ᠳ᠋ᠦᠩᠱᠠᠨ ᠬᠡ ᠬᠡ -ᠪᠠᠢ ᠬᠣᠩ ᠮᠸᠡᠢДүншин гэ гэ-Бай хон мвай ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳ᠋ᠦᠩᠱᠠᠨ ᠬᠡ ᠬᠡ -ᠪᠠᠢ ᠬᠣᠩ ᠮᠸᠡᠢДүншин гэ гэ-Бай хон мвай

ᠳ᠋ᠦᠩᠱᠠᠨ ᠬᠡ ᠬᠡ -ᠪᠠᠢ ᠬᠣᠩ ᠮᠸᠡᠢДүншин гэ гэ-Бай хон мвай

2026-01-04

371

ᠳ᠋ᠦᠩᠱᠠᠨ ᠬᠡ ᠬᠡ


   ᠮᠣᠩᠭᠣᠯ ᠠᠷᠠᠳ ᠤ᠋ᠨ ᠳᠠᠭᠤᠤ 
            ᠳᠠᠭᠤᠴᠢᠨ᠄ ᠪᠠᠢ ᠬᠣᠩ ᠮᠸᠡᠢ 

ᠵᠥᠪ ᠵᠦᠭᠡᠷ ᠰᠠᠭᠤᠶ᠎ᠠ ᠭᠡᠬᠦ ᠯᠠᠢ 
ᠵᠦᠢᠯ ᠪᠦᠷᠢ ᠶ᠋ᠢ ᠪᠣᠳᠣᠨ᠎ᠠ ᠬᠦ 
ᠵᠡᠭᠦᠨ ᠠᠭᠤᠯᠠᠨ ᠤ᠋ ᠳ᠋ᠦᠩᠱᠠᠨ ᠬᠡ ᠬᠡ ᠪᠣᠳᠣᠭᠳᠠᠭᠠᠳ ᠪᠠᠢᠨ᠎ᠠ ᠬᠦ 
ᠵᠡᠭᠦᠨ ᠠᠭᠤᠯᠠᠨ ᠤ᠋ ᠳ᠋ᠦᠩᠱᠠᠨ ᠬᠡ ᠬᠡ ᠪᠡᠨ ᠪᠣᠳᠣᠭᠠᠳ ᠢᠷᠡᠪᠡᠯ ᠬᠦ 
ᠵᠢᠷᠦᠬᠡᠨ ᠦ᠌ ᠭᠤᠷᠪᠠᠨ ᠰᠤᠳᠠᠰᠤ ᠮᠢᠨᠢ ᠳᠡ ᠲᠦᠭ ᠲᠦᠭ ᠴᠣᠬᠢᠯᠠᠨ᠎ᠠ ᠬᠦ 

ᠡᠪ ᠡᠮᠬᠡᠷᠬᠡᠨ ᠰᠠᠭᠤᠶ᠎ᠠ ᠭᠡᠬᠦ ᠯᠠᠢ 
ᠡᠯᠳᠡᠪ ᠪᠦᠷᠢ ᠶ᠋ᠢ ᠪᠣᠳᠣᠨ᠎ᠠ ᠬᠦ
ᠡᠮᠦᠨ᠎ᠡ ᠠᠭᠤᠯᠠᠨ ᠤ᠋ ᠳ᠋ᠦᠩᠱᠠᠨ ᠬᠡ ᠬᠡ ᠪᠣᠳᠣᠭᠳᠠᠭᠠᠳ ᠪᠠᠢᠨ᠎ᠠ ᠬᠦ
ᠡᠮᠦᠨ᠎ᠡ ᠠᠭᠤᠯᠠᠨ ᠤ᠋ ᠳ᠋ᠦᠩᠱᠠᠨ ᠬᠡ ᠬᠡ ᠪᠡᠨ ᠪᠣᠳᠣᠭᠠᠳ ᠢᠷᠡᠪᠡᠯ ᠬᠦ
ᠡᠯᠢᠭᠡᠨ ᠦ᠌ ᠭᠤᠷᠪᠠᠨ ᠰᠤᠳᠠᠰᠤ ᠮᠢᠨᠢ ᠳᠡ ᠲᠦᠭ ᠲᠦᠭ ᠴᠣᠬᠢᠯᠠᠨ᠎ᠠ ᠬᠦ

ᠠᠭᠠᠷ ᠳᠡᠭᠡᠷ᠎ᠡ ᠡᠴᠡ
ᠠᠭᠠᠯᠵᠢᠨ ᠵᠤᠯᠵᠠᠭ᠎ᠠ ᠪᠠᠭᠤᠭᠠᠳ ᠢᠷᠡᠯ᠎ᠡ
ᠠᠪᠤ ᠳᠡᠭᠡᠳᠦ ᠶ᠋ᠢᠨ ᠰᠠᠳᠤᠨ ᠲᠥᠷᠥᠯ ᠮᠢᠨᠢ ᠬᠦᠷᠦᠭᠡᠳ ᠢᠷᠡᠬᠦ ᠶᠦᠮ ᠪᠠ ᠬᠦ
ᠠᠯᠠᠭ ᠬᠣᠶᠠᠷ ᠨᠢᠳᠦ ᠮᠢᠨᠢ ᠳᠡ ᠵᠢᠷᠪᠢᠯᠵᠡᠨ ᠲᠠᠲᠠᠬᠤᠯᠠᠷ ᠬᠦ
ᠠᠯᠲᠠᠨ ᠠᠭᠤᠯᠠᠨ ᠤ᠋ ᠳ᠋ᠦᠩᠱᠠᠨ ᠬᠡ ᠬᠡ ᠮᠢᠨᠢ ᠢᠷᠡᠬᠦ ᠴᠦ᠍ ᠶᠦᠮ ᠤᠤ ᠳᠠ ᠬᠦ

ᠥᠨᠳᠥᠷ ᠳᠡᠭᠡᠷ᠎ᠡ ᠡᠴᠡ ᠠᠭᠠᠯᠵᠢᠨ ᠵᠤᠯᠵᠠᠭ᠎ᠠ ᠪᠠᠭᠤᠭᠠᠳ ᠢᠷᠡᠯ᠎ᠡ ᠬᠦ
ᠡᠴᠢᠭᠡ ᠳᠡᠭᠡᠳᠦ ᠶ᠋ᠢᠨ ᠲᠥᠷᠥᠯ ᠰᠠᠳᠤᠨ ᠮᠢᠨᠢ ᠬᠦᠷᠦᠭᠡᠳ ᠢᠷᠡᠬᠦ ᠶᠦᠮ ᠪᠠ ᠬᠦ
ᠡᠷᠢᠶᠡᠨ ᠠᠯᠠᠭ ᠨᠢᠳᠦ ᠮᠢᠨᠢ ᠳᠡ ᠵᠢᠷᠪᠢᠯᠵᠡᠨ ᠲᠠᠲᠠᠬᠤᠯᠠᠷ ᠬᠦ
ᠡᠷᠳᠡᠨᠢ ᠶ᠋ᠢᠨ ᠠᠭᠤᠯᠠᠨ ᠤ᠋ ᠳ᠋ᠦᠩᠱᠠᠨ ᠬᠡ ᠬᠡ ᠮᠢᠨᠢ ᠢᠷᠡᠬᠦ ᠴᠦ᠍ ᠶᠦᠮ ᠤᠤ ᠳᠠ ᠬᠦ
ᠡᠷᠢᠶᠡᠨ ᠠᠯᠠᠭ ᠨᠢᠳᠦ ᠮᠢᠨᠢ ᠳᠡ ᠵᠢᠷᠪᠢᠯᠵᠡᠨ ᠲᠠᠲᠠᠬᠤᠯᠠᠷ
ᠡᠷᠳᠡᠨᠢ ᠶ᠋ᠢᠨ ᠠᠭᠤᠯᠠᠨ ᠤ᠋ ᠳ᠋ᠦᠩᠱᠠᠨ ᠬᠡ ᠬᠡ ᠮᠢᠨᠢ ᠢᠷᠡᠬᠦ ᠴᠦ᠍ ᠶᠦᠮ ᠤᠤ ᠳᠠ ᠬᠦ

  ᠦᠰᠦᠭ ᠠᠮᠢᠯᠠᠭᠤᠯᠤᠭᠴᠢ᠄ ᠮᠥᠩᠭᠥᠨ
  ᠦᠰᠦᠭ ᠬᠠᠲᠠᠭᠰᠠᠨ ᠨᠢ᠄ ᠮᠥᠩᠭᠥᠨ
  ᠬᠢᠨᠠᠭᠴᠢ᠄ ᠮᠣᠩᠭᠣᠯᠵᠠᠶᠠᠭ᠎ᠠ