ᠬᠣᠷᠢᠨ ᠨᠢᠭᠡᠨ ᠳ᠋ᠠᠷ᠎ᠠ ᠡᠬᠡ ᠶ᠋ᠢᠨ ᠮᠥᠷᠭᠥᠯᠲᠦ ᠮᠠᠭᠲᠠᠭᠠᠯ ᠬᠡᠮᠡᠬᠦ ᠣᠷᠣᠰᠢᠪᠠ
ᠬᠣᠷᠢᠨ ᠨᠢᠭᠡᠨ ᠳ᠋ᠠᠷ᠎ᠠ ᠡᠬᠡ ᠶ᠋ᠢᠨ ᠮᠥᠷᠭᠥᠯᠲᠦ ᠮᠠᠭᠲᠠᠭᠠᠯ ᠬᠡᠮᠡᠬᠦ ᠣᠷᠣᠰᠢᠪᠠ
ᠪᠣᠳᠠᠯᠠᠨ ᠤ᠋ ᠡᠷᠭᠢᠨ ᠮᠠᠩᠯᠠᠢ ᠣᠷᠣᠨ᠎ᠠ᠃
ᠨᠣᠭᠣᠭᠠᠨ ᠳ᠋ᠡᠮ ᠤ᠋ᠨ ᠦᠰᠦᠭ ᠡᠴᠡ ᠬᠤᠪᠢᠯᠤᠨ᠃
ᠠᠪᠢᠳᠠ ᠪᠠᠷ ᠲᠡᠷᠢᠭᠦᠨ ᠢ᠋ᠶ᠋ᠡᠨ ᠴᠢᠮᠡᠭᠰᠡᠨ᠃
ᠭᠤᠷᠪᠠᠨ ᠴᠠᠭ ᠤ᠋ᠨ ᠪᠤᠷᠬᠠᠨ ᠨᠤᠭᠤᠳ ᠤ᠋ᠨ ᠤᠢᠯᠠᠴᠢ᠃
ᠳ᠋ᠠᠷ᠎ᠠ ᠡᠬᠡ ᠨᠥᠬᠥᠳ ᠰᠡᠯᠲᠡ ᠢᠷᠡᠳᠬᠦᠨ᠃
ᠲᠡᠭᠷᠢ ᠪᠠ ᠠᠰᠦᠷᠢᠰ ᠦ᠋ᠨ ᠲᠢᠳᠠᠮ ᠢ᠋᠃
ᠬᠣᠶᠠᠷ ᠬᠥᠯ ᠦ᠋ᠨ ᠯᠢᠩᠬᠤ᠎ᠠ ᠳ᠋ᠤᠷ ᠪᠥᠬᠥᠢᠯᠭᠡᠨ᠃
ᠬᠠᠮᠤᠭ ᠡᠯ᠎ᠡ ᠥᠭᠡᠬᠦᠨ ᠢ᠋ ᠳᠡᠢᠯᠦᠭᠴᠢ᠃
ᠭᠡᠲᠦᠯᠭᠡᠭᠴᠢ ᠡᠬᠡ ᠳ᠋ᠦ᠍ᠷ ᠪᠢ ᠮᠥᠷᠭᠥᠮᠦ᠅
ᠢᠯᠠᠵᠤ ᠲᠡᠭᠦᠰ ᠨᠥᠭᠴᠢᠭᠰᠡᠨ ᠬᠤᠲᠤᠭᠲᠠᠢ ᠥᠬᠢᠨ ᠲᠡᠭᠷᠢ ᠳᠡ ᠮᠥᠷᠭᠥᠮᠦ᠃
ᠮᠥᠷᠭᠥᠵᠦ ᠪᠢ ᠭᠡᠲᠦᠯᠭᠡᠭᠴᠢ ᠲᠦᠷᠭᠡᠨ ᠪᠠᠭᠠᠲᠤᠷ᠃
ᠭᠱᠠᠨ ᠳ᠋ᠠᠬᠢ ᠭᠢᠯᠪᠡᠯᠭᠡᠨ ᠦ᠌ ᠮᠡᠲᠦ ᠨᠢᠳᠦᠲᠡᠢ᠃
ᠯᠤᠭᠠᠱᠠᠸᠠᠷᠢ ᠢᠲᠡᠭᠡᠯ ᠦ᠋ᠨ ᠨᠢᠭᠤᠷ ᠯᠢᠩᠬᠤ᠎ᠠ ᠶ᠋ᠢᠨ᠃
ᠲᠣᠭᠣᠷᠴᠣᠭ ᠢ᠋ ᠨᠡᠭᠡᠭᠡᠬᠦᠢ ᠳ᠋ᠦ᠍ᠷ ᠪᠣᠯᠤᠨ ᠠᠭᠰᠠᠨᠠ᠅
ᠮᠥᠷᠭᠥᠮᠦ ᠪᠢ ᠨᠠᠮᠤᠷ ᠴᠠᠭ ᠤ᠋ᠨ ᠰᠠᠷᠠᠨ ᠬᠠᠮᠤᠭ᠎ᠠ᠃
ᠳᠦᠭᠦᠷᠦᠭᠰᠡᠨ ᠵᠠᠭᠤᠨ ᠳᠠᠪᠬᠤᠷ ᠮᠡᠲᠦ ᠴᠢᠷᠠᠢ ᠲᠠᠢ᠃
ᠣᠯᠠᠨ ᠮᠢᠩᠭᠠᠨ ᠴᠢᠭᠤᠯᠤᠭᠰᠠᠨ ᠣᠳᠣᠨ ᠳᠣᠲᠣᠷ᠎ᠠ᠃
ᠮᠠᠰᠢ ᠭᠡᠭᠡᠨ ᠭᠡᠷᠡᠯ ᠮᠠᠰᠢ ᠪᠠᠳᠠᠷᠠᠭᠰᠠᠨᠠ᠅
ᠮᠥᠷᠭᠥᠮᠦ ᠪᠢ ᠠᠯᠲᠠᠨ ᠬᠥᠬᠡ ᠤᠰᠤᠨ ᠲᠥᠷᠥᠭᠴᠢ᠃
ᠯᠢᠩᠬᠤ᠎ᠠ ᠶ᠋ᠢ ᠭᠠᠷ ᠲᠤᠷ ᠢ᠋ᠶ᠋ᠠᠨ ᠪᠠᠷᠢᠨ ᠥᠭᠯᠢᠭᠡ ᠃
ᠬᠢᠴᠢᠶᠡᠩᠭᠦᠢ ᠬᠠᠲᠠᠭᠤᠵᠢᠯ ᠠᠮᠤᠷᠯᠢᠬᠤ ᠪᠠ᠃
ᠬᠦᠯᠢᠴᠡᠩᠭᠦᠢ ᠲᠢᠶᠠᠨ ᠢ᠋ᠶ᠋ᠠᠷ ᠶᠠᠪᠤᠲᠠᠯᠳᠤ ᠲᠠᠨ᠅
ᠮᠥᠷᠭᠥᠮᠦ ᠪᠢ ᠬᠠᠮᠤᠭ ᠳ᠋ᠠᠲ᠋ᠠᠭᠠᠳᠠ ᠶ᠋ᠢᠨ ᠥᠰᠨᠢᠷᠳᠦ᠃
ᠮᠠᠰᠢ ᠬᠡᠳᠦ ᠮᠠᠰᠢ ᠢᠯᠠᠭᠤᠭᠰᠠᠨ ᠡᠳ᠋ᠯᠡᠭᠴᠢ᠃
ᠦᠯᠡᠯ ᠦᠭᠡᠢ ᠬᠠᠮᠤᠭ ᠪᠠᠷᠠᠮᠢᠳ ᠢ᠋ ᠣᠯᠤᠭᠰᠠᠨ᠃
ᠢᠯᠠᠭᠤᠭᠰᠠᠨ ᠬᠥᠪᠡᠭᠦᠳ ᠦ᠋ᠨ ᠳᠤᠯᠳᠤᠢᠳᠤᠭᠰᠠᠨᠠ᠅
ᠮᠥᠷᠭᠥᠮᠦ ᠪᠢ ᠳ᠋ᠤᠳ᠋ ᠳ᠋ᠠᠷ᠎ᠠ ᠬᠣᠩ ᠦᠰᠦᠭ ᠢ᠋ᠶ᠋ᠡᠷ ᠢ᠋ᠶ᠋ᠡᠨ᠃
ᠬᠦᠰᠡᠯᠳᠡᠨ ᠵᠦᠭ ᠪᠠ ᠣᠭᠲᠠᠷᠭᠤᠢ ᠶ᠋ᠢ ᠳᠥᠭᠥᠷᠦᠨ᠃
ᠳᠣᠯᠣᠭᠠᠨ ᠳᠠᠪᠬᠤᠷ ᠶᠢᠷᠲᠢᠨᠴᠦ ᠶ᠋ᠢ ᠬᠥᠯ ᠳ᠋ᠦ᠍ᠷ ᠳᠠᠷᠤᠵᠤ᠃
ᠦᠯᠡᠯ ᠦᠭᠡᠢ ᠢᠷᠡᠭᠦᠯᠬᠦ ᠴᠢᠳᠠᠯ ᠪᠦᠬᠦᠢ ᠳᠡ᠅
ᠮᠥᠷᠭᠥᠮᠦ ᠪᠢ ᠬᠤᠷᠮᠤᠰᠲᠠ ᠭᠠᠯ ᠪᠠ ᠡᠰᠷᠦᠨ ᠪᠠ᠃
ᠰᠠᠯᠬᠢᠨ ᠲᠡᠭᠷᠢ ᠡᠯᠳᠡᠪ ᠡᠷᠬᠡᠲᠦ ᠳᠡ ᠲᠠᠬᠢᠭᠳᠠᠨ᠃
ᠪᠦᠳᠢ ᠬᠢᠭᠡᠳ ᠸᠢᠳᠡᠷ ᠯᠦ᠍ᠭᠡ ᠦᠨᠦᠷ ᠢᠳᠡᠭᠴᠢᠨ᠃
ᠶᠠᠭᠴᠠᠰ ᠢ᠋ᠶ᠋ᠠᠷ ᠡᠮᠦᠨ᠎ᠡ ᠡᠴᠡ ᠮᠠᠭᠲᠠᠭᠳᠠᠭᠰᠠᠨᠠ᠅
ᠮᠥᠷᠭᠥᠮᠦ ᠪᠢ ᠳ᠋ᠠᠳ᠋ ᠤ᠋ᠨ ᠵᠣᠬᠢᠶᠠᠯ ᠪᠠ ᠫᠠᠳ ᠢ᠋ᠶ᠋ᠠᠷ᠃
ᠴᠢᠨᠠᠳᠤᠰ ᠤ᠋ᠨ ᠵᠠᠰᠠᠯ ᠬᠦᠷᠳᠦ ᠮᠠᠰᠢ ᠡᠪᠳᠡᠭᠴᠢ᠃
ᠪᠠᠷᠠᠭᠤᠨ ᠬᠤᠮᠪᠢᠨ ᠵᠡᠭᠦᠨ ᠵᠢᠭᠢᠨ ᠬᠥᠯ ᠳ᠋ᠦ᠍ᠷ ᠳᠠᠷᠤᠵᠤ᠃
ᠬᠤᠷᠴᠠ ᠭᠠᠯ ᠢ᠋ ᠦᠢᠯᠡᠴᠢᠨ ᠮᠠᠰᠢ ᠪᠠᠳᠠᠷᠠᠭᠰᠠᠨᠠ᠅
ᠮᠥᠷᠭᠥᠮᠦ ᠪᠢ ᠳᠦᠷᠢ ᠶᠡᠬᠡ ᠠᠶᠤᠭᠤᠮᠰᠢᠬᠳᠦ᠃
ᠰᠢᠮᠨᠤᠰ ᠤ᠋ᠳ ᠤ᠋ᠨ ᠪᠠᠭᠠᠲᠤᠳ ᠢ᠋ ᠮᠠᠭᠠᠳ ᠳᠠᠷᠤᠭᠴᠢ᠃
ᠪᠠᠳᠮ᠎ᠠ ᠮᠡᠲᠦ ᠨᠢᠭᠤᠷ ᠢ᠋ᠶ᠋ᠠᠨ ᠠᠭᠤᠷᠢᠭᠤᠯᠵᠦ᠃
ᠬᠠᠮᠤᠭ ᠲᠡᠢᠨ ᠢ᠋ ᠦᠯᠡᠯ ᠦᠭᠡᠢ ᠨᠢᠲᠤᠯᠤᠭᠴᠢ ᠳᠠ᠅
ᠮᠥᠷᠭᠥᠮᠦ ᠪᠢ ᠡᠷᠳᠡᠨᠢᠰ ᠦ᠋ᠨ ᠪᠡᠯᠭᠡ ᠶ᠋ᠢᠨ ᠮᠣᠳᠣᠷ ᠤ᠋ᠨ᠃
ᠬᠤᠷᠤᠭᠤ ᠪᠠᠷ ᠵᠢᠷᠦᠬᠡᠨ ᠳ᠋ᠦ᠍ᠷ ᠢ᠋ᠶ᠋ᠡᠨ ᠴᠢᠮᠡᠭᠲᠡᠢ᠃
ᠦᠯᠡᠯ ᠦᠭᠡᠢ ᠵᠦᠭ ᠦ᠋ᠨ ᠬᠦᠷᠳᠦᠨ ᠢ᠋ᠶ᠋ᠡᠷ ᠴᠢᠮᠡᠭᠰᠡᠨ᠃
ᠭᠡᠷᠡᠯ ᠦ᠋ᠨ ᠴᠢᠭᠤᠯᠭᠠᠨ ᠢ᠋ ᠦᠢᠮᠡᠴᠢᠭᠰᠡᠨᠡ ᠅
ᠮᠥᠷᠭᠥᠮᠦ ᠪᠢ ᠮᠠᠰᠢ ᠪᠠᠶᠠᠰᠬᠤᠯᠠᠩ ᠵᠢᠪᠬᠤᠯᠠᠩ᠃
ᠲᠢᠲᠢᠮ ᠢᠨᠦ ᠭᠡᠷᠡᠯ ᠡᠷᠢᠬᠡᠯᠡᠨ ᠬᠡᠯᠬᠢᠭᠰᠡᠨ᠃
ᠢᠨᠢᠶᠡᠭᠴᠢ ᠮᠠᠰᠢ ᠢᠨᠢᠶᠡᠭᠴᠢ ᠳ᠋ᠤᠳ᠋ ᠳ᠋ᠠᠷᠢ᠃
ᠰᠢᠮᠨᠤᠰ ᠬᠢᠭᠡᠳ ᠶᠢᠷᠲᠢᠨᠴᠦ ᠶ᠋ᠢ ᠡᠷᠬᠡᠰᠢᠭᠴᠢ ᠳᠡ᠃
ᠮᠥᠷᠭᠥᠮᠦ ᠪᠢ ᠭᠠᠵᠠᠷ ᠳᠡᠯᠡᠬᠡᠢ ᠶ᠋ᠢ ᠲᠡᠳᠬᠦᠭᠴᠢᠨ᠃
ᠪᠦᠭᠦᠳᠡ ᠶ᠋ᠢ ᠢᠯᠡᠷᠡᠭᠦᠯᠬᠦᠢ ᠴᠢᠳᠠᠯ ᠪᠦᠬᠦᠢ ᠲᠡᠢ᠃
ᠠᠭᠤᠷᠢᠯ ᠢ᠋ ᠬᠥᠳᠡᠯᠭᠡᠭᠴᠢ ᠬᠣᠩ ᠤ᠋ᠨ ᠦᠰᠦᠭ ᠢ᠋ᠶ᠋ᠡᠷ᠃
ᠬᠠᠮᠤᠭ ᠡᠯ᠎ᠡ ᠥᠭᠡᠬᠦᠨ ᠢ᠋ ᠭᠡᠲᠦᠯᠭᠡᠭᠴᠢ ᠳᠡ᠅ ᠮᠥᠷᠭᠥᠮᠦ
ᠪᠢ ᠰᠢᠨ᠎ᠡ ᠰᠠᠷᠠᠨ ᠢ᠋ᠶ᠋ᠠᠷ ᠲᠢᠲᠢᠮᠯᠡᠨ᠃
ᠴᠢᠮᠡᠭᠯᠡᠭᠰᠡᠨ ᠪᠦᠭᠦᠳᠡᠭᠡᠷ ᠪᠠᠳᠠᠷᠠᠬᠤᠢ ᠲᠠᠢ᠃
ᠦᠰᠦᠨ ᠭᠡᠷ ᠦ᠋ᠨ ᠳᠣᠲᠣᠷᠠᠬᠢ ᠠᠪᠢᠳᠠ ᠠ᠋ᠴᠠ ᠪᠠᠷ᠃
ᠨᠠᠰᠤᠳᠠ ᠰᠠᠢᠲᠤᠷ ᠭᠡᠷᠡᠯ ᠮᠠᠰᠢ ᠵᠣᠬᠢᠶᠠᠭᠴᠢ ᠳᠠ᠅
ᠮᠥᠷᠭᠥᠮᠦ ᠪᠢ ᠭᠠᠯᠠᠪ ᠡᠴᠦᠰ ᠴᠠᠭ ᠤ᠋ᠨ ᠭᠠᠯ ᠮᠡᠲᠦ᠃
ᠪᠠᠳᠠᠷᠠᠩᠭᠤᠢ ᠡᠷᠢᠬᠡᠨ ᠦ᠌ ᠳᠤᠮᠳᠠ ᠣᠷᠣᠰᠢᠨ᠃
ᠪᠠᠷᠠᠭᠤᠨ ᠵᠢᠭᠢᠨ ᠵᠡᠭᠦᠨ ᠬᠤᠮᠪᠢᠨ ᠡᠷᠭᠢᠯ ᠪᠠᠶᠠᠰᠬᠠᠬᠤ᠃
ᠲᠡᠢᠨ ᠦ᠌ ᠥᠮᠥᠭ ᠮᠠᠭᠠᠳ ᠢ᠋ᠶ᠋ᠠᠷ ᠡᠪᠳᠡᠯᠡᠭᠴᠢ ᠳᠡ ᠅
ᠮᠥᠷᠭᠥᠮᠦ ᠪᠢ ᠭᠠᠵᠠᠷ ᠳᠡᠯᠡᠬᠡᠢ ᠶ᠋ᠢ ᠭᠠᠷ ᠢ᠋ᠶ᠋ᠠᠷ᠃
ᠠᠯᠠᠭᠠᠳᠠᠨ ᠬᠥᠯ ᠦ᠋ᠨ ᠣᠯᠠᠨ ᠢ᠋ᠶ᠋ᠠᠷ ᠳᠡᠪᠰᠡᠭᠴᠢ᠃
ᠠᠭᠤᠷᠢᠯ ᠢ᠋ ᠵᠣᠬᠢᠶᠠᠭᠠᠳ ᠬᠣᠩ ᠤ᠋ᠨ ᠦᠰᠦᠭ ᠢ᠋ᠶ᠋ᠡᠷ᠃
ᠳᠣᠯᠣᠭᠠᠨ ᠵᠡᠷᠭᠡ ᠪᠦᠭᠦᠳᠡ ᠶ᠋ᠢ ᠬᠡᠮᠬᠡᠯᠦᠭᠴᠢ ᠳᠡ ᠅
ᠮᠥᠷᠭᠥᠮᠦ ᠪᠢ ᠠᠮᠤᠭᠤᠯᠠᠩ ᠪᠤᠶᠠᠨ ᠨᠣᠮᠣᠬᠠᠨ᠃
ᠨᠢᠷᠸᠠᠨ ᠪᠠ ᠠᠮᠤᠷᠯᠢᠭᠰᠠᠨ ᠡᠳ᠋ᠯᠡᠯ ᠣᠷᠣᠨ ᠲᠠᠢ᠃
ᠰᠤᠤᠬ᠎ᠠ ᠣᠮ ᠳ᠋ᠤᠷ ᠮᠠᠰᠢ ᠠᠷᠢᠭᠤᠨ᠎ᠠ ᠲᠡᠭᠦᠰᠦᠨ᠃
ᠶᠡᠬᠡ ᠨᠢᠭᠦᠯ ᠬᠢᠯᠢᠨᠴᠡ ᠶ᠋ᠢ ᠡᠪᠳᠡᠯᠡᠭᠴᠢ ᠳᠡ ᠅
ᠮᠥᠷᠭᠥᠮᠦ ᠪᠢ ᠬᠠᠮᠤᠭ ᠠ᠋ᠴᠠ ᠡᠷᠭᠢᠯ ᠪᠠᠶᠠᠰᠬᠠᠬᠤ᠃
ᠲᠡᠢᠨ ᠦ᠌ ᠴᠣᠭᠴᠠ ᠪᠡᠶᠡᠰ ᠦ᠋ᠳ ᠢ᠋ ᠮᠠᠰᠢ ᠬᠡᠮᠬᠡᠯᠬᠦ᠃
ᠠᠷᠪᠠᠨ ᠦᠰᠦᠭ ᠠᠷᠢᠭᠤᠨ᠎ᠠ ᠵᠣᠬᠢᠶᠠᠭᠰᠠᠨ ᠤ᠋᠃
ᠠᠷᠸᠢᠰ ᠬᠣᠩ ᠢ᠋ᠶ᠋ᠠᠷ ᠮᠠᠭᠠᠳ ᠢ᠋ᠶ᠋ᠠᠷ ᠭᠡᠲᠦᠯᠭᠡᠭᠴᠢ ᠳᠡ ᠅
ᠮᠥᠷᠭᠥᠮᠦ ᠪᠢ ᠳ᠋ᠦᠷᠢ ᠬᠥᠯ ᠢ᠋ ᠶᠦ᠍ᠭᠡᠨ ᠳᠡᠪᠰᠡᠵᠦ᠃
ᠬᠣᠩ ᠤ᠋ᠨ ᠳᠦᠷᠢ ᠶ᠋ᠢᠨ ᠭᠥᠷᠥᠩᠬᠡᠨ ᠦ᠌ ᠦᠰᠦᠭ ᠪᠦᠬᠦᠢ ᠲᠠᠢ
ᠰᠦᠮᠪᠦᠷ ᠬᠢᠭᠡᠳ ᠮᠠᠨᠳᠠᠷᠠ ᠪᠠ ᠳ᠋ᠠᠬᠢ ᠭᠢᠯᠠᠱᠠ᠃
ᠪᠦᠬᠦ ᠭᠤᠷᠪᠠᠨ ᠶᠢᠷᠲᠢᠨᠴᠦ ᠶ᠋ᠢ ᠬᠥᠳᠡᠯᠭᠡᠭᠴᠢ ᠳᠡ ᠅
ᠮᠥᠷᠭᠥᠮᠦ ᠪᠢ ᠲᠡᠭᠷᠢᠰ ᠦ᠋ᠨ ᠨᠠᠭᠤᠷ ᠳᠦᠷᠢ ᠲᠡᠢ᠃
ᠭᠥᠷᠦᠭᠡᠰᠦᠨ ᠪᠡᠯᠭᠡᠲᠦ ᠶ᠋ᠢ ᠭᠠᠷ ᠲᠤᠷ ᠪᠠᠷᠢᠭᠴᠢ᠃
ᠳᠡᠷᠡ ᠬᠣᠶᠠᠷ ᠥᠭᠦᠯᠡᠵᠦ ᠫᠠᠳ ᠤ᠋ᠨ ᠦᠰᠦᠭ ᠢ᠋ᠶ᠋ᠡᠷ᠃
ᠬᠤᠤᠷᠠᠰ ᠤ᠋ᠳ ᠢ᠋ ᠦᠯᠡᠯ ᠦᠭᠡᠢ ᠠᠷᠢᠯᠭᠠᠭᠴᠢ ᠳᠠ᠅
ᠮᠥᠷᠭᠥᠮᠦ ᠪᠢ ᠲᠡᠭᠷᠢᠰ ᠦ᠋ᠨ ᠴᠢᠭᠤᠯᠭᠠᠨ ᠪᠠ ᠬᠠᠨ᠃
ᠲᠡᠭᠷᠢ ᠪᠠ ᠬᠥᠮᠦᠨ ᠬᠢᠭᠡᠳ ᠶᠡᠷᠦ ᠶ᠋ᠢᠨ ᠰᠢᠲᠦᠭᠡᠨ᠃
ᠬᠠᠮᠤᠭ ᠠ᠋ᠴᠠ ᠬᠤᠶᠠᠭ ᠪᠠᠶᠠᠷ ᠵᠢᠪᠬᠤᠯᠠᠩᠲᠤ ᠪᠠᠷ᠃
ᠬᠡᠷᠡᠭᠦᠯ ᠮᠠᠭᠤ ᠵᠡᠭᠦᠳᠦᠨ ᠢ᠋ ᠠᠷᠢᠯᠭᠠᠭᠴᠢ ᠳᠠ ᠅
ᠮᠥᠷᠭᠥᠮᠦ ᠪᠢ ᠨᠠᠷᠠᠨ ᠰᠠᠷᠠᠨ ᠳᠡᠯᠭᠡᠷᠡᠭᠰᠡᠨ ᠦ᠌᠃
ᠬᠣᠶᠠᠷ ᠨᠢᠳᠦᠨ ᠮᠠᠰᠢ ᠲᠣᠳᠣ ᠭᠡᠷᠡᠯ ᠪᠦᠬᠦᠢ ᠲᠡᠢ᠃
ᠬᠠᠷ᠎ᠠ ᠬᠣᠶᠠᠷ ᠥᠭᠦᠯᠡᠭᠡᠳ ᠳ᠋ᠥᠳ᠋ ᠳ᠋ᠠᠷ᠎ᠠ ᠪᠠᠷ᠃
ᠮᠠᠰᠢ ᠲᠣᠭᠰᠢᠨ ᠬᠢᠵᠢᠭ ᠦ᠋ᠳ ᠢ᠋ ᠠᠷᠢᠯᠭᠠᠭᠴᠢ ᠳᠠ ᠅
ᠮᠥᠷᠭᠥᠮᠦ ᠪᠢ ᠭᠤᠷᠪᠠᠨ ᠴᠢᠨᠠᠷ ᠤ᠋ᠳ ᠢ᠋ ᠵᠣᠬᠢᠶᠠᠨ᠃
ᠠᠮᠤᠷᠯᠢᠩᠭᠤᠢ ᠶ᠋ᠢᠨ ᠬᠦᠴᠦᠨ ᠯᠦ᠍ᠭᠡ ᠦᠨᠡᠨ ᠲᠡᠭᠦᠯᠳᠡᠷ᠃
ᠡᠨᠳᠡ ᠬᠢᠭᠡᠳ ᠸᠢᠳᠡᠷ ᠯᠦ᠍ᠭᠡ ᠶᠠᠭᠴᠠᠰ ᠨᠤᠭᠤᠳ ᠢ᠋᠃
ᠡᠪᠳᠡᠯᠡᠭᠴᠢ ᠳᠦᠷᠢ ᠡᠷᠭᠢᠨ ᠮᠠᠩᠯᠠᠢ ᠡᠬᠡ ᠳ᠋ᠦ᠍ᠷ ᠅
ᠦᠨᠳᠦᠰᠦᠨ ᠦ᠌ ᠲᠠᠷᠨᠢ ᠶ᠋ᠢᠨ ᠮᠠᠭᠲᠠᠭᠠᠯ ᠤ᠋ᠨ ᠡᠭᠦᠨ᠎ᠡ᠃
ᠮᠥᠷᠭᠥᠯ ᠬᠢᠬᠦᠢ ᠬᠡᠮᠡᠪᠡᠰᠦ ᠬᠣᠷᠢᠨ ᠨᠢᠭᠡᠨ ᠪᠣᠢ ᠅
ᠥᠬᠢᠨ ᠲᠡᠭᠷᠢ ᠪᠢᠰᠢᠷᠡᠬᠦᠢ ᠦᠨᠡᠨ ᠲᠡᠭᠦᠯᠳᠡᠷ᠃
ᠤᠬᠠᠭᠠᠨᠲᠠᠨ ᠬᠡᠨ ᠢ᠋ᠶ᠋ᠡᠷ ᠮᠠᠰᠢ ᠰᠦᠰᠦᠭ ᠡᠭᠦᠰᠬᠡᠨ᠃
ᠦᠳᠡᠰᠢ ᠪᠠ ᠡᠰᠡᠪᠡᠰᠦ ᠡᠷᠲᠡ ᠪᠣᠰᠤᠭᠠᠳ᠃
ᠳᠤᠷᠠᠳᠪᠠᠰᠤ ᠬᠠᠮᠤᠭ ᠠᠶᠤᠯ ᠦᠭᠡᠢ ᠪᠣᠯᠤᠮᠤᠢ᠃
ᠬᠠᠮᠤᠭ ᠨᠢᠭᠦᠯ ᠬᠢᠯᠢᠨᠴᠡ ᠪᠡᠷ ᠮᠠᠰᠢ ᠠᠮᠤᠷᠯᠢᠨ᠃
ᠬᠠᠮᠤᠭ ᠮᠠᠭᠤ ᠵᠠᠶᠠᠭᠠᠨ ᠢ᠋ ᠡᠪᠳᠡᠨ ᠴᠢᠳᠠᠶᠤ᠃
ᠳᠣᠯᠣᠭᠠᠨ ᠬᠦᠯᠳᠢ ᠢᠯᠠᠭᠤᠭᠰᠠᠨ ᠨᠤᠭᠤᠳ ᠪᠦᠭᠦᠳᠡ᠃
ᠦᠳᠲᠡᠷ ᠪᠥᠭᠡᠳ ᠠᠪᠢᠰᠢᠭ᠌ ᠢ᠋ ᠥᠭᠬᠦ ᠪᠣᠯᠤᠶᠤ᠃
ᠡᠭᠦᠨ ᠡᠴᠡ ᠶᠡᠬᠡ ᠶ᠋ᠢ ᠪᠡᠷ ᠣᠯᠬᠤ ᠪᠣᠯᠤᠭᠠᠳ᠃
ᠪᠤᠷᠬᠠᠨ ᠪᠣᠯᠬᠤ ᠬᠦᠷᠲᠡᠯ᠎ᠡ ᠪᠡᠷ ᠲᠡᠨᠳᠡ ᠤᠲᠤᠶᠤ᠃
ᠲᠡᠷᠡ ᠪᠠᠰᠠ ᠶᠡᠬᠡ ᠲᠣᠭᠰᠢᠨ ᠬᠣᠣᠷ ᠪᠥᠬᠦᠢᠳᠦ᠃
ᠪᠠᠲᠤ ᠠᠭᠰᠠᠨ ᠡᠰᠡᠪᠡᠰᠦ ᠳᠠᠬᠢ ᠠᠮᠢᠲᠠᠨ᠃
ᠵᠠᠭᠤᠭᠰᠠᠨ ᠪᠠ ᠡᠰᠡᠪᠡᠰᠦ ᠤᠤᠭᠤᠭᠰᠠᠨ ᠢ᠋ ᠪᠡᠷ᠃
ᠳᠤᠷᠠᠳᠪᠠᠰᠤ ᠮᠠᠰᠢ ᠠᠷᠢᠯᠬᠤ ᠪᠣᠯᠤᠮᠤ᠃
ᠡᠨᠳᠡ ᠬᠢᠭᠡᠳ ᠬᠢᠵᠢᠭ ᠯᠦ᠍ᠭᠡ ᠬᠣᠣᠷ ᠨᠡᠷᠪᠡᠭᠰᠡᠨ᠃
ᠵᠣᠪᠠᠯᠠᠩ ᠤ᠋ᠨ ᠴᠢᠭᠤᠯᠭᠠᠨ ᠢ᠋ ᠮᠠᠰᠢ ᠲᠡᠪᠴᠢᠵᠦ᠃
ᠪᠤᠰᠤ ᠪᠤᠰᠤ ᠠᠮᠢᠳᠠᠨ᠎ᠠ ᠪᠠᠰᠠ ᠪᠣᠯᠤᠮᠤᠢ᠃
ᠬᠣᠶᠠᠷ ᠭᠤᠷᠪᠠᠨ ᠳᠣᠯᠣᠭᠠᠨᠲᠠ ᠢᠯᠡ ᠤᠩᠰᠢᠷᠤᠨ᠃
ᠦᠷ᠎ᠡ ᠣᠯᠬᠤᠢ ᠲᠠᠭᠠᠯᠠᠭᠴᠢᠨ ᠦᠷ᠎ᠡ ᠣᠯᠤᠭᠠᠳ᠃
ᠡᠳ᠋ ᠢ᠋ ᠣᠯᠬᠤᠢ ᠲᠠᠭᠠᠯᠠᠭᠴᠢᠨ ᠡᠳ᠋ ᠢ᠋ ᠣᠯᠤᠮᠤᠢ᠃
ᠲᠠᠭᠠᠯᠠᠭᠰᠠᠨ ᠪᠦᠭᠦᠳᠡ ᠶ᠋ᠢ ᠪᠣᠯᠬᠤ ᠪᠣᠯᠤᠭᠠᠳ᠃
ᠲᠣᠳᠬᠠᠷ ᠨᠤᠭᠤᠳ ᠦᠭᠡᠢ ᠪᠣᠯᠤᠨ ᠰᠠᠢᠲᠤᠷ ᠳᠠᠷᠤᠮᠤᠢ ᠅
ᠭᠡᠲᠦᠯᠭᠡᠭᠴᠢ ᠠᠷᠢᠶ᠎ᠠ ᠳ᠋ᡁᠷᠠ ᠡᠬᠡ ᠪᠠ᠃
ᠭᠤᠷᠪᠠᠨ ᠴᠠᠭ ᠤ᠋ᠨ ᠠᠷᠪᠠᠨ ᠵᠦᠭ ᠲᠦ᠍ᠷ ᠰᠠᠭᠤᠭᠰᠠᠨ᠃
ᠬᠠᠮᠤᠭ ᠪᠤᠷᠬᠠᠨ ᠪᠣᠳᠢᠰᠠᠳ᠋ᠸ᠎ᠠ ᠰᠡᠯᠲᠡ ᠳ᠋ᠦ᠍ᠷ᠃
ᠬᠣᠲᠠᠯᠠ ᠠ᠋ᠴᠠ ᠰᠦᠰᠦᠭ ᠢ᠋ᠶ᠋ᠡᠷ ᠮᠥᠷᠭᠥᠮᠦ᠃
ᠴᠡᠴᠡᠭ ᠬᠦᠵᠢ ᠵᠤᠯᠠ ᠬᠢᠭᠡᠳ ᠦᠨᠦᠷ ᠪᠠ᠃
ᠢᠳᠡᠭᠡᠨ ᠪᠠ ᠬᠥᠭᠵᠢᠮ ᠲᠡᠷᠢᠭᠦᠲᠡᠨ ᠢ᠋᠃
ᠪᠡᠯᠡᠳᠦᠭᠡᠳ ᠬᠤᠪᠢᠯᠭᠠᠵᠤ ᠡᠷᠭᠦᠮᠦ᠃
ᠠᠷᠢᠶ᠎ᠠ ᠡᠬᠡ ᠴᠢᠭᠤᠯᠭᠠᠨ ᠢ᠋ᠶ᠋ᠠᠷ ᠠᠪᠲᠤᠭᠠᠢ ᠅
ᠠᠩᠬᠠᠨ ᠠ᠋ᠴᠠ ᠡᠳᠦᠭᠡ ᠳᠡ ᠬᠦᠷᠲᠡᠯ᠎ᠡ᠃
ᠠᠷᠪᠠᠨ ᠨᠢᠭᠦᠯ ᠲᠠᠪᠤᠨ ᠵᠠᠪᠰᠠᠷ ᠦᠭᠡᠢ ᠪᠠ᠃
ᠰᠡᠳᠬᠢᠯ ᠢᠨᠦ ᠨᠢᠰᠸᠠᠨᠢᠰᠳᠦ ᠪᠣᠯᠤᠭᠰᠠᠨ᠃
ᠬᠠᠮᠤᠭ ᠨᠢᠭᠦᠯ ᠢ᠋ᠶ᠋ᠡᠨ ᠨᠠᠮᠠᠨᠴᠢᠯᠠᠮᠤ ᠅
ᠰᠢᠷᠡᠸᠩ ᠪᠠᠷᠳᠢᠩᠭᠠᠪᠤᠳ ᠪᠣᠳᠢᠰᠠᠳ᠋ᠸ᠎ᠠ ᠨᠠᠷ᠃
ᠪᠡᠷᠲᠡᠭᠴᠢᠨ ᠦ᠌ ᠲᠥᠷᠥᠯᠬᠢᠲᠡᠨ ᠡᠬᠢᠯᠡᠨ᠃
ᠭᠤᠷᠪᠠᠨ ᠴᠠᠭ ᠤ᠋ᠨ ᠪᠤᠶᠠᠨ ᠬᠡᠳᠦᠢ ᠬᠤᠷᠢᠶᠠᠭᠰᠠᠨ᠃
ᠪᠤᠶᠠᠨ ᠳ᠋ᠤᠷ ᠪᠢ ᠪᠠᠶᠠᠰᠤᠯᠴᠠᠨ ᠳᠠᠭᠠᠮᠤᠢ ᠅
ᠠᠯᠢ ᠡᠯ᠎ᠡ ᠠᠮᠢᠲᠠᠨ ᠤ᠋ ᠰᠠᠨᠠᠯ ᠪᠠ᠃
ᠣᠢᠨ ᠤ᠋ ᠢᠯᠭᠠᠯ ᠶᠠᠮᠪᠠᠷ ᠪᠦᠬᠦ ᠶᠣᠰᠣᠭᠠᠷ᠃
ᠶᠡᠬᠡ ᠪᠠᠭ᠎ᠠ ᠶᠡᠷᠦ ᠨᠡᠢᠲᠡ ᠬᠥᠯᠭᠡᠨ ᠦ᠌᠃
ᠨᠣᠮ ᠤ᠋ᠨ ᠬᠦᠷᠳᠦ ᠣᠷᠴᠢᠭᠤᠯᠤᠨ ᠰᠣᠶᠣᠷᠬ᠎ᠠ ᠅
ᠣᠷᠴᠢᠯᠠᠩ ᠢ᠋ ᠦᠭᠡᠢ ᠡᠰᠡ ᠪᠣᠯᠲᠠᠯ᠎ᠠ᠃
ᠭᠠᠰᠠᠯᠠᠩᠲᠤ ᠠ᠋ᠴᠠ ᠦᠯᠦ ᠨᠥᠭᠴᠢᠭᠡᠳ᠃
ᠵᠣᠪᠠᠯᠠᠩᠲᠤ ᠳᠠᠯᠠᠢ ᠶ᠋ᠢᠨ ᠭᠦᠨ᠎ᠡ ᠴᠢᠪᠦᠭᠰᠡᠨ᠃
ᠠᠮᠢᠲᠠᠨ ᠢ᠋ ᠨᠢᠭᠦᠯᠡᠰᠦᠨ ᠦᠵᠡᠳᠬᠦᠨ ᠅
ᠮᠢᠨᠦ ᠪᠤᠶᠠᠨ ᠬᠤᠷᠢᠶᠠᠭᠰᠠᠨ ᠪᠦᠭᠦᠳᠡ᠃
ᠶᠡᠬᠡ ᠪᠣᠳᠢ ᠶ᠋ᠢᠨ ᠰᠢᠯᠳᠠᠭᠠᠨᠠ ᠪᠣᠯᠤᠭᠠᠳ᠃
ᠥᠨᠢ ᠤᠳᠠᠯ ᠦᠭᠡᠭᠦᠶ᠎ᠡ ᠪᠢ ᠪᠥᠭᠡᠳ᠃
ᠠᠮᠢᠲᠠᠨ ᠲᠣᠨᠢᠯᠭᠠᠭᠴᠢ ᠪᠣᠯᠲᠤᠭᠠᠢ ᠅
ᠭᠡᠲᠦᠯᠭᠡᠭᠴᠢ ᠪᠠᠭᠠᠸᠠᠳᠢ ᠨᠢᠭᠦᠯᠡᠰᠬᠦᠢ ᠲᠡᠭᠦᠯᠳᠡᠷ᠃
ᠪᠢ ᠪᠡ ᠳ᠋ᠡᠬᠢ ᠬᠠᠮᠤᠭ ᠡᠯ᠎ᠡ ᠠᠮᠢᠲᠠᠨ ᠤ᠋ ᠬᠣᠲᠠᠯᠠ᠃
ᠬᠣᠶᠠᠷ ᠲᠦᠢᠳᠬᠡᠷ ᠠᠷᠢᠯᠭᠠᠵᠤ ᠴᠢᠭᠤᠯᠭᠠᠨ ᠢ᠋ ᠲᠡᠭᠦᠰᠬᠡᠨ᠃
ᠲᠤᠭᠤᠯᠤᠭᠰᠠᠨ ᠪᠤᠷᠬᠠᠨ ᠢ᠋ ᠪᠡᠷ ᠣᠯᠭᠠᠭᠤᠯᠤᠨ ᠰᠣᠶᠣᠷᠬ᠎ᠠ ᠅
ᠲᠡᠷᠡ ᠡᠰᠡ ᠣᠯᠳᠠᠲᠠᠯᠠ ᠬᠠᠮᠤᠭ ᠲᠥᠷᠥᠯ ᠳᠣᠳᠣᠮ ᠳ᠋ᠤᠷ᠃
ᠲᠡᠭᠷᠢ ᠪᠠ ᠬᠥᠮᠦᠨ ᠳ᠋ᠡᠬᠢ ᠵᠢᠷᠭᠠᠯᠠᠩ ᠢ᠋ ᠣᠯᠤᠭᠠᠳ᠃
ᠬᠠᠮᠤᠭ ᠵᠦᠢᠯ ᠢ᠋ ᠮᠡᠳᠡᠭᠴᠢ ᠶ᠋ᠢ ᠪᠦᠲᠦᠭᠡᠬᠦᠢ ᠦᠢᠯᠡ ᠳ᠋ᠦ᠍ᠷ᠃
ᠵᠡᠳᠬᠡᠷᠯᠡᠭᠴᠢ ᠠᠳᠠ ᠲᠣᠳᠬᠠᠷ ᠬᠢᠵᠢᠭ ᠲᠠᠬᠤᠯ ᠡᠬᠢᠯᠡᠨ᠃
ᠴᠠᠭ ᠤ᠋ᠨ ᠪᠤᠰᠤ ᠵᠠᠭᠤᠷᠠᠳᠤ ᠶ᠋ᠢᠨ ᠡᠯᠳᠡᠪ ᠦᠬᠦᠯ ᠪᠣᠯᠬᠤ ᠪᠠ᠃
ᠡᠯᠳᠡᠪ ᠮᠠᠭᠤ ᠵᠡᠭᠦᠳᠦᠨ ᠪᠠ ᠮᠠᠭᠤ ᠪᠡᠯᠭᠡ ᠨᠦ᠍ᠭᠦᠳ ᠪᠠ᠃
ᠨᠠᠢ᠍ᠮᠠᠨ ᠠᠶᠤᠯ ᠲᠡᠷᠢᠭᠦᠲᠡᠨ ᠬᠥᠨᠦᠭᠡᠭᠴᠢᠨ ᠨᠦ᠍ᠭᠦᠳ ᠢ᠋ ᠃
ᠦᠳᠲᠡᠷ ᠪᠥᠭᠡᠳ ᠰᠥᠨᠥᠭᠡᠵᠦ ᠦᠭᠡᠢ ᠪᠣᠯᠭᠠᠨ ᠰᠣᠶᠣᠷᠬ᠎ᠠ ᠅
ᠶᠢᠷᠲᠢᠨᠴᠦ ᠳᠡ ᠪᠦᠬᠦᠢ ᠬᠢᠭᠡᠳ ᠶᠢᠷᠲᠢᠨᠴᠦ ᠡᠴᠡ ᠨᠥᠭᠴᠢᠭᠰᠡᠨ᠃
ᠥᠯᠵᠡᠢ ᠬᠤᠲᠤᠭ ᠠᠮᠤᠷ ᠰᠠᠢᠨ ᠪᠠ ᠪᠦᠷᠢᠨ ᠲᠡᠭᠦᠰ ᠪᠦᠭᠦᠳᠡ᠃
ᠠᠷᠪᠢᠳᠤᠭᠠᠳ ᠳᠡᠯᠭᠡᠷᠡᠬᠦ ᠬᠣᠴᠣᠷᠤᠯ ᠦᠭᠡᠢ ᠬᠡᠷᠡᠭ ᠢ᠋᠃
ᠬᠢᠨᠠᠯ ᠦᠭᠡᠢ ᠥᠪᠡᠰᠦᠪᠡᠨ ᠪᠦᠲᠦᠭᠦᠯᠦᠨ ᠰᠣᠶᠣᠷᠬ᠎ᠠ ᠅
ᠪᠦᠲᠦᠭᠡᠯ ᠳ᠋ᠦ᠍ᠷ ᠬᠢᠴᠢᠶᠡᠭᠡᠳ ᠪᠣᠭᠳᠠ ᠨᠣᠮ ᠢ᠋ ᠠᠷᠪᠢᠳᠬᠠᠨ᠃
ᠨᠠᠰᠤᠳᠠ ᠴᠢᠮᠠᠶ᠋ᠢ ᠪᠦᠲᠦᠭᠡᠭᠡᠳ ᠡᠷᠬᠢᠮ ᠨᠢᠭᠤᠷ ᠦᠵᠡᠵᠦ᠃
ᠬᠣᠭᠣᠰᠣᠨ ᠤ᠋ ᠣᠨᠣᠯ ᠬᠢᠭᠡᠳ ᠡᠷᠳᠡᠨᠢᠲᠦ ᠪᠣᠳᠢᠴᠢᠳ᠃
ᠤᠪᠠᠳᠢᠰ ᠢ᠋ ᠰᠠᠷᠠᠨ ᠮᠡᠲᠦ ᠠᠷᠪᠢᠳᠬᠤ ᠶ᠋ᠢ ᠵᠣᠬᠢᠶᠠ ᠅
ᠢᠯᠭᠤᠭᠰᠠᠨ ᠤ᠋ ᠮᠠᠨᠳᠠᠯ ᠰᠠᠢᠨ ᠪᠠ ᠪᠠᠶᠠᠰᠬᠤᠯᠠᠩ ᠲᠡᠭᠦᠨ᠎ᠡ᠃
ᠮᠠᠰᠢ ᠡᠷᠬᠢᠮ ᠦᠵᠡᠰᠬᠦᠯᠡᠩ ᠪᠠᠳᠮ᠎ᠠ ᠠ᠋ᠴᠠ ᠲᠥᠷᠥᠭᠡᠳ᠃
ᠢᠯᠭᠤᠭᠰᠠᠨ ᠠᠮᠢᠨᠳᠠᠸᠠ ᠶ᠋ᠢᠨ ᠡᠮᠦᠨ᠎ᠡ ᠡᠴᠡ ᠪᠢ ᠪᠥᠭᠡᠳ᠃
ᠸᠢᠸᠠᠩᠭᠢᠷᠢᠳ ᠥᠭᠲᠡᠬᠦᠢ ᠶ᠋ᠢ ᠲᠡᠨᠳᠡ ᠣᠯᠬᠤ ᠪᠣᠯᠲᠤᠭᠠᠢ ᠅
ᠮᠢᠨᠦ ᠡᠷᠲᠡ ᠲᠥᠷᠥᠯ ᠡᠴᠡ ᠪᠦᠲᠦᠭᠡᠭᠰᠡᠨ ᠲᠡᠭᠷᠢ᠃
ᠭᠤᠷᠪᠠᠨ ᠴᠠᠭ ᠤ᠋ᠨ ᠪᠤᠷᠬᠠᠨ ᠨᠤᠭᠤᠳ ᠤ᠋ᠨ ᠦᠢᠯᠡ ᠶ᠋ᠢᠨ ᠡᠬᠡ ᠨᠣᠭᠣᠭᠠᠨ᠃
ᠨᠢᠭᠡᠨ ᠨᠢᠭᠤᠷ ᠬᠣᠶᠠᠷ ᠭᠠᠷᠲᠤ ᠲᠦᠷᠭᠡᠨ ᠪᠥᠭᠡᠳ ᠪᠠᠭᠠᠲᠤᠷ᠃
ᠡᠬᠡ ᠤᠳᠪᠠᠯᠠ ᠪᠠᠷᠢᠭᠰᠠᠨ ᠤ᠋ ᠥᠯᠵᠡᠢ ᠬᠤᠲᠤᠭ ᠣᠷᠣᠰᠢ ᠅
ᠢᠯᠠᠭᠤᠭᠰᠠᠨ ᠡᠬᠡ ᠴᠢᠨᠦ ᠪᠡᠶ᠎ᠡ ᠶᠠᠮᠪᠠᠷ ᠠᠭᠰᠠᠨ ᠪᠠ᠃
ᠨᠥᠬᠥᠳ ᠬᠢᠭᠡᠳ ᠪᠡᠶ᠎ᠡ ᠨᠠᠰᠤ ᠶ᠋ᠢᠨ ᠬᠢᠷᠢ ᠯᠦ᠍ᠭᠡ ᠣᠷᠣᠨ ᠪᠠ᠃
ᠴᠢᠨᠦ ᠡᠷᠭᠢᠨ ᠠᠯᠳᠠᠷ ᠨᠡᠷ᠎ᠡ ᠶᠠᠮᠪᠠᠷ ᠠᠭᠰᠠᠨ ᠪᠥᠭᠡᠰᠦ᠃
ᠪᠢᠳᠡ ᠪᠦᠷᠢᠨ ᠪᠦᠭᠦᠳᠡᠭᠡᠷ ᠣᠨᠴᠠ ᠲᠡᠢᠮᠦ ᠪᠣᠯᠲᠤᠭᠠᠢ ᠅
ᠲᠠᠨ ᠳ᠋ᠤᠷ ᠳᠠᠬᠢᠨ ᠵᠠᠯᠪᠠᠷᠢᠭᠰᠠᠨ ᠬᠦᠴᠦᠨ ᠢ᠋ᠶ᠋ᠡᠷ ᠪᠢᠳᠡᠨ ᠦ᠌᠃
ᠠᠯᠢ ᠭᠠᠵᠠᠷ ᠣᠷᠣᠰᠢᠭᠰᠠᠨ ᠲᠡᠷᠡ ᠭᠠᠵᠠᠷ ᠣᠷᠣᠨ᠎ᠠ᠃
ᠡᠪᠡᠳᠴᠢᠨ ᠪᠠ ᠶᠠᠳᠠᠭᠤᠨ ᠪᠠ ᠬᠡᠷᠡᠭᠦᠯ ᠪᠠ ᠲᠡᠮᠡᠴᠡᠯ᠃
ᠠᠮᠤᠷᠯᠢᠭᠠᠳ ᠨᠣᠮ ᠤ᠋ᠨ ᠥᠯᠵᠡᠢ ᠨᠡᠮᠡᠭᠦᠯᠦᠨ ᠰᠣᠶᠣᠷᠬ᠎ᠠ ᠅
ᠪᠡᠶ᠎ᠡ ᠶ᠋ᠢᠨ ᠭᠡᠮ ᠢ᠋ ᠲᠡᠪᠴᠢᠭᠰᠡᠨᠡ ᠯᠡᠭᠱᠠᠨ ᠨᠠᠢᠷᠠᠭ ᠲᠡᠭᠦᠯᠳᠡᠷ᠃
ᠵᠠᠷᠯᠢᠭ ᠭᠡᠮ ᠢ᠋ ᠲᠡᠪᠴᠢᠭᠰᠡᠨᠡ ᠭᠠᠯᠪᠢᠩᠭ᠎ᠠ ᠶ᠋ᠢᠨ ᠡᠬᠡᠰᠢᠭ᠃
ᠰᠡᠳᠬᠢᠯ ᠭᠡᠮ ᠢ᠋ ᠲᠡᠪᠴᠢᠭᠰᠡᠨᠡ ᠮᠡᠳᠡᠭᠳᠡᠯ ᠢ᠋ ᠦᠵᠡᠭᠴᠢ᠃
ᠥᠯᠵᠡᠢ ᠬᠤᠲᠤᠭ ᠪᠠᠳᠠᠷᠠᠩᠭᠤᠢ ᠶ᠋ᠢᠨ ᠥᠯᠵᠡᠢ ᠬᠤᠲᠤᠭ ᠣᠷᠣᠰᠢ᠅᠃ ᠅
ᠦᠰᠦᠭ ᠠᠮᠢᠯᠠᠭᠤᠯᠤᠭᠴᠢ᠄ ᠲᠡᠭᠰᠢᠮᠥ᠋ᠩᠬᠡ
ᠬᠢᠨᠠᠭᠴᠢ᠄ ᠮᠣᠩᠭᠤᠯᠵᠠᠶᠠᠭ᠎ᠠ
