ᠬᠠᠷᠢᠶ᠎ᠠ ᠮᠥᠮᠥ ᠠ᠋ - ᠴᠠᠭᠠᠨᠪᠠᠷᠰKhariyaa mööm aa-TsagaanbarХаръяа мөөм аа-Цагаанбар
ᠬᠠᠷᠢᠶ᠎ᠠ ᠮᠥᠮᠥ ᠠ᠋
ᠴᠠᠭᠠᠨᠪᠠᠷᠰ ᠳᠠᠭᠤᠯᠠᠪᠠ
ᠬᠣᠷᠴᠢᠨ ᠠᠷᠠᠳ ᠤ᠋ᠨ ᠳᠠᠭᠤᠤ
ᠤᠷᠲᠤ ᠳᠠᠯᠠᠢ ᠶ᠋ᠢᠨ ᠬᠦᠢ
ᠤᠰᠤᠨ ᠤ᠋ ᠬᠢᠨᠢ ᠲᠤᠩᠭᠠᠯᠠᠭ ᠭᠡᠵᠢ ᠠ᠋ ᠬᠦᠢ
ᠤᠯᠠᠭᠠᠨ ᠯᠢᠩᠬᠤ᠎ᠠ ᠴᠡᠴᠡᠭ ᠬᠤᠸᠠᠷ ᠤ᠋ᠨ ᠳᠡᠯᠭᠡᠷᠡᠬᠦ ᠨᠢ ᠰᠠᠢᠬᠠᠨ ᠠ᠋
ᠡᠢ ᠶᠠ ᠂ ᠡᠢ ᠶᠠ ᠮᠥᠮᠥ ᠠ᠋ ᠂ ᠡᠢ ᠶᠠ ᠬᠦᠢ
ᠦᠵᠦᠮ ᠦ᠋ᠨ ᠥᠩᠭᠡ ᠲᠡᠢ ᠰᠢᠪᠠᠭᠤ ᠨᠢ ᠳᠡ ᠬᠦᠢ
ᠵᠢᠷᠭᠢᠨ ᠳᠣᠩᠭᠣᠳᠬᠤ ᠶ᠋ᠢᠨ ᠦᠶ᠎ᠡ ᠳ᠋ᠦ᠍ ᠬᠦᠢ
ᠤᠭ ᠤ᠋ᠨ ᠰᠠᠭᠤᠭᠰᠠᠨ ᠨᠤᠲᠤᠭ ᠭᠠᠵᠠᠷ ᠰᠠᠨᠠᠭᠳᠠᠨ᠎ᠠ ᠭᠡᠳᠡᠭ ᠳᠡ
ᠬᠠᠷᠢᠶ᠎ᠠ᠂ ᠬᠠᠷᠢᠶ᠎ᠠ ᠮᠥᠮᠥ ᠠ᠋ ᠂ ᠬᠠᠷᠢᠶ᠎ᠠ ᠬᠦᠢ
ᠪᠠᠷᠠᠭᠤᠨ ᠳᠠᠯᠠᠢ ᠶ᠋ᠢᠨ ᠬᠦᠢ
ᠤᠰᠤᠨ ᠤ᠋ ᠬᠢᠨᠢ ᠲᠤᠩᠭᠠᠯᠠᠭ ᠬᠦᠢ
ᠪᠠᠳᠮ᠎ᠠ ᠯᠢᠩᠬᠤ᠎ᠠ ᠴᠡᠴᠡᠭ ᠬᠤᠸᠠᠷ ᠤ᠋ᠨ ᠳᠡᠯᠭᠡᠷᠡᠬᠦ ᠨᠢ ᠰᠠᠢᠬᠠᠨ ᠠ᠋
ᠡᠢ ᠶᠠ ᠂ ᠡᠢ ᠶᠠ ᠮᠥᠮᠥ ᠠ᠋ ᠂ ᠡᠢ ᠶᠠ ᠬᠦᠢ
ᠪᠠᠵᠢᠮᠠᠨ ᠥᠩᠭᠡ ᠲᠡᠢ ᠰᠢᠪᠠᠭᠤ ᠨᠢ ᠳᠡ ᠬᠦᠢ
ᠵᠢᠷᠭᠢᠨ ᠳᠣᠩᠭᠣᠳᠬᠤ ᠶ᠋ᠢᠨ ᠦᠶ᠎ᠡ ᠳ᠋ᠦ᠍ ᠬᠦᠢ
ᠪᠠᠭ᠎ᠠ ᠶ᠋ᠢᠨ ᠰᠠᠭᠤᠭᠰᠠᠨ ᠨᠤᠲᠤᠭ ᠭᠠᠵᠠᠷ ᠰᠠᠨᠠᠭᠳᠠᠨ᠎ᠠ ᠭᠡᠳᠡᠭ ᠳᠡ
ᠬᠠᠷᠢᠶ᠎ᠠ ᠂ ᠬᠠᠷᠢᠶ᠎ᠠ ᠮᠥᠮᠥ ᠠ᠋᠂ ᠬᠠᠷᠢᠶ᠎ᠠ ᠬᠦᠢ
ᠬᠣᠢᠲᠤ ᠳᠠᠯᠠᠢ ᠶ᠋ᠢᠨ ᠬᠦᠢ
ᠤᠰᠤᠨ ᠤ᠋ ᠬᠢᠨᠢ ᠲᠤᠩᠭᠠᠯᠠᠭ ᠭᠡᠵᠢ ᠠ᠋ ᠬᠦᠢ
ᠬᠣᠰᠢᠭ᠎ᠠ ᠶ᠋ᠢᠨ ᠮᠣᠳᠣᠨ ᠤ᠋ ᠳᠡᠯᠭᠡᠷᠡᠬᠦ ᠨᠢ ᠰᠠᠢᠬᠠᠨ ᠠ᠋
ᠡᠢ ᠶᠠ ᠂ ᠡᠢ ᠶᠠ ᠮᠥᠮᠥ ᠠ᠋ ᠂ ᠡᠢ ᠶᠠ ᠬᠦᠢ
ᠬᠣᠰᠢᠭ᠎ᠠ ᠶ᠋ᠢᠨ ᠥᠩᠭᠡ ᠲᠡᠢ ᠰᠢᠪᠠᠭᠤ ᠨᠢ ᠳᠡ ᠬᠦᠢ
ᠵᠢᠷᠭᠢᠨ ᠳᠣᠩᠭᠣᠳᠬᠤ ᠶ᠋ᠢᠨ ᠦᠶ᠎ᠡ ᠳ᠋ᠦ᠍ ᠬᠦᠢ
ᠬᠣᠪᠢᠨ ᠤ᠋ ᠰᠠᠭᠤᠭᠰᠠᠨ ᠨᠤᠲᠤᠭ ᠭᠠᠵᠠᠷ ᠰᠠᠨᠠᠭᠳᠠᠨ᠎ᠠ ᠭᠡᠳᠡᠭ ᠳᠡ
ᠬᠠᠷᠢᠶ᠎ᠠ᠂ ᠬᠠᠷᠢᠶ᠎ᠠ ᠮᠥᠮᠥ ᠠ᠋ ᠂ ᠬᠠᠷᠢᠶ᠎ᠠ ᠬᠦᠢ
ᠵᠡᠭᠦᠨ ᠳᠠᠯᠠᠢ ᠶ᠋ᠢᠨ ᠬᠦᠢ
ᠤᠰᠤᠨ ᠤ᠋ ᠬᠢᠨᠢ ᠲᠤᠩᠭᠠᠯᠠᠭ ᠭᠡᠵᠢ ᠠ᠋ ᠬᠦᠢ
ᠵᠦᠢᠯ ᠪᠦᠷᠢ ᠶ᠋ᠢᠨ ᠴᠡᠴᠡᠭ ᠬᠤᠸᠠᠷ ᠤ᠋ᠨ ᠳᠡᠯᠭᠡᠷᠡᠬᠦ ᠨᠢ ᠰᠠᠢᠬᠠᠨ ᠠ᠋
ᠡᠢ ᠶᠠ ᠂ ᠡᠢ ᠶᠠ ᠮᠥᠮᠥ ᠠ᠋ ᠂ ᠡᠢ ᠶᠠ ᠬᠦᠢ
ᠵᠢᠮᠢᠰ ᠦ᠋ᠨ ᠥᠩᠭᠡ ᠲᠡᠢ ᠰᠢᠪᠠᠭᠤ ᠨᠢ ᠳᠡ ᠬᠦᠢ
ᠵᠢᠷᠭᠢᠨ ᠳᠣᠩᠭᠣᠳᠬᠤ ᠶ᠋ᠢᠨ ᠦᠶ᠎ᠡ ᠳ᠋ᠦ᠍ ᠬᠦᠢ
ᠵᠦᠢᠲᠡᠢ ᠰᠠᠭᠤᠭᠰᠠᠨ ᠣᠷᠣᠨ ᠭᠠᠵᠠᠷ ᠤ᠋ᠨ ᠰᠠᠨᠠᠭᠳᠠᠨ᠎ᠠ ᠭᠡᠳᠡᠭ ᠳᠡ
ᠬᠠᠷᠢᠶ᠎ᠠ ᠂ ᠬᠠᠷᠢᠶ᠎ᠠ ᠮᠥᠮᠥ ᠠ᠋᠂ ᠬᠠᠷᠢᠶ᠎ᠠ ᠬᠦᠢ
ᠦᠰᠦᠭ ᠠᠮᠢᠯᠠᠭᠤᠯᠤᠭᠰᠠᠨ ᠨᠢ ᠄ ᠰᠠᠴᠡᠨ
ᠦᠰᠦᠭ ᠬᠠᠲᠠᠭᠰᠠᠨ ᠨᠢ ᠄ ᠭᠠᠸᠠ
ᠪᠢᠴᠢᠯᠭᠡ ᠶ᠋ᠢᠨ ᠵᠢᠷᠤᠭ ᠢ᠋ ᠰᠦᠯᠵᠢᠶᠡᠨ ᠡᠴᠡ ᠬᠠᠭᠠᠯᠪᠠ
ᠬᠢᠨᠠᠭᠴᠢ ᠄ ᠰᠡᠴᠡᠨ
