ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠡᠳ᠋ ᠪᠦᠯᠦᠭ 4–7> Бүлжхэн хатан– [монгол] Дамбын Төрбат <дэд бүлэг 4–7>
ᠪᠦᠯᠵᠢᠬᠢᠨ ᠬᠠᠲᠤᠨ– <ᠳᠡᠳ᠋ ᠪᠦᠯᠦᠭ 4–7>
ᠬᠣᠯᠠ ᠶ᠋ᠢᠨ ᠪᠣᠳᠣᠯ ᠲᠠᠢ ᠪᠠᠢᠵᠤ ᠲᠥᠷᠥ ᠶ᠋ᠢᠨ ᠵᠢᠯᠣᠭᠣ ᠪᠠᠷᠢᠬᠤ ᠠᠪᠠᠢ᠃ ᠬᠠᠪᠤᠯ ᠬᠠᠭᠠᠨ ᠪᠠᠷᠠᠭᠤᠨ ᠭᠠᠷ ᠲᠠᠯ᠎ᠠ ᠳ᠋ᠠᠭᠠᠨ ᠲᠠᠢᠴᠢᠭᠤᠳ ᠤ᠋ᠨ ᠠᠮᠪᠠᠭᠠᠢ ᠬᠠᠭᠠᠨ᠂ ᠮᠡᠷᠭᠢᠳ ᠦ᠋ᠨ ᠳᠣᠲᠣᠷ ᠪᠢᠯᠭᠡ ᠴᠢᠬᠢᠨ᠂ ᠲᠡᠭᠦᠨ ᠡᠴᠡ ᠳᠣᠭᠣᠭᠰᠢ ᠵᠢᠷᠭᠤᠭᠠᠨ ᠬᠦᠦ ᠨᠤᠭᠦᠳ ᠢ᠋ᠶ᠋ᠡᠨ ᠡᠩᠨᠡᠭᠦᠯᠵᠦ᠂ ᠵᠡᠭᠦᠨ ᠭᠠᠷ ᠲᠠᠯ᠎ᠠ ᠳ᠋ᠠᠭᠠᠨ ᠬᠤᠲᠤᠭᠲᠤ ᠵᠣᠷᠬᠢ᠂ ᠮᠡᠩᠭᠢᠲᠦ᠂ ᠶᠢᠰᠦᠭᠡᠢ ᠲᠡᠷᠢᠭᠦᠲᠦ ᠠᠴᠢ ᠨᠠᠷ ᠢ᠋ᠶ᠋ᠠᠨ ᠰᠠᠭᠤᠯᠭᠠᠵᠤ ᠡᠯᠴᠢ ᠶ᠋ᠢ ᠤᠭᠲᠤᠪᠠ᠃ ᠶᠡᠬᠡ ᠬᠦᠨᠳᠦᠳᠬᠡᠯ ᠪᠣᠯᠵᠤ ᠰᠢᠭᠦᠰᠦ᠂ ᠵᠣᠭᠣᠭ ᠪᠡᠯᠡᠳᠦᠭᠰᠡᠨ ᠦᠭᠡᠢ᠂ ᠶᠣᠰᠣ ᠶ᠋ᠢ ᠰᠠᠬᠢᠵᠤ ᠴᠠᠭᠠᠨ ᠢᠳᠡᠭᠡ ᠲᠠᠪᠠᠭᠯᠠᠨ᠂ ᠡᠰᠦᠭ ᠴᠡᠬᠡ ᠰᠥᠩᠨᠡᠭᠰᠡᠨ ᠶᠡᠬᠡ ᠦᠷᠭᠦᠭᠡᠨ ᠦ᠌ ᠪᠣᠱᠣᠭ᠎ᠠ ᠠᠯᠬᠤᠭᠠᠳ ᠯᠠ ᠠᠯᠲᠠᠨ ᠤᠯᠤᠰ ᠤ᠋ᠨ ᠡᠯᠴᠢ ᠥᠪᠡᠷ ᠦ᠋ᠨ ᠵᠡᠷᠭᠡ ᠳᠠᠪ ᠢ᠋ ᠮᠡᠳᠡᠷᠡᠬᠦ ᠤᠴᠢᠷ ᠲᠠᠢ ᠠᠵᠢ᠃ ᠨᠠᠮ ᠭᠦᠮ ᠦᠷᠭᠦᠭᠡᠨ ᠦ᠌ ᠶᠡᠬᠡ ᠰᠢᠷᠢᠮᠡᠯ ᠡᠭᠦᠳᠡ ᠠᠶᠠᠷᠬᠠᠨ ᠰᠡᠬᠦᠭᠳᠡᠵᠦ ᠠᠯᠲᠠᠨ ᠤᠯᠤᠰ ᠤ᠋ᠨ ᠡᠷᠬᠢᠮᠰᠦᠭ ᠡᠯᠴᠢ ᠶ᠋ᠢᠨ ᠱᠠᠪᠢᠯᠬᠠᠨ ᠪᠡᠶ᠎ᠡ ᠶ᠋ᠢᠨ ᠪᠠᠷ᠎ᠠ ᠬᠠᠷᠠᠭᠳᠠᠪᠠ᠃ ᠮᠥᠨᠥᠬᠡᠨ ᠰᠣᠶᠣᠭ᠎ᠠ ᠰᠠᠬᠠᠯᠲᠤ ᠲᠦᠰᠢᠮᠡᠯ ᠵᠣᠳᠣᠭᠤᠯᠤᠭᠰᠠ ᠭᠥᠯᠥᠭᠡ ᠮᠡᠲᠦ ᠰᠢᠷᠪᠠᠯᠵᠠ ᠳᠠᠭᠠᠵᠤ ᠭᠦᠶᠦᠬᠦ ᠠᠭᠠᠳ ᠠᠮᠠᠨ ᠳ᠋ᠤᠨᠢ ᠣᠷᠣᠴᠢᠬᠤ ᠰᠢᠬᠠᠨ ᠳᠣᠯᠳᠣᠭᠣᠨᠠᠵᠤ ᠬᠡᠯᠡᠮᠦᠷᠴᠢᠯᠡᠬᠦ ᠠᠪᠠᠢ᠃
ᠶᠡᠬᠡᠮᠰᠦᠭ ᠡᠯᠴᠢ ᠡᠬᠢᠯᠡᠭᠡᠳ ᠬᠠᠪᠤᠯ ᠬᠠᠭᠠᠨ ᠢ᠋ ᠬᠠᠷᠠᠵᠤ᠂ ᠳᠠᠷᠠᠭ᠎ᠠ ᠨᠢ ᠰᠢᠷᠡᠭᠡᠨ᠎ᠡ ᠵᠠᠰᠠᠭᠰᠠᠨ ᠢᠳᠡᠭᠡ ᠶ᠋ᠢ ᠬᠠᠯᠲᠤ ᠬᠠᠷᠠᠭᠠᠳ ᠢᠮᠠᠭᠠᠨ ᠰᠠᠬᠠᠯ ᠲᠠᠢ ᠵᠠᠪᠠᠵᠢ ᠨᠢ ᠳᠡᠳᠡᠪᠡᠰᠬᠢᠭᠰᠡᠨ ᠢ᠋ᠶ᠋ᠡᠨ ᠵᠠᠯᠢᠵᠢᠨ ᠮᠢᠰᠢᠶᠡᠯ ᠲᠣᠳᠣᠷᠠᠭᠤᠯᠵᠤ᠂
一 ᠲᠠᠯ᠎ᠠ ᠶ᠋ᠢᠨ ᠶᠡᠬᠡ ᠪᠠᠭᠠᠲᠤᠷ ᠲᠠᠨ ᠤ᠋ ᠲᠦᠮᠡᠨ ᠠᠮᠤᠭᠤᠯᠠᠩ ᠢ᠋ ᠡᠷᠢᠵᠦ᠂ ᠡᠷᠲᠡᠨ ᠦ᠌ ᠲᠡᠦᠬᠡᠲᠦ ᠠᠯᠲᠠᠨ ᠤᠯᠤᠰ ᠤ᠋ᠨ ᠮᠡᠷᠭᠡᠨ ᠦᠵᠢᠮᠡᠢ ᠬᠠᠭᠠᠨ ᠮᠡᠨᠳᠦ ᠢᠯᠡᠭᠡᠪᠡ ᠭᠡᠳ ᠳᠣᠣᠷ᠎ᠠ ᠮᠡᠬᠦᠢᠪᠡ᠃ ᠲᠡᠭᠦᠨ ᠦ᠌ ᠬᠠᠯᠵᠠᠨ ᠲᠣᠯᠣᠭᠠᠢ ᠰᠢᠷᠢᠮᠡᠯ ᠰᠢᠷᠢᠳᠡᠭ ᠱᠦᠷᠭᠦᠨ ᠠᠯᠳᠠᠪᠠᠴᠤ ᠥᠭᠦᠯᠡᠭᠰᠡᠨ ᠦᠭᠡ ᠶ᠋ᠢᠨ ᠬᠢᠨᠢ ᠰᠠᠯᠠᠭ᠎ᠠ ᠤᠳᠬ᠎ᠠ᠂ ᠰᠠᠨᠠᠭ᠎ᠠ ᠪᠣᠳᠣᠯ ᠶᠡᠬᠡ ᠯᠡ ᠳᠡᠭᠡᠭᠦᠷ ᠰᠡᠪᠡᠬᠦ ᠠᠪᠠᠢ᠃《ᠪᠢ ᠪᠣᠯᠬᠣᠷ ᠲᠠᠯ᠎ᠠ ᠶ᠋ᠢᠨ ᠪᠠᠭᠠᠲᠤᠷ᠂ ᠴᠢᠨᠦ ᠡᠵᠡᠨ ᠪᠣᠯᠬᠣᠷ ᠤᠯᠤᠰ ᠤ᠋ᠨ ᠬᠠᠭᠠᠨ ᠶᠤᠮ ᠭᠡᠨ᠎ᠡ》 ᠭᠡᠵᠦ ᠬᠠᠪᠤᠯ ᠴᠡᠭᠡᠵᠢᠨ ᠳ᠋ᠡᠭᠡᠨ ᠡᠷᠢᠭᠡ ᠭᠦᠶᠦᠯᠭᠡᠪᠡᠴᠦ ᠬᠠᠷ᠎ᠠ ᠴᠠᠭᠠᠨ ᠦᠭᠡ ᠳᠤᠤᠭᠠᠷᠤᠭᠰᠠᠨ ᠦᠭᠡᠢ ᠴᠣᠭᠣ ᠰᠢᠷᠳᠡᠨ ᠠᠵᠢ᠃ ᠡᠯᠴᠢ ᠲᠠᠯ᠎ᠠ ᠲᠠᠯ᠎ᠠ᠎ᠠ᠋ᠴᠠ ᠰᠢᠷᠳᠡᠬᠦ ᠬᠡᠭᠡᠷ᠎ᠡ ᠶ᠋ᠢᠨ ᠨᠣᠶᠠᠳ ᠤ᠋ᠨ ᠰᠢᠷᠦᠭᠦᠨ ᠬᠠᠷᠠᠴᠠᠨ ᠳ᠋ᠤ᠌ ᠬᠠᠯᠠᠭᠤᠴᠠᠵᠤ᠂ ᠪᠠᠰᠠ ᠬᠦ᠌ ᠠᠵᠢᠨ ᠳᠥᠵᠢᠨ ᠣᠷᠴᠢᠨ ᠳ᠋ᠤ᠌ ᠭᠠᠭᠴᠠᠭᠠᠷᠳᠠᠨ ᠡᠪ ᠦᠭᠡᠢᠴᠡᠵᠦ ᠰᠣᠶᠣᠭ᠎ᠠ ᠰᠠᠬᠠᠯᠲᠤ ᠬᠡᠯᠡᠮᠦᠷᠴᠢ ᠤᠷᠤᠭᠤ ᠪᠠᠨ ᠨᠢᠭᠡ ᠬᠠᠷᠠᠭᠰᠠᠨ ᠢ᠋ᠶ᠋ᠠᠨ ᠦᠷᠭᠦᠯᠵᠢᠯᠡᠭᠦᠯᠦᠨ ᠱᠤᠯᠤᠭᠠᠨᠠᠪᠠ᠃ ᠮᠥᠨᠥᠬᠢ ᠰᠣᠶᠣᠭ᠎ᠠ ᠰᠠᠬᠠᠯᠲᠤ ᠪᠤᠭᠤᠷᠤᠯ ᠬᠡᠯᠡᠮᠦᠷᠴᠢ ᠤᠳᠬ᠎ᠠ ᠶ᠋ᠢᠨ ᠣᠷᠣᠭ᠎ᠠ ᠬᠦᠯᠦᠭ ᠢ᠋ ᠤᠷᠭ᠎ᠠ ᠶ᠋ᠢᠨ ᠰᠠᠢᠨ ᠮᠣᠷᠢ ᠮᠡᠲᠦ ᠳᠠᠭᠠᠵᠤ ᠨᠢᠭᠡ ᠴᠦ᠍ ᠦᠭᠡ ᠬᠡᠭᠡᠯ ᠦᠭᠡᠢ ᠬᠥᠷᠪᠡᠭᠦᠯᠬᠦ ᠪᠥᠯᠥᠭᠡ᠃
— ᠲᠩᠷᠢ ᠤᠳᠤᠮᠲᠤ ᠦᠵᠢᠮᠡᠢ ᠬᠠᠭᠠᠨ ᠲᠡᠷᠰᠬᠦᠳ ᠵᠠᠩᠨᠠᠭᠰᠠᠨ ᠤᠷᠢᠳ ᠤ᠋ᠨ ᠬᠡᠷᠡᠭ ᠢ᠋ ᠥᠷᠥᠰᠢᠶᠡᠨ ᠰᠣᠶᠣᠷᠬᠠᠵᠤ᠂ ᠠᠢᠯ ᠬᠥᠷᠰᠢ ᠶ᠋ᠢᠨ ᠠᠮᠢ ᠨᠢᠭᠡ ᠶ᠋ᠢ ᠰᠠᠨᠠᠨ ᠪᠣᠯᠭᠣᠭᠠᠵᠤ ᠲᠠᠯ᠎ᠠ ᠶ᠋ᠢᠨ ᠪᠠᠭᠠᠲᠤᠷ ᠬᠠᠪᠤᠯ ᠲᠠᠨ᠎ᠠ ᠶᠢᠰᠦᠨ ᠶᠢᠰᠦ ᠨᠠᠶᠠᠨ ᠨᠢᠭᠡᠨ ᠴᠠᠭᠠᠨ ᠲᠡᠮᠡᠭᠡ ᠠᠴᠢᠶ᠎ᠠ ᠶ᠋ᠢ ᠨᠠᠢᠷᠠᠮᠳᠠᠬᠤ ᠶ᠋ᠢᠨ ᠪᠡᠯᠡᠭ ᠪᠣᠯᠭᠠᠨ ᠢᠯᠡᠭᠡᠭᠰᠡᠨ ᠪᠢᠯᠡ ᠭᠡᠬᠦ ᠳ᠋ᠦ᠍ ᠴᠢᠩᠰᠠᠮ ᠭᠤᠸ᠎ᠠ ᠬᠠᠲᠤᠨ ᠤ᠋ ᠨᠢᠳᠦ ᠭᠢᠯᠠᠯᠵᠠᠵᠤ ᠬᠠᠷᠯᠢ ᠺᠦ ᠶ᠋ᠢ ᠨᠢᠳᠤᠷᠤᠭᠠᠳ ᠠᠪᠤᠪᠠ᠃ ᠡᠯ᠎ᠡ ᠡᠮᠡᠰ ᠦ᠋ᠨ ᠶᠠᠯᠢ ᠦᠭᠡᠢ ᠮᠠᠶᠢᠭᠯᠠᠯ ᠬᠣᠯᠠ ᠶ᠋ᠢᠨ ᠡᠯᠴᠢ ᠶ᠋ᠢᠨ ᠭᠢᠷᠠᠬᠠᠢ ᠬᠠᠷᠠᠴᠠᠨ ᠤ᠋ ᠭᠠᠳᠠᠭᠤᠷ ᠥᠩᠭᠡᠷᠡᠭᠰᠡᠨ ᠦᠭᠡᠢ᠃ ᠲᠡᠷᠡ ᠦᠭᠡᠨ ᠦ᠌ ᠪᠡᠨ ᠦᠨ᠎ᠡ ᠴᠠᠨ᠎ᠠ᠂ ᠪᠡᠯᠡᠭ ᠦ᠋ᠨ ᠢ᠋ᠶ᠋ᠡᠨ ᠵᠢᠩ ᠪᠠᠩ ᠢ᠋ ᠮᠡᠳᠡᠷᠡᠵᠦ ᠳᠠᠭᠤᠨ ᠤ᠋ ᠬᠢᠨᠢ ᠥᠩᠭᠡ ᠠᠷᠠᠢ ᠲᠣᠳᠣᠷᠠᠨ᠂
— ᠶᠡᠬᠡ ᠡᠵᠡᠨ ᠲᠠᠯ᠎ᠠ ᠶ᠋ᠢᠨ ᠶᠡᠬᠡᠰ ᠲᠠ ᠪᠦᠭᠦᠳᠡ ᠪᠡᠨ ᠡᠷᠬᠢᠮᠯᠡᠨ ᠬᠠᠢᠷᠠᠯᠠᠵᠤ ᠪᠠᠢᠳᠠᠭ ᠤ᠋ᠨ ᠤᠴᠢᠷ ᠬᠠᠪᠤᠯ ᠪᠠᠭᠠᠲᠤᠷ ᠲᠠᠨ ᠢ᠋ ᠸᠠᠩ ᠬᠡᠷᠬᠡᠮ ᠢ᠋ᠶ᠋ᠡᠷ ᠱᠠᠩᠨᠠᠭᠰᠠᠨ ᠵᠠᠷᠯᠢᠭ ᠪᠠᠰᠠ ᠢᠯᠡᠭᠡᠭᠰᠡᠨ ᠪᠢᠯᠡ ᠭᠡᠳ ᠴᠠᠭᠠᠨ ᠬᠠᠲᠠᠭᠠᠨ᠎ᠠ ᠪᠠᠳᠮᠠᠷᠠᠭ᠎ᠠ ᠴᠢᠯᠠᠭᠤᠨ ᠵᠢᠩᠰᠡ ᠪᠦᠬᠦᠢ ᠲᠣᠭᠣᠰ ᠤ᠋ᠨ ᠥᠳᠥᠲᠦ ᠮᠠᠯᠠᠭᠠᠢ ᠲᠠᠯᠪᠢᠵᠤ ᠪᠠᠷᠢᠪᠠ᠃ ᠨᠢᠭᠡᠨ ᠠᠭᠱᠠᠨ ᠨᠠᠮ ᠭᠦᠮ ᠪᠣᠯᠤᠭᠰᠠᠨ ᠢ᠋ᠶ᠋ᠠᠨ ᠥᠬᠢᠨᠪᠠᠷᠬᠠᠭ᠂
— ᠲᠡᠰᠦᠨ᠎ᠡ᠂ ᠲᠡᠰᠦᠨ᠎ᠡ ᠭᠡᠬᠦ ᠳ᠋ᠦ᠍ ᠡᠭᠦᠨ ᠡᠴᠡ ᠢᠯᠡᠭᠦᠦ ᠶᠠᠭᠠᠬᠢᠵᠤ ᠲᠡᠰᠬᠦ ᠪᠣᠢ᠃ ᠲᠡᠮᠡᠭᠡ ᠪᠡᠨ᠂ ᠠᠴᠢᠶ᠎ᠠ ᠪᠠᠨ ᠠᠪᠤᠭᠠᠳ ᠠᠷᠢᠯᠵᠤ ᠦᠵᠡ! ᠭᠡᠮᠡᠨ ᠣᠮᠣᠭᠳᠠᠬᠤ ᠳ᠋ᠤ᠌ ᠪᠠᠷᠠᠳᠠᠨᠪᠠᠭᠠᠲᠤᠷ ᠤ᠋ᠨ ᠶᠡᠬᠡ ᠦᠰᠦ ᠪᠡᠷ ᠬᠦᠷᠢᠶᠡᠯᠡᠭᠳᠡᠭᠰᠡᠨ ᠲᠠᠷᠯᠢᠭᠠᠷ ᠬᠦᠷᠡᠩ ᠴᠢᠷᠠᠢ ᠪᠦᠷ ᠬᠦᠷᠡᠯᠡᠢᠵᠦ᠂
— ᠮᠥᠨ ᠳᠡ᠂ ᠬᠠᠷ᠎ᠠ ᠦᠷ ᠢ᠋ᠶ᠋ᠡᠷ ᠬᠠᠨᠲᠠᠭᠠᠵᠠ ᠨᠢ ᠢᠷᠡᠭᠰᠡᠨ᠂ ᠣᠳᠣ ᠲᠣᠯᠣᠭᠠᠢ ᠨᠢ ᠢᠷᠡᠵᠦ ᠪᠠᠢᠨ᠎ᠠ ᠤᠤ! ᠭᠡᠵᠦ ᠳᠠᠪᠰᠢᠯᠠᠪᠠ᠃ ᠡᠯᠴᠢ ᠬᠡᠷᠡᠭ ᠪᠢᠰᠢᠳᠡᠭᠰᠡᠨ ᠢ᠋ ᠤᠬᠠᠭᠠᠷᠠᠵᠤ ᠴᠢᠷᠠᠢ ᠨᠢ ᠴᠡᠢᠨ᠂ ᠬᠣᠭᠣᠯᠠᠢ ᠨᠢ ᠵᠠᠩᠭᠢᠷᠠᠵᠤ᠂
— ᠮᠢᠨᠦ ᠪᠡᠯᠡᠭ ᠪᠢᠰᠢ᠂ ᠮᠠᠨ ᠤ᠋ ᠬᠠᠭᠠᠨ ᠤ᠋ ᠵᠠᠷᠯᠢᠭ ᠰᠢᠦ ᠭᠡᠰᠡᠨ ᠢ᠋ ᠰᠣᠶᠣᠭ᠎ᠠ ᠰᠠᠬᠠᠯᠲᠤ ᠬᠦᠴᠦ ᠪᠡᠷ ᠢᠨᠢᠶᠡᠮᠰᠦᠭᠯᠡᠨ ᠪᠠᠢᠵᠤ ᠬᠡᠯᠡᠮᠦᠷᠴᠢᠯᠡᠬᠦ ᠳ᠋ᠦ᠍ ᠮᠥᠨᠥᠬᠡᠨ ᠶᠡᠬᠡ ᠨᠣᠶᠠᠨ ᠪᠠᠭ᠎ᠠ ᠵᠡᠷᠭᠡ ᠵᠣᠷᠢᠭ ᠣᠷᠣᠵᠤ᠂
— ᠬᠠᠮᠤᠭ ᠮᠣᠩᠭᠣᠯ ᠤ᠋ᠨ ᠬᠠᠪᠤᠯ ᠪᠠᠭᠠᠲᠤᠷ ᠲᠠᠨ ᠢ᠋ ᠠᠯᠲᠠᠨ ᠤᠯᠤᠰ ᠲᠤ᠌ ᠮᠣᠷᠢᠯᠠᠨ ᠢᠷᠡᠵᠦ ᠬᠡᠷᠡᠭ ᠬᠡᠯᠡᠯᠴᠡᠬᠦ ᠶ᠋ᠢ ᠵᠠᠯᠠᠵᠤ ᠪᠣᠢ ᠪᠢᠯᠡ ᠭᠡᠪᠡ᠃ ᠶᠡᠬᠡ ᠥᠷᠭᠥᠭᠡ ᠰᠢᠷᠭᠤᠯᠵᠢ ᠭᠦᠶᠦᠪᠡᠯ ᠳᠣᠭᠣᠯᠳᠠᠮᠠ ᠠᠨᠢᠷ ᠭᠦᠮ ᠳ᠋ᠦ᠍ ᠠᠪᠲᠠᠯ᠎ᠠ᠃ ᠡᠨᠡ ᠦᠭᠡ ᠶ᠋ᠢ ᠬᠡᠯᠡᠬᠦ ᠭᠡᠵᠦ ᠡᠯᠴᠢ ᠴᠦ᠍ ᠶᠡᠬᠡ ᠲᠣᠭᠣᠷᠢᠭᠰᠠᠨ᠂ ᠡᠨᠡ ᠦᠭᠡ ᠶ᠋ᠢ ᠰᠣᠨᠣᠰᠤᠭᠰᠠᠨ ᠶᠡᠬᠡᠰ ᠴᠦ᠍ ᠶᠡᠬᠡ ᠴᠣᠴᠢᠷᠳᠠᠭᠰᠠᠨ ᠪᠥᠯᠥᠭᠡ᠃ ᠶᠢᠰᠦᠭᠡᠢ ᠶ᠋ᠢᠨ ᠵᠢᠷᠦᠬᠡᠨ ᠦ᠌ ᠤᠭ ᠤᠷᠤᠭᠤ ᠰᠤᠮᠤᠨ ᠤ᠋ ᠭᠣᠳᠣᠯᠢ ᠪᠠᠷ ᠬᠠᠳᠬᠤᠭᠠᠳ ᠠᠪᠬᠤ ᠰᠢᠭ᠋ ᠶᠣᠭᠬᠢᠵᠤ᠂ ᠡᠪᠦᠭᠡ ᠬᠠᠭᠠᠨ ᠢ᠋ᠶ᠋ᠠᠨ ᠦᠷᠦ ᠡᠪᠳᠦᠩᠭᠦᠢ ᠬᠠᠷᠠᠬᠤ ᠳ᠋ᠤ᠌ ᠲᠠᠢᠴᠢᠭᠤᠳ ᠤ᠋ᠨ ᠬᠠᠲᠠᠭᠠᠨ ᠡᠬᠢᠯᠡᠭᠡᠳ ᠠᠪᠤ ᠬᠠᠭᠠᠨ ᠢ᠋ᠶ᠋ᠠᠨ᠂ ᠳᠠᠷᠠᠭ᠎ᠠ ᠨᠢ ᠠᠨᠳᠠ ᠳᠣᠲᠣᠷ ᠪᠢᠯᠭᠡ ᠪᠡᠨ ᠠᠰᠠᠭᠤᠭᠰᠠᠨ ᠬᠠᠷᠠᠴᠠ ᠪᠠᠷ ᠰᠢᠷᠳᠡᠪᠡ᠃ ᠥᠬᠢᠨᠪᠠᠷᠬᠠᠭ ᠤ᠋ᠨ ᠰᠠᠢᠬᠠᠨ ᠴᠠᠭᠠᠨ ᠴᠢᠷᠠᠢ ᠴᠢᠰ ᠤᠯᠠᠢᠵᠤ ᠠᠭᠤᠷ ᠬᠢᠯᠢᠩ ᠡᠴᠦᠰ ᠲᠡᠭᠡᠨ ᠬᠦᠷᠴᠦ᠂ ᠳᠡᠯᠪᠡ ᠲᠠᠲᠠᠬᠤ ᠮᠡᠲᠦ ᠡᠮᠦᠨ᠎ᠡ ᠪᠡᠨ ᠲᠠᠯᠪᠢᠭᠰᠠᠨ ᠮᠠᠢᠭ᠎ᠠ ᠰᠢᠷᠡᠭᠡᠨ᠎ᠡ ᠵᠠᠩᠭᠢᠳᠤᠭᠰᠠᠨ ᠭᠠᠷ ᠢ᠋ᠶ᠋ᠠᠨ ᠳᠡᠰ ᠪᠠᠭᠤᠯᠭᠠᠵᠤ᠂
— ᠮᠠᠭᠤ ᠬᠠᠷ᠎ᠠ ᠬᠢᠲᠠᠳ! ᠭᠡᠯᠡ᠃ ᠲᠡᠭᠦᠨ ᠳ᠋ᠦ᠍ ᠡᠭᠦᠨ ᠡᠴᠡ ᠢᠯᠡᠭᠦᠦ ᠮᠠᠭᠤ ᠦᠭᠡ᠂ ᠮᠠᠭᠤᠬᠠᠢ ᠬᠠᠷᠢᠶᠠᠯ ᠣᠯᠳᠠᠭᠰᠠᠨ ᠦᠭᠡᠢ ᠪᠣᠯᠤᠯᠲᠠᠢ᠃ ᠶᠠᠭᠤ ᠶᠠᠭᠤᠨ ᠤ᠋ ᠲᠦᠷᠦᠭᠦᠨ ᠳ᠋ᠦ᠍ ᠬᠠᠲᠠᠭᠠᠨ ᠳᠡᠭᠦᠦ ᠶ᠋ᠢᠨ ᠬᠢᠨᠢ ᠬᠠᠷ᠎ᠠ ᠦᠬᠦᠯ ᠰᠠᠨᠠᠭᠳᠠᠭᠰᠠᠨ ᠬᠡᠷᠡᠭ᠃ ᠲᠡᠷᠡ ᠪᠡᠷ ᠡᠮᠦᠨ᠎ᠡ ᠶ᠋ᠢᠨ ᠴᠡᠩᠬᠡᠷ ᠭᠣᠪᠢ ᠤᠷᠤᠭᠤ ᠵᠡᠭᠡᠷ᠎ᠡ ᠶ᠋ᠢᠨ ᠠᠩ ᠳ᠋ᠤ᠌ ᠮᠣᠷᠳᠠᠭᠰᠠᠨ ᠠᠪᠠᠢ᠃ ᠠᠩ ᠤ᠋ᠨ ᠲᠩᠷᠢ ᠲᠡᠢ ᠵᠠᠯᠠᠭᠤ ᠡᠷ᠎ᠡ ᠴᠠᠭᠠᠨ ᠵᠡᠭᠡᠷ᠎ᠡ ᠶ᠋ᠢᠨ ᠰᠢᠷᠭᠠᠯ ᠲᠣᠭᠣᠰᠣᠨ ᠳᠤᠮᠳᠠ ᠠ᠋ᠴᠠ ᠡᠷᠭᠢᠵᠦ ᠢᠷᠡᠭᠡ ᠦᠭᠡᠢ ᠪᠢᠯᠡ᠃ ᠪᠠᠷᠠᠳᠠᠨᠪᠠᠭᠠᠲᠤᠷ ᠬᠠᠷ᠎ᠠ ᠳᠡᠭᠡᠷ᠎ᠡ ᠪᠡᠨ ᠬᠠᠷ᠎ᠠ ᠪᠣᠯᠵᠤ᠂ ᠨᠢᠳᠦ ᠨᠢ ᠤᠯᠠᠭᠠᠨ ᠢ᠋ᠶ᠋ᠠᠷ ᠡᠷᠭᠢᠯᠳᠦᠨ᠂
— ᠭᠤᠸ᠎ᠠ ᠪᠣᠶᠣᠷᠣᠭ ᠮᠠᠷᠬᠤᠰ ᠢ᠋ ᠲᠠᠯ᠎ᠠ ᠶ᠋ᠢᠨ ᠬᠢᠨ ᠮᠠᠷᠲᠠᠭ᠎ᠠ ᠦᠭᠡᠢ᠃ ᠬᠠᠲᠠᠭᠠᠨ ᠳᠡᠭᠦᠦ ᠪᠡᠨ ᠪᠢᠳᠡ ᠮᠠᠷᠲᠠᠭ᠎ᠠ ᠦᠭᠡᠢ᠃ ᠰᠠᠢᠨ ᠬᠥᠮᠦᠨ ᠦ᠌ ᠦᠷ᠎ᠡ ᠶ᠋ᠢ ᠠᠯᠠᠵᠤ ᠶᠠᠭᠠᠬᠢᠨ ᠪᠣᠯᠬᠤ ᠪᠣᠢ! ᠭᠡᠳ ᠥᠨᠳᠡᠯᠵᠡᠬᠦ ᠡᠯᠴᠢ ᠱᠠᠯᠠ ᠳ᠋ᠠᠭᠠᠨ ᠪᠠᠭᠤᠵᠤ᠂
— ᠡᠷᠬᠢᠮ ᠪᠠᠭᠠᠲᠤᠷ ᠤ᠋ᠳ ᠲᠣᠭᠲᠠᠵᠤ ᠠᠢᠯᠠᠳ! ᠮᠠᠨ ᠤ᠋ ᠬᠠᠭᠠᠨ ᠤ᠋ ᠵᠠᠯᠠᠯᠭ᠎ᠠ ᠪᠣᠯᠬᠤ ᠠ᠋ᠴᠠ ᠪᠢᠰᠢ ᠠᠯᠠᠯᠭ᠎ᠠ ᠪᠢᠰᠢ ᠬᠡᠮᠡᠪᠡᠰᠦ ᠪᠦᠭᠦᠳᠡ ᠠᠮᠠ ᠠᠮᠠᠨ ᠳ᠋ᠠᠭᠠᠨ ᠱᠤᠤᠭᠢᠯᠳᠤᠨ ᠳᠣᠣᠷ᠎ᠠ ᠳᠣᠣᠷ᠎ᠠ ᠪᠠᠨ ᠥᠨᠳᠡᠯᠵᠡᠬᠦ ᠳ᠋ᠦ᠍ ᠬᠠᠪᠤᠯ ᠬᠠᠭᠠᠨ ᠴᠢᠮᠡᠭᠡ ᠦᠭᠡᠢ ᠰᠠᠭᠤᠵᠤ ᠰᠠᠭᠤᠵᠤ ᠪᠠᠷᠠᠭᠤᠨ ᠭᠠᠷ ᠢ᠋ᠶ᠋ᠠᠨ ᠵᠤᠭᠤᠤᠬᠠᠨ ᠡᠷᠭᠦᠪᠡ᠃ ᠪᠦᠭᠦᠳᠡ ᠨᠠᠮ ᠭᠦᠮ ᠪᠣᠯᠤᠯ᠎ᠠ᠃
— ᠪᠢ ᠣᠴᠢᠨ᠎ᠠ᠃
ᠲᠡᠷᠡ ᠪᠡᠷ ᠡᠢᠮᠦ ᠦᠭᠡ ᠬᠡᠯᠡᠭᠡᠳ ᠪᠤᠳᠠᠩ ᠳᠤᠮᠳᠠ ᠬᠥᠭᠯᠡᠢᠨ ᠪᠠᠷᠠᠭᠠᠨᠳᠠᠭᠴᠢ ᠪᠤᠷᠬᠠᠨ ᠬᠠᠯᠳᠤᠨ ᠮᠡᠲᠦ ᠲᠠᠭ ᠴᠢᠭ ᠰᠠᠭᠤᠪᠠ᠃ ᠬᠡᠨ ᠴᠦ᠍ ᠶᠠᠭᠤ ᠴᠣ ᠡᠰᠡ ᠳᠤᠤᠭᠠᠷᠴᠤ ᠴᠢᠳᠠᠯ᠎ᠠ᠃ ᠭᠣᠣᠯ ᠬᠡᠷᠡᠭ ᠢ᠋ᠶ᠋ᠡᠨ ᠡᠢᠨ ᠪᠦᠲᠦᠭᠡᠭᠰᠡᠨ ᠡᠯᠴᠢ ᠣᠳᠣ ᠬᠦᠷᠲᠡᠯ᠎ᠡ ᠬᠠᠳᠠᠭ ᠤ᠋ᠨ ᠳᠡᠭᠡᠷ᠎ᠡ ᠵᠠᠯᠠᠭᠠᠰᠤᠲᠠᠢ ᠸᠠᠩ ᠮᠠᠯᠠᠭᠠᠢ ᠶ᠋ᠢ ᠶᠠᠭᠠᠬᠢᠬᠤ ᠪᠠᠨ ᠮᠡᠳᠡᠬᠦ ᠦᠭᠡᠢ ᠬᠡᠰᠡᠭ ᠡᠷᠡᠭᠡᠯᠵᠡᠭᠰᠡᠨ ᠢ᠋ᠶ᠋ᠡᠨ ᠰᠠᠶᠢ ᠤᠬᠠᠭᠠᠨ ᠰᠡᠢᠯᠵᠦ᠂ —ᠶᠡᠬᠡ ᠪᠠᠭᠠᠲᠤᠷ ᠲᠠ ᠡᠵᠡᠨ ᠬᠠᠭᠠᠨ ᠤ᠋ ᠢᠯᠡᠭᠡᠭᠰᠡᠨ ᠨᠠᠶᠠᠨ ᠨᠢᠭᠡᠨ ᠴᠠᠭᠠᠨ ᠲᠡᠮᠡᠭᠡ ᠪᠡᠯᠡᠭ ᠢ᠋ ᠰᠣᠶᠣᠷᠬᠠᠨ ᠪᠣᠯᠭᠣᠭᠠᠨ᠎ᠠ ᠤᠤ? ᠭᠡᠵᠦ ᠨᠠᠬᠢᠯᠵᠠᠬᠤ ᠳ᠋ᠤ᠌ ᠬᠠᠪᠤᠯ ᠲᠡᠭᠦᠨ ᠤᠷᠤᠭᠤ ᠬᠥᠮᠦᠨ ᠦ᠌ ᠤᠷᠮᠠᠨ ᠳ᠋ᠤ᠌ ᠬᠠᠷᠠᠭᠰᠠᠨ ᠦᠭᠡᠢ᠂
—ᠲᠠ ᠨᠠᠷ ᠪᠣᠯᠭᠣᠭ᠎ᠠ! ᠭᠡᠵᠦ ᠬᠡᠨ ᠳ᠋ᠦ᠍ ᠴᠦ᠍ ᠬᠠᠨᠳᠤᠯ ᠦᠭᠡᠢ ᠴᠢᠭᠤᠯᠤᠭᠰᠠᠨ ᠪᠦᠭᠦᠳᠡ ᠶ᠋ᠢᠨ ᠳᠤᠮᠳᠠ ᠬᠡᠯᠡᠪᠡ᠃ ᠡᠯᠴᠢ ᠶᠠᠭᠤ ᠲᠠᠢ ᠴᠤ᠌ ᠬᠡᠷᠡᠭ ᠢ᠋ᠶ᠋ᠡᠨ ᠪᠦᠲᠦᠭᠡᠭᠰᠡᠨ ᠬᠥᠮᠦᠨ ᠦ᠌ ᠠᠮᠤᠭᠤᠯᠠᠩ ᠴᠢᠷᠠᠢ ᠭᠠᠷᠭᠠᠵᠤ᠂ ᠡᠵᠡᠨ ᠣᠯᠳᠠᠭ᠎ᠠ ᠦᠭᠡᠢ ᠸᠠᠩ ᠮᠠᠯᠠᠭᠠᠢ ᠪᠠᠨ ᠪᠠᠷᠢᠭᠰᠠᠨ ᠴᠢᠭ ᠲᠡᠭᠡᠨ ᠤᠬᠤᠷᠢᠵᠤ ᠮᠡᠬᠦᠯᠵᠡᠭᠰᠡᠭᠡᠷ ᠨᠣᠶᠠᠳ ᠤ᠋ᠨ ᠬᠠᠷᠠᠴᠠ ᠳᠠᠭᠠᠭᠤᠯᠤᠨ ᠭᠠᠷᠴᠤ ᠣᠳᠤᠯ᠎ᠠ᠃ ᠶᠡᠬᠡ ᠦᠷᠭᠦᠭᠡᠨ ᠳ᠋ᠦ᠍ ᠴᠢᠮᠡᠭᠡ ᠦᠭᠡᠢ ᠲᠦᠩᠰᠦᠢᠵᠦ᠂ ᠬᠠᠮᠤᠭ ᠮᠣᠩᠭᠣᠯ ᠤ᠋ᠨ ᠬᠠᠪᠤᠯ ᠬᠠᠭᠠᠨ ᠪᠣᠳᠣᠯ ᠳ᠋ᠤ᠌ ᠳᠠᠷᠤᠭᠳᠠᠨ ᠰᠠᠭᠤᠲᠠᠯ᠎ᠠ᠂
— ᠬᠠᠭᠠᠨ ᠲᠠ ᠶᠠᠪᠤᠬᠤ ᠬᠡᠷᠡᠭ ᠪᠠᠢᠨ᠎ᠠ ᠤᠤ ᠳᠠ ᠭᠡᠵᠦ ᠬᠠᠵᠠᠭᠤ ᠳ᠋ᠤᠨᠢ ᠥᠭᠦᠯᠡᠬᠦ ᠳ᠋ᠦ᠍ ᠴᠣᠴᠢᠵᠤ ᠬᠠᠷᠠᠪᠠᠯ ᠬᠠᠷᠯᠢ ᠬᠦ ᠬᠠᠲᠤᠨ ᠰᠠᠨᠵᠠᠢ᠃ ᠨᠠᠰᠤ ᠪᠠᠷ ᠢ᠋ᠶ᠋ᠠᠨ ᠬᠠᠨᠢᠯᠠᠭᠰᠠᠨ ᠠᠮᠢᠲᠠᠨ ᠰᠡᠳᠬᠢᠯ ᠵᠣᠪᠠᠵᠤ ᠦᠯᠡᠳᠡᠭᠰᠡᠨ ᠨᠢ ᠡᠨᠡ ᠶᠦ᠍ᠮ᠃ ᠨᠠᠶᠠᠨ ᠨᠢᠭᠡᠨ ᠲᠡᠮᠡᠭᠡ ᠠᠴᠢᠶᠠᠨ ᠤ᠋ ᠰᠤᠷᠠᠭ ᠢ᠋ᠶ᠋ᠠᠷ ᠥᠨᠳᠡᠯᠵᠡᠵᠦ ᠠᠭᠰᠠᠨ ᠡᠮ᠎ᠡ ᠵᠠᠩ ᠬᠡᠢᠰᠦᠨ ᠠᠷᠢᠯᠵᠤ᠂ ᠭᠠᠭᠴᠠ ᠴᠤ᠌ ᠦᠷᠴᠢᠯᠡᠭᠡ ᠦᠭᠡᠢ ᠲᠣᠯᠢᠭᠠᠷ ᠰᠠᠢᠬᠠᠨ ᠴᠢᠷᠠᠢ ᠳ᠋ᠤᠨᠢ ᠠᠶᠤᠳᠠᠰᠤ ᠶ᠋ᠢᠨ ᠰᠡᠭᠦᠳᠡᠷ ᠰᠡᠭᠦᠳᠡᠭᠡᠨᠡᠨ᠂ ᠲᠡᠯᠮᠡᠭᠡᠷ ᠠᠯᠠᠭ ᠨᠢᠳᠦ ᠨᠢ ᠬᠠᠭᠠᠨ ᠡᠷ᠎ᠡ ᠶ᠋ᠢᠨ ᠢ᠋ᠶ᠋ᠡᠨ ᠬᠠᠷᠠᠴᠠᠨ ᠠ᠋ᠴᠠ ᠦᠨᠡᠨ ᠢ᠋ ᠡᠷᠢᠵᠦ ᠣᠯᠬᠤ ᠭᠡᠵᠦ ᠪᠦᠯᠲᠡᠭᠡᠨᠡᠪᠡ᠃
— ᠶᠠᠪᠤᠨ᠎ᠠ ᠠ᠋᠃
— ᠬᠠᠭᠠᠨᠲᠠᠨ ᠮᠢᠨᠢ᠂ ᠭᠤᠸ᠎ᠠ ᠪᠤᠶᠤᠷᠣᠭ᠋ ᠮᠠᠷᠬᠤᠰ ᠮᠣᠳᠣᠨ ᠡᠯᠵᠢᠭᠡ ᠲᠡᠪᠡᠷᠢᠵᠦ ᠨᠥᠭᠴᠢᠭᠰᠡᠨ ᠢ᠋ ᠲᠠ ᠮᠠᠷᠲᠠᠭ᠎ᠠ ᠦᠭᠡᠢ ᠪᠢᠵᠡ᠃
— ᠦᠬᠡᠷ ᠬᠠᠳᠠᠭᠠᠰᠤ ᠪᠠᠷ ᠬᠠᠲᠠᠭᠰᠠᠨ ᠢ᠋ ᠴᠦ᠍ ᠮᠠᠷᠲᠠᠭ᠎ᠠ ᠦᠭᠡᠢ ᠭᠡᠳ ᠳᠤᠯᠢᠶ᠎ᠠ ᠲᠠᠢ ᠰᠠᠢᠬᠠᠨ ᠬᠠᠲᠤᠨ ᠢ᠋ᠶ᠋ᠠᠨ ᠰᠠᠶᠢ ᠦᠵᠡᠵᠦ ᠪᠣᠢ ᠮᠡᠲᠦ ᠤᠳᠠᠭᠠᠨ ᠬᠠᠷᠠᠪᠠ᠃ ᠬᠣᠩᠭᠢᠷᠠᠳ ᠠᠢᠮᠠᠭ ᠠ᠋ᠴᠠ ᠪᠡᠷᠢ ᠪᠠᠭᠤᠯᠭᠠᠵᠤ ᠬᠡᠲᠡ ᠴᠠᠬᠢᠬᠤ ᠳ᠋ᠤ᠌ ᠲᠣᠰᠣ ᠲᠠᠢ ᠭᠠᠷ ᠢ᠋ᠶ᠋ᠠᠷ ᠪᠠᠷᠢᠮ᠎ᠠ ᠦᠭᠡᠢ ᠴᠡᠪᠡᠷᠬᠡᠨ᠂ ᠲᠣᠷᠭ᠎ᠠ ᠳᠤᠷᠳᠤᠩ ᠴᠤ᠌ ᠰᠢᠷᠦᠭᠦᠳᠡᠮᠡ ᠪᠤᠯᠪᠠᠷᠠᠢᠬᠠᠨ ᠠᠮᠢᠲᠠᠨ ᠪᠠᠢᠵᠤ ᠪᠢᠯᠡ᠃ ᠠᠯᠲᠠᠨ ᠤᠯᠤᠰ ᠤ᠋ᠨ ᠵᠠᠯᠠᠯᠭ᠎ᠠ ᠪᠠᠷ ᠮᠣᠷᠢᠯᠠᠬᠤ ᠳ᠋ᠤ᠌ ᠡᠷᠲᠡᠨ ᠦ᠌ ᠦᠰ ᠰᠠᠨᠠᠵᠤ ᠮᠣᠳᠣᠨ ᠡᠯᠵᠢᠭᠡᠨᠡ ᠮᠣᠷᠳᠠᠭᠤᠯᠤᠯ᠎ᠠ ᠭᠡᠬᠦ ᠳ᠋ᠦ᠍ ᠡᠨᠡ ᠮᠢᠨᠢ ᠯᠡ ᠥᠨᠥᠴᠢᠷᠡᠨ᠎ᠡ ᠳᠡ᠃ ᠥᠨᠥ ᠴᠠᠷᠺᠢᠯ ᠨᠣᠳᠣᠢ ᠶ᠋ᠢᠨ ᠭᠤᠸ᠎ᠠ ᠬᠠᠲᠤᠨ ᠰᠢᠭ᠋ ᠯᠡ ᠥᠨᠥᠴᠢᠷᠡᠨ᠎ᠡ ᠳᠡ ᠭᠡᠵᠦ ᠪᠣᠳᠣᠪᠠ᠃ ᠶᠡᠷᠦ ᠰᠠᠨᠠᠭᠠᠨ ᠳ᠋ᠤ᠌ ᠦᠭᠡᠢ ᠣᠷᠣᠵᠤ ᠢᠷᠡᠭᠰᠡᠨ ᠡᠯ᠎ᠡ ᠪᠣᠳᠣᠯ ᠠ᠋ᠴᠠ ᠤᠯᠪᠠᠭᠠᠯᠠᠨ《᠁ ᠨᠡᠭᠡᠷᠡᠨ᠂ ᠲᠡᠷᠡ ᠮᠠᠭᠤ ᠬᠠᠲᠤᠨ ᠬᠠᠮᠢᠭ᠎ᠠ ᠪᠠᠨ ᠶᠠᠪᠤᠳᠠᠭ ᠪᠣᠯ᠃ ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ ᠶᠠᠩᠬᠠᠨ ᠬᠦᠷᠲᠡᠭᠰᠡᠨ ᠪᠢᠯᠡ᠃ ᠵᠠᠯᠠᠭᠤ ᠬᠥᠮᠦᠨ ᠠᠮᠢᠳᠤ ᠯᠠ ᠪᠠᠢᠳᠠᠭ ᠪᠠᠢᠬ᠎ᠠ ᠳᠠ᠃ ᠪᠠᠰᠠ ᠨᠢᠭᠡ ᠮᠠᠭᠤ ᠵᠤᠯᠳᠠᠷᠠᠢ ᠪᠣᠢ᠃ ᠲᠡᠭᠦᠨ ᠢ᠋ ᠪᠡᠨ ᠬᠥᠲᠥᠯᠦᠭᠡᠳ ᠯᠡ ᠬᠦᠷᠢᠶ᠎ᠡ ᠬᠦᠷᠢᠶ᠎ᠡ ᠬᠡᠰᠦᠵᠦ᠂ ᠠᠢᠯ ᠠᠢᠯ ᠤ᠋ᠨ ᠲᠣᠭᠣᠭ᠎ᠠ ᠥᠩᠭᠡᠢᠵᠦ ᠶᠠᠪᠤᠭ᠎ᠠ ᠪᠢᠵᠡ᠂ ᠬᠥᠭᠡᠷᠦᠬᠦᠢ᠃ ᠶᠸᠯᠢᠤᠢ ᠳᠠᠰᠢ ᠥᠷᠥᠨ᠎ᠡ ᠵᠦᠭ ᠣᠲᠣᠭᠠᠳ ᠲᠠᠪᠤᠨ ᠨᠠᠮᠤᠷ ᠤ᠋ᠨ ᠨᠢᠭᠤᠷ ᠦᠵᠡᠯ᠎ᠡ᠃ ᠵᠠᠷᠯᠢᠭ ᠢ᠋ᠶ᠋ᠠᠷ ᠥᠷᠥᠰᠢᠶᠡᠵᠦ ᠬᠡᠮᠡᠨ᠎ᠡ ᠶᠠᠯᠠᠲᠤ ᠲᠠᠲ᠋ᠠᠷ ᠤ᠋ᠨ ᠬᠠᠲᠤᠨ ᠢ᠋ ᠢᠪᠡᠭᠡᠭᠡᠳ᠂ ᠠᠯᠲᠠᠨ ᠤᠯᠤᠰ ᠢ᠋ ᠠᠷᠭᠠᠳᠠᠵᠤ ᠣᠴᠢᠭᠰᠠᠨ ᠪᠣᠯᠬᠤ ᠶᠤᠮ ᠳᠠ》 ᠭᠡᠵᠦ ᠪᠣᠳᠣᠪᠠ᠃
— ᠡᠷ᠎ᠡ ᠬᠥᠮᠦᠨ ᠢ᠋ ᠶᠠᠪᠤᠭᠤᠯᠤᠨ ᠪᠠᠢᠵᠤ ᠬᠡᠯᠡ ᠭᠡᠳᠡᠭ ᠪᠢᠯᠡ᠃ ᠦᠰᠦ ᠤᠷᠲᠤ᠂ ᠤᠬᠠᠭᠠᠨ ᠪᠣᠭᠣᠨᠢ ᠬᠠᠲᠤᠨ ᠪᠢ ᠬᠠᠭᠠᠨ ᠲᠠᠨ ᠳ᠋ᠤ᠌ ᠶᠠᠭᠤ ᠬᠡᠯᠡᠬᠦ ᠪᠣᠢ ᠳᠠ ᠭᠡᠮᠡᠨ ᠬᠠᠷᠯᠢ ᠬᠦ᠌ ᠭᠣᠮᠣᠳᠠᠩᠭᠤᠢ ᠥᠭᠦᠯᠡᠬᠦ ᠳ᠋ᠦ᠍ ᠬᠠᠪᠤᠯ ᠬᠠᠭᠠᠨ ᠭᠠᠳᠠᠨ᠎ᠠ ᠪᠠᠨ ᠥᠬᠦᠭᠡᠷᠳᠡᠩᠭᠦᠢ ᠮᠤᠰᠢᠯᠵᠠᠪᠠᠴᠤ᠂ ᠳᠣᠲᠣᠷ᠎ᠠ ᠪᠠᠨ ᠪᠣᠯ《᠁ ᠨᠠᠮᠠᠶ᠋ᠢ ᠦᠬᠦᠪᠡᠯ ᠡᠨᠡ ᠮᠢᠨᠢ ᠯᠡ ᠵᠣᠪᠠᠨ᠎ᠠ ᠳᠠ᠃ ᠶᠠᠭ ᠪᠦᠯᠵᠢᠭᠡᠨ ᠭᠤᠸ᠎ᠠ ᠬᠠᠲᠤᠨ ᠰᠢᠭ᠋ ᠯᠡ᠁》 ᠭᠡᠵᠦ ᠵᠢᠷᠦᠬᠡ ᠡᠮᠵᠡᠭᠯᠡᠨ ᠵᠣᠪᠠᠨᠢᠵᠤ ᠠᠪᠠᠢ᠃
5
ᠴᠠᠰᠤᠨ ᠳᠠᠬᠤ ᠨᠥᠮᠥᠷᠦᠭᠰᠡᠨ ᠪᠢᠲᠡᠭᠦᠦ ᠰᠢᠭᠤᠢ ᠲᠠᠢ ᠬᠠᠶᠠᠭ᠎ᠠ ᠵᠠᠯᠭᠠᠬᠤ ᠮᠡᠯᠡᠬᠡᠢ ᠴᠠᠭᠠᠨ ᠲᠠᠯ᠎ᠠ ᠪᠠᠷ ᠶᠠᠪᠠᠭᠠᠨ ᠬᠤᠢ ᠳ᠋ᠤ᠌ ᠲᠠᠭᠤᠭᠳᠠᠬᠤ ᠥᠨᠥᠴᠢᠨ ᠬᠠᠮᠬᠤᠤᠯ ᠪᠤᠲᠠ ᠪᠤᠲᠠᠨ ᠤ᠋ ᠨᠥᠮᠥᠷᠢ ᠳ᠋ᠦ᠍ ᠲᠠᠤᠯᠠᠢᠴᠢᠯᠠᠨ ᠬᠢᠷᠤᠪᠠᠴᠤ ᠲᠦᠳᠡᠬᠡᠨ ᠬᠡᠢᠰᠦᠨ ᠣᠳᠬᠤ ᠠᠵᠢ᠃ ᠶᠡᠷᠦ ᠵᠣᠪᠠᠯᠠᠩᠲᠤ ᠡᠬᠡ ᠬᠦᠦ ᠬᠣᠶᠠᠷ ᠤ᠋ᠨ ᠵᠠᠶᠠᠭ᠎ᠠ ᠡᠨᠡ ᠮᠡᠲᠦ ᠪᠠᠢᠯ᠎ᠠ᠃ ᠮᠥᠨᠥᠬᠡᠨ ᠢᠯᠭᠢᠨ ᠳᠡᠪᠡᠯ ᠨᠢ ᠪᠦᠷ ᠪᠠᠭᠠᠳᠠᠵᠤ ᠲᠣᠭᠳᠣᠢᠭᠰᠠᠨ ᠲᠡᠮᠦᠵᠢᠨ ᠦᠭᠡ᠂ ᠪᠦᠯᠵᠢᠭᠡᠨ ᠬᠠᠲᠤᠨ ᠢᠵᠢᠢ ᠶ᠋ᠢᠨ ᠨᠢᠷᠤᠭᠤ ᠠᠮᠠᠷᠠᠭᠠᠨ ᠣᠪᠣᠬᠠᠢ ᠪᠠᠨ ᠡᠭᠦᠷᠴᠦ ᠳᠠᠭᠠᠭᠠᠬᠤ ᠲᠠᠢ ᠪᠣᠯᠵᠠᠢ᠃ ᠡᠳᠦᠭᠡ ᠡᠷᠬᠡ ᠶ᠋ᠢ ᠰᠤᠷᠤᠭᠰᠠᠨ᠂ ᠨᠣᠶᠠᠨ ᠵᠠᠩ ᠪᠠᠭ᠎ᠠ ᠪᠠᠭ᠎ᠠ ᠪᠠᠷ ᠠᠷᠢᠯᠵᠤ᠂ ᠪᠡᠷᠬᠡ ᠶ᠋ᠢ ᠦᠵᠡᠭᠰᠡᠨ ᠡᠷ᠎ᠡ ᠬᠥᠮᠦᠨ ᠦ᠌ ᠪᠢᠷ᠎ᠠ ᠠᠮᠲᠠᠭᠳᠠᠨ᠂ ᠤᠬᠠᠭᠠᠨ ᠲᠡᠮᠲᠡᠷᠢᠭᠳᠡᠵᠦ ᠪᠣᠢ ᠠᠷᠪᠠᠨ ᠭᠤᠷᠪᠠᠨ ᠨᠠᠰᠤ ᠲᠤᠯᠠ ᠪᠠᠰᠠ ᠴᠣ ᠴᠠᠰᠤᠨ ᠰᠢᠭᠤᠷᠭᠠᠨ ᠠ᠋ᠴᠠ ᠥᠵᠢᠨ ᠢᠵᠢᠢ ᠪᠡᠨ ᠨᠥᠮᠥᠷᠢᠯᠡᠬᠦ ᠠᠶᠠᠳᠠᠨ ᠠᠯᠬᠤᠬᠤ ᠠᠵᠢ᠃ ᠬᠠᠮᠤᠭ ᠮᠣᠩᠭᠣᠯ ᠤ᠋ᠨ ᠠᠢᠯ ᠪᠦᠷᠢ ᠶ᠋ᠢᠨ ᠲᠣᠭᠣᠭ᠎ᠠ ᠥᠩᠭᠡᠢᠬᠦ ᠶᠠᠯ᠎ᠠ ᠶᠠᠩᠬᠠᠨ ᠬᠠᠲᠠᠭᠤ ᠠᠭᠠᠳ ᠬᠡᠨ ᠦ᠌ ᠴᠦ᠍ ᠬᠠᠶᠠᠭᠠᠨ ᠳ᠋ᠤ᠌ ᠭᠣᠶᠣᠯᠭ᠎ᠠ ᠭᠤᠶᠤᠵᠤ ᠭᠤᠷᠪᠠ ᠯᠠ ᠬᠣᠨᠣᠭᠰᠠᠨ ᠪᠣᠯ ᠴᠠᠰᠤᠨ ᠰᠢᠭᠤᠷᠭ᠎ᠠ᠂ ᠤᠰᠤᠨ ᠪᠣᠷᠣᠭ᠎ᠠ ᠦᠯᠦ ᠢᠯᠭᠠᠨ ᠬᠥᠭᠡᠭᠡᠭᠳᠡᠬᠦ ᠦᠢᠯᠡ ᠲᠡᠢ ᠪᠥᠯᠥᠭᠡ᠃ ᠡᠢᠨ ᠳᠠᠷᠠᠭ᠎ᠠ ᠶ᠋ᠢᠨ ᠠᠢᠯ ᠤ᠋ᠨ ᠲᠣᠭᠣᠭ᠎ᠠ ᠥᠩᠭᠡᠢᠬᠦ ᠪᠡᠷ ᠰᠠᠵᠢᠯᠠᠬᠤ ᠨᠢ ᠪᠣᠢ᠃ ᠲᠡᠭᠡᠭᠡᠳ ᠴᠦ᠍ ᠬᠠᠮᠤᠭ ᠮᠣᠩᠭᠣᠯ ᠬᠠᠨᠯᠢᠭ ᠤ᠋ᠨ ᠨᠣᠶᠠᠳ ᠪᠠᠶᠠᠳ ᠵᠤᠨ ᠤ᠋ ᠴᠠᠭ ᠲᠤ᠌ ᠪᠡᠯᠴᠢᠭᠡᠷ ᠬᠥᠭᠡᠭᠡᠵᠦ ᠳᠡᠷᠡᠨ ᠨᠤᠲᠤᠭᠯᠠᠭᠠᠳ᠂ ᠡᠪᠦᠯ ᠦ᠋ᠨ ᠴᠠᠭ ᠲᠤ᠌ ᠬᠦᠷᠢᠶ᠎ᠡ ᠡᠭᠦᠰᠬᠡᠨ ᠪᠠᠭᠤᠵᠤ ᠬᠠᠪᠤᠷ ᠢ᠋ ᠬᠦᠯᠢᠶᠡᠬᠦ ᠲᠤᠯᠠ᠂ ᠨᠢᠭᠡᠨ ᠬᠦᠷᠢᠶᠡᠨ ᠡᠴᠡ ᠨᠥᠭᠦᠭᠡ ᠬᠦᠷᠢᠶ᠎ᠡ ᠬᠦᠷᠲᠡᠯ᠎ᠡ ᠯᠠᠪᠲᠠᠶ᠎ᠠ ᠳᠠᠯᠠᠨ ᠳᠠᠭᠤᠨ ᠤ᠋ ᠭᠠᠵᠠᠷ ᠪᠠᠢᠬᠤ ᠨᠢ ᠶᠠᠪᠠᠭᠠᠨ ᠡᠬᠡ ᠬᠦᠦ ᠬᠣᠶᠠᠷ ᠲᠤ᠌ ᠤᠷᠲᠤ ᠵᠠᠮ ᠠᠵᠢ᠃ ᠨᠢᠳᠦ ᠦᠭᠡᠢ ᠰᠢᠭᠤᠷᠭᠠᠨ ᠳ᠋ᠤ᠌ ᠬᠠᠷᠭᠤᠢ ᠠᠯᠲᠠᠨ ᠲᠥᠭᠡᠷᠢᠪᠡᠯ ᠣᠰᠤᠭᠤᠵᠤ ᠦᠬᠦᠵᠦ᠂ ᠬᠡᠭᠡᠷ᠎ᠡ ᠶ᠋ᠢᠨ ᠨᠣᠬᠠᠢ ᠶ᠋ᠢᠨ ᠢᠳᠡᠰᠢ ᠪᠣᠯᠵᠤ ᠴᠤ᠌ ᠮᠡᠳᠡᠬᠦ ᠪᠢᠯᠡ᠃ ᠭᠡᠪᠡᠴᠦ ᠦᠬᠦᠵᠦ ᠪᠣᠯᠬᠤ ᠦᠭᠡᠢ᠃ ᠳᠣᠮᠣᠭᠲᠤ ᠴᠠᠷᠭᠢᠯ ᠨᠣᠳᠣᠢ ᠶ᠋ᠢᠨ ᠬᠠᠲᠤᠨ᠂ ᠠᠭᠡ ᠬᠣᠶᠠᠷ ᠬᠠᠮᠤᠭ ᠮᠣᠩᠭᠣᠯ ᠤ᠋ᠨ ᠲᠣᠭᠣᠭ᠎ᠠ ᠥᠩᠭᠡᠢᠨ ᠶᠠᠪᠤᠭᠠᠳ ᠬᠥᠳᠡᠭᠡ ᠭᠠᠵᠠᠷ ᠬᠥᠯᠳᠡᠵᠦ ᠦᠬᠦᠵᠡᠢ ᠭᠡᠮᠡᠨ ᠲᠥᠷᠥ ᠶ᠋ᠢᠨ ᠶᠡᠬᠡ ᠱᠠᠰᠲᠢᠷ ᠲᠤ᠌ ᠪᠢᠴᠢᠬᠦ ᠪᠣᠯᠤᠨ᠎ᠠ᠃ ᠡᠢᠮᠦ ᠭᠤᠨᠢᠭᠲᠤ ᠲᠡᠦᠬᠡ ᠦᠯᠡᠳᠡᠭᠡᠬᠦ ᠶ᠋ᠢ ᠬᠡᠨ ᠬᠡᠨ ᠨᠢ ᠦᠯᠦ ᠬᠦᠰᠡᠬᠦ ᠠᠪᠠᠢ᠃ ᠪᠦᠯᠵᠢᠭᠡᠨ ᠬᠠᠲᠤᠨ ᠲᠥᠷᠥ ᠲᠡᠷᠢᠭᠦᠯᠡᠭᠰᠡᠨ ᠡᠷ᠎ᠡ ᠪᠡᠨ ᠬᠦᠴᠦᠷᠬᠡᠭ ᠪᠠᠢᠬᠤ ᠳ᠋ᠤ᠌ ᠶᠡᠭᠦᠳᠬᠡᠯ ᠪᠦᠬᠦᠨ ᠦ᠌ ᠡᠭᠦᠳᠡ ᠶ᠋ᠢ ᠨᠡᠭᠡᠭᠡᠪᠡ ᠭᠡᠮᠡᠨ ᠪᠤᠷᠤᠭᠤᠳᠬᠠᠵᠤ᠂ ᠳᠣᠲᠣᠷ᠎ᠠ ᠪᠠᠨ ᠵᠥᠭᠡᠵᠦ ᠪᠠᠢᠭᠰᠠᠨ ᠨᠢ ᠪᠣᠢ᠃ ᠭᠡᠲᠡᠯ᠎ᠡ ᠶᠸᠯᠢᠦᠢ ᠳᠠᠰᠢ ᠶ᠋ᠢᠨ ᠬᠦᠴᠦᠷᠬᠡᠭ ᠭᠠᠷ ᠶᠠᠭᠠᠬᠢᠵᠤ ᠡᠢᠬᠦ ᠶ᠋ᠢᠨ ᠵᠠᠭᠤᠷ᠎ᠠ ᠦᠭᠡᠢ ᠲᠠᠲ᠋ᠠᠷ ᠣᠷᠣᠨ ᠢ᠋ ᠪᠠᠭᠠᠯᠵᠠᠭᠤᠷᠳᠠᠨ ᠠᠪᠴᠤ᠂ ᠭᠠᠯ ᠰᠢᠭᠤᠷᠭ᠎ᠠ ᠮᠡᠲᠦ ᠪᠦᠭᠦᠳᠡ ᠶ᠋ᠢ ᠠᠷᠴᠢᠨ ᠥᠩᠭᠡᠷᠡᠭᠡᠳ᠂ ᠭᠡᠷ ᠦ᠋ᠨ ᠪᠠᠭᠤᠷᠢ ᠬᠠᠷᠠᠯᠠᠨ᠂ ᠲᠥᠷᠥ ᠶ᠋ᠢᠨ ᠰᠠᠭᠤᠷᠢ ᠭᠠᠩᠬᠤᠵᠤ ᠦᠯᠡᠳᠡᠭᠰᠡᠨ ᠡᠳᠦᠷ ᠡᠴᠡ ᠡᠬᠢᠯᠡᠵᠦ ᠬᠠᠭᠠᠨ ᠢ᠋ᠶ᠋ᠠᠨ ᠦᠷᠦ ᠡᠪᠡᠳᠦᠭᠰᠡᠨ ᠠᠪᠠᠢ᠃ ᠠᠯᠲᠠᠨ ᠲᠣᠨᠣᠭ ᠲᠠᠢ ᠪᠦᠰᠡ ᠪᠡᠨ ᠲᠠᠢᠯᠵᠤ᠂ ᠠᠷᠰᠯᠠᠨ ᠠᠷᠬᠢᠷᠠᠭᠰᠠᠨ ᠪᠠᠷᠢᠭᠤᠯ ᠲᠠᠢ ᠢᠯᠳᠦ ᠪᠡᠨ ᠳᠠᠢᠰᠤᠨ ᠤ᠋ ᠬᠥᠯ ᠳ᠋ᠦ᠍ ᠰᠢᠳᠡᠭᠡᠳ ᠨᠥᠮᠥᠭᠡᠨ ᠲᠠᠷᠮᠠᠨ ᠳᠡᠪᠡᠯ ᠲᠡᠢ ᠲᠠᠭᠤᠭᠳᠠᠨ ᠮᠤᠬᠤᠯᠠᠭ ᠲᠡᠷᠭᠡᠨ ᠳ᠋ᠦ᠍ ᠣᠷᠣᠵᠤ ᠢᠷᠡᠭᠰᠡᠨ ᠲᠡᠷᠡ ᠴᠠᠭ ᠠ᠋ᠴᠠ ᠯᠠ ᠬᠠᠢᠷᠠᠯᠠᠭ᠎ᠠ ᠦᠭᠡᠢ ᠪᠡᠨ ᠬᠠᠢᠷᠠᠯᠠᠵᠤ᠂ ᠬᠠᠯᠠᠮᠵᠢᠯᠠᠭ᠎ᠠ ᠦᠭᠡᠢ ᠪᠡᠨ ᠬᠠᠯᠠᠮᠵᠢᠯᠠᠵᠤ ᠪᠢᠯᠡ᠃ ᠵᠥᠪ ᠢ᠋ ᠥᠭᠴᠦ ᠴᠢᠳᠠᠬᠤ ᠦᠭᠡᠢ ᠴᠦ᠍ ᠪᠤᠷᠤᠭᠤ ᠶ᠋ᠢ ᠥᠭᠴᠦ ᠵᠢᠷᠦᠬᠡᠯᠡᠬᠦ ᠦᠭᠡᠢ ᠵᠢᠷᠭᠤᠭᠠᠨ ᠵᠢᠯ ᠦ᠋ᠨ ᠨᠢᠭᠤᠷ ᠦᠵᠡᠪᠡ᠃
— ᠬᠠᠲᠤᠨ ᠢᠵᠢ ᠠ᠋᠂ ᠮᠣᠷᠢᠲᠠᠨ ᠠᠢᠰᠤᠢ᠃
— ᠴᠡᠷᠢᠭ ᠦ᠋ᠳ ᠰᠢᠪ ᠳᠡ᠃
— ᠮᠠᠨ ᠤ᠋ ᠲᠠᠲ᠋ᠠᠷ ᠢᠷᠭᠡᠳ ᠢᠩᠭᠢᠭᠡᠳ ᠴᠡᠷᠢᠭᠯᠡᠭᠡᠳ ᠢᠷᠡᠳᠡᠭ ᠪᠣᠯᠤᠭᠠᠰᠠᠢ᠃
一 ᠠᠶᠠᠷ ᠭᠡᠮ! ᠭᠡᠳ ᠪᠦᠯᠵᠢᠭᠡᠨ ᠬᠠᠲᠤᠨ ᠲᠤᠯᠵᠤ ᠶᠠᠪᠤᠭᠰᠠᠨ ᠮᠥᠴᠢᠷ ᠢ᠋ᠶ᠋ᠡᠷ ᠢ᠋ᠶ᠋ᠡᠨ ᠬᠦᠳᠦᠰᠦᠨ ᠳᠡᠪᠡᠯ ᠦ᠋ᠨ ᠢ᠋ᠶ᠋ᠡᠨ ᠬᠣᠷᠮᠣᠢ ᠶ᠋ᠢᠨ ᠴᠠᠰᠤ ᠶ᠋ᠢ ᠭᠦᠪᠢᠵᠦ᠂ ᠦᠨᠡᠭᠡᠨ ᠮᠠᠯᠠᠭᠠᠢ ᠶ᠋ᠢᠨ ᠣᠷᠤᠮᠴᠤᠭ ᠳᠣᠣᠷ᠎ᠠ ᠠ᠋ᠴᠠ ᠴᠤᠬᠤᠢᠬᠤ ᠰᠠᠢᠬᠠᠨ ᠬᠠᠷ᠎ᠠ ᠱᠠᠩᠬᠤ ᠪᠠᠨ ᠢᠯᠢᠵᠦ᠂ ᠵᠢᠵᠢᠭᠬᠡᠨ ᠬᠥᠭᠡᠷᠦᠬᠦᠨ ᠴᠢᠬᠢᠨ ᠦ᠌ ᠪᠡᠨ ᠠᠷᠤ ᠪᠠᠷ ᠲᠤᠭ ᠦᠰᠦ ᠬᠠᠪᠴᠢᠭᠤᠯᠤᠨ ᠬᠦᠯᠢᠶᠡᠪᠡ᠃ ᠴᠢᠨᠳᠠᠭᠠᠨ ᠴᠠᠭᠠᠨ ᠲᠠᠯ᠎ᠠ ᠶ᠋ᠢᠨ ᠳᠡᠭᠡᠭᠦᠷ ᠠᠷᠪᠠ ᠭᠠᠷᠤᠢ ᠪᠠᠷᠠᠭᠠᠨ ᠮᠣᠷᠢᠲᠠᠨ ᠴᠢᠪᠬᠠᠨ ᠤ᠋ ᠴᠢᠯᠠᠭᠤ ᠰᠢᠭ᠋ ᠴᠢᠪᠬᠠᠳᠠᠨ ᠢᠷᠡᠬᠦ ᠶ᠋ᠢ ᠦᠵᠡᠪᠡᠯ ᠬᠠᠮᠤᠭ ᠮᠣᠩᠭᠣᠯ ᠤ᠋ᠨ ᠬᠠᠪᠤᠯ ᠬᠠᠭᠠᠨ ᠪᠠᠷ᠎ᠠ ᠪᠣᠯᠤᠭᠠᠴᠢᠳ ᠤ᠋ᠨ ᠬᠠᠮᠲᠤ ᠵᠠᠯᠠᠷᠠᠵᠤ ᠶᠠᠪᠤᠭ᠎ᠠ ᠠᠵᠢ᠃ ᠶᠡᠬᠡ ᠳᠡᠯ ᠲᠡᠢ ᠬᠡᠭᠡᠷ ᠮᠣᠷᠢ ᠤᠨᠤᠵᠤ᠂ ᠡᠯᠪᠡᠭᠳᠡᠭᠦᠦ ᠪᠤᠯᠠᠭᠠᠨ ᠳᠠᠬᠤ ᠨᠥᠮᠥᠷᠦᠭᠰᠡᠨ ᠪᠡᠶᠡᠷᠬᠡᠦ ᠬᠠᠭᠠᠨ ᠰᠦᠷ ᠵᠢᠪᠬᠤᠭ᠎ᠠ ᠲᠡᠭᠦᠰ ᠬᠠᠷᠠᠭᠳᠠᠬᠤ ᠠᠭᠠᠳ ᠬᠠᠳᠠᠨ ᠳᠡᠭᠡᠷ᠎ᠡ ᠡᠴᠡ ᠥᠩᠭᠡᠢᠬᠦ ᠴᠠᠭᠠᠨ ᠪᠦᠷᠭᠦᠳ ᠮᠡᠲᠦ ᠤᠷᠲᠤ ᠬᠥᠮᠥᠰᠬᠡ ᠳᠣᠣᠷ᠎ᠠ ᠠ᠋ᠴᠠ ᠴᠣᠭᠯᠢᠭ ᠬᠠᠷ᠎ᠠ ᠨᠢᠳᠦ ᠪᠡᠷ ᠴᠣᠭᠣ ᠰᠢᠷᠳᠡᠬᠦ ᠳ᠋ᠦ᠍ ᠪᠦᠯᠵᠢᠭᠡᠨ ᠭᠤᠸ᠎ᠠ ᠬᠠᠲᠤᠨ ᠴᠠᠰᠤᠨ ᠲᠠᠯ᠎ᠠ ᠳ᠋ᠤ᠌ ᠶᠠᠭᠬᠢᠨ ᠰᠥᠭᠥᠳᠪᠡ᠃ ᠣᠮᠣᠭᠯᠠᠩ ᠵᠠᠩ ᠲᠠᠢ ᠬᠦᠦ ᠳ᠋ᠡᠭᠡᠨ ᠪᠠᠰᠠ ᠰᠠᠨᠠᠭ᠎ᠠ ᠵᠣᠪᠠᠵᠤ ᠬᠤᠯᠠᠭᠠᠢ ᠨᠢᠳᠦ ᠪᠡᠷ ᠬᠠᠷᠠᠪᠠᠯ ᠡᠭᠦᠷᠴᠦ ᠶᠠᠪᠤᠭᠰᠠᠨ ᠪᠤᠷᠭᠠᠰᠤᠨ ᠣᠨᠢ᠂ ᠠᠳᠤᠭᠤᠨ ᠤ᠋ ᠠᠳᠠᠰᠬ᠎ᠠ ᠰᠡᠯᠲᠡ ᠪᠡᠨ ᠬᠠᠷᠵᠢᠭᠢᠨᠠᠭᠤᠯᠤᠨ ᠪᠠᠭᠤᠯᠭᠠᠭᠰᠠᠨ ᠬᠣᠢᠨ᠎ᠠ ᠪᠠᠨ ᠵᠣᠣᠭᠤᠬᠠᠨ ᠰᠥᠬᠥᠷᠡᠪᠡ᠃ ᠲᠡᠭᠦᠨ ᠦ᠌ ᠨᠢᠳᠦᠨ ᠳ᠋ᠦ᠍ ᠢᠵᠢᠢ ᠪᠡᠨ ᠪᠣᠳᠣᠵᠤ ᠯᠠ ᠲᠡᠪᠴᠢᠶᠡᠷᠢ ᠵᠢᠭᠠᠵᠤ ᠪᠣᠢ ᠶᠠᠩᠵᠤ ᠢᠯᠡ ᠠᠪᠠᠢ᠃
一 ᠶᠡᠬᠡ ᠬᠠᠭᠠᠨ ᠲᠠ ᠠᠮᠤᠭᠤᠯᠠᠩ ᠮᠣᠷᠢᠯᠠᠵᠤ ᠶᠠᠪᠤᠨ᠎ᠠ ᠤᠤ ᠭᠡᠬᠦ ᠳ᠋ᠦ᠍ ᠲᠠᠭᠠᠷᠠᠭᠰᠠᠨ ᠳ᠋ᠠᠭᠠᠨ ᠴᠤ᠌ ᠶᠤᠮ ᠤᠤ᠂ ᠠᠶᠤᠭᠰᠠᠨ ᠴᠤ᠌ ᠪᠢᠯᠡ ᠤᠤ ᠬᠣᠭᠣᠯᠠᠢ ᠨᠢ ᠴᠡᠴᠡᠷᠡᠵᠦ᠂ ᠴᠡᠭᠡᠯᠬᠡᠨ ᠳᠠᠭᠤ ᠨᠢ ᠰᠠᠭᠠᠷᠠᠯᠳᠤᠵᠤ ᠰᠣᠨᠣᠰᠳᠠᠬᠤ ᠳ᠋ᠤ᠌ ᠵᠢᠭᠠᠯ ᠨᠣᠶᠠᠨ ᠵᠢᠭᠲᠡᠢ ᠮᠠᠭᠤᠬᠠᠢ ᠬᠠᠷᠠᠯ᠎ᠠ᠃ ᠲᠡᠭᠦᠨ ᠦ᠌ ᠰᠢᠳᠦ ᠵᠠᠭᠤᠩᠭᠢ ᠠᠭᠠᠳ ᠳᠥᠭᠥᠰᠢ ᠨᠢ ᠣᠪᠣᠯᠵᠠᠨ ᠪᠠᠢᠪᠠ᠃ ᠳᠠᠢᠰᠤᠨ ᠳ᠋ᠤ᠌ ᠮᠠᠭᠤ ᠪᠠᠨ ᠦᠵᠡᠭᠦᠯᠪᠡ ᠭᠡᠮᠡᠨ ᠵᠢᠮᠡᠯᠡᠵᠦ ᠪᠣᠢ ᠨᠢ ᠲᠡᠷᠡ ᠠᠪᠠᠢ᠃
一 ᠠᠮᠤᠭᠤᠯᠠᠩ ᠠ᠋ ᠭᠡᠵᠦ ᠬᠠᠭᠠᠨ ᠪᠦᠳᠦᠭᠦᠨ ᠪᠠᠷᠭᠢᠯ ᠳᠠᠭᠤ ᠪᠠᠷ ᠲᠠᠢᠪᠤᠩ ᠥᠭᠦᠯᠡᠭᠰᠡᠨ ᠢ᠋ᠶ᠋ᠡᠨ ᠲᠣᠭᠰᠢᠨ ᠨᠢᠳᠦ ᠪᠡᠷ ᠬᠠᠷᠠᠵᠤ ᠬᠠᠷᠠᠵᠤ᠂
一 ᠬᠣᠲᠣᠯᠠ! ᠭᠡᠬᠦ ᠳ᠋ᠦ᠍ ᠪᠠᠷ᠎ᠠ ᠪᠣᠯᠵᠤ ᠶᠠᠪᠤᠭᠰᠠᠨ ᠬᠦᠦ ᠨᠢ ᠬᠦ ᠬᠤᠶᠠᠭ ᠢ᠋ᠶ᠋ᠠᠨ ᠬᠠᠷᠰᠢᠭᠤᠯᠤᠨ᠂
一 ᠬᠠᠭᠠᠨ ᠡᠴᠢᠭᠡ ᠲᠠ ᠶᠠᠭᠤ ᠭᠡᠬᠦ ᠰᠠᠨ ᠪᠣᠯ? ᠬᠡᠮᠡᠪᠡᠯ ᠬᠠᠪᠤᠯ ᠬᠠᠭᠠᠨ᠂ ᠪᠦᠯᠵᠢᠭᠡᠨ ᠬᠦᠦ ᠬᠣᠶᠠᠷ ᠢ᠋ ᠬᠠᠷᠠᠭᠠᠳ ᠴᠡᠴᠡᠷᠡᠭᠦᠳᠡᠰᠦ ᠨᠢ ᠬᠦᠷᠪᠡ ᠪᠣᠯᠤᠯᠲᠠᠢ ᠪᠤᠯᠠᠭᠠᠨ ᠳᠠᠬᠤ ᠪᠠᠨ ᠠᠬᠢᠭᠤᠯᠵᠤ ᠨᠥᠮᠥᠷᠦᠭᠰᠡᠨ ᠢ᠋ᠶ᠋ᠡᠨ᠂
一 ᠡᠨᠡ ᠬᠣᠶᠠᠷ ᠲᠤ᠌ ᠨᠥᠮᠥᠷᠬᠦ ᠶᠠᠭᠤᠮ᠎ᠠ ᠥᠭ ᠭᠡᠯᠡ᠃ ᠬᠠᠭᠠᠨ ᠡᠵᠡᠨ ᠦ᠌ ᠡᠨᠡ ᠦᠭᠡ ᠦᠵᠢᠨ ᠬᠠᠲᠤᠨ᠂ ᠦᠭᠡ ᠨᠣᠶᠠᠨ ᠬᠣᠶᠠᠷ ᠠ᠋ᠴᠠ ᠭᠠᠳᠠᠨ᠎ᠠ ᠨᠢᠭᠡᠨ ᠬᠥᠮᠦᠨ ᠢ᠋ ᠪᠠᠶᠠᠷᠯᠠᠭᠤᠯᠤᠭᠰᠠᠨ ᠨᠢ ᠶᠢᠰᠦᠭᠡᠢ ᠬᠥᠪᠡᠭᠦᠨ ᠪᠠᠢᠯ᠎ᠠ᠃ ᠲᠡᠷᠡ ᠪᠡᠷ᠄《ᠬᠠᠭᠠᠨ ᠡᠪᠦᠭᠡ ᠡᠨᠡ ᠵᠠᠷᠯᠢᠭ ᠢ᠋ᠶ᠋ᠠᠨ ᠨᠠᠳᠠ ᠳ᠋ᠤ᠌ ᠥᠭᠬᠦ ᠦᠭᠡᠢ ᠳᠡ》 ᠭᠡᠮᠡᠨ ᠬᠠᠷᠠᠮᠰᠠᠵᠤ᠂ ᠪᠠᠶᠠᠰᠬᠤ ᠵᠡᠷᠭᠡᠴᠡᠨ ᠤᠷᠠᠩᠬᠠᠢ ᠬᠦᠳᠦᠰᠦᠨ ᠳᠡᠪᠡᠯ ᠦ᠋ᠨ ᠴᠠᠭᠠᠨ᠎ᠠ ᠨᠢᠭᠤᠭᠳᠠᠨ ᠪᠣᠢ ᠪᠦᠯᠵᠢᠭᠡᠨ ᠬᠠᠲᠤᠨ ᠤ᠋ ᠲᠠᠩᠬᠢ ᠴᠠᠭᠠᠨ ᠪᠡᠶ᠎ᠡ ᠶ᠋ᠢ ᠰᠡᠳᠬᠢᠯ ᠳ᠋ᠡᠭᠡᠨ ᠲᠥᠰᠦᠭᠡᠯᠡᠵᠦ ᠨᠢᠨᠢᠶᠡᠮᠰᠦᠷᠡᠨ ᠪᠠᠢᠲᠠᠯ᠎ᠠ ᠬᠣᠲᠣᠯᠠ ᠠᠪᠠᠭ᠎ᠠ ᠶ᠋ᠢᠨ᠂
— ᠶᠢᠰᠦᠭᠡᠢ ᠳᠠᠬᠤ ᠪᠠᠨ ᠥᠭᠬᠦ ᠡᠴᠡ᠁ ᠭᠡᠬᠦ ᠰᠣᠨᠣᠰᠳᠠᠵᠤ ᠭᠢᠯᠠᠢᠪᠠ᠃ ᠶᠢᠰᠦᠭᠡᠢ ᠬᠥᠪᠡᠭᠦᠨ ᠥᠲᠡᠯ᠎ᠡ ᠶᠢᠰᠦ ᠶ᠋ᠢᠨ ᠵᠢᠪᠠᠷ ᠲᠤ᠌ ᠳᠠᠬᠤ ᠨᠥᠮᠥᠷᠴᠦ ᠦᠵᠡᠭᠡ ᠦᠭᠡᠢ ᠲᠤᠯᠠ ᠭᠠᠨᠵᠤᠭᠠᠯᠠᠵᠤ ᠶᠠᠪᠤᠭᠰᠠᠨ ᠢᠮᠠᠭᠠᠨ ᠳᠠᠬᠤ ᠪᠠᠨ ᠥᠭᠬᠦ ᠪᠡᠷ ᠮᠣᠷᠢ ᠪᠠᠨ ᠳᠠᠪᠢᠷᠠᠨ ᠳᠥᠭᠥᠵᠦ ᠣᠴᠢᠯ᠎ᠠ᠃ ᠲᠡᠭᠦᠨ ᠳ᠋ᠦ᠍ ᠪᠠᠰᠠ ᠬᠦ᠌ ᠪᠦᠯᠵᠢᠭᠡᠨ ᠭᠤᠸ᠎ᠠ ᠬᠠᠲᠤᠨ ᠤ᠋ ᠨᠢᠳᠦᠨ ᠳ᠋ᠦ᠍ ᠥᠷᠲᠥᠬᠦ ᠨᠢᠭᠤᠴᠠᠬᠠᠨ ᠬᠦᠰᠡᠯ ᠪᠠᠢᠪᠠ᠃ ᠡᠨᠡ ᠬᠢᠷᠢ ᠬᠣᠲᠣᠯᠠ ᠥᠪᠡᠷ ᠦ᠋ᠨ ᠳᠠᠬᠤ ᠪᠠᠨ ᠲᠠᠢᠯᠤᠨ ᠣᠳᠣ ᠬᠦᠷᠲᠡᠯ᠎ᠡ ᠰᠥᠬᠥᠷᠡᠵᠦ ᠰᠠᠭᠤᠭ᠎ᠠ ᠬᠦᠦ ᠤᠷᠤᠭᠤ ᠰᠢᠳᠡᠬᠦ ᠳ᠋ᠦ᠍ ᠲᠠᠷᠭᠤᠨ ᠮᠣᠷᠢᠳ ᠦᠷᠭᠦᠨ ᠤᠬᠤᠰᠬᠢᠵᠦ᠂ ᠬᠠᠭᠠᠨ ᠡᠪᠦᠭᠡ ᠲᠡᠷᠡ ᠡᠷᠴᠢᠨ ᠳ᠋ᠡᠭᠡᠨ ᠶᠡᠬᠡ ᠬᠥᠰᠬᠡ ᠤᠷᠤᠭᠤ ᠪᠠᠨ ᠴᠠᠰᠤ ᠮᠠᠨᠠᠷᠠᠭᠠᠨ ᠳᠣᠪᠲᠣᠯᠵᠤ ᠣᠳᠤᠯ᠎ᠠ᠃ ᠶᠢᠰᠦᠭᠡᠢ ᠦᠷᠭᠦᠵᠦ ᠬᠤᠤᠬᠢᠷᠠᠬᠤ ᠮᠣᠷᠢᠨ ᠤ᠋ ᠪᠠᠨ ᠠᠮᠠ ᠶ᠋ᠢ ᠲᠡᠳᠡᠨ ᠠᠩᠭᠠᠯᠵᠠᠭᠤᠯᠵᠤ᠂
— ᠮᠠᠢ! ᠭᠡᠪᠡᠯ ᠪᠦᠯᠵᠢᠭᠡᠨ ᠬᠠᠲᠤᠨ ᠴᠠᠭᠠᠰᠢᠯᠠᠨ ᠣᠳᠬᠤ ᠬᠦᠯᠦᠭ ᠪᠠᠭᠠᠲᠤᠷ ᠤ᠋ᠳ ᠠ᠋ᠴᠠ ᠰᠠᠶᠢ ᠬᠠᠷᠠᠴᠠ ᠪᠠᠨ ᠰᠠᠯᠭᠠᠵᠤ ᠭᠠᠷ ᠰᠤᠩᠭᠠᠪᠠ᠃ ᠥᠵᠢᠨ ᠦ᠌ ᠨᠠᠷᠢᠨ ᠬᠤᠷᠤᠭᠤᠨ ᠤ᠋ ᠲᠣᠷᠭᠠᠨ ᠥᠨᠳᠡᠭᠡ ᠳᠠᠮᠵᠢᠨ ᠵᠢᠷᠦᠬᠡᠨ ᠦ᠌ ᠬᠢᠨᠢ ᠴᠣᠬᠢᠯᠲᠠ ᠶᠢᠰᠦᠭᠡᠢ ᠳ᠋ᠦ᠍ ᠮᠡᠳᠡᠷᠡᠭᠳᠡᠬᠦ ᠰᠢᠭ ᠪᠣᠯᠬᠤ ᠳ᠋ᠤ᠌ ᠶᠠᠮᠠᠷ ᠨᠢᠭᠡᠨ ᠪᠦᠯᠢᠶᠡᠨ ᠳᠤᠯᠠᠭᠠᠨ ᠦᠭᠡ ᠬᠡᠯᠡᠬᠦ ᠰᠠᠨ ᠭᠡᠵᠦ ᠤᠴᠢᠷ ᠦᠭᠡᠢ ᠬᠦᠰᠡᠵᠡᠢ᠃ ᠭᠡᠪᠡᠴᠦ ᠠᠮᠠ ᠨᠢ ᠡᠪᠯᠡᠵᠦ ᠥᠭᠭᠦᠭᠰᠡᠨ ᠦᠭᠡᠢ᠃ ᠪᠦᠯᠵᠢᠭᠡᠨ ᠭᠤᠸ᠎ᠠ ᠬᠠᠲᠤᠨ ᠤ᠋ ᠤᠷᠲᠤ ᠰᠣᠷᠮᠤᠤᠰᠤ ᠴᠠᠩᠲᠤᠵᠤ᠂ ᠥᠷᠯᠥᠭᠡᠨ ᠦ᠌ ᠬᠦᠢᠲᠡᠨ ᠵᠢᠪᠠᠷ ᠲᠤ᠌ ᠬᠣᠶᠠᠷ ᠬᠠᠴᠠᠷ ᠨᠢ ᠶᠠᠭᠠᠷᠠᠵᠤ ᠤᠯᠠᠮ ᠴᠤ᠌ ᠦᠵᠡᠰᠬᠦᠯᠡᠩ ᠲᠡᠭᠦᠰ ᠬᠠᠷᠠᠭᠳᠠᠨ᠎ᠠ᠃
— ᠭᠢᠯᠠᠢᠯ᠎ᠠ᠂ ᠲᠠᠨ ᠳ᠋ᠤ᠌! ᠭᠡᠵᠦ ᠤᠶᠠᠷᠠᠩᠭᠤᠢ ᠬᠡᠯᠡᠬᠦ ᠳ᠋ᠦ᠍ᠨᠢ᠂
— ᠬᠠᠲᠤᠨ ᠲᠠ ᠲᠠᠭᠠᠷᠠᠵᠤ ᠪᠠᠢᠭ᠎ᠠ ᠪᠢᠵᠡ ᠳᠡ ᠭᠡᠯᠡ᠃ ᠶᠡᠷᠦ ᠮᠡᠳᠡᠭᠡᠵᠢ ᠶ᠋ᠢᠨ ᠶᠠᠭᠤᠮ᠎ᠠ ᠶ᠋ᠢ ᠡᠢᠨ ᠠᠰᠠᠭᠤᠭᠰᠠᠨ ᠨᠢ ᠶᠠᠭᠠᠬᠢᠬᠤ ᠶ᠋ᠢᠨ ᠠᠷᠭ᠎ᠠ ᠦᠭᠡᠢ ᠲᠡᠨᠡᠭ ᠬᠡᠷᠡᠭ ᠮᠥᠨ ᠪᠣᠯᠪᠠᠴᠤ ᠬᠠᠷᠢᠭᠤ ᠰᠣᠨᠣᠰᠬᠤ ᠦᠭᠡ ᠣᠯᠵᠤ ᠬᠡᠯᠡᠭᠰᠡᠨ ᠳ᠋ᠡᠭᠡᠨ ᠶᠢᠰᠦᠭᠡᠢ ᠥᠪᠡᠷ ᠢ᠋ ᠪᠡᠨ ᠥᠷᠥᠰᠢᠶᠡᠵᠦ ᠵᠣᠭᠰᠣᠭᠰᠠᠨ ᠠᠪᠠᠢ᠃
— ᠭᠠᠢᠭᠤᠢ ᠳᠠ᠃
— ᠬᠦᠢᠲᠡᠨ ᠪᠠᠢᠨ᠎ᠠ ᠰᠢᠦ!
- ᠡᠳᠦᠷ ᠲᠠᠢᠰᠢ ᠬᠥᠯᠭᠡᠷᠡᠳᠡᠭ ᠶᠦᠮ ᠠ᠋ ᠭᠡᠳ ᠪᠥᠯᠵᠢᠭᠡᠨ ᠭᠤᠸ᠎ᠠ ᠬᠠᠲᠤᠨ᠂ ᠰᠣᠷᠮᠤᠤᠰᠤᠨ ᠤ᠋ ᠴᠠᠩ ᠬᠠᠢᠯᠤᠮᠠ ᠬᠠᠯᠠᠭᠤᠨ ᠳᠤᠯᠠᠭᠠᠨ ᠬᠠᠷᠠᠴᠠ ᠪᠠᠷ ᠱᠠᠩᠨᠠᠵᠤ ᠪᠢᠯᠡ᠃ ᠭᠡᠪᠡᠴᠦ ᠡᠨᠡ ᠨᠢᠳᠦᠨ ᠦ᠌ ᠭᠦᠨ᠎ᠡ ᠬᠦᠦ ᠪᠡᠨ ᠬᠠᠷᠠᠳᠠᠭ ᠡᠬᠡ ᠶ᠋ᠢᠨ ᠬᠠᠢᠷ᠎ᠠ ᠯᠠ ᠪᠠᠢᠪᠠ᠃ ᠶᠢᠰᠦᠭᠡᠢ ᠤᠭ ᠨᠢ ᠡᠭᠦᠨ ᠢ᠋ ᠬᠦᠰᠡᠭᠡ ᠦᠭᠡᠢ ᠪᠢᠯᠡ᠃ ᠭᠤᠸ᠎ᠠ ᠪᠦᠯᠵᠢᠭᠡᠨ ᠬᠠᠲᠤᠨ ᠬᠠᠭᠠᠨ ᠤᠳᠤᠮᠲᠤ ᠡᠯ᠎ᠡ ᠬᠦᠦ ᠶ᠋ᠢᠨ ᠥᠪᠡᠷ ᠢ᠋ ᠨᠢ ᠲᠠᠰᠤᠴᠢᠨ ᠠᠯᠲᠠᠨ ᠰᠢᠷᠲᠡᠬᠦ ᠥᠯᠥᠨ ᠪᠠᠷᠰ ᠤ᠋ᠨ ᠬᠠᠷᠠᠴᠠ ᠶ᠋ᠢ ᠰᠠᠶᠢ ᠯᠠ ᠠᠩᠵᠠᠭᠠᠷᠠᠵᠤ ᠳᠠᠯᠳᠢᠷᠠᠨ ᠳᠣᠭᠣᠭᠰᠢ ᠬᠠᠷᠠᠵᠤ᠂ ᠳᠠᠷᠠᠭ᠎ᠠ ᠨᠢ ᠠᠯᠠᠭ᠎ᠠ ᠬᠠᠪᠰᠤᠷᠤᠨ ᠮᠡᠬᠦᠢᠪᠡ᠃ ᠡᠨᠡ ᠨᠢ《ᠶᠠᠪᠤ》 ᠭᠡᠰᠡᠨ ᠦᠭᠡ ᠪᠠᠢᠯ᠎ᠠ᠃ ᠶᠢᠰᠦᠭᠡᠢ ᠭᠤᠸ᠎ᠠ ᠬᠠᠲᠤᠨ ᠤ᠋ ᠬᠡᠳᠦᠨ ᠴᠠᠭᠠᠷᠢᠭ ᠦᠰᠦ ᠮᠣᠰᠬᠢᠷᠤᠯᠳᠤᠨ ᠲᠣᠭᠲᠠᠭᠰᠠᠨ ᠰᠢᠯᠢᠨ ᠬᠦᠵᠦᠭᠦᠦ ᠶ᠋ᠢ ᠨᠢ ᠬᠠᠷᠠᠴᠠ ᠪᠠᠷ ᠢ᠋ᠶ᠋ᠠᠨ ᠢᠯᠢᠭᠰᠡᠨ ᠢ᠋ᠶ᠋ᠡᠷ ᠰᠡᠳᠬᠢᠯ ᠬᠠᠨᠵᠤ᠂ ᠴᠣᠴᠢᠭᠰᠠᠨ ᠶᠤᠮ ᠰᠢᠭ᠋ ᠮᠣᠷᠢ ᠪᠠᠨ ᠭᠤᠶᠠᠳᠠᠨ ᠳᠠᠪᠬᠢᠵᠤ ᠣᠳᠪᠠ ᠃
— ᠠᠯᠠᠭᠤᠷᠴᠢᠨ! ᠦᠭᠡ ᠨᠣᠶᠠᠨ ᠡᠢᠨ ᠥᠭᠦᠯᠡᠭᠡᠳ ᠴᠢᠨᠣ᠎ᠠ ᠶ᠋ᠢᠨ ᠠᠷᠠᠰᠤᠨ ᠳᠠᠬᠤ ᠶ᠋ᠢ ᠨᠢ ᠴᠠᠰᠤ ᠤᠷᠤᠭᠤ ᠰᠢᠳᠡᠴᠢᠬᠡᠪᠡ᠃ ᠭᠤᠸ᠎ᠠ ᠪᠦᠯᠵᠢᠭᠡᠨ ᠬᠠᠲᠤᠨ ᠬᠦᠦ ᠪᠡᠨ ᠰᠠᠶᠢ ᠯᠠ ᠦᠵᠡᠵᠦ ᠪᠣᠢ ᠮᠡᠲᠦ ᠨᠢᠭᠡ ᠶᠡᠬᠡ ᠲᠣᠮᠣ ᠬᠠᠷᠠᠪᠠ᠃ ᠥᠭᠡᠷ᠎ᠡ ᠴᠠᠭ ᠲᠤ᠌ ᠰᠠᠨ ᠪᠣᠯ᠂
— ᠴᠢᠨᠦ ᠠᠪᠤ ᠠᠯᠠᠭᠤᠷᠴᠢᠨ! ᠭᠡᠵᠦ ᠵᠠᠩᠨᠠᠬᠤ ᠪᠠᠢᠭᠰᠠᠨ ᠶᠤᠮ᠃ ᠭᠡᠪᠡᠴᠦ ᠲᠩᠷᠢ ᠳ᠋ᠦ᠍ ᠣᠳᠤᠭᠰᠠᠨ ᠬᠠᠨᠢ ᠶ᠋ᠢᠨ ᠶᠠᠰᠤ ᠥᠨᠳᠡᠯᠵᠡᠭᠦᠯᠬᠦ ᠨᠢ ᠶᠠᠭᠠᠬᠢᠪᠠᠴᠤ ᠰᠠᠢᠨ ᠬᠥᠮᠦᠨ ᠦ᠌ ᠶᠣᠰᠣ ᠪᠢᠰᠢ ᠪᠣᠯᠠᠢ᠃ ᠲᠡᠷᠡ ᠪᠡᠷ ᠶᠢᠰᠦᠭᠡᠢ ᠶ᠋ᠢᠨ ᠦᠭᠭᠦᠭᠰᠡᠨ ᠢᠮᠠᠭᠠᠨ ᠳᠠᠬᠤ ᠶ᠋ᠢ ᠨᠥᠮᠥᠷᠦᠩᠭᠡᠨ᠂
—ᠣᠪᠣᠭ᠎ᠠ ᠪᠣᠰᠬᠠᠭ᠎ᠠ ᠦᠭᠡᠢ ᠪᠣᠯ ᠱᠠᠭᠠᠵᠠᠭᠠᠢ ᠬᠠᠮᠢᠭ᠎ᠠ ᠠ᠋ᠴᠠ ᠰᠠᠭᠤᠨ᠎ᠠ ᠪᠢᠯᠡ ᠭᠡᠮᠡᠨ ᠠᠷᠭᠠᠳᠠᠬᠤ᠂ ᠠᠭᠠᠰᠢᠯᠠᠬᠤ ᠶ᠋ᠢᠨ ᠵᠠᠪᠰᠠᠷ ᠥᠭᠦᠯᠡᠯ᠎ᠡ᠃ ᠴᠢᠩᠭᠢᠭᠡᠳ ᠬᠦᠦ ᠪᠡᠨ ᠬᠠᠷᠠᠵᠤ ᠬᠠᠷᠠᠵᠤ᠂
— ᠬᠠᠲᠠᠭᠠᠨ ᠠᠪᠠᠭ᠎ᠠ ᠶ᠋ᠢ ᠨᠢ ᠪᠢᠳᠡ ᠪᠠᠰᠠ ᠠᠯᠠᠴᠢᠬᠠᠭᠰᠠᠨ ᠶᠤᠮ ᠰᠢᠦ ᠳᠡ ᠭᠡᠬᠦ ᠳ᠋ᠦ᠍ ᠦᠭᠡ ᠨᠣᠶᠠᠨ᠂ ᠬᠠᠲᠤᠨ ᠢᠵᠢᠢ ᠳᠠᠢᠰᠤᠨ ᠢ᠋ ᠥᠮᠥᠭᠡᠷᠡᠪᠡ ᠭᠡᠮᠡᠨ ᠳᠣᠲᠣᠷ᠎ᠠ ᠪᠠᠨ ᠤᠴᠢᠷ ᠦᠭᠡᠢ ᠠᠭᠤᠷᠰᠠᠵᠠᠢ᠃
ᠬᠠᠷᠭᠠᠨ᠎ᠠ᠂ ᠪᠤᠳᠤᠷᠭᠠᠨ᠎ᠠ ᠶ᠋ᠢᠨ ᠨᠥᠮᠥᠷᠢ ᠳ᠋ᠦ᠍ ᠬᠤᠷᠠᠵᠤ ᠲᠣᠭᠲᠠᠭᠰᠠᠨ ᠪᠥᠵᠥᠩ ᠬᠤᠩᠭᠠᠷ ᠯᠠ ᠬᠠᠶᠠ ᠲᠠᠭᠠᠷᠠᠬᠤ ᠠ᠋ᠴᠠ ᠪᠤᠰᠤ ᠭᠣᠪᠢ ᠲᠠᠢᠰᠢ ᠪᠠᠨ ᠭᠠᠵᠠᠷ ᠪᠠᠷᠠᠭᠠᠨ᠂ ᠲᠩᠷᠢ ᠳᠤᠯᠠᠭᠠᠨ ᠲᠤᠯᠠ ᠬᠠᠪᠤᠯ ᠬᠠᠭᠠᠨ ᠤ᠋ ᠬᠡᠰᠢᠭᠲᠡᠨ ᠮᠢᠩᠭᠠᠲᠤ ᠬᠥᠮᠦᠨ ᠮᠣᠷᠢ ᠦᠭᠡᠢ ᠪᠡᠶ᠎ᠡ ᠲᠠᠯᠪᠢᠭᠤᠷᠠᠵᠤ ᠠᠯᠭᠤᠷᠬᠠᠨ ᠴᠤᠪᠤᠵᠤ ᠶᠠᠪᠤᠯ᠎ᠠ᠃ ᠠᠯᠲᠠᠨ ᠤᠯᠤᠰ ᠤ᠋ᠨ ᠬᠢᠯᠢ ᠶ᠋ᠢᠨ ᠳᠡᠭᠡᠰᠦ ᠣᠢᠷᠠᠳᠬᠤ ᠲᠣᠰᠤᠮ ᠬᠠᠪᠤᠯ ᠤᠷᠢᠳ ᠡᠳᠦᠭᠡ ᠶ᠋ᠢ ᠳᠠᠩᠰᠠᠯᠠᠨ ᠭᠦᠨ ᠪᠣᠳᠣᠯ ᠳ᠋ᠤ᠌ ᠠᠪᠲᠠᠵᠤ ᠠᠪᠠᠢ᠃ ᠶᠡᠷᠦ ᠬᠠᠮᠤᠭ ᠮᠣᠩᠭᠣᠯ ᠬᠢᠭᠡᠳ ᠲᠠᠲ᠋ᠠᠷ ᠣᠪᠣᠭ ᠤ᠋ᠨ ᠲᠠᠩᠭᠠᠷᠢᠭ ᠲᠠᠰᠤᠷᠠᠭᠰᠠᠨ ᠳ᠋ᠤ᠌ ᠡᠪᠦᠭᠡᠨ ᠬᠠᠪᠤᠯ ᠥᠪᠡᠷ ᠦ᠋ᠨ ᠪᠡᠶ᠎ᠡ ᠪᠡᠨ ᠪᠤᠷᠤᠭᠤ ᠲᠠᠢ ᠭᠡᠵᠦ ᠪᠣᠳᠣᠬᠤ ᠨᠢ ᠪᠣᠢ᠃
ᠬᠠᠭᠠᠨ ᠬᠥᠮᠦᠨ ᠠᠯᠳᠠᠪᠠᠯ ᠮᠢᠩᠭᠠᠨ ᠦᠶ᠎ᠡ ᠳ᠋ᠡᠭᠡᠨ ᠭᠠᠢ ᠲᠠᠷᠢᠬᠤ᠂ ᠬᠠᠷᠠᠴᠤ ᠬᠥᠮᠦᠨ ᠠᠯᠳᠠᠪᠠᠯ ᠨᠢᠭᠡᠨ ᠦᠶ᠎ᠡ ᠳ᠋ᠡᠭᠡᠨ ᠯᠠᠢ ᠬᠤᠷᠢᠶᠠᠬᠤ ᠭᠡᠳᠡᠭ ᠶᠡᠷᠦ ᠦᠨᠡᠨ ᠠᠪᠠᠢ᠃ ᠬᠠᠴᠠᠷ ᠭᠤᠸ᠎ᠠ ᠥᠬᠢᠳ ᠢ᠋ᠶ᠋ᠡᠷ ᠢ᠋ᠶ᠋ᠡᠨ ᠬᠡᠳᠦᠢᠨ ᠡᠴᠡ ᠨᠡᠷ᠎ᠡ ᠳ᠋ᠦ᠍ ᠭᠠᠷᠤᠭᠰᠠᠨ ᠬᠣᠩᠭᠢᠷᠠᠳ ᠠᠢᠮᠠᠭ ᠠ᠋ᠴᠠ ᠬᠠᠷᠯᠢ ᠺᠤ ᠶ᠋ᠢ ᠬᠠᠲᠤᠨ ᠪᠠᠭᠤᠯᠭᠠᠭᠠᠳ ᠪᠠᠢᠭᠰᠠᠨ ᠦᠶ᠎ᠡ ᠳ᠋ᠦ᠍ ᠡᠯ᠎ᠡ ᠬᠡᠷᠡᠭ ᠶᠠᠪᠤᠳᠠᠯ ᠪᠣᠯᠵᠠᠢ᠃ ᠳᠡᠷᠡ ᠨᠢᠭᠡᠳᠦᠭᠡᠳ ᠤᠳᠠᠭ᠎ᠠ ᠦᠭᠡᠢ ᠠᠪᠠᠯᠢ ᠭᠡᠷᠭᠡᠢ ᠲᠥᠷᠥᠯ ᠦ᠋ᠨ ᠬᠥᠮᠦᠨ ᠡᠴᠡ ᠬᠡᠯᠡ ᠠᠪᠴᠤ ᠶᠡᠬᠡ ᠯᠡ ᠤᠷᠤᠭᠤ ᠳᠣᠷᠣᠢ ᠳᠠᠭᠤ ᠪᠠᠷ᠂
— ᠠᠬ᠎ᠠ ᠶ᠋ᠢᠨ ᠪᠡᠶ᠎ᠡ ᠮᠠᠭᠤᠳᠠᠵᠠᠢ ᠭᠡᠰᠡᠨ ᠠᠪᠠᠢ᠃ ᠵᠠᠯᠠᠭᠤ ᠬᠠᠭᠠᠨ ᠬᠡᠰᠢᠭᠲᠡᠨ ᠴᠡᠷᠢᠭ ᠢ᠋ᠶ᠋ᠡᠨ ᠵᠠᠰᠠᠵᠤ᠂ ᠭᠤᠸ᠎ᠠ ᠬᠠᠲᠤᠨ ᠢ᠋ᠶ᠋ᠠᠨ ᠳᠠᠭᠠᠭᠤᠯᠵᠤ ᠬᠠᠳᠠᠮ ᠠᠬ᠎ᠠ ᠶ᠋ᠢᠨ ᠳ᠋ᠦ᠍ ᠠᠢᠯᠴᠢᠯᠠᠨ ᠣᠴᠢᠪᠠᠯ ᠰᠠᠢᠨ ᠲᠢᠬᠢᠨ ᠨᠣᠶᠠᠨ ᠲᠤᠷᠠᠵᠤ ᠡᠴᠡᠭᠡᠳ᠂ ᠴᠢᠷᠠᠢ ᠠᠯᠲᠠᠨ ᠱᠥᠪᠥᠢᠵᠦ᠂ ᠪᠡᠶ᠎ᠡ ᠲᠤᠩ ᠳᠣᠣᠷ᠎ᠠ ᠣᠷᠣᠭᠰᠠᠨ ᠪᠠᠢᠵᠤ ᠪᠢᠯᠡ᠃ ᠭᠡᠪᠡᠴᠦ ᠰᠡᠳᠬᠢᠯ ᠦ᠋ᠨ ᠳᠠᠮ ᠥᠭᠴᠦ᠂
— ᠰᠠᠨᠠᠭᠰᠠᠨ ᠢ᠋ ᠪᠣᠳᠣᠪᠠᠯ ᠴᠢᠷᠠᠢ ᠵᠢᠰᠦ ᠰᠠᠢᠬᠠᠨ ᠪᠠᠢᠨ᠎ᠠ ᠰᠢᠦ ᠳᠡ ᠭᠡᠪᠡᠯ ᠰᠠᠢᠨ ᠲᠢᠬᠢᠨ ᠨᠣᠶᠠᠨ ᠬᠠᠨ᠎ᠠ ᠶ᠋ᠢᠨ ᠨᠢᠳᠦᠨ ᠡᠴᠡ ᠲᠡᠳᠡᠨ ᠥᠨᠳᠡᠢᠵᠦ᠂ ᠳᠡᠷᠡ ᠢᠪᠡᠨ ᠴᠡᠭᠡᠵᠢ ᠪᠡᠨ ᠥᠨᠳᠡᠢᠯᠭᠡᠭᠰᠡᠨ ᠢ᠋ᠶ᠋ᠡᠨ᠂
— ᠶᠠᠪᠤᠭᠤᠷᠢ ᠦᠭᠡᠢ ᠯᠡ ᠪᠠᠢᠨ᠎ᠠ ᠭᠡᠳ ᠬᠡᠢ ᠬᠠᠨᠢᠶᠠᠯᠭᠠᠬᠤ ᠳ᠋ᠤ᠌ ᠲᠡᠷᠡ ᠬᠣᠯᠠ ᠭᠠᠵᠠᠷ ᠠ᠋ᠴᠠ ᠰᠦᠷ ᠦᠵᠡᠭᠦᠯᠦᠨ ᠳᠣᠪᠲᠣᠯᠭᠠᠵᠤ ᠢᠷᠡᠭᠰᠡᠨ ᠵᠠᠯᠠᠭᠤ ᠬᠠᠭᠠᠨ ᠪᠠᠬᠠᠨ ᠡᠪ ᠦᠭᠡᠢᠷᠡᠵᠦ ᠠᠪᠠᠢ᠃ ᠲᠠᠢᠴᠢᠭᠤᠳ ᠤ᠋ᠨ ᠰᠡᠩᠭᠦᠮ ᠪᠢᠯᠬᠡ ᠬᠠᠭᠠᠨ ᠲᠩᠷᠢ ᠪᠣᠯᠬᠤ ᠳ᠋ᠠᠭᠠᠨ᠂
— ᠬᠠᠮᠤᠭ ᠮᠣᠩᠭᠣᠯ ᠢ᠋ ᠬᠠᠪᠤᠯ ᠮᠡᠳᠡᠲᠦᠭᠡᠢ! ᠬᠡᠮᠡᠭᠰᠡᠨ ᠪᠢᠯᠡ᠃ ᠥᠪᠡᠷ ᠦ᠋ᠨ ᠬᠥᠪᠡᠭᠦᠨ ᠠᠮᠪᠠᠭᠠᠢ ᠪᠠᠢᠭᠰᠠᠭᠠᠷ ᠠᠲᠠᠯ᠎ᠠ᠂ ᠲᠠᠢᠴᠢᠭᠤᠳ ᠤ᠋ᠨ ᠤᠳᠤᠮᠲᠤ ᠨᠣᠶᠠᠳ ᠠᠮᠢᠳᠤ ᠠᠲᠠᠯ᠎ᠠ ᠬᠢᠶᠠᠳ ᠪᠣᠷᠵᠢᠭᠢᠨ ᠣᠪᠣᠭ ᠲᠤ᠌ ᠬᠠᠭᠠᠨ ᠰᠡᠨᠳᠡᠢ ᠶ᠋ᠢ ᠰᠢᠯᠵᠢᠭᠦᠯᠵᠡᠢ᠃ ᠡᠢᠨ ᠲᠩᠷᠢ ᠡᠴᠡ ᠣᠳᠣ ᠰᠢᠭᠦᠷᠡᠭᠡᠳ ᠤᠳᠠᠭ᠎ᠠ ᠦᠭᠡᠢ ᠪᠠᠢᠪᠠ᠃ ᠲᠡᠭᠡᠭᠡᠳ ᠴᠦ᠍ ᠴᠢᠰᠤ ᠪᠤᠴᠠᠯᠤᠭᠰᠠᠨ ᠵᠠᠯᠠᠭᠤ ᠨᠠᠰᠤᠨ ᠳ᠋ᠤ᠌ ᠪᠦᠭᠦᠳᠡ ᠶ᠋ᠢ ᠪᠦᠳᠦᠭᠡᠴᠢᠬᠦ ᠶᠦᠮ ᠰᠢᠭ ᠪᠣᠳᠣᠳᠠᠭ ᠬᠣᠢᠨ᠎ᠠ᠃ ᠶᠡᠷᠦ ᠲᠡᠷᠡ ᠴᠠᠭ ᠦᠶ᠎ᠡ ᠳ᠋ᠦ᠍ ᠬᠠᠮᠤᠭ ᠮᠣᠩᠭᠣᠯ ᠤ᠋ᠨ ᠬᠠᠭᠠᠨ ᠳ᠋ᠤ᠌ ᠴᠢᠳᠠᠬᠤ ᠦᠭᠡᠢ ᠶᠠᠭᠤᠮ᠎ᠠ ᠨᠢᠭᠡᠬᠡᠨ ᠴᠦ᠍ ᠦᠭᠡᠢ ᠭᠡᠳᠡᠭ ᠢ᠋ᠶ᠋ᠡᠨ ᠴᠡᠴᠡᠭ ᠴᠥᠪᠥᠷᠢᠭᠦᠦ ᠰᠢᠭ ᠵᠠᠯᠠᠭᠤ ᠬᠠᠲᠤᠨ ᠬᠢᠭᠡᠳ ᠴᠡᠨᠡᠵᠦ ᠴᠡᠩᠨᠡᠵᠦ ᠰᠠᠭᠤᠭ᠎ᠠ ᠬᠠᠳᠠᠮ ᠲᠠᠯ᠎ᠠ ᠳ᠋ᠠᠭᠠᠨ ᠬᠠᠷᠠᠭᠤᠯᠬᠤ᠂ ᠦᠵᠡᠭᠦᠯᠬᠦ ᠬᠦᠰᠡᠯᠡᠩ ᠪᠠᠰᠠ ᠬᠦ᠌ ᠠᠮᠤᠷ ᠵᠠᠶᠠᠭ᠎ᠠ ᠦᠵᠡᠭᠦᠯᠦᠭᠰᠡᠨ ᠦᠭᠡᠢ᠃
— ᠶᠠᠭᠠᠬᠢᠳᠠᠭ ᠶᠤᠮ ᠪᠢᠯᠡ ᠳᠠ ᠭᠡᠮᠡᠨ ᠠᠶ᠎ᠠ ᠶ᠋ᠢ ᠨᠢ ᠳᠠᠭᠠᠭᠤᠯᠵᠤ ᠠᠰᠠᠭᠤᠪᠠᠯ᠂ ᠰᠠᠢᠨ ᠲᠢᠬᠢᠨ ᠨᠣᠶᠠᠨ ᠤ᠋ ᠶᠠᠳᠠᠷᠠᠭᠤ ᠨᠢᠳᠦᠨ ᠳ᠋ᠦ᠍ ᠣᠴᠢ ᠬᠡᠷᠡᠯᠳᠦᠵᠦ᠂
— ᠬᠠᠪᠤᠯ ᠮᠢᠨᠢ᠂ ᠲᠠᠲ᠋ᠠᠷ ᠠᠢᠮᠠᠭ ᠤ᠋ᠨ ᠤᠲᠠᠢ ᠪᠥᠬᠡ ᠯᠡ ᠦᠬᠦᠭᠰᠡᠨ ᠢ᠋ ᠡᠷᠯᠢᠭ ᠲᠡᠢ ᠬᠡᠷᠡᠯᠳᠦᠵᠦ ᠪᠣᠰᠬᠠᠳᠠᠭ᠂ ᠦᠷᠡᠭᠳᠡᠭᠰᠡᠨ ᠢ᠋ ᠲᠩᠷᠢ ᠲᠡᠢ ᠵᠠᠷᠭᠤᠯᠳᠤᠵᠤ ᠲᠡᠳᠬᠦᠳᠡᠭ ᠭᠡᠨ᠎ᠡ ᠳᠡ! ᠲᠡᠷᠡ ᠬᠥᠮᠦᠨ ᠢ᠋ ᠵᠠᠯᠠᠵᠤ ᠠᠪᠴᠢᠷᠠᠬᠤ ᠠᠷᠭ᠎ᠠ ᠴᠢᠷᠭ᠎ᠠ ᠶᠠᠭᠤ ᠪᠠᠢᠳᠠᠭ ᠪᠣᠯ᠁ ᠬᠡᠮᠡᠭᠰᠡᠨ ᠶᠦᠮ ᠰᠠᠨᠵᠠᠢ᠃ ᠵᠠᠯᠠᠭᠤ ᠬᠥᠮᠦᠨ ᠳ᠋ᠦ᠍ ᠲᠡᠭᠦᠨ ᠰᠢᠭ ᠠᠮᠠᠷ᠂ ᠬᠢᠯᠪᠠᠷ ᠵᠦᠢᠯ ᠦᠭᠡᠢ ᠰᠠᠨᠠᠭᠳᠠᠪᠠ᠃ ᠲᠣᠷᠭᠠᠨ ᠵᠠᠭᠤᠲᠤ ᠶ᠋ᠢᠨ ᠲᠡᠷᠢᠭᠦᠨ ᠢᠯᠳᠠᠷ ᠪᠠᠭᠠᠲᠤᠷ ᠲᠤ᠌ ᠭᠠᠷ ᠤ᠋ᠨ ᠪᠡᠯᠡᠭ ᠥᠭᠴᠦ ᠲᠥᠷᠥ ᠶ᠋ᠢᠨ ᠵᠠᠯᠠᠯᠭ᠎ᠠ ᠴᠡᠭᠡᠵᠢᠯᠡᠭᠦᠯᠦᠨ ᠢᠯᠡᠭᠡᠪᠡᠯ ᠬᠠᠭᠠᠰ ᠰᠠᠷ᠎ᠠ ᠶ᠋ᠢᠨ ᠳᠠᠷᠠᠭ᠎ᠠ ᠲᠩᠷᠢ ᠶ᠋ᠢᠨ ᠤᠳᠤᠮᠲᠤ ᠬᠡᠮᠡᠬᠦ ᠤᠲᠠᠢ ᠪᠥᠬᠡ ᠲᠣᠷᠭᠠᠨ ᠵᠠᠭᠤᠲᠤ ᠪᠠᠷ ᠬᠠᠮᠠᠭᠠᠯᠠᠭᠤᠯᠵᠤ᠂ ᠪᠠᠭᠠᠬᠠᠨ ᠬᠦᠷᠢᠶ᠎ᠡ ᠬᠣᠲᠠ ᠮᠡᠲᠦ ᠰᠦᠷ ᠪᠠᠷ᠎ᠠ ᠲᠡᠭᠦᠰ ᠨᠡᠭᠦᠳᠡᠯᠯᠡᠨ ᠢᠷᠡᠵᠦ ᠬᠣᠷᠬᠤᠨᠤᠭ ᠵᠢᠪᠦᠷ ᠦ᠋ᠨ ᠬᠥᠨᠳᠡᠢ ᠳ᠋ᠦ᠍᠂ ᠰᠠᠭᠯᠠᠭᠠᠷ ᠮᠣᠳᠣᠨ ᠤ᠋ ᠳᠡᠷᠭᠡᠳᠡ ᠬᠠᠶᠠᠭ᠎ᠠ ᠬᠠᠳᠬᠤᠨ ᠪᠠᠭᠤᠭᠰᠠᠨ ᠨᠢ ᠪᠣᠢ᠃ ᠬᠠᠪᠢ ᠣᠢᠷ᠎ᠠ ᠶ᠋ᠢᠨ ᠨᠣᠶᠠᠳ ᠶᠡᠬᠡᠰ᠂ ᠠᠯᠪᠠᠲᠤ ᠢᠷᠭᠡᠳ ᠲᠩᠷᠢ ᠶ᠋ᠢᠨ ᠬᠥᠪᠡᠭᠦᠨ ᠢᠷᠡᠪᠡ ᠭᠡᠮᠡᠨ ᠬᠣᠰᠢᠭᠤᠷᠠᠵᠤ ᠰᠠᠢᠨ ᠲᠢᠬᠢᠨ ᠨᠣᠶᠠᠨ ᠤ᠋ ᠬᠢ ᠶ᠋ᠢ ᠲᠣᠭᠣᠷᠢᠨ ᠬᠦᠷᠢᠶ᠎ᠡ ᠡᠭᠦᠰᠴᠦ ᠨᠠᠢᠷ ᠨᠠᠭᠠᠳᠤᠮ ᠮᠡᠲᠦ ᠬᠥᠯ ᠳᠠᠷᠤᠵᠠᠢ᠃ ᠲᠤᠬᠠᠢ ᠶ᠋ᠢᠨ ᠦᠶ᠎ᠡ ᠳ᠋ᠡᠭᠡᠨ ᠵᠠᠯᠠᠭᠤ ᠬᠠᠪᠤᠯ ᠬᠠᠭᠠᠨ ᠪᠤᠶᠠᠨ ᠦᠢᠯᠡᠳᠪᠡ ᠭᠡᠮᠡᠨ ᠪᠣᠳᠣᠵᠤ᠂ ᠤᠲᠠᠢ ᠪᠥᠬᠡ ᠦᠳᠡᠰᠢ ᠪᠦᠬᠦᠨ ᠬᠠᠷᠤᠢ ᠪᠦᠷᠦᠢ ᠪᠡᠷ ᠬᠦᠷᠢᠶᠡᠨ ᠳᠤᠮᠳᠠ ᠲᠦᠳᠡᠭ ᠠᠰᠠᠭᠠᠨ ᠬᠡᠴᠡ ᠬᠡᠩᠭᠡᠷᠭᠡ ᠪᠡᠨ ᠳᠡᠯᠡᠳᠴᠦ᠂ ᠪᠥᠬᠡ ᠶ᠋ᠢᠨ ᠳᠠᠢᠯᠭ᠎ᠠ ᠶᠢᠰᠦᠨ ᠡᠳᠦᠷ ᠲᠠᠰᠤᠷᠠᠯ ᠦᠭᠡᠢ ᠬᠠᠲᠠᠵᠤ ᠪᠢᠯᠡ᠃ ᠲᠩᠷᠢ ᠲᠡᠢ ᠬᠦᠦᠷᠨᠢᠵᠦ ᠦᠰᠦᠴᠢᠨ ᠳᠡᠭᠳᠡᠵᠦ ᠪᠠᠭᠤᠬᠤ ᠪᠥᠬᠡ ᠰᠢᠭ ᠢ᠋ᠶ᠋ᠡᠨ ᠳᠦᠷᠡᠯᠵᠡᠨ ᠴᠣᠷᠣᠯᠵᠠᠨ ᠠᠰᠠᠬᠤ ᠬᠢᠯᠢᠩᠲᠦ ᠲᠦᠳᠡᠭ ᠦ᠋ᠨ ᠴᠢᠰᠤᠨ ᠤᠯᠠᠭᠠᠨ ᠲᠤᠶᠠᠭᠠᠨ ᠳ᠋ᠤ᠌ ᠲᠣᠭᠣᠷᠢᠨ ᠴᠢᠭᠤᠯᠤᠭᠰᠠᠨ ᠶᠡᠬᠡᠰ ᠳᠡᠭᠡᠳᠦᠰ᠂ ᠬᠠᠷᠠᠴᠤᠰ ᠶᠠᠳᠠᠭᠤᠰ ᠤ᠋ᠨ ᠴᠢᠷᠠᠢ ᠨᠢᠭᠡ ᠬᠡᠷᠡᠯᠳᠦᠵᠦ᠂ ᠨᠢᠭᠡ ᠰᠡᠭᠦᠳᠡᠷᠲᠦᠨ ᠪᠠᠢᠭᠰᠠᠨ ᠰᠠᠨ᠃ ᠤᠲᠠᠢ ᠪᠥᠬᠡ ᠶ᠋ᠢᠨ ᠬᠢᠩᠭᠠᠨ ᠬᠠᠮᠠᠷ ᠳᠡᠭᠡᠷ᠎ᠡ ᠨᠢᠭᠡ ᠬᠠᠷᠠᠬᠤ ᠳ᠋ᠤ᠌ ᠬᠥᠯᠥᠰᠥ ᠪᠣᠷᠵᠠᠢᠵᠤ᠂ ᠨᠥᠭᠦᠭᠡ ᠬᠠᠷᠠᠬᠤ ᠳ᠋ᠤ᠌ ᠴᠢᠰᠤ ᠪᠥᠩᠵᠢᠭᠡᠨᠡᠵᠦ ᠪᠠᠢᠬᠤ ᠰᠢᠭ᠋ ᠦᠵᠡᠭᠳᠡᠬᠦ ᠠᠭᠠᠳ ᠠᠷᠪᠠᠨ ᠭᠤᠷᠪᠠᠨ ᠣᠩᠭᠣ ᠰᠢᠲᠦᠭᠡᠨ ᠢ᠋ᠶ᠋ᠡᠨ ᠬᠠᠷᠠᠬᠤ ᠲᠣᠯᠢᠨ ᠳ᠋ᠤᠨᠢ ᠬᠦᠷᠲᠡᠯ᠎ᠡ ᠭᠠᠯ ᠤ᠋ᠨ ᠳᠥᠯᠥ᠂ ᠲᠠᠯ᠎ᠠ ᠶ᠋ᠢᠨ ᠨᠣᠶᠠᠳ᠂ ᠬᠣᠯᠠ ᠶ᠋ᠢᠨ ᠬᠠᠷ᠎ᠠ ᠠᠭᠤᠯᠠᠰ᠂ ᠰᠡᠭᠦᠳᠡᠷᠲᠦᠨ ᠬᠠᠷᠠᠭᠳᠠᠵᠤ ᠪᠠᠢᠭᠰᠠᠨ ᠪᠥᠯᠥᠭᠡ᠃ ᠡᠢᠨ ᠶᠡᠬᠡ ᠬᠥᠯ ᠪᠣᠯᠤᠭᠰᠠᠨ ᠴᠤ᠌ ᠰᠠᠢᠨ ᠲᠢᠬᠢᠨ ᠨᠣᠶᠠᠨ ᠤ᠋ ᠪᠡᠶ᠎ᠡ ᠢᠯᠠᠷᠢᠰᠢᠭᠰᠠᠨ ᠦᠭᠡᠢ᠃ ᠵᠤᠨ ᠤ᠋ ᠠᠳᠠᠭ ᠰᠠᠷ᠎ᠠ ᠶ᠋ᠢᠨ ᠬᠠᠭᠤᠴᠢᠳ ᠢ᠋ᠶ᠋ᠠᠷ ᠲᠠᠭᠠᠯᠠᠯ ᠪᠣᠯᠵᠠᠢ᠃ ᠡᠮᠡᠰ ᠥᠬᠢᠳ ᠨᠢ ᠦᠰᠦ ᠭᠡᠵᠢᠭᠡ ᠪᠡᠨ ᠤᠷᠠᠵᠤ ᠲᠠᠰᠤᠳᠠᠨ ᠤᠬᠢᠯᠠᠵᠤ ᠤᠨᠵᠢᠵᠤ᠂ ᠡᠷᠡᠰ ᠳᠠᠢᠴᠢᠳ ᠨᠢ ᠡᠮᠡᠭᠡᠯ ᠢ᠋ ᠨᠢ ᠳᠡᠷᠡᠯᠡᠭᠦᠯᠦᠨ ᠪᠤᠩᠬᠤᠯᠠᠵᠤ ᠪᠠᠢᠬᠤ ᠳ᠋ᠤ᠌ ᠮᠥᠨᠥᠬᠡᠨ ᠬᠤᠷᠠᠵᠤ ᠴᠤᠭᠯᠠᠭᠰᠠᠨ ᠣᠯᠠᠨ ᠲᠠᠬᠤᠯ ᠭᠠᠷᠤᠭᠰᠠᠨ ᠮᠡᠲᠦ ᠨᠡᠭᠦᠨ ᠳᠠᠢᠵᠢᠵᠤ ᠣᠳᠪᠠᠢ᠃
ᠬᠠᠮᠤᠭ ᠮᠣᠩᠭᠣᠯ ᠤ᠋ᠨ ᠬᠠᠪᠤᠯ ᠬᠠᠭᠠᠨ ᠬᠠᠷᠠᠴᠠ ᠪᠠᠷ ᠢ᠋ᠶ᠋ᠠᠨ ᠪᠦᠭᠦᠳᠡ ᠶ᠋ᠢ ᠵᠠᠯᠠᠨ ᠵᠠᠷᠯᠢᠭᠳᠠᠵᠤ ᠬᠣᠢᠯᠭᠠ ᠶ᠋ᠢᠨ ᠨᠠᠢᠷ ᠳᠠᠭᠤᠰᠬᠠᠭᠠᠳ ᠮᠣᠷᠳᠠᠬᠤ ᠶ᠋ᠢᠨ ᠥᠷᠯᠥᠭᠡ ᠤᠲᠠᠢ ᠵᠠᠢᠷᠠᠩ ᠢ᠋ ᠳᠠᠭᠤᠳᠠᠨ ᠢᠷᠡᠭᠦᠯᠵᠦ᠂
— ᠠᠯᠤᠰ ᠭᠠᠵᠠᠷ ᠠ᠋ᠴᠠ ᠰᠠᠨᠠᠭ᠎ᠠ ᠲᠠᠯᠪᠢᠨ ᠢᠷᠡᠭᠰᠡᠨ ᠲᠩᠷᠢ ᠶ᠋ᠢᠨ ᠡᠯᠴᠢ ᠡᠷᠬᠢᠮ ᠵᠠᠢᠷᠠᠩ ᠲᠠᠨ ᠤ᠋ ᠵᠢᠳᠬᠦᠯ ᠢ᠋ ᠬᠦᠨᠳᠦᠯᠡᠵᠦ ᠪᠠᠢᠨ᠎ᠠ ᠭᠡᠳ ᠥᠪᠡᠷ ᠦ᠋ᠨ ᠰᠠᠩ ᠠ᠋ᠴᠠ ᠪᠤᠯᠠᠭ᠎ᠠ᠂ ᠰᠤᠤᠰᠠᠷ ᠤ᠋ᠨ ᠠᠷᠠᠰᠤ ᠰᠣᠭᠰᠣᠯᠵᠠᠭᠤᠯᠤᠨ ᠡᠷᠭᠦᠭᠰᠡᠨ ᠨᠢ ᠬᠣᠷᠢᠨ ᠲᠡᠮᠡᠭᠡ ᠠᠴᠢᠶ᠎ᠠ ᠪᠣᠯᠤᠭᠰᠠᠨ ᠠᠭᠠᠳ ᠬᠠᠷᠯᠢ ᠺᠤ ᠬᠠᠲᠤᠨ ᠠᠬ᠎ᠠ ᠶ᠋ᠢᠨ ᠲᠥᠯᠥᠭᠡ ᠶᠡᠬᠡ ᠶ᠋ᠢ ᠬᠢᠪᠡ ᠭᠡᠮᠡᠨ ᠰᠥᠰᠥᠯᠡᠨ ᠥᠪᠡᠷ ᠦ᠋ᠨ ᠭᠠᠷ ᠠ᠋ᠴᠠ ᠠᠷᠪᠠᠨ ᠯᠠᠩ ᠤ᠋ᠨ ᠠᠯᠲᠠᠨ ᠪᠠᠭᠤᠪᠴᠢ ᠬᠣᠶᠠᠷ ᠢ᠋ ᠨᠡᠮᠡᠷᠢᠯᠡᠵᠦ ᠬᠢᠯᠠᠢᠯᠭᠠᠪᠠ᠃ ᠡᠭᠦᠨ ᠳ᠋ᠦ᠍ ᠶᠡᠬᠡ ᠯᠡ ᠤᠶᠠᠷᠠᠭᠰᠠᠨ ᠤᠲᠠᠢ ᠵᠠᠢᠷᠠᠩ᠂
— ᠴᠠᠭ ᠨᠢ ᠢᠷᠡᠭᠰᠡᠨ ᠪᠣᠯ ᠮᠢᠩᠭᠠᠨ ᠲᠩᠷᠢ ᠲᠣᠭᠣᠷᠢᠭᠠᠳ ᠴᠤ᠌ ᠠᠪᠤᠷᠠᠵᠤ ᠦᠯᠦ ᠴᠢᠳᠠᠬᠤ ᠪᠢᠯᠡ᠃ ᠮᠢᠨᠦ ᠲᠩᠷᠢ ᠣᠩᠭᠣᠨ ᠬᠢᠭᠡᠳ ᠬᠠᠨ ᠬᠤᠷᠮᠤᠰᠲᠠ ᠡᠴᠢᠭᠡ ᠬᠠᠷᠢᠶᠠᠭᠠ ᠦᠭᠡᠢ ᠪᠢᠯᠡ ᠭᠡᠵᠦ ᠪᠥᠬᠥᠯᠵᠡᠭᠰᠡᠭᠡᠷ ᠭᠠᠷᠴᠤ ᠣᠳᠤᠭᠰᠠᠨ ᠠᠪᠠᠢ᠃ ᠡᠢᠨ ᠬᠠᠭᠠᠨ ᠬᠠᠪᠤᠯ᠂ ᠬᠠᠲᠤᠨ ᠬᠠᠷᠯᠢ ᠺᠤ ᠶ᠋ᠢᠨ ᠰᠣᠪᠤᠳᠤᠨ ᠨᠢᠯᠪᠤᠰᠤ ᠶ᠋ᠢ ᠰᠤᠷᠭᠠᠵᠤ ᠠᠷᠴᠢᠭᠰᠠᠭᠠᠷ᠂ ᠥᠨᠥᠴᠢᠨ ᠨᠢᠯᠪᠤᠰᠤ ᠶ᠋ᠢ ᠦᠷᠦ ᠡᠪᠡᠳᠴᠦ ᠠᠷᠴᠢᠭᠰᠠᠭᠠᠷ ᠪᠤᠷᠬᠠᠨ ᠬᠠᠯᠳᠤᠨ ᠳ᠋ᠠᠭᠠᠨ ᠢᠷᠡᠵᠡᠢ᠃ ᠴᠢᠩᠭᠢᠭᠡᠳ ᠨᠠᠮ ᠭᠦᠮ ᠥᠩᠭᠡᠷᠡᠭᠰᠡᠨ ᠠᠪᠠᠰᠤ ᠥᠰᠢᠶ᠎ᠡ ᠬᠣᠷᠣᠰᠤᠯ ᠤ᠋ᠨ ᠵᠠᠩᠭᠢᠯᠠᠭ᠎ᠠ ᠡᠭᠦᠰᠬᠦ ᠦᠭᠡᠢ ᠠᠮᠤᠷ ᠵᠢᠮᠦᠷ ᠠᠮᠢᠳᠤᠷᠠᠵᠤ ᠪᠣᠯᠬᠤ ᠪᠠᠢᠭᠰᠠᠨ ᠶᠤᠮ᠃ ᠭᠡᠲᠡᠯ᠎ᠡ ᠡᠷᠭᠢᠨ ᠲᠣᠭᠣᠷᠢᠨ ᠲᠦᠳᠡᠭ ᠦ᠋ᠨ ᠦᠨᠡᠰᠦ᠂ ᠭᠡᠷ ᠲᠡᠷᠭᠡᠨ ᠦ᠌ ᠮᠥᠷ᠂ ᠣᠷᠣᠴᠠ ᠣᠪᠣᠬᠠᠢ ᠶ᠋ᠢᠨ ᠦᠢ ᠲᠦᠮᠡᠨ ᠬᠠᠷ᠎ᠠ ᠪᠠᠭᠤᠷᠢᠨ ᠳᠡᠭᠡᠷ᠎ᠡ ᠥᠨᠥᠴᠢᠷᠡᠵᠦ ᠬᠣᠴᠣᠷᠤᠭᠰᠠᠨ ᠳ᠋ᠠᠭᠠᠨ ᠬᠣᠷᠣᠰᠤᠭᠰᠠᠨ ᠰᠠᠢᠨ ᠲᠢᠬᠢᠨ ᠨᠣᠶᠠᠨ ᠤ᠋ ᠠᠯᠪᠠᠲᠤ ᠨᠤᠭᠤᠳ ᠴᠡᠷᠢᠭᠯᠡᠨ ᠮᠣᠷᠳᠠᠵᠤ᠂ ᠲᠡᠷᠭᠡ ᠲᠡᠷᠭᠡ ᠪᠡᠯᠡᠭ ᠠᠴᠢᠨ ᠨᠤᠲᠤᠭ ᠪᠤᠴᠠᠵᠤ ᠶᠠᠪᠤᠭᠰᠠᠨ ᠤᠲᠠᠢ ᠪᠥᠬᠡ ᠶ᠋ᠢᠨ ᠬᠥᠰᠬᠡ ᠠᠴᠢᠶ᠎ᠠ ᠶ᠋ᠢ ᠭᠦᠢᠴᠡᠨ ᠳᠣᠪᠲᠣᠯᠵᠤ ᠬᠦᠢᠰᠦ ᠲᠡᠮᠲᠡᠷᠢᠭᠡᠳ᠂ ᠲᠩᠷᠢ ᠶ᠋ᠢᠨ ᠡᠯᠴᠢ ᠵᠠᠢᠷᠠᠩ ᠢ᠋ ᠪᠠᠷᠢᠨ ᠠᠪᠴᠤ ᠬᠣᠣᠰ ᠠᠯᠲᠠᠨ ᠪᠠᠭᠤᠢᠪᠴᠢ ᠶ᠋ᠢ ᠨᠢ ᠬᠠᠢᠯᠤᠨ᠂
— ᠡᠩᠭᠡᠷ ᠲᠡᠭᠡᠨ ᠬᠡᠪᠲᠡᠳᠡᠭ ᠪᠡᠶ᠎ᠡ ᠴᠢᠨᠢ ᠡᠨᠡ ᠤᠤ᠂ ᠲᠩᠷᠢ ᠲᠡᠢ ᠶᠠᠷᠢᠳᠠᠭ ᠠᠮᠠ ᠴᠢᠨᠢ ᠠᠯᠢ ᠪᠣᠢ ᠭᠡᠮᠡᠨ ᠬᠠᠯᠠᠭᠤᠨ ᠬᠠᠢᠯᠤᠮᠠᠭ ᠠᠯᠲᠠ ᠶ᠋ᠢ ᠠᠮᠠ ᠤᠷᠤᠭᠤ ᠨᠢ ᠴᠢᠳᠬᠤᠵᠤ ᠠᠯᠠᠭᠰᠠᠨ ᠭᠡᠳᠡᠭ ᠪᠥᠯᠥᠭᠡ᠃
ᠡᠭᠦᠨ ᠳ᠋ᠦ᠍ ᠬᠣᠷᠣᠰᠤᠭᠰᠠᠨ ᠲᠠᠲ᠋ᠠᠷ ᠤ᠋ᠳ ᠰᠡᠪ ᠯᠠ ᠬᠢᠪᠡᠯ ᠪᠣᠱᠣᠭ᠎ᠠ ᠢᠰᠬᠦᠯᠵᠦ᠂ ᠲᠣᠲᠣᠭᠣ ᠮᠥᠷᠭᠥᠵᠦ᠂ ᠣᠯᠤᠭᠰᠠᠨ ᠣᠯᠵᠠ᠂ ᠪᠠᠷᠢᠭᠰᠠᠨ ᠬᠥᠮᠦᠨ ᠢ᠋ᠶ᠋ᠡᠨ ᠭᠠᠷ ᠳᠠᠮᠵᠢᠭᠤᠯᠤᠨ᠂ ᠲᠥᠷᠥ ᠳᠠᠮᠨᠠᠭᠤᠯᠤᠨ ᠠᠯᠲᠠᠨ ᠤᠯᠤᠰ ᠲᠤ᠌ ᠢᠯᠡᠭᠡᠬᠦ ᠪᠣᠯᠵᠠᠢ᠃ ᠰᠡᠭᠦᠯᠴᠢ ᠶ᠋ᠢᠨ ᠬᠢᠨᠢ ᠬᠢᠶᠠᠳ ᠪᠣᠷᠵᠢᠭᠢᠨ ᠤ᠋ ᠬᠠᠲᠠᠭᠠᠨ ᠪᠠᠭᠠᠲᠤᠷ᠂ ᠬᠡᠷᠡᠢᠳ ᠦ᠋ᠨ ᠭᠤᠸ᠎ᠠ ᠪᠣᠶᠤᠷᠤᠭ ᠮᠠᠷᠬᠤᠰ᠂ ᠲᠠᠢᠴᠢᠭᠤᠳ ᠤ᠋ᠨ ᠨᠨᠡᠮᠬᠡᠵᠢᠨ ᠲᠡᠢᠰᠢ ᠠᠪᠠᠢ᠃ ᠲᠡᠳᠡᠨ ᠢ᠋ ᠮᠣᠳᠣᠨ ᠡᠯᠵᠢᠭᠡᠨ ᠳ᠋ᠦ᠍ ᠦᠬᠡᠷ ᠬᠠᠳᠠᠭᠠᠰᠤ ᠪᠠᠷ ᠬᠠᠲᠠᠭᠰᠠᠨ ᠭᠡᠳᠡᠭ᠃ ᠣᠳᠣ ᠬᠠᠮᠤᠭ ᠮᠣᠩᠭᠣᠯ ᠤ᠋ᠨ ᠬᠠᠭᠠᠨ ᠬᠠᠪᠤᠯ ᠢ᠋ ᠶᠠᠭᠠᠬᠢᠵᠤ ᠤᠭᠲᠤᠵᠤ᠂ ᠶᠠᠭᠠᠬᠢᠵᠤ ᠠᠯᠠᠬᠤ ᠶ᠋ᠢ ᠬᠡᠨ ᠮᠡᠳᠡᠵᠡᠢ᠃ ᠦᠬᠦᠭᠰᠡᠨ ᠴᠦ᠍ ᠠᠯᠠᠭ᠎ᠠ ᠳᠠᠷᠤᠮ᠎ᠠ ᠭᠠᠵᠠᠷ ᠢᠯᠵᠢᠯᠬᠦ ᠠᠯᠲᠠ ᠪᠡᠶ᠎ᠡ ᠪᠠᠢᠨ᠎ᠠ᠂ ᠶᠠᠭᠠᠬᠢᠶ᠎ᠠ ᠭᠡᠬᠦ ᠪᠣᠢ᠃ ᠬᠠᠷᠢ ᠶ᠋ᠢ ᠲᠦᠷᠢᠮᠡᠬᠡᠢᠯᠡᠵᠦ ᠪᠢᠰᠢ᠂ ᠬᠠᠷᠠᠴᠤ ᠪᠠᠨ ᠳᠠᠷᠤᠩᠭᠤᠢᠯᠠᠵᠤ ᠭᠡᠮᠡᠨ ᠲᠥᠷᠥ ᠶ᠋ᠢ ᠲᠥᠪᠬᠢᠨᠡᠭᠦᠯᠬᠦ ᠭᠡᠵᠦ ᠶᠠᠪᠤᠭᠠᠳ ᠯᠠ ᠨᠥᠭᠴᠢᠭᠡ ᠪᠢᠵᠡ᠃ ᠬᠠᠭᠠᠨ ᠬᠥᠮᠦᠨ ᠦ᠌ ᠵᠠᠶᠠᠭ᠎ᠠ ᠲᠡᠢᠮᠦ ᠶᠦᠮ᠃ ᠰᠡᠭᠡᠵᠦ ᠬᠡᠮᠡᠨ᠎ᠡ ᠤᠷᠢᠳ ᠦᠢᠯᠡᠳᠦᠭᠰᠡᠨ ᠨᠢᠭᠦᠯ ᠢ᠋ᠶ᠋ᠡᠨ ᠭᠠᠷ ᠳᠠᠮᠵᠢᠭᠤᠯᠤᠨ ᠭᠠᠢ ᠣᠳᠣᠯ ᠦᠭᠡᠢ᠂ ᠥᠪᠡᠷ ᠦ᠋ᠨ ᠪᠡᠶ᠎ᠡ ᠪᠡᠷ ᠴᠠᠭᠠᠳᠬᠠᠭᠰᠠᠨ ᠪᠤᠶᠠᠨ ᠪᠣᠯᠤᠨ᠎ᠠ ᠭᠡᠮᠡᠨ ᠪᠣᠳᠣᠭᠰᠠᠨ ᠶᠤᠮ᠃ ᠶᠡᠷᠦ ᠬᠠᠲᠠᠭᠤ ᠰᠢᠢᠳᠴᠡᠢ᠃ ᠬᠠᠷᠢᠨ ᠮᠢᠨᠦ ᠵᠢᠷᠭᠤᠭᠠᠨ ᠬᠦᠦ ᠡᠴᠡ ᠲᠥᠷᠥ ᠪᠠᠷᠢᠬᠤ ᠨᠢ ᠬᠡᠨ ᠪᠢᠯᠡ ᠭᠡᠵᠦ ᠡᠯᠴᠢ ᠢᠷᠡᠭᠰᠡᠨ ᠨᠠᠮᠤᠷ ᠠ᠋ᠴᠠ ᠡᠨᠡ ᠬᠠᠪᠤᠷ ᠬᠦᠷᠲᠡᠯ᠎ᠡ ᠪᠣᠳᠣᠭᠰᠠᠨ ᠬᠡᠳᠦᠢ ᠴᠦ᠍ ᠣᠯᠵᠤ ᠣᠨᠣᠭᠠᠵᠤ ᠴᠢᠳᠠᠭᠰᠠᠨ ᠦᠭᠡᠢ᠃ ᠤᠭ ᠨᠢ ᠬᠠᠲᠠᠭᠠᠨ ᠨᠣᠶᠠᠨ ᠢ᠋ ᠬᠠᠢᠷᠠᠯᠠᠵᠤ ᠥᠰᠬᠡᠭᠰᠡᠨ ᠪᠢᠯᠡ᠃ ᠳᠡᠭᠡᠳᠦᠰ ᠲᠦ᠍ ᠵᠢᠰᠤᠷ ᠦᠭᠡᠢ᠂ ᠳᠣᠣᠷᠠᠳᠤᠰ ᠲᠤ᠌ ᠲᠠᠰᠢᠭᠤᠷ ᠦᠭᠡᠢ ᠬᠥᠪᠡᠭᠦᠨ ᠶᠠᠪᠤᠭᠰᠠᠨ ᠶᠤᠮ᠃ ᠭᠡᠲᠡᠯ᠎ᠡ ᠬᠠᠷ᠎ᠠ ᠦᠬᠦᠯ ᠳ᠋ᠦ᠍ ᠴᠠᠭᠠᠨ ᠲᠠᠲ᠋ᠠᠷ ᠤ᠋ᠳ ᠪᠠᠷᠢᠭᠠᠳ ᠥᠭᠴᠡᠢ᠃ ᠦᠯᠡᠳᠡᠭᠰᠡᠨ ᠬᠡᠳᠦᠨ ᠠᠮᠢᠳᠤ ᠨᠢ ᠪᠤᠷᠤᠭᠤ ᠦᠭᠡᠢ ᠴᠦ᠍ ᠬᠠᠭᠠᠨ ᠰᠠᠭᠤᠳᠠᠯ ᠳ᠋ᠤ᠌ ᠵᠥᠪ ᠦᠭᠡᠢ ᠤᠯᠤᠰ᠃ ᠪᠠᠷᠠᠳᠠᠨᠪᠠᠭᠠᠲᠤᠷ ᠬᠢᠯᠢᠩ ᠲᠡᠢ᠂ ᠬᠤᠲᠤᠭᠲᠤ ᠮᠣᠩᠬᠣᠷ ᠬᠤᠯᠴᠢᠭᠠᠷ᠂ ᠬᠤᠯᠠᠨ᠂ ᠲᠣᠳᠣᠢ ᠣᠳᠴᠢᠬᠢᠨ ᠬᠣᠶᠠᠷ ᠪᠠᠯᠴᠢᠷ᠂ ᠬᠠᠷᠢᠨ ᠬᠣᠲᠣᠯᠠ ᠶᠠᠭᠤ ᠪᠣᠯ᠁ ᠭᠡᠵᠦ ᠪᠣᠳᠣᠭᠰᠠᠨ ᠢ᠋ᠶ᠋ᠠᠨ ᠭᠡᠨᠡᠳᠲᠡ ᠳᠥᠷᠦᠭᠡᠨ ᠳᠡᠭᠡᠷ᠎ᠡ ᠪᠡᠨ ᠥᠨᠳᠡᠰᠬᠢᠵᠦ ᠮᠣᠷᠢᠨ ᠳ᠋ᠠᠭᠠᠨ ᠳᠠᠰᠢᠭᠤᠷ ᠥᠭ᠍ᠭᠦᠨ ᠲᠣᠪᠲᠣᠯᠭᠠᠪᠠ᠃ ᠬᠠᠪᠤᠯ ᠬᠠᠭᠠᠨ ᠤ ᠭᠡᠰᠢᠭᠲᠡᠨ ᠮᠢᠩᠭᠠᠲᠤ ᠬᠠᠶᠠᠭ᠎ᠠ ᠬᠢᠷᠠᠬᠠᠭ ᠦᠭᠡᠢ ᠶᠡᠬᠡ ᠳᠣᠪᠣ ᠶᠢ ᠵᠦᠰᠦᠨ ᠬᠥᠬᠡ ᠲᠡᠭᠷᠢ ᠶᠢᠨ ᠴᠠᠭᠠᠨ ᠰᠠᠪᠰᠠᠯᠠᠭᠠᠨᠠ ᠠᠭᠤᠰᠪᠠ ᠡ᠃
7
ᠬᠠᠪᠤᠷ ᠤ᠋ᠨ ᠤᠷᠢᠨ ᠳ᠋ᠤ᠌ ᠵᠠᠬ᠎ᠠ ᠠ᠋ᠴᠠ ᠪᠠᠨ ᠰᠡᠮᠡᠷᠡᠭᠰᠡᠨ ᠴᠠᠰᠤᠨ ᠤ᠋ ᠤᠰᠤ ᠦᠳᠡᠰᠢ ᠶ᠋ᠢᠨ ᠵᠢᠪᠠᠷ ᠲᠤ᠌ ᠬᠥᠯᠳᠡᠵᠦ᠂ ᠬᠣᠯᠠ ᠠ᠋ᠴᠠ ᠢᠷᠡᠬᠦ ᠬᠡᠨ ᠨᠢᠭᠡᠨ ᠦ᠌ ᠮᠣᠷᠢᠨ ᠤ᠋ ᠬᠥᠯ ᠳ᠋ᠦ᠍ ᠳᠡᠰ ᠨᠢᠰ ᠳᠤᠤᠭᠠᠷᠬᠤ ᠴᠢᠮᠡᠭᠡ ᠪᠡᠷ ᠦᠭᠡ ᠬᠥᠪᠡᠭᠦᠨ ᠰᠡᠷᠡᠵᠡᠢ ᠃ ᠳᠡᠷᠡᠨ ᠳᠣᠣᠷᠠᠬᠢ ᠭᠠᠵᠠᠷ ᠴᠢᠩᠨᠠᠪᠠᠯ ᠣᠯᠠᠨ ᠮᠣᠷᠢᠨ ᠤ᠋ ᠲᠤᠭᠤᠷᠠᠢ ᠶ᠋ᠢᠨ ᠴᠢᠮᠡᠭᠡ ᠪᠠᠢᠬᠤ ᠲᠤᠯᠠ᠂
— ᠬᠠᠲᠤᠨ ᠢᠵᠢᠢ ᠠ᠋! ᠬᠠᠲᠤᠨ ᠢᠵᠢᠢ ᠠ᠋ ᠭᠡᠪᠡᠯ ᠶᠢᠰᠦᠭᠡᠢ ᠶ᠋ᠢᠨ ᠥᠭᠭᠦᠭᠰᠡᠨ ᠳᠠᠬᠤᠨ ᠳ᠋ᠤ᠌ ᠤᠷᠠᠨ ᠬᠣᠰᠢᠭᠤ ᠪᠠᠨ ᠰᠢᠭᠢᠳᠬᠡᠵᠦ᠂ ᠠᠮᠢᠰᠬᠤᠭᠠᠨ ᠳ᠋ᠠᠭᠠᠨ ᠪᠦᠯᠢᠶᠡᠴᠡᠨ ᠤᠨᠲᠠᠭᠰᠠᠨ ᠥᠵᠢᠨ ᠪᠦᠯᠵᠢᠭᠡᠨ ᠢᠷᠠᠭᠯᠠᠨ᠂
— ᠶᠠᠭᠤ ᠪᠣᠯᠪᠠ᠂ ᠮᠢᠨᠦ ᠬᠦᠦ? ᠭᠡᠵᠦ ᠨᠣᠢᠷᠮᠤᠭ ᠴᠤ᠌ ᠭᠡᠯᠡ ᠡᠩᠬᠦᠷᠡᠢ ᠳᠠᠭᠤ ᠪᠠᠷ ᠠᠰᠠᠭᠤᠪᠠ᠃ ᠦᠭᠡ ᠨᠣᠶᠠᠨ ᠠᠬᠢᠨ ᠴᠢᠩᠨᠠᠭᠰᠠᠨ ᠢ᠋ᠶ᠋ᠠᠨ᠂
— ᠢᠵᠢᠢ ᠠ᠋᠂ ᠮᠣᠷᠢᠳ ᠤ᠋ᠨ ᠲᠤᠭᠤᠷᠠᠢ ᠳᠡᠷᠡᠨ ᠳᠣᠣᠷ᠎ᠠ ᠰᠣᠨᠣᠰᠳᠠᠵᠤ ᠪᠠᠢᠨ᠎ᠠ ᠭᠡᠬᠦ ᠳ᠋ᠦ᠍ ᠬᠠᠲᠤᠨ᠂
— ᠲᠠᠲ᠋ᠠᠷ ᠤ᠋ᠳ ᠪᠢᠳᠡᠨ ᠬᠣᠶᠠᠷ ᠢ᠋ ᠡᠳᠦᠢ ᠳ᠋ᠦ᠍ ᠮᠠᠷᠲᠠᠭᠰᠠᠨ ᠠ᠋! ᠴᠢ ᠤᠨᠲᠠ ᠭᠡᠪᠡᠯ ᠬᠥᠪᠡᠭᠦᠨ ᠡᠰᠡ ᠢᠳᠡᠭᠡᠨ᠂ ᠭᠣᠷᠢᠳᠠᠯᠭ᠎ᠠ ᠦᠯᠦ ᠲᠠᠰᠤᠷᠠᠨ᠂
— ᠬᠠᠲᠤᠨ ᠢᠵᠢᠢ ᠲᠠ ᠶᠠᠭᠤ ᠬᠡᠯᠡᠨ᠎ᠡ᠃ ᠲᠠᠲ᠋ᠠᠷ ᠢᠷᠭᠡᠳ ᠦ᠋ᠨ ᠨᠡᠬᠡᠯ ᠬᠠᠲᠠᠭᠤ ᠪᠢᠯᠡ᠃ ᠤᠲᠠᠢ ᠠᠷᠭᠢᠯ ᠵᠠᠢᠷᠠᠩ ᠤ᠋ᠨ ᠤᠷᠤᠰᠤᠭᠰᠠᠨ ᠴᠢᠰᠤ ᠶ᠋ᠢ ᠴᠦ᠍ ᠡᠳᠡ ᠲᠥᠯᠥᠵᠦ ᠴᠢᠳᠠᠭ᠎ᠠ ᠦᠭᠡᠢ ᠪᠠᠢᠭ᠎ᠠ ᠭᠡᠬᠦ ᠳ᠋ᠦ᠍ ᠪᠦᠯᠵᠢᠭᠡᠨ ᠭᠤᠸ᠎ᠠ ᠬᠠᠲᠤᠨ ᠤ᠋ ᠨᠢᠳᠦ ᠲᠣᠮᠣ ᠪᠣᠯᠵᠤ᠂
— ᠴᠢ ᠡᠨᠡ ᠶ᠋ᠢ ᠶᠠᠭᠠᠬᠢᠵᠤ ᠮᠡᠳᠡᠪᠡ᠂ ᠬᠡᠨ ᠡᠴᠡ ᠳᠤᠭᠤᠯᠪᠠ? ᠭᠡᠮᠡᠨ ᠥᠨᠳᠡᠢᠵᠦ ᠢᠷᠡᠪᠡᠯ ᠴᠢᠨᠣ᠎ᠠ ᠶ᠋ᠢᠨ ᠠᠷᠠᠰᠤᠨ ᠳᠠᠬᠤᠨ ᠳᠣᠣᠷᠠᠬᠢ ᠬᠠᠰ ᠰᠡᠢᠯᠪᠦᠷᠢ ᠮᠡᠲᠦ ᠭᠤᠸ᠎ᠠ ᠴᠡᠭᠡᠵᠢ ᠴᠤᠬᠤᠢᠵᠤ᠂ ᠬᠠᠷᠠᠩᠭᠤᠢ ᠣᠷᠣᠴᠠᠨ ᠳ᠋ᠤ᠌ ᠭᠡᠭᠡ ᠲᠠᠲᠠᠬᠤ ᠰᠢᠭ᠋ ᠪᠣᠯᠪᠠ᠃ ᠬᠠᠲᠤᠨ ᠢᠵᠢᠢ ᠶ᠋ᠢᠨ ᠴᠡᠭᠡᠵᠢ ᠶ᠋ᠢ ᠮᠥᠮᠥᠨ ᠡᠴᠡ ᠭᠠᠷᠤᠭᠰᠠᠨ ᠴᠠᠭ ᠠ᠋ᠴᠠ ᠬᠣᠢᠰᠢ ᠬᠠᠷᠠᠭ᠎ᠠ ᠦᠭᠡᠢ ᠦᠭᠡ ᠨᠢᠳᠦ ᠤᠨᠠᠭᠠᠨ ᠠᠯᠮᠠᠢᠷᠠᠭᠰᠠᠨ ᠢ᠋ᠶ᠋ᠠᠨ ᠰᠠᠶᠢ ᠴᠣᠴᠢᠨ ᠤᠬᠠᠭᠠᠷᠠᠵᠤ᠂
— ᠠᠪᠤ ᠠ᠋ᠴᠠ ᠭᠡᠯᠡ᠃ ᠡᠨᠡ ᠦᠶᠡᠰ ᠭᠠᠳᠠᠭ᠎ᠠ ᠳᠥᠷᠥᠭᠡ ᠬᠠᠷᠰᠢᠵᠤ᠂ ᠶᠠᠳᠠᠭᠤ ᠮᠠᠭᠤ ᠣᠷᠣᠴᠠ ᠶ᠋ᠢ ᠶᠠᠢᠵᠢᠭᠠᠨᠠᠭᠤᠯᠤᠨ ᠡᠭᠦᠳᠡᠨ ᠭᠦᠮ ᠰᠡᠬᠦᠭᠰᠡᠨ ᠢ᠋ᠶ᠋ᠡᠨ᠂
— ᠠᠢᠯ ᠤ᠋ᠨ ᠲᠣᠭᠣᠭ᠎ᠠ ᠥᠩᠭᠡᠢᠨ ᠠᠮᠢ ᠵᠢᠭᠤᠬᠤ ᠶᠠᠯ᠎ᠠ ᠶᠠᠩᠬ᠎ᠠ ᠲᠠᠢ ᠡᠮ᠎ᠡ ᠬᠠᠮᠢᠭ᠎ᠠ ᠪᠠᠢᠨ᠎ᠠ ᠭᠡᠵᠦ ᠫᠣᠷᠬᠢᠶᠠ ᠪᠦᠳᠦᠭᠦᠨ ᠳᠠᠭᠤ ᠪᠠᠷ ᠠᠰᠠᠭᠤᠬᠤ ᠳ᠋ᠤ᠌ ᠲᠡᠮᠦᠵᠢᠨ ᠦᠭᠡ ᠡᠷ᠎ᠡ ᠶ᠋ᠢᠨ ᠰᠢᠭᠢᠷ᠎ᠡ ᠵᠢᠭᠠᠨ᠂
— ᠶᠠᠮᠠᠷ ᠵᠠᠷᠯᠢᠭ ᠳᠠᠭᠠᠵᠤ ᠲᠠ ᠲᠣᠮᠣ ᠳᠤᠤᠭᠠᠷᠤᠨ᠎ᠠ ᠪᠢᠯᠡ᠃ ᠶᠠᠯ᠎ᠠ ᠶᠠᠩᠬ᠎ᠠ ᠲᠠᠢ ᠴᠤ᠌ ᠭᠡᠰᠡᠨ ᠥᠪᠡᠷ ᠦ᠋ᠨ ᠣᠪᠣᠬᠠᠢ ᠳ᠋ᠤ᠌ ᠪᠠᠢᠨ᠎ᠠ ᠭᠡᠬᠦ ᠳ᠋ᠦ᠍ ᠮᠥᠨᠥᠬᠡᠨ ᠫᠣᠷᠭᠢᠶᠠ ᠳᠠᠭᠤᠲᠤ ᠳᠣᠭᠣᠭᠢ ᠲᠠᠢ ᠭᠦᠳ ᠭᠦᠳ ᠢᠨᠢᠶᠡᠭᠰᠡᠨ ᠢ᠋ᠶ᠋ᠡᠨ᠂
— ᠣᠮᠣᠭ ᠲᠠᠢ ᠵᠤᠯᠪᠤᠰᠬ᠎ᠠ ᠪᠠᠢᠬᠤ ᠨᠢ ᠭᠡᠳ ᠭᠠᠳᠠᠭ᠎ᠠ ᠬᠢ ᠮᠣᠷᠢᠲᠠᠨ ᠡᠷᠡᠰ ᠡᠴᠡ ᠭᠠᠷ ᠳᠠᠮᠵᠢᠭᠤᠯᠤᠨ ᠥᠭᠭᠦᠭᠰᠡᠨ ᠪᠠᠮᠪᠠᠷ ᠤ᠋ᠨ ᠭᠠᠯ ᠣᠷᠣᠴᠠᠨ ᠳ᠋ᠤ᠌ ᠳᠦᠷᠡᠯᠵᠡᠭᠦᠯᠦᠨ ᠣᠷᠣᠭᠤᠯᠵᠤ ᠢᠷᠡᠪᠡ᠃ ᠴᠢᠩᠭᠢᠭᠡᠳ ᠴᠢᠨᠣ᠎ᠠ ᠶ᠋ᠢᠨ ᠳᠠᠬᠤ ᠪᠠᠷ ᠪᠢᠲᠡᠭᠦᠦ ᠣᠷᠢᠶᠠᠵᠤ ᠬᠡᠪᠲᠡᠭᠰᠡᠨ ᠡᠬᠡ ᠶ᠋ᠢᠨ ᠬᠢᠨᠢ ᠨᠣᠮᠣᠨ ᠬᠥᠮᠥᠰᠬᠡ ᠬᠤᠢᠬᠠᠯᠠᠨ ᠠᠯᠳᠠᠮ᠎ᠠ ᠪᠠᠮᠪᠠᠷ ᠢ᠋ᠶ᠋ᠠᠷ ᠭᠡᠷᠡᠯᠲᠦᠭᠦᠯᠵᠦ᠂
— ᠬᠣᠲᠣᠯᠠ ᠨᠣᠶᠠᠨ ᠤ᠋ ᠵᠠᠷᠯᠢᠭ ᠤ᠋ᠨ ᠡᠯᠴᠢ ᠶᠠᠪᠤᠵᠤ ᠪᠠᠢᠨ᠎ᠠ᠃ ᠬᠤᠪᠴᠠᠰᠤᠯᠠ! ᠭᠡᠰᠡᠨ ᠢ᠋ᠶ᠋ᠡᠨ ᠲᠣᠷᠭᠠᠨ ᠸᠠᠳᠠᠩ ᠲᠠᠢ ᠶ᠋ᠢ ᠡᠪᠦᠷ ᠳᠡᠭᠡᠷ᠎ᠡ ᠨᠢ ᠰᠢᠳᠡᠴᠢᠬᠡᠭᠡᠳ ᠪᠠᠮᠪᠠᠷ ᠢ᠋ᠶ᠋ᠠᠨ ᠦᠭᠡ ᠨᠣᠶᠠᠨ ᠳ᠋ᠤ᠌ ᠪᠠᠷᠢᠭᠤᠯᠤᠨ ᠭᠠᠷᠴᠤ ᠣᠳᠤᠯ᠎ᠠ᠃ ᠭᠠᠳᠠᠭ᠎ᠠ ᠮᠣᠷᠢᠳ ᠳᠣᠷᠭᠢᠯᠠᠬᠤ᠂ ᠠᠮᠠᠭᠠᠢ ᠲᠡᠩᠭᠡᠯᠢᠭ ᠬᠠᠩᠭᠢᠨᠠᠬᠤ ᠯᠠ ᠰᠣᠨᠣᠰᠳᠠᠬᠤ ᠪᠥᠯᠥᠭᠡ᠃ ᠭᠤᠸ᠎ᠠ ᠪᠦᠯᠵᠢᠭᠡᠨ ᠬᠠᠲᠤᠨ ᠭᠠᠢᠬᠠᠭᠰᠠᠨ ᠬᠠᠷᠠᠴᠠ ᠪᠠᠷ ᠡᠬᠢᠯᠡᠭᠡᠳ ᠬᠦᠦ ᠪᠡᠨ᠂ ᠳᠠᠷᠠᠭ᠎ᠠ ᠨᠢ ᠡᠪᠦᠷ ᠳᠡᠭᠡᠷᠡᠬᠢ ᠸᠠᠳᠠᠩ ᠲᠠᠢ ᠶ᠋ᠢ ᠬᠠᠷᠠᠭᠰᠠᠨ ᠢ᠋ᠶ᠋ᠠᠨ ᠴᠡᠴᠡᠷᠡᠭᠰᠡᠨ ᠭᠠᠷ ᠢ᠋ᠶ᠋ᠠᠷ ᠵᠠᠩᠭᠢᠯᠠᠭ᠎ᠠ ᠶ᠋ᠢ ᠳᠡᠢᠯᠪᠡᠯ ᠲᠣᠷᠭᠠᠨ ᠤᠤᠵᠢ᠂ ᠳᠤᠷᠳᠤᠩ ᠳᠡᠪᠡᠯ᠂ ᠲᠥᠪ ᠬᠢᠴᠡ ᠲᠡᠢ ᠲᠣᠪᠢ ᠮᠠᠯᠠᠭᠠᠢ ᠭᠠᠷᠴᠤ ᠢᠷᠡᠯ᠎ᠡ᠃ ᠪᠦᠬᠦ ᠤᠴᠢᠷ ᠢ᠋ ᠨᠢ ᠥᠵᠢᠨ ᠢᠵᠢᠢ ᠡᠴᠡ ᠪᠡᠨ ᠲᠦᠷᠦᠭᠦᠯᠡᠵᠦ ᠤᠬᠠᠭᠠᠷᠠᠭᠰᠠᠨ ᠲᠡᠮᠦᠵᠢᠨ ᠦᠭᠡ᠂
— ᠴᠢᠨᠣ᠎ᠠ ᠶ᠋ᠢᠨ ᠳᠠᠬᠤ ᠶ᠋ᠢ ᠨᠢ ᠸᠠᠳᠠᠩᠨᠠᠭᠠᠳ ᠪᠤᠴᠠᠭᠠᠴᠢᠬᠠᠪᠠᠯ ᠶᠠᠭᠠᠬᠢᠭᠰᠠᠨ ᠶᠤᠮ ᠪᠣᠢ ᠭᠡᠳ ᠥᠨᠳᠡᠯᠵᠡᠬᠦ ᠳ᠋ᠦ᠍ ᠪᠦᠯᠵᠢᠭᠡᠨ ᠬᠠᠲᠤᠨ᠂
— ᠪᠢ ᠶᠠᠭᠠᠬᠢᠬᠤ ᠪᠣᠢ᠂ ᠲᠠᠨ ᠤ᠋ ᠠᠮᠢᠨ ᠳ᠋ᠤ᠌ ᠬᠠᠯᠠ ᠲᠠᠢ! ᠬᠠᠭᠠᠨ ᠠᠪᠤ ᠴᠢᠨᠢ《ᠴᠢ ᠬᠥᠮᠦᠨ ᠦ᠌ ᠳᠣᠣᠷ᠎ᠠ ᠣᠷᠣᠬᠤ ᠨᠢ ᠶᠠᠭᠠᠬᠢᠬᠤ ᠪᠣᠢ᠃ ᠬᠦᠦ ᠬᠥᠮᠦᠨ ᠦ᠌ ᠳᠣᠣᠷ᠎ᠠ ᠣᠷᠣᠵᠤ ᠪᠣᠯᠬᠤ ᠦᠭᠡᠢ᠃ ᠡᠮ᠎ᠡ ᠬᠥᠮᠦᠨ ᠳ᠋ᠦ᠍ ᠭᠡᠷ ᠦ᠋ᠨ ᠰᠦᠯᠳᠡ᠂ ᠡᠷ᠎ᠡ ᠬᠥᠮᠦᠨ ᠳ᠋ᠦ᠍ ᠲᠥᠷᠥ ᠶ᠋ᠢᠨ ᠰᠦᠯᠳᠡ ᠶᠠᠪᠤᠳᠠᠭ》 ᠭᠡᠵᠦ ᠵᠠᠬᠢᠭᠰᠠᠨ ᠶᠤᠮ᠃ ᠬᠣᠶᠠᠭᠤᠯᠠ ᠪᠠᠨ ᠣᠴᠢᠨ᠎ᠠ ᠠ᠋ ᠭᠡᠵᠦ ᠠᠢᠯ ᠤ᠋ᠨ ᠲᠣᠭᠣᠭ᠎ᠠ ᠥᠩᠭᠡᠢᠨ ᠠᠮᠢ ᠵᠢᠭᠤᠭᠰᠠᠨ ᠡᠨᠡ ᠣᠯᠠᠨ ᠵᠢᠯ ᠳ᠋ᠦ᠍ ᠠᠩᠬ᠎ᠠ ᠤᠳᠠᠭ᠎ᠠ ᠵᠣᠷᠢᠮᠠᠭ ᠥᠭᠦᠯᠡᠵᠦ ᠪᠢᠯᠡ᠃ ᠮᠠᠭᠠᠳ ᠦᠭᠡᠢ ᠬᠠᠨ ᠬᠦᠦ ᠶ᠋ᠢᠨ ᠢ᠋ᠶ᠋ᠡᠨ ᠲᠥᠯᠥᠭᠡ ᠲᠡᠭᠦᠨ ᠦ᠌ ᠬᠢᠵᠦ ᠴᠢᠳᠠᠬᠤ ᠭᠠᠭᠴᠠ ᠶᠠᠭᠤᠮ᠎ᠠ ᠪᠣᠯ ᠡᠨᠡ ᠪᠠᠢᠵᠤ ᠴᠤ᠌ ᠮᠡᠳᠡᠬᠦ ᠶᠦᠮ᠃
ᠰᠠᠷ᠎ᠠ ᠲᠠᠢ ᠰᠥᠨᠢ ᠣᠷᠣᠴᠠ ᠪᠠᠨ ᠣᠷᠬᠢᠨ᠂ ᠬᠦᠦ ᠪᠡᠨ ᠳᠠᠭᠠᠭᠤᠯᠵᠤ ᠵᠠᠩ ᠮᠡᠳᠡᠬᠦ ᠦᠭᠡᠢ ᠮᠣᠷᠢᠨ ᠳ᠋ᠤ᠌ ᠳᠥᠷᠥᠭᠡᠯᠡᠬᠦ ᠳ᠋ᠡᠭᠡᠨ ᠭᠤᠸ᠎ᠠ ᠪᠦᠯᠵᠢᠭᠡᠨ ᠬᠠᠲᠤᠨ ᠠᠮᠢᠨ ᠠ᠋ᠴᠠ ᠲᠠᠰᠤᠷᠠᠭᠰᠠᠨ ᠠᠮᠢ᠂ ᠪᠠᠶᠠᠨ ᠠ᠋ᠴᠠ ᠲᠠᠰᠤᠷᠠᠭᠰᠠᠨ ᠪᠡᠶ᠎ᠡ ᠭᠠᠭᠴᠠ ᠬᠦᠦ ᠪᠡᠨ ᠯᠡ ᠪᠣᠳᠣᠵᠤ ᠪᠢᠯᠡ᠃ ᠲᠠᠷᠯᠠᠨ ᠴᠠᠰᠤ ᠲᠠᠢ ᠨᠢᠴᠦᠭᠦᠨ ᠲᠠᠯ᠎ᠠ ᠪᠠᠷ ᠰᠥᠨᠢᠵᠢᠨ ᠳᠣᠪᠲᠣᠯᠵᠤ᠂ ᠮᠡᠴᠢᠳ ᠭᠤᠳᠤᠢᠬᠤ ᠴᠠᠭ ᠢ᠋ᠶ᠋ᠠᠷ ᠶᠡᠬᠡ ᠰᠢᠭᠤᠢ ᠶ᠋ᠢᠨ ᠬᠠᠶᠠᠭ᠎ᠠ ᠨᠥᠮᠥᠷᠢᠳᠡᠵᠦ ᠪᠠᠭᠤᠭᠰᠠᠨ ᠨᠣᠶᠠᠨ ᠤ᠋ ᠬᠦᠷᠢᠶᠡᠨ ᠳ᠋ᠦ᠍ ᠬᠦᠷᠴᠦ ᠠᠪᠠᠢ᠃ ᠤᠷᠲᠤ ᠵᠠᠮ ᠤ᠋ᠨ ᠲᠤᠷᠰᠢ ᠣᠭᠲᠣ ᠦᠭᠡ ᠳᠤᠤᠭᠠᠷᠤᠭ᠎ᠠ ᠦᠭᠡᠢ ᠫᠠᠷᠭᠢᠶ᠎ᠠ ᠳᠠᠭᠤᠲᠤ ᠵᠢᠵᠢᠭᠬᠡᠨ ᠬᠡᠳᠦᠢ ᠴᠦ᠍ ᠴᠡᠮᠴᠡᠭᠡᠷᠬᠡᠨ ᠬᠡᠯᠪᠡᠷᠢ ᠲᠡᠢ ᠭᠡᠷ ᠵᠢᠭᠠᠵᠤ᠂
— ᠲᠠᠨ ᠤ᠋ ᠥᠷᠥᠭᠡ ᠭᠡᠯᠡ᠃ ᠭᠤᠸ᠎ᠠ ᠪᠦᠯᠵᠢᠭᠡᠨ ᠬᠠᠲᠤᠨ ᠮᠠᠩᠬᠠᠢᠨ ᠠᠢᠰᠤᠬᠤ ᠦᠷ ᠦ᠋ᠨ ᠪᠦᠳᠡᠭᠢ ᠪᠠᠳᠠᠭᠢᠬᠠᠨ ᠭᠡᠭᠡᠨ ᠳ᠋ᠦ᠍ ᠰᠠᠢᠨ ᠬᠠᠷᠠᠪᠠᠯ ᠪᠠᠲᠠᠭᠠᠨ᠎ᠠ ᠶ᠋ᠢᠨ ᠨᠦᠬᠡ ᠣᠩᠭᠣᠢᠭᠰᠠᠨ ᠲᠠᠷᠠᠯᠠᠭᠠᠷ ᠬᠠᠷ᠎ᠠ ᠨᠢᠭᠤᠷᠤᠨ ᠳ᠋ᠤ᠌ ᠱ᠌ᠢᠷᠦᠨ ᠤᠯᠠᠭᠠᠨ ᠬᠠᠮᠠᠷ ᠰᠢᠭᠢᠳᠬᠡᠴᠢᠬᠡᠭᠰᠡᠨ ᠮᠡᠲᠦ ᠨᠢᠭᠡᠨ ᠠᠵᠢ᠃ ᠮᠥᠨᠥᠬᠢ ᠡᠷ᠎ᠡ ᠬᠠᠲᠤᠨ ᠢ᠋ ᠡᠢᠨ ᠬᠠᠷᠠᠭᠰᠠᠨ ᠳ᠋ᠤ᠌ ᠨᠡᠷ᠎ᠡ ᠲᠤᠭᠤᠯᠬᠤ ᠶ᠋ᠢ ᠬᠦᠰᠡᠪᠡ ᠭᠡᠵᠦ ᠪᠣᠳᠣᠭᠰᠠᠨ ᠶᠠᠩᠵᠤ ᠲᠠᠢ᠂
— ᠨᠠᠮᠠᠶ᠋ᠢ ᠮᠠᠯᠲᠠᠭ ᠪᠠᠭᠠᠲᠤᠷ ᠭᠡᠳᠡᠭ᠃ ᠪᠢ ᠬᠣᠲᠣᠯᠠ ᠨᠣᠶᠠᠨ ᠤ᠋ ᠲᠣᠷᠭᠠᠨ ᠵᠠᠭᠤᠲᠤ ᠶ᠋ᠢᠨ ᠳᠠᠭᠠᠭᠠᠮᠠᠯ ᠭᠡᠳ ᠮᠡᠬᠦᠢᠰᠬᠢᠭᠰᠡᠨ ᠢ᠋ᠶ᠋ᠡᠨ ᠲᠡᠮᠦᠵᠢᠨ ᠦᠭᠡ ᠳ᠋ᠦ᠍ ᠬᠠᠨᠳᠤᠨ᠂
— ᠬᠦᠦ ᠴᠢ ᠨᠠᠭᠠᠰᠢ ᠢᠷ᠎ᠡ ᠭᠡᠪᠡ᠃ ᠬᠠᠲᠤᠨ ᠢᠵᠢᠢ ᠶ᠋ᠢᠨ ᠰᠡᠳᠬᠢᠯ ᠤᠷᠠᠭᠳᠠᠨ᠂ ᠵᠢᠷᠦᠬᠡ ᠵᠦᠰᠦᠭᠳᠡᠵᠦ᠂
— ᠮᠡᠯᠲᠡᠭ ᠪᠠᠭᠠᠲᠤᠷ ᠲᠠ ᠶᠠᠭᠤ ᠠᠢᠯᠠᠳᠤᠨ᠎ᠠ᠃ ᠬᠦᠦ ᠪᠢᠳᠡ ᠬᠣᠶᠠᠷ ᠨᠢᠭᠡᠨ ᠭᠡᠷ ᠲᠦ᠍ ᠲᠣᠯᠣᠭᠠᠢ ᠬᠣᠷᠭᠣᠳᠠᠵᠤ ᠡᠰᠡ ᠪᠣᠯᠬᠤ ᠠᠪᠠᠰᠤ ᠣᠪᠣᠬᠠᠢ ᠳ᠋ᠠᠭᠠᠨ ᠣᠴᠢᠶ᠎ᠠ ᠪᠢ ᠭᠡᠪᠡᠯ ᠮᠡᠯᠲᠡᠭ ᠪᠠᠭᠠᠲᠤᠷ ᠮᠠᠷᠰᠠᠢᠲᠠᠯᠠ ᠢᠨᠢᠶᠡᠨ᠂
— ᠡᠨᠡ ᠶ᠋ᠢ ᠪᠢ ᠮᠡᠳᠡᠬᠦ ᠦᠭᠡᠢ᠂ ᠶᠡᠬᠡ ᠬᠣᠲᠣᠯᠠ ᠨᠣᠶᠠᠨ ᠮᠡᠳᠡᠨ᠎ᠡ ᠬᠡᠮᠡᠪᠡ᠃
— ᠬᠠᠢᠷᠠᠲᠠᠢ ᠦᠭᠡ ᠶ᠋ᠢ ᠣᠷᠭᠢ! ᠪᠢ ᠥᠪᠡᠷ ᠢ᠋ᠶ᠋ᠡᠨ ᠠᠢᠯᠠᠳᠬᠠᠶ᠎ᠠ ᠭᠡᠬᠦ ᠳ᠋ᠦ᠍ ᠲᠡᠮᠦᠵᠢᠨ ᠦᠭᠡ᠂
— ᠵᠣᠪᠠᠬᠤ ᠶ᠋ᠢᠨ ᠶᠡᠬᠡ ᠪᠡᠷ ᠵᠣᠪᠠᠭᠰᠠᠨ ᠲᠠ
ᠵᠣ ᠨᠢᠷᠤᠭᠤ ᠪᠠᠨ ᠠᠮᠠᠷᠠᠭᠠᠬᠤ ᠪᠣᠯᠤᠭᠰᠠᠨ ᠲᠠ
ᠵᠦᠳᠡᠷᠡᠬᠦ ᠶ᠋ᠢᠨ ᠶᠡᠬᠡ ᠪᠡᠷ ᠵᠦᠳᠡᠷᠡᠭᠰᠡᠨ ᠲᠠ
ᠵᠢᠷᠦᠬᠡ ᠳᠣᠲᠣᠷ ᠢ᠋ᠶ᠋ᠠᠨ ᠠᠮᠠᠷᠠᠭᠠᠬᠤ ᠪᠣᠯᠤᠭᠰᠠᠨ ᠲᠠ ᠭᠡᠵᠦ ᠥᠭᠦᠯᠡᠭᠡᠳ ᠮᠠᠯᠲᠠᠭ ᠪᠠᠭᠠᠲᠤᠷ ᠢ᠋ ᠳᠠᠭᠠᠵᠤ ᠬᠡᠵᠢᠶ᠎ᠡ ᠶᠡᠵᠢᠶᠡᠨ ᠦ᠌ ᠲᠠᠨᠢᠯ ᠬᠥᠮᠦᠰ ᠮᠡᠲᠦ ᠳᠦᠩᠭᠡᠷ ᠳᠦᠩᠭᠡᠷ ᠶᠠᠷᠢᠯᠴᠠᠨ ᠣᠳᠴᠠᠢ᠃ ᠬᠣᠲᠣᠯᠠ ᠨᠣᠶᠠᠨ ᠤ᠋ ᠶᠡᠬᠡ ᠥᠷᠭᠥᠭᠡ ᠶ᠋ᠢ ᠬᠣᠯᠠ ᠠᠢᠯ ᠤ᠋ᠨ ᠵᠠᠢ ᠳ᠋ᠤ᠌ ᠲᠣᠭᠣᠷᠢᠵᠤ ᠪᠠᠭᠤᠭᠰᠠᠨ ᠭᠡᠷ ᠲᠡᠷᠭᠡᠨ ᠳᠤᠮᠳᠠᠭᠤᠷ ᠬᠦᠦ ᠶ᠋ᠢᠨ ᠬᠢᠨᠢ ᠲᠣᠯᠣᠭᠠᠢ ᠱᠣᠪᠣᠯᠵᠠᠨ ᠱᠣᠪᠣᠯᠵᠠᠨ ᠳᠠᠯᠳᠠ ᠣᠷᠣᠲᠠᠯ᠎ᠠ ᠬᠠᠷᠠᠵᠤ ᠵᠣᠭᠰᠣᠭᠰᠠᠨ ᠢ᠋ᠶ᠋ᠠᠨ ᠪᠦᠯᠵᠢᠭᠡᠨ ᠬᠠᠲᠤᠨ ᠭᠤᠨᠢᠭ ᠲᠠᠢ ᠰᠠᠨᠠᠭ᠎ᠠ ᠠᠯᠳᠠᠭᠠᠳ ᠭᠡᠷ ᠲᠦ᠍ ᠣᠷᠣᠯ᠎ᠠ᠃ ᠪᠢᠴᠢᠬᠠᠨ ᠭᠡᠷ ᠳᠣᠲᠣᠷ᠎ᠠ ᠲᠣᠬᠢᠯᠢᠭ ᠠᠭᠠᠳ ᠳᠤᠯᠠᠭᠠᠨ᠂ ᠲᠠᠯᠪᠢᠯᠭ᠎ᠠ ᠰᠡᠯᠲᠡ ᠴᠥᠭᠡᠬᠡᠨ ᠬᠡᠳᠦᠢ ᠴᠦ᠍ ᠴᠢᠨᠠᠷᠯᠢᠭ ᠠᠵᠢ᠃ ᠬᠦᠷᠡᠯ ᠲᠤᠯᠭᠠᠨ ᠳ᠋ᠤ᠌ ᠬᠠᠭᠤᠷᠠᠢ ᠮᠥᠴᠢᠷ ᠱᠠᠵᠢᠭᠢᠨᠠᠨ ᠠᠰᠠᠵᠤ ᠪᠣᠢ ᠶ᠋ᠢ ᠪᠣᠳᠣᠬᠤ ᠳ᠋ᠤ᠌ ᠠᠢᠰᠤᠢ ᠪᠠᠷ᠎ᠠ ᠪᠠᠷ ᠰᠢᠪᠡᠭᠴᠢᠨ ᠢᠷᠡᠵᠦ ᠭᠠᠯ ᠲᠦᠯᠡᠵᠦ᠂ ᠴᠠᠢ ᠪᠤᠴᠠᠯᠭᠠᠭᠰᠠᠨ ᠬᠡᠷᠡᠭ᠃ ᠪᠦᠯᠵᠢᠭᠡᠨ ᠬᠠᠲᠤᠨ ᠭᠡᠷ ᠦ᠋ᠨ ᠡᠵᠡᠭᠲᠡᠢ ᠰᠠᠭᠤᠳᠠᠯ ᠢ᠋ ᠵᠡᠭᠦᠨ ᠲᠠᠯ᠎ᠠ ᠳ᠋ᠤ᠌ ᠡᠵᠡᠭᠦᠢ ᠣᠷᠬᠢᠭᠠᠳ ᠭᠠᠯ ᠤ᠋ᠨ ᠪᠠᠷᠠᠭᠤᠨ ᠤᠷᠲᠤ ᠳᠣᠣᠷᠠᠬᠠᠨ ᠰᠢᠭ᠋ ᠬᠣᠷᠮᠣᠢ ᠳᠠᠪᠰᠢᠭᠤᠷᠭᠠᠳᠠᠨ ᠰᠠᠭᠤᠯ᠎ᠠ᠃
ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠭᠰᠠᠨ ᠡᠨᠡ ᠣᠯᠠᠨ ᠵᠢᠯ ᠦ᠋ᠨ ᠲᠤᠷᠰᠢ ᠭᠡᠷ ᠦ᠋ᠨ ᠪᠣᠱᠣᠭ᠎ᠠ ᠠᠯᠬᠤᠵᠤ᠂ ᠭᠠᠯ ᠤ᠋ᠨ ᠵᠠᠬ᠎ᠠ ᠳ᠋ᠤ᠌ ᠰᠠᠭᠤᠭᠰᠠᠨ ᠨᠢ ᠦᠭᠡᠢ ᠶᠦᠮ᠃ ᠶᠡᠷᠦ ᠴᠠᠭ ᠤ᠋ᠨ ᠴᠠᠭ ᠲᠤ᠌ ᠳᠣᠷᠣᠮᠵᠢᠯᠠᠯ ᠠᠮᠰᠠᠵᠤ᠂ ᠨᠢᠭᠦᠯ ᠦ᠋ᠨ ᠵᠤᠭ᠎ᠠ ᠪᠣᠯᠵᠤ ᠶᠠᠪᠤᠭᠰᠠᠨ ᠨᠢ ᠪᠣᠢ᠃ ᠡᠪᠡᠰᠦ ᠥᠨᠳᠡᠢᠵᠦ᠂ ᠵᠡᠷᠭᠡᠯᠭᠡ ᠰᠡᠷᠡᠵᠦ ᠪᠠᠢᠭᠰᠠᠨ ᠬᠠᠪᠤᠷ ᠴᠠᠭ ᠤ᠋ᠨ ᠲᠡᠷᠡ ᠨᠢᠭᠡᠨ ᠭᠤᠨᠢᠭ ᠥᠨᠥ ᠴᠦ᠍ ᠳᠠᠭᠤᠰᠬᠤ ᠦᠭᠡᠢ ᠨᠢᠯᠪᠤᠰᠤ ᠮᠡᠲᠦ ᠵᠢᠷᠦᠬᠡᠨ ᠳ᠋ᠦ᠍ᠨᠢ ᠪᠥᠩᠵᠢᠭᠡᠨᠡᠨ ᠪᠠᠢᠬᠤ ᠪᠢᠯᠡ᠃ ᠲᠣᠬᠣᠢ ᠶ᠋ᠢᠨ ᠴᠢᠨᠡᠭᠡᠨ ᠬᠦᠦ ᠪᠡᠨ ᠳᠠᠭᠠᠭᠤᠯᠵᠤ᠂ ᠲᠣᠭᠣᠨᠣᠨ ᠴᠢᠨᠡᠭᠡᠨ ᠣᠷᠣᠮᠵᠢ ᠪᠠᠨ ᠡᠭᠦᠷᠴᠦ ᠬᠥᠷᠯᠡᠬᠦ ᠥᠭᠰᠥᠨ᠂ ᠰᠡᠩᠬᠦᠷ ᠭᠣᠣᠯ ᠤ᠋ᠨ ᠪᠤᠷᠭᠠᠰᠤᠨ ᠲᠣᠬᠣᠢ ᠤᠷᠤᠭᠤ ᠣᠷᠣᠵᠤ ᠶᠠᠪᠤᠲᠠᠯ᠎ᠠ ᠠᠷᠤ ᠰᠢᠯᠢᠨ ᠳᠡᠭᠡᠷ᠎ᠡ ᠨᠢ ᠮᠣᠷᠢᠨ ᠲᠤᠭᠤᠷᠠᠢ ᠲᠠᠴᠢᠭᠢᠨᠠᠵᠠᠢ᠃《ᠲᠠᠲ᠋ᠠᠷ ᠤ᠋ᠳ ᠢᠷᠡᠪᠡ》 ᠭᠡᠮᠡᠨ ᠪᠠᠶᠠᠷᠯᠠᠳᠠᠭ ᠦᠭᠡ ᠨᠣᠶᠠᠨ ᠮᠠᠭᠤ ᠰᠣᠪᠢᠩ ᠳ᠋ᠤ᠌ ᠠᠪᠲᠠᠵᠤ ᠢᠵᠢᠢ ᠶ᠋ᠢᠨ ᠢ᠋ᠶ᠋ᠡᠨ ᠬᠣᠷᠮᠣᠢ ᠠ᠋ᠴᠠ ᠦᠬᠦᠨ ᠬᠠᠳᠠᠨ ᠵᠢᠭᠤᠷᠠᠯᠳᠤᠯᠠ᠃ ᠢᠷᠣ᠎ᠠ ᠵᠦᠩ ᠳ᠋ᠦ᠍ ᠠᠪᠲᠠᠭᠰᠠᠨ ᠵᠠᠯᠠᠭᠤ ᠬᠠᠲᠤᠨ ᠡᠭᠦᠷᠭᠡ ᠪᠡᠨ ᠪᠠᠭᠤᠯᠭᠠᠵᠤ᠂ ᠬᠦᠦ ᠶ᠋ᠢᠨ ᠢ᠋ᠶ᠋ᠡᠨ ᠵᠠᠮ ᠤ᠋ᠨ ᠲᠣᠭᠣᠰᠣ ᠳᠠᠷᠤᠭᠰᠠᠨ ᠦᠰᠦ ᠶ᠋ᠢ ᠳᠡᠮᠡᠢ ᠯᠡ ᠢᠯᠢᠵᠦ ᠵᠣᠭᠰᠣᠪᠠ᠃ ᠴᠢᠩᠭᠢᠲᠡᠯ᠎ᠡ ᠬᠠᠪᠤᠷ ᠤ᠋ᠨ ᠥᠷᠯᠥᠭᠡᠨ ᠦ᠌ ᠲᠤᠩᠭᠠᠯᠠᠭ ᠠᠭᠠᠷ ᠲᠤ᠌ ᠭᠠᠯᠵᠠᠭᠤ ᠬᠠᠷ᠎ᠠ ᠠᠷᠵᠠᠨ ᠤ᠋ ᠦᠨᠦᠷ ᠬᠠᠩ ᠬᠢᠵᠦ᠂ ᠰᠤᠮᠤᠨ ᠤ᠋ ᠥᠳᠥ ᠰᠡᠷᠡᠯᠵᠡᠭᠦᠯᠦᠭᠰᠡᠨ ᠭᠤᠷᠪᠠᠨ ᠬᠠᠯᠠᠮᠴᠠᠭᠤ ᠡᠷᠡᠰ ᠣᠮᠣᠭᠯᠠᠩ ᠮᠣᠷᠢᠳ ᠤ᠋ᠨ ᠢ᠋ᠶ᠋ᠠᠨ ᠠᠮᠠ ᠶ᠋ᠢ ᠠᠩᠭᠠᠯᠵᠠᠲᠠᠯᠠ ᠲᠠᠲᠠᠵᠤ᠂ ᠰᠦᠮᠡᠭᠡᠷ ᠨᠢᠳᠦ ᠪᠡᠷ ᠪᠡᠯᠬᠡᠭᠦᠰᠦ ᠶ᠋ᠢ ᠪᠠᠵᠠᠵᠤ᠂ ᠬᠥᠬᠥ ᠶ᠋ᠢ ᠨᠢ ᠲᠡᠮᠲᠡᠷᠢᠬᠦ ᠮᠡᠲᠦ ᠬᠠᠷᠠᠭᠰᠠᠨ ᠢ᠋ᠶ᠋ᠠᠨ᠂
一 ᠠᠩ ᠤ᠋ᠨ ᠲᠩᠷᠢ ᠬᠠᠶᠠᠭᠰᠠᠨ ᠦᠭᠡᠢ ᠠ᠋ ᠭᠡᠵᠦ ᠨᠢᠭᠡ ᠨᠢ ᠥᠭᠦᠯᠡᠬᠦ ᠳ᠋ᠦ᠍ ᠪᠦᠭᠦᠳᠡ ᠫᠡᠷ ᠬᠢᠨ ᠢᠨᠢᠶᠡᠯᠳᠦᠯᠡ᠃
一 ᠰᠤᠪᠠᠢ ᠰᠢᠷᠬᠠᠴᠢᠨ ᠳᠠᠭᠠᠷᠠᠳᠠᠭ ᠨᠢ᠃
一 ᠬᠤᠪᠢᠶᠠᠭᠠᠳ ᠬᠦᠷᠲᠡᠵᠦ ᠣᠷᠬᠢᠬᠤ ᠳ᠋ᠤ᠌ ᠴᠠᠳᠤᠨ᠎ᠠ ᠳᠠ ᠭᠡᠮᠡᠨ ᠠᠮᠠ ᠠᠮᠠᠨ ᠳ᠋ᠠᠭᠠᠨ ᠱᠤᠤᠭᠢᠯᠳᠤᠵᠤ ᠭᠤᠷᠪᠠᠭᠤᠯᠠ ᠣᠷᠣᠯᠳᠣᠬᠤ ᠮᠡᠲᠦ ᠲᠠᠷ ᠬᠢᠨ ᠪᠠᠭᠤᠵᠤ ᠮᠠᠭᠤ ᠦᠢᠯᠡ ᠶ᠋ᠢ ᠵᠥᠩᠨᠡᠵᠦ᠂ ᠦᠷᠭᠦᠨ ᠬᠤᠢᠬᠢᠷᠬᠤ ᠮᠣᠷᠢᠳ ᠢ᠋ᠶ᠋ᠠᠨ ᠡᠪᠦᠭᠡᠨ ᠬᠠᠢᠯᠠᠰᠤᠨ ᠤ᠋ ᠮᠥᠴᠢᠷ ᠡᠴᠡ ᠲᠣᠷᠭᠣᠭᠠᠵᠤ ᠣᠷᠬᠢᠪᠠ᠃ ᠴᠢᠩᠭᠢᠭᠡᠳ ᠬᠤᠯᠤᠭᠠᠨ᠎ᠠ ᠬᠠᠷᠠᠭᠰᠠᠨ ᠮᠤᠤᠷ ᠮᠢᠷᠢᠶᠠᠬᠤ ᠮᠡᠲᠦ ᠰᠢᠯᠦᠰᠦ ᠪᠡᠨ ᠵᠠᠯᠭᠢᠨ ᠨᠠᠭᠠᠰᠢᠯᠠᠬᠤ ᠳ᠋ᠤ᠌ ᠵᠢᠭᠠᠯ ᠨᠣᠶᠠᠨ᠂
一 ᠢᠵᠢᠢ ᠪᠡᠨ ᠥᠭᠬᠦ ᠦᠭᠡᠢ! ᠢᠵᠢᠢ ᠪᠡᠨ ᠥᠭᠬᠦ ᠦᠭᠡᠢ ᠭᠡᠮᠡᠨ ᠢᠰᠢᠭᠡᠨ ᠴᠡᠭᠡᠵᠢᠨ ᠦ᠌ ᠪᠡᠨ ᠠᠷᠤ ᠳ᠋ᠤ᠌ ᠨᠢᠭᠤᠵᠤ ᠰᠡᠩᠭᠦᠷ ᠭᠣᠷᠣᠬᠠᠨ ᠤ᠋ ᠰᠢᠭᠤᠢ ᠳᠦᠭᠦᠷᠡᠩ ᠣᠷᠢᠯᠠᠵᠤ ᠪᠢᠯᠡ᠃ ᠲᠡᠳᠡ ᠨᠣᠬᠠᠢ ᠬᠤᠴᠠᠬᠤ ᠶ᠋ᠢᠨ ᠴᠢᠨᠡᠭᠡ ᠲᠣᠭᠣᠭᠰᠠᠨ ᠦᠭᠡᠢ ᠢᠨᠢᠶᠡᠯᠳᠦᠭᠰᠡᠨ ᠢ᠋ᠶ᠋ᠡᠨ ᠨᠢᠭᠡ ᠨᠢ ᠬᠦᠦ ᠶ᠋ᠢ ᠰᠡᠪ ᠬᠢᠨ ᠡᠷᠭᠦᠵᠦ ᠠᠪᠤᠭᠠᠳ ᠭᠤᠷᠪᠠᠨ ᠬᠦᠯᠦᠭ ᠦ᠋ᠨ ᠳᠤᠮᠳᠠᠬᠢ ᠲᠣᠭᠰᠢᠨ ᠴᠠᠪᠢᠳᠠᠷ ᠮᠣᠷᠢᠨ ᠤ᠋ ᠡᠮᠡᠭᠡᠯ ᠳᠡᠭᠡᠷ᠎ᠡ ᠪᠤᠷᠤᠭᠤ ᠬᠠᠷᠠᠭᠤᠯᠤᠭᠠᠳ ᠲᠠᠯᠪᠢᠴᠢᠬᠠᠪᠠ᠃ ᠬᠦᠦ ᠶ᠋ᠢ ᠬᠥᠳᠡᠯᠬᠦ ᠪᠦᠷᠢ ᠴᠠᠪᠢᠳᠠᠷ ᠮᠣᠷᠢ ᠲᠠᠪᠲᠤᠷ ᠠᠯᠲᠠᠨ ᠲᠦᠭᠦᠭᠡᠯᠵᠡᠵᠦ᠂ ᠬᠠᠷᠠᠢᠨ ᠪᠠᠭᠤᠶ᠎ᠠ ᠭᠡᠬᠦᠨ᠎ᠡ ᠬᠣᠶᠠᠷ ᠲᠠᠯ᠎ᠠ ᠠ᠋ᠴᠠ ᠣᠮᠣᠭᠯᠠᠩ ᠮᠣᠷᠢᠳ ᠤ᠋ᠨ ᠲᠤᠭᠤᠷᠠᠢ ᠭᠠᠵᠠᠷ ᠴᠠᠪᠴᠢᠯᠠᠨ ᠡᠷᠭᠢᠴᠡᠬᠦ ᠠᠵᠢ᠃ ᠲᠡᠮᠦᠵᠢᠨ ᠦᠭᠡ ᠳᠡᠮᠡᠢ ᠯᠡ ᠡᠮᠡᠭᠡᠯ ᠦ᠋ᠨ ᠪᠦᠭᠦᠷᠭᠡ ᠳᠡᠰ ᠵᠠᠭᠤᠷᠠᠵᠤ ᠠᠰᠬᠠᠷᠠᠲᠠᠯ᠎ᠠ ᠤᠬᠢᠯᠠᠬᠤ ᠠ᠋ᠴᠠ ᠥᠭᠡᠷ᠎ᠡ ᠶᠠᠭᠠᠬᠢᠵᠤ ᠴᠤ᠌ ᠦᠯᠦ ᠴᠢᠳᠠᠬᠤ ᠠᠪᠠᠢ᠃ ᠡᠨᠡ ᠬᠢᠷᠢ ᠮᠥᠨᠥᠬᠡᠨ ᠭᠤᠷᠪᠠᠨ ᠠᠩᠴᠢᠨ ᠰᠦᠨ ᠰᠢᠳᠦ ᠰᠢᠭ ᠪᠤᠯᠲᠠᠢᠬᠤ ᠨᠢᠯᠬ᠎ᠠ ᠨᠣᠭᠣᠭᠠᠨ ᠳᠡᠭᠡᠭᠦᠷ ᠰᠤᠭᠤ ᠮᠡᠲᠦ ᠳᠡᠭᠳᠡᠨ ᠵᠢᠭᠤᠲᠠᠬᠤ ᠢᠵᠢᠢ ᠶ᠋ᠢ ᠨᠢ ᠴᠢᠨᠣ᠎ᠠ ᠮᠡᠲᠦ ᠠᠩᠭᠠᠭᠠᠯᠠᠨ ᠬᠥᠭᠡᠭᠡᠭᠰᠡᠭᠡᠷ ᠪᠠᠷᠢᠵᠤ ᠠᠪᠴᠠᠢ᠃ ᠲᠡᠭᠡᠭᠰᠡᠨ ᠢ᠋ᠶ᠋ᠡᠨ ᠠᠷᠠᠢ ᠪᠠᠳᠠᠷᠢᠭᠤᠨ ᠨᠢᠭᠡ ᠨᠢ ᠥᠷᠥᠯᠡᠬᠦ ᠬᠣᠨᠢ ᠪᠠᠨ ᠲᠩᠷᠢ ᠬᠠᠷᠠᠭᠤᠯᠬᠤ ᠮᠡᠲᠦ ᠳᠥᠷᠪᠡᠨ ᠮᠥᠴᠢ ᠶ᠋ᠢ ᠨᠢ ᠰᠠᠷᠪᠠᠯᠵᠠᠭᠤᠯᠤᠨ ᠳᠠᠷᠤᠵᠤ ᠤᠨᠠᠭᠰᠠᠨ ᠢ᠋ᠶ᠋ᠠᠨ ᠠᠢᠯ ᠤ᠋ᠨ ᠲᠣᠭᠣᠭ᠎ᠠ ᠥᠩᠭᠡᠢᠵᠦ ᠶᠠᠪᠤᠬᠤ ᠳ᠋ᠠᠭᠠᠨ ᠯᠠ ᠠᠮᠢᠲᠠᠨ ᠠᠬ᠎ᠠ ᠳᠡᠭᠦᠦ ᠴᠢᠷᠠᠢᠴᠢᠯᠠᠵᠤ ᠣᠯᠤᠭᠰᠠᠨ ᠬᠥᠳᠥᠰᠥᠨ ᠳᠡᠪᠡᠯ ᠦ᠋ᠨ ᠲᠠᠮᠲᠤᠭ ᠢ᠋ ᠨᠢ ᠬᠡᠦ ᠲᠠᠰᠤᠴᠢᠨ ᠬᠠᠶᠠᠬᠤ ᠳ᠋ᠤ᠌ ᠢᠵᠠᠭᠤᠷᠲᠤ ᠪᠦᠰᠡᠭᠦᠢ ᠶ᠋ᠢᠨ ᠪᠤᠯᠪᠠᠷᠠᠢ ᠴᠠᠭᠠᠨ ᠴᠡᠭᠡᠵᠢ ᠲᠤᠶᠠᠭ᠎ᠠ ᠲᠡᠳᠡᠨ ᠴᠡᠪᠴᠡᠢᠵᠦ᠂ ᠥᠯᠥᠨ ᠴᠢᠨᠣ᠎ᠠ ᠰᠢᠭ᠋ ᠡᠷᠡᠰ ᠦ᠋ᠨ ᠰᠢᠨᠤᠭ ᠬᠦᠰᠡᠯ ᠢ᠋ ᠤᠯᠠᠮ ᠪᠠᠳᠠᠷᠠᠭᠠᠵᠤ ᠪᠢᠯᠡ᠃ ᠴᠢᠩᠭᠢᠭᠡᠳ ᠭᠠᠰᠠᠯᠤᠨ ᠰᠣᠶᠣᠭᠠᠯᠠᠬᠤ ᠨᠣᠭᠣᠭᠠᠨ ᠳᠡᠭᠡᠷ᠎ᠡ ᠴᠠᠭᠠᠨ ᠬᠥᠪᠥᠩ ᠵᠤᠯᠠᠬᠤ ᠮᠡᠲᠦ ᠳᠤᠷ᠎ᠠ ᠪᠠᠷ ᠡᠳ᠋ᠯᠡᠵᠦ ᠬᠦᠰᠡᠯ ᠬᠠᠨᠤᠭᠰᠠᠨ ᠨᠢ ᠪᠣᠢ᠃ ᠮᠣᠷᠢᠨ ᠲᠤᠭᠤᠷᠠᠢ ᠲᠠᠴᠢᠭᠢᠨᠠᠨ ᠬᠣᠯᠠᠳᠬᠤ ᠳ᠋ᠤ᠌ ᠬᠦᠦ ᠡᠴᠡ ᠪᠡᠨ ᠵᠣᠪᠠᠬᠤ ᠶ᠋ᠢᠨ ᠡᠷᠬᠡᠨ ᠳ᠋ᠦ᠍ ᠤᠷᠠᠩᠬᠠᠢ ᠬᠥᠳᠥᠰᠥ᠂ ᠬᠠᠨᠵᠠᠷᠠᠭᠰᠠᠨ ᠬᠠᠨᠴᠤᠢ ᠰᠡᠯᠲᠡ ᠪᠡᠨ ᠴᠤᠭᠯᠠᠭᠤᠯᠤᠨ ᠭᠤᠶ᠎ᠠ ᠬᠠᠰᠠ ᠪᠠᠨ ᠳᠠᠯᠳᠠᠯᠠᠭᠴᠢ ᠪᠠᠨ ᠠᠶᠠᠳᠠᠵᠤ ᠪᠢᠯᠡ᠃ ᠡᠨᠡ ᠬᠡᠷᠡᠭ ᠶᠠᠪᠤᠳᠠᠯ ᠥᠪᠡᠷ ᠦ᠋ᠨ ᠬᠢᠨᠢ ᠨᠢᠳᠦᠨ ᠳ᠋ᠦ᠍ ᠦᠵᠡᠭᠳᠡᠵᠦ ᠦᠯᠦ ᠪᠣᠯᠬᠤ ᠶ᠋ᠢ ᠮᠡᠳᠡᠷᠡᠭᠰᠡᠨ ᠵᠢᠭᠠᠯ ᠬᠦᠦ ᠡᠪᠦᠭᠡᠨ ᠤᠯᠢᠶᠠᠰᠤ ᠲᠦᠰᠢᠭᠡᠳ ᠲᠦᠭᠳᠦᠢᠲᠡᠯᠡ ᠤᠬᠢᠯᠠᠵᠤ ᠰᠠᠭᠤᠭᠰᠠᠨ ᠶᠤᠮ᠃ ᠡᠢᠨ ᠥᠷᠥᠭᠡᠯ ᠪᠤᠰᠤᠳ ᠤ᠋ᠨ ᠠᠮᠢᠳᠤ ᠲᠣᠭᠯᠠᠭᠠᠮ ᠪᠣᠯᠵᠤ᠂ ᠳᠠᠢᠴᠢᠳ ᠤ᠋ᠨ ᠴᠡᠭᠡᠵᠢᠨ ᠳᠣᠣᠷ᠎ᠠ ᠲᠠᠷᠴᠢᠯᠠᠵᠤ ᠬᠡᠪᠲᠡᠭᠰᠡᠨ ᠨᠢ ᠴᠥᠭᠡᠨ ᠪᠢᠰᠢ ᠶ᠋ᠢ ᠬᠣᠲᠣᠯᠠ ᠨᠣᠶᠠᠨ ᠮᠠᠲᠠᠮᠠᠷ ᠰᠠᠨ᠃ ᠬᠠᠮᠤᠭ ᠮᠣᠩᠭᠣᠯ ᠤ᠋ᠨ ᠵᠠᠯᠠᠭᠤ ᠨᠣᠶᠠᠳ ᠬᠣᠩᠭᠢᠷᠠᠳ ᠤ᠋ᠨ ᠥᠬᠢᠳ ᠭᠡᠮᠡᠨ ᠬᠣᠰᠢᠭᠤᠷᠠᠵᠤ᠂ ᠦᠶ᠎ᠡ ᠳᠠᠮᠵᠢᠨ ᠲᠡᠨᠳᠡ ᠡᠴᠡ ᠬᠠᠲᠤᠨ ᠵᠠᠯᠠᠵᠤ ᠢᠷᠡᠬᠦ ᠪᠢᠯᠡ᠃ ᠬᠠᠪᠤᠯ ᠬᠠᠭᠠᠨ ᠤ᠋ ᠬᠥᠪᠡᠭᠦᠨ ᠭᠤᠸ᠎ᠠ ᠬᠠᠲᠤᠳ ᠢ᠋ᠶ᠋ᠠᠷ ᠳᠤᠲᠠᠭ᠎ᠠ ᠦᠭᠡᠢ ᠨᠢ ᠯᠠᠪ ᠭᠡᠮᠡᠨ ᠲᠦᠮᠡᠨ ᠵᠦᠢᠯ ᠦ᠋ᠨ ᠪᠣᠳᠣᠯ ᠳ᠋ᠤ᠌ ᠣᠷᠢᠶᠠᠭᠳᠠᠨ ᠰᠠᠭᠤᠲᠠᠯ᠎ᠠ ᠬᠠᠭᠠᠯᠭ᠎ᠠ ᠰᠡᠪ ᠬᠢᠨ ᠣᠩᠭᠣᠢᠵᠤ ᠠᠪᠳᠠᠷ᠎ᠠ ᠮᠡᠲᠦ ᠳᠥᠷᠪᠡᠯᠵᠢᠨ ᠴᠡᠭᠡᠵᠢ ᠲᠡᠢ᠂ ᠠᠷᠰᠯᠠᠨ ᠤ᠋ ᠵᠣᠭᠳᠣᠷ ᠮᠡᠲᠦ ᠨᠠᠮᠢᠷᠠᠭᠰᠠᠨ ᠬᠠᠷ᠎ᠠ ᠦᠰᠦ ᠲᠡᠢ ᠵᠠᠯᠠᠭᠤ ᠨᠣᠶᠠᠨ ᠣᠷᠣᠵᠤ ᠢᠷᠡᠯ᠎ᠡ᠃ ᠪᠦᠯᠵᠢᠭᠡᠨ ᠭᠤᠸ᠎ᠠ ᠬᠠᠲᠤᠨ ᠤᠬᠤᠰᠬᠢᠨ ᠰᠥᠭᠥᠳᠴᠦ᠂
— ᠮᠢᠨᠦ ᠬᠦᠦ ᠶ᠋ᠢ᠁ ᠭᠡᠲᠡᠯ᠎ᠡ ᠬᠣᠲᠣᠯᠠ ᠬᠣᠢᠮᠣᠷ ᠵᠠᠪᠢᠯᠠᠨ ᠰᠠᠭᠤᠵᠤ ᠶᠠᠪᠠᠭᠠᠨ ᠰᠢᠷᠡᠭᠡᠨ᠎ᠡ ᠵᠠᠰᠠᠭᠰᠠᠨ ᠢᠳᠡᠭᠡᠨ ᠡᠴᠡ ᠨᠠᠩᠭᠢᠶᠠᠳ ᠴᠢᠪᠠᠭ᠎ᠠ ᠠᠪᠴᠤ ᠵᠠᠵᠢᠯᠤᠭᠰᠠᠨ ᠢ᠋ᠶ᠋ᠠᠨ᠂
— ᠬᠦᠦ ᠴᠢᠨᠢ ᠮᠡᠯᠲᠡᠭ ᠪᠠᠭᠠᠲᠤᠷ ᠤ᠋ᠨ ᠠᠰᠠᠷᠠᠮᠵᠢ ᠳ᠋ᠤ᠌ ᠪᠣᠢ ᠭᠡᠳ ᠥᠵᠢᠨ ᠢ᠋ ᠴᠣᠭᠣ ᠰᠢᠷᠳᠡᠬᠦ ᠳ᠋ᠦ᠍ ᠡᠬᠢᠯᠡᠭᠡᠳ ᠬᠠᠴᠠᠷ ᠨᠢ ᠬᠠᠯᠠᠭᠤ ᠣᠷᠬᠢᠵᠤ᠂ ᠳᠠᠷᠠᠭ᠎ᠠ ᠨᠢ ᠬᠤᠨ ᠲᠠᠩᠬᠢᠯ ᠬᠣᠶᠠᠷ ᠮᠥᠷᠥ᠂ ᠲᠡᠭᠡᠭᠡᠳ ᠬᠠᠰ ᠪᠣᠮᠪᠣ ᠰᠢᠭ᠋ ᠬᠣᠶᠠᠷ ᠬᠥᠬᠥ ᠶ᠋ᠢ ᠨᠢ ᠵᠠᠯᠠᠭᠤ ᠨᠣᠶᠠᠨ ᠪᠠᠵᠠᠯᠠᠵᠤ ᠲᠠᠯᠪᠢᠵᠤ᠂ ᠪᠠᠵᠠᠯᠠᠵᠤ ᠲᠠᠯᠪᠢᠵᠤ ᠪᠠᠢᠬᠤ ᠰᠢᠭ᠋ ᠰᠠᠨᠠᠭᠳᠠᠨ ᠰᠠᠭᠤᠳᠠᠯ ᠵᠠᠢᠮᠴᠢᠪᠠ᠃ ᠬᠠᠭᠠᠨ ᠬᠥᠮᠦᠨ ᠦ᠌ ᠬᠠᠲᠤᠨ ᠶᠠᠪᠤᠭᠰᠠᠨ ᠲᠠᠩᠬᠢ ᠠᠮᠢᠲᠠᠨ ᠢ᠋ ᠬᠠᠷᠠᠴᠠ ᠪᠠᠷ ᠢ᠋ᠶ᠋ᠠᠨ ᠡᠢᠨ ᠪᠠᠷᠢᠴᠠ ᠠᠯᠳᠠᠭᠤᠯᠵᠤ ᠴᠢᠳᠠᠭᠰᠠᠨ ᠳ᠋ᠠᠭᠠᠨ ᠵᠠᠯᠠᠭᠤ ᠨᠣᠶᠠᠨ ᠪᠡᠶᠡᠰᠴᠦ᠂
— ᠴᠢ ᠲᠠᠲᠠᠪᠤᠷᠢ ᠬᠠᠲᠤᠨ ᠪᠣᠯᠤᠨ᠎ᠠ ᠭᠡᠯᠡ᠃ ᠬᠦᠦ ᠶ᠋ᠢᠨ ᠬᠢᠨᠢ ᠬᠦᠰᠡᠨ ᠬᠦᠯᠢᠶᠡᠳᠡᠭ ᠠᠭᠰᠠᠨ ᠲᠥᠷᠥᠯ ᠨᠢᠭᠡᠲᠦ ᠲᠠᠲ᠋ᠠᠷ ᠤ᠋ᠳ ᠨᠡᠬᠡᠵᠦ ᠢᠷᠡᠬᠦ ᠡᠴᠡ ᠪᠡᠨ ᠥᠩᠭᠡᠷᠡᠭᠰᠡᠨ᠂ ᠪᠡᠶ᠎ᠡ ᠰᠡᠳᠬᠢᠯ ᠢ᠋ ᠨᠢ ᠳᠣᠷᠣᠮᠵᠢᠯᠠᠨ ᠬᠡᠷᠡᠭᠯᠡᠳᠡᠭ ᠲᠠᠯ᠎ᠠ ᠶ᠋ᠢᠨ ᠵᠡᠷᠯᠢᠭ ᠡᠷᠡᠰ ᠦᠯᠦ ᠲᠠᠰᠤᠷᠠᠬᠤ ᠡᠨᠡ ᠴᠠᠭ ᠦᠶ᠎ᠡ ᠳ᠋ᠦ᠍ ᠨᠢᠭᠡᠨ ᠶᠡᠬᠡ ᠬᠥᠮᠦᠨ ᠦ᠌ ᠨᠥᠮᠥᠷᠢ ᠨᠥᠭᠡᠯᠭᠡ ᠦᠭᠡᠢᠯᠡᠭᠳᠡᠵᠦ ᠪᠠᠢᠭᠰᠠᠨ ᠪᠥᠯᠥᠭᠡ᠃ ᠭᠡᠲᠡᠯ᠎ᠡ ᠲᠩᠷᠢ ᠲᠡᠭᠦᠨ ᠳ᠋ᠦ᠍ ᠬᠣᠲᠣᠯᠠ ᠨᠣᠶᠠᠨ ᠢ᠋ ᠢᠯᠡᠭᠡᠵᠡᠢ᠃ ᠵᠠᠶᠠᠭ᠎ᠠ ᠲᠠᠪᠤᠨ ᠲᠩᠷᠢ ᠬᠡᠭᠡᠷ᠎ᠡ ᠬᠣᠨᠣᠭ᠎ᠠ ᠦᠭᠡᠢ ᠶᠦᠮ ᠰᠠᠨᠵᠠᠢ᠃ ᠡᠢᠨ ᠪᠣᠳᠣᠬᠤ ᠠ᠋ᠴᠠ ᠰᠠᠮᠰᠠ ᠨᠢ ᠱᠠᠷᠬᠢᠷᠠᠵᠤ᠂ ᠬᠠᠮᠠᠷ ᠤ᠋ᠨ ᠬᠢᠨᠢ ᠤᠭᠠᠯᠵᠠ ᠰᠠᠷᠲᠠᠯᠵᠠᠨ᠂ ᠬᠡᠯᠪᠡᠷᠢ ᠲᠡᠭᠰᠢ ᠵᠢᠭᠠᠬᠠᠨ ᠴᠡᠭᠡᠵᠢ ᠨᠢ ᠲᠡᠷᠡᠭᠦᠬᠡᠨ ᠳ᠋ᠡᠭᠡᠨ ᠣᠪᠣᠯᠵᠠᠭᠰᠠᠨ ᠢ᠋ᠶ᠋ᠠᠨ᠂
— ᠨᠣᠶᠠᠨᠲᠠᠨ ᠠ᠋᠂ ᠵᠣᠷᠢᠭᠯᠠᠨ ᠠᠢᠯᠠᠳᠬᠤ ᠳ᠋ᠤ᠌ ᠵᠣᠪᠠᠯᠠᠩᠲᠤ ᠡᠮ᠎ᠡ ᠪᠢ ᠬᠦᠴᠦᠨ ᠳ᠋ᠦ᠍ ᠠᠪᠲᠠᠵᠤ ᠠᠷᠠᠯ ᠲᠠᠢ ᠡᠷᠡᠰ ᠲᠦ᠍ ᠴᠢᠨᠢ ᠠᠳᠠᠰᠬ᠎ᠠ ᠰᠢᠭ᠋ ᠳᠡᠪᠢᠰᠦᠭᠦᠯᠦᠭᠰᠡᠨ᠂ ᠲᠡᠩᠬᠡᠭᠡ ᠲᠡᠢ ᠡᠷᠡᠰ ᠲᠦ᠍ ᠴᠢᠨᠢ ᠲᠡᠷᠭᠡ ᠰᠢᠭ ᠡᠳ᠋ᠯᠡᠭᠦᠯᠦᠭᠰᠡᠨ ᠠᠮᠢᠲᠠᠨ ᠪᠢᠯᠡ ᠭᠡᠳ ᠳᠣᠭᠣᠭᠰᠢ ᠲᠣᠩᠭᠣᠢᠬᠤ ᠳ᠋ᠤ᠌ ᠨᠢᠭᠡᠨ ᠳᠤᠰᠤᠯ ᠨᠢᠯᠪᠤᠰᠤ ᠳᠤᠷᠳᠤᠩ ᠳᠡᠪᠡᠯ ᠦ᠋ᠨ ᠡᠩᠭᠡᠷ ᠨᠣᠷᠭᠠᠨ ᠤᠨᠠᠪᠠ ᠠ᠋᠃
ᠦᠰᠦᠭ ᠠᠮᠢᠯᠠᠭᠤᠯᠤᠭᠴᠢ᠄ ᠪᠤᠤ ᠸᠧᠨ ᠬᠤᠸᠠ᠂ ᠪᠡᠶᠡᠨᠴᠡᠴᠡᠭ᠂ ᠡᠬᠦᠯᠡᠩᠬᠤᠸᠠᠷ᠂ ᠬᠡᠷᠡᠢᠳ·ᠮᠥᠩᠬᠡᠨᠠᠰᠤᠨ᠂
ᠪᠠᠢ·ᠰᠠᠷᠠᠨ᠎ᠠ᠂ ᠨᠠᠷᠠᠨᠲᠤᠶᠠᠭ᠎ᠠ᠂ ᠠᠯᠲᠠᠨᠴᠢᠮᠡᠭ᠂ ᠤᠷᠠᠨᠴᠢᠮᠡᠭ᠂
ᠭᠡᠷᠡᠯ᠂ ᠮᠥᠩᠭᠥᠨ᠂ ᠣᠶᠤᠨᠴᠢᠮᠡᠭ᠂ ᠠᠯᠲᠠᠨᠴᠡᠴᠡᠭ
ᠬᠢᠨᠠᠭᠴᠢ᠄ ᠤᠳᠬᠠᠨᠰᠣ᠎ᠠ᠂ ᠨᠠᠷᠠᠨ᠂ ᠭᠠᠷᠮ᠎ᠠ᠂ ᠪᠠᠯ᠂ ᠪᠠᠶᠠᠨᠴᠡᠴᠡᠭ᠂ ᠡᠭᠦᠯᠡᠩᠬᠤᠸᠠᠷ
