭᠡ ᠶ᠋ᠢ ᠨᠠᠷᠢᠯᠢᠭ ᠬᠡᠷᠴᠢᠵᠦ᠂ ᠲᠠᠬᠢᠶᠠᠨ ᠥᠨᠳᠡᠭᠡ ᠠᠷᠪᠠᠨ ᠲᠠᠪᠤ᠂ ᠨᠣᠢᠲᠠᠨ ᠭᠠ ᠬᠣᠶᠠᠷ ᠴᠢᠨ᠂ ᠰᠣᠩᠭᠢᠨ᠎ᠠ ᠬᠣᠶᠠᠷ ᠯᠠᠩ ᠢ᠋ ᠬᠡᠷᠴᠢᠨ᠂ ᠵᠥᠷᠪᠠᠭ ᠬᠣᠶᠠᠷ ᠴᠢᠨ ᠦ᠌ ᠳᠣᠲᠣᠷᠠᠬᠢ ᠴᠠᠭᠠᠨ ᠥᠭᠡᠬᠦ ᠶ᠋ᠢ ᠠᠪᠴᠤ ᠬᠠᠶᠠᠭᠠᠳ ᠨᠠᠷᠢᠨ ᠬᠡᠷᠴᠢᠨ᠂ ᠪᠠᠭᠰᠤᠷᠭ᠎ᠠ ᠭᠤᠷᠪᠠᠨ ᠴᠢᠨ᠃
ᠳᠡᠭᠡᠷᠡᠬᠢ ᠵᠣᠷᠢᠯ ᠤ᠋ᠳ ᠢ᠋ ᠰᠠᠢᠲᠤᠷ ᠨᠠᠢᠷᠠᠭᠤᠯᠤᠭᠠᠳ ᠴᠡᠪᠡᠷᠯᠡᠨ ᠤᠬᠢᠶᠠᠭᠰᠠᠨ ᠬᠣᠨᠢᠨ ᠭᠡᠳᠡᠰᠦᠨ ᠳ᠋ᠦ᠍ᠷ ᠴᠢᠳᠬᠤᠵᠤ ᠴᠢᠨᠠᠵᠤ ᠪᠣᠯᠭᠣᠭᠰᠠᠨ ᠤ᠋ ᠳᠠᠷᠠᠭ᠎ᠠ ᠬᠡᠩᠭᠡᠷᠭᠡ ᠮᠡᠲᠦ ᠬᠡᠰᠡᠭ ᠬᠡᠰᠡᠭ ᠬᠡᠷᠴᠢᠮᠦᠢ᠃ ᠵᠢᠴᠢ ᠪᠤᠷᠴᠠᠭ ᠤ᠋ᠨ ᠭᠤᠯᠢᠷ ᠪᠠ ᠴᠠᠭᠠᠨ ᠭᠤᠯᠢᠷ ᠢ᠋ ᠲᠣᠰᠪᠣᠷᠢ ᠨᠢᠭᠡᠨ ᠵᠢᠩ᠂ ᠭᠦᠷᠭᠦᠮ ᠨᠢᠭᠡᠨ ᠴᠢᠨ᠂ ᠵᠦᠷᠦᠷ᠎ᠠ ᠭᠤᠷᠪᠠᠨ ᠴᠢᠨ ᠦ᠌ ᠰᠢᠭᠦᠰᠦ ᠶ᠋ᠢ ᠠᠪᠴᠤ᠂ ᠡᠳᠡᠭᠡᠷ ᠵᠦᠢᠯ ᠢ᠋ ᠬᠠᠮᠲᠤ ᠳ᠋ᠤᠨᠢ ᠵᠢᠭᠤᠷᠠᠵᠤ ᠨᠠᠢᠷᠠᠭᠤᠯᠤᠭᠠᠳ ᠬᠡᠷᠴᠢᠭᠰᠡᠨ ᠬᠣᠨᠢᠨ ᠭᠡᠳᠡᠰᠦᠨ ᠶᠦ᠍ᠭᠡᠨ ᠡᠭᠦᠨ ᠳ᠋ᠦ᠍ᠷ ᠲᠦᠷᠢᠵᠦ ᠦᠷᠡᠰ ᠦ᠋ᠨ ᠲᠣᠰᠣᠨ ᠳ᠋ᠤᠷ ᠪᠤᠴᠠᠯᠭᠠᠮᠤᠢ᠃
ᠬᠤᠸᠠᠷᠯᠠᠭᠰᠠᠨ ᠬᠣᠨᠢᠨ ᠲᠣᠯᠣᠭᠠᠢ ᠶ᠋ᠢᠨ ᠵᠣᠭᠣᠰᠢ
ᠬᠣᠨᠢᠨ ᠲᠣᠯᠣᠭᠠᠢ ᠭᠤᠷᠪᠠ ᠶ᠋ᠢ ᠴᠢᠨᠠᠵᠤ ᠪᠣᠯᠭᠣᠭᠠᠳ ᠬᠡᠷᠴᠢᠨ᠂ ᠬᠣᠨᠢᠨ ᠪᠥᠭᠡᠷ᠎ᠡ ᠳᠥᠷᠪᠡ᠂ ᠬᠣᠨᠢᠨ ᠭᠦᠵᠡᠭᠡ ᠠᠭᠤᠰᠬᠢ ᠲᠣᠰᠪᠣᠷᠢ ᠨᠢᠭᠡ ᠶ᠋ᠢ ᠴᠢᠨᠠᠵᠤ ᠪᠣᠯᠭᠣᠭᠠᠳ ᠬᠡᠷᠴᠢᠵᠦ ᠡᠩᠭᠡᠰᠬᠡ ᠶ᠋ᠢᠨ ᠪᠣᠳᠣᠭ ᠣᠷᠣᠭᠤᠯᠵᠤ᠂ ᠨᠣᠢᠲᠠᠨ ᠭᠠ ᠳᠥᠷᠪᠡᠨ ᠯᠠᠩ᠂ ᠠᠷᠢᠬᠢᠨ ᠤ᠋ ᠪᠠᠵᠢᠮᠠᠭ ᠲᠤᠷ ᠳᠠᠷᠤᠭᠰᠠᠨ ᠭᠠ ᠬᠣᠶᠠᠷ ᠯᠠᠩ ᠢ᠋ ᠲᠣᠰᠪᠣᠷᠢ ᠳ᠋ᠤᠨᠢ ᠬᠡᠷᠴᠢᠨ ᠪᠣᠯᠭᠣᠭᠰᠠᠨ ᠲᠠᠬᠢᠶᠠᠨ ᠥᠨᠳᠡᠭᠡ ᠲᠠᠪᠤ ᠪᠣᠯᠤᠨ ᠯᠤᠤᠪᠠᠩ ᠭᠤᠷᠪᠠ ᠪᠠᠷ ᠬᠤᠸᠠᠷᠯᠢᠭ ᠶᠠᠩᠵᠤ ᠦᠢᠯᠡᠳᠦᠮᠦᠢ᠃
ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠱᠥᠯᠥ ᠪᠠ ᠬᠠᠭᠤᠷᠤᠭᠰᠠᠨ ᠰᠣᠩᠭᠢᠨ᠎ᠠ᠂ ᠳᠠᠪᠤᠰᠤ ᠼᠤᠤ ᠲᠠᠢ ᠨᠠᠢᠷᠠᠭᠤᠯᠤᠮᠤᠢ᠃
ᠦᠰᠦᠭ ᠠᠮᠢᠯᠠᠭᠤᠯᠤᠭᠰᠠᠨ ᠨᠢ ᠄ ᠭᠠᠸᠠ
