ᠵᠢᠪᠠᠷ ᠤ᠋ᠨ ᠪᠣᠯᠵᠣᠮᠣᠷ- ᠰᠡ᠊· ᠤᠯᠠᠭᠠᠨᠲᠤᠶᠠᠭ᠎ᠠJavryn boljmor Жаврын болжмор-Са·Улаантуяа ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠪᠠᠷ ᠤ᠋ᠨ ᠪᠣᠯᠵᠣᠮᠣᠷ- ᠰᠡ᠊· ᠤᠯᠠᠭᠠᠨᠲᠤᠶᠠᠭ᠎ᠠJavryn boljmor Жаврын болжмор-Са·Улаантуяа

ᠵᠢᠪᠠᠷ ᠤ᠋ᠨ ᠪᠣᠯᠵᠣᠮᠣᠷ- ᠰᠡ᠊· ᠤᠯᠠᠭᠠᠨᠲᠤᠶᠠᠭ᠎ᠠJavryn boljmor Жаврын болжмор-Са·Улаантуяа

2026-01-03

779

ᠵᠢᠪᠠᠷ ᠤ᠋ᠨ ᠪᠣᠯᠵᠣᠮᠣᠷ 

 
   ᠤᠷᠠᠳ ᠠᠷᠠᠳ ᠤ᠋ᠨ ᠳᠠᠭᠤᠤ 
   ᠰᠢᠩᠭᠡᠬᠡᠨ ᠦᠢᠯᠡᠳᠦᠭᠴᠢ᠄ ᠣᠳᠬᠠᠨᠪᠠᠭᠠᠲᠤᠷ 
   ᠳᠠᠭᠤᠴᠢᠨ᠄ ᠰᠡ᠊· ᠤᠯᠠᠭᠠᠨᠲᠤᠶᠠᠭ᠎ᠠ 

ᠰᠢᠯᠢ ᠭᠣᠣᠯ ᠤ᠋ᠨ ᠵᠢᠪᠠᠷ ᠤ᠋ᠨ ᠪᠣᠯᠵᠣᠮᠣᠷ 
ᠰᠢᠯᠢ ᠪᠤᠲᠠᠨ ᠳ᠋ᠤ᠌ ᠪᠠᠨ ᠵᠢᠷᠭᠢᠭᠡᠳ ᠪᠠᠢᠨ᠎ᠠ 
ᠰᠢᠨᠡᠬᠡᠨ ᠬᠠᠨᠢᠯᠠᠭᠰᠠᠨ ᠬᠣᠩᠭᠣᠷ ᠴᠢ ᠮᠢᠨᠢ 
ᠰᠡᠳᠬᠢᠯ ᠳ᠋ᠦ᠍ ᠳᠠᠰᠤᠭᠰᠠᠨ ᠠᠮᠠᠷᠠᠭ ᠪᠠᠢᠨ᠎ᠠ 
ᠰᠠᠭᠠᠳᠠᠭ ᠰᠡᠵᠢᠮᠡᠷ ᠰᠠᠯᠬᠢ ᠪᠠᠢᠨ᠎ᠠ 
ᠰᠠᠬᠠᠯ ᠴᠠᠩᠲᠤᠮᠠᠷ ᠡᠳᠦᠷ ᠪᠠᠢᠨ᠎ᠠ 
ᠳᠥᠷᠥᠭᠡ ᠰᠢᠭᠦᠷᠦᠮᠡᠷ ᠨᠣᠭᠣᠭ᠎ᠠ ᠪᠠᠢᠨ᠎ᠠ 
ᠳᠡᠭᠦᠦ ᠨᠠᠷ ᠰᠠᠨᠠᠭᠳᠠᠮᠠᠷ ᠡᠳᠦᠷ ᠪᠠᠢᠨ᠎ᠠ 
ᠠᠲᠠᠨ ᠲᠡᠮᠡᠭᠡ ᠨᠢ ᠠᠶᠠᠨ ᠳ᠋ᠤ᠌ ᠪᠠᠨ ᠶᠠᠪᠤᠨ᠎ᠠ
ᠠᠷᠵᠠᠭᠠᠷ ᠶᠤᠸᠠᠮᠪᠤᠤ ᠨᠢ ᠠᠪᠳᠠᠷ᠎ᠠ ᠪᠠᠷ ᠳᠦᠭᠦᠷᠡᠩ
ᠠᠯᠤᠰ ᠬᠣᠯᠠ ᠶ᠋ᠢᠨ ᠠᠶᠠᠨ ᠤ᠋ ᠵᠠᠮ ᠳ᠋ᠤ᠌ ᠪᠠᠨ
ᠠᠮᠠᠷᠠᠭ ᠳᠡᠭᠦᠦ ᠮᠢᠨᠢ ᠪᠣᠳᠣᠭᠳᠠᠭᠠᠳ ᠪᠠᠢᠨ᠎ᠠ᠃
ᠬᠣᠮ ᠲᠠᠢ ᠲᠡᠮᠡᠭᠡ ᠨᠢ ᠬᠣᠯᠠ ᠳ᠋ᠤ᠌ ᠪᠠᠨ ᠶᠠᠪᠤᠨ᠎ᠠ
ᠬᠣᠲᠣᠭᠣᠷ ᠶᠤᠸᠠᠮᠪᠤᠤ ᠨᠢ ᠬᠣᠷᠭᠣ ᠪᠠᠷ᠎ ᠳᠦᠭᠦᠷᠡᠩ
ᠬᠣᠯᠠ ᠶ᠋ᠢᠨ ᠬᠣᠯᠠ ᠠᠶᠠᠨ ᠤ᠋ ᠵᠠᠮ ᠳ᠋ᠤ᠌ ᠪᠠᠨ
ᠬᠣᠩᠭᠣᠷ ᠳᠡᠭᠦᠦ ᠮᠢᠨᠢ ᠰᠠᠨᠠᠭᠳᠠᠭᠠᠳ ᠪᠠᠢᠨ᠎ᠠ᠃

  ᠵᠢᠷᠤᠭ ᠦᠢᠯᠡᠳᠴᠦ᠂ ᠦᠰᠦᠭ᠄ ᠬᠠᠲᠠᠭᠴᠢ᠄ ᠱᠠᠷᠠᠢᠳ· ᠭᠡᠷᠡᠯ
  ᠦᠰᠦᠭ ᠠᠮᠢᠯᠠᠭᠤᠯᠤᠭᠴᠢ᠄ ᠪᠦᠷᠢᠨᠵᠢᠷᠭᠠᠯ