ᠵᠠᠯᠬᠠᠭᠤ ᠤᠭᠤᠯᠢ-ᠰᠤᠷᠭᠠᠮᠵᠢᠲᠤ ᠥᠭᠦᠯᠡᠯᠭᠡ Zalkhuu uuliЗалхуу ууль сургамжит өгүүллэг ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠯᠬᠠᠭᠤ ᠤᠭᠤᠯᠢ-ᠰᠤᠷᠭᠠᠮᠵᠢᠲᠤ ᠥᠭᠦᠯᠡᠯᠭᠡ Zalkhuu uuliЗалхуу ууль сургамжит өгүүллэг

ᠵᠠᠯᠬᠠᠭᠤ ᠤᠭᠤᠯᠢ-ᠰᠤᠷᠭᠠᠮᠵᠢᠲᠤ ᠥᠭᠦᠯᠡᠯᠭᠡ Zalkhuu uuliЗалхуу ууль сургамжит өгүүллэг

ᠠᠩᠭᠢᠯᠠᠯ:ᠳᠣᠮᠣᠭ ᠦᠯᠢᠭᠡᠷ
2026-01-04

441

ᠵᠠᠯᠬᠠᠭᠤ ᠤᠭᠤᠯᠢ


              ᠰᠤᠷᠭᠠᠮᠵᠢᠲᠤ ᠥᠭᠦᠯᠡᠯᠭᠡ( ᠳᠣᠮᠣᠭ ᠦᠯᠢᠭᠡᠷ)

       ᠨᠣᠭᠣᠭᠠᠨ ᠣᠢ ᠳ᠋ᠤ᠌ ᠨᠢᠭᠡᠨ ᠤᠭᠤᠯᠢ ᠠᠮᠢᠳᠤᠷᠠᠳᠠᠭ ᠪᠠᠢᠵᠠᠢ᠃ ᠲᠡᠷᠡ ᠤᠭᠤᠯᠢ ᠵᠠᠯᠬᠠᠭᠤ ᠠ᠋ᠴᠠ ᠵᠠᠯᠬᠠᠭᠤ ᠶᠤᠮᠰᠠᠨᠵᠠᠢ᠃ ᠵᠢᠱ᠌ᠢᠶᠡᠯᠡᠵᠦ ᠬᠡᠯᠡᠬᠦ ᠳ᠋ᠦ᠍᠂ ᠨᠢᠭᠡ ᠮᠣᠳᠣᠨ ᠳᠡᠭᠡᠷ᠎ᠡ ᠡᠴᠡ ᠨᠥᠭᠦᠭᠡ ᠮᠣᠳᠣᠨ ᠯᠤᠭ᠎ᠠ ᠨᠢᠰᠬᠦ ᠬᠦᠷᠲᠡᠯ᠎ᠡ ᠵᠠᠯᠬᠠᠭᠤᠷᠠᠳᠠᠭ ᠪᠠᠢᠵᠠᠢ᠃ ᠨᠢᠭᠡᠨ ᠳᠤᠯᠠᠭᠠᠬᠠᠨ ᠡᠳᠦᠷ ᠤᠭᠤᠯᠢ ᠰᠡᠰᠢ ᠮᠣᠳᠣᠨ ᠳᠡᠭᠡᠷ᠎ᠡ ᠰᠠᠭᠤᠵᠤ ᠪᠠᠢᠯ᠎ᠠ᠃
      ᠭᠡᠲᠡᠯ᠎ᠡ ᠲᠡᠭᠦᠨ ᠯᠦ᠍ᠭᠡ ᠠᠯᠠᠭ ᠲᠣᠭᠰᠢᠭᠤᠷ ᠨᠢᠰᠴᠦ ᠢᠷᠡᠭᠡᠳ ᠮᠣᠳᠣ ᠲᠣᠭᠰᠢᠵᠤ ᠭᠠᠷᠪᠠ᠃ ᠤᠭᠤᠯᠢ ᠰᠡᠷᠡᠵᠦ᠂ ᠦᠩᠭᠡᠭᠳᠡᠭᠰᠡᠨ ᠳᠠᠯᠠᠪᠴᠢ ᠪᠠᠨ ᠰᠡᠭᠰᠦᠷᠦᠨ᠂ ᠦᠷᠭᠡᠯᠡᠩᠭᠦᠢ ᠳᠠᠭᠤ ᠪᠠᠷ《 ᠲᠣᠭᠰᠢᠭᠤᠷ ᠴᠢ ᠶᠠᠭᠠᠬᠢᠭᠠᠳ ᠲᠣᠷᠵᠢᠭᠢᠨᠠᠭᠤᠯᠤᠭᠠᠳ ᠤᠨᠲᠠᠭᠤᠯᠬᠤ ᠦᠭᠡᠢ ᠪᠠᠢᠨ᠎ᠠ᠂ ᠴᠢ ᠬᠠᠷᠠᠬᠤ ᠦᠭᠡᠢ ᠪᠠᠢᠨ᠎ᠠ ᠤᠤ?》 ᠭᠡᠵᠦ ᠰᠢᠷ᠎ᠠ ᠪᠤᠳᠠᠭᠠᠨ ᠤ᠋ ᠤᠷᠰᠢᠭ ᠨᠢᠳᠦ ᠪᠡᠷ ᠢ᠋ᠶ᠋ᠡᠨ ᠭᠠᠢᠬᠠᠭᠰᠠᠨ ᠪᠠᠢᠳᠠᠯ ᠢ᠋ᠶ᠋ᠠᠷ ᠤᠭᠤᠯᠢ ᠶ᠋ᠢ ᠬᠠᠷᠠᠵᠤ《 ᠪᠢ ᠬᠣᠭᠣᠯᠠ ᠪᠠᠨ ᠢᠳᠡᠵᠦ ᠪᠠᠢᠨ᠎ᠠ》 ᠭᠡᠪᠡ᠃ ᠴᠢᠮ᠎ᠠ ᠳ᠋ᠤ᠌ ᠥᠭᠡᠷ᠎ᠡ ᠭᠠᠵᠠᠷ ᠣᠯᠳᠠᠬᠤ ᠦᠭᠡᠢ ᠪᠠᠢᠨ᠎ᠠ ᠤᠤ? ᠡᠨᠳᠡ ᠡᠴᠡ ᠵᠠᠢᠯᠠ ᠭᠡᠵᠦ ᠤᠭᠤᠯᠢ ᠲᠣᠭᠰᠢᠭᠤᠷ ᠲᠤ᠌ ᠬᠡᠯᠡᠪᠡ᠃
ᠴᠥᠮ ᠠᠵᠢᠯᠯᠠᠵᠤ ᠪᠠᠢᠬᠤ ᠳ᠋ᠤ᠌ ᠭᠠᠭᠴᠠ ᠴᠢ ᠯᠡ ᠤᠨᠲᠠᠵᠤ ᠪᠠᠢᠬᠤ ᠶᠤᠮ᠃ ᠶᠠᠳᠠᠵᠤ ᠡᠭᠦᠷ ᠢ᠋ᠶ᠋ᠡᠨ ᠪᠠᠷᠢᠭᠠᠰᠠᠢ ᠳᠠ ᠭᠡᠳ ᠨᠢᠰᠦᠨ ᠣᠳᠪᠠ᠃ ᠤᠭᠤᠯᠢ ᠲᠠᠭᠠᠲᠠᠢᠬᠠᠨ ᠰᠠᠭᠤᠵᠤ ᠪᠠᠢᠭᠠᠳ ᠤᠨᠲᠠᠲᠠᠯ᠎ᠠ᠂ ᠪᠠᠰᠠ ᠨᠢᠭᠡ ᠴᠢᠮᠡᠭᠡ ᠰᠣᠨᠣᠰᠤᠯ᠎ᠠ᠂ ᠪᠠᠷᠠᠭᠤᠨ ᠨᠢᠳᠦ ᠪᠡᠨ ᠨᠡᠭᠡᠭᠡᠵᠦ ᠬᠠᠷᠠᠪᠠᠯ᠂ ᠨᠢᠭᠡ ᠱᠠᠭᠠᠵᠠᠭᠠᠢ ᠱᠠᠰᠢᠨ ᠳᠡᠭᠡᠷ᠎ᠡ ᠨᠢᠰᠦᠨ ᠢᠷᠡᠵᠦ ᠶᠠᠭ ᠴᠢᠬᠢᠨ ᠳᠡᠭᠡᠷ᠎ᠡ ᠨᠢ ᠲᠦᠩᠰᠢᠨᠡᠵᠦ ᠭᠠᠷᠪᠠ᠃
      ᠤᠭᠤᠯᠢ᠂ ᠱᠠᠭᠠᠵᠠᠭᠠᠢ ᠤᠷᠤᠭᠤ ᠬᠠᠰᠬᠢᠷᠪᠠᠯ᠂ ᠱᠠᠭᠠᠵᠠᠭᠠᠢ ᠠᠶᠤᠭᠰᠠᠨ ᠰᠢᠨᠵᠢ ᠦᠭᠡᠢ ᠴᠣᠪᠣᠭᠣ ᠳᠠᠭᠤ ᠪᠠᠷ᠂ ᠴᠢ ᠶᠠᠭᠠᠬᠢᠭᠠᠳ ᠳ᠋ᠠᠩ ᠳ᠋ᠠᠭᠠᠨ ᠤᠨᠲᠠᠭᠠᠳ ᠪᠠᠢᠳᠠᠭ ᠶᠤᠮ ᠪᠣᠢ? ᠡᠷᠭᠢᠨ ᠲᠣᠭᠣᠷᠢᠨ ᠢ᠋ᠶ᠋ᠠᠨ ᠬᠠᠷᠠᠭᠠᠴᠢ᠄《 ᠴᠥᠮ ᠥᠪᠡᠷᠰᠡᠳ ᠦ᠋ᠨ ᠢ᠋ᠶ᠋ᠡᠨ ᠠᠵᠢᠯ ᠢ᠋ᠶ᠋ᠠᠨ ᠤᠷᠤᠯᠳᠤᠵᠤ᠂ ᠵᠠᠷᠢᠮ ᠨᠢ ᠳᠡᠭᠳᠡᠭᠡᠬᠡᠢ ᠲᠡᠢ ᠪᠡᠨ ᠬᠣᠭᠣᠯᠠᠵᠤ᠂ ᠵᠠᠷᠢᠮ ᠨᠢ ᠡᠭᠦᠷ ᠢ᠋ᠶ᠋ᠡᠨ ᠪᠠᠷᠢᠵᠤ ᠪᠠᠢᠨ᠎ᠠ》 ᠭᠡᠳ᠂ ᠱᠠᠭᠠᠵᠠᠭᠠᠢ᠂ ᠤᠭᠤᠯᠢ ᠶ᠋ᠢᠨ ᠬᠠᠷᠢᠭᠤ ᠬᠡᠯᠡᠬᠦ ᠶ᠋ᠢ ᠬᠦᠯᠢᠶᠡᠯ ᠦᠭᠡᠢ᠂ ᠣᠢ ᠶ᠋ᠢᠨ ᠰᠣᠨᠢᠨ ᠢ᠋ ᠴᠤᠭᠯᠠᠭᠤᠯᠬᠤ ᠪᠠᠷ ᠴᠠᠰᠢ ᠪᠠᠨ ᠨᠢᠰᠪᠡ᠃
       ᠤᠭᠤᠯᠢ ᠳᠠᠬᠢᠭᠠᠳ ᠦᠷᠭᠡᠯᠡᠬᠦ ᠳ᠋ᠦ᠍ ᠭᠡᠨᠡᠳᠲᠡ᠂ ᠲᠡᠭᠦᠨ ᠦ᠌ ᠲᠣᠯᠣᠭᠠᠢ ᠳᠡᠭᠡᠷ᠎ᠡ ᠬᠡᠨ ᠨᠢᠭᠡᠨ ᠨᠢᠰᠴᠦ ᠪᠠᠢᠭ᠎ᠠ ᠰᠣᠨᠣᠰᠤᠭᠳᠠᠪᠠ᠃ ᠵᠡᠭᠦᠨ ᠨᠢᠳᠦ ᠪᠡᠨ ᠨᠡᠭᠡᠭᠡᠵᠦ ᠬᠠᠷᠠᠪᠠᠯ ᠵᠢᠵᠢᠭ ᠵᠠᠳᠠᠪᠠᠯ ᠪᠢᠯᠵᠤᠤᠬᠠᠢ ᠤᠯᠢᠶᠠᠩᠭᠠᠷ ᠮᠣᠳᠣᠨ ᠤ᠋ ᠤᠩᠭᠠᠷᠠᠯ ᠢ᠋ ᠡᠭᠦᠷ ᠲᠡᠭᠡᠨ ᠴᠤᠭᠯᠠᠭᠤᠯᠵᠤ ᠪᠠᠢᠯ᠎ᠠ᠃
       ᠰᠢᠪᠠᠭᠤᠳ ᠡᠷᠭᠢᠨ ᠲᠣᠭᠣᠷᠢᠨ ᠥᠭᠡᠳᠡ ᠡᠰᠡᠷᠭᠦ ᠡᠴᠡ ᠪᠡᠨ ᠨᠢᠰᠴᠢᠬᠡᠵᠦ᠂ ᠳᠠᠪᠬᠢᠷᠤᠨ ᠵᠢᠩᠭᠢᠨᠡᠨ ᠢᠯᠡᠳᠲᠡ ᠱᠣᠩᠭᠣᠨᠠᠵᠤ ᠪᠠᠢᠯ᠎ᠠ᠃ ᠢᠩᠭᠢᠵᠦ ᠠᠮᠢᠲᠠᠨ ᠪᠦᠬᠦᠨ ᠠᠵᠢᠯᠯᠠᠵᠤ ᠪᠠᠢᠬᠤ ᠳ᠋ᠤ᠌᠂ ᠭᠠᠭᠴᠠᠭᠠᠷ ᠢ᠋ᠶ᠋ᠠᠨ ᠤᠨᠲᠠᠵᠤ ᠪᠠᠢᠬᠤ ᠨᠢ᠂ ᠤᠭᠤᠯᠢ  ᠳᠤ ᠢᠴᠢᠭᠦᠷᠢᠲᠡᠢ ᠰᠠᠨᠠᠭᠳᠠᠭᠰᠠᠨ ᠲᠤᠯᠠ᠂ ᠮᠠᠷᠭᠠᠰᠢ ᠠ᠋ᠴᠠ ᠡᠬᠢᠯᠡᠨ ᠡᠭᠦᠷ ᠢ᠋ᠶ᠋ᠡᠨ ᠪᠠᠷᠢᠬᠤ ᠪᠠᠷ ᠵᠣᠷᠢᠭ ᠰᠢᠢᠳᠦᠯ᠎ᠡ᠃
         ᠰᠥᠨᠢ ᠪᠣᠯᠤᠯ᠎ᠠ᠂ ᠲᠡᠷᠡ ᠰᠥᠨᠢ ᠶᠡᠬᠡ ᠬᠦᠢᠲᠡᠨ ᠪᠣᠯᠪᠠ᠃ ᠤᠭᠤᠯᠢ ᠴᠡᠴᠡᠷᠡᠨ ᠳᠠᠭᠵᠢᠵᠤ᠂ ᠳᠠᠯᠠᠪᠴᠢ ᠪᠠᠷ ᠨᠢ ᠪᠡᠶ᠎ᠡ ᠪᠡᠨ ᠭᠠᠢᠭᠤᠢ ᠰᠠᠢᠨ ᠬᠠᠪᠴᠢᠯ᠎ᠠ᠃ ᠵᠠᠳᠠᠪᠠᠯ ᠪᠢᠯᠵᠤᠤᠬᠠᠢ ᠡᠭᠦᠷ ᠢ᠋ᠶ᠋ᠡᠨ ᠳᠤᠯᠠᠭᠠᠯᠠᠵᠤ ᠪᠠᠢᠭᠰᠠᠨ ᠢ᠋ ᠪᠣᠳᠣᠭᠠᠳ᠂ ᠲᠡᠷᠡ ᠪᠢᠯᠵᠤᠤᠬᠠᠢ ᠶᠠᠮᠠᠷ ᠰᠠᠢᠬᠠᠨ ᠳᠤᠯᠠᠭᠠᠬᠠᠨ ᠤᠨᠲᠠᠵᠤ ᠪᠠᠢᠭ᠎ᠠ ᠪᠣᠯ᠂ ᠲᠡᠢᠮᠦ ᠰᠠᠢᠬᠠᠨ ᠳᠤᠯᠠᠭᠠᠬᠠᠨ ᠤᠨᠲᠠᠬᠤ ᠶᠤᠮᠰᠠᠨ ᠭᠡᠵᠦ ᠪᠣᠳᠣᠭᠳᠠᠯ᠎ᠠ᠃ ᠡᠨᠡ ᠬᠦᠢᠲᠡᠨ ᠰᠥᠨᠢ ᠨᠢ ᠪᠠᠰᠠ ᠪᠠᠷᠢᠭᠳᠠᠬᠤ ᠦᠭᠡᠢ᠂ ᠤᠷᠢᠳᠠᠬᠢ ᠨᠢ ᠶᠠᠭᠠᠬᠢᠨ᠎ᠠ᠂ ᠲᠩᠷᠢ ᠶ᠋ᠢᠨ ᠦᠢ ᠲᠦᠮᠡᠨ ᠣᠳᠣᠳ ᠤ᠋ᠨ ᠬᠦᠢᠲᠡᠨ ᠳ᠋ᠦ᠍ ᠵᠢᠩᠭᠢᠨᠡᠬᠦ ᠶ᠋ᠢ ᠬᠠᠷᠠᠭᠰᠠᠭᠠᠷ ᠨᠢᠳᠦ ᠨᠢ ᠬᠦᠷᠲᠡᠯ᠎ᠡ ᠲᠠᠭᠠᠷᠠᠵᠠᠢ ᠭᠡᠨ᠎ᠡ᠃ ᠤᠭᠤᠯᠢ ᠦᠷ ᠴᠠᠢᠬᠤ ᠶ᠋ᠢ ᠰᠥᠨᠢᠵᠢᠨ ᠬᠦᠯᠢᠶᠡᠵᠦ ᠳᠠᠭᠵᠢᠨ ᠴᠡᠴᠡᠷᠡᠯ᠎ᠡ᠃ ᠲᠡᠭᠡᠭᠡᠵᠦ ᠲᠡᠭᠡᠭᠡᠵᠦ ᠠᠷᠠᠢ ᠭᠡᠵᠦ ᠨᠠᠷᠠ ᠭᠠᠷᠴᠤ ᠡᠭᠡᠭᠡᠵᠦ ᠡᠬᠢᠯᠡᠪᠡ᠂ ᠤᠭᠤᠯᠢ ᠨᠠᠷᠠᠨ ᠤ᠋ ᠳᠤᠯᠠᠭᠠᠨ ᠢᠯᠴᠢᠨ ᠳ᠋ᠦ᠍ ᠲᠡᠩᠬᠡᠯ ᠠᠯᠳᠠᠷᠠᠨ ᠪᠥᠭ ᠭᠡᠭᠴᠢ ᠪᠡᠷ ᠤᠨᠲᠠᠴᠢᠬᠠᠯ᠎ᠠ᠃ ᠢᠩᠭᠢᠵᠦ ᠡᠳᠦᠷ ᠰᠥᠨᠢ ᠡᠭᠡᠯᠵᠢᠯᠡᠭᠰᠡᠭᠡᠷ ᠪᠠᠢᠪᠠᠴᠤ ᠤᠭᠤᠯᠢ ᠠᠪᠠᠭᠠᠢ ᠵᠠᠯᠬᠠᠭᠤ ᠳ᠋ᠠᠭᠠᠨ ᠪᠠᠷᠢᠭᠳᠠᠨ ᠡᠭᠦᠷ ᠴᠦ᠍ ᠪᠠᠷᠢᠭᠰᠠᠨ ᠦᠭᠡᠢ ᠭᠡᠨ᠎ᠡ᠃

           ᠦᠰᠦᠭ ᠬᠠᠲᠠᠵᠤ ᠠᠮᠢᠯᠠᠭᠤᠯᠤᠭᠴᠢ᠄ ᠵᠢᠷᠠᠨᠲᠠᠢ
           ᠬᠢᠨᠠᠭᠴᠢ᠄ ᠤᠤᠭᠠᠨᠵᠢᠳ