ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠲᠠᠪᠤ〕 Цаг төрийн үймээн – Д ᠂ Намдаг - Цаг төрийн үймээн ᠂ гуравдугаар бүлэг -5
ᠬᠥᠭᠡᠷᠦᠬᠦᠢᠳᠡᠭᠰᠡᠨ ᠬᠥᠮᠦᠰ
ᠳᠣᠷᠵᠢ᠂ ᠬᠦᠷᠡᠯ ᠦ᠋ᠨ ᠭᠡᠷ ᠣᠷᠣᠨ᠂ ᠮᠥᠨ ᠠᠭᠤᠯᠠ ᠶ᠋ᠢᠨ ᠨᠥᠭᠦᠭᠡ ᠲᠠᠯ᠎ᠠ ᠶ᠋ᠢᠨ ᠠᠮᠠᠨ ᠳ᠋ᠤ᠌ ᠪᠠᠢᠭ᠎ᠠ ᠶ᠋ᠢ ᠰᠣᠨᠣᠰᠤᠭᠠᠳ ᠭᠡᠷ ᠲᠡᠭᠡᠨ ᠬᠣᠨᠣᠭᠰᠠᠨ ᠤ᠋ ᠪᠠᠨ ᠮᠠᠷᠭᠠᠰᠢ ᠲᠡᠳᠡᠨ ᠦ᠌ ᠳ᠋ᠦ᠍ ᠣᠴᠢᠬᠤ ᠪᠠᠷ ᠮᠣᠷᠳᠠᠪᠠ᠃ ᠵᠠᠮ ᠵᠠᠭᠤᠷ᠎ᠠ ᠪᠠᠨ ᠬᠦᠷᠡᠯ ᠦ᠋ᠨ ᠥᠩᠭᠡᠷᠡᠭᠰᠡᠨ ᠢ᠋ ᠶᠠᠮᠠᠷ ᠠᠷᠭ᠎ᠠ ᠪᠠᠷ ᠶᠠᠭᠠᠬᠢᠵᠤ ᠮᠡᠳᠡᠭᠳᠡᠬᠦ ᠶ᠋ᠢ ᠡᠯᠳᠡᠪᠴᠢᠯᠡᠨ ᠪᠣᠳᠣᠪᠠᠴᠤ ᠶᠡᠷᠦ ᠣᠯᠢᠭᠲᠠᠢ ᠠᠷᠭ᠎ᠠ ᠣᠯᠤᠭᠰᠠᠨ ᠦᠭᠡᠢ ᠭᠠᠳᠠᠭ᠎ᠠ ᠨᠢ ᠢᠷᠡᠭᠡᠳ ᠳᠠᠭᠤ ᠴᠢᠮᠡᠭᠡ ᠭᠠᠷᠭᠠᠭᠤᠯᠬᠤ ᠦᠭᠡᠢ ᠭᠡᠵᠦ ᠠᠮᠠ ᠪᠠᠨ ᠬᠠᠮᠬᠢᠨ ᠪᠣᠭᠣᠯᠠᠭᠤᠯᠤᠭᠰᠠᠨ ᠨᠣᠬᠠᠳ ᠢ᠋ ᠨᠢ ᠡᠯᠡᠭ ᠪᠠᠷᠢᠨ ᠮᠣᠷᠢᠨ ᠠ᠋ᠴᠠ ᠪᠠᠨ ᠪᠠᠭᠤᠵᠤ ᠭᠡᠷ ᠲᠦ᠋ᠨᠢ ᠣᠷᠣᠪᠠ᠃
ᠲᠠᠪᠤ ᠵᠢᠷᠭᠤᠭᠠᠨ ᠨᠢᠯᠬ᠎ᠠ ᠪᠠᠭᠠᠴᠤᠳ ᠲᠤᠯᠭ᠎ᠠ ᠲᠣᠭᠣᠷᠢᠨ ᠴᠢᠭᠴᠢᠯᠳᠦᠭᠰᠡᠨ ᠦ᠌ ᠬᠠᠵᠠᠭᠤ ᠳ᠋ᠤ᠌ ᠡᠬᠡᠨᠡᠷ ᠳᠣᠯᠵᠢᠨ ᠰᠠᠭᠤᠵᠤ ᠪᠠᠢᠵᠠᠢ᠃ ᠶᠠᠳᠠᠷᠠᠨ ᠵᠦᠳᠡᠷᠡᠭᠰᠡᠨ ᠴᠢᠷᠠᠢ ᠪᠠᠷ ᠳᠣᠷᠵᠢ ᠶ᠋ᠢ ᠬᠠᠷᠠᠨ ᠰᠣᠴᠢᠪᠠ᠃《ᠳᠣᠷᠵᠢ》 ᠭᠡᠵᠦ ᠳᠠᠭᠤ ᠠᠯᠲᠠᠨ ᠪᠣᠰᠤᠨ ᠬᠠᠷᠠᠢᠵᠤ᠂
— ᠵᠠ ᠲᠡᠭᠡᠭᠡᠳ ᠲᠠ ᠨᠠᠷ ᠮᠢᠨᠢ ᠠᠱ᠌ᠢᠭᠦᠢ ᠮᠡᠨᠳᠦ ᠰᠠᠢᠨ ᠶᠠᠪᠤᠵᠤ ᠢᠷᠡᠪᠡᠦ? ᠭᠡᠵᠦ ᠪᠠᠶᠠᠷᠯᠠᠨ ᠴᠡᠴᠡᠷᠬᠢᠯᠡᠭᠰᠡᠨ ᠠᠪᠢᠶ᠎ᠠ ᠪᠠᠷ ᠠᠰᠠᠭᠤᠪᠠ᠃
ᠳᠣᠷᠵᠢ ᠶ᠋ᠢᠨ ᠰᠡᠳᠬᠢᠯ ᠬᠠᠷᠠᠩᠭᠤᠢᠯᠠᠨ᠂ ᠮᠠᠭᠤ ᠶᠠᠪᠤᠯ᠎ᠠ! ᠭᠡᠵᠦ ᠰᠢᠪᠡᠨᠡᠨ ᠬᠡᠯᠡᠪᠡ᠃
— ᠮᠠᠭᠤ ᠶᠠᠪᠤᠭᠰᠠᠨ ᠭᠡᠨ᠎ᠡ ᠠ᠋? ᠭᠡᠵᠦ ᠳᠤᠯᠵᠢᠨ ᠥᠪᠡᠷ ᠲᠡᠭᠡᠨ ᠰᠢᠪᠡᠨᠡᠭᠡᠳ᠄
— ᠬᠦᠷᠡᠯ ᠬᠠᠮᠢᠭ᠎ᠠ ᠪᠣᠢ? ᠭᠡᠵᠦ ᠡᠭᠦᠳᠡ ᠤᠷᠤᠭᠤ ᠬᠠᠷᠠᠪᠠ᠃ ᠳᠣᠷᠵᠢ᠄
— ᠲᠠ ᠣᠳᠣ ᠲᠡᠷᠡ ᠬᠥᠮᠦᠨ ᠢ᠋ ᠪᠢᠲᠡᠭᠡᠢ ᠰᠤᠷᠠᠭᠯᠠ ᠳᠠ ᠭᠡᠳ ᠳᠣᠷᠣᠭᠰᠢ ᠬᠠᠷᠠᠪᠠ᠃
ᠡᠨᠡ ᠳᠠᠷᠤᠢ ᠬᠥᠭᠡᠷᠦᠬᠦᠢ ᠡᠬᠡᠨᠡᠷ ᠦ᠋ᠨ ᠨᠢᠳᠦᠨ ᠳ᠋ᠦ᠍ᠨᠢ ᠨᠢᠯᠪᠤᠰᠤ ᠪᠦᠷᠬᠦᠵᠦ ᠴᠢᠷᠠᠢ ᠨᠢ ᠦᠨᠡᠰᠦᠨ ᠰᠠᠷᠠᠯ ᠪᠣᠯᠤᠨ᠎ᠠ᠃
— ᠶᠠᠭᠠᠬᠢᠭᠠᠳ ᠭᠡᠵᠦ ᠠᠮᠢᠰᠬᠤᠭᠠᠳᠠᠪᠠ᠃
— ᠪᠤᠷᠬᠠᠨ ᠳ᠋ᠠᠭᠠᠨ ᠵᠤᠯᠠ ᠡᠷᠭᠦᠴᠢᠬᠡ ᠳᠡ! ᠭᠡᠬᠦ ᠳ᠋ᠦ᠍ ᠳᠣᠯᠵᠢᠨ ᠤᠴᠢᠷ ᠢ᠋ ᠣᠢᠯᠠᠭᠠᠵᠠᠢ᠃
ᠭᠡᠨᠡᠳᠲᠡ ᠶᠡᠬᠡ ᠬᠦᠴᠦ ᠭᠠᠷᠭᠠᠨ ᠤᠬᠢᠯᠠᠯ᠎ᠠ᠃ ᠬᠡᠦᠬᠡᠳ ᠦ᠋ᠳ ᠨᠢ ᠡᠬᠡ ᠪᠡᠨ ᠨᠢᠭᠡ ᠬᠡᠰᠡᠭ ᠭᠠᠢᠬᠠᠨ ᠰᠢᠷᠳᠡᠪᠡ᠃ ᠳᠥᠷᠪᠡᠨ ᠨᠠᠰᠤᠲᠠᠢ ᠬᠠᠮᠤᠭ ᠤ᠋ᠨ ᠪᠠᠭ᠎ᠠ ᠨᠢ ᠡᠬᠡ ᠶ᠋ᠢᠨ ᠢ᠋ᠶ᠋ᠡᠨ ᠲᠡᠢᠨᠬᠦ ᠳᠠᠭᠤ ᠴᠢᠮᠡᠭᠡ ᠠᠯᠳᠠᠭᠰᠠᠨ ᠳ᠋ᠤ᠌ ᠠᠶᠤᠪᠠ ᠪᠣᠯᠤᠯᠲᠠᠢ᠂ ᠭᠡᠨᠡᠳᠲᠡ ᠦᠰᠦᠷᠦᠨ ᠵᠠᠭᠤᠷᠠᠨ ᠠᠪᠴᠤ ᠴᠢᠷᠠᠯᠠᠪᠠ᠃ ᠳᠠᠷᠠᠭ᠎ᠠ ᠳ᠋ᠤᠨᠢ ᠪᠤᠰᠤᠳ ᠨᠢ ᠳᠠᠭᠠᠯᠳᠤᠨ ᠮᠥᠨ ᠡᠬᠡ ᠪᠡᠨ ᠵᠠᠭᠤᠷᠠᠪᠠ᠃
ᠳᠣᠷᠵᠢ ᠤᠷᠢᠳ ᠡᠮᠦᠨ᠎ᠡ ᠡᠢᠮᠦ ᠬᠡᠴᠡᠭᠦᠦ ᠶᠠᠭᠤᠮ᠎ᠠ ᠲᠠᠢ ᠳᠠᠭᠠᠷᠢᠯᠳᠤᠵᠤ ᠦᠵᠡᠭᠡ ᠦᠭᠡᠢ ᠲᠤᠯᠠ ᠬᠡᠷᠬᠢᠬᠦ ᠤᠬᠠᠭᠠᠨ ᠢ᠋ᠶ᠋ᠠᠨ ᠣᠯᠤᠭᠰᠠᠨ ᠦᠭᠡᠢ᠂ ᠨᠢᠭᠡ ᠦᠶ᠎ᠡ ᠳᠣᠯᠵᠢᠨ ᠠᠪᠠᠭᠠᠢ ᠶ᠋ᠢ ᠲᠡᠪᠡᠷᠢᠨ ᠠᠪᠴᠤ ᠠᠷᠭᠠᠳᠠᠮᠠᠷ ᠰᠠᠨᠠᠭᠳᠠᠪᠠᠴᠤ ᠬᠠᠯᠳᠠᠨ ᠣᠴᠢᠵᠤ ᠡᠰᠡ ᠴᠢᠳᠠᠨ᠎ᠠ᠃ ᠳᠡᠮᠡᠢ ᠪᠠᠴᠢᠮᠳᠠᠨ ᠵᠣᠪᠠᠭᠰᠠᠨ ᠳ᠋ᠠᠭᠠᠨ ᠲᠡᠳᠡᠨ ᠢ᠋ ᠳᠠᠭᠠᠨ ᠤᠬᠢᠯᠠᠪᠠ᠃ ᠭᠡᠪᠡᠴᠦ ᠨᠢᠳᠦᠨ ᠡᠴᠡ ᠨᠢ ᠨᠢᠯᠪᠤᠰᠤ ᠡᠰᠡ ᠭᠠᠷᠤᠨ᠎ᠠ᠃
ᠨᠡᠯᠢᠶᠡᠳ ᠮᠥᠴᠡ ᠥᠩᠭᠡᠷᠡᠭᠰᠡᠨ ᠦ᠌ ᠳᠠᠷᠠᠭ᠎ᠠ᠂ ᠳᠤᠯᠵᠢᠨ ᠭᠡᠨᠡᠳᠲᠡ ᠤᠬᠢᠯᠠᠭᠰᠠᠨ ᠰᠢᠭ᠋ ᠢ᠋ᠶ᠋ᠡᠨ ᠭᠡᠨᠡᠳᠲᠡ ᠳᠤᠭᠤᠢ ᠪᠣᠯᠵᠤ ᠨᠢᠳᠦᠨ ᠦ᠌ ᠪᠡᠨ ᠨᠢᠯᠪᠤᠰᠤ ᠶ᠋ᠢ ᠠᠷᠴᠢᠭᠠᠳ ᠪᠤᠷᠬᠠᠨ ᠳ᠋ᠠᠭᠠᠨ ᠵᠤᠯᠠ ᠡᠷᠭᠦᠪᠡ᠃ ᠲᠡᠭᠡᠭᠡᠳ ᠨᠢᠭᠡ ᠴᠦ᠍ ᠦᠭᠡ ᠬᠡᠯᠡᠯᠭᠦᠢ ᠲᠣᠭᠣᠭ᠎ᠠ ᠲᠠᠯᠪᠢᠨ ᠴᠠᠢ ᠴᠢᠨᠠᠪᠠ᠃ ᠳᠣᠷᠵᠢ ᠲᠡᠭᠦᠨ ᠦ᠌ ᠰᠡᠳᠬᠢᠯ ᠢ᠋ᠶ᠋ᠡᠨ ᠪᠠᠷᠢᠨ ᠬᠠᠲᠠᠭᠤᠵᠢᠵᠤ ᠪᠠᠢᠭ᠎ᠠ ᠳ᠋ᠤᠨᠢ ᠪᠠᠶᠠᠷᠯᠠᠪᠠ᠃ ᠳᠣᠯᠵᠢᠨ ᠲᠣᠪ ᠳᠤᠭᠤᠢ ᠪᠠᠢᠭᠰᠠᠨ ᠢ᠋ᠶ᠋ᠠᠨ ᠢᠳᠡᠭᠡ ᠪᠤᠳᠠᠭ᠎ᠠ ᠲᠠᠯᠪᠢᠨ ᠵᠣᠴᠢᠯᠠᠬᠤ ᠳ᠋ᠠᠭᠠᠨ᠄
— ᠳᠣᠷᠵᠢ ᠮᠢᠨᠢ ᠰᠡᠳᠬᠢᠯ ᠰᠠᠨᠠᠭ᠎ᠠ ᠦᠢᠮᠡᠭᠡᠳ ᠶᠠᠭᠠᠬᠢᠬᠤ ᠴᠦ᠍ ᠤᠬᠠᠭᠠᠨ ᠢ᠋ᠶ᠋ᠠᠨ ᠣᠯᠬᠤ ᠦᠭᠡᠢ ᠪᠣᠯᠤᠭᠠᠳ ᠪᠠᠢᠨ᠎ᠠ᠃ ᠰᠡᠭᠦᠯᠡᠷ ᠨᠢᠭᠡ ᠲᠠᠪᠠᠲᠠᠢ ᠢᠷᠡᠵᠦ ᠲᠡᠭᠦᠨ ᠦ᠌ ᠮᠢᠨᠢ ᠲᠤᠬᠠᠢ ᠲᠣᠳᠣᠷᠬᠠᠢ ᠶᠠᠷᠢᠵᠤ ᠦᠵᠡᠭᠡᠷᠡᠢ! ᠭᠡᠪᠡ᠃
ᠳᠣᠷᠵᠢ ᠬᠠᠷᠢᠭᠤ ᠳ᠋ᠤᠨᠢ ᠵᠠ ᠭᠡᠰᠡᠨ ᠡᠴᠡ ᠥᠭᠡᠷ᠎ᠡ ᠶᠠᠭᠤ ᠴᠦ᠍ ᠬᠡᠯᠡᠭᠰᠡᠨ ᠦᠭᠡᠢ᠃ ᠴᠠᠢ ᠤᠤᠭᠤᠬᠤ ᠵᠠᠭᠤᠷ᠎ᠠ ᠬᠡᠦᠬᠡᠳ ᠦ᠋ᠳ ᠦ᠋ᠨ ᠪᠠᠢᠳᠠᠯ ᠢ᠋ ᠠᠵᠢᠭᠯᠠᠬᠤ ᠳ᠋ᠤ᠌ ᠲᠡᠳᠡ ᠲᠤᠩ ᠰᠠᠶᠢᠬᠠᠨ ᠤᠬᠢᠯᠠᠭᠠᠨ ᠤᠨᠵᠠᠭᠠᠨ ᠪᠣᠯᠵᠤ ᠪᠠᠢᠭᠰᠠᠨ ᠢ᠋ᠶ᠋ᠠᠨ ᠪᠦᠷᠢᠨ ᠮᠠᠷᠲᠠᠵᠤ ᠢᠳᠡᠵᠦ᠂ ᠤᠤᠭᠤᠬᠤ ᠪᠠᠨ ᠪᠤᠯᠢᠶᠠᠯᠳᠤᠨ ᠱᠤᠤᠭᠢᠨ᠎ᠠ᠃ ᠡᠬᠡ ᠨᠢ ᠲᠡᠳᠡᠨ ᠢ᠋ᠶ᠋ᠡᠨ ᠳᠠᠭᠠᠯᠳᠤᠨ《ᠬᠥᠶᠢ ᠴᠢ᠂ ᠦᠭᠡᠢ ᠴᠢ!》 ᠭᠡᠬᠦᠴᠢᠯᠡᠨ ᠳᠠᠭᠤ ᠠᠯᠲᠠᠨ ᠬᠡᠦᠬᠡᠳ ᠦ᠋ᠳ ᠢ᠋ᠶ᠋ᠡᠨ ᠰᠤᠷᠭᠠᠮᠵᠢᠯᠠᠨ᠎ᠠ᠃ ᠡᠭᠦᠪᠡᠷ ᠢ᠋ᠶ᠋ᠡᠨ ᠲᠡᠳᠡ ᠣᠢ ᠭᠠᠰᠢᠭᠤᠳᠠᠯ ᠢ᠋ᠶ᠋ᠠᠨ ᠲᠠᠢᠯᠤᠭᠰᠠᠨ ᠪᠥᠭᠡᠳ ᠳᠣᠷᠵᠢ ᠶ᠋ᠢᠨ ᠰᠡᠳᠬᠢᠯ ᠢ᠋ ᠪᠠᠶᠠᠰᠬᠠᠨ ᠭᠡᠢᠭᠦᠯᠪᠡ᠃
ᠭᠡᠪᠡᠴᠦ ᠳᠣᠷᠵᠢ ᠶ᠋ᠢ ᠬᠣᠶᠠᠳᠠᠬᠢ ᠵᠦᠢᠯ ᠨᠢ ᠬᠦᠯᠢᠶᠡᠵᠦ ᠪᠠᠢᠭ᠎ᠠ ᠪᠢᠯᠡ᠃ ᠡᠨᠡ ᠪᠣᠯ ᠳ᠋ᠠᠨᠽᠠᠨ ᠤ᠋ ᠳ᠋ᠤ᠌ ᠣᠴᠢᠬᠤ ᠶᠠᠪᠤᠳᠠᠯ ᠪᠠᠢᠪᠠ᠃ ᠳ᠋ᠠᠨᠽᠠᠨ ᠤ᠋ ᠬᠢ ᠶᠠᠳᠠᠭᠤ᠃ ᠠᠷᠤ ᠭᠡᠷ ᠬᠣᠢᠰᠢ ᠪᠠᠨ ᠵᠢᠭᠤᠲᠠᠭᠰᠠᠨ ᠭᠠᠮᠢᠩ ᠤ᠋ᠨ ᠬᠥᠯ ᠡᠴᠡ ᠲᠡᠳᠦᠢ ᠯᠡ ᠬᠣᠯᠠ ᠦᠭᠡᠢ ᠭᠠᠵᠠᠷ ᠪᠠᠢᠭᠰᠠᠨ ᠠᠵᠢ᠃ ᠤᠯᠤᠰ ᠠᠮᠢᠲᠠᠨ ᠤ᠋ ᠠᠮᠢ ᠵᠤᠯᠪᠠᠨ ᠳᠦᠷᠪᠡᠬᠦ ᠳ᠋ᠦ᠍ ᠡᠬᠡ ᠶ᠋ᠢᠨ ᠬᠢᠨᠢ ᠪᠡᠶ᠎ᠡ ᠡᠪᠡᠳᠴᠢᠲᠡᠢ ᠮᠠᠭᠤ ᠪᠠᠢᠭᠰᠠᠨ ᠠ᠋ᠴᠠ ᠬᠠᠷ᠎ᠠ ᠪᠠᠭᠤᠳᠠᠯ ᠳᠡᠭᠡᠷ᠎ᠡ ᠭᠠᠭᠴᠠᠭᠠᠷ ᠬᠣᠴᠣᠷᠤᠭᠰᠠᠨ ᠢ᠋ ᠳᠣᠷᠵᠢ ᠰᠠᠮᠪᠤᠤ ᠠ᠋ᠴᠠ ᠲᠣᠳᠣᠷᠬᠠᠢ ᠰᠣᠨᠣᠰᠤᠭᠰᠠᠨ ᠪᠠᠢᠯ᠎ᠠ᠃ ᠡᠢᠮᠦ ᠳ᠋ᠦ᠍ ᠳᠣᠷᠵᠢ ᠲᠡᠳᠡᠨ ᠦ᠌ ᠳ᠋ᠦ᠍ ᠶᠠᠭᠠᠷᠠᠨ ᠣᠴᠢᠬᠤ ᠶ᠋ᠢ ᠰᠢᠢᠳᠦᠭᠰᠡᠨ ᠦ᠌ ᠳᠡᠭᠡᠷ᠎ᠡ ᠡᠴᠢᠭᠡ ᠨᠢ ᠪᠦᠷ ᠥᠨᠥᠳᠥᠷ ᠦ᠋ᠨ ᠳᠣᠲᠣᠷ᠎ᠠ ᠭᠡᠵᠦ ᠱᠠᠭᠠᠷᠳᠠᠭᠰᠠᠨ ᠪᠠᠢᠪᠠ᠃
ᠦᠷᠭᠦᠯᠵᠢᠯᠡᠭᠰᠡᠨ ᠶᠡᠬᠡ ᠴᠠᠰᠤᠨ ᠳᠤᠮᠳᠠᠭᠤᠷ ᠳᠣᠷᠵᠢ ᠡᠴᠡᠩᠬᠡᠢ ᠮᠠᠭᠤ ᠤᠨᠤᠭ᠎ᠠ ᠪᠠᠷ ᠴᠦᠯ ᠴᠦᠯ ᠱᠣᠭᠰᠢᠭᠤᠯᠤᠨ ᠥᠷᠲᠡᠭᠡ ᠭᠠᠷᠤᠢ ᠶᠠᠪᠤᠪᠠ᠃ ᠯᠠᠪᠰᠢᠷᠡᠭᠰᠡᠨ ᠴᠠᠭᠠᠨ ᠴᠠᠰᠤᠨ ᠳᠤᠮᠳᠠ ᠭᠠᠭᠴᠠ ᠭᠡᠷ ᠲᠣᠷᠣᠢᠨ ᠦᠵᠡᠭᠳᠡᠬᠦ ᠨᠢ ᠳ᠋ᠠᠨᠽᠠᠨ ᠤ᠋ ᠬᠢ ᠠᠵᠢ᠃ ᠳᠣᠷᠵᠢ ᠳ᠋ᠠᠨᠽᠠᠨ ᠤ᠋ ᠠᠮᠢ ᠪᠡᠶ᠎ᠡ ᠶ᠋ᠢ ᠠᠯᠢ ᠬᠡᠳᠦᠢᠨ ᠦᠷᠡᠭᠳᠡᠭᠰᠡᠨ ᠳ᠋ᠦ᠍ ᠪᠣᠳᠣᠨ᠎ᠠ᠃ ᠭᠡᠷ ᠣᠷᠣᠨ ᠤ᠋ ᠬᠢᠨ ᠳ᠋ᠦ᠍ᠨᠢ ᠳ᠋ᠠᠨᠽᠠᠨ ᠤ᠋ ᠦᠷᠡᠭᠳᠡᠭᠰᠡᠨ ᠢ᠋ ᠮᠡᠳᠡᠭᠳᠡᠵᠦ ᠬᠣᠢᠰᠢᠳᠠ ᠶ᠋ᠢᠨ ᠬᠢᠨᠢ ᠶᠠᠪᠤᠳᠠᠯ ᠳ᠋ᠤ᠌ ᠳᠡᠮᠡᠢ ᠭᠣᠷᠢᠯᠠᠨ ᠬᠦᠯᠢᠶᠡᠯᠭᠡᠬᠦ ᠦᠭᠡᠢ ᠪᠣᠯᠭᠠᠬᠤ ᠶ᠋ᠢ ᠯᠡ ᠬᠦᠰᠡᠨ᠎ᠡ᠃ ᠭᠡᠪᠡᠴᠦ ᠡᠨᠡ ᠮᠠᠭᠤᠬᠠᠢ ᠮᠡᠳᠡᠭᠡ ᠪᠡᠨ ᠪᠠᠰᠠ ᠯᠠ ᠶᠠᠭᠠᠬᠢᠵᠤ ᠶᠠᠮᠠᠷ ᠦᠭᠡ ᠪᠡᠷ ᠮᠡᠳᠡᠭᠳᠡᠬᠦ ᠪᠡᠨ ᠵᠦᠢᠯ ᠵᠦᠢᠯ ᠢ᠋ᠶ᠋ᠡᠷ ᠪᠣᠳᠣᠭᠠᠳ ᠡᠴᠦᠰ ᠲᠦ᠋ᠨᠢ ᠠᠭᠤᠯᠵᠠᠭᠰᠠᠨ ᠴᠠᠭ ᠲᠤᠬᠠᠢ ᠳ᠋ᠤ᠌ ᠠᠶᠠᠨᠳᠠᠭᠠᠨ ᠪᠣᠯᠬᠤ ᠪᠣᠢ! ᠭᠡᠵᠦ ᠨᠠᠢᠳᠠᠨ᠎ᠠ᠃
ᠭᠡᠷ ᠦ᠋ᠨ ᠭᠠᠳᠠᠭ᠎ᠠ ᠢᠷᠡᠬᠦ ᠳ᠋ᠦ᠍ ᠰᠢᠷᠦᠭᠦᠨ ᠭᠠᠯ ᠤ᠋ᠨ ᠢᠯᠴᠢ ᠲᠣᠭᠣᠨᠣ ᠪᠠᠷ ᠨᠢ ᠵᠢᠷᠪᠢᠭᠢᠨᠡᠨ᠂ ᠬᠠᠭᠤᠷᠠᠢ ᠮᠣᠳᠣᠨ ᠤ᠋ ᠣᠴᠢ ᠳᠡᠰ ᠨᠢᠰ ᠳᠤᠤᠭᠠᠷᠬᠤ ᠠ᠋ᠴᠠ ᠥᠭᠡᠷ᠎ᠡ ᠠᠨᠢᠷ ᠴᠢᠮᠡᠭᠡ ᠥᠴᠦᠬᠡᠨ ᠴᠦ᠍ ᠦᠭᠡᠢ ᠪᠠᠢᠯ᠎ᠠ᠃ ᠳᠣᠷᠵᠢ ᠮᠣᠷᠢᠨ ᠠ᠋ᠴᠠ ᠪᠠᠨ ᠪᠠᠭᠤᠬᠤ ᠭᠡᠰᠡᠨ ᠢ᠋ᠶ᠋ᠡᠨ ᠡᠳᠡᠨ ᠦ᠌ ᠳ᠋ᠦ᠍ ᠨᠢᠭᠡ ᠠᠢᠬᠤᠪᠲᠤᠷ ᠵᠠᠭᠤᠳᠠᠭ ᠤᠯᠠᠭᠠᠨ ᠬᠠᠯᠲᠠᠷ ᠨᠣᠬᠠᠢ ᠪᠠᠢᠳᠠᠭ ᠢ᠋ ᠰᠠᠨᠠᠨ ᠲᠠᠢᠰᠢ ᠬᠠᠷᠠᠪᠠ᠃ ᠭᠡᠲᠡᠯ᠎ᠡ ᠲᠡᠷᠡ ᠨᠢ ᠲᠡᠷᠭᠡᠨ ᠤᠷᠢᠳ ᠴᠠᠭᠠᠨ ᠴᠠᠰᠤᠨ ᠳᠡᠭᠡᠷ᠎ᠡ ᠤᠯᠠᠭᠠᠨ ᠴᠢᠰᠤᠨ ᠵᠠᠮ ᠴᠤᠪᠤᠷᠠᠭᠤᠯᠤᠨ ᠦᠬᠦᠭᠰᠡᠨ ᠬᠡᠪᠲᠡᠨ᠎ᠡ᠃ ᠮᠣᠷᠢᠨ ᠠ᠋ᠴᠠ ᠪᠠᠨ ᠪᠠᠭᠤᠨ ᠢᠰᠡᠭᠡᠢ ᠡᠭᠦᠳᠡ ᠶ᠋ᠢ ᠵᠥᠭᠡᠯᠡᠨ ᠢ᠋ᠶ᠋ᠡᠷ ᠰᠡᠬᠦᠨ ᠣᠷᠣᠬᠤ ᠳ᠋ᠤ᠌ ᠳ᠋ᠠᠨᠽᠠᠨ ᠤ᠋ ᠡᠭᠡᠴᠢ ᠰᠥᠷᠦᠮᠡ ᠳᠦᠷᠡᠯᠵᠡᠭᠰᠡᠨ ᠶᠡᠬᠡ ᠭᠠᠯ ᠤ᠋ᠨ ᠵᠠᠬ᠎ᠠ ᠳ᠋ᠤ᠌ ᠰᠠᠭᠤᠵᠤ ᠪᠠᠢᠭᠰᠠᠨ ᠠ᠋ᠴᠠ ᠪᠠᠨ ᠰᠣᠴᠢᠨ ᠪᠣᠰᠤᠨ ᠬᠠᠷᠠᠢᠭᠰᠠᠨ ᠢ᠋ᠶ᠋ᠠᠨ ᠰᠣᠯᠢᠶᠠᠷᠠᠭᠰᠠᠨ ᠬᠥᠮᠦᠨ ᠦ᠌ ᠪᠠᠢᠳᠠᠯ ᠢ᠋ᠶ᠋ᠠᠷ ᠨᠢᠳᠦ ᠴᠠᠪᠴᠢᠯ ᠦᠭᠡᠢ ᠭᠥᠯᠢᠷᠡᠨ᠎ᠡ᠃ ᠡᠨᠡ ᠳᠠᠷᠤᠢ ᠳᠣᠷᠵᠢ ᠶ᠋ᠢᠨ ᠰᠡᠳᠬᠢᠯ ᠲᠤᠩ ᠠᠶᠠᠭᠦᠢ ᠪᠣᠯᠪᠠ᠃
— ᠵᠠ ᠰᠠᠢᠨ ᠪᠠᠢᠨ᠎ᠠ ᠤᠤ? ᠭᠡᠵᠦ ᠵᠥᠭᠡᠯᠡᠨ ᠢ᠋ᠶ᠋ᠡᠷ ᠮᠡᠨᠳᠦᠯᠡᠬᠦ ᠳ᠋ᠦ᠍ ᠰᠥᠷᠦᠮᠡ ᠨᠢᠳᠦ ᠭᠥᠯᠢᠷᠡᠭᠰᠡᠨ ᠢ᠋ᠶ᠋ᠡᠨ ᠡᠰᠡ ᠣᠷᠬᠢᠨ᠄
— ᠲᠠ ᠬᠡᠨ ᠪᠣᠢ? ᠶᠠᠭᠤ ᠭᠡᠵᠦ ᠢᠷᠡᠪᠡ? ᠭᠡᠵᠦ ᠳᠥᠩᠭᠡᠵᠦ ᠳᠤᠭᠤᠯᠳᠠᠬᠤᠢᠴᠠ ᠪᠠᠷ ᠥᠭᠦᠯᠡᠨ ᠬᠣᠢᠰᠢ ᠤᠬᠤᠷᠢᠪᠠ᠃
— ᠪᠢ ᠳᠣᠷᠵᠢ! ᠳᠡᠭᠦᠦ ᠲᠡᠢ ᠴᠢᠨᠢ ᠠᠶᠠᠨ ᠳ᠋ᠤ᠌ ᠶᠠᠪᠤᠭᠰᠠᠨ ᠰᠢᠦ ᠳᠡ! ᠴᠢ ᠲᠠᠨᠢᠬᠤ ᠦᠭᠡᠢ ᠪᠠᠢᠨ᠎ᠠ ᠭᠡᠵᠦ ᠤᠤ? ᠭᠡᠬᠦ ᠳ᠋ᠦ᠍᠄
— ᠨᠡᠭᠡᠷᠡᠨ ᠲᠠ ᠴᠢᠨᠢ ᠳᠣᠷᠵᠢ ᠪᠠᠢᠨ᠎ᠠ ᠰᠢᠦ ᠭᠡᠵᠦ ᠰᠥᠷᠦᠮᠡ ᠡᠭᠡᠳᠡᠷᠡᠭᠰᠡᠨ ᠬᠡᠯᠡ ᠪᠡᠷ ᠬᠡᠯᠡᠭᠰᠡᠨ ᠢ᠋ᠶ᠋ᠡᠨ ᠭᠡᠨᠡᠳᠲᠡ ᠦᠰᠦᠷᠦᠨ ᠳᠣᠷᠵᠢ ᠶ᠋ᠢ ᠵᠠᠭᠤᠷᠠᠨ ᠤᠨᠠᠪᠠ᠃
ᠳᠣᠷᠵᠢ ᠶᠠᠭᠤ ᠪᠣᠯᠵᠤ ᠪᠠᠢᠭ᠎ᠠ ᠶ᠋ᠢ ᠨᠢ ᠶᠡᠷᠦ ᠣᠢᠯᠠᠭᠠᠭᠰᠠᠨ ᠦᠭᠡᠢ᠂ ᠶᠠᠭᠤ ᠴᠦ᠍ ᠠᠲᠤᠭᠠᠢ ᠠᠷᠭᠠᠳᠠᠨ ᠲᠠᠢᠪᠤᠰᠢᠷᠠᠭᠤᠯᠬᠤ ᠶ᠋ᠢ ᠪᠣᠳᠣᠨ ᠲᠣᠯᠣᠭᠠᠢ ᠶ᠋ᠢ ᠨᠢ ᠥᠨᠳᠡᠢᠯᠭᠡᠬᠦ ᠳ᠋ᠦ᠍ ᠰᠥᠷᠦᠮᠡ᠂ ᠤᠬᠢᠯᠠᠨ ᠤᠬᠢᠯᠠᠭᠰᠠᠭᠠᠷ ᠪᠦᠬᠦ ᠨᠢᠯᠪᠤᠰᠤ ᠪᠠᠨ ᠪᠠᠷᠠᠭᠰᠠᠨ ᠨᠢᠳᠦ ᠨᠢ ᠬᠣᠪ ᠬᠠᠭᠤᠷᠠᠢᠬᠠᠨ ᠪᠠᠢᠪᠠ᠃
ᠭᠡᠲᠡᠯ᠎ᠡ ᠳᠣᠷᠵᠢ ᠶ᠋ᠢᠨ ᠰᠡᠳᠬᠢᠯ ᠳ᠋ᠦ᠍ ᠡᠬᠡ ᠡᠮᠡᠭᠡᠨ ᠨᠢ ᠪᠣᠳᠣᠭᠳᠠᠵᠠᠢ᠃ ᠲᠡᠭᠦᠨ ᠢ᠋ ᠨᠢ ᠬᠠᠮᠢᠭ᠎ᠠ ᠪᠠᠢᠭ᠎ᠠ ᠶ᠋ᠢ ᠡᠷᠭᠢᠨ ᠭᠡᠷ ᠦ᠋ᠨ ᠳᠣᠲᠣᠷᠠᠬᠢ ᠶ᠋ᠢ ᠨᠡᠩᠵᠢᠨ ᠬᠠᠷᠠᠬᠤ ᠳ᠋ᠤ᠌ ᠵᠡᠭᠦᠨ ᠲᠠᠯ᠎ᠠ ᠶ᠋ᠢᠨ ᠭᠠᠵᠠᠷ ᠳᠡᠪᠢᠰᠦᠮᠡᠯ ᠣᠷᠣᠨ ᠤ᠋ ᠨᠡᠬᠡᠢ ᠬᠥᠨᠵᠢᠯᠡ ᠶ᠋ᠢᠨ ᠳᠣᠣᠷ᠎ᠠ ᠠ᠋ᠴᠠ ᠬᠦᠷᠦᠵᠦ ᠣᠯᠠᠨ ᠬᠣᠨᠣᠭᠰᠠᠨ ᠡᠮᠡᠭᠡᠨ ᠦ᠌ ᠵᠡᠪᠡᠭᠡᠷ ᠴᠠᠭᠠᠨ ᠮᠠᠩᠨᠠᠢ᠂ ᠪᠦᠯᠲᠡᠢᠨ ᠰᠢᠷᠲᠡᠭᠰᠡᠨ ᠨᠢᠳᠦᠨ ᠦ᠌ ᠪᠡᠨ ᠬᠠᠮᠲᠤ ᠴᠤᠬᠤᠢᠵᠤ ᠪᠠᠢᠭ᠎ᠠ ᠨᠢ ᠦᠵᠡᠭᠳᠡᠪᠡ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
