ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-2 Орчин цагийн монгол хэл(дээд сургуулийн заах материэл)- Удиртгал-2 ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-2 Орчин цагийн монгол хэл(дээд сургуулийн заах материэл)- Удиртгал-2

ᠣᠷᠴᠢᠨ ᠴᠠᠭ ᠤᠨ ᠮᠣᠩᠭᠣᠯ ᠬᠡᠯᠡ (ᠳᠡᠭᠡᠳᠦ ᠰᠤᠷᠭᠠᠭᠤᠯᠢ ᠶᠢᠨ ᠵᠢᠭᠠᠬᠤ ᠮᠠᠲ᠋ᠧᠷᠢᠶᠡᠯ)– ᠤᠳᠤᠷᠢᠳᠬᠠᠯ-2 Орчин цагийн монгол хэл(дээд сургуулийн заах материэл)- Удиртгал-2

ᠠᠩᠭᠢᠯᠠᠯ:ᠬᠡᠯᠡ ᠪᠢᠴᠢᠭ
2026-01-01

179

ᠤᠳᠤᠷᠢᠳᠬᠠᠯ

ᠬᠣᠶᠠᠷ ᠂ ᠣᠷᠴᠢᠨ ᠴᠠᠭ ᠤᠨ ᠮᠣᠩᠭᠣᠯ ᠬᠡᠯᠡ ᠬᠢᠭᠡᠳ ᠲᠡᠭᠦᠨ ᠦ ᠶᠠᠷᠢᠶ᠎ᠠ᠂ ᠪᠢᠴᠢᠭ


       ᠣᠷᠴᠢᠨ ᠴᠠᠭ ᠤ᠋ᠨ ᠮᠣᠩᠭᠣᠯ ᠬᠡᠯᠡ ᠪᠣᠯ ᠨᠢᠭᠡᠨ ᠲᠡᠦᠬᠡᠨ ᠠᠢ ᠳ᠋ᠤ᠌ ᠬᠠᠷᠢᠶᠠᠯᠠᠭᠳᠠᠬᠤ ᠪᠥᠭᠡᠳ ᠲᠡᠷᠡ ᠨᠢ ᠮᠣᠩᠭᠣᠯ ᠬᠡᠯᠡᠨ ᠦ᠌ ᠲᠡᠦᠬᠡᠨ ᠬᠥᠭᠵᠢᠯ ᠦ᠋ᠨ ᠵᠠᠢᠯᠠᠰᠢ ᠦᠭᠡᠢ ᠦᠷ᠎ᠡ ᠳ᠋ᠦᠩ ᠶᠦᠮ᠃
       ᠲᠡᠷᠡ ᠨᠢ ᠣᠢᠷ᠎ᠠ ᠦᠶ᠎ᠡ ᠶ᠋ᠢᠨ ᠮᠣᠩᠭᠣᠯ ᠬᠡᠯᠡᠨ ᠦ᠌ ᠰᠡᠭᠦᠯᠴᠢ ᠶ᠋ᠢᠨ ᠱᠠᠲᠤ ᠪᠣᠯᠬᠤ ᠪᠥᠭᠡᠳ ᠪᠠᠷᠤᠭ19 ᠳ᠋ᠦ᠍ᠭᠡᠷ ᠵᠠᠭᠤᠨ ᠤ᠋ ᠭᠤᠴᠢ᠂ ᠳᠥᠴᠢᠭᠡᠳ ᠣᠨ ᠠ᠋ᠴᠠ ᠡᠬᠢᠯᠡᠨ᠎ᠡ᠃ ᠡᠨᠡ ᠴᠠᠭ ᠦᠶ᠎ᠡ ᠳ᠋ᠦ᠍ ᠮᠣᠩᠭᠣᠯ ᠬᠡᠯᠡ ᠨᠢ ᠡᠮᠦᠨᠡᠬᠢ ᠣᠢᠷ᠎ᠠ ᠦᠶ᠎ᠡ ᠶ᠋ᠢᠨ ᠬᠢ ᠡᠴᠡ ᠪᠡᠨ ᠨᠡᠯᠢᠶᠡᠳ ᠲᠠᠯ᠎ᠠ ᠪᠠᠷ ᠢᠯᠭᠠᠭ᠎ᠠ ᠲᠠᠢ ᠪᠣᠯᠤᠭᠰᠠᠨ ᠪᠠᠢᠭ᠎ᠠ ᠶ᠋ᠢ ᠭᠠᠯᠰᠠᠩ ᠤ᠋ᠨ《ᠮᠣᠩᠭᠣᠯ ᠦᠰᠦᠭ ᠦ᠋ᠨ ᠪᠦᠭᠦᠳᠡ ᠲᠠᠢᠯᠪᠤᠷᠢ  ᠪᠢᠴᠢᠭ》 ᠵᠡᠷᠭᠡ ᠡᠴᠡ ᠦᠵᠡᠵᠦ ᠭᠠᠷᠴᠤ ᠪᠣᠯᠤᠨ᠎ᠠ᠃ ᠲᠤᠬᠠᠢᠯᠠᠪᠠᠯ《ᠪᠥᠯᠥᠭᠡ᠂ ᠢᠨᠦ ᠠᠨᠤ᠁》 ᠭᠡᠬᠦ ᠮᠡᠲᠦ ᠶ᠋ᠢ ᠶᠠᠷᠢᠶᠠᠨ ᠳ᠋ᠤ᠌《ᠪᠢᠯᠡ᠂ ᠨᠢ᠁》 ᠭᠡᠬᠦ  ᠮᠡᠲᠦᠴᠢᠯᠡᠨ ᠳᠠᠭᠤᠳᠠᠬᠤ ᠪᠣᠯᠵᠤ᠂《— ᠳ᠋ᠤᠷ~— ᠲᠤᠷ᠂— ‍ᠵᠤᠬᠤᠢ\ — ‍ᠵᠦᠬᠦᠢ᠂ —  ᠊ᠮᠤᠢ᠂— ᠊ᠪᠠᠢ᠂— ᠯᠤᠭ᠎ᠠ\ ᠊ᠯᠦᠭᠡ᠁》 ᠵᠡᠷᠭᠡ  ᠣᠯᠠᠨ ᠨᠥᠬᠥᠴᠡᠯ ᠦ᠋ᠳ ᠢ᠋《— ᠳ᠋ᠦ᠍~— ᠳᠤ᠂— ᠊ᠵᠠᠢ᠂ — ᠊ᠨ᠎ᠠ᠂ ᠊ᠪᠠ᠂ ᠊ᠯ᠎ᠠ᠁》 ᠭᠡᠬᠦ ᠮᠡᠲᠦ ᠪᠡᠷ ᠶᠠᠷᠢᠵᠤ ᠡᠬᠢᠯᠡᠭᠰᠡᠨ ᠪᠠᠢᠨ᠎ᠠ᠃《— ᠷᠤᠨ᠂ — ᠷ 》 ᠭᠡᠬᠦ ᠦᠢᠯᠡ ᠶ᠋ᠢᠨ ᠬᠡᠯᠪᠡᠷᠢ ᠴᠦ᠍ ᠡᠬᠢᠯᠡᠵᠦ ᠠᠷᠢᠯᠵᠤ ᠪᠠᠢᠨ᠎ᠠ᠃ 
       ᠦᠭᠡ ᠶ᠋ᠢᠨ ᠡᠴᠦᠰ ᠦ᠋ᠨ ᠪᠣᠭᠣᠨᠢ ᠡᠭᠡᠰᠢᠭ ᠪᠦᠬᠦᠢ ᠵᠠᠳᠠᠭᠠᠢ ᠦᠶ᠎ᠡ ᠶ᠋ᠢᠨ ᠡᠭᠡᠰᠢᠭ ᠦ᠋ᠳ ᠡᠨᠡ ᠦᠶ᠎ᠡ ᠡᠴᠡ ᠡᠬᠢᠯᠡᠨ ᠨᠡᠢᠳᠡᠮ ᠰᠤᠯᠠᠷᠠᠵᠤ ᠭᠡᠭᠡᠭᠳᠡᠵᠦ ᠶᠠᠷᠢᠭᠳᠠᠵᠤ ᠡᠬᠢᠯᠡᠭᠰᠡᠨ ᠨᠢ ᠮᠥᠨ ᠣᠷᠴᠢᠨ ᠴᠠᠭ ᠤ᠋ᠨ ᠮᠣᠩᠭᠣᠯ ᠬᠡᠯᠡᠨ ᠦ᠌ ᠴᠢᠬᠤᠯᠠ ᠣᠨᠴᠠᠯᠢᠭ ᠪᠣᠯᠤᠭᠰᠠᠨ ᠶᠤᠮ᠃ ᠠᠪᠢᠶᠠᠨ ᠤ᠋ ᠵᠣᠬᠢᠴᠠᠯ ᠤ᠋ᠨ ᠬᠤᠪᠢ ᠳ᠋ᠤ᠌᠂ ᠤᠷᠤᠭᠤᠯ ᠶᠡᠬᠡ  ᠲᠦᠭᠦᠷᠢᠭᠰᠢᠬᠦ ᠡᠭᠡᠰᠢᠭ ᠦ᠋ᠨ ᠵᠣᠬᠢᠴᠠᠯ ᠡᠨᠡ ᠦᠶ᠎ᠡ ᠡᠴᠡ ᠡᠬᠢᠯᠡᠨ ᠰᠢᠰᠲ᠋ᠧᠮᠵᠢᠵᠡᠢ᠃  
       ᠣᠷᠴᠢᠨ ᠴᠠᠭ ᠤ᠋ᠨ ᠮᠣᠩᠭᠣᠯ ᠬᠡᠯᠡ ᠨᠢ ᠨᠢᠭᠡ ᠲᠠᠯ᠎ᠠ ᠪᠠᠷ ᠡᠮᠦᠨᠡᠬᠢ ᠣᠢᠷ᠎ᠠ ᠦᠶ᠎ᠡ ᠶ᠋ᠢᠨ ᠮᠣᠩᠭᠣᠯ ᠬᠡᠯᠡᠨ ᠡᠴᠡ  ᠢᠯᠭᠠᠷᠠᠬᠤ ᠳᠤᠷᠠᠳᠤᠭᠰᠠᠨ ᠨᠠᠭᠠᠳᠤ ᠵᠠᠬ᠎ᠠ ᠶ᠋ᠢᠨ ᠬᠡᠳᠦᠨ ᠣᠨᠴᠠᠯᠢᠭ ᠰᠢᠨᠵᠢ ᠰᠢᠨ᠎ᠡ ᠪᠡᠷ ᠪᠣᠢ ᠪᠣᠯᠤᠭᠰᠠᠨ ᠪᠠ ᠨᠥᠭᠦᠭᠡ ᠲᠠᠯ᠎ᠠ ᠪᠠᠷ ᠤᠷᠲᠤ ᠡᠭᠡᠰᠢᠭ ᠠᠪᠢᠶᠠᠯᠠᠪᠤᠷᠢ ᠪᠣᠯᠤᠭᠰᠠᠨ᠂ ᠦᠭᠡ ᠶ᠋ᠢᠨ ᠡᠬᠢᠨ ᠦ᠌ [h] ᠪᠠᠯᠠᠷᠠᠬᠤ ᠦᠭᠡᠢ ᠪᠣᠯᠤᠭᠰᠠᠨ ᠵᠡᠷᠭᠡ ᠣᠷᠴᠢᠨ ᠦᠶ᠎ᠡ ᠶ᠋ᠢᠨ ᠣᠨᠴᠠᠯᠢᠭ ᠲᠠᠢ ᠪᠣᠯᠵᠤ ᠢᠷᠡᠭᠰᠡᠨ ᠪᠢᠯᠡ᠃ ᠡᠢᠮᠦ ᠡᠴᠡ ᠣᠷᠴᠢᠨ ᠴᠠᠭ ᠤ᠋ᠨ ᠮᠣᠩᠭᠣᠯ ᠬᠡᠯᠡ ᠨᠢ ᠡᠷᠲᠡᠨ ᠦ᠌ ᠮᠣᠩᠭᠣᠯ ᠬᠡᠯᠡ ᠲᠡᠢ ᠣᠨᠴᠠᠯᠢᠭ ᠢᠯᠭᠠᠭ᠎ᠠ ᠪᠠᠷ ᠢᠯᠡᠭᠦᠦ ᠪᠠᠢᠭᠰᠠᠨ᠂ ᠮᠥᠨ ᠡᠮᠦᠨᠡᠬᠢ ᠣᠢᠷ᠎ᠠ ᠦᠶ᠎ᠡ ᠡᠴᠡ ᠪᠡᠨ ᠴᠦ᠍ ᠡᠳᠦᠢ ᠲᠡᠳᠦᠢ ᠢᠯᠭᠠᠭ᠎ᠠ ᠲᠠᠢ ᠪᠣᠯᠤᠭᠰᠠᠨ ᠶᠤᠮ᠃ ᠬᠠᠷᠢᠨ ᠣᠷᠴᠢᠨ ᠴᠠᠭ ᠤ᠋ᠨ ᠮᠣᠩᠭᠣᠯ ᠬᠡᠯᠡᠨ ᠦ᠌ ᠣᠨᠴᠠᠯᠢᠭ ᠰᠢᠨᠵᠢ ᠪᠢᠴᠢᠭ ᠲᠦ᠍ ᠲᠤᠢᠯᠪᠤᠷᠢᠲᠠᠢ ᠲᠤᠰᠬᠠᠭᠳᠠᠭᠰᠠᠨ ᠶᠠᠪᠤᠳᠠᠯ ᠨᠢ ᠶᠡᠬᠡ ᠲᠥᠯᠥᠪ  20 ᠳ᠋ᠤᠭᠠᠷ ᠵᠠᠭᠤᠨ ᠤ᠋ ᠡᠬᠢᠨ ᠡᠴᠡ ᠡᠬᠢᠯᠡᠵᠦ ᠢᠳᠡᠭ ᠢᠳᠡᠭ ᠢ᠋ᠶ᠋ᠡᠷ ᠶᠠᠷᠢᠶᠠᠴᠢᠯᠠᠭᠰᠠᠨ ᠪᠢᠴᠢᠭ ᠦ᠋ᠨ ᠬᠡᠯᠡ ᠪᠣᠢ ᠪᠣᠯᠤᠭᠰᠠᠨ ᠲᠤᠯᠠ ᠡᠨᠡ ᠬᠦ᠌ ᠴᠠᠭ ᠦᠶ᠎ᠡ ᠶ᠋ᠢ ᠪᠢᠳᠡ ᠣᠳᠣ ᠦᠶ᠎ᠡ ᠶ᠋ᠢᠨ ᠮᠣᠩᠭᠣᠯ ᠬᠡᠯᠡ ᠭᠡᠵᠦ ᠪᠣᠯᠤᠨ᠎ᠠ᠃ 
       ᠳᠡᠭᠡᠷᠡᠬᠢ ᠶᠠᠷᠢᠭᠰᠠᠨ ᠡᠳᠡᠭᠡᠷ ᠦᠵᠡᠭᠳᠡᠯ ᠣᠨᠴᠠᠯᠢᠭ ᠪᠣᠯ ᠮᠣᠩᠭᠣᠯ ᠬᠡᠯᠡᠨ ᠦ᠌ ᠨᠡᠢᠲᠡ ᠳᠤᠮᠳᠠ ᠶ᠋ᠢᠨ ᠠᠰᠠᠭᠤᠳᠠᠯ ᠪᠠᠢᠵᠤ ᠨᠡᠢᠲᠡ ᠮᠣᠩᠭᠣᠯ ᠬᠡᠯᠡᠨ ᠦ᠌ ᠦᠨᠳᠦᠰᠦᠨ ᠪᠠᠢᠳᠠᠯ ᠪᠣᠯᠤᠨ᠎ᠠ᠃ ᠭᠡᠲᠡᠯ᠎ᠡ ᠮᠣᠩᠭᠣᠯ ᠬᠡᠯᠡᠲᠡᠳ ᠦ᠋ᠨ ᠨᠡᠢᠭᠡᠮ᠂ ᠠᠵᠤ ᠠᠮᠢᠳᠤᠷᠠᠯ ᠤ᠋ᠨ ᠪᠠᠢᠳᠠᠯ ᠬᠠᠷᠢᠯᠴᠠᠨ ᠵᠥᠷᠢᠶ᠎ᠡ ᠢᠯᠭᠠᠭ᠎ᠠ ᠲᠠᠢ ᠲᠤᠯᠠ ᠨᠡᠢᠲᠡ ᠮᠣᠩᠭᠣᠯ ᠬᠡᠯᠡ ᠨᠢ ᠠᠳᠠᠯᠢ ᠪᠤᠰᠤ ᠶ᠋ᠢᠨ ᠵᠢᠭᠳᠡ ᠦᠭᠡᠢ ᠬᠤᠪᠢᠯᠪᠤᠷᠢ ᠲᠠᠢ ᠪᠣᠯᠤᠭᠰᠠᠨ ᠶᠤᠮ᠃ ᠡᠢᠮᠦ ᠬᠤᠪᠢᠯᠪᠤᠷᠢ ᠶ᠋ᠢ ᠶᠡᠷᠦᠩᠬᠡᠢ ᠳ᠋ᠦ᠍ᠨᠢ ᠮᠣᠩᠭᠣᠯ ᠬᠡᠯᠡᠨ ᠦ᠌ ᠨᠤᠲᠤᠭ ᠤ᠋ᠨ ᠠᠶᠠᠯᠭᠤ ᠭᠡᠬᠦ ᠪᠥᠭᠡᠳ ᠬᠤᠪᠢᠯᠪᠤᠷᠢ ᠶ᠋ᠢᠨ ᠬᠢᠨᠢ ᠶᠡᠬᠡ ᠪᠠᠭ᠎ᠠ ᠳᠡᠰ ᠢᠯᠭᠠᠭ᠎ᠠ ᠪᠠᠷ ᠨᠢ ᠨᠤᠲᠤᠭ ᠤ᠋ᠨ ᠠᠶᠠᠯᠭᠤ᠂ ᠠᠮᠠᠨ ᠠᠶᠠᠯᠭᠤ᠂ ᠶᠠᠷᠢᠶ᠎ᠠ ᠭᠡᠬᠦ ᠮᠡᠲᠦᠴᠢᠯᠡᠨ ᠠᠩᠭᠢᠯᠠᠨ ᠶᠠᠷᠢᠯᠴᠠᠵᠤ ᠪᠣᠯᠤᠨ᠎ᠠ᠃ 
       ᠮᠣᠩᠭᠣᠯ ᠬᠡᠯᠡᠨ ᠦ᠌ ᠠᠶᠠᠯᠭᠤ ᠶᠠᠷᠢᠶᠠᠨ ᠤ᠋ ᠲᠤᠬᠠᠢ ᠡᠷᠳᠡᠮᠲᠡᠳ ᠦ᠋ᠨ ᠰᠠᠨᠠᠯ ᠮᠥᠨ ᠵᠥᠷᠢᠶ᠎ᠡ ᠲᠡᠢ ᠪᠠᠢᠭᠰᠠᠭᠠᠷ᠃ ᠭᠡᠪᠡᠴᠦ ᠣᠯᠠᠩᠬᠢ ᠰᠤᠳᠤᠯᠭᠠᠨ ᠳ᠋ᠤ᠌ ᠳᠤᠰᠬᠠᠵᠤ ᠪᠠᠢᠭ᠎ᠠ ᠮᠣᠩᠭᠣᠯ ᠬᠡᠯᠡᠨ ᠦ᠌ ᠨᠤᠲᠤᠭ ᠤ᠋ᠨ ᠠᠶᠠᠯᠭᠤ ᠨᠢ ᠤᠯᠤᠰ ᠤ᠋ᠨ ᠭᠠᠳᠠᠭᠠᠳᠤ ᠳ᠋ᠤ᠌ ᠬᠠᠯᠬ᠎ᠠ ᠠᠶᠠᠯᠭᠤ ᠭᠡᠵᠦ ᠪᠠᠢᠬᠤ ᠠ᠋ᠴᠠ ᠭᠠᠳᠠᠨ᠎ᠠ ᠤᠯᠤᠰ ᠤ᠋ᠨ ᠳᠣᠲᠣᠭᠠᠳᠤ ᠳ᠋ᠤ᠌ ᠳᠣᠣᠷᠠᠬᠢ ᠮᠡᠲᠦ ᠭᠤᠷᠪᠠᠨ ᠠᠶᠠᠯᠭᠤ ᠲᠠᠢ ᠪᠠᠢᠨ᠎ᠠ᠃  
       ᠪᠠᠷᠠᠭᠤᠨ ᠠᠶᠠᠯᠭᠤ(ᠣᠢᠷᠠᠳ ᠠᠶᠠᠯᠭᠤ)    ᠰᠢᠨᠵᠢᠶᠠᠩ ᠤ᠋ᠨ ᠤᠢᠭᠤᠷ ᠦᠨᠳᠦᠰᠦᠲᠡᠨ ᠦ᠌ ᠥᠪᠡᠷᠲᠡᠭᠡᠨ ᠵᠠᠰᠠᠬᠤ ᠣᠷᠣᠨ ᠪᠠ ᠬᠥᠬᠡᠨᠠᠭᠤᠷ᠂ ᠭᠠᠨᠰᠦ ᠮᠣᠵᠢ ᠶ᠋ᠢᠨ ᠮᠣᠩᠭᠣᠯᠴᠤᠳ ᠡᠨᠡ ᠠᠶᠠᠯᠭᠤ ᠪᠠᠷ ᠶᠠᠷᠢᠯᠴᠠᠨ᠎ᠠ᠃ ᠪᠠᠷᠤᠭ20 ᠢᠯᠡᠭᠦᠦ ᠲᠦᠮᠡᠨ ᠬᠥᠮᠦᠨ ᠠᠮᠠ ᠪᠠᠢᠨ᠎ᠠ᠃ ᠡᠨᠡ ᠠᠶᠠᠯᠭᠤ ᠶ᠋ᠢᠨ ᠣᠨᠴᠠᠯᠢᠭ ᠭᠡᠪᠡᠯ᠄ (1)[æ] [e] [Ø] [у] ᠵᠡᠷᠭᠡ ᠤᠷᠤᠭᠰᠢᠯᠠᠭᠰᠠᠨ ᠡᠭᠡᠰᠢᠭ ᠲᠡᠢ; (2) ᠪᠢᠴᠢᠭ ᠦ᠋ᠨ ᠬᠡᠯᠡᠨ ᠦ᠌ ᠦᠭᠡ ᠶ᠋ᠢᠨ ᠡᠬᠢᠨ ᠦ᠌ i ᠡᠭᠡᠰᠢᠭ ᠦᠨᠳᠦᠰᠦᠨ ᠳ᠋ᠡᠭᠡᠨ ᠬᠤᠪᠢᠷᠠᠭᠰᠠᠨ ᠦᠭᠡᠢ; (3) ᠬᠣᠣᠰ ᠡᠭᠡᠰᠢᠭ ᠦ᠋ᠳ ᠨᠢᠭᠡᠨᠲᠡ ᠤᠷᠤᠭᠰᠢᠯᠠᠭᠰᠠᠨ ᠤᠷᠲᠤ ᠡᠭᠡᠰᠢᠭ ᠪᠣᠯᠤᠭᠰᠠᠨ ᠤᠴᠢᠷ ᠬᠣᠣᠰ ᠡᠭᠡᠰᠢᠭ ᠦᠭᠡᠢ ᠪᠣᠯᠵᠠᠢ; (4)  ᠡᠭᠡᠰᠢᠭ ᠠᠪᠢᠶᠠᠨ ᠤ᠋ ᠵᠣᠬᠢᠴᠠᠯ ᠥᠪᠡᠷ ᠢ᠋ᠶ᠋ᠡᠨ ᠣᠨᠴᠠᠯᠢᠭ ᠲᠠᠢ᠂[ʊ] ᠡᠭᠡᠰᠢᠭ ᠦ᠋ᠨ ᠳᠠᠷᠠᠭ᠎ᠠ ᠦᠶ᠎ᠡ ᠨᠦ᠍ᠭᠦᠳ ᠲᠦ᠍[ʊ] ᠣᠷᠣᠵᠤ ᠪᠣᠯᠬᠤ ᠪᠠ[ɔ] ᠡᠭᠡᠰᠢᠭ ᠦ᠋ᠨ ᠳᠠᠷᠠᠭ᠎ᠠ ᠦᠶ᠎ᠡ ᠨᠦ᠍ᠭᠦᠳ ᠲᠦ᠍ [a] [ʊ] ᠡᠭᠡᠰᠢᠭ ᠣᠷᠣᠵᠤ ᠪᠣᠯᠤᠨ᠎ᠠ; (5) ᠣᠯᠠᠩᠬᠢ ᠠᠶᠠᠯᠭᠤᠨ ᠤ᠋ ᠬᠥᠨᠳᠡᠢ ᠦᠭᠡ ᠶ᠋ᠢᠨ [x] ᠡᠭᠡᠰᠢᠭ ᠡᠨᠡ ᠠᠶᠠᠯᠭᠤᠨ ᠳ᠋ᠤ᠌ ᠡᠷᠲᠡᠨ ᠦ᠌ ᠮᠣᠩᠭᠣᠯ ᠬᠡᠯᠡᠨ ᠦ᠌[k'] ᠳᠠᠭᠤᠳᠠᠯᠭ᠎ᠠ ᠪᠠᠨ ᠬᠠᠳᠠᠭᠠᠯᠠᠵᠤ ᠪᠠᠢᠨ᠎ᠠ; (6)[–mʊ᠄t]/ –my᠄t] ᠭᠡᠬᠦ ᠣᠯᠠᠨ ᠲᠣᠭᠠᠨ ᠤ᠋ ᠨᠥᠬᠥᠴᠡᠯ ᠲᠡᠢ; (7) ᠣᠯᠠᠩᠬᠢ ᠨᠡᠷ᠎ᠡ ᠦᠭᠡ ᠨᠢ ᠨᠡᠷᠡᠯᠡᠬᠦ ᠶ᠋ᠢᠨ ᠲᠡᠢᠨ ᠢᠯᠭᠠᠯᠲᠤ[—n] ᠭᠡᠬᠦ ᠭᠡᠢᠭᠦᠯᠦᠭᠴᠢ ᠲᠡᠭᠦᠰᠬᠡᠯ ᠪᠦᠬᠦᠢ ᠨᠥᠬᠥᠴᠡᠯ ᠲᠡᠢ; (8)[—a᠄~—æ᠄] ᠭᠡᠬᠦ ᠬᠣᠯᠪᠣᠬᠤ ᠶ᠋ᠢᠨ ᠲᠡᠢᠨ ᠢᠯᠭᠠᠯ᠂[—ts'æ᠄] ᠭᠡᠬᠦ ᠨᠥᠬᠥᠴᠡᠯ ᠪᠦᠬᠦᠢ ᠬᠢᠷᠢ ᠬᠡᠮᠵᠢᠶᠡᠨ ᠦ᠌ ᠲᠡᠢᠨ ᠢᠯᠭᠠᠯ ᠲᠠᠢ; (9) ᠨᠡᠷ᠎ᠡ ᠦᠭᠡ ᠳ᠋ᠦ᠍ ᠭᠤᠷᠪᠠᠨ ᠪᠡᠶ᠎ᠡ ᠶ᠋ᠢᠨ ᠲᠤᠰ ᠲᠤᠰ ᠤ᠋ᠨ ᠨᠥᠬᠥᠴᠡᠯ ᠲᠡᠢ;(10) ᠦᠢᠯᠡ ᠳ᠋ᠦ᠍ ᠭᠠᠭᠴᠠ ᠣᠯᠠᠨ ᠲᠣᠭᠠᠨ ᠤ᠋ ᠪᠡᠶ᠎ᠡ ᠶ᠋ᠢᠨ ᠬᠤᠪᠢᠷᠠᠯ ᠤ᠋ᠨ ᠨᠥᠬᠥᠴᠡᠯ ᠲᠡᠢ;(11) ᠦᠢᠯᠡ ᠶ᠋ᠢᠨ ᠵᠠᠬᠢᠷᠬᠤ ᠬᠦᠰᠡᠬᠦ ᠲᠥᠯᠥᠪ ᠲᠦ᠍ ᠨᠢᠭᠡᠳᠦᠭᠡᠷ ᠪᠡᠶ᠎ᠡ ᠶ᠋ᠢᠨ[—sα᠄/—sæ᠄~—sʊ᠄/—sy᠄] ᠭᠡᠬᠦ ᠨᠥᠬᠥᠴᠡᠯ ᠲᠡᠢ; (12) ᠨᠥᠬᠥᠴᠡᠯ ᠦᠢᠯᠡ ᠶ᠋ᠢᠨ ᠪᠣᠯᠵᠣᠬᠤ ᠬᠡᠯᠪᠡᠷᠢ ᠳ᠋ᠦ᠍ ᠪᠠᠰᠠ[—xnα᠄/—xnæ᠄~—xlα᠄/—xlæ᠄] ᠭᠡᠬᠦ ᠨᠥᠬᠥᠴᠡᠯ ᠲᠡᠢ; (13) ᠦᠭᠡᠢᠰᠬᠡᠬᠦ ᠰᠤᠯᠠ ᠦᠭᠡ ᠶ᠋ᠢᠨes,Gɔ᠄,ʃi ᠭᠡᠬᠦ ᠮᠡᠲᠦ ᠶ᠋ᠢ ᠨᠡᠯᠢᠶᠡᠳ ᠢᠳᠡᠪᠬᠢᠲᠡᠢ ᠪᠥᠭᠡᠳ ᠥᠪᠡᠷᠮᠢᠴᠡ ᠬᠡᠷᠡᠭᠯᠡᠨ᠎ᠡ᠃ ᠦᠭᠡ ᠶ᠋ᠢᠨ ᠰᠠᠩ ᠤ᠋ᠨ ᠲᠠᠯ᠎ᠠ  ᠪᠠᠷ ᠥᠪᠡᠷᠮᠢᠴᠡ ᠣᠨᠴᠠᠯᠢᠭ ᠲᠠᠢ ᠦᠭᠡ ᠨᠡᠯᠢᠶᠡᠳ ᠶᠡᠬᠡ ᠬᠤᠪᠢ ᠶ᠋ᠢᠨ ᠵᠢᠩ ᠲᠡᠢ᠃ ᠬᠠᠷᠢᠴᠠᠩᠭᠤᠢ ᠪᠠᠷ ᠦᠵᠡᠪᠡᠯ᠂ ᠬᠥᠬᠡᠨᠠᠭᠤᠷ᠂ ᠭᠠᠨᠰᠦ ᠶ᠋ᠢᠨ ᠶᠠᠷᠢᠶ᠎ᠠ ᠨᠢ ᠥᠪᠡᠷᠮᠢᠴᠡ ᠣᠨᠴᠠᠯᠢᠭ ᠢ᠋ᠶ᠋ᠠᠷ ᠪᠠᠭ᠎ᠠ ᠪᠠᠢᠵᠤ ᠳᠤᠮᠳᠠᠳᠤ ᠠᠶᠠᠯᠭᠤ ᠲᠠᠢ ᠨᠡᠯᠢᠶᠡᠳ ᠲᠠᠯ᠎ᠠ ᠪᠠᠷ ᠣᠢᠷᠠᠯᠴᠠᠭ᠎ᠠ ᠪᠣᠯᠵᠤ ᠪᠠᠢᠨ᠎ᠠ᠃ 
       ᠳᠤᠮᠳᠠᠳᠤ ᠠᠶᠠᠯᠭᠤ   ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠥᠯᠥᠨ ᠪᠤᠢᠷ ᠠᠢᠮᠠᠭ ᠤ᠋ᠨ ᠰᠢᠨ᠎ᠡ ᠬᠠᠭᠤᠴᠢᠨ ᠪᠠᠷᠭᠤ᠂ ᠡᠸᠡᠩᠬᠢ ᠬᠤᠰᠢᠭᠤᠨ ᠠ᠋ᠴᠠ ᠪᠤᠰᠤᠳ ᠣᠷᠣᠨ ᠤ᠋ ᠮᠣᠩᠭᠣᠯᠴᠤᠳ ᠪᠠ ᠯᠢᠶᠣᠤᠨᠢᠩ᠂ ᠬᠢᠷᠢᠨ᠂ ᠬᠠᠷᠠᠮᠦ᠋ᠷᠡᠨ ᠮᠣᠵᠢ ᠶ᠋ᠢᠨ ᠮᠣᠩᠭᠣᠯᠴᠤᠳ ᠡᠨᠡ ᠠᠶᠠᠯᠭᠤ ᠪᠠᠷ ᠶᠠᠷᠢᠯᠴᠠᠨ᠎ᠠ᠃ ᠬᠥᠮᠦᠨ ᠠᠮᠠ ᠪᠠᠷᠤᠭ 420 ᠭᠠᠷᠤᠢ ᠲᠦᠮᠡ ᠪᠠᠢᠨ᠎ᠠ᠃ ᠡᠨᠡ ᠠᠶᠠᠯᠭᠤ ᠪᠠᠷ ᠶᠠᠷᠢᠯᠴᠠᠭᠴᠢᠳ ᠤ᠋ᠨ ᠬᠥᠮᠦᠨ ᠠᠮᠠ ᠣᠯᠠᠨ᠂ ᠨᠤᠲᠤᠭ ᠳᠡᠪᠢᠰᠬᠡᠷ ᠥᠷᠭᠡᠨ ᠠᠭᠤᠳᠠᠮ ᠪᠠᠢᠳᠠᠭ᠃ ᠡᠭᠦᠨ ᠦ᠌ ᠳᠣᠲᠣᠷᠠᠬᠢ ᠠᠮᠠᠨ ᠠᠶᠠᠯᠭᠤ ᠶ᠋ᠢᠨ ᠲᠥᠷᠥᠯ ᠵᠦᠢᠯ ᠨᠡᠯᠢᠶᠡᠳ ᠣᠯᠠᠨ᠂ ᠵᠥᠷᠢᠶ᠎ᠡ ᠨᠢ ᠴᠦ᠍ ᠪᠤᠳᠤᠯᠢᠶᠠᠨ ᠲᠠᠢ ᠶᠤᠮ᠃ ᠡᠭᠦᠨ ᠳ᠋ᠦ᠍ ᠬᠣᠷᠴᠢᠨ ᠠᠮᠠᠨ ᠠᠶᠠᠯᠭᠤ ᠳ᠋ᠤ᠌ ᠲᠦᠩᠯᠢᠶᠣᠣ ᠬᠣᠲᠠ ᠶ᠋ᠢᠨ ᠬᠦᠷᠢᠶ᠎ᠡ᠂ ᠨᠠᠢ᠍ᠮᠠᠨ ᠠ᠋ᠴᠠ ᠪᠤᠰᠤᠳ ᠣᠯᠠᠨ ᠬᠣᠰᠢᠭᠤᠳ᠂ ᠬᠢᠩᠭᠠᠨ ᠠᠢᠮᠠᠭ ᠤ᠋ᠨ ᠣᠯᠠᠨ ᠬᠣᠰᠢᠭᠤᠳ᠂ ᠬᠠᠷᠠᠮᠦ᠋ᠷᠡᠨ ᠮᠣᠵᠢ ᠶ᠋ᠢᠨ ᠳᠥᠷᠪᠡᠳ ᠪᠠ ᠬᠢᠷᠢᠨ ᠮᠣᠵᠢ ᠶ᠋ᠢᠨ ᠭᠣᠷᠯᠣᠰ ᠤ᠋ᠨ ᠮᠣᠩᠭᠣᠯᠴᠤᠳ ᠤ᠋ᠨ ᠶᠠᠷᠢᠶ᠎ᠠ ᠪᠠᠭᠲᠠᠨ᠎ᠠ᠃ ᠬᠠᠷᠠᠴᠢᠨ ᠲᠦᠮᠡᠳ ᠠᠮᠠᠨ ᠠᠶᠠᠯᠭᠤ ᠳ᠋ᠤ᠌ ᠤᠯᠠᠭᠠᠨᠬᠠᠳᠠ ᠬᠣᠲᠠ ᠶ᠋ᠢᠨ ᠬᠠᠷᠠᠴᠢᠨ ᠬᠣᠰᠢᠭᠤ᠂ ᠨᠢᠩᠴᠧᠩ ᠰᠢᠶᠠᠨ᠂ ᠲᠦᠩᠯᠢᠶᠣᠣ ᠬᠣᠲᠠ ᠶ᠋ᠢᠨ ᠬᠦᠷᠢᠶ᠎ᠡ ᠬᠣᠰᠢᠭᠤ᠂ ᠯᠢᠶᠣᠤᠨᠢᠩ ᠮᠣᠵᠢ ᠶ᠋ᠢᠨ ᠪᠧᠢ ᠫᠢᠶᠣᠣ᠂ ᠹᠦᠰᠢᠨ ᠬᠣᠲᠠ ᠶ᠋ᠢᠨ ᠮᠣᠩᠭᠣᠯᠴᠤᠳ ᠤ᠋ᠨ ᠶᠠᠷᠢᠶ᠎ᠠ ᠪᠠᠭᠲᠠᠨ᠎ᠠ᠃ ᠪᠠᠭᠠᠷᠢᠨ ᠠᠮᠠᠨ ᠠᠶᠠᠯᠭᠤᠨ ᠳ᠋ᠤ᠌ ᠤᠯᠠᠭᠠᠨᠬᠠᠳᠠ ᠬᠣᠲᠠ ᠶ᠋ᠢᠨ ᠵᠡᠭᠦᠨ ᠪᠠᠷᠠᠭᠤᠨ ᠪᠠᠭᠠᠷᠢᠨ᠂ ᠠᠷᠤ ᠬᠣᠷᠴᠢᠨ᠂ ᠣᠩᠨᠢᠭᠤᠳ᠂ ᠠᠤᠬᠠᠨ ᠬᠣᠰᠢᠭᠤ ᠪᠠ ᠲᠦᠩᠯᠢᠶᠣᠣ ᠬᠣᠲᠠ ᠶ᠋ᠢᠨ ᠨᠠᠢ᠍ᠮᠠᠨ ᠬᠤᠰᠢᠭᠤᠨ ᠤ᠋ ᠮᠣᠩᠭᠣᠯᠴᠤᠳ ᠤ᠋ᠨ ᠶᠠᠷᠢᠶ᠎ᠠ ᠪᠠᠭᠲᠠᠨ᠎ᠠ᠃ ᠴᠠᠬᠠᠷ᠂ ᠰᠢᠯᠢ ᠶ᠋ᠢᠨ ᠭᠣᠣᠯ᠂ ᠤᠯᠠᠭᠠᠨᠴᠠᠪ ᠠᠮᠠᠨ ᠠᠶᠠᠯᠭᠤᠨ ᠳ᠋ᠤ᠌ ᠰᠢᠯᠢ ᠶ᠋ᠢᠨ ᠭᠣᠣᠯ᠂ ᠤᠯᠠᠭᠠᠨᠴᠠᠪ ᠠᠢᠮᠠᠭ ᠤ᠋ᠨ ᠣᠯᠠᠨ ᠬᠣᠰᠢᠭᠤᠳ ᠪᠠ ᠤᠯᠠᠭᠠᠬᠠᠳᠠ ᠬᠣᠲᠠ ᠶ᠋ᠢᠨ ᠬᠡᠰᠢᠭᠲᠡᠨ ᠬᠣᠰᠢᠭᠤ᠂ ᠪᠤᠭᠤᠲᠤ ᠬᠣᠲᠠ ᠶ᠋ᠢᠨ ᠳᠠᠷᠬᠠᠨ ᠮᠤᠤᠮᠢᠩᠭᠠᠨ ᠬᠤᠰᠢᠭᠤᠨ ᠤ᠋ ᠮᠣᠩᠭᠣᠯᠴᠤᠳ ᠤ᠋ᠨ ᠶᠠᠷᠢᠶ᠎ᠠ ᠪᠠᠭᠲᠠᠨ᠎ᠠ᠃ ᠣᠷᠳᠣᠰ ᠠᠮᠠᠨ ᠠᠶᠠᠯᠭᠤ ᠪᠠᠷ ᠣᠷᠳᠣᠰ ᠬᠣᠲᠠ ᠶ᠋ᠢᠨ ᠮᠣᠩᠭᠣᠯᠴᠤᠳ ᠶᠠᠷᠢᠯᠴᠠᠨ᠎ᠠ᠃ ᠤᠷᠠᠳ ᠤ᠋ᠨ ᠠᠮᠠᠨ ᠠᠶᠠᠯᠭᠤ ᠪᠠᠷ ᠪᠠᠶᠠᠨᠨᠠᠭᠤᠷ ᠠᠢᠮᠠᠭ ᠤ᠋ᠨ ᠮᠣᠩᠭᠣᠯᠴᠤᠳ ᠶᠠᠷᠢᠯᠴᠠᠨ᠎ᠠ᠃ ᠠᠯᠠᠱᠠ ᠡᠵᠡᠨ᠎ᠡ ᠠᠮᠠᠨ ᠠᠶᠠᠯᠭᠤ ᠪᠠᠷ ᠠᠯᠠᠱᠠ ᠠᠢᠮᠠᠭ ᠤ᠋ᠨ ᠭᠤᠷᠪᠠᠨ ᠬᠤᠰᠢᠭᠤᠨ ᠤ᠋ ᠮᠣᠩᠭᠣᠯᠴᠤᠳ ᠲᠤᠰ ᠲᠤᠰ ᠶᠠᠷᠢᠯᠴᠠᠨ᠎ᠠ᠃ ᠳᠤᠮᠳᠠᠳᠤ ᠠᠶᠠᠯᠭᠤᠨ ᠳ᠋ᠤ᠌ ᠬᠡᠳᠦᠢᠪᠡᠷ ᠳᠡᠭᠡᠷᠡᠬᠢ ᠮᠡᠲᠦ ᠣᠯᠠᠨ ᠠᠮᠠᠨ ᠠᠶᠠᠯᠭᠤ ᠪᠠᠢᠳᠠᠭ ᠪᠣᠯᠪᠠᠴᠤ ᠠᠶᠠᠯᠭᠤ ᠶ᠋ᠢᠨ ᠲᠠᠯ᠎ᠠ ᠪᠠᠷ ᠵᠠᠷᠢᠮ ᠨᠢ ᠪᠠᠰᠠ ᠬᠠᠷᠢᠯᠴᠠᠨ ᠬᠠᠷᠢᠴᠠᠭ᠎ᠠ ᠬᠣᠯᠪᠣᠭ᠎ᠠ ᠲᠠᠢ ᠪᠠᠢᠨ᠎ᠠ᠃ ᠲᠤᠬᠠᠢᠯᠠᠪᠠᠯ᠂ ᠴᠠᠬᠠᠷ ᠶᠠᠷᠢᠶᠠᠨ ᠳ᠋ᠠᠬᠢ ᠦᠭᠡ ᠶ᠋ᠢᠨ ᠡᠬᠢᠨ ᠳ᠋ᠦ᠍ [x]  [t'] [tʃ'] ᠵᠡᠷᠭᠡ ᠭᠡᠢᠭᠦᠯᠦᠭᠴᠢ ᠳᠠᠷᠠᠭᠠᠴᠢ ᠶᠢᠨ ᠦᠶ᠎ᠡ ᠳ᠋ᠡᠭᠡᠨ ᠲᠦᠷᠢᠯᠲᠡ ᠲᠠᠢ ᠭᠡᠢᠭᠦᠯᠦᠭᠴᠢ ᠲᠣᠬᠢᠶᠠᠯᠳᠤᠬᠤ ᠪᠠᠢᠳᠠᠯ ᠳᠤ ᠲᠣᠰ ᠲᠣᠰ [k] [t] [tʃ]  ᠭᠡᠬᠦ ᠭᠡᠢᠭᠦᠯᠦᠭᠴᠢ ᠪᠣᠯᠵᠤ ᠠᠪᠢᠶᠠᠯᠠᠭᠳᠠᠬᠤ ᠦᠵᠡᠭᠳᠡᠯ ᠰᠢᠯᠢ ᠶ᠋ᠢᠨ ᠭᠣᠣᠯ ᠠᠢᠮᠠᠭ ᠤ᠋ᠨ ᠰᠢᠯᠤᠭᠤᠨ ᠬᠥᠬᠡ᠂ ᠰᠢᠯᠤᠭᠤᠨ ᠴᠠᠭᠠᠨ᠂ ᠬᠥᠪᠡᠭᠡᠲᠦ ᠰᠢᠷ᠎ᠠ᠂ ᠲᠠᠢᠹᠤᠰᠧ ᠬᠣᠰᠢᠭᠤ ᠪᠠ ᠤᠯᠠᠭᠠᠬᠠᠳᠠ ᠶ᠋ᠢᠨ ᠬᠡᠰᠢᠭᠲᠡᠨ ᠬᠣᠰᠢᠭᠤ᠂ ᠤᠯᠠᠭᠠᠨᠴᠠᠪ ᠤ᠋ᠨ ᠴᠠᠬᠠᠷ ᠪᠠᠷᠠᠭᠤᠨ ᠭᠠᠷ ᠤ᠋ᠨ ᠬᠣᠢᠲᠤ ᠬᠣᠰᠢᠭᠤ ᠵᠡᠷᠭᠡ ᠳ᠋ᠦ᠍ ᠪᠠᠢᠲᠠᠯ᠎ᠠ ᠰᠢᠯᠢ ᠶᠢᠨ ᠭᠣᠣᠯ᠂ ᠤᠯᠠᠭᠠᠨᠴᠠᠪ ᠠᠢᠮᠠᠭ ᠪᠠ ᠪᠤᠭᠤᠲᠤ ᠬᠣᠲᠠ ᠶ᠋ᠢᠨ ᠪᠤᠰᠤᠳ ᠬᠣᠰᠢᠭᠤᠳ ᠢ᠋ᠶ᠋ᠠᠷ ᠪᠠᠢᠬᠤ ᠦᠭᠡᠢ ᠪᠠᠢᠨ᠎ᠠ᠂ ᠬᠠᠷᠢᠨ ᠪᠠᠭᠠᠷᠢᠨ ᠠᠮᠠᠨ ᠠᠶᠠᠯᠭᠤᠨ ᠤ᠋ ᠨᠠᠢ᠍ᠮᠠᠨ᠂ ᠠᠤᠬᠠᠨ ᠬᠣᠰᠢᠭᠤ ᠪᠠ ᠣᠩᠨᠢᠭᠤᠳ ᠬᠤᠰᠢᠭᠤᠨ ᠤ᠋ ᠬᠡᠰᠡᠭ ᠣᠷᠣᠨ ᠳ᠋ᠠᠬᠢ ᠮᠣᠩᠭᠣᠯᠴᠤᠳ᠂ ᠣᠷᠳᠣᠰ ᠠᠮᠠᠨ ᠠᠶᠠᠯᠭᠤᠨ ᠳ᠋ᠤ᠌ ᠳᠤᠷᠠᠳᠤᠭᠰᠠᠨ ᠭᠡᠢᠭᠦᠯᠦᠭᠴᠢ ᠠᠪᠢᠶᠠᠨ ᠤ᠋ ᠬᠤᠪᠢᠷᠠᠯ ᠣᠷᠣᠰᠢᠵᠤ ᠪᠠᠢᠨ᠎ᠠ᠃ ᠲᠡᠦᠬᠡᠨ ᠦᠯᠡᠳᠡᠭᠳᠡᠯ ᠦ᠋ᠨ ᠪᠠᠢᠳᠠᠯ ᠠ᠋ᠴᠠ ᠦᠵᠡᠪᠡᠯ ᠤᠤᠯ ᠤ᠋ᠨ ᠵᠡᠭᠦᠨ ᠲᠦᠮᠡᠳ᠂ ᠬᠠᠷᠠᠴᠢᠨ ᠤ᠋ ᠬᠡᠰᠡᠭ ᠣᠷᠣᠨ ᠪᠠ ᠪᠤᠭᠤᠲᠤ᠂ ᠬᠥᠬᠡᠬᠣᠲᠠ ᠶ᠋ᠢᠨ ᠲᠦᠮᠡᠳ ᠦ᠋ᠨ ᠮᠣᠩᠭᠣᠯᠴᠤᠳ ᠮᠥᠨ ᠡᠢᠮᠦ  ᠬᠤᠪᠢᠷᠠᠯ ᠲᠠᠢ ᠪᠠᠷ ᠠᠪᠢᠶᠠᠯᠠᠵᠤ ᠪᠠᠢᠭᠰᠠᠨ ᠪᠠᠢᠨ᠎ᠠ᠃ ᠬᠠᠷᠠᠴᠢᠨ ᠲᠦᠮᠡᠳ ᠦ᠋ᠨ ᠠᠮᠠᠨ ᠠᠶᠠᠯᠭᠤᠨ ᠳ᠋ᠤ᠌ ᠦᠭᠡ ᠶ᠋ᠢ ᠡᠬᠢᠨ ᠦ᠌[ ʊ ] ᠡᠭᠡᠰᠢᠭ ᠢ᠋[ ʊa] ᠭᠡᠵᠦ ᠬᠣᠣᠰ ᠢ᠋ᠶ᠋ᠠᠷ ᠶᠠᠷᠢᠬᠤ ᠦᠵᠡᠭᠳᠡᠯ ᠪᠠᠭᠠᠷᠢᠨ ᠶᠠᠷᠢᠶᠠᠨ ᠤ᠋ ᠠᠤᠬᠠᠨ᠂ ᠨᠠᠢ᠍ᠮᠠᠨ ᠪᠠ ᠣᠩᠨᠢᠭᠤᠳ ᠤ᠋ᠨ ᠬᠡᠰᠡᠭ ᠣᠷᠣᠨ ᠳ᠋ᠤ᠌ ᠮᠥᠨ ᠠᠳᠠᠯᠢ  ᠪᠤᠰᠤ  ᠬᠡᠮᠵᠢᠶ᠎ᠡ ᠪᠡᠷ ᠣᠷᠣᠰᠢᠵᠤ ᠪᠠᠢᠨ᠎ᠠ᠃ ᠵᠠᠷᠢᠮ ᠳ᠋ᠠᠭᠠᠨ ᠠᠳᠠᠯᠢ ᠪᠤᠰᠤ ᠨᠤᠲᠤᠭ ᠤ᠋ᠨ ᠠᠶᠠᠯᠭᠤ ᠳ᠋ᠤ᠌ ᠴᠦ᠍ ᠠᠳᠠᠯᠢ ᠰᠢᠨᠵᠢ ᠲᠡᠢ ᠣᠨᠴᠠᠯᠢᠭ ᠣᠷᠣᠰᠢᠵᠤ ᠪᠠᠢᠨ᠎ᠠ᠃ ᠲᠤᠬᠠᠢᠯᠠᠪᠠᠯ᠂ ᠬᠥᠨᠳᠡᠢ ᠦᠭᠡᠨ ᠳ᠋ᠦ᠍[ k'] ᠭᠡᠬᠦ ᠪᠠᠭᠠᠷᠢᠨ ᠠᠶᠠᠯᠭᠤᠨ ᠤ᠋ ᠭᠡᠢᠭᠦᠯᠦᠭᠴᠢ ᠳᠤᠮᠳᠠᠳᠤ  ᠠᠶᠠᠯᠭᠤ ᠳ᠋ᠤ᠌ ᠣᠯᠠᠩᠬᠢ ᠳ᠋ᠠᠭᠠᠨ[x] ᠪᠣᠯᠵᠤ ᠬᠤᠪᠢᠷᠠᠭᠰᠠᠨ ᠪᠠᠢᠲᠠᠯ᠎ᠠ ᠠᠯᠠᠱᠠ᠂ ᠡᠵᠡᠨ᠎ᠡ ᠠᠮᠠᠨ ᠠᠶᠠᠯᠭᠤ ᠪᠠ ᠣᠷᠳᠣᠰ ᠠᠮᠠᠨ ᠠᠶᠠᠯᠭᠤ ᠳ᠋ᠤ᠌ ᠮᠥᠨ[k' ] ᠭᠡᠵᠦ ᠠᠪᠢᠶᠠᠯᠠᠵᠤ ᠪᠠᠢᠨ᠎ᠠ᠃ ᠬᠣᠷᠴᠢᠨ ᠠᠮᠠᠨ ᠠᠶᠠᠯᠭᠤᠨ ᠳ᠋ᠠᠬᠢ ᠲᠦᠩᠯᠢᠶᠣᠣ ᠶ᠋ᠢᠨ ᠵᠠᠷᠢᠮ ᠬᠣᠰᠢᠭᠤᠳ ᠤ᠋ᠨ ᠶᠠᠷᠢᠶᠠᠨ ᠳ᠋ᠤ᠌ ᠪᠢᠴᠢᠭ ᠦ᠋ᠨ ᠬᠡᠯᠡᠨ ᠦ᠌《ᠴ》 ᠪᠤᠶᠤ ᠣᠯᠠᠩᠬᠢ ᠠᠮᠠᠨ ᠠᠶᠠᠯᠭᠤᠨ ᠤ᠋[ tʃ'] ᠶ᠋ᠢ[ ʃ] ᠪᠡᠷ ᠠᠪᠢᠶᠠᠯᠠᠬᠤ ᠨᠢ ᠬᠠᠷᠢᠨ ᠪᠠᠷᠭᠤ ᠪᠤᠷᠢᠶᠠᠳ ᠠᠶᠠᠯᠭᠤᠨ ᠳ᠋ᠠᠬᠢ ᠪᠠᠢᠳᠠᠯ ᠲᠠᠢ ᠨᠡᠯᠢᠶᠡᠳ ᠲᠥᠰᠦᠭᠡᠲᠡᠢ ᠪᠠᠢᠨ᠎ᠠ᠃ 
       ᠵᠡᠭᠦᠨ ᠬᠣᠢᠲᠤ ᠠᠶᠠᠯᠭᠤ(ᠪᠠᠷᠭᠤ ᠪᠤᠷᠢᠶᠠᠳ ᠠᠶᠠᠯᠭᠤ)   ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠥᠯᠥᠨ ᠪᠤᠢᠷ ᠬᠣᠲᠠ ᠶ᠋ᠢᠨ ᠰᠢᠨ᠎ᠡ ᠪᠠᠷᠭᠤ ᠵᠡᠭᠦᠨ᠂ ᠪᠠᠷᠠᠭᠤᠨ ᠬᠣᠰᠢᠭᠤ᠂ ᠬᠠᠭᠤᠴᠢᠨ ᠪᠠᠷᠭᠤ ᠬᠣᠰᠢᠭᠤ᠂ ᠡᠸᠡᠩᠬᠢ ᠦᠨᠳᠦᠰᠦᠲᠡᠨ ᠦ᠌ ᠥᠪᠡᠷᠲᠡᠭᠡᠨ ᠵᠠᠰᠠᠬᠤ ᠬᠣᠰᠢᠭᠤ᠂ ᠬᠠᠢᠯᠠᠷ᠂ ᠮᠠᠨᠵᠤᠤᠷ ᠬᠣᠲᠠ ᠶ᠋ᠢᠨ ᠮᠣᠩᠭᠣᠯᠴᠤᠳ ᠡᠨᠡ ᠠᠶᠠᠯᠭᠤ ᠪᠠᠷ ᠶᠠᠷᠢᠯᠴᠠᠨ᠎ᠠ᠃ ᠬᠥᠮᠦᠨ ᠠᠮᠠ ᠨᠢ ᠪᠠᠷᠤᠭ7 ᠲᠦᠮᠡ ᠢᠯᠡᠭᠦᠦ*  ᠪᠠᠢᠨ᠎ᠠ᠃ ᠡᠨᠡ ᠨᠤᠲᠤᠭ ᠤ᠋ᠨ ᠠᠶᠠᠯᠭᠤᠨ ᠳ᠋ᠤ᠌ ᠬᠠᠭᠤᠴᠢᠨ ᠪᠠᠷᠭᠤ᠂ ᠰᠢᠨ᠎ᠡ ᠪᠠᠷᠭᠤ ᠪᠠ ᠪᠤᠷᠢᠶᠠᠳ ᠭᠡᠬᠦ ᠭᠤᠷᠪᠠᠨ ᠠᠮᠠᠨ ᠠᠶᠠᠯᠭᠤ ᠲᠠᠢ ᠪᠠᠢᠵᠤ ᠰᠢᠨ᠎ᠡ ᠬᠠᠭᠤᠴᠢᠨ ᠪᠠᠷᠭᠤ ᠶ᠋ᠢᠨ ᠬᠣᠭᠣᠷᠣᠨᠳᠣᠬᠢ ᠵᠥᠷᠢᠶ᠎ᠡ ᠨᠢ ᠬᠠᠷᠢᠴᠠᠩᠭᠤᠢ ᠪᠠᠭ᠎ᠠ ᠰᠢᠭ᠋᠃ ᠵᠡᠭᠦᠨ ᠬᠣᠢᠲᠤ ᠠᠶᠠᠯᠭᠤ ᠶ᠋ᠢᠨ ᠣᠨᠴᠠᠯᠢᠭ ᠭᠡᠪᠡᠯ᠄ (1) ᠪᠣᠭᠣᠨᠢ ᠡᠭᠡᠰᠢᠭ ᠲᠦ᠍[ө] ᠪᠠᠢᠬᠤ ᠦᠭᠡᠢ᠂ ᠡᠭᠦᠨ ᠲᠡᠢ ᠲᠣᠬᠢᠷᠠᠯᠴᠠᠬᠤ ᠡᠭᠡᠰᠢᠭ ᠢ᠋ ᠴᠥᠮ[Ʉ]  ᠪᠠᠷ ᠶᠠᠷᠢᠨ᠎ᠠ; (2) [ai] [ǝi] [ɔi] [ʊi] [Ʉi] ᠵᠡᠷᠭᠡ ᠤᠷᠤᠭᠤᠳᠠᠬᠤ ᠬᠣᠣᠰ ᠡᠭᠡᠰᠢᠭ ᠨᠡᠯᠢᠶᠡᠳ ᠲᠣᠳᠣᠷᠬᠠᠢ  ᠠᠪᠢᠶᠠᠯᠠᠭᠳᠠᠵᠤ ᠲᠤᠰ ᠲᠤᠰ ᠮᠣᠩᠭᠣᠯ ᠪᠢᠴᠢᠭ ᠦ᠋ᠨ ᠬᠡᠯᠡᠨ ᠦ᠌ ᠬᠣᠣᠰ ᠡᠭᠡᠰᠢᠭ ᠦ᠋ᠳ ᠲᠡᠢ ᠵᠣᠬᠢᠬᠤ ᠲᠣᠬᠢᠷᠠᠯᠴᠠᠭ᠎ᠠ ᠲᠠᠢ; (3)  ᠤᠷᠤᠭᠰᠢᠯᠠᠭᠰᠠᠨ ᠡᠭᠡᠰᠢᠭ ᠦᠭᠡᠢ᠂ ᠬᠠᠷᠢᠨ ᠵᠥᠭᠡᠯᠡᠷᠡᠭᠰᠡᠨ ᠭᠡᠢᠭᠦᠯᠦᠭᠴᠢᠳ ᠲᠡᠢ ; (4) ᠡᠭᠡᠰᠢᠭ ᠠᠪᠢᠶᠠᠨ ᠤ᠋ ᠵᠣᠬᠢᠴᠠᠯ ᠨᠡᠯᠢᠶᠡᠳ ᠴᠢᠩᠭ᠎ᠠ ᠪᠥᠭᠡᠳ ᠡᠬᠢᠨ ᠦ᠌ ᠦᠶ᠎ᠡ᠎ᠡ ᠡᠴᠡ ᠬᠣᠢᠰᠢᠬᠢ ᠡᠭᠡᠰᠢᠭ ᠣᠨ ᠣᠯᠠᠩᠬᠢ ᠨᠢ ᠨᠡᠯᠢᠶᠡᠳ ᠲᠣᠳᠣ ᠰᠣᠨᠣᠰᠤᠭᠳᠠᠨ᠎ᠠ ; (5) ᠪᠢᠴᠢᠭ ᠦ᠋ᠨ ᠬᠡᠯᠡᠨ ᠦ᠌ 《ᠰ》 ᠭᠡᠢᠭᠦᠯᠦᠭᠴᠢ ᠶ᠋ᠢ ᠰᠢᠨ᠎ᠡ ᠪᠠᠷᠭᠤ ᠪᠠ ᠪᠤᠷᠢᠶᠠᠳ ᠠᠮᠠᠨ ᠠᠶᠠᠯᠭᠤᠨ ᠳ᠋ᠤ᠌ [ h ] ᠢᠶᠠᠷ ᠠᠪᠢᠶᠠᠯᠠᠵᠤ᠂ ᠬᠠᠭᠤᠴᠢᠨ ᠪᠠᠷᠭᠤ ᠳ᠋ᠤ᠌ [ k ] ᠢᠶᠠᠷ ᠠᠪᠢᠶᠠᠯᠠᠨ᠎ᠠ ; (6) ᠪᠢᠴᠢᠭ ᠦ᠋ᠨ ᠬᠡᠯᠡᠨ ᠦ᠌ 《ᠵ ᠂ ᠴ 》᠂ ᠪᠠᠷᠭᠤ ᠳ᠋ᠤ᠌ ᠲᠤᠰ ᠲᠤᠰ ᠰᠠᠯᠪᠤᠷᠢᠯᠠᠵᠤ [ tʃ ] [ ts ] [ s ] ᠪᠣᠯᠤᠭᠰᠠᠨ ᠪᠠ ᠪᠤᠷᠢᠶᠠᠳ ᠠᠮᠠᠨ ᠠᠶᠠᠯᠭᠤᠨ ᠳ᠋ᠤ᠌ [ z ] [ з ] ᠬᠢᠭᠡᠳ [s] [ ʃ ] ᠪᠣᠯᠵᠠᠢ ; (7) ᠪᠢᠴᠢᠭ ᠦ᠋ᠨ ᠬᠡᠯᠡᠨ ᠦ᠌《  ‍ᠨ (n)᠂  ‍ᠩ 》 ᠢ᠋ ᠢᠯᠭᠠᠳᠠᠭ ᠦᠭᠡᠢ ᠴᠥᠮ [ ŋ ]  ᠢᠶᠡᠷ ᠠᠪᠢᠶᠠᠯᠠᠨ᠎ᠠ ; (8) ᠪᠢᠴᠢᠭ ᠦ᠋ᠨ ᠬᠡᠯᠡᠨ ᠦ᠌ ᠣᠯᠠᠨ ᠲᠣᠭᠠᠨ ᠤ᠋ ᠨᠥᠬᠥᠴᠡᠯ (-s ] ᠢ [-t ] ᠢᠶᠠᠷ ᠠᠪᠢᠶᠠᠯᠠᠬᠤ ᠪᠠ ᠵᠠᠷᠢᠮ ᠦᠭᠡ ᠶ᠋ᠢᠨ ᠳᠡᠪᠢᠰᠬᠡᠷᠯᠡᠬᠦ [s ] ᠭᠡᠢᠭᠦᠯᠦᠭᠴᠢ ᠶ᠋ᠢ [ t ] ᠢᠶᠠᠷ ᠠᠪᠢᠶᠠᠯᠠᠨ᠎ᠠ ; (9)ᠬᠢᠷᠢ ᠬᠡᠮᠵᠢᠶᠡᠨ ᠣ ᠳᠠᠢᠨ ᠢᠯᠭᠠᠯ ᠤ᠋ᠨ ᠨᠥᠬᠥᠴᠡᠯ [ -sa:/-sǝ: ~ -sɔ:/-ө: ) ᠲᠠᠢ ; (10)ᠰᠢᠨ᠎ᠡ ᠪᠠᠷᠭᠤ ᠪᠠ ᠪᠤᠷᠢᠶᠠᠳ ᠠᠮᠠᠨ ᠠᠶᠠᠯᠭᠤᠨ ᠳ᠋ᠤ᠌ ᠭᠠᠷᠬᠤ ᠶ᠋ᠢᠨ ᠳᠠᠢᠨ ᠢᠯᠭᠠᠯ ᠨᠢ [-ha:/ -hǝ:~ -hɔ:/ -hө; ] ᠪᠣᠯᠵᠤ ᠠᠪᠢᠶᠠᠯᠠᠭᠳᠠᠨ᠎ᠠ ; (11) ᠦᠢᠯᠡ ᠶ᠋ᠢᠨ ᠥᠩᠭᠡᠷᠡᠭᠰᠡᠨ ᠴᠠᠭ ᠢ᠋ ᠢᠯᠡᠳᠬᠡᠬᠦ [-a:/-ǝ:~ ɔ:/-ө: ] ᠭᠡᠬᠦ ᠨᠥᠬᠥᠴᠡᠯ ᠲᠡᠢ ; (12) ᠲᠡᠭᠦᠰ ᠥᠭᠦᠯᠡᠬᠦᠨ ᠳ᠋ᠦ᠍ᠨᠢ ᠨᠢᠭᠡ᠂ ᠬᠣᠶᠠᠳᠤᠭᠠᠷ ᠪᠡᠶ᠎ᠡ ᠶ᠋ᠢᠨ ᠭᠠᠭᠴᠠ ᠣᠯᠠᠨ ᠲᠣᠭᠠᠨ ᠤ᠋ [ - b ~ - w ] [ - ʃ~ -ʃi ] [ -t~ - ta ] ᠭᠡᠬᠦ ᠮᠡᠲᠦ ᠶ᠋ᠢᠨ ᠨᠥᠬᠥᠴᠡᠯ ᠲᠡᠢ᠃ ᠦᠭᠡ ᠶ᠋ᠢᠨ ᠰᠠᠩ ᠤ᠋ᠨ ᠲᠠᠯ᠎ᠠ ᠪᠠᠷ ᠥᠪᠡᠷᠮᠢᠴᠡ ᠣᠨᠴᠠᠯᠢᠭ ᠲᠠᠢ ᠦᠭᠡ ᠵᠣᠬᠢᠬᠤ ᠬᠤᠪᠢ ᠶ᠋ᠢᠨ ᠵᠢᠩ ᠲᠡᠢ᠃ ᠮᠥᠨ ᠪᠠᠰᠠ ᠮᠣᠩᠭᠣᠯ ᠤᠯᠤᠰ ᠤ᠋ᠨ ᠮᠣᠩᠭᠣᠯᠴᠤᠳ ᠤ᠋ᠨ ᠬᠡᠯᠡ ᠶᠠᠷᠢᠶ᠎ᠠ ᠶ᠋ᠢ ᠮᠣᠩᠭᠣᠯ ᠬᠡᠯᠡᠨ ᠦ᠌ ᠬᠠᠯᠬ᠎ᠠ ᠨᠤᠲᠤᠭ ᠤ᠋ᠨ ᠠᠶᠠᠯᠭᠤ ᠭᠡᠳᠡᠭ᠃ ᠲᠣᠪᠴᠢᠯᠠᠭᠠᠳ ᠬᠠᠯᠬ᠎ᠠ ᠠᠶᠠᠯᠭᠤ ᠭᠡᠨ᠎ᠡ᠃ 
       ᠣᠷᠴᠢᠨ ᠴᠠᠭ ᠤ᠋ᠨ ᠮᠣᠩᠭᠣᠯ ᠬᠡᠯᠡᠨ ᠦ᠌ ᠨᠤᠲᠤᠭ ᠤ᠋ᠨ ᠠᠶᠠᠯᠭᠤ ᠨᠤᠭᠤᠳ ᠪᠣᠯ ᠮᠠᠨᠵᠤ ᠴᠢᠩ ᠦ᠋ᠨ ᠦᠶ᠎ᠡ ᠳ᠋ᠡᠬᠢ ᠮᠣᠩᠭᠣᠯᠴᠤᠳ ᠢ᠋ ᠬᠡᠰᠡᠭᠯᠡᠨ ᠵᠠᠬᠢᠷᠤᠭᠰᠠᠨ ᠨᠣᠶᠠᠷᠬᠠᠯ ᠤ᠋ᠨ ᠦᠷ᠎ᠡ ᠳ᠋ᠦᠩ ᠪᠠ ᠮᠥᠨ ᠮᠣᠩᠭᠣᠯᠴᠤᠳ ᠤ᠋ᠨ ᠥᠪᠡᠷᠮᠢᠴᠡ ᠠᠵᠤ ᠠᠬᠤᠢᠯᠠᠯᠯ᠂ ᠭᠠᠵᠠᠷ ᠨᠤᠲᠤᠭ ᠤ᠋ᠨ ᠣᠨᠴᠠᠯᠢᠭ ᠠ᠋ᠴᠠ ᠪᠣᠢ ᠪᠣᠯᠤᠭᠰᠠᠨ ᠶᠤᠮ᠃ ᠭᠡᠪᠡᠴᠦ ᠮᠣᠩᠭᠣᠯ ᠬᠡᠯᠡᠨ ᠦ᠌ ᠣᠯᠠᠩᠬᠢ ᠣᠷᠣᠨ ᠨᠤᠲᠤᠭ ᠲᠤ᠌ ᠦᠨᠳᠦᠰᠦᠨ ᠨᠢᠭᠡ ᠪᠢᠴᠢᠭ ᠦ᠋ᠨ ᠬᠡᠯᠡ ᠲᠡᠢ ᠪᠠᠢᠭᠰᠠᠨ ᠤᠴᠢᠷ᠂ ᠲᠡᠳᠡᠭᠡᠷ ᠨᠤᠲᠤᠭ ᠤ᠋ᠨ ᠠᠶᠠᠯᠭᠤ ᠪᠠ ᠠᠮᠠᠨ ᠠᠶᠠᠯᠭᠤ ᠶ᠋ᠢᠨ ᠵᠥᠷᠢᠶ᠎ᠡ ᠣᠨᠴᠠᠯᠢᠭ ᠢ᠋ ᠦᠨᠳᠦᠰᠦᠨ ᠨᠢᠭᠡ ᠨᠡᠢᠲᠡ ᠶ᠋ᠢᠨ ᠬᠡᠯᠡᠨ ᠦ᠌ ᠳᠣᠲᠣᠷᠠᠬᠢ ᠠᠶᠠᠯᠭᠤ ᠶᠠᠷᠢᠶᠠᠨ ᠤ᠋ ᠢᠯᠭᠠᠭ᠎ᠠ᠂ ᠢᠯᠠᠩᠭᠤᠶ᠎ᠠ ᠠᠪᠢᠶᠠᠨ ᠤ᠋ ᠲᠠᠯ᠎ᠠ ᠪᠠᠷ ᠬᠢ ᠵᠥᠷᠢᠶ᠎ᠡ ᠶᠡᠬᠡᠲᠡᠢ ᠬᠡᠯᠡ ᠪᠣᠯᠭᠠᠨ ᠪᠦᠷᠢᠯᠳᠦᠭᠦᠯᠦᠭᠰᠡᠨ ᠶᠦᠮ᠃ ᠴᠢᠯᠥᠭᠡᠯᠡᠭᠳᠡᠭᠰᠡᠨ ᠦ᠌ ᠳᠠᠷᠠᠭᠠᠬᠢ ᠲᠠᠪᠢ ᠭᠠᠷᠤᠢ ᠵᠢᠯ ᠦ᠋ᠨ ᠲᠤᠷᠰᠢ᠂ ᠨᠠᠮ ᠤ᠋ᠨ ᠦᠨᠳᠦᠰᠦᠲᠡᠨ ᠦ᠌ ᠲᠥᠷᠥ ᠶ᠋ᠢᠨ ᠪᠣᠳᠣᠯᠭ᠎ᠠ ᠶ᠋ᠢᠨ ᠰᠢᠨ᠎ᠡ ᠣᠷᠴᠢᠨ ᠳ᠋ᠤ᠌᠂ ᠮᠣᠩᠭᠣᠯᠴᠤᠳ ᠤ᠋ᠨ ᠰᠣᠶᠣᠯ ᠰᠢᠨᠵᠢᠯᠡᠬᠦ ᠤᠬᠠᠭᠠᠨ ᠰᠤᠷᠭᠠᠨ ᠬᠥᠮᠦᠵᠢᠯ ᠦ᠋ᠨ ᠣᠯᠠᠨ ᠲᠠᠯ᠎ᠠ ᠶ᠋ᠢᠨ ᠬᠠᠷᠢᠯᠴᠠᠭ᠎ᠠ ᠤᠯᠠᠮ ᠢᠶᠡᠷ ᠥᠷᠭᠡᠵᠢᠨ ᠨᠢᠭᠲᠠᠷᠠᠵᠤ ᠪᠠᠢᠭ᠎ᠠ ᠪᠠᠢᠳᠠᠯ ᠳ᠋ᠤ᠌ ᠮᠣᠩᠭᠣᠯ ᠬᠡᠯᠡᠨ ᠦ᠌ ᠨᠤᠲᠤᠭ ᠤ᠋ᠨ ᠠᠶᠠᠯᠭᠤ᠂ ᠠᠮᠠᠨ ᠠᠶᠠᠯᠭᠤ ᠶ᠋ᠢᠨ ᠵᠥᠷᠢᠶ᠎ᠡ ᠴᠦ᠍ ᠤᠯᠠᠮ ᠢ᠋ᠶ᠋ᠠᠷ ᠪᠠᠭᠠᠰᠴᠤ ᠡᠬᠢᠯᠡᠭᠰᠡᠨ ᠪᠠᠢᠨ᠎ᠠ᠃    
       ᠮᠣᠩᠭᠣᠯ ᠬᠡᠯᠡᠨ ᠦ᠌ ᠬᠥᠭᠵᠢᠯ ᠦ᠋ᠨ ᠲᠡᠦᠬᠡᠨ ᠦ᠌ ᠣᠨᠴᠠᠭᠠᠢ ᠰᠢᠨᠵᠢ ᠡᠴᠡ ᠪᠣᠯᠵᠤ᠂ ᠣᠷᠴᠢᠨ ᠴᠠᠭ ᠤ᠋ᠨ ᠮᠣᠩᠭᠣᠯ ᠬᠡᠯᠡᠨ ᠳ᠋ᠦ᠍ ᠨᠤᠲᠤᠭ ᠤ᠋ᠨ ᠠᠶᠠᠯᠭᠤ ᠠᠮᠠᠨ ᠠᠶᠠᠯᠭᠤ ᠶ᠋ᠢᠨ ᠵᠥᠷᠢᠶ᠎ᠡ ᠪᠠᠢᠬᠤ ᠪᠠᠷ ᠪᠠᠷᠠᠬᠤ ᠦᠭᠡᠢ ᠮᠣᠩᠭᠣᠯ ᠬᠡᠯᠡᠨ ᠢ᠋ᠶ᠋ᠡᠨ ᠲᠡᠮᠳᠡᠭᠯᠡᠬᠦ ᠦᠰᠦᠭ ᠪᠢᠴᠢᠭ ᠳᠡᠭᠡᠷ᠎ᠡ ᠴᠦ᠍ ᠨᠢᠭᠡᠳᠦᠯ ᠦᠭᠡᠢ ᠪᠠᠢᠳᠠᠯ ᠣᠷᠣᠰᠢᠵᠤ ᠪᠠᠢᠯ᠎ᠠ᠃ ᠡᠭᠦᠨ ᠳ᠋ᠦ᠍ ᠥᠪᠥᠷ ᠮᠣᠩᠭᠣᠯ ᠪᠠ ᠬᠥᠬᠡᠨᠠᠭᠤᠷ᠂ ᠭᠠᠨᠰᠦ᠂ ᠬᠠᠷᠠᠮᠦ᠋ᠷᠡᠨ᠂ ᠬᠢᠷᠢᠨ᠂ ᠯᠢᠶᠣᠤᠨᠢᠩ ᠤ᠋ᠨ ᠮᠣᠩᠭᠣᠯᠴᠤᠳ ᠴᠥᠮ ᠤᠢᠭᠤᠷᠵᠢᠨ ᠦᠰᠦᠭ ᠦ᠋ᠨ ᠭᠠᠷᠤᠯ ᠢᠷᠡᠯ ᠲᠡᠢ ᠣᠳᠣᠬᠢ ᠮᠣᠩᠭᠣᠯ ᠦᠰᠦᠭ ᠢ᠋ ᠠᠪᠴᠤ ᠬᠡᠷᠡᠭᠯᠡᠵᠦ ᠪᠠᠢᠬᠤ ᠪᠠᠢᠲᠠᠯ᠎ᠠ ᠰᠢᠨᠵᠢᠶᠠᠩ ᠤ᠋ᠨ ᠤᠢᠭᠤᠷ ᠦᠨᠳᠦᠰᠦᠲᠡᠨ ᠦ᠌ ᠥᠪᠡᠷᠲᠡᠭᠡᠨ ᠵᠠᠰᠠᠬᠤ ᠣᠷᠣᠨ ᠤ᠋ ᠮᠣᠩᠭᠣᠯᠴᠤᠳ ᠲᠣᠳᠣ ᠦᠰᠦᠭ ᠭᠡᠭᠴᠢ ᠤᠢᠭᠤᠷᠵᠢᠨ ᠦᠰᠦᠭ ᠦ᠋ᠨ ᠰᠠᠭᠤᠷᠢᠨ ᠳᠡᠭᠡᠷ᠎ᠡ ᠵᠠᠰᠠᠨ ᠥᠭᠡᠷᠡᠴᠢᠯᠡᠭᠰᠡᠨ ᠦᠰᠦᠭ ᠪᠢᠴᠢᠭ ᠢ᠋ ᠠᠪᠴᠤ ᠬᠡᠷᠡᠭᠯᠡᠵᠦ ᠪᠠᠢᠯ᠎ᠠ᠃ 20 ᠳ᠋ᠤᠭᠠᠷ ᠵᠠᠭᠤᠨ ᠤ᠋ ᠨᠠᠶᠠᠭᠠᠳ ᠣᠨ ᠠ᠋ᠴᠠ ᠡᠬᠢᠯᠡᠨ ᠰᠢᠨᠵᠢᠶᠠᠩ ᠣᠷᠣᠨ ᠳ᠋ᠤ᠌ ᠤᠢᠭᠤᠷᠵᠢᠨ ᠦᠰᠦᠭ (ᠬᠤᠳᠤᠮ ᠮᠣᠩᠭᠣᠯ ᠦᠰᠦᠭ) ᠢ᠋ ᠢᠳᠡᠭ ᠢᠳᠡᠭ ᠢ᠋ᠶ᠋ᠡᠷ ᠳᠡᠯᠭᠡᠷᠡᠭᠦᠯᠦᠨ ᠬᠡᠷᠡᠭᠵᠢᠭᠦᠯᠦᠭᠰᠡᠨ ᠡᠴᠡ ᠣᠳᠣ ᠤᠯᠤᠰ ᠤ᠋ᠨ ᠳᠣᠲᠣᠭᠠᠳᠤ ᠳ᠋ᠤ᠌ ᠦᠨᠳᠦᠰᠦᠨ ᠳ᠋ᠡᠭᠡᠨ ᠨᠢᠭᠡ ᠵᠦᠢᠯ ᠦ᠋ᠨ ᠦᠰᠦᠭ ᠪᠢᠴᠢᠭ ᠬᠡᠷᠡᠭᠯᠡᠬᠦ ᠪᠤᠶᠠᠨ ᠲᠠᠢ ᠰᠠᠢᠬᠠᠨ ᠦᠢᠯᠡᠰ ᠨᠢᠭᠡᠨᠲᠡ ᠡᠬᠢᠯᠡᠭᠰᠡᠨ ᠭᠡᠵᠦ ᠪᠣᠯᠤᠨ᠎ᠠ᠃ ᠮᠣᠩᠭᠣᠯ ᠤᠯᠤᠰ ᠤ᠋ᠨ ᠮᠣᠩᠭᠣᠯᠴᠤᠳ ᠰᠯᠠᠸᠵᠢᠨ ᠦᠰᠦᠭ ᠢ᠋ᠶ᠋ᠡᠷ ᠰᠠᠭᠤᠷᠢ ᠪᠣᠯᠭᠠᠭᠰᠠᠨ ᠬᠠᠯᠬ᠎ᠠ ᠠᠶᠠᠯᠭᠤᠨ ᠳ᠋ᠤ᠌ ᠵᠣᠬᠢᠴᠠᠭᠤᠯᠤᠨ ᠵᠣᠬᠢᠶᠠᠭᠰᠠᠨ ᠦᠰᠦᠭ ᠪᠢᠴᠢᠭ ᠦ᠋ᠨ ᠰᠢᠰᠲ᠋ᠸᠮ ᠢ᠋1946 ᠣᠨ ᠠ᠋ᠴᠠ ᠡᠬᠢᠯᠡᠨ ᠳᠡᠯᠭᠡᠷᠡᠭᠦᠯᠦᠨ ᠬᠡᠷᠡᠭᠯᠡᠭᠰᠡᠨ ᠪᠠᠢᠨ᠎ᠠ᠃  

— — — — 
 * ᠪᠣᠣᠰᠢᠶᠠᠩ· ᠪᠣ· ᠵᠢᠷᠠᠨᠨᠢᠭᠡ ᠶ᠋ᠢᠨ《ᠪᠠᠷᠭᠤ ᠠᠮᠠᠨ ᠠᠶᠠᠯᠭᠤ》
    (ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠬᠡᠪᠯᠡᠯ ᠦ᠋ᠨ ᠬᠣᠷᠢᠶ᠎ᠠ᠂1995 ᠣᠨ) ᠤ᠋ ᠤᠳᠤᠷᠢᠳᠬᠠᠯ ᠳ᠋ᠤ᠌ ᠦᠵᠡ᠃