ᠭᠤᠶᠤᠭ᠎ᠠ-ᠬᠡᠦᠬᠡᠳ ᠦ᠋ᠨ ᠳᠠᠭᠤᠤGoyooГоёо ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠶᠤᠭ᠎ᠠ-ᠬᠡᠦᠬᠡᠳ ᠦ᠋ᠨ ᠳᠠᠭᠤᠤGoyooГоёо

ᠭᠤᠶᠤᠭ᠎ᠠ-ᠬᠡᠦᠬᠡᠳ ᠦ᠋ᠨ ᠳᠠᠭᠤᠤGoyooГоёо

2026-01-01

668

ᠭᠤᠶᠤᠭ᠎ᠠ



  ᠦᠭᠡ ᠠᠶ᠎ᠠ᠄ ᠶ᠋ᠢᠨ• ᠡᠷᠳᠡᠨᠢᠲᠦ 
   一 ᠮᠣᠩᠭᠣᠯ ᠤᠯᠤᠰ ᠤ᠋ᠨ ᠳᠠᠯᠠᠨ ᠳᠥᠷᠪᠡᠳᠦᠭᠡᠷ ᠴᠡᠴᠡᠷᠯᠢᠭ ᠦ᠋ᠨ ᠬᠡᠦᠬᠡᠳ ᠦ᠋ᠳ ᠡᠴᠡ ᠳᠠᠭᠤᠯᠠᠨ᠎ᠠ 

ᠬᠠᠷᠠᠭᠤᠯ ᠠᠯᠲᠠᠢ ᠶ᠋ᠢᠨ ᠬᠠᠳᠠᠨ ᠴᠣᠬᠢᠶ᠎ᠠ 
ᠬᠠᠩᠭᠠᠢ ᠳᠡᠯᠡᠬᠡᠢ ᠳ᠋ᠡᠭᠡᠨ ᠲᠣᠯᠢᠨ ᠭᠣᠶᠣᠭ᠎ᠠ 
ᠬᠠᠢᠷᠠᠲᠠᠢ ᠡᠵᠢ ᠠᠪᠤ ᠯᠠ ᠬᠣᠶᠠᠷ ᠲᠤ᠌ ᠪᠠᠨ 
ᠬᠣᠩᠭᠣᠷ ᠦᠷᠡᠰ ᠨᠢ ᠨᠠᠨᠳᠢᠨ ᠭᠤᠶᠤᠭ᠎ᠠ ᠠᠢ 
ᠭᠤᠶᠤᠭ᠎ᠠ᠂ ᠠᠢ ᠭᠤᠶᠤᠭ᠎ᠠ᠁


ᠡᠭᠡᠷᠡᠮ᠎ᠡ ᠲᠠᠯ᠎ᠠ ᠶ᠋ᠢᠨ ᠮᠢᠨᠢ ᠡᠮᠵᠡᠭᠬᠡᠨ ᠴᠡᠴᠡᠭᠡᠰ ᠨᠢ 
ᠡᠬᠡ ᠳᠡᠯᠡᠬᠡᠢ ᠳ᠋ᠦ᠍ ᠪᠡᠨ ᠥᠩᠭᠡ ᠶ᠋ᠢᠨ ᠭᠣᠶᠣᠭ᠎ᠠ   
ᠡᠯᠡᠰᠦᠨ ᠭᠣᠪᠢ ᠶ᠋ᠢᠨ ᠮᠢᠨᠢ ᠮᠠᠩᠬᠠᠨ ᠠᠭᠤᠯᠠᠰ ᠨᠢ
ᠡᠩ ᠦᠭᠡᠢ ᠭᠣᠪᠢ ᠳ᠋ᠤ᠌ ᠪᠠᠨ ᠡᠷᠳᠡᠨᠢ ᠭᠤᠶᠤᠭ᠎ᠠ ᠠᠢ
ᠭᠤᠶᠤᠭ᠎ᠠ᠂ ᠠᠢ ᠭᠤᠶᠤᠭ᠎ᠠ᠁
ᠠᠢ ᠭᠣᠶᠣᠭ᠎ᠠ᠂ ᠠᠢ ᠭᠣᠶᠣᠭ᠎ᠠ᠁

ᠮᠣᠯᠣᠷ ᠡᠷᠳᠡᠨᠢ ᠮᠣᠷᠢᠨ ᠬᠤᠭᠤᠷ ᠮᠢᠨᠢ
ᠮᠣᠩᠭᠣᠯ ᠣᠯᠠᠨ ᠳ᠋ᠠᠭᠠᠨ ᠮᠥᠩᠬᠡ ᠶ᠋ᠢᠨ ᠭᠣᠶᠣᠭ᠎ᠠ  
ᠤᠷᠲᠤ ᠶ᠋ᠢᠨ ᠰᠠᠢᠬᠠᠨ ᠳᠠᠭᠤᠤ ᠬᠤᠭᠤᠷ ᠮᠢᠨᠢ
ᠠᠭᠤᠳᠠᠮ ᠨᠤᠲᠤᠭ ᠲᠠᠭᠠᠨ ᠤᠶᠠᠩᠭ᠎ᠠ ᠶ᠋ᠢᠨ ᠭᠤᠶᠤᠭ᠎ᠠ ᠠᠢ
ᠭᠣᠶᠣᠭ᠎ᠠ᠂ ᠠᠢ ᠭᠤᠶᠤᠭ᠎ᠠ᠁

ᠠᠮᠤᠭᠤᠯᠠᠩ ᠴᠡᠩᠬᠡᠷ ᠨᠤᠲᠤᠭ ᠤ᠋ᠨ ᠮᠢᠨᠢ ᠠ᠋
ᠠᠩᠭᠢᠷ ᠭᠠᠯᠠᠭᠤ ᠨᠢ ᠠᠷᠭ᠎ᠠ ᠦᠭᠡᠢ ᠭᠣᠶᠣᠭ᠎ᠠ
ᠠᠷᠠᠳ ᠣᠯᠠᠨ ᠤ᠋ ᠮᠢᠨᠢ ᠰᠢᠲᠦᠭᠡᠨ ᠪᠣᠯᠤᠭᠰᠠᠨ
ᠠᠯᠲᠠᠨ ᠰᠣᠶᠣᠮᠪᠣ ᠮᠢᠨᠢ ᠮᠣᠩᠭᠣᠯ ᠤ᠋ᠨ ᠭᠤᠶᠤᠭ᠎ᠠ ᠠᠢ
ᠭᠤᠶᠤᠭ᠎ᠠ᠂ ᠠᠢ ᠭᠤᠶᠤᠭ᠎ᠠ᠁
ᠠᠢ ᠭᠣᠶᠣᠭ᠎ᠠ᠂ ᠠᠢ ᠭᠣᠶᠣᠭ᠎ᠠ᠁

ᠦᠰᠦᠭ ᠠᠮᠢᠯᠠᠭᠤᠯᠤᠭᠰᠠᠨ ᠨᠢ᠄ ᠰᠣᠨᠢᠨᠪᠠᠶᠠᠷ 
ᠦᠰᠦᠭ ᠬᠠᠲᠠᠭᠰᠠᠨ ᠨᠢ᠄ ᠪᠠᠢ• ᠰᠠᠷᠠᠨ᠎ᠠ
ᠬᠢᠨᠠᠭᠴᠢ᠄ ᠰᠣᠨᠢᠨᠪᠠᠶᠠᠷ