ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-3 Орчин цагийн монгол хэл(дээд сургуулийн заах материэл)- Удиртгал-3 ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-3 Орчин цагийн монгол хэл(дээд сургуулийн заах материэл)- Удиртгал-3

ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-3 Орчин цагийн монгол хэл(дээд сургуулийн заах материэл)- Удиртгал-3

ᠠᠩᠭᠢᠯᠠᠯ:ᠬᠡᠯᠡ ᠪᠢᠴᠢᠭ
2026-01-03

329

ᠭᠤᠷᠪᠠ ᠂ ᠣᠷᠴᠢᠨ ᠴᠠᠭ ᠤ᠋ᠨ ᠮᠣᠩᠭᠣᠯ ᠬᠡᠯᠡᠨ ᠦ᠌ ᠬᠥᠭᠵᠢᠯ ᠳᠦᠷᠢᠮᠵᠢᠯ ᠦ᠋ᠨ ᠠᠰᠠᠭᠤᠳᠠᠯ

                    
       ᠬᠡᠴᠢᠨᠡᠨ ᠵᠢᠯ ᠦ᠋ᠨ ᠬᠥᠭᠵᠢᠯ ᠦ᠋ᠨ ᠲᠡᠦᠬᠡᠨ ᠳ᠋ᠦ᠍ ᠮᠣᠩᠭᠣᠯ ᠬᠡᠯᠡ ᠮᠠᠨᠢ ᠮᠣᠩᠭᠣᠯ ᠬᠡᠯᠡᠳᠡᠳ ᠲᠡᠭᠡᠨ ᠮᠠᠰᠢ ᠦᠨᠡᠨᠴᠢ ᠪᠥᠭᠡᠳ ᠢᠳᠡᠪᠬᠢᠲᠡᠢ ᠪᠡᠷ ᠦᠢᠯᠡᠴᠢᠯᠡᠭᠰᠡᠭᠡᠷ ᠢᠷᠡᠭᠰᠡᠨ ᠪᠥᠭᠡᠳ ᠡᠨᠡ ᠶᠠᠪᠤᠴᠠ ᠳ᠋ᠠᠭᠠᠨ ᠬᠥᠭᠵᠢᠯ ᠳᠦᠷᠢᠮᠵᠢᠯ ᠦ᠋ᠨ ᠢ᠋ᠶ᠋ᠡᠨ ᠨᠡᠯᠢᠶᠡᠳ ᠪᠠᠲᠤ ᠴᠢᠩᠭ᠎ᠠ ᠦᠨᠳᠦᠰᠦ ᠰᠠᠭᠤᠷᠢ ᠲᠠᠢ ᠪᠣᠯᠤᠭᠰᠠᠨ ᠪᠠᠢᠨ᠎ᠠ᠃ 
       ᠬᠡᠯᠡᠨ ᠦ᠌ ᠡᠷᠡᠭᠦᠯ ᠴᠠᠬᠢᠷᠠᠭ ᠢ᠋ᠶ᠋ᠠᠷ ᠬᠥᠭᠵᠢᠨ ᠶᠠᠪᠤᠭᠳᠠᠬᠤ ᠡᠰᠡᠬᠦ᠂ ᠴᠠᠭᠠᠰᠢᠯᠠᠪᠠᠯ ᠲᠡᠭᠦᠨ ᠦ᠌ ᠬᠣᠵᠢᠮ ᠤ᠋ᠨ ᠠᠮᠢ ᠲᠠᠪᠢᠯᠩ᠂ ᠲᠡᠦᠬᠡᠨ ᠬᠤᠪᠢ ᠵᠠᠶᠠᠭ᠎ᠠ ᠲᠠᠢ ᠰᠢᠭᠤᠳ ᠬᠣᠯᠪᠣᠭᠳᠠᠬᠤ ᠠᠰᠠᠭᠤᠳᠠᠯ ᠭᠡᠪᠡᠯ ᠬᠡᠯᠡᠨ ᠦ᠌ ᠳᠦᠷᠢᠮᠵᠢᠯ ᠪᠣᠯᠤᠨ᠎ᠠ᠃  ᠡᠢᠨ ᠬᠦ᠌᠂ ᠲᠡᠯᠡᠬᠢ ᠳ᠋ᠠᠬᠢᠨ ᠤ᠋ ᠤᠯᠤᠰ ᠦᠨᠳᠦᠰᠦᠲᠡᠨ ᠪᠦᠬᠦᠨ ᠥᠪᠡᠷ ᠦ᠋ᠨ ᠬᠡᠯᠡ ᠪᠡᠨ ᠳᠦᠷᠢᠮᠵᠢᠭᠦᠯᠦᠨ ᠬᠥᠭᠵᠢᠭᠦᠯᠬᠦ ᠶᠠᠪᠤᠳᠠᠯ ᠢ᠋ ᠣᠨᠴᠠ ᠶ᠋ᠢᠨ ᠶᠡᠬᠡ ᠪᠡᠷ ᠠᠩᠬᠠᠷᠳᠠᠭ᠃ ᠲᠠᠪᠰᠢᠭᠰᠠᠨ ᠤᠯᠤᠰ  ᠦᠨᠳᠦᠰᠦᠲᠡᠳ ᠥᠪᠡᠷ ᠦ᠋ᠨ ᠬᠡᠯᠡᠨ ᠳ᠋ᠡᠭᠡᠨ ᠨᠡᠩ ᠴᠦ᠍ ᠡᠢᠮᠦ ᠪᠠᠢᠳᠠᠭ ᠪᠢᠯᠡ᠃ 
       ᠣᠷᠴᠢᠨ ᠴᠠᠭ ᠤ᠋ᠨ ᠮᠣᠩᠭᠣᠯ ᠬᠡᠯᠡᠨ ᠦ᠌ ᠳᠦᠷᠢᠮᠵᠢᠯ ᠦ᠋ᠨ ᠲᠤᠬᠠᠢ ᠠᠵᠢᠯ ᠨᠡᠯᠢᠶᠡᠳ ᠡᠷᠲᠡᠨ ᠡᠴᠡ ᠡᠬᠢᠯᠡᠭᠰᠡᠨ ᠶᠦᠮ᠃ ᠡᠭᠦᠨ ᠳ᠋ᠦ᠍ ᠲᠦᠮᠡᠳ ᠦ᠋ᠨ ᠭᠠᠯᠰᠠᠩ ᠤ᠋ᠨ《ᠮᠣᠩᠭᠣᠯ ᠦᠰᠦᠭ ᠦ᠋ᠨ ᠪᠦᠭᠦᠳᠡ ᠲᠠᠢᠯᠪᠤᠷᠢ ᠪᠢᠴᠢᠭ》 ᠡᠴᠡ ᠡᠬᠢᠯᠡᠨ᠂ ᠠᠭᠸᠠᠩᠳᠠᠨᠳᠠᠷ᠂ ᡀᠠᠮᠤᠰᠦᠢ᠍ᠷᠦᠩ᠂ ᠯᠤᠪᠰᠠᠩᠴᠦᠢᠺᠦᠸᠡᠷ᠂ ᠲᠤᠤᠬᠦᠢ᠂ ᠸᠠᠭᠢᠨᠳᠠᠷ᠎ᠠ(ᠠᠭᠸᠠᠩᠳᠣᠷᠵᠢ)᠂ ᠪᠸᠠᠲᠤ᠂ ᠷᠤᠯᠭᠠᠷᠵᠠᠪ᠂ ᠬᠡᠰᠢᠩᠭᠡ᠂ ᠱᠠᠭᠵᠠ᠂ ᠨᠠᠴᠢᠨ᠂ ᠵᠠᠮᠶᠠᠩ᠂ ᠳᠤᠭᠠᠷᠵᠠᠪ᠂ ᠸᠠᠩ ᠽᠢ ᠶᠠᠩ᠂ ᠡᠷᠳᠡᠨᠢᠲᠣᠭᠲᠠᠬᠤ ᠵᠡᠷᠭᠡ ᠶ᠋ᠢᠨ ᠣᠯᠠᠨ ᠡᠷᠳᠡᠮᠲᠡᠨ ᠮᠣᠩᠭᠣᠯ ᠬᠡᠯᠡ᠂ ᠦᠰᠦᠭ ᠪᠢᠴᠢᠭ ᠦ᠋ᠨ ᠳᠦᠷᠢᠮᠵᠢᠯ ᠦ᠋ᠨ ᠲᠠᠯ᠎ᠠ ᠪᠠᠷ ᠡᠳᠦᠢ ᠲᠡᠳᠦᠢ ᠠᠵᠢᠯ ᠬᠢᠭᠰᠡᠨ ᠶᠦᠮ᠃ ᠭᠡᠬᠦ ᠳ᠋ᠡᠭᠡᠨ ᠡᠬᠢᠨ ᠦ᠌ ᠡᠨᠡ ᠦᠶ᠎ᠡ ᠶ᠋ᠢᠨ ᠳᠦᠷᠢᠮᠵᠢᠯ ᠨᠢ ᠭᠣᠣᠯᠳᠠᠭᠤ ᠦᠰᠦᠭ ᠪᠢᠴᠢᠭ ᠦ᠋ᠨ ᠲᠠᠯ᠎ᠠ ᠪᠠᠷ ᠬᠢ ᠠᠰᠠᠭᠤᠳᠠᠯ ᠪᠣᠯᠤᠨ᠎ᠠ᠃ ᠤᠯᠤᠰ ᠪᠠᠢᠭᠤᠯᠤᠭᠳᠠᠭᠰᠠᠨ ᠤ᠋ ᠳᠠᠷᠠᠭ᠎ᠠ᠂ ᠮᠠᠨ ᠤ᠋ ᠤᠯᠤᠰ ᠤ᠋ᠨ ᠮᠣᠩᠭᠣᠯ ᠬᠡᠯᠡᠨ ᠦ᠌ ᠳᠦᠷᠢᠮᠵᠢᠯ ᠦ᠋ᠨ ᠠᠵᠢᠯ ᠨᠡᠯᠢᠶᠡᠳ ᠠᠬᠢᠴᠠ ᠲᠠᠢ ᠪᠣᠯᠵᠤ ᠢᠷᠡᠯ᠎ᠡ᠃ 20 ᠳ᠋ᠤᠭᠠᠷ ᠵᠠᠭᠤᠨ ᠤ᠋ ᠲᠠᠪᠢᠭᠠᠳ ᠣᠨ ᠤ᠋ ᠦᠶ᠎ᠡ ᠳ᠋ᠦ᠍ ᠪᠦᠬᠦ ᠤᠯᠤᠰ ᠤ᠋ᠨ ᠬᠡᠪᠴᠢᠶ᠎ᠡ ᠪᠡᠷ ᠮᠣᠩᠭᠣᠯ ᠲᠥᠷᠥᠯ ᠬᠡᠯᠡ᠂ ᠨᠤᠲᠤᠭ ᠤ᠋ᠨ ᠠᠶᠠᠯᠭᠤ᠂ ᠠᠮᠠᠨ ᠠᠶᠠᠯᠭᠤ ᠶ᠋ᠢ ᠨᠡᠢᠳᠡᠮ ᠪᠠᠢᠴᠠᠭᠠᠵᠠᠢ᠃ ᠡᠨᠡ ᠨᠢ ᠬᠡᠯᠡᠨ ᠦ᠌ ᠳᠦᠷᠢᠮᠵᠢᠯ ᠦ᠋ᠨ ᠥᠷᠭᠡᠨ ᠵᠤᠵᠠᠭᠠᠨ ᠰᠠᠭᠤᠷᠢ ᠳᠡᠪᠢᠰᠬᠡᠷ ᠪᠣᠯᠵᠠᠢ᠃ ᠬᠡᠯᠡ ᠪᠢᠴᠢᠭ ᠦ᠋ᠨ ᠣᠯᠠᠨ ᠡᠷᠳᠡᠮᠲᠡᠳ ᠦ᠋ᠨ ᠰᠤᠳᠤᠯᠭᠠᠨ ᠤ᠋ ᠰᠠᠭᠤᠷᠢᠨ ᠳᠡᠭᠡᠷ᠎ᠡ1980 ᠣᠨ ᠤ᠋ 3 ᠰᠠᠷ᠎ᠠ31 ᠳ᠋ᠦ᠍ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠠᠷᠠᠳ ᠤ᠋ᠨ ᠵᠠᠰᠠᠭ ᠤ᠋ᠨ ᠣᠷᠳᠣᠨ ᠠ᠋ᠴᠠ ᠮᠡᠳᠡᠭᠳᠡᠯ ᠭᠠᠷᠭᠠᠵᠤ ᠰᠢᠯᠤᠭᠤᠨ ᠬᠥᠬᠡ ᠬᠣᠰᠢᠭᠤ ᠪᠠᠷ ᠲᠥᠯᠦᠭᠡᠯᠡᠭᠦᠯᠦᠭᠰᠡᠨ ᠴᠠᠬᠠᠷ ᠠᠮᠠᠨ ᠠᠶᠠᠯᠭᠤ ᠪᠠᠷ ᠮᠠᠨ ᠤ᠋ ᠤᠯᠤᠰ ᠤ᠋ᠨ ᠮᠣᠩᠭᠣᠯᠴᠤᠳ ᠤ᠋ᠨ ᠬᠡᠷᠡᠭᠯᠡᠳᠡᠭ ᠣᠷᠴᠢᠨ ᠴᠠᠭ ᠤ᠋ᠨ ᠮᠣᠩᠭᠣᠯ ᠬᠡᠯᠡᠨ ᠦ᠌ ᠪᠠᠷᠢᠮᠵᠢᠶ᠎ᠠ  ᠠᠪᠢᠶ᠎ᠠ ᠪᠣᠯᠭᠠᠭᠰᠠᠨ ᠪᠠ ᠮᠣᠩᠭᠣᠯ ᠬᠡᠯᠡᠨ ᠦ᠌ ᠭᠠᠯᠢᠭ ᠢ᠋ ᠲᠤᠷᠰᠢᠨ ᠬᠡᠷᠡᠭᠯᠡᠭᠦᠯᠵᠦ ᠡᠬᠢᠯᠡᠭᠰᠡᠨ ᠶᠦᠮ᠃1999 ᠣᠨ ᠳ᠋ᠤ᠌《 ᠮᠣᠩᠭᠣᠯ ᠵᠥᠪ ᠪᠢᠴᠢᠯᠭᠡ ᠶ᠋ᠢᠨ ᠲᠣᠯᠢ》  ᠬᠡᠪᠯᠡᠭᠳᠡᠭᠡᠳ ᠮᠣᠩᠭᠣᠯ ᠪᠢᠴᠢᠭ ᠦ᠋ᠨ ᠬᠡᠯᠡᠨ ᠦ᠌ ᠦᠭᠡ ᠶ᠋ᠢᠨ ᠵᠥᠪ ᠪᠢᠴᠢᠯᠭᠡ ᠴᠦ᠍ ᠳᠦᠷᠢᠮᠵᠢᠯ ᠦ᠋ᠨ ᠵᠠᠮ ᠮᠥᠷ ᠲᠡᠭᠡᠨ ᠣᠷᠣᠵᠤ  ᠪᠠᠢᠨ᠎ᠠ᠃ ᠭᠠᠳᠠᠭᠠᠳᠤ ᠳ᠋ᠠᠬᠢ ᠮᠣᠩᠭᠣᠯᠴᠤᠳ ᠤ᠋ᠨ ᠬᠡᠯᠡ ᠶᠠᠷᠢᠶ᠎ᠠ ᠴᠦ᠍ ᠨᠡᠯᠢᠶᠡᠳ ᠡᠷᠲᠡᠨ ᠡᠴᠡ ᠳᠦᠷᠢᠮᠵᠢᠯ ᠦ᠋ᠨ ᠠᠵᠢᠯ ᠢ᠋ᠶ᠋ᠠᠨ ᠡᠬᠢᠯᠡᠭᠦᠯᠵᠡᠢ᠃ ᠡᠭᠦᠨ ᠳ᠋ᠦ᠍20 ᠳ᠋ᠤᠭᠠᠷ ᠵᠠᠭᠤᠨ ᠤ᠋ ᠭᠤᠴᠢᠭᠠᠳ ᠣᠨ ᠤ᠋ ᠡᠬᠢᠨ ᠢ᠋ᠶ᠋ᠡᠷ ᠣᠷᠣᠰ ᠳᠠᠬᠢ ᠪᠤᠷᠢᠶᠠᠳ ᠮᠣᠩᠭᠣᠯᠴᠤᠳ᠂ ᠬᠣᠷᠢ ᠪᠤᠷᠢᠶᠠᠳ ᠤ᠋ᠨ ᠠᠶᠠᠯᠭᠤ ᠪᠠᠷ ᠰᠠᠭᠤᠷᠢ ᠠᠶᠠᠯᠭᠤ ᠪᠠᠨ ᠪᠣᠯᠭᠠᠵᠤ᠂1939 ᠣᠨ ᠳ᠋ᠤ᠌ ᠣᠷᠣᠰ ᠳᠠᠬᠢ ᠬᠠᠯᠢᠮᠠᠭ ᠮᠣᠩᠭᠣᠯᠴᠤᠳ ᠸᠣᠯᠭ᠎ᠠ ᠮᠥᠷᠡᠨ ᠦ᠌ ᠰᠠᠪᠠ ᠭᠠᠵᠠᠷ ᠳᠠᠬᠢ ᠲᠣᠷᠭᠤᠳ ᠠᠶᠠᠯᠭᠤ ᠪᠠᠷ ᠭᠣᠣᠯ ᠠᠶᠠᠯᠭᠤ ᠪᠣᠯᠭᠠᠵᠠᠢ᠃ ᠮᠣᠩᠭᠣᠯ ᠤᠯᠤᠰ ᠤᠯᠠᠭᠠᠨᠪᠠᠭᠠᠲᠤᠷ ᠢ᠋ᠶ᠋ᠠᠷ ᠲᠥᠪ ᠪᠣᠯᠭᠠᠭᠰᠠᠨ ᠬᠠᠯᠬ᠎ᠠ ᠠᠶᠠᠯᠭᠤ ᠪᠠᠷ ᠳᠦᠷᠢᠮᠵᠢᠯ ᠦ᠋ᠨ ᠰᠠᠭᠤᠷᠢ ᠪᠠᠨ ᠪᠣᠯᠭᠠᠵᠤ᠂1942 ᠣᠨ ᠳ᠋ᠤ᠌ ᠰᠯᠠᠸᠵᠢᠨ ᠦᠰᠦᠭ ᠵᠣᠬᠢᠶᠠᠬᠤ ᠦᠶ᠎ᠡ ᠳ᠋ᠦ᠍ ᠡᠨᠡ ᠠᠶᠠᠯᠭᠤ ᠶ᠋ᠢ ᠦᠨᠳᠦᠰᠦᠯᠡᠵᠡᠢ᠃ 
       ᠮᠣᠩᠭᠣᠯ ᠬᠡᠯᠡᠨ ᠦ᠌ ᠳᠦᠷᠢᠮᠵᠢᠯ ᠦ᠋ᠨ ᠲᠠᠯ᠎ᠠ ᠪᠠᠷ ᠬᠡᠯᠡ ᠪᠢᠴᠢᠭ ᠰᠤᠳᠤᠯᠭᠠᠲᠠᠳ ᠣᠯᠠᠨ ᠲᠠᠯ᠎ᠠ ᠶ᠋ᠢᠨ ᠠᠵᠢᠯ ᠬᠢᠵᠦ ᠵᠣᠬᠢᠬᠤ ᠠᠮᠵᠢᠯᠲᠠ ᠣᠯᠤᠭᠰᠠᠨ ᠪᠣᠯᠪᠠᠴᠤ ᠳᠦᠷᠢᠮᠵᠢᠯ ᠦ᠋ᠨ ᠡᠭᠦᠷᠭᠡ ᠪᠠᠰᠠ ᠬᠦᠨᠳᠦ ᠪᠠᠢᠭᠰᠠᠭᠠᠷ ᠪᠥᠭᠡᠳ ᠴᠠᠭᠠᠰᠢᠳᠠ ᠬᠢᠬᠦ ᠠᠵᠢᠯ ᠪᠠᠰᠠ ᠣᠯᠠᠨ ᠪᠠᠢᠭ᠎ᠠ ᠶᠤᠮ᠃ 
       ᠮᠣᠩᠭᠣᠯᠴᠤᠳ ᠤ᠋ᠨ ᠠᠵᠢᠯ ᠠᠮᠢᠳᠤᠷᠠᠯ ᠤ᠋ᠨ ᠲᠡᠦᠬᠡᠨ ᠨᠥᠬᠥᠴᠡᠯ ᠰᠢᠯᠲᠠᠭᠠᠨ ᠠ᠋ᠴᠠ ᠪᠣᠯᠵᠤ᠂ ᠮᠣᠩᠭᠣᠯ ᠬᠡᠯᠡᠨ ᠳ᠋ᠦ᠍ ᠨᠤᠲᠤᠭ ᠤ᠋ᠨ ᠠᠶᠠᠯᠭᠤ ᠬᠢᠭᠡᠳ ᠠᠮᠠᠨ ᠠᠶᠠᠯᠭᠤ ᠶ᠋ᠢᠨ ᠵᠥᠷᠢᠶ᠎ᠡ ᠪᠠᠢᠵᠤ ᠪᠠᠢᠬᠤ ᠪᠥᠭᠡᠳ ᠡᠢᠮᠦ ᠵᠥᠷᠢᠶ᠎ᠡ ᠨᠢ ᠠᠪᠢᠶ᠎ᠠ᠂ ᠬᠡᠯᠡ ᠵᠦᠢ᠂ ᠦᠭᠡ ᠶ᠋ᠢᠨ ᠰᠠᠩ ᠭᠡᠬᠦ ᠬᠡᠳᠦᠨ ᠲᠠᠯ᠎ᠠ ᠪᠠᠷ ᠠᠳᠠᠯᠢ ᠪᠤᠰᠤ ᠬᠡᠮᠵᠢᠶ᠎ᠡ ᠪᠡᠷ ᠢᠯᠡᠷᠡᠵᠦ ᠪᠠᠢᠨ᠎ᠠ᠃ ᠣᠯᠠᠨ ᠵᠦᠢ ᠶ᠋ᠢᠨ ᠤᠴᠢᠷ ᠰᠢᠯᠲᠠᠭᠠᠨ ᠠ᠋ᠴᠠ ᠪᠣᠯᠵᠤ ᠮᠣᠩᠭᠣᠯ ᠬᠡᠯᠡᠨ ᠳ᠋ᠦ᠍ ᠬᠣᠯᠢᠮᠠᠭ ᠶᠠᠷᠢᠶ᠎ᠠ ᠨᠡᠯᠢᠶᠡᠳ ᠬᠦᠨᠳᠦ ᠬᠡᠴᠡᠭᠦᠦ ᠪᠣᠯᠵᠤ᠂ ᠣᠯᠠᠨ ᠨᠤᠲᠤᠭ ᠲᠤ ᠠᠳᠠᠯᠢ ᠪᠤᠰᠤ ᠶ᠋ᠢᠨ ᠢᠯᠡᠷᠡᠯ ᠪᠠᠢᠳᠠᠯ ᠲᠠᠢ᠃ ᠨᠡᠢᠭᠡᠮ ᠠᠵᠤ ᠠᠮᠢᠳᠤᠷᠠᠯ ᠤ᠋ᠨ ᠬᠥᠭᠵᠢᠯ ᠢ᠋ ᠳᠠᠭᠠᠯᠳᠤᠭᠰᠠᠨ ᠰᠢᠨ᠎ᠡ ᠶᠠᠭᠤᠮ᠎ᠠ ᠦᠵᠡᠭᠳᠡᠯ ᠦ᠋ᠨ ᠪᠣᠢ ᠪᠣᠯᠬᠤ ᠶ᠋ᠢ ᠳᠠᠭᠠᠯᠳᠤᠵᠤ ᠮᠠᠨ ᠤ᠋ ᠬᠡᠯᠡᠨ ᠳ᠋ᠦ᠍ ᠰᠢᠨ᠎ᠡ ᠨᠡᠷ᠎ᠡ ᠲᠣᠮᠢᠶ᠎ᠠ ᠲᠤᠯᠭᠠᠮ᠎ᠠ ᠱᠠᠭᠠᠷᠳᠠᠭᠳᠠᠵᠤ ᠪᠠᠢᠬᠤ ᠪᠥᠭᠡᠳ ᠡᠨᠡ ᠲᠠᠯ᠎ᠠ ᠪᠠᠷ ᠨᠢᠭᠡᠳᠦᠯ ᠮᠠᠭᠤᠲᠠᠢ ᠵᠦᠢᠯ᠂ ᠬᠤᠳᠬᠤᠯᠳᠤᠭᠰᠠᠨ ᠵᠦᠢᠯ᠂ ᠡᠭᠡᠳᠡᠷᠡᠭᠡᠨ ᠮᠠᠳᠠᠭ ᠲᠠᠢ ᠵᠦᠢᠯ ᠵᠢᠴᠢ ᠪᠤᠰᠤᠳ ᠲᠠᠯ᠎ᠠ ᠶ᠋ᠢᠨ ᠳᠦᠷᠢᠮᠵᠢᠯ ᠮᠠᠭᠤᠲᠠᠢ ᠵᠦᠢᠯ ᠪᠠᠰᠠ ᠡᠳᠦᠢ ᠲᠡᠳᠦᠢ ᠪᠠᠢᠨ᠎ᠠ᠃ ᠡᠭᠦᠨ ᠦ᠌ ᠵᠡᠷᠭᠡᠴᠡᠭᠡ ᠪᠡᠷ᠂ ᠳᠦᠷᠢᠮᠵᠢᠯ ᠦ᠋ᠨ ᠵᠠᠷᠢᠮ ᠲᠣᠭᠲᠠᠯ ᠮᠥᠷᠳᠡᠯᠭᠡ ᠲᠡᠢ ᠪᠣᠯᠤᠭᠰᠠᠨ ᠪᠣᠯᠪᠠᠴᠤ᠂ ᠲᠡᠭᠦᠨ ᠢ᠋ ᠳᠡᠯᠭᠡᠷᠡᠭᠦᠯᠦᠨ ᠬᠡᠷᠡᠭᠵᠢᠭᠦᠯᠬᠦ ᠲᠠᠯ᠎ᠠ ᠲᠠᠯ᠎ᠠ ᠶ᠋ᠢᠨ ᠠᠵᠢᠯ ᠮᠥᠨ ᠮᠠᠨ ᠤ᠋ ᠡᠮᠦᠨ᠎ᠡ ᠲᠤᠯᠭᠠᠮ᠎ᠠ ᠪᠣᠯᠤᠭᠠᠳ ᠪᠠᠢᠨ᠎ᠠ᠃ ᠪᠠᠰᠠ ᠵᠠᠷᠢᠮ ᠳᠦᠷᠢᠮᠵᠢᠯ ᠦ᠋ᠨ ᠠᠰᠠᠭᠤᠳᠠᠯ ᠢ᠋ ᠴᠠᠭᠠᠰᠢᠳᠠ ᠨᠢᠭᠲᠠᠯᠠᠨ ᠰᠤᠳᠤᠯᠵᠤ ᠭᠦᠨᠵᠡᠭᠡᠢᠷᠡᠭᠦᠯᠦᠨ ᠪᠣᠯᠪᠠᠰᠤᠷᠠᠭᠤᠯᠬᠤ ᠴᠢᠬᠤᠯᠠ ᠲᠠᠢ ᠪᠠᠢᠨ᠎ᠠ᠃  
       ᠬᠡᠯᠡᠨ ᠦ᠌ ᠳᠦᠷᠢᠮᠵᠢᠯ ᠳ᠋ᠦ᠍ ᠨᠡᠢᠲᠡ ᠲᠦᠮᠡᠨ ᠦ᠌ ᠣᠪᠣᠷ ᠬᠠᠨᠳᠤᠯᠭ᠎ᠠ᠂ ᠨᠢᠭᠡᠳᠦᠭᠰᠡᠨ ᠬᠠᠮᠲᠤ ᠶ᠋ᠢᠨ ᠤᠬᠠᠮᠰᠠᠷ ᠬᠠᠷᠠᠯᠲᠠ ᠪᠠᠢᠬᠤ ᠬᠡᠷᠡᠭᠲᠡᠢ ᠪᠢᠯᠡ᠃ ᠤᠴᠢᠷ ᠨᠢ ᠬᠡᠯᠡᠨ ᠦ᠌ ᠳᠦᠷᠢᠮᠵᠢᠯ ᠪᠣᠯ ᠠᠯᠢ ᠨᠢᠭᠡ ᠨᠤᠲᠤᠭ ᠣᠷᠣᠨ ᠤ᠋ ᠠᠯᠢ ᠨᠢᠭᠡ ᠪᠦᠯᠦᠭ ᠪᠠᠢᠭᠤᠯᠤᠮᠵᠢ ᠶ᠋ᠢᠨ᠂ ᠠᠯᠢ ᠨᠢᠭᠡ ᠮᠡᠷᠭᠡᠵᠢᠯ ᠲᠥᠷᠥᠯ ᠦ᠋ᠨ᠂ ᠴᠠᠭᠠᠰᠢᠯᠠᠪᠠᠯ ᠠᠯᠢ ᠨᠢᠭᠡ ᠬᠤᠪᠢ ᠬᠥᠮᠦᠨ ᠦ᠌ ᠦᠢᠯᠡᠰ ᠪᠢᠰᠢ᠂ ᠬᠠᠷᠢᠨ ᠪᠦᠬᠦᠢᠯᠡ ᠦᠨᠳᠦᠰᠦᠲᠡᠨ ᠦ᠌ ᠮᠠᠨᠢ ᠭᠡᠰᠢᠭᠦᠳ ᠨᠢᠭᠡᠪᠦᠷᠢ ᠶ᠋ᠢᠨ ᠵᠠᠢᠯᠠᠭᠤᠯᠵᠤ ᠪᠣᠯᠣᠰᠢ ᠦᠭᠡᠢ ᠳᠠᠷᠬᠠᠨ ᠡᠭᠦᠷᠭᠡ ᠪᠠᠢᠨ᠎ᠠ᠃ ᠳᠦᠷᠢᠮᠵᠢᠭᠰᠡᠨ ᠬᠡᠯᠡ ᠪᠡᠨ ᠪᠣᠢ ᠪᠣᠯᠭᠠᠬᠤ ᠳ᠋ᠤ᠌ ᠲᠥᠷᠥᠯᠬᠢ ᠬᠡᠯᠡ ᠪᠡᠨ ᠡᠩᠬᠦᠷᠡᠢᠯᠡᠨ ᠬᠠᠢᠷᠠᠯᠠᠬᠤ ᠥᠨᠳᠥᠷ ᠤᠬᠠᠮᠰᠠᠷ᠂ ᠬᠦᠴᠢᠷ ᠪᠡᠷᠬᠡ ᠶ᠋ᠢ ᠢᠯᠠᠨ ᠳᠠᠪᠠᠬᠤ ᠬᠠᠲᠠᠭᠤ ᠵᠣᠷᠢᠭ ᠲᠠᠢ ᠪᠠᠢᠬᠤ ᠪᠠᠷ ᠪᠠᠷᠠᠬᠤ ᠦᠭᠡᠢ᠂ ᠰᠢᠨᠵᠢᠯᠡᠬᠦ ᠤᠬᠠᠭᠠᠨ ᠢ᠋ ᠡᠷᠬᠢᠮᠯᠡᠬᠦ ᠪᠦᠲᠦᠭᠡᠯᠴᠢ ᠬᠥᠳᠡᠯᠮᠦᠷᠢ ᠪᠠᠢᠬᠤ ᠬᠡᠷᠡᠭᠲᠡᠢ᠃ ᠳᠡᠭᠡᠳᠦ ᠬᠡᠮᠵᠢᠶᠡᠨ ᠦ᠌ ᠳᠦᠷᠢᠮᠵᠢᠭᠰᠡᠨ ᠬᠡᠯᠡ ᠪᠡᠨ ᠪᠣᠢ ᠪᠣᠯᠭᠠᠵᠤ ᠴᠢᠳᠠᠪᠠᠯ ᠦᠨᠳᠦᠰᠦᠲᠡᠨ ᠦ᠌ ᠠᠷᠠᠳ ᠲᠦᠮᠡᠨ ᠦ᠌ ᠰᠣᠶᠣᠯ ᠪᠣᠯᠪᠠᠰᠤᠷᠠᠯ᠂ ᠡᠷᠳᠡᠮ ᠮᠡᠳᠡᠯᠭᠡ ᠮᠠᠨᠢ ᠳᠡᠭᠡᠭᠰᠢᠯᠡᠵᠦ ᠴᠢᠳᠠᠬᠤ ᠪᠥᠭᠡᠳ ᠲᠡᠷᠢᠭᠦᠨ ᠦ᠌ ᠰᠢᠨᠵᠢᠯᠡᠬᠦ ᠤᠬᠠᠭᠠᠨ᠂ ᠲᠧᠭᠨᠢᠭ ᠮᠡᠷᠭᠡᠵᠢᠯ᠂ ᠬᠥᠭᠵᠢᠭᠰᠡᠨ ᠠᠵᠤ ᠠᠬᠤᠢ ᠲᠠᠢ ᠪᠣᠯᠬᠤ ᠬᠦᠨᠳᠦ ᠶᠡᠬᠡ ᠦᠢᠯᠡᠰ ᠰᠠᠶᠢ ᠭᠦᠢᠴᠡᠳ ᠪᠡᠶᠡᠯᠡᠭᠳᠡᠵᠦ ᠴᠢᠳᠠᠬᠤ ᠪᠣᠯᠤᠨ᠎ᠠ᠃ ᠬᠡᠯᠡ ᠪᠡᠨ ᠳᠦᠷᠢᠮᠵᠢᠭᠦᠯᠬᠦ ᠡᠭᠦᠷᠭᠡ ᠨᠢ ᠮᠠᠨ ᠤ᠋ ᠪᠦᠬᠦ ᠦᠨᠳᠦᠰᠦᠲᠡᠨ ᠦ᠌ ᠬᠠᠮᠲᠤ ᠶ᠋ᠢᠨ ᠡᠭᠦᠷᠭᠡ ᠮᠥᠨ ᠪᠥᠭᠡᠳ᠂ ᠪᠠᠰᠠ ᠴᠦ᠍ ᠮᠠᠨ ᠤ᠋ ᠬᠡᠯᠡ ᠪᠢᠴᠢᠭ ᠦ᠋ᠨ ᠰᠤᠳᠤᠯᠤᠭᠴᠢᠳ ᠰᠤᠷᠤᠯᠴᠠᠭᠴᠢᠳ ᠤ᠋ᠨ ᠲᠡᠷᠢᠭᠦᠨ ᠴᠢᠬᠤᠯᠠ ᠠᠵᠢᠯ ᠪᠣᠯᠤᠨ᠎ᠠ᠃ 
       ᠬᠡᠯᠡᠨ ᠦ᠌ ᠬᠥᠭᠵᠢᠯ ᠦ᠋ᠨ ᠶᠠᠪᠤᠴᠠ ᠳ᠋ᠤ᠌ ᠣᠯᠠᠨ ᠵᠦᠢᠯ ᠦ᠋ᠨ ᠬᠤᠪᠢᠷᠠᠯ ᠲᠠᠢ ᠡᠭᠦᠰᠳᠡᠭ᠃ ᠲᠡᠳᠡᠭᠡᠷ ᠣᠯᠠᠨ ᠵᠦᠢᠯ ᠦ᠋ᠨ ᠬᠤᠪᠢᠷᠠᠯ ᠢ᠋ ᠪᠢᠳᠡ ᠨᠠᠵᠠᠭᠠᠢ ᠪᠠᠷ ᠴᠥᠮ ᠢ᠋ᠶ᠋ᠡᠷ ᠨᠢ ᠬᠦᠯᠢᠶᠡᠨ ᠠᠪᠴᠤ ᠪᠣᠯᠬᠤ ᠦᠭᠡᠢ ᠮᠥᠷᠲᠡᠭᠡᠨ ᠴᠥᠮ ᠢ᠋ᠶ᠋ᠡᠷ ᠨᠢ ᠦᠭᠡᠢᠰᠬᠡᠵᠦ ᠴᠦ᠍ ᠪᠣᠯᠬᠤ ᠦᠭᠡᠢ ᠶᠦᠮ᠃ ᠵᠠᠪᠠᠯ ᠵᠣᠬᠢᠬᠤ ᠰᠣᠩᠭᠣᠯᠲᠠ ᠲᠠᠢ ᠪᠠᠷ ᠵᠠᠷᠢᠮ ᠵᠦᠢᠯ ᠢ᠋ ᠬᠦᠯᠢᠶᠡᠨ ᠠᠪᠴᠤ ᠢᠳᠡᠪᠬᠢᠲᠡᠢ ᠥᠷᠭᠡᠳᠬᠡᠨ ᠳᠡᠯᠭᠡᠷᠡᠭᠦᠯᠬᠦ ᠪᠥᠭᠡᠳ ᠵᠠᠷᠢᠮ ᠵᠦᠢᠯ ᠢ᠋ ᠲᠡᠪᠴᠢᠨ ᠣᠷᠬᠢᠵᠤ ᠤᠬᠠᠮᠰᠠᠷᠲᠠᠢ ᠬᠣᠷᠢᠭᠯᠠᠨ ᠴᠠᠭᠠᠵᠠᠯᠠᠬᠤ ᠬᠡᠷᠡᠭᠲᠡᠢ ᠪᠠᠢᠨ᠎ᠠ᠃ ᠣᠷᠴᠢᠨ ᠴᠠᠭ ᠤ᠋ᠨ ᠮᠣᠩᠭᠣᠯ ᠬᠡᠯᠡᠨ ᠳ᠋ᠦ᠍ ᠪᠢᠳᠡ ᠬᠡᠯᠡᠨ ᠦ᠌ ᠬᠥᠭᠵᠢᠯ ᠦ᠋ᠨ ᠵᠢᠮ᠎ᠡ ᠬᠠᠤᠯᠢ ᠳ᠋ᠤ᠌ ᠨᠡᠢᠴᠡᠵᠦ ᠪᠦᠬᠦᠢ ᠲᠡᠳᠡᠭᠡᠷ ᠰᠢᠨ᠎ᠡ ᠪᠦᠷᠯᠳᠦᠭᠦᠨ᠂ ᠰᠢᠨ᠎ᠡ ᠠᠷᠭ᠎ᠠ ᠶ᠋ᠢ ᠦᠨᠡᠮᠰᠢᠨ ᠲᠣᠭᠲᠠᠪᠤᠷᠢᠵᠢᠭᠤᠯᠵᠤ᠂ ᠬᠡᠯᠡᠨ ᠦ᠌ ᠬᠥᠭᠵᠢᠯ ᠦ᠋ᠨ ᠵᠢᠮ᠎ᠡ ᠬᠠᠤᠯᠢ ᠳ᠋ᠤ᠌ ᠦᠯᠦ ᠨᠡᠢᠴᠡᠬᠦ ᠪᠠ ᠪᠦᠬᠦ ᠮᠣᠩᠭᠣᠯ ᠬᠡᠯᠡᠲᠡᠳ ᠦ᠋ᠨ ᠬᠦᠯᠢᠶᠡᠨ ᠬᠡᠷᠡᠭᠵᠢᠭᠦᠯᠵᠦ ᠦᠯᠦ ᠴᠢᠳᠠᠬᠤᠢᠴᠠ ᠲᠡᠳᠡᠭᠡᠷ ᠪᠦᠷᠢᠯᠳᠦᠬᠦᠨ ᠪᠠ ᠠᠷᠭ᠎ᠠ ᠶ᠋ᠢ ᠦᠷᠭᠦᠯᠵᠢ ᠰᠢᠭᠰᠢᠨ ᠠᠷᠢᠯᠭᠠᠵᠤ ᠪᠠᠢᠬᠤ ᠬᠡᠷᠡᠭᠲᠡᠢ᠃ ᠡᠢᠨ ᠬᠦ᠌ ᠮᠣᠩᠭᠣᠯ ᠬᠡᠯᠡᠨ ᠦ᠌ ᠨᠡᠢᠲᠡ ᠶ᠋ᠢᠨ ᠨᠢᠭᠡᠨ ᠵᠢᠷᠤᠮᠵᠢᠯ ᠳᠦᠷᠢᠮᠵᠢᠯ ᠦ᠋ᠨ ᠪᠠᠷᠢᠮᠵᠢᠶ᠎ᠠ ᠪᠠᠷ ᠬᠡᠯᠡᠨ ᠦ᠌ ᠪᠡᠨ ᠠᠪᠢᠶ᠎ᠠ᠂ ᠦᠭᠡ ᠶ᠋ᠢᠨ ᠰᠠᠩ᠂ ᠬᠡᠯᠡ ᠵᠦᠢ ᠳ᠋ᠡᠭᠡᠨ ᠵᠣᠬᠢᠬᠤ ᠪᠠᠷᠢᠮᠵᠢᠶ᠎ᠠ ᠭᠠᠷᠭᠠᠵᠤ᠂ ᠡᠢᠮᠦ ᠪᠠᠷᠢᠮᠵᠢᠶ᠎ᠠ ᠱᠠᠭᠠᠷᠳᠠᠯᠭ᠎ᠠ ᠪᠠᠷ ᠬᠡᠯᠡ ᠬᠡᠷᠡᠭᠯᠡᠭᠴᠢᠳ ᠪᠦᠬᠦᠨ ᠢ᠋ᠶ᠋ᠡᠨ ᠵᠠᠮᠴᠢᠯᠠᠨ ᠤᠳᠤᠷᠢᠳᠴᠤ ᠳᠡᠯᠭᠡᠷᠡᠭᠦᠯᠦᠨ ᠬᠡᠷᠡᠭᠵᠢᠭᠦᠯᠬᠦ ᠴᠢᠬᠤᠯᠠᠲᠠᠢ ᠪᠣᠯᠤᠨ᠎ᠠ᠃ 
       ᠣᠷᠴᠢᠨ ᠴᠠᠭ ᠤ᠋ᠨ ᠮᠣᠩᠭᠣᠯ ᠬᠡᠯᠡᠨ ᠦ᠌ ᠳᠦᠷᠢᠮᠵᠢᠯ ᠨᠢ ᠶᠠᠷᠢᠶ᠎ᠠ ᠬᠢᠭᠡᠳ ᠪᠢᠴᠢᠭ ᠦ᠋ᠨ ᠬᠡᠯᠡᠨ ᠦ᠌ ᠬᠣᠶᠠᠷ ᠲᠠᠯ᠎ᠠ ᠪᠠᠷ ᠶᠠᠪᠤᠭᠳᠠᠨ᠎ᠠ᠃ 
       ᠣᠷᠴᠢᠨ ᠴᠠᠭ ᠤ᠋ᠨ ᠮᠣᠩᠭᠣᠯ ᠬᠡᠯᠡᠨ ᠦ᠌ ᠠᠶᠠᠯᠭᠤ ᠨᠤᠭᠤᠳ ᠨᠢ ᠬᠡᠯᠡ ᠵᠦᠢ ᠶ᠋ᠢᠨ ᠲᠠᠯ᠎ᠠ ᠪᠠᠷ ᠲᠡᠳᠦᠢ ᠶᠡᠬᠡ ᠵᠥᠷᠢᠶ᠎ᠡ ᠦᠭᠡᠢ᠂ ᠠᠪᠢᠶ᠎ᠠ ᠪᠠ ᠦᠭᠡ ᠶ᠋ᠢᠨ ᠰᠠᠩ ᠤ᠋ᠨ ᠲᠠᠯ᠎ᠠ ᠪᠠᠷ ᠪᠠᠬᠠᠨ ᠵᠥᠷᠢᠶ᠎ᠡ ᠪᠣᠯᠪᠠᠴᠤ ᠲᠡᠷᠡ ᠨᠢ ᠠᠪᠢᠶᠠᠯᠠᠪᠤᠷᠢ ᠶ᠋ᠢᠨ ᠦᠨᠳᠦᠰᠦᠨ ᠵᠦᠢᠯ᠂ ᠦᠭᠡ ᠶ᠋ᠢᠨ ᠦᠨᠳᠦᠰᠦᠨ ᠰᠠᠩ ᠳ᠋ᠤ᠌ ᠭᠣᠣᠯ ᠬᠣᠯᠪᠣᠭᠳᠠᠬᠤ ᠵᠦᠢᠯ ᠪᠢᠰᠢ ᠲᠤᠯᠠ ᠡᠯ᠎ᠡ ᠠᠶᠠᠯᠭᠤᠲᠠᠨ ᠬᠣᠭᠣᠷᠣᠨᠳᠣ ᠪᠠᠨ ᠬᠠᠷᠢᠯᠴᠠᠵᠤ ᠶᠠᠷᠢᠯᠴᠠᠬᠤ ᠳ᠋ᠠᠭᠠᠨ ᠦᠯᠦ ᠨᠡᠪᠲᠡᠷᠡᠯᠴᠡᠬᠦ ᠪᠡᠷᠬᠡᠰᠢᠶᠡᠯ ᠲᠣᠬᠢᠶᠠᠯᠳᠤᠳᠠᠭ ᠦᠭᠡᠢ᠃ ᠭᠡᠲᠡᠯ᠎ᠡ ᠠᠶᠠᠯᠭᠤ ᠨᠤᠭᠤᠳ ᠨᠢ ᠭᠣᠣᠯᠳᠠᠭᠤ ᠠᠪᠢᠶᠠᠨ ᠤ᠋ ᠵᠥᠷᠢᠶ᠎ᠡ ᠲᠡᠢ ᠪᠣᠯᠵᠤ᠂ ᠵᠠᠷᠢᠮ ᠳ᠋ᠠᠭᠠᠨ ᠦᠭᠡ ᠬᠡᠯᠡ ᠪᠡᠨ ᠬᠠᠷᠢᠯᠴᠠᠨ ᠣᠨᠣᠪᠴᠢᠲᠠᠢ ᠣᠢᠯᠠᠭᠠᠬᠤ ᠦᠭᠡᠢ ᠪᠤᠶᠤ ᠪᠤᠷᠤᠭᠤ ᠪᠠᠷ ᠣᠢᠯᠠᠭᠠᠬᠤ᠂ ᠴᠠᠭᠠᠰᠢᠯᠠᠪᠠᠯ ᠬᠠᠶᠠ ᠪᠠᠰᠠ ᠨᠡᠪᠲᠡᠷᠡᠯᠴᠡᠬᠦ ᠳ᠋ᠦ᠍ ᠪᠡᠷᠬᠡᠳᠡᠬᠦ ᠪᠠᠢᠳᠠᠯ ᠴᠤ᠌ ᠭᠠᠷᠳᠠᠭ᠃ ᠡᠢᠮᠦ ᠡᠴᠡ ᠨᠤᠲᠤᠭ ᠤ᠋ᠨ ᠠᠶᠠᠯᠭᠤᠨ ᠤ᠋ ᠠᠰᠠᠭᠤᠳᠠᠯ ᠪᠣᠯ ᠬᠡᠯᠡᠨ ᠦ᠌ ᠳᠦᠷᠢᠮᠵᠢᠯ ᠦ᠋ᠨ ᠨᠢᠭᠡᠨ ᠴᠢᠬᠤᠯᠠ ᠵᠦᠢᠯ ᠪᠣᠯᠤᠨ᠎ᠠ᠃ 
       ᠬᠡᠯᠡ ᠪᠡᠨ ᠳᠦᠷᠢᠮᠵᠢᠭᠦᠯᠬᠦ ᠠᠵᠢᠯ ᠳ᠋ᠤ᠌ ᠪᠢᠳᠡ ᠨᠤᠲᠤᠭ ᠤ᠋ᠨ ᠠᠶᠠᠯᠭᠤ ᠳ᠋ᠤ᠌ ᠬᠠᠨᠳᠤᠬᠤ ᠳ᠋ᠠᠭᠠᠨ ᠨᠢᠭᠡ ᠲᠠᠯ᠎ᠠ ᠪᠠᠷ᠂ ᠤᠳᠬ᠎ᠠ ᠵᠣᠬᠢᠶᠠᠯ ᠤ᠋ᠨ ᠬᠡᠯᠡᠨ ᠳ᠋ᠦ᠍ ᠨᠤᠲᠤᠭ ᠤ᠋ᠨ ᠠᠶᠠᠯᠭᠤᠨ ᠤ᠋ ᠵᠦᠢᠯᠡᠰ ᠢ᠋ ᠳᠤᠷ᠎ᠠ ᠲᠠᠪᠠ ᠪᠠᠷ ᠢ᠋ᠶ᠋ᠠᠨ ᠬᠤᠳᠬᠤᠯᠳᠤᠭᠤᠯᠤᠨ ᠬᠡᠷᠡᠭᠯᠡᠬᠦ ᠶ᠋ᠢ ᠵᠥᠪᠰᠢᠶᠡᠷᠡᠬᠦ ᠦᠭᠡᠢ᠂ ᠨᠥᠭᠦᠭᠡ ᠲᠠᠯ᠎ᠠ ᠪᠠᠷ ᠨᠤᠲᠤᠭ ᠤ᠋ᠨ ᠠᠶᠠᠯᠭᠤᠨ ᠠ᠋ᠴᠠ ᠬᠡᠷᠡᠭᠴᠡᠭᠡ ᠲᠡᠢ ᠵᠦᠢᠯ ᠢ᠋ ᠦᠷᠭᠦᠯᠵᠢ ᠰᠣᠩᠭᠣᠨ ᠠᠪᠴᠤ ᠰᠢᠩᠭᠡᠬᠡᠨ ᠬᠡᠷᠡᠭᠯᠡᠨ᠎ᠡ᠃ ᠬᠡᠯᠡ ᠪᠡᠨ ᠳᠦᠷᠢᠮᠵᠢᠭᠦᠯᠬᠦ ᠶᠠᠪᠤᠳᠠᠯ ᠨᠢ ᠨᠤᠲᠤᠭ ᠤ᠋ᠨ ᠠᠶᠠᠯᠭᠤᠨ ᠤ᠋ ᠤᠰᠠᠳᠤᠯ ᠢ᠋ᠶ᠋ᠠᠷ ᠤᠷᠢᠳᠠᠯ ᠪᠣᠯᠭᠠᠳᠠᠭ ᠦᠭᠡᠢ᠃ ᠨᠤᠲᠤᠭ ᠤ᠋ᠨ ᠠᠶᠠᠯᠭᠤ ᠨᠢ ᠵᠣᠬᠢᠬᠤ ᠴᠠᠭ ᠬᠤᠭᠤᠴᠠᠭᠠᠨ ᠤ᠋ ᠳᠣᠲᠣᠷ᠎ᠠ ᠲᠡᠷᠡ ᠨᠤᠲᠤᠭ ᠤ᠋ᠨ ᠬᠢᠨ ᠬᠥᠮᠦᠰ ᠲᠦ᠍ ᠦᠢᠯᠡᠴᠢᠯᠡᠵᠦ ᠪᠠᠢᠳᠠᠭ ᠤᠴᠢᠷ ᠠ᠋ᠴᠠ ᠨᠤᠲᠤᠭ ᠤ᠋ᠨ ᠠᠶᠠᠯᠭᠤ ᠶ᠋ᠢ ᠲᠠᠰᠤ ᠬᠣᠷᠢᠭᠯᠠᠬᠤ ᠬᠡᠷᠡᠭ ᠦᠭᠡᠢ ᠪᠥᠭᠡᠳ ᠬᠣᠷᠢᠭᠯᠠᠵᠤ ᠴᠦ᠍ ᠦᠯᠦ ᠪᠣᠯᠤᠨ᠎ᠠ᠃ ᠦᠨᠳᠦᠰᠦᠲᠡᠨ ᠦ᠌ ᠤᠳᠬ᠎ᠠ ᠵᠣᠬᠢᠶᠠᠯ ᠤ᠋ᠨ ᠬᠡᠯᠡᠨ ᠦ᠌ ᠳᠡᠯᠭᠡᠷᠡᠨ ᠬᠥᠭᠵᠢᠬᠦ ᠶ᠋ᠢ ᠳᠠᠭᠠᠯᠳᠤᠨ᠂ ᠨᠤᠲᠤᠭ ᠤ᠋ᠨ ᠠᠶᠠᠯᠭᠤᠨ ᠤ᠋ ᠬᠡᠷᠡᠭᠯᠡᠭᠳᠡᠬᠦ ᠬᠦᠷᠢᠶ᠎ᠡ ᠴᠠᠷᠠᠭ᠎ᠠ ᠤᠯᠠᠮ ᠤᠯᠠᠮ ᠢ᠋ᠶ᠋ᠠᠷ ᠢᠪᠴᠤᠷᠠᠵᠤ᠂ ᠲᠡᠭᠦᠨ ᠦ᠌ ᠦᠵᠡᠭᠦᠯᠬᠦ ᠦᠢᠯᠡᠳᠦᠯ ᠨᠢ ᠤᠯᠠᠮ ᠤᠯᠠᠮ ᠢ᠋ᠶ᠋ᠠᠷ ᠰᠤᠯᠠᠷᠠᠵᠤ ᠵᠥᠷᠢᠶ᠎ᠡ ᠢᠯᠭᠠᠭ᠎ᠠ ᠨᠢ ᠠᠭᠠᠵᠢᠮ ᠢ᠋ᠶ᠋ᠠᠷ ᠪᠠᠭᠠᠰᠬᠤ ᠪᠣᠯᠤᠨ᠎ᠠ᠃ 
       ᠮᠠᠨ ᠤ᠋ ᠤᠯᠤᠰ ᠤ᠋ᠨ ᠣᠷᠴᠢᠨ ᠴᠠᠭ ᠤ᠋ᠨ ᠮᠣᠩᠭᠣᠯ ᠬᠡᠯᠡ ᠪᠡᠨ ᠰᠢᠯᠤᠭᠤᠨ ᠬᠥᠬᠡ ᠬᠣᠰᠢᠭᠤ ᠪᠠᠷ ᠲᠥᠯᠦᠭᠡᠯᠡᠭᠦᠯᠦᠭᠰᠡᠨ ᠴᠠᠬᠠᠷ ᠠᠮᠠᠨ ᠠᠶᠠᠯᠭᠤᠨ ᠤ᠋ ᠠᠪᠢᠶ᠎ᠠ ᠪᠠᠷ ᠪᠠᠷᠢᠮᠵᠢᠶ᠎ᠠ ᠠᠪᠢᠶ᠎ᠠ ᠪᠣᠯᠭᠠᠵᠤ᠂ ᠳᠤᠮᠳᠠᠳᠤ ᠠᠶᠠᠯᠭᠤ ᠪᠠᠷ ᠰᠠᠭᠤᠷᠢ ᠠᠶᠠᠯᠭᠤ ᠪᠣᠯᠭᠠᠨ᠂ ᠰᠣᠩᠭᠣᠳᠠᠭ ᠪᠢᠴᠢᠭ ᠦ᠋ᠨ ᠬᠡᠯᠡ ᠳᠡᠭᠡᠷ᠎ᠡ ᠪᠢᠴᠢᠭᠳᠡᠭᠰᠡᠨ ᠵᠣᠬᠢᠶᠠᠯ ᠢ᠋ᠶ᠋ᠠᠷ ᠬᠡᠯᠡ ᠵᠦᠢ ᠶ᠋ᠢᠨ ᠵᠢᠷᠤᠮ ᠪᠠᠷᠢᠮᠵᠢᠶ᠎ᠠ ᠪᠠᠨ ᠪᠣᠯᠭᠠᠨ ᠳᠦᠷᠢᠮᠵᠢᠭᠦᠯᠬᠦ ᠪᠣᠯᠤᠨ᠎ᠠ᠃ 
       ᠨᠢᠭᠡ ᠳ᠋ᠦ᠍᠂ ᠰᠢᠯᠤᠭᠤᠨ ᠬᠥᠬᠡ ᠬᠣᠰᠢᠭᠤ ᠪᠠᠷ ᠲᠥᠯᠥᠭᠡᠯᠡᠭᠦᠯᠦᠭᠰᠡᠨ ᠴᠠᠬᠠᠷ ᠠᠮᠠᠨ ᠠᠶᠠᠯᠭᠤᠨ ᠤ᠋ ᠠᠪᠢᠶ᠎ᠠ ᠪᠠᠷ ᠮᠠᠨ ᠤ᠋ ᠤᠯᠤᠰ ᠤ᠋ᠨ ᠣᠷᠴᠢᠨ ᠴᠠᠭ ᠤ᠋ᠨ ᠤᠳᠬ᠎ᠠ ᠵᠣᠬᠢᠶᠠᠯ ᠤ᠋ᠨ ᠬᠡᠯᠡᠨ ᠦ᠌ ᠪᠠᠷᠢᠮᠵᠢᠶ᠎ᠠ ᠠᠪᠢᠶ᠎ᠠ ᠪᠣᠯᠭᠠᠨ ᠳᠦᠷᠢᠮᠵᠢᠭᠦᠯᠦᠨ᠎ᠡ᠃ ᠢᠩᠭᠢᠬᠦ ᠨᠢ ᠤᠷᠲᠤ ᠤᠳᠠᠭᠠᠨ ᠲᠡᠦᠬᠡᠨ ᠬᠥᠭᠵᠢᠯ ᠦ᠋ᠨ ᠦᠷ᠎ᠡ ᠳ᠋ᠦᠩ ᠮᠥᠨ᠃ ᠴᠠᠬᠠᠷ ᠠᠮᠠᠨ ᠠᠶᠠᠯᠭᠤᠨ ᠤ᠋ ᠠᠪᠢᠶ᠎ᠠ ᠨᠢ ᠬᠡᠳᠦᠨ ᠵᠠᠭᠤᠨ ᠵᠢᠯ ᠦ᠋ᠨ ᠲᠤᠷᠰᠢᠳᠠ ᠨᠡᠢᠲᠡ ᠳᠤᠮᠳᠠ ᠶ᠋ᠢᠨ ᠰᠢᠨᠵᠢ ᠲᠡᠢ᠂ ᠲᠦᠭᠡᠮᠡᠯ ᠴᠢᠨᠠᠷ ᠲᠠᠢ ᠪᠣᠯᠤᠭᠰᠠᠨ ᠪᠥᠭᠡᠳ ᠲᠡᠭᠦᠨ ᠦ᠌ ᠨᠥᠯᠥᠭᠡ ᠨᠢ ᠤᠯᠠᠮ ᠤᠯᠠᠮ ᠢ᠋ᠶ᠋ᠠᠷ ᠶᠡᠬᠡᠳᠴᠦ᠂ ᠪᠠᠢᠷᠢ ᠳᠡᠭᠡᠭᠰᠢᠯᠡᠭᠡᠳ ᠢᠲᠡᠭᠡᠯ ᠬᠦᠨᠳᠦ ᠨᠡᠮᠡᠭᠳᠡᠭᠰᠡᠭᠡᠷ ᠲᠡᠦᠬᠡᠨ ᠬᠥᠭᠵᠢᠯ ᠦ᠋ᠨ ᠳᠠᠭᠠᠤ ᠪᠠᠷᠢᠮᠵᠢᠶ᠎ᠠ ᠠᠪᠢᠶ᠎ᠠ ᠪᠣᠯᠬᠤ ᠳ᠋ᠤ᠌ ᠬᠦᠷᠦᠭᠰᠡᠨ ᠶᠦᠮ᠃ 
       ᠴᠠᠬᠠᠷ ᠠᠪᠢᠶ᠎ᠠ ᠪᠠᠷ ᠪᠠᠷᠢᠮᠵᠢᠶ᠎ᠠ ᠪᠣᠯᠭᠠᠨ᠎ᠠ ᠭᠡᠭᠴᠢ ᠨᠢ ᠴᠠᠬᠠᠷ ᠠᠮᠠᠨ ᠠᠶᠠᠯᠭᠤᠨ ᠤ᠋ ᠠᠪᠢᠶᠠᠨ ᠤ᠋ ᠲᠣᠭᠲᠠᠯᠴᠠᠭ᠎ᠠ ᠳ᠋ᠠᠬᠢ ᠦᠨᠳᠦᠰᠦᠨ ᠵᠦᠢᠯ᠂ ᠵᠣᠩᠬᠢᠯᠠᠬᠤ ᠵᠦᠢᠯ ᠢ᠋ ᠪᠠᠷᠢᠮᠲᠠᠯᠠᠨ᠂ ᠣᠷᠴᠢᠨ ᠴᠠᠭ ᠤ᠋ᠨ ᠮᠣᠩᠭᠣᠯ ᠬᠡᠯᠡᠨ ᠦ᠌ ᠠᠪᠢᠶ᠎ᠠ ᠶ᠋ᠢ ᠨᠢᠭᠡᠳᠬᠡᠨ ᠳᠦᠷᠢᠮᠵᠢᠭᠦᠯᠬᠦ ᠶᠠᠪᠤᠳᠠᠯ ᠪᠣᠯᠤᠨ᠎ᠠ᠃ ᠡᠢᠮᠦ ᠡᠴᠡ᠂ ᠪᠠᠷᠢᠮᠵᠢᠶ᠎ᠠ ᠠᠪᠢᠶᠠᠨ ᠤ᠋ ᠬᠦᠷᠢᠶᠡᠨ ᠳ᠋ᠦ᠍ ᠪᠠᠭᠲᠠᠬᠤ ᠦᠭᠡᠢ ᠪᠤᠰᠤᠳ ᠠᠶᠠᠯᠭᠤ᠂ ᠠᠮᠠᠨ ᠠᠶᠠᠯᠭᠤᠨ ᠤ᠋ ᠢᠪᠴᠤᠤ ᠬᠦᠷᠢᠶᠡᠨ ᠳ᠋ᠦ᠍ ᠬᠡᠷᠡᠭᠯᠡᠭᠳᠡᠬᠦ ᠥᠪᠡᠷᠮᠢᠴᠡ ᠠᠪᠢᠶ᠎ᠠ ᠶ᠋ᠢ ᠮᠣᠩᠭᠣᠯ ᠬᠡᠯᠡᠨ ᠦ᠌ ᠠᠪᠢᠶᠠᠨ ᠤ᠋ ᠳᠣᠭᠲᠠᠯᠴᠠᠭᠠᠨ ᠳ᠋ᠤ᠌ ᠬᠣᠯᠢᠨ ᠣᠷᠣᠭᠤᠯᠵᠤ ᠪᠣᠯᠬᠤ ᠦᠭᠡᠢ᠃ 
      ᠶᠠᠷᠢᠶᠠᠨ ᠦᠭᠡᠢ᠂ ᠴᠠᠬᠠᠷ ᠠᠮᠠᠨ ᠠᠶᠠᠯᠭᠤᠨ ᠤ᠋ ᠠᠪᠢᠶᠠᠨ ᠳ᠋ᠤ᠌ ᠴᠦ᠍ ᠨᠡᠢᠲᠡ ᠶ᠋ᠢᠨ ᠵᠤᠷᠰᠢᠯ ᠠ᠋ᠴᠠ ᠵᠥᠷᠢᠴᠡᠭᠰᠡᠨ ᠴᠥᠭᠡᠨ ᠲᠣᠭᠠᠨ ᠤ᠋ ᠣᠨᠴᠠᠭᠠᠢ ᠵᠦᠢᠯ ᠪᠠᠢᠳᠠᠭ᠃ ᠵᠢᠱ᠌ᠢᠶᠡᠯᠡᠪᠡᠯ᠂ ᠪᠢᠴᠢᠭ ᠦ᠋ᠨ ᠬᠡᠯᠡᠨ ᠦ᠌ ᠨᠢᠭᠡ ᠦᠭᠡᠨ ᠳ᠋ᠡᠬᠢ ᠲᠦᠷᠢᠯᠲᠡ ᠪᠡᠷ ᠶᠠᠷᠢᠭᠳᠠᠬᠤ ᠭᠡᠢᠭᠦᠯᠦᠭᠴᠢ[t′] [ʧ′] [x] [s] ᠤᠨ ᠡᠮᠦᠨ᠎ᠡ ᠣᠷᠣᠭᠰᠠᠨ ᠦᠭᠡ ᠶ᠋ᠢᠨ ᠡᠬᠢᠨ ᠦ᠌ ᠲᠦᠷᠢᠯᠲᠡ ᠲᠡᠢ ᠭᠡᠢᠭᠦᠯᠦᠭᠴᠢ ᠶ᠋ᠢ ᠲᠦᠷᠢᠯᠲᠡ ᠦᠭᠡᠢ ᠭᠡᠢᠭᠦᠯᠦᠭᠴᠢ [t] [ʧ] [k] ᠪᠣᠯᠭᠠᠨ᠂《ᠲᠠᠲᠠᠬᠤ》 ᠶ᠋ᠢ [tat′ax]᠂《ᠴᠠᠰᠤ》 ᠶ᠋ᠢ [ʧas] )᠂《ᠬᠠᠲᠠᠭᠤ》 ᠶ᠋ᠢ [ kat'ʊ: ] ᠭᠡᠬᠦ ᠮᠡᠲᠦ ᠪᠡᠷ ᠬᠡᠯᠡᠳᠡᠭ ᠦᠵᠡᠭᠳᠡᠯ ᠪᠣᠢ᠃ ᠡᠢᠮᠦ ᠣᠨᠴᠠᠭᠠᠢ ᠵᠦᠢᠯ ᠢ᠋ ᠪᠠᠷᠢᠮᠵᠢᠶ᠎ᠠ ᠠᠪᠢᠶᠠᠨ ᠳ᠋ᠤ᠌ ᠪᠠᠭᠲᠠᠭᠠᠨ ᠣᠷᠣᠭᠤᠯᠵᠤ ᠪᠣᠯᠬᠤ ᠦᠭᠡᠢ ᠨᠢ ᠮᠡᠳᠡᠭᠡᠵᠢ ᠶ᠋ᠢᠨ ᠬᠡᠷᠡᠭ᠂ ᠬᠠᠷᠢᠨ ᠡᠳᠡᠭᠡᠷ ᠣᠨᠴᠠᠭᠠᠢ ᠵᠦᠢᠯ ᠢ᠋ ᠰᠠᠭᠤᠷᠢ ᠠᠶᠠᠯᠭᠤᠨ ᠤ᠋ ᠠᠪᠢᠶᠠᠨ ᠤ ᠨᠡᠢᠲᠡᠯᠢᠭ ᠰᠢᠨᠵᠢ ᠪᠠ ᠤᠯᠠᠮᠵᠢᠯᠠᠯᠲᠤ ᠪᠢᠴᠢᠭ ᠦ᠋ᠨ ᠬᠡᠯᠡᠨ ᠦ᠌ ᠳᠠᠭᠤᠳᠠᠯᠭ᠎ᠠ ᠪᠠᠷ ᠳᠦᠷᠢᠮᠵᠢᠯ ᠦ᠋ᠨ ᠦᠨᠳᠦᠰᠦᠯᠡᠯ ᠢ᠋ᠶ᠋ᠡᠨ ᠪᠣᠯᠭᠠᠬᠤ ᠪᠣᠯᠤᠨ᠎ᠠ᠃ 
       ᠬᠣᠶᠠᠷ ᠲᠤ᠌᠂ ᠰᠠᠭᠤᠷᠢ ᠠᠶᠠᠯᠭᠤ ᠪᠠᠷ ᠣᠷᠴᠢᠨ ᠴᠠᠭ ᠤ᠋ᠨ ᠮᠣᠩᠭᠣᠯ ᠬᠡᠯᠡᠨ ᠦ᠌ ᠦᠭᠡ ᠶ᠋ᠢᠨ ᠰᠠᠩ ᠤ᠋ᠨ ᠳᠦᠷᠢᠮᠵᠢᠯ ᠦ᠋ᠨ ᠦᠨᠳᠦᠰᠦᠯᠡᠯ ᠪᠣᠯᠭᠠᠨ᠎ᠠ᠃ ᠮᠣᠩᠭᠣᠯ ᠬᠡᠯᠡᠨ ᠦ᠌ ᠳᠤᠮᠳᠠᠳᠤ ᠠᠶᠠᠯᠭᠤ ᠶ᠋ᠢᠨ ᠣᠷᠣᠨ ᠪᠣᠯ ᠤᠯᠤᠰ ᠲᠥᠷᠥ᠂ ᠠᠵᠤ ᠠᠬᠤᠢ᠂ ᠰᠣᠶᠣᠯ ᠪᠣᠯᠪᠠᠰᠤᠷᠠᠯ᠂ ᠰᠤᠷᠭᠠᠨ ᠬᠥᠮᠦᠵᠢᠯ ᠪᠠ ᠵᠠᠮ ᠬᠠᠷᠢᠯᠴᠠᠭ᠎ᠠ ᠪᠠᠷ ᠨᠡᠯᠢᠶᠡᠳ ᠬᠥᠭᠵᠢᠭᠰᠡᠨ ᠣᠷᠣᠨ ᠪᠥᠭᠡᠳ ᠬᠥᠮᠦᠨ ᠠᠮᠠᠨ ᠲᠣᠭ᠎ᠠ ᠪᠠᠷ ᠬᠠᠮᠤᠭ ᠤ᠋ᠨ ᠣᠯᠠᠨ ᠂ ᠨᠤᠲᠤᠭ ᠳᠡᠪᠢᠰᠬᠡᠷ ᠢ᠋ᠶ᠋ᠡᠷ ᠬᠠᠮᠤᠭ ᠤ᠋ᠨ ᠥᠷᠭᠡᠨ ᠠᠭᠤᠳᠠᠮ ᠪᠥᠭᠡᠳ ᠪᠠᠢᠷᠢᠰᠢᠯ ᠨᠤᠲᠤᠭᠰᠢᠯ ᠨᠢ ᠳᠤᠮᠳᠠ ᠬᠡᠰᠡᠭ ᠲᠦ᠍ ᠪᠠᠢᠭ᠎ᠠ ᠶᠤᠮ᠃ ᠪᠠᠰᠠ ᠪᠠᠷᠢᠮᠵᠢᠶ᠎ᠠ ᠠᠪᠢᠶ᠎ᠠ ᠪᠣᠯᠤᠭᠰᠠᠨ ᠠᠮᠠᠨ ᠠᠶᠠᠯᠭᠤ ᠶ᠋ᠢ ᠬᠠᠮᠤᠷᠤᠭᠰᠠᠨ ᠭᠠᠵᠠᠷ ᠣᠷᠣᠨ ᠲᠠᠢ ᠪᠠ ᠦᠭᠡ ᠶ᠋ᠢᠨ ᠰᠠᠩ ᠤ᠋ᠨ ᠲᠠᠯ᠎ᠠ ᠪᠠᠷ ᠴᠦ᠍ ᠨᠡᠯᠢᠶᠡᠳ ᠪᠠᠶᠠᠯᠢᠭ᠂ ᠥᠪᠡᠷᠮᠢᠴᠡ ᠣᠨᠴᠠᠭᠠᠢ ᠵᠦᠢᠯ ᠨᠡᠯᠢᠶᠡᠳ ᠴᠥᠭᠡᠨ ᠪᠠᠢᠭ᠎ᠠ ᠶᠤᠮ᠃ ᠡᠢᠮᠦ ᠡᠴᠡ ᠳᠤᠮᠳᠠᠳᠤ ᠠᠶᠠᠯᠭᠤ ᠨᠢ ᠮᠣᠩᠭᠣᠯ ᠬᠡᠯᠡᠨ ᠦ᠌ ᠰᠠᠭᠤᠷᠢ ᠠᠶᠠᠯᠭᠤ ᠪᠣᠯᠤᠭᠰᠠᠨ ᠶᠤᠮ᠃ ᠬᠥᠮᠦᠰ ᠦ᠋ᠨ ᠠᠵᠢᠯᠯᠠᠭᠠᠨ ᠤ᠋ ᠬᠦᠷᠢᠶ᠎ᠡ ᠶᠡᠬᠡᠰᠴᠦ ᠂ ᠬᠠᠷᠢᠴᠠᠭ᠎ᠠ ᠬᠣᠯᠪᠣᠭ᠎ᠠ ᠨᠢᠭᠲᠠᠷᠠᠨ ᠥᠷᠭᠡᠵᠢᠭᠰᠡᠨ ᠪᠠ ᠰᠤᠷᠭᠠᠨ ᠬᠥᠮᠦᠵᠢᠯ᠂ ᠬᠤᠷᠠᠯ ᠴᠤᠭᠯᠠᠭ᠎ᠠ᠂ ᠰᠣᠨᠢᠨ ᠰᠡᠳᠬᠦᠯ᠂ ᠷᠠᠳᠢᠣ᠋ ᠲᠧᠯᠸᠢᠰ᠂ ᠪᠢᠴᠢᠭ ᠵᠣᠬᠢᠶᠠᠯ᠂ ᠺᠢᠨᠣ᠋ ᠲᠣᠭᠯᠠᠯᠲᠠ ᠵᠡᠷᠭᠡ ᠶ᠋ᠢᠨ ᠰᠣᠶᠣᠯ ᠨᠡᠢᠭᠡᠮ ᠦ᠋ᠨ ᠬᠥᠳᠡᠯᠭᠡᠭᠡᠨ ᠦ᠌ ᠨᠥᠯᠥᠭᠡ ᠪᠡᠷ ᠳᠤᠮᠳᠠᠳᠤ ᠠᠶᠠᠯᠭᠤᠨ ᠳ᠋ᠤ᠌ ᠦᠨᠳᠦᠰᠦᠯᠡᠭᠳᠡᠭᠰᠡᠨ ᠣᠷᠴᠢᠨ ᠴᠠᠭ ᠤ᠋ᠨ ᠮᠣᠩᠭᠣᠯ ᠤᠳᠬ᠎ᠠ ᠵᠣᠬᠢᠶᠠᠯ ᠤ᠋ᠨ ᠬᠡᠯᠡᠨ ᠦ᠌ ᠦᠭᠡ ᠶ᠋ᠢᠨ ᠰᠠᠩ ᠨᠡᠩ ᠥᠷᠭᠡᠨ ᠢ᠋ᠶ᠋ᠡᠷ ᠲᠦᠭᠡᠨ ᠳᠡᠯᠭᠡᠷᠡᠵᠦ᠂ ᠬᠡᠪᠴᠢᠶ᠎ᠡ ᠪᠠ ᠨᠥᠯᠥᠭᠡ ᠨᠢ ᠤᠯᠠᠮ ᠤᠯᠠᠮ ᠢ᠋ᠶ᠋ᠠᠷ ᠶᠡᠬᠡᠰᠴᠦ ᠪᠠᠢᠨ᠎ᠠ ᠃ᠡᠭᠦᠨ ᠦ᠌ ᠤᠯᠠᠮ ᠠ᠋ᠴᠠ ᠮᠣᠩᠭᠣᠯ ᠬᠡᠯᠡᠨ ᠦ᠌ ᠦᠭᠡ ᠶ᠋ᠢᠨ ᠰᠠᠩ ᠨᠢ ᠨᠡᠩ ᠶᠡᠬᠡ ᠪᠡᠷ ᠪᠣᠯᠪᠠᠰᠤᠷᠠᠨ ᠪᠠᠶᠠᠯᠢᠭᠵᠢᠬᠤ ᠪᠣᠯᠤᠨ᠎ᠠ᠃ 
       ᠣᠷᠴᠢᠨ ᠴᠠᠭ ᠤ᠋ᠨ ᠮᠣᠩᠭᠣᠯ ᠬᠡᠯᠡᠨ ᠦ᠌ ᠦᠭᠡ ᠶ᠋ᠢᠨ ᠰᠠᠩ ᠤ᠋ᠨ ᠬᠤᠪᠢ ᠳ᠋ᠤ᠌ ᠠᠪᠴᠤ ᠬᠡᠯᠡᠪᠡᠯ ᠳᠦᠷᠢᠮᠵᠢᠯ ᠪᠠ ᠪᠠᠶᠠᠯᠢᠭᠵᠢᠯ ᠤ᠋ᠨ ᠡᠭᠦᠷᠭᠡ ᠵᠡᠷᠭᠡ ᠪᠡᠷ ᠲᠤᠯᠭᠠᠷᠠᠵᠤ ᠪᠠᠢᠨ᠎ᠠ᠃ 
       ᠮᠣᠩᠭᠣᠯ ᠬᠡᠯᠡᠨ ᠦ᠌ ᠡᠯ᠎ᠡ ᠨᠤᠲᠤᠭ ᠤ᠋ᠨ ᠠᠶᠠᠯᠭᠤ ᠳ᠋ᠠᠬᠢ ᠦᠭᠡ ᠶ᠋ᠢᠨ ᠰᠠᠩ ᠤ᠋ᠨ ᠳᠦᠷᠢᠮᠵᠢᠯ ᠪᠤᠰᠤ ᠵᠦᠢᠯ ᠢ᠋ ᠰᠠᠭᠤᠷᠢ ᠠᠶᠠᠯᠭᠤ ᠪᠠᠷ ᠳᠦᠷᠢᠮᠵᠢᠯ ᠦ᠋ᠨ ᠦᠨᠳᠦᠰᠦ ᠰᠠᠭᠤᠷᠢ ᠪᠠᠨ ᠪᠣᠯᠭᠠᠨ᠎ᠠ᠃ ᠲᠤᠬᠠᠢᠯᠠᠪᠠᠯ《 ᠱᠠᠯᠪᠤᠷ - ᠥᠮᠥᠳᠥ᠂ ᠬᠠᠢᠰᠤ - ᠲᠣᠭᠣᠭ᠎ᠠ᠂ ᠠᠰᠬᠠᠨ - ᠦᠳᠡᠰᠢ᠂ ᠭᠦᠦᠷᠡᠬᠦ - ᠣᠢᠯᠠᠭᠠᠬᠤ᠂ ᠳᠠᠪᠬᠤᠷ ᠭᠡᠷ - ᠠᠰᠠᠷ》 ᠭᠡᠬᠦ ᠮᠡᠲᠦ ᠶ᠋ᠢᠨ ᠵᠢᠱ᠌ᠢᠶᠡᠳ ᠡᠴᠡ 《ᠥᠮᠥᠳᠥ᠂ ᠲᠣᠭᠣᠭ᠎ᠠ᠂ ᠦᠳᠡᠰᠢ᠂ ᠣᠢᠯᠠᠭᠠᠬᠤ᠂ ᠠᠰᠠᠷ》ᠭᠡᠬᠦ ᠮᠡᠲᠦ ᠶ᠋ᠢᠨ ᠦᠭᠡ ᠪᠡᠷ ᠲᠤᠰ ᠲᠤᠰ ᠳᠦᠷᠢᠮᠵᠢᠭᠦᠯᠬᠦ ᠪᠣᠯᠤᠨ᠎ᠠ᠃ 
       ᠭᠡᠪᠡᠴᠦ ᠳᠤᠮᠳᠠᠳᠤ ᠠᠶᠠᠯᠭᠤᠨ ᠤ᠋ ᠵᠠᠷᠢᠮ ᠣᠷᠣᠨ ᠨᠤᠲᠤᠭ ᠤ᠋ᠨ ᠢᠪᠴᠤᠤ ᠬᠦᠷᠢᠶᠡᠨ ᠳ᠋ᠦ᠍ ᠯᠡ ᠬᠡᠷᠡᠭᠯᠡᠭᠳᠡᠬᠦ ᠦᠭᠡᠰ ᠢ᠋ ᠤᠳᠬ᠎ᠠ ᠵᠣᠬᠢᠶᠠᠯ ᠤ᠋ᠨ ᠬᠡᠯᠡᠨ ᠳ᠋ᠦ᠍ ᠣᠷᠣᠭᠤᠯᠵᠤ ᠪᠣᠯᠬᠤ ᠦᠭᠡᠢ᠃ ᠲᠤᠬᠠᠢᠯᠠᠪᠠᠯ᠂ ᠬᠠᠷᠠᠴᠢᠨ ᠤ᠋[tı:lʊ:x ](ᠡᠯᠭᠦᠬᠦ᠂ ᠳᠡᠭᠦᠵᠢᠯᠡᠬᠦ)᠂ ᠬᠠᠷᠠᠴᠢᠨ ᠬᠣᠷᠴᠢᠨ ᠤ᠋ [xɄrǝ:t'ǝŋ] (ᠳᠠᠯᠠᠢ᠂ ᠪᠦᠰᠡ)᠂ ᠵᠠᠯᠠᠢᠳ ᠤ᠋ᠨ [ lax ](ᠬᠠᠨᠵᠤ) ᠪᠤᠶᠤ ᠣᠷᠳᠣᠰ ᠤ᠋ᠨ [ ʧiŋ] (ᠬᠠᠨᠵᠤ) ᠭᠡᠳᠡᠭ ᠢ᠋ ᠣᠯᠠᠩᠬᠢ ᠠᠶᠠᠯᠭᠤ᠂ ᠠᠮᠠᠨ ᠠᠶᠠᠯᠭᠤ ᠪᠤᠶᠤ ᠪᠢᠴᠢᠭ ᠣᠨ ᠬᠡᠯᠡᠨ ᠦ᠌《ᠡᠯᠭᠦᠬᠦ~ ᠳᠡᠭᠦᠵᠢᠯᠡᠬᠦ᠂ ᠳᠠᠯᠠᠢ [t'ǝli:]~ ᠪᠦᠰᠡ᠂ ᠬᠠᠨᠵᠤ》 ᠭᠡᠬᠦ ᠵᠡᠷᠭᠡ ᠦᠭᠡ ᠪᠡᠷ ᠳᠦᠷᠢᠮᠵᠢᠭᠦᠯᠬᠦ ᠪᠣᠯᠤᠨ᠎ᠠ᠃ 
       ᠲᠡᠭᠦᠨᠴᠢᠯᠡᠨ᠂ ᠣᠷᠴᠢᠨ ᠴᠠᠭ ᠤ᠋ᠨ ᠮᠣᠩᠭᠣᠯ ᠬᠡᠯᠡᠨ ᠳ᠋ᠦ᠍ ᠣᠷᠣᠰᠢᠵᠤ ᠪᠠᠢᠭ᠎ᠠ ᠵᠠᠷᠢᠮ ᠨᠢᠭᠡᠳᠦᠯ ᠦᠭᠡᠢ ᠰᠢᠨ᠎ᠡ ᠦᠭᠡ᠂ ᠨᠡᠷ᠎ᠡ ᠲᠣᠮᠢᠶ᠎ᠠ ᠶ᠋ᠢ ᠳᠦᠷᠢᠮᠵᠢᠭᠦᠯᠬᠦ ᠬᠡᠷᠡᠭᠲᠡᠢ᠃ ᠬᠡᠪᠴᠢᠶᠡᠨ ᠡᠴᠡ ᠪᠡᠨ ᠬᠡᠲᠦᠷᠡᠭᠰᠡᠨ ᠵᠢᠭᠡᠯᠡᠭᠡ ᠬᠡᠯᠡᠯᠭᠡ᠂ ᠬᠣᠯᠢᠮᠠᠭ ᠶᠠᠷᠢᠶ᠎ᠠ ᠶ᠋ᠢ ᠲᠡᠪᠴᠢᠨ ᠳᠦᠷᠢᠮᠵᠢᠭᠦᠯᠬᠦ ᠬᠡᠷᠡᠭᠲᠡᠢ᠃ ᠲᠤᠬᠠᠢᠯᠠᠪᠠᠯ᠂ 《ᠺᠣᠮᠫᠢᠦ᠋ᠲ᠋ᠧᠷ - ᠡᠯᠧᠺᠲ᠋ᠷᠣᠨ ᠪᠣᠳᠣᠯᠭ᠎ᠠ ᠶ᠋ᠢᠨ ᠮᠠᠰᠢᠨ᠂ ᠳᠡᠯᠭᠡᠭᠴᠢ - ᠦᠵᠡᠭᠦᠯᠦᠭᠦᠷ᠂ ᠤᠳᠬᠠᠯᠠᠪᠤᠷᠢ- ᠤᠳᠬ᠎ᠠ ᠡᠯᠧᠮᠧᠨ᠋ᠲ - ᠤᠳᠬ᠎ᠠ ᠶ᠋ᠢᠨ ᠮᠠᠬᠠᠪᠣᠳ᠂ ᠤᠲᠠᠰᠤ - ᠳ᠋ᠢᠶᠠᠩᠬᠤᠸᠠ᠂ ᠳᠡᠳ᠋ ᠡᠷᠳᠡᠮᠲᠡᠨ - ᠳᠡᠳ᠋ ᠳ᠋ᠣᠺᠲ᠋ᠣᠷ᠂ ᠬᠥᠷᠥᠭᠡᠭᠴᠢ- ᠴᠠᠬᠢᠯᠭᠠᠨ ᠬᠥᠯᠳᠡᠭᠡᠭᠦᠷ- ᠴᠠᠬᠢᠯᠭᠠᠨ ᠬᠥᠷᠥᠭᠡᠭᠦᠯ᠂ ᠪᠥᠵᠢᠭᠯᠡᠬᠦ - ᠪᠥᠵᠢᠭ ᠦᠰᠦᠷᠬᠦ᠂ ᠬᠥᠬᠡ ᠴᠠᠢ- ᠬᠡᠪ ᠦ᠋ᠨ ᠴᠠᠢ᠂ ᠠᠮᠲᠠᠲᠤ ᠠᠷᠢᠬᠢ - ᠪᠤᠳᠣᠭᠲᠠᠶ ᠠᠷᠢᠬᠢ - ᠥᠩᠭᠡᠲᠦ ᠠᠷᠢᠬᠢ》ᠭᠡᠬᠦ ᠮᠡᠲᠦ ᠶ᠋ᠢᠨ ᠠᠳᠠᠯᠢ ᠶᠠᠭᠤᠮ᠎ᠠ ᠦᠵᠡᠭᠳᠡᠯ ᠦ᠋ᠨ ᠠᠳᠠᠯᠢ ᠪᠤᠰᠤ ᠨᠡᠷᠡᠯᠡᠯᠲᠡ ᠬᠡᠯᠡᠯᠭᠡ ᠶ᠋ᠢ ᠠᠯᠢ ᠡᠪᠲᠡᠢ ᠲᠣᠪᠴᠢ ᠠᠪᠰᠠᠷ᠂ ᠣᠨᠣᠭᠠᠯᠲᠠ ᠰᠠᠢᠲᠠᠶ ᠨᠢᠭᠡ ᠪᠡᠷ ᠨᠢ ᠳᠦᠷᠢᠮᠵᠢᠭᠦᠯᠬᠦ ᠬᠡᠷᠡᠭᠲᠡᠢ᠃ ᠮᠥᠨ ᠪᠠᠰᠠ ᠡᠳᠦᠷ ᠳᠣᠳᠣᠮ ᠤ᠋ᠨ ᠬᠠᠷᠢᠯᠴᠠᠭᠠᠨ ᠳ᠋ᠤ᠌ ᠵᠠᠷᠢᠮ ᠣᠷᠣᠨ ᠨᠤᠲᠤᠭ᠂ ᠵᠠᠷᠢᠮ ᠬᠥᠮᠦᠨ ᠵᠢᠭᠡᠯᠡᠭᠡ ᠦᠭᠡ ᠶ᠋ᠢ ᠬᠡᠲᠦᠷᠡᠭᠦᠯᠵᠦ ᠪᠠᠢᠭ᠎ᠠ᠂ ᠬᠣᠯᠢᠮᠠᠭ ᠶᠠᠷᠢᠶ᠎ᠠ ᠪᠠᠷ ᠦᠯᠦ ᠮᠡᠳᠡᠭᠴᠢ ᠪᠣᠯᠤᠨ ᠶᠠᠷᠢᠵᠤ ᠥᠪᠡᠷ ᠦ᠋ᠨ ᠦᠨᠳᠦᠰᠦᠲᠡᠨ ᠦ᠌ ᠬᠡᠯᠡᠨ ᠳ᠋ᠡᠭᠡᠨ ᠶᠡᠷᠦ ᠤᠬᠠᠮᠰᠠᠷ ᠦᠭᠡᠢ᠂ ᠦᠯᠦ ᠬᠠᠷᠢᠭᠤᠴᠠᠬᠤ ᠣᠪᠣᠷ ᠠᠪᠴᠤ ᠪᠠᠢᠭ᠎ᠠ ᠦᠵᠡᠭᠳᠡᠯ ᠢ ᠠᠩᠬᠠᠷᠬᠤ ᠬᠡᠷᠡᠭᠲᠡᠢ᠃ ᠡᠭᠦᠨ ᠳ᠋ᠦ᠍ ᠵᠠᠷᠢᠮ ᠬᠣᠯᠢᠮᠠᠭ ᠵᠢᠭᠡᠯᠡᠭᠡ ᠦᠭᠡ ᠨᠢ ᠢᠨᠠᠭᠤᠬᠠᠨ ᠨᠠᠭᠠᠳᠤ ᠵᠠᠬ᠎ᠠ ᠶ᠋ᠢᠨ ᠬᠥᠮᠦᠨ ᠪᠦᠬᠦᠨ ᠦ᠌ ᠮᠡᠳᠡᠳᠡᠭ ᠦᠭᠡ ᠲᠡᠳᠦᠢ᠂ ᠡᠭᠦᠨ ᠢ ᠤᠬᠠᠮᠰᠠᠷᠲᠠᠢ ᠪᠠᠷ᠂ ᠢᠳᠡᠪᠬᠢᠲᠡᠢ ᠪᠡᠷ ᠲᠡᠪᠴᠢᠨ ᠳᠦᠷᠢᠮᠵᠢᠭᠦᠯᠬᠦ ᠳ᠋ᠦ᠍ ᠬᠦᠷᠪᠡᠯ ᠪᠡᠶᠡᠯᠡᠭᠳᠡᠵᠦ ᠪᠣᠯᠬᠤ ᠶᠤᠮ᠃ ᠡᠭᠦᠨ ᠳ᠋ᠦ᠍ ᠪᠢᠴᠢᠭ ᠦ᠋ᠨ ᠬᠡᠯᠡ᠂ ᠤᠳᠬ᠎ᠠ ᠵᠣᠬᠢᠶᠠᠯ ᠤᠨ ᠬᠡᠯᠡ ᠨᠢ ᠳᠦᠷᠢᠮᠵᠢᠯ ᠦ᠋ᠨ ᠦᠨᠳᠦᠰᠦᠯᠡᠯ ᠪᠣᠯᠤᠨ᠎ᠠ᠃ ᠡᠭᠦᠨ ᠦ᠌ ᠵᠡᠷᠭᠡ ᠪᠡᠷ ᠮᠠᠨ ᠤ᠋ ᠦᠨᠳᠦᠰᠦᠲᠡᠨ ᠦ᠌ ᠬᠡᠯᠡᠨ ᠳ᠋ᠦ᠍ ᠶᠡᠷᠦ ᠪᠠᠢᠭᠰᠠᠨ ᠦᠭᠡᠢ ᠵᠠᠷᠢᠮ ᠶᠠᠭᠤᠮ᠎ᠠ ᠦᠵᠡᠭᠳᠡᠯ᠂ ᠰᠢᠨ᠎ᠡ ᠶᠠᠭᠤᠮ᠎ᠠ ᠦᠵᠡᠭᠳᠡᠯ ᠢ᠋ ᠪᠠᠭᠲᠠᠭᠠᠭᠰᠠᠨ ᠵᠦᠢᠯ ᠳ᠋ᠦ᠍ ᠰᠢᠨ᠎ᠡ ᠨᠡᠷᠡᠢᠳᠦᠯ ᠬᠡᠯᠡᠯᠭᠡ ᠵᠣᠬᠢᠶᠠᠵᠤ ᠥᠭᠴᠦ ᠬᠡᠷᠡᠭᠯᠡᠭᠦᠯᠵᠦ ᠪᠣᠯᠤᠨ᠎ᠠ᠃ 
       ᠮᠠᠨ ᠤ᠋ ᠮᠣᠩᠭᠣᠯ ᠬᠡᠯᠡ ᠪᠣᠯ ᠲᠡᠦᠬᠡᠨ ᠡᠴᠡ ᠪᠡᠨ ᠪᠠᠶᠠᠯᠢᠭ ᠰᠠᠢᠬᠠᠨ ᠦᠭᠡ ᠶ᠋ᠢᠨ ᠰᠠᠩ ᠲᠠᠢ ᠬᠡᠯᠡ ᠶᠦᠮ᠃ᠭᠡᠲᠡᠯ᠎ᠡ ᠳᠡᠯᠡᠬᠡᠢ ᠶ᠋ᠢᠨ ᠬᠡᠪᠴᠢᠶᠡᠨ ᠦ᠌ ᠬᠠᠷᠢᠯᠴᠠᠭᠠᠨ ᠤ ᠥᠷᠭᠡᠵᠢᠭᠰᠡᠨ᠂ ᠰᠢᠨ᠎ᠡ ᠮᠡᠷᠭᠡᠵᠢᠯ ᠲᠧᠭᠨᠢᠭ ᠦ᠋ᠨ ᠬᠥᠭᠵᠢᠵᠦ ᠳᠡᠯᠭᠡᠷᠡᠵᠦ ᠪᠠᠢᠭ᠎ᠠ᠂ ᠮᠠᠨ ᠤ᠋ ᠠᠵᠤ ᠠᠮᠢᠳᠤᠷᠠᠯ ᠤ᠋ᠨ ᠣᠷᠴᠢᠨ ᠨᠥᠬᠥᠴᠡᠯ ᠥᠭᠡᠷᠡᠲᠦᠨ ᠳᠠᠪᠰᠢᠵᠤ ᠪᠠᠢᠭ᠎ᠠ ᠣᠯᠠᠨ ᠲᠠᠯ᠎ᠠ ᠶ᠋ᠢᠨ ᠨᠥᠬᠥᠴᠡᠯ ᠰᠢᠯᠲᠠᠭᠠᠨ ᠬᠢᠭᠡᠳ ᠣᠷᠴᠢᠨ ᠠᠬᠤᠢ ᠳ᠋ᠤ᠌ ᠵᠠᠷᠢᠮ ᠰᠢᠨ᠎ᠡ ᠵᠦᠢᠯᠡᠰ ᠪᠠ ᠦᠵᠡᠭᠳᠡᠯ ᠳ᠋ᠦ᠍ ᠰᠢᠨ᠎ᠡ ᠨᠡᠷ᠎ᠡ ᠲᠣᠮᠢᠶ᠎ᠠ ᠪᠠ ᠬᠡᠯᠡᠯᠭᠡ ᠵᠣᠬᠢᠶᠠᠵᠤ ᠬᠡᠯᠡ ᠪᠡᠨ ᠨᠡᠩ ᠰᠠᠢᠨ ᠢᠶᠠᠷ ᠪᠠᠶᠠᠯᠢᠭᠵᠢᠭᠤᠯᠵᠤ ᠲᠡᠭᠦᠯᠳᠡᠷᠵᠢᠭᠦᠯᠬᠦ ᠠᠵᠢᠯ ᠪᠢᠳᠡ ᠪᠦᠬᠦᠨ ᠦ᠌ ᠡᠮᠦᠨ᠎ᠡ ᠲᠤᠯᠭᠠᠷᠠᠵᠤ ᠪᠠᠢᠨ᠎ᠠ᠃ 
       ᠮᠣᠩᠭᠣᠯ ᠬᠡᠯᠡᠨ ᠦ᠌ ᠦᠭᠡ ᠶᠢᠨ ᠰᠠᠩ ᠢ᠋ᠶ᠋ᠠᠨ ᠪᠠᠶᠠᠯᠢᠭᠵᠢᠭᠤᠯᠬᠤ ᠳ᠋ᠤ᠌ ᠥᠪᠡᠷ ᠦ᠋ᠨ ᠬᠡᠯᠡᠨ ᠦ᠌ ᠪᠡᠨ ᠮᠠᠲ᠋ᠧᠷᠢᠶᠠᠯ ᠪᠠ ᠬᠡᠯᠡ ᠵᠦᠢ ᠶᠢᠨ ᠠᠷᠭ᠎ᠠ ᠪᠠᠷᠢᠯ ᠢ᠋ ᠠᠰᠢᠭᠯᠠᠵᠤ᠂ ᠰᠢᠨ᠎ᠡ ᠦᠭᠡ ᠰᠢᠨ᠎ᠡ ᠨᠡᠷ᠎ᠡ ᠲᠣᠮᠢᠶ᠎ᠠ ᠵᠣᠬᠢᠶᠠᠬᠤ ᠶᠠᠪᠤᠳᠠᠯ ᠣᠨᠴᠠ ᠴᠢᠬᠤᠯᠠ ᠲᠡᠷᠢᠭᠦᠨ ᠳᠡᠰ ᠦ᠋ᠨ ᠪᠠᠢᠷᠢ ᠶ᠋ᠢ ᠡᠵᠡᠯᠡᠨ᠎ᠡ᠃ 
       ᠨᠤᠲᠤᠭ ᠤ᠋ᠨ ᠠᠶᠠᠯᠭᠤ ᠡᠴᠡ ᠬᠡᠷᠡᠭᠴᠡᠬᠡ ᠪᠦᠬᠦᠢ ᠦᠭᠡ ᠶ᠋ᠢ ᠰᠣᠩᠭᠣᠨ ᠠᠪᠴᠤ ᠤᠳᠬ᠎ᠠ ᠵᠣᠬᠢᠶᠠᠯ ᠤ᠋ᠨ ᠬᠡᠯᠡᠨ ᠳ᠋ᠡᠭᠡᠨ ᠰᠢᠩᠭᠡᠭᠡᠨ ᠣᠷᠣᠭᠤᠯᠵᠤ ᠳᠡᠯᠭᠡᠷᠡᠭᠦᠯᠦᠨ ᠬᠡᠷᠡᠭᠯᠡᠵᠣ ᠦᠭᠡ ᠶᠢᠨ ᠰᠠᠩ ᠢ᠋ᠶ᠋ᠠᠨ ᠪᠠᠶᠠᠯᠢᠭᠵᠢᠭᠤᠯᠵᠤ ᠪᠣᠯᠤᠨ᠎ᠠ᠃ ᠲᠤᠬᠠᠢᠯᠠᠪᠠᠯ ᠠᠯᠠᠱᠠ ᠨᠤᠲᠤᠭ ᠤ᠋ᠨ ᠶᠠᠷᠢᠶᠠᠨ ᠳ᠋ᠤ᠌ ᠲᠡᠮᠡᠭᠡᠨ ᠳ᠋ᠦ᠍ ᠬᠣᠯᠪᠣᠭᠳᠠᠬᠤ ᠦᠭᠡᠰ ᠨᠡᠯᠢᠶᠡᠳ ᠪᠠᠶᠠᠯᠢᠭ᠂ ᠬᠣᠷᠴᠢᠨ ᠨᠤᠲᠤᠭ ᠲᠤ ᠲᠠᠷᠢᠶᠠᠯᠠᠩ ᠠᠵᠤ ᠠᠬᠤᠢ ᠳ᠋ᠤ᠌ ᠬᠣᠯᠪᠣᠭᠳᠠᠬᠤ ᠦᠭᠡᠰ ᠨᠡᠯᠢᠶᠡᠳ ᠪᠠᠶᠠᠯᠢᠭ᠂ ᠬᠢᠩᠭᠠᠨ ᠳᠠᠪᠠᠭᠠᠨ ᠤ᠋ ᠠᠭᠤᠯᠠᠷᠬᠠᠭ ᠣᠷᠣᠨ ᠳ᠋ᠤ᠌ ᠣᠢ ᠮᠣᠳᠣ᠂ ᠠᠩ ᠭᠥᠷᠦᠭᠡᠨ ᠳ᠋ᠦ᠍ ᠬᠣᠯᠪᠣᠭᠳᠠᠬᠤ ᠦᠭᠡᠰ ᠨᠡᠯᠢᠶᠡᠳ ᠪᠠᠶᠠᠯᠢᠭ᠂ ᠥᠷᠭᠡᠨ ᠣᠯᠠᠨ ᠮᠠᠯᠵᠢᠬᠤ ᠣᠷᠣᠨ ᠳ᠋ᠤ᠌ ᠮᠠᠯ ᠠᠵᠤ ᠠᠬᠤᠢ᠂ ᠠᠩ ᠭᠥᠷᠦᠭᠡᠨ ᠳ᠋ᠦ᠍ ᠬᠣᠯᠪᠣᠭᠳᠠᠬᠤ ᠦᠭᠡᠰ ᠡᠯᠪᠡᠭ ᠪᠠᠶᠠᠯᠢᠭ ᠪᠠᠢᠨ᠎ᠠ᠃ ᠨᠠᠨ ᠮᠡᠲᠦ ᠪᠡᠷ ᠥᠷᠭᠡᠨ ᠠᠭᠤᠳᠠᠮ ᠮᠣᠩᠭᠣᠯ ᠨᠤᠲᠤᠭ ᠤ᠋ᠨ ᠲᠤᠰ ᠪᠦᠷᠢ ᠶ᠋ᠢᠨ ᠠᠵᠤ ᠠᠮᠢᠳᠤᠷᠠᠯ ᠤ᠋ᠨ ᠣᠯᠠᠨ ᠲᠠᠯᠠᠲᠤ ᠥᠪᠡᠷᠮᠢᠴᠡ ᠣᠨᠴᠠᠯᠢᠭ ᠡᠴᠡ ᠪᠣᠯᠤᠭᠰᠠᠨ ᠥᠪᠡᠷᠮᠢᠴᠡ ᠪᠠᠢᠳᠠᠯ ᠢ᠋ ᠳᠤᠰᠬᠠᠭᠰᠠᠨ ᠪᠠᠶᠠᠯᠢᠭ ᠦᠭᠡ ᠬᠡᠯᠡᠯᠭᠡ ᠶ᠋ᠢ ᠠᠩᠬᠠᠷᠤᠯ ᠳ᠋ᠠᠭᠠᠨ ᠠᠪᠴᠤ ᠦᠭᠡ ᠶ᠋ᠢᠨ ᠰᠠᠩ ᠤ᠋ᠨ ᠴᠢᠬᠤᠯᠠ ᠡᠬᠢ ᠪᠤᠯᠠᠭ ᠢ᠋ᠶ᠋ᠠᠨ ᠪᠣᠯᠭᠠᠵᠤ ᠪᠣᠯᠬᠤ ᠶᠤᠮ᠃ 
       ᠡᠷᠲᠡᠨ ᠦ᠌ ᠬᠡᠯᠡᠨ ᠦ᠌ ᠦᠭᠡᠰ ᠦ᠋ᠨ ᠰᠠᠩ ᠤ᠋ᠨ ᠪᠤᠯᠠᠭᠳᠠᠴᠠ ᠡᠴᠡ ᠲᠡᠭᠦᠨ ᠦ᠌ ᠡᠬᠢ ᠪᠠᠶᠠᠯᠢᠭ ᠢ᠋ ᠨᠡᠭᠡᠭᠡᠨ ᠠᠰᠢᠭᠯᠠᠵᠤ ᠪᠣᠯᠤᠨ᠎ᠠ᠃ ᠲᠤᠬᠠᠢᠯᠠᠪᠠᠯ᠂《ᠬᠤᠸᠠ ᠢ ᠢ ᠢᠦᠢ》 ᠢᠳᠡᠭᠡᠨ ᠤᠮᠳᠠᠭᠠᠨ ᠤ᠋ ᠵᠦᠢᠯ ᠳ᠋ᠡᠬᠢ《ᠦᠳᠮᠭ(ᠬᠠᠭᠰᠠᠭᠠᠭᠰᠠᠨ ᠪᠣᠣᠪᠣ)᠂ ᠡᠰᠦᠭ(ᠬᠡᠭᠦᠠ ᠶ᠋ᠢᠨ ᠰᠦ)᠂ ᠰᠢᠷᠬᠡ(ᠼᠤᠤ)》 ᠵᠡᠷᠭᠡ ᠶ᠋ᠢ ᠵᠣᠬᠢᠬᠤ ᠬᠣᠯᠪᠣᠭᠠᠨ ᠤ᠋ ᠨᠡᠷ᠎ᠡ ᠪᠤᠶᠤ ᠪᠠᠭ᠎ᠠ ᠵᠡᠷᠭᠡ ᠬᠣᠪᠢᠷᠭᠠᠠ ᠬᠡᠷᠡᠭᠯᠡᠵᠣ ᠪᠣᠯᠤᠮᠠᠷ ᠮᠡᠲᠦ᠃ 
       ᠲᠥᠷᠥᠯ ᠬᠡᠯᠡᠨ ᠦ᠌ ᠦᠭᠡ ᠶ᠋ᠢᠨ ᠰᠠᠩ ᠡᠴᠡ ᠬᠡᠷᠡᠭᠴᠡᠭᠡ ᠲᠡᠢ ᠵᠠᠷᠢᠮ ᠦᠭᠡ ᠶ᠋ᠢ ᠪᠤᠴᠠᠭᠠᠨ ᠠᠪᠴᠤ ᠦᠭᠡᠰ ᠦ᠋ᠨ ᠰᠠᠩ ᠢ᠋ᠶ᠋ᠠᠨ  ᠪᠠᠶᠠᠯᠢᠭᠵᠢᠭᠤᠯᠵᠤ ᠪᠣᠯᠬᠤ ᠪᠠ ᠮᠥᠨ ᠢᠵᠠᠭᠤᠷ ᠬᠡᠯᠡᠨ ᠡᠴᠡ ᠴᠦ᠍ ᠵᠠᠷᠢᠮ ᠦᠭᠡ ᠶ᠋ᠢ ᠵᠢᠭᠡᠯᠡᠠ ᠬᠡᠷᠡᠭᠯᠡᠵᠣ ᠥᠪᠡᠷ ᠦ᠋ᠨ ᠦᠭᠡ ᠶ᠋ᠢᠨ ᠰᠠᠩ ᠢ᠋ᠶ᠋ᠠᠨ ᠪᠠᠶᠠᠯᠢᠭᠵᠢᠭᠤᠯᠵᠤ ᠪᠣᠯᠬᠤ ᠶᠤᠮ᠃ ᠲᠡᠷᠡᠴᠢᠯᠡᠨ ᠲᠥᠷᠥᠯ ᠢᠵᠠᠭᠤᠷ ᠤ᠋ᠨ ᠪᠤᠰᠤ ᠬᠠᠷᠢ ᠬᠡᠯᠡᠨ ᠡᠴᠡ ᠥᠪᠡᠷ ᠦ᠋ᠨ ᠬᠡᠷᠡᠭᠴᠡᠭᠡ ᠪᠦᠬᠦᠢ ᠵᠠᠷᠢᠮ ᠦᠭᠡᠰ ᠢ᠋ ᠵᠢᠭᠡᠯᠡᠨ ᠬᠡᠷᠡᠭᠯᠡᠵᠣ ᠪᠣᠯᠤᠨ᠎ᠠ᠃ ᠲᠡᠦᠬᠡᠨ ᠡᠴᠡ ᠠᠪᠤᠭᠠᠳ ᠬᠢᠲᠠᠳ᠂ ᠤᠢᠭᠤᠷ᠂ ᠲᠥᠪᠡᠳ᠂ ᠰᠠᠨᠠᠰᠺᠢᠷᠢᠲ᠂ ᠲᠦᠷᠺ᠂ ᠠᠷᠠᠪ᠂ ᠻᠷᠸᠭ᠂ ᠰᠣᠭᠳᠠ᠂ ᠣᠷᠣᠰ ᠵᠡᠷᠭᠡ ᠣᠯᠠᠨ ᠬᠡᠯᠡᠨ ᠡᠴᠡ ᠦᠭᠡ ᠵᠢᠭᠡᠯᠡᠵᠣ ᠪᠠᠢᠭᠰᠠᠨ ᠪᠠ ᠣᠷᠴᠢᠨ ᠴᠠᠭ ᠲᠤ ᠰᠣᠶᠣᠯ ᠰᠢᠨᠵᠢᠯᠡᠬᠦ ᠤᠬᠠᠭᠠᠨ᠂ ᠲᠸᠭᠨᠢᠭ ᠮᠡᠷᠭᠡᠵᠢᠯ ᠦ᠋ᠨ ᠰᠢᠨᠡᠳᠦᠨ ᠳᠠᠪᠰᠢᠬᠤ ᠶ᠋ᠢ ᠳᠠᠭᠠᠯᠳᠤᠵᠤ ᠠᠩᠭ᠌ᠯᠢ᠂ ᠣᠷᠣᠰ᠂ ᠯᠠᠲ᠋ᠢᠠ ᠵᠡᠷᠭᠡ ᠬᠡᠯᠡᠨ ᠡᠴᠡ ᠳᠡᠯᠡᠬᠡᠢ ᠨᠡᠢᠲᠡ ᠶᠢᠨ ᠴᠢᠨᠠᠷᠲᠠᠢ ᠪᠣᠯᠤᠭᠰᠠᠨ ᠵᠠᠷᠢᠮ ᠨᠡᠷ᠎ᠡ ᠬᠡᠯᠡᠯᠭᠡ ᠤᠯᠠᠮ ᠢ᠋ᠶ᠋ᠠᠷ ᠢᠯᠡᠭᠦᠦ ᠵᠢᠬᠡᠯᠡᠭᠳᠡᠵᠣ ᠪᠠᠢᠨ᠎ᠠ᠃ ᠨᠠᠨ ᠮᠡᠲᠦᠴᠢᠯᠡᠨ ᠥᠪᠡᠷ ᠦ᠋ᠨ ᠬᠡᠯᠡᠨ ᠡᠴᠡ ᠪᠡᠨ ᠡᠭᠦᠰᠬᠡᠨ ᠵᠣᠬᠢᠶᠠᠵᠤ ᠦᠯᠦ ᠴᠢᠳᠠᠬᠤ ᠵᠦᠢᠯ ᠢ᠋ ᠬᠠᠷᠢ ᠬᠡᠯᠡᠨ ᠡᠴᠡ ᠵᠢᠭᠡᠯᠡᠬᠦ ᠨᠢ ᠬᠡᠯᠡᠨ ᠦ᠌ ᠦᠭᠡ ᠶᠢᠨ ᠰᠠᠩ ᠤ᠋ᠨ ᠪᠠᠶᠠᠯᠢᠭᠵᠢᠯ ᠳ᠋ᠤ᠌ ᠢᠳᠡᠪᠬᠢᠲᠡᠢ ᠦᠢᠯᠡᠳᠦᠯ ᠲᠡᠢ ᠶᠦ᠍ᠮ᠃ ᠭᠡᠬᠦ ᠳ᠋ᠡᠭᠡᠨ ᠬᠠᠷᠢ ᠬᠡᠯᠡᠨ ᠡᠴᠡ ᠦᠭᠡ ᠵᠢᠭᠡᠯᠡᠬᠦ ᠳ᠋ᠡᠭᠡᠨ ᠬᠣᠷᠢᠭ᠎ᠠ ᠬᠢᠵᠠᠭᠠᠷ ᠲᠠᠢ ᠪᠠᠢᠯᠭᠠᠬᠤ ᠶᠠᠪᠤᠳᠠᠯ ᠢ᠋ ᠠᠩᠬᠠᠷᠬᠤ ᠬᠡᠷᠡᠭᠳᠠᠢ ᠶᠤᠮ᠃ 
       ᠭᠤᠷᠪᠠ ᠳ᠋ᠤ᠌᠂ ᠮᠣᠩᠭᠣᠯ ᠬᠡᠯᠡᠨ ᠦ᠌ ᠰᠣᠩᠭᠣᠳᠠᠭ ᠪᠢᠴᠢᠭ ᠦ᠋ᠨ ᠬᠡᠯᠡᠨ ᠳ᠋ᠦ᠍ ᠪᠢᠴᠢᠭᠳᠡᠭᠰᠠᠠ ᠵᠣᠬᠢᠶᠠᠯ ᠢ᠋ᠶ᠋ᠠᠷ ᠣᠷᠴᠢᠨ ᠴᠠᠭ ᠤ᠋ᠨ ᠮᠣᠩᠭᠣᠯ ᠬᠡᠯᠡᠨ ᠦ᠌ ᠬᠡᠯᠡ ᠵᠦᠢ ᠶ᠋ᠢᠨ ᠳᠦᠷᠢᠮᠵᠢᠯ ᠪᠠ ᠦᠯᠢᠭᠡᠷ ᠳᠠᠭᠤᠷᠢᠶᠠᠯ ᠢ᠋ᠶ᠋ᠠᠨ ᠪᠣᠯᠭᠠᠨ᠎ᠠ᠃ ᠮᠣᠩᠭᠣᠯ ᠪᠢᠴᠢᠭ ᠦ᠋ᠨ ᠬᠡᠯᠡ ᠨᠢ ᠤᠳᠠᠭᠠᠨ ᠣᠨ ᠤ᠋ ᠲᠡᠦᠬᠡᠨ ᠬᠥᠭᠵᠢᠯ ᠦ᠋ᠨ ᠶᠠᠪᠤᠴᠠ ᠳ᠋ᠤ᠌ ᠠᠷᠠᠳ ᠣᠯᠠᠨ ᠤ᠋ ᠶᠠᠷᠢᠶᠠᠨ ᠤ᠋ ᠳᠤᠮᠳᠠ ᠡᠴᠡ ᠣᠯᠠᠨ ᠦᠶ᠎ᠡ ᠶ᠋ᠢᠨ ᠪᠢᠴᠡᠭ ᠦ᠋ᠨ ᠬᠥᠮᠦᠰ ᠦ᠋ᠨ ᠭᠠᠷ ᠢ᠋ᠶ᠋ᠠᠷ ᠰᠢᠯᠢᠭᠳᠡᠠ ᠪᠣᠯᠪᠠᠰᠤᠷᠠᠭᠳᠠᠵᠤ ᠢᠷᠡᠭᠰᠠᠨ ᠤᠴᠢᠷ᠂ ᠬᠡᠯᠡ ᠵᠦᠢ ᠶ᠋ᠢᠨ ᠲᠠᠯ᠎ᠠ ᠪᠠᠷ ᠨᠡᠯᠢᠶᠡᠳ ᠵᠦᠢᠯ ᠨᠢ ᠲᠣᠭᠲᠠᠪᠤᠷᠢᠲᠠᠢ ᠳᠦᠷᠢᠮᠵᠢᠯ ᠦ᠋ᠨ ᠬᠠᠨᠳᠤᠰᠢ ᠲᠠᠢ ᠪᠣᠯᠵᠤ ᠢᠷᠡᠵᠡᠢ᠃ ᠡᠨᠡ ᠨᠢ ᠣᠷᠴᠢᠨ ᠴᠠᠭ ᠤ᠋ᠨ ᠮᠣᠩᠭᠣᠯ ᠬᠡᠯᠡᠨ ᠦ᠌ ᠬᠡᠯᠡ ᠵᠦᠢ ᠶ᠋ᠢᠨ ᠳᠦᠷᠢᠮᠵᠢᠯ ᠦ᠋ᠨ ᠬᠠᠨᠳᠤᠰᠢ ᠲᠠᠢ ᠪᠣᠯᠵᠤ ᠢᠷᠡᠵᠡᠢ᠃ ᠡᠨᠡ ᠨᠢ ᠣᠷᠴᠢᠨ ᠴᠠᠭ ᠤ᠋ᠨ ᠮᠣᠩᠭᠣᠯ ᠬᠡᠯᠡᠨ ᠦ᠌ ᠬᠡᠯᠡ ᠵᠦᠢ ᠶ᠋ᠢᠨ ᠳᠦᠷᠢᠮᠵᠢᠯ ᠦ᠋ᠨ ᠦᠨᠳᠦᠰᠦ ᠰᠠᠭᠤᠷᠢ ᠪᠣᠯᠤᠨ᠎ᠠ᠃ ᠨᠥᠭᠦᠭᠡ ᠲᠠᠯ᠎ᠠ ᠪᠠᠷ ᠮᠣᠩᠭᠣᠯ ᠬᠡᠯᠡᠨ ᠳ᠋ᠦ᠍ ᠨᠤᠲᠤᠭ ᠤ᠋ᠨ ᠠᠶᠠᠯᠭᠤ᠂ ᠠᠮᠠᠨ ᠠᠶᠠᠯᠭᠤᠨ ᠤ᠋ ᠵᠥᠷᠢᠶ᠎ᠡ ᠣᠷᠣᠰᠢᠵᠤ ᠪᠠᠢᠭ᠎ᠠ ᠪᠣᠯᠪᠠᠴᠤ ᠪᠢᠴᠡᠭ ᠦ᠋ᠨ ᠬᠡᠯᠡᠨ ᠦ᠌ ᠲᠠᠯ᠎ᠠ ᠪᠠᠷ ᠢ᠋ᠶ᠋ᠠᠨ ᠬᠠᠷᠢᠨ ᠨᠡᠯᠢᠶᠡᠳ ᠨᠢᠭᠡᠳᠦᠯᠲᠡᠢ ᠵᠦᠢᠯ ᠪᠣᠯᠤᠭᠰᠠᠨ ᠶᠠᠪᠤᠳᠠᠯ ᠨᠢ ᠮᠠᠨ ᠤ᠋ ᠳᠦᠷᠢᠮᠵᠢᠯ ᠳ᠋ᠦ᠍ ᠠᠰᠢᠭᠲᠠᠢ ᠦᠨᠳᠦᠰᠦᠯᠡᠯ ᠪᠣᠯᠵᠤ ᠪᠠᠢᠨ᠎ᠠ᠃ 
       ᠶᠡᠷᠦ ᠶ᠋ᠢᠨ ᠪᠠᠢᠳᠠᠯ ᠳ᠋ᠤ᠌᠂ ᠬᠡᠯᠡ ᠵᠦᠢ ᠶ᠋ᠢᠨ ᠲᠠᠯ᠎ᠠ ᠪᠠᠷ ᠲᠦᠭᠡᠮᠡᠯ ᠴᠢᠨᠠᠷᠲᠠᠢ᠂ ᠪᠣᠯᠤᠰᠣᠷᠠᠯ ᠬᠠᠳᠠᠭᠠᠬᠳᠠᠯᠳᠠ ᠴᠢᠩᠭ᠎ᠠ ᠪᠣᠯᠬᠤ ᠰᠢᠯᠢᠳᠡᠭ ᠰᠠᠢᠨ ᠵᠣᠬᠢᠶᠠᠯ ᠤ᠋ᠳ ᠨᠢ ᠬᠡᠯᠡᠨ ᠦ᠌ ᠳᠦᠷᠢᠮᠵᠢᠯ ᠦ᠋ᠨ ᠭᠣᠣᠯ ᠪᠣᠯᠬᠤ ᠦᠯᠢᠭᠡᠷ ᠵᠢᠰᠢᠭ᠂ ᠳᠠᠭᠤᠷᠢᠶᠠᠯ ᠵᠠᠭᠪᠤᠷ ᠪᠣᠯᠤᠨ᠎ᠠ᠃ ᠭᠡᠲᠡᠯ᠎ᠡ ᠦᠭᠡ ᠬᠡᠯᠡᠯᠭᠡ ᠠᠪᠴᠠᠯᠳᠣᠩᠭᠡᠭᠣᠢ ᠪᠤᠰᠤ᠂ ᠥᠭᠦᠯᠡᠪᠦᠷᠢ ᠵᠣᠬᠢᠶᠠᠮᠵᠢ ᠨᠡᠢᠴᠡᠪᠦᠷᠢ ᠮᠠᠭᠤᠲᠠᠢ᠂ ᠬᠡᠯᠡ ᠨᠠᠢᠷᠠᠭᠤᠯᠭ᠎ᠠ ᠬᠠᠵᠠᠭᠠᠢ ᠪᠤᠷᠤᠭᠤ ᠪᠠ ᠬᠡᠯᠡ ᠵᠦᠢ ᠶ᠋ᠢᠨ ᠠᠷᠭ᠎ᠠ ᠪᠠᠷᠢᠯ ᠤ᠋ᠨ ᠲᠠᠯ᠎ᠠ ᠪᠠᠷ ᠬᠡᠯᠡᠨ ᠦ᠌ ᠳᠦᠷᠢᠮᠵᠢᠯ ᠳ᠋ᠦ᠍ ᠦᠯᠦ ᠲᠣᠬᠢᠷᠠᠬᠤ ᠨᠠᠵᠠᠭᠠᠢ ᠵᠦᠢᠯ᠂ ᠳᠦᠷᠢᠮᠵᠢᠯ ᠦ᠋ᠨ ᠦᠯᠢᠭᠡᠷ ᠳᠠᠭᠤᠷᠢᠶᠠᠯ ᠪᠣᠯᠵᠤ ᠪᠣᠯᠬᠤ ᠦᠭᠡᠢ᠃ 
       ᠬᠡᠲᠦᠷᠬᠡᠢ ᠢᠪᠴᠤᠤ ᠬᠦᠷᠢᠶᠡᠨ ᠳ᠋ᠦ᠍ ᠬᠡᠷᠡᠭᠯᠡᠳᠡᠭ ᠬᠡᠯᠡ ᠵᠦᠢ ᠶ᠋ᠢᠨ ᠣᠨᠴᠠᠭᠠᠢ ᠵᠦᠢᠯ ᠢ᠋ ᠣᠳᠬ᠎ᠡ ᠵᠣᠬᠢᠶᠠᠯ ᠤ᠋ᠨ ᠬᠡᠯᠡᠨ ᠳ᠋ᠦ᠍ ᠬᠥᠩᠭᠡᠨ ᠬᠠᠭᠤᠳᠠᠮ ᠢ᠋ᠶ᠋ᠠᠷ ᠣᠷᠣᠭᠤᠯᠵᠤ ᠪᠣᠯᠬᠤ ᠦᠭᠡᠢ᠃ ᠭᠡᠪᠡᠴᠦ ᠬᠡᠯᠡᠨ ᠦ᠌ ᠬᠥᠭᠵᠢᠯ ᠬᠤᠪᠢᠷᠠᠯ ᠤ᠋ᠨ ᠵᠢᠮ᠎ᠡ ᠬᠠᠤᠯᠢ ᠳ᠋ᠤ᠌ ᠵᠣᠬᠢᠴᠠᠭᠤᠯᠵᠤ ᠬᠡᠯᠡ ᠵᠦᠢ ᠶ᠋ᠢᠨ ᠵᠠᠷᠢᠮ ᠬᠡᠷᠡᠭᠴᠡᠭᠡ ᠪᠦᠬᠦᠢ ᠬᠡᠯᠪᠡᠷᠢ ᠶ᠋ᠢ ᠵᠠᠷᠢᠮ ᠠᠶᠯᠭᠠᠣ ᠨᠤᠭᠤᠳ ᠡᠴᠡ ᠬᠦᠯᠢᠶᠡᠨ ᠠᠪᠴᠤ ᠰᠢᠩᠭᠡᠭᠡᠨ ᠬᠡᠷᠡᠭᠵᠢᠭᠦᠯᠵᠣ᠂ ᠬᠡᠯᠡᠨ ᠦ᠌ ᠢᠯᠡᠳᠬᠡᠮᠵᠢ ᠪᠡᠨ ᠲᠡᠭᠦᠯᠳᠡᠷᠵᠢᠭᠦᠯᠵᠦ ᠪᠣᠯᠬᠤ ᠶᠤᠮ᠃ ᠡᠢᠮᠦ ᠡᠴᠡ ᠰᠣᠩᠭᠣᠳᠠᠭ ᠪᠢᠴᠢᠭ ᠦ᠋ᠨ ᠬᠡᠯᠡ ᠳᠡᠭᠡᠷ᠎ᠡ ᠪᠢᠴᠢᠭᠳᠡᠭᠰᠡᠠ ᠵᠣᠬᠢᠶᠠᠯ ᠢ᠋ᠶ᠋ᠠᠷ ᠬᠡᠯᠡ ᠵᠦᠢ ᠶ᠋ᠢᠨ ᠳᠦᠷᠢᠮᠵᠢᠯ ᠦ᠋ᠨ ᠦᠯᠢᠭᠡᠷ ᠳᠠᠭᠤᠷᠢᠶᠠᠯ ᠪᠣᠯᠭᠠᠬᠤ ᠨᠢ ᠣᠷᠴᠢᠨ ᠴᠠᠭ ᠤ᠋ᠨ ᠮᠣᠩᠭᠣᠯ ᠤᠳᠬ᠎ᠠ ᠵᠣᠬᠢᠶᠠᠯ ᠤ᠋ᠨ ᠬᠡᠯᠡᠨ ᠦ᠌ ᠭᠣᠣᠯ ᠰᠢᠨᠵᠢ᠂ ᠲᠦᠭᠡᠮᠡᠯ ᠴᠢᠨᠠᠷ ᠢ᠋ ᠬᠠᠳᠠᠭᠠᠯᠠᠭᠰᠠᠨ ᠳᠤᠮᠳᠠᠳᠤ ᠠᠶᠠᠯᠭᠤ ᠪᠠᠷ ᠰᠠᠭᠤᠷᠢ ᠪᠣᠯᠭᠠᠬᠤ ᠶᠠᠪᠤᠳᠠᠯ ᠲᠠᠢ ᠪᠦᠷᠢᠨ ᠨᠢᠭᠡᠳᠴᠦ ᠪᠠᠢᠭ᠎ᠠ ᠶᠤᠮ᠃  
       ᠣᠷᠴᠢᠨ ᠴᠠᠭ ᠤ᠋ᠨ ᠮᠣᠩᠭᠣᠯ ᠬᠡᠯᠡᠨ ᠦ᠌ ᠳᠦᠷᠢᠮᠵᠢᠯ ᠨᠢ ᠡᠮᠦᠨ᠎ᠡ ᠳᠤᠷᠠᠳᠤᠭᠰᠠᠨ ᠠᠪᠢᠶ᠎ᠠ᠂ ᠦᠭᠡ ᠶ᠋ᠢᠨ ᠰᠠᠩ᠂ ᠬᠡᠯᠡ ᠵᠦᠢ ᠶ᠋ᠢᠨ ᠲᠠᠯ᠎ᠠ ᠪᠠᠷ ᠬᠢ ᠳᠦᠷᠢᠮᠵᠢᠯ ᠡᠴᠡ ᠭᠠᠳᠠᠨ᠎ᠠ᠂ ᠪᠠᠰᠠ ᠵᠥᠪ ᠪᠢᠴᠢᠯᠭᠡ ᠶ᠋ᠢᠨ ᠲᠠᠯ᠎ᠠ ᠶ᠋ᠢᠨ ᠳᠦᠷᠢᠮᠵᠢᠯ ᠪᠠᠢᠬᠤ ᠬᠡᠷᠡᠭᠲᠡᠢ᠃ ᠡᠭᠦᠨ ᠳ᠋ᠦ᠍ ᠵᠥᠪ ᠪᠢᠴᠢᠯᠭᠡ ᠶ᠋ᠢᠨ ᠳᠦᠷᠢᠮᠵᠢᠯ ᠦ᠋ᠨ ᠰᠤᠳᠤᠯᠭᠠᠨ ᠨᠡᠯᠢᠶᠡᠳ ᠤᠷᠤᠭᠰᠢᠲᠠᠢ ᠪᠣᠯᠵᠤ᠂ ᠲᠣᠯᠢ ᠪᠢᠴᠢᠭ ᠦ᠋ᠨ ᠦᠨᠳᠦᠰᠦᠯᠡᠯ ᠲᠡᠢ ᠪᠣᠯᠤᠭᠰᠠᠨ ᠪᠣᠯᠪᠠᠴᠤ᠂ ᠡᠨᠡ ᠬᠦ᠌ ᠳᠦᠷᠢᠮᠵᠢᠯ ᠦ᠋ᠨ ᠠᠵᠢᠯ ᠨᠢᠭᠡᠨᠲᠡ ᠳᠠᠭᠤᠰᠤᠭᠰᠠᠨ ᠭᠡᠵᠦ ᠬᠡᠯᠡᠵᠦ ᠪᠣᠯᠬᠤ ᠦᠭᠡᠢ᠃ ᠵᠥᠪ ᠪᠢᠴᠢᠯᠭᠡ ᠳ᠋ᠦ᠍ ᠬᠠᠶᠠ ᠣᠷᠣᠰᠢᠵᠤ ᠪᠠᠢᠭ᠎ᠠ ᠵᠣᠬᠢᠶᠠᠯ ᠮᠠᠭᠤᠲᠠᠢ ᠵᠦᠢᠯ ᠢ᠋ ᠴᠠᠭᠠᠰᠢᠳᠠ ᠦᠷᠭᠦᠯᠵᠢ ᠰᠤᠳᠤᠯᠤᠨ ᠪᠣᠯᠪᠠᠰᠤᠷᠠᠭᠤᠯᠵᠤ ᠰᠢᠭᠰᠢᠨ ᠰᠠᠢᠵᠢᠷᠠᠭᠤᠯᠵᠤ ᠪᠠᠢᠬᠤ ᠬᠡᠷᠡᠭᠲᠡᠢ ᠪᠢᠯᠡ᠃ 
       ᠣᠷᠴᠢᠨ ᠴᠠᠭ ᠤ᠋ᠨ ᠮᠣᠩᠭᠣᠯ ᠬᠡᠯᠡ ᠪᠡᠨ ᠳᠦᠷᠢᠮᠵᠢᠭᠦᠯᠦᠨ ᠪᠠᠷᠢᠮᠵᠢᠶᠠᠯᠠᠬᠤ ᠨᠢ ᠮᠣᠩᠭᠣᠯ ᠬᠡᠯᠡᠨ ᠦ᠌ ᠪᠡᠨ ᠴᠡᠪᠡᠷ ᠴᠡᠭᠴᠡ ᠪᠦᠬᠦᠢ ᠤᠳᠬ᠎ᠠ ᠵᠣᠬᠢᠶᠠᠯ ᠤ᠋ᠨ ᠬᠡᠯᠡ ᠶ᠋ᠢ ᠪᠣᠢ ᠪᠣᠯᠭᠠᠬᠤ ᠵᠣᠷᠢᠯᠭ᠎ᠠ ᠪᠣᠯᠤᠨ᠎ᠠ᠃ ᠳᠦᠷᠢᠮᠵᠢᠯ ᠬᠥᠭᠵᠢᠯ ᠦ᠋ᠨ ᠠᠯᠬᠤᠴᠠ ᠪᠣᠯ ᠢᠳᠡᠭ ᠢᠳᠡᠭ ᠢ᠋ᠶ᠋ᠡᠷ ᠲᠡᠭᠦᠯᠳᠡᠷᠵᠢᠨ ᠪᠣᠯᠪᠠᠰᠤᠷᠠᠬᠤ ᠶᠠᠪᠤᠴᠠ ᠤᠴᠢᠷ᠂ ᠡᠭᠦᠨ ᠳ᠋ᠦ᠍ ᠪᠢᠳᠡ ᠢᠳᠡᠪᠬᠢᠲᠡᠢ ᠬᠦᠯᠢᠴᠡᠩᠭᠦᠢ ᠣᠪᠣᠷ ᠢ᠋ᠶ᠋ᠠᠷ ᠬᠠᠨᠳᠤᠬᠤ ᠬᠡᠷᠡᠭᠲᠡᠢ᠃ ᠳᠦᠷᠢᠮᠵᠢᠯ ᠦ᠋ᠨ ᠠᠵᠢᠯ ᠪᠣᠯ ᠪᠦᠬᠦ ᠦᠨᠳᠦᠰᠦᠲᠡᠨ ᠬᠡᠯᠡᠳᠠᠳ ᠤ᠋ᠨ ᠡᠭᠦᠷᠭᠡ ᠬᠠᠷᠢᠭᠤᠴᠠᠯᠭ᠎ᠠ ᠲᠤᠯᠠ᠂ ᠡᠭᠦᠨ ᠳ᠋ᠦ᠍ ᠪᠢᠳᠡ ᠨᠡᠢᠲᠡ ᠨᠡᠢᠭᠡᠮ ᠦ᠋ᠨ ᠥᠨᠳᠥᠷ ᠲᠦᠪᠰᠢᠨ ᠡᠴᠡ ᠣᠴᠢᠵᠤ ᠤᠬᠠᠮᠰᠠᠷᠲᠠᠢ ᠪᠠᠷ ᠪᠡᠶᠡᠯᠡᠭᠦᠯᠬᠦ ᠬᠡᠷᠡᠭᠲᠡᠢ᠃ 
       ᠶᠡᠷᠦᠩᠬᠡᠢ ᠳ᠋ᠦ᠍ᠨᠢ ᠬᠡᠯᠡᠪᠡᠯ᠂ ᠣᠷᠴᠢᠨ ᠴᠠᠭ ᠤ᠋ᠨ ᠮᠣᠩᠭᠣᠯ ᠬᠡᠯᠡᠨ ᠦ᠌ ᠳᠦᠷᠢᠮᠵᠢᠯ ᠦ᠋ᠨ ᠦᠨᠳᠦᠰᠦᠨ ᠵᠠᠷᠴᠢᠮ᠂ ᠠᠷᠭ᠎ᠠ ᠨᠢᠭᠡᠨᠲᠡ ᠲᠥᠯᠥᠪᠰᠢᠨ ᠰᠢᠢᠳᠪᠦᠷᠢᠯᠡᠭᠳᠡᠵᠡᠢ᠃ ᠳᠦᠷᠢᠮᠵᠢᠯ ᠦ᠋ᠨ ᠥᠩᠭᠡᠷᠡᠭᠰᠡᠨ ᠦ᠌ ᠲᠤᠷᠰᠢᠯᠭ᠎ᠠ ᠰᠤᠷᠭᠠᠮᠵᠢ ᠬᠢᠭᠡᠳ ᠪᠤᠰᠤᠳ ᠦᠨᠳᠦᠰᠦᠲᠡᠨ ᠦ᠌ ᠳᠦᠷᠢᠮᠵᠢᠯ ᠦ᠋ᠨ ᠪᠠᠶᠡᠯᠠᠯᠳᠠ ᠠ᠋ᠴᠠ ᠦᠵᠡᠪᠡᠯ᠂ ᠡᠭᠦᠨ ᠢ᠋ ᠵᠣᠭᠰᠣᠯᠲᠠ ᠴᠢᠩᠭ᠎ᠠ᠂ ᠬᠠᠷᠠᠯᠲᠠ ᠨᠢᠭᠡᠲᠡᠢ᠂ ᠭᠤᠢᠪᠢᠰᠢ ᠦᠭᠡᠢ ᠪᠡᠷ ᠬᠡᠷᠡᠭᠵᠢᠭᠦᠯᠦᠨ ᠪᠡᠶᠡᠯᠡᠭᠦᠯᠬᠦ ᠨᠢ ᠵᠦᠢᠲᠡᠢ᠃ ᠡᠨᠡ ᠲᠤᠢᠯ ᠠ᠋ᠴᠠ ᠲᠡᠷᠡ ᠲᠤᠢᠯ ᠳ᠋ᠤ᠌ ᠬᠡᠯᠪᠡᠢᠵᠦ ᠥᠩᠭᠡᠷᠡᠭᠰᠡᠨ ᠦ᠌ ᠠᠮᠵᠢᠯᠲᠠ ᠪᠦᠲᠦᠭᠡᠯ ᠢ᠋ᠶ᠋ᠡᠨ ᠨᠢᠭᠡ ᠴᠠᠭ ᠢ᠋ᠶ᠋ᠠᠷ ᠦᠭᠡᠢᠰᠬᠡᠵᠦ ᠪᠣᠯᠬᠤ ᠦᠭᠡᠢ᠃ ᠣᠳᠣᠬᠠᠨ ᠤ᠋ ᠡᠭᠦᠷᠭᠡ ᠭᠡᠪᠡᠯ᠂ ᠳᠦᠷᠢᠮᠵᠢᠯ ᠦ᠋ᠨ ᠵᠠᠷᠴᠢᠮ᠂ ᠠᠷᠭ᠎ᠠ ᠪᠠᠨ ᠰᠤᠳᠤᠯᠤᠨ ᠨᠠᠷᠢᠰᠬᠠᠵᠤ᠂  ᠲᠡᠭᠦᠯᠳᠡᠷᠵᠢᠭᠦᠯᠦᠨ ᠪᠣᠯᠪᠠᠰᠤᠷᠠᠭᠤᠯᠬᠤ ᠶ᠋ᠢᠨ ᠳᠠᠭᠠᠤ ᠳᠦᠷᠢᠮᠵᠢᠯ ᠦ᠋ᠨ ᠠᠭᠤᠯᠭ᠎ᠠ ᠪᠠᠨ ᠨᠡᠩ ᠥᠷᠭᠡᠨ ᠬᠡᠪᠴᠢᠶᠡᠨ ᠳ᠋ᠦ᠍ ᠳᠡᠯᠭᠡᠷᠡᠭᠦᠯᠦᠨ ᠲᠦᠭᠡᠮᠡᠯᠵᠢᠭᠦᠯᠬᠦ ᠶᠠᠪᠤᠳᠠᠯ ᠳ᠋ᠤ᠌ ᠬᠦᠴᠦ ᠲᠠᠯᠪᠢᠵᠤ ᠪᠣᠯᠤᠨ᠎ᠠ᠃ 
       ᠬᠡᠯᠡᠨ ᠦ᠌ ᠳᠦᠷᠢᠮᠵᠢᠯ ᠪᠣᠯ ᠬᠡᠯᠡ ᠪᠢᠴᠢᠭ ᠦ᠋ᠨ ᠠᠵᠢᠯᠲᠠᠨ ᠢ᠋ ᠪᠠᠭᠲᠠᠭᠠᠭᠰᠠᠨ ᠬᠡᠯᠡ ᠪᠡᠨ ᠬᠡᠷᠡᠭᠯᠡᠭᠴᠢ ᠨᠡᠢᠲᠡ ᠣᠯᠠᠨ ᠤ᠋ ᠠᠵᠢᠯᠯᠠᠭ᠎ᠠ ᠶᠤᠮ᠂ ᠭᠡᠬᠦ ᠳ᠋ᠡᠭᠡᠨ ᠨᠡᠩ ᠴᠢᠬᠤᠯᠠ ᠨᠢ ᠨᠠᠮ ᠤ᠋ᠨ ᠦᠨᠳᠦᠰᠦᠲᠡᠨ ᠦ᠌ ᠲᠥᠷᠥ ᠶ᠋ᠢᠨ ᠪᠣᠳᠣᠯᠭ᠎ᠠ ᠪᠠ ᠬᠡᠯᠡ ᠦᠰᠦᠭ ᠪᠢᠴᠢᠭ ᠦ᠋ᠨ ᠲᠥᠷᠥ ᠶ᠋ᠢᠨ ᠪᠣᠳᠣᠯᠭ᠎ᠠ ᠠ᠋ᠴᠠ ᠮᠠᠨ ᠳ᠋ᠤ᠌ ᠲᠠᠭᠠᠯᠭᠠᠭᠰᠠᠨ ᠡᠷᠬᠢᠮ ᠬᠦᠨᠳᠦ ᠡᠭᠦᠷᠭᠡ ᠬᠠᠷᠢᠭᠤᠴᠠᠯᠭ᠎ᠠ ᠶᠤᠮ᠃ ᠣᠷᠴᠢᠨ ᠴᠠᠭ ᠤ᠋ᠨ ᠮᠣᠩᠭᠣᠯ ᠬᠡᠯᠡᠨ ᠦ᠌ ᠳᠦᠷᠢᠮᠵᠢᠯ ᠦ᠋ᠨ ᠴᠢᠬᠤᠯᠠ ᠴᠢᠬᠤᠯᠠ ᠠᠭᠤᠯᠭ᠎ᠠ᠂ ᠬᠡᠳᠦ ᠬᠡᠳᠦᠨ ᠲᠣᠮᠣ ᠲᠣᠮᠣ ᠠᠰᠠᠭᠤᠳᠠᠯ ᠢ᠋ᠶ᠋ᠠᠷ ᠨᠢᠭᠡᠨᠲᠡ ᠲᠣᠭᠲᠠᠭᠠᠯ ᠭᠠᠷᠭᠠᠵᠤ ᠵᠠᠰᠠᠭ ᠲᠥᠷᠥ ᠶ᠋ᠢᠨ ᠲᠠᠯ᠎ᠠ ᠠ᠋ᠴᠠ ᠮᠡᠳᠡᠭᠳᠡᠯ ᠭᠠᠷᠭᠠᠭᠰᠠᠨ ᠶᠠᠪᠤᠳᠠᠯ ᠪᠣᠯ ᠡᠨᠡ ᠲᠠᠯ᠎ᠠ ᠪᠠᠷ ᠳᠦᠷᠢᠮᠵᠢᠯ ᠨᠢ ᠨᠢᠭᠡᠨᠲᠡ ᠲᠥᠷᠥ ᠵᠠᠰᠠᠭ ᠤ᠋ᠨ ᠠᠵᠢᠯᠯᠠᠭ᠎ᠠ ᠪᠣᠯᠵᠤ ᠳᠡᠭᠡᠭᠰᠢᠯᠡᠭᠰᠡᠨ ᠢ᠋ ᠬᠠᠷᠠᠭᠤᠯᠵᠤ ᠪᠠᠢᠨ᠎ᠠ᠃ ᠡᠢᠮᠦ ᠡᠴᠡ ᠮᠣᠩᠭᠣᠯ ᠬᠡᠯᠡᠨ ᠦ᠌ ᠳᠦᠷᠢᠮᠵᠢᠯ ᠨᠢ ᠮᠠᠨ ᠤ᠋ ᠤᠯᠤᠰ ᠤ᠋ᠨ ᠨᠡᠢᠭᠡᠮ ᠵᠢᠷᠤᠮᠲᠤ ᠪᠦᠲᠦᠭᠡᠨ ᠪᠠᠢᠭᠤᠯᠤᠯᠲᠠ ᠶ᠋ᠢᠨ ᠠᠯᠤᠰ ᠤ᠋ᠨ ᠬᠠᠷᠠᠯᠲᠠ ᠳ᠋ᠤ᠌ ᠵᠣᠬᠢᠴᠠᠭᠰᠠᠨ ᠪᠠᠢᠭ᠎ᠠ ᠶ᠋ᠢ ᠪᠠᠲᠤᠲᠠᠢ ᠨᠤᠲᠠᠯᠠᠨ ᠦᠵᠡᠭᠦᠯᠵᠦ ᠪᠠᠢᠨ᠎ᠠ᠃ 
       ᠣᠷᠴᠢᠨ ᠴᠠᠭ ᠤ᠋ᠨ ᠮᠣᠩᠭᠣᠯ ᠬᠡᠯᠡᠨ ᠦ᠌ ᠳᠦᠷᠢᠮᠵᠢᠯ ᠦ᠋ᠨ ᠠᠯᠤᠰ ᠢᠷᠡᠭᠡᠳᠦᠢ ᠶ᠋ᠢᠨ ᠠᠴᠢ ᠬᠣᠯᠪᠣᠭᠳᠠᠯ ᠨᠢ ᠬᠡᠮᠵᠢᠶᠡᠯᠡᠰᠢ ᠦᠭᠡᠢ ᠠᠤᠭ᠎ᠠ ᠶᠡᠬᠡ ᠶᠦᠮ᠃ ᠡᠭᠦᠨ ᠳ᠋ᠦ᠍᠂ ᠲᠡᠭᠦᠨ ᠢ᠋ ᠳᠣᠣᠷᠠᠬᠢ ᠮᠡᠲᠦ ᠪᠡᠷ ᠬᠤᠷᠢᠶᠠᠩᠭᠤᠢᠯᠠᠨ ᠦᠵᠡᠭᠦᠯᠵᠦ ᠪᠣᠯᠤᠨ᠎ᠠ: 
      1. ᠣᠷᠴᠢᠨ ᠴᠠᠭ ᠤ᠋ᠨ ᠮᠣᠩᠭᠣᠯ ᠤᠳᠬ᠎ᠠ ᠵᠣᠬᠢᠶᠠᠯ ᠤ᠋ᠨ ᠬᠡᠯᠡᠨ ᠦ᠌ ᠪᠦᠲᠦᠴᠡ ᠪᠠ ᠠᠭᠤᠯᠭ᠎ᠠ ᠨᠢ ᠤᠯᠠᠮ ᠢ᠋ᠶ᠋ᠠᠷ ᠰᠢᠨᠵᠢᠯᠡᠬᠦ ᠤᠬᠠᠭᠠᠨᠴᠢ ᠪᠣᠯᠵᠤ ᠰᠢᠰᠲ᠋ᠧᠮᠵᠢᠵᠦ ᠴᠢᠳᠠᠨ᠎ᠠ᠂ ᠡᠢᠨ ᠬᠦ᠌ ᠲᠡᠷᠡ ᠨᠢ ᠤᠯᠠᠮ ᠰᠠᠢᠨ ᠢ᠋ᠶ᠋ᠠᠷ ᠣᠨᠣᠯᠵᠢᠭᠤᠨ ᠵᠦᠢᠯ ᠪᠣᠯᠬᠤ ᠪᠣᠯᠤᠨ᠎ᠠ᠃ 
      2. ᠣᠷᠴᠢᠨ ᠴᠠᠭ ᠤ᠋ᠨ ᠮᠣᠩᠭᠣᠯ ᠤᠳᠬ᠎ᠠ ᠵᠣᠬᠢᠶᠠᠯ ᠤ᠋ᠨ ᠬᠡᠯᠡᠨ ᠦ᠌ ᠢᠯᠡᠳᠬᠡᠮᠵᠢ ᠨᠢ ᠤᠯᠠᠮ ᠢ᠋ᠶ᠋ᠠᠷ ᠬᠠᠪᠤ ᠣᠨᠣᠪᠴᠢᠲᠠᠢ᠂ ᠢᠯᠭᠤᠮ ᠲᠣᠳᠣ ᠪᠠ ᠤᠷᠠᠨ ᠠᠮᠢᠳᠤᠯᠢᠭ ᠪᠣᠯᠵᠤ ᠴᠢᠳᠠᠨ᠎ᠠ᠂ ᠡᠢᠨ ᠬᠦ᠌ ᠲᠡᠷᠡ ᠨᠢ ᠤᠯᠠᠮ ᠴᠢᠳᠠᠮᠠᠭᠠᠢ ᠪᠠᠷ ᠮᠣᠩᠭᠣᠯᠴᠤᠳ ᠤ᠋ᠨ ᠠᠮᠢᠳᠤᠷᠠᠯ ᠠᠬᠤᠢ ᠪᠠ ᠣᠳᠣᠬᠢᠴᠢᠯᠠᠭᠰᠠᠨ ᠳᠠᠪᠰᠢᠭᠰᠠᠨ ᠰᠢᠨᠵᠢᠯᠡᠬᠦ ᠤᠬᠠᠭᠠᠨ ᠢ᠋ ᠳᠤᠰᠬᠠᠨ ᠬᠠᠷᠠᠭᠤᠯᠵᠤ ᠴᠢᠳᠠᠬᠤᠢᠴᠠ ᠦᠢᠯᠡᠳᠦᠯᠭᠡᠵᠢᠭᠦᠨ ᠵᠦᠢᠯ ᠪᠣᠯᠬᠤ ᠪᠣᠯᠤᠨ᠎ᠠ᠃ 
      3. ᠣᠷᠴᠢᠨ ᠴᠠᠭ ᠤ᠋ᠨ ᠮᠣᠩᠭᠣᠯ ᠤᠳᠬ᠎ᠠ ᠵᠣᠬᠢᠶᠠᠯ ᠤ᠋ᠨ ᠬᠡᠯᠡᠨ ᠦ᠌ ᠦᠢᠯᠡᠳᠦᠯ ᠬᠡᠷᠡᠭᠴᠡᠭᠡ ᠨᠢ ᠤᠯᠠᠮ ᠢ᠋ᠶ᠋ᠠᠷ ᠰᠠᠢᠵᠢᠷᠠᠨ ᠲᠡᠭᠦᠯᠳᠡᠷᠵᠢᠵᠦ᠂ ᠥᠷᠭᠡᠵᠢᠨ ᠲᠦᠭᠡᠵᠦ ᠴᠢᠳᠠᠨ᠎ᠠ᠂ ᠡᠢᠨ ᠬᠦ᠌ ᠲᠡᠷᠡ ᠨᠢ ᠪᠠᠭᠠᠵᠢ ᠬᠡᠷᠡᠭᠯᠡᠭᠦᠷ ᠦ᠋ᠨ ᠬᠤᠪᠢ ᠪᠠᠷ ᠴᠢᠳᠠᠮᠠᠭᠠᠢ ᠳᠣᠬᠢᠭᠤᠨ ᠵᠦᠢᠯ ᠪᠣᠯᠬᠤ ᠪᠣᠯᠤᠨ᠎ᠠ᠃ 
      4. ᠣᠷᠴᠢᠨ ᠴᠠᠭ ᠤ᠋ᠨ ᠮᠣᠩᠭᠣᠯ ᠤᠳᠬ᠎ᠠ ᠵᠣᠬᠢᠶᠠᠯ ᠤ᠋ᠨ ᠬᠡᠯᠡᠨ ᠦ᠌ ᠬᠥᠭᠵᠢᠯ ᠵᠣᠯᠪᠣᠭ᠎ᠠ ᠨᠢ ᠠᠮᠢᠯᠠᠯ ᠤ᠋ᠨ ᠬᠦᠴᠦᠨ ᠲᠡᠢ᠂ ᠬᠥᠭᠵᠢᠯ ᠬᠤᠪᠢᠷᠠᠯ ᠤ᠋ᠨ ᠵᠢᠮ᠎ᠠ ᠬᠠᠤᠯᠢ ᠳ᠋ᠠᠭᠠᠨ ᠨᠡᠢᠴᠡᠭᠰᠡᠨ ᠵᠦᠢᠯ ᠪᠣᠯᠵᠤ ᠴᠢᠳᠠᠨ᠎ᠠ᠃ ᠡᠢᠨ ᠬᠦ᠌ ᠲᠡᠭᠦᠨ ᠦ᠌ ᠬᠥᠭᠵᠢᠯ ᠬᠤᠪᠢᠷᠠᠯ ᠤ᠋ᠨ ᠶᠠᠪᠤᠴᠠ ᠨᠢ ᠠᠯᠬᠤᠮ ᠳᠠᠷᠠᠭ᠎ᠠ ᠲᠠᠢ᠂ ᠯᠠᠪᠳᠠᠭᠤᠨ ᠲᠣᠭᠲᠠᠵᠢᠭᠤᠨ ᠪᠣᠯᠬᠤ ᠪᠣᠯᠤᠨ᠎ᠠ᠃ 
      5. ᠣᠷᠴᠢᠨ ᠴᠠᠭ ᠤ᠋ᠨ ᠮᠣᠩᠭᠣᠯ ᠤᠳᠬ᠎ᠠ ᠵᠣᠬᠢᠶᠠᠯ ᠤ᠋ᠨ ᠬᠡᠯᠡᠨ ᠦ᠌ ᠪᠠᠢᠷᠢ ᠰᠠᠭᠤᠷᠢ ᠨᠢ ᠤᠯᠠᠮ ᠢ᠋ᠶ᠋ᠠᠷ ᠥᠨᠳᠥᠷᠵᠢᠨ ᠳᠡᠭᠡᠭᠰᠢᠯᠡᠵᠦ᠂ ᠳᠡᠯᠡᠬᠡᠢ ᠨᠡᠢᠲᠡ ᠶ᠋ᠢᠨ ᠤᠯᠤᠰ ᠦᠨᠳᠦᠰᠦᠲᠡᠨ ᠳ᠋ᠦ᠍ ᠥᠪᠡᠷ ᠦ᠋ᠨ ᠬᠤᠪᠢ ᠨᠡᠮᠡᠷᠢ ᠭᠠᠪᠢᠶ᠎ᠠ ᠵᠢᠳᠬᠦᠯ ᠢ᠋ᠶ᠋ᠡᠨ ᠦᠵᠡᠭᠦᠯᠵᠦ ᠴᠢᠳᠠᠬᠤ ᠪᠠ ᠲᠡᠳᠡᠨ ᠦ᠌ ᠰᠤᠷᠴᠤ ᠰᠤᠳᠤᠯᠬᠤ ᠠᠩᠬᠠᠷᠤᠯ ᠢ᠋ ᠲᠠᠲᠠᠵᠤ ᠴᠢᠳᠠᠬᠤ ᠪᠣᠯᠤᠨ᠎ᠠ᠃ ᠡᠢᠨ ᠬᠦ᠌ ᠲᠡᠭᠦᠨ ᠦ᠌ ᠠᠴᠢ ᠬᠣᠯᠪᠣᠭᠳᠠᠯ ᠨᠢ ᠣᠯᠠᠨ ᠤᠯᠤᠰ ᠦᠨᠳᠦᠰᠦᠲᠡᠨ ᠦ᠌ ᠬᠣᠭᠣᠷᠣᠨᠳᠣ ᠶ᠋ᠢᠨ ᠨᠥᠬᠥᠷᠰᠡᠭ ᠵᠠᠭᠤᠴᠢ ᠬᠥᠭᠥᠷᠭᠡ ᠶ᠋ᠢᠨ ᠦᠢᠯᠡᠳᠦᠯ ᠲᠡᠢ ᠪᠣᠯᠬᠤ ᠪᠣᠯᠤᠨ᠎ᠠ᠃ 

                ᠳᠠᠪᠲᠠᠬᠤ ᠰᠡᠳᠦᠪ  
        1. ᠮᠣᠩᠭᠣᠯ ᠲᠥᠷᠥᠯ ᠬᠡᠯᠡᠨ ᠳ᠋ᠦ᠍ ᠶᠠᠮᠠᠷ ᠶᠠᠮᠠᠷ ᠬᠡᠯᠡ ᠪᠠᠭᠲᠠᠬᠤ ᠪᠣᠢ? ᠲᠤᠰ ᠲᠤᠰ ᠤ᠋ᠨ ᠬᠢᠨᠢ ᠪᠠᠢᠳᠠᠯ ᠢ᠋ ᠶᠠᠷᠢ᠃ 
        2. ᠠᠯᠲᠠᠢ ᠢᠵᠠᠭᠤᠷ ᠬᠡᠯᠡᠨ ᠳ᠋ᠦ᠍ ᠶᠠᠮᠠᠷ ᠬᠡᠳᠦᠨ ᠲᠥᠷᠥᠯ ᠬᠡᠯᠡ ᠲᠡᠢ ᠪᠣᠢ?
        3. ᠡᠷᠲᠡᠨ ᠦ᠌ ᠮᠣᠩᠭᠣᠯ ᠬᠡᠯᠡᠨ ᠳ᠋ᠦ᠍ ᠶᠠᠮᠠᠷ ᠬᠡᠳᠦᠨ ᠣᠨᠴᠠᠯᠢᠭ ᠲᠠᠢ ᠪᠣᠢ? 
        4. ᠮᠣᠩᠭᠣᠯ ᠬᠡᠯᠡ ᠪᠠ ᠮᠣᠩᠭᠣᠯ ᠪᠢᠴᠢᠭ ᠦ᠋ᠨ ᠬᠡᠯᠡᠨ ᠦ᠌ ᠬᠥᠭᠵᠢᠯ ᠦ᠋ᠨ ᠱᠠᠲᠤ ᠦᠶ᠎ᠡ ᠶ᠋ᠢᠨ ᠲᠤᠬᠠᠢ ᠶᠠᠷᠢ᠃ 
        5. ᠣᠷᠴᠢᠨ ᠴᠠᠭ ᠤ᠋ᠨ ᠮᠣᠩᠭᠣᠯ ᠬᠡᠯᠡᠨ ᠳ᠋ᠦ᠍ ᠶᠠᠮᠠᠷ ᠬᠡᠳᠦᠨ ᠨᠤᠲᠤᠭ ᠤ᠋ᠨ ᠠᠶᠠᠯᠭᠤ ᠲᠠᠢ ᠪᠣᠢ? 
        6. ᠮᠣᠩᠭᠣᠯ ᠬᠡᠯᠡᠨ ᠦ᠌ ᠳᠦᠷᠢᠮᠵᠢᠯ ᠳ᠋ᠦ᠍ ᠪᠢᠳᠡ ᠬᠡᠷᠬᠢᠨ ᠬᠠᠨᠳᠤᠪᠠᠯ ᠵᠣᠬᠢᠬᠤ ᠪᠣᠢ? 
        7. ᠮᠣᠩᠭᠣᠯ ᠬᠡᠯᠡᠨ ᠦ᠌ ᠳᠦᠷᠢᠮᠵᠢᠯ ᠳ᠋ᠦ᠍ ᠶᠠᠮᠠᠷ ᠬᠡᠳᠦᠨ ᠠᠭᠤᠯᠭ᠎ᠠ ᠲᠠᠢ ᠪᠣᠢ? 
        8. ᠣᠷᠴᠢᠨ ᠴᠠᠭ ᠤ᠋ᠨ ᠮᠣᠩᠭᠣᠯ ᠬᠡᠯᠡᠨ ᠦ᠌ ᠳᠦᠷᠢᠮᠵᠢᠯ ᠢ᠋ ᠬᠡᠷᠬᠢᠨ ᠣᠢᠯᠠᠭᠠᠬᠤ ᠪᠣᠢ?