ᠠᠷᠪᠠᠨ ᠬᠣᠶᠠᠷ ᠰᠠᠷ᠎ᠠ ᠠᠷᠪᠠᠨ ᠬᠣᠶᠠᠷ ᠴᠠᠭ -ᠴᠢᠩᠰᠠᠨᠠᠭ᠎ᠠ ChinsanaaАрван хоёр сар арван хоёр цаг-Чинсанаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠪᠠᠨ ᠬᠣᠶᠠᠷ ᠰᠠᠷ᠎ᠠ ᠠᠷᠪᠠᠨ ᠬᠣᠶᠠᠷ ᠴᠠᠭ -ᠴᠢᠩᠰᠠᠨᠠᠭ᠎ᠠ ChinsanaaАрван хоёр сар арван хоёр цаг-Чинсанаа

ᠠᠷᠪᠠᠨ ᠬᠣᠶᠠᠷ ᠰᠠᠷ᠎ᠠ ᠠᠷᠪᠠᠨ ᠬᠣᠶᠠᠷ ᠴᠠᠭ -ᠴᠢᠩᠰᠠᠨᠠᠭ᠎ᠠ ChinsanaaАрван хоёр сар арван хоёр цаг-Чинсанаа

ᠠᠩᠭᠢᠯᠠᠯ:ᠳᠠᠭᠤᠤ ᠬᠥᠭᠵᠢᠮ
2026-01-01

937

ᠠᠷᠪᠠᠨ ᠬᠣᠶᠠᠷ ᠰᠠᠷ᠎ᠠ ᠠᠷᠪᠠᠨ ᠬᠣᠶᠠᠷ ᠴᠠᠭ


     ᠳᠠᠭᠤᠴᠢᠨ᠄ ᠴᠢᠩᠰᠠᠨᠠᠭ᠎ᠠ 

ᠠᠶᠠᠰ ᠠᠶᠠᠰ ᠢ᠋ᠶ᠋ᠠᠷ ᠴᠠᠭ ᠬᠤᠭᠤᠴᠠᠭ᠎ᠠ 
ᠨᠢᠰᠦᠨ ᠨᠢᠰᠦᠨ ᠣᠳᠤᠨ᠎ᠠ 
ᠠᠷᠪᠠᠨ ᠬᠣᠶᠠᠷ ᠰᠠᠷ᠎ᠠ ᠥᠩᠭᠡᠷᠡᠵᠦ ᠰᠢᠨ᠎ᠡ ᠵᠢᠯ ᠢᠷᠡᠨ᠎ᠡ 
ᠠᠮᠢᠳᠤᠷᠠᠯ ᠳ᠋ᠤ᠌ ᠮᠢᠨᠢ ᠡᠨᠡ ᠰᠢᠨ᠎ᠡ ᠵᠢᠯ ᠪᠠᠶᠠᠷ ᠪᠠᠶᠠᠰᠤᠯ ᠢ᠋ ᠠᠪᠴᠢᠷᠠᠨ᠎ᠠ 
ᠠᠷᠪᠠᠨ ᠬᠣᠶᠠᠷ ᠰᠠᠷ᠎ᠠ ᠥᠩᠭᠡᠷᠡᠵᠦ ᠰᠢᠨ᠎ᠡ ᠵᠢᠯ ᠢᠷᠡᠨ᠎ᠡ 
ᠮᠥᠷᠥᠭᠡᠳᠦᠭᠰᠡᠭᠡᠷ ᠪᠠᠢᠭ᠎ᠠ ᠪᠢ ᠡᠪᠦᠯ ᠦ᠋ᠨ ᠡᠪᠦᠭᠡ ᠶ᠋ᠢ ᠪᠠᠢᠳᠠᠭ ᠭᠡᠵᠦ 
ᠮᠥᠷᠥᠭᠡᠳᠦᠭᠰᠡᠭᠡᠷ ᠪᠠᠢᠭ᠎ᠠ ᠪᠢ ᠴᠠᠰᠤᠨ ᠥᠬᠢᠨ ᠪᠠᠢᠳᠠᠭ ᠭᠡᠵᠦ 
ᠭᠠᠳᠠᠭ᠎ᠠ ᠴᠠᠰᠤ ᠬᠠᠶᠠᠯᠠᠨ ᠪᠠᠢᠨ᠎ᠠ ᠴᠠᠰᠤᠨ ᠪᠤᠲᠠᠷᠠᠵᠤ ᠪᠠᠢᠨ᠎ᠠ 
ᠰᠢᠨ᠎ᠡ ᠵᠢᠯ ᠦ᠋ᠨ ᠲᠡᠷᠡ ᠦᠳᠡᠰᠢ ᠶ᠋ᠢ ᠪᠢ ᠬᠦᠯᠢᠶᠡᠭᠰᠡᠭᠡᠷ 
ᠴᠠᠰᠤ ᠶᠠᠭᠠᠬᠢᠭᠰᠠᠨ ᠵᠥᠭᠡᠯᠡᠨ ᠬᠠᠶᠠᠯᠠᠬᠤ ᠶᠤᠮ ᠪᠣᠢ 
ᠲᠢᠭ᠋ ᠲᠠᠭ ᠲᠢᠭ᠋ ᠲᠠᠭ 
ᠴᠠᠭ ᠶᠠᠮᠠᠷ ᠤᠳᠠᠭᠠᠨ ᠴᠣᠬᠢᠯᠠᠬᠤ ᠶᠤᠮ ᠪᠣᠢ
ᠲᠢᠭ᠋ ᠲᠠᠭ ᠲᠢᠭ᠋ ᠲᠠᠭ 
ᠭᠠᠳᠠᠭ᠎ᠠ ᠴᠠᠰᠤ ᠬᠠᠶᠠᠯᠠᠨ ᠪᠠᠢᠨ᠎ᠠ ᠴᠠᠰᠤᠨ ᠪᠤᠲᠠᠷᠠᠵᠤ ᠪᠠᠢᠨ᠎ᠠ
ᠰᠢᠨ᠎ᠡ ᠵᠢᠯ ᠦ᠋ᠨ ᠲᠡᠷᠡ ᠦᠳᠡᠰᠢ ᠶ᠋ᠢ ᠪᠢ ᠬᠦᠯᠢᠶᠡᠭᠰᠡᠭᠡᠷ
ᠬᠥᠮᠦᠨ ᠪᠦᠬᠦᠨ ᠰᠢᠨ᠎ᠡ ᠣᠨ ᠢ᠋ ᠬᠦᠰᠡᠨ ᠬᠦᠰᠡᠨ ᠬᠦᠯᠢᠶᠡᠵᠦ ᠪᠠᠢᠨ᠎ᠠ
ᠠᠷᠪᠠᠨ ᠬᠣᠶᠠᠷ ᠰᠠᠷ᠎ᠠ ᠥᠩᠭᠡᠷᠡᠵᠦ ᠰᠢᠨ᠎ᠡ ᠵᠢᠯ ᠢᠷᠡᠨ᠎ᠡ
ᠬᠦᠰᠡᠯ ᠢ᠋ᠶ᠋ᠡᠨ ᠰᠢᠪᠡᠨᠡᠴᠢᠬᠡᠶ᠎ᠡ ᠴᠠᠭ ᠤ᠋ᠨ ᠵᠡᠭᠦᠦ ᠶ᠋ᠢ ᠴᠢᠩᠨᠠᠴᠢᠬᠠᠶ᠎ᠠ
ᠠᠷᠪᠠᠨ ᠬᠣᠶᠠᠷ ᠰᠠᠷ᠎ᠠ ᠥᠩᠭᠡᠷᠡᠵᠦ ᠰᠢᠨ᠎ᠡ ᠵᠢᠯ ᠢᠷᠡᠨ᠎ᠡ