ᠬᠠᠢᠷ᠎ᠠ ᠰᠢᠩᠭᠡᠭᠰᠡᠨ ᠲᠠᠯ᠎ᠠ - ᠡᠷᠳᠡᠨᠢᠴᠢᠮᠡᠭKhair shingesen tal-ErdenchimgeeХайр шингэсэн тал-Эрдэнчимгээ
ᠬᠠᠢᠷ᠎ᠠ ᠰᠢᠩᠭᠡᠭᠰᠡᠨ ᠲᠠᠯ᠎ᠠ
ᠦᠭᠡ᠄ ᠼᠦᠢ ᠹᠤ
ᠠᠶ᠎ᠠ ᠄ ᠰᠡᠴᠡᠨᠴᠣᠭᠲᠤ
ᠣᠷᠴᠢᠭᠤᠯᠤᠭᠰᠠᠨ ᠨᠢ᠄ ᠨᠠᠰᠤᠨ
ᠳᠠᠭᠤᠴᠢᠨ᠄ ᠡᠷᠳᠡᠨᠢᠴᠢᠮᠡᠭ
ᠲᠠᠯ᠎ᠠ ᠶ᠋ᠢᠨ ᠬᠣᠩᠭᠣᠷ ᠰᠠᠯᠬᠢᠨ ᠳ᠋ᠤ᠌ ᠢᠯᠪᠢᠭᠦᠯᠵᠦ ᠶᠠᠪᠤᠭᠰᠠᠨ ᠪᠣᠯᠬᠣᠷ
ᠲᠠᠨᠠᠨ ᠴᠠᠭᠠᠨ ᠭᠡᠷ ᠲᠦ᠍ ᠳᠤᠯᠠᠭᠠᠴᠠᠵᠤ ᠳᠠᠰᠤᠭᠰᠠᠨ ᠪᠣᠯᠬᠣᠷ
ᠰᠦᠨ ᠬᠠᠢᠷ᠎ᠠ ᠶ᠋ᠢᠨ ᠰᠡᠳᠬᠢᠯ ᠨᠢ ᠥᠭᠭᠢᠶᠡᠮᠦᠷ
ᠰᠦᠷᠦᠭ ᠢ᠋ᠶ᠋ᠡᠨ ᠬᠠᠷᠢᠭᠤᠯᠤᠭᠰᠠᠨ ᠮᠠᠯᠴᠢᠨ ᠳ᠋ᠤ᠌ ᠪᠢ ᠬᠠᠢᠷᠠᠲᠠᠢ
ᠲᠠᠯ᠎ᠠ ᠮᠢᠨᠢ ᠠ᠋
ᠠᠭᠤᠳᠠᠮ ᠰᠠᠷᠠᠭᠤᠯ ᠳ᠋ᠤ᠌ ᠨᠢ
ᠤᠢᠳᠬᠠᠷ ᠲᠠᠢᠯᠤᠭᠳᠠᠭᠠᠳ
ᠠᠷᠢᠭᠤᠬᠠᠨ ᠬᠠᠢᠷ᠎ᠠ ᠶ᠋ᠢᠨ
ᠠᠭᠤᠤ ᠶ᠋ᠢ ᠮᠡᠳᠡᠷᠡᠳᠡᠭ ᠶᠦᠮ ᠠ᠋
ᠬᠠᠷᠠᠭᠠᠨ ᠳ᠋ᠤ᠌ ᠴᠡᠩᠬᠡᠷ ᠪᠠᠷ᠎ᠠ ᠨᠢ
ᠬᠠᠯᠠᠭᠤᠨ ᠵᠢᠷᠦᠬᠡ ᠶ᠋ᠢ ᠠᠮᠠᠷᠠᠭᠠᠳᠠᠭ
ᠬᠠᠨᠠᠭᠠᠷ ᠰᠠᠢᠬᠠᠨ ᠲᠠᠯ᠎ᠠ ᠪᠠᠨ ᠪᠢ
ᠬᠠᠮᠢᠭ᠎ᠠ ᠶᠠᠪᠤᠭᠰᠠᠨ ᠴᠤ᠌ ᠰᠠᠨᠠᠭᠠᠳ ᠯᠠ ᠪᠠᠢᠬᠤ ᠶᠤᠮ ᠳᠠ
ᠡᠪᠦᠯ ᠦ᠋ᠨ ᠬᠦᠢᠲᠡᠨ ᠰᠢᠭᠤᠷᠭ᠎ᠠ ᠶ᠋ᠢ ᠰᠥᠷᠴᠦ ᠶᠠᠪᠤᠭᠰᠠᠨ ᠪᠣᠯᠬᠣᠷ
ᠦᠷᠡᠵᠢᠯᠲᠦ ᠬᠠᠪᠤᠷ ᠤ᠋ᠨ ᠲᠥᠯ ᠢ᠋ ᠲᠣᠰᠤᠭᠠᠳ ᠪᠠᠶᠠᠰᠤᠭᠰᠠᠨ ᠪᠣᠯᠬᠣᠷ
ᠦᠨᠦᠰᠴᠦ ᠲᠤᠰᠤᠭᠰᠠᠨ ᠡᠵᠢ ᠶ᠋ᠢᠨ ᠵᠥᠭᠡᠯᠡᠨ ᠬᠠᠷᠠᠴᠠ
ᠡᠭᠦᠷᠴᠦ ᠰᠠᠭᠠᠲᠠᠭᠤᠯᠤᠭᠰᠠᠨ ᠠᠪᠤ ᠳ᠋ᠠᠭᠠᠨ ᠪᠢ ᠬᠠᠢᠷᠠᠲᠠᠢ
ᠲᠠᠯ᠎ᠠ ᠮᠢᠨᠢ ᠠ᠋
ᠠᠭᠤᠳᠠᠮ ᠰᠠᠷᠠᠭᠤᠯ ᠳ᠋ᠤ᠌ ᠨᠢ
ᠤᠢᠳᠬᠠᠷ ᠲᠠᠢᠯᠤᠭᠳᠠᠭᠠᠳ
ᠠᠷᠢᠭᠤᠬᠠᠨ ᠬᠠᠢᠷ᠎ᠠ ᠶ᠋ᠢᠨ
ᠠᠭᠤᠤ ᠶ᠋ᠢ ᠮᠡᠳᠡᠷᠡᠳᠡᠭ ᠶᠦᠮ ᠠ᠋
ᠬᠠᠷᠠᠭᠠᠨ ᠳ᠋ᠤ᠌ ᠴᠡᠩᠬᠡᠷ ᠪᠠᠷ᠎ᠠ ᠨᠢ
ᠬᠠᠯᠠᠭᠤᠨ ᠵᠢᠷᠦᠬᠡ ᠶ᠋ᠢ ᠠᠮᠠᠷᠠᠭᠠᠳᠠᠭ
ᠬᠠᠨᠠᠭᠠᠷ ᠰᠠᠢᠬᠠᠨ ᠲᠠᠯ᠎ᠠ ᠪᠠᠨ ᠪᠢ
ᠬᠠᠮᠢᠭ᠎ᠠ ᠶᠠᠪᠤᠭᠰᠠᠨ ᠴᠤ᠌ ᠰᠠᠨᠠᠭᠠᠳ ᠯᠠ ᠪᠠᠢᠬᠤ ᠶᠤᠮ ᠳᠠ
ᠬᠠᠷᠠᠭᠠᠨ ᠳ᠋ᠤ᠌ ᠴᠡᠩᠬᠡᠷ ᠪᠠᠷ᠎ᠠ ᠨᠢ
ᠬᠠᠯᠠᠭᠤᠨ ᠵᠢᠷᠦᠬᠡ ᠶ᠋ᠢ ᠠᠮᠠᠷᠠᠭᠠᠳᠠᠭ
ᠬᠠᠨᠠᠭᠠᠷ ᠰᠠᠢᠬᠠᠨ ᠲᠠᠯ᠎ᠠ ᠪᠠᠨ ᠪᠢ
ᠬᠠᠮᠢᠭ᠎ᠠ ᠶᠠᠪᠤᠭᠰᠠᠨ ᠴᠤ᠌ ᠰᠠᠨᠠᠭᠠᠳ ᠯᠠ ᠪᠠᠢᠬᠤ ᠶᠤᠮ ᠳᠠ
ᠰᠠᠨᠠᠭᠠᠳ ᠯᠠ ᠪᠠᠢᠬᠤ ᠶᠤᠮ ᠳᠠ
ᠰᠠᠨᠠᠭᠠᠳ ᠯᠠ ᠪᠠᠢᠬᠤ ᠶᠤᠮ ᠳᠠ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
