ᠳᠥᠷᠪᠡᠨ ᠤᠯᠠᠷᠢᠯ-ᠲᠤᠭᠴᠢ ᠯᠤᠪᠰᠠᠩ Dörvön uliral-Tugch LuvsanДөрвөн улирал-Тугч Лувсан ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠤᠯᠠᠷᠢᠯ-ᠲᠤᠭᠴᠢ ᠯᠤᠪᠰᠠᠩ Dörvön uliral-Tugch LuvsanДөрвөн улирал-Тугч Лувсан

ᠳᠥᠷᠪᠡᠨ ᠤᠯᠠᠷᠢᠯ-ᠲᠤᠭᠴᠢ ᠯᠤᠪᠰᠠᠩ Dörvön uliral-Tugch LuvsanДөрвөн улирал-Тугч Лувсан

2025-12-31

12549

ᠳᠥᠷᠪᠡᠨ ᠤᠯᠠᠷᠢᠯ

         ᠦᠭᠡ᠄ ᠲᠤᠭᠴᠢ ᠯᠤᠪᠰᠠᠩ 
         ᠠᠶ᠎ᠠ᠄ ᠪᠤᠶᠠᠨᠭᠡᠰᠢᠭ 
         ᠪᠢᠴᠢᠬᠠᠨ ᠳᠠᠭᠤᠴᠢᠨ᠄ ᠰᠠᠨᠢᠴᠠᠷ᠂ ᠵᠡᠭᠡᠭᠡᠭᠰᠡᠨ 

ᠤᠷᠢᠬᠠᠨ ᠬᠠᠪᠤᠷ ᠢᠷᠡᠨ ᠢᠷᠡᠯ᠎ᠡ 
ᠤᠷᠭᠤᠮᠠᠯ ᠠᠮᠢᠲᠠᠨ ᠰᠠᠷᠠᠨ  ᠰᠡᠷᠡᠯ᠎ᠡ 
ᠤᠷᠤᠰᠬᠠᠯ ᠭᠣᠣᠯ ᠰᠢᠪᠡᠨᠡᠨ ᠰᠢᠪᠡᠨᠡᠯ᠎ᠡ 
ᠤᠶᠠᠬᠠᠨ ᠪᠠᠢᠭᠠᠯᠢ ᠵᠢᠷᠭᠢᠨ ᠵᠢᠷᠭᠢᠯ᠎ᠡ 
ᠠᠭᠠᠭᠢᠮ᠎ᠠ ᠵᠤᠨ ᠪᠣᠯᠤᠨ ᠪᠣᠯᠤᠯ᠎ᠠ 
ᠠᠭᠠᠳᠠᠷ ᠪᠣᠷᠣᠭᠠᠨ ᠣᠷᠣᠨ ᠣᠷᠣᠯ᠎ᠠ 
ᠠᠯᠠᠭ ᠴᠡᠴᠡᠭ ᠮᠢᠷᠠᠯᠵᠠᠨ ᠮᠢᠷᠠᠯᠵᠠᠯ᠎ᠠ 
ᠠᠳᠤᠭᠤᠨ ᠲᠣᠬᠣᠢ ᠴᠡᠯᠭᠡᠷᠡᠨ ᠴᠡᠯᠭᠡᠷᠡᠯ᠎ᠡ 
ᠬᠠᠪᠤᠷ ᠪᠣᠯᠤᠯ᠎ᠠ ᠵᠤᠨ ᠪᠣᠯᠤᠯ᠎ᠠ ᠨᠠᠮᠤᠷ ᠪᠣᠯᠤᠯ᠎ᠠ ᠡᠪᠦᠯ ᠪᠣᠯᠤᠯ᠎ᠠ 
ᠡᠷᠭᠢᠬᠦ ᠳᠥᠷᠪᠡᠨ ᠤᠯᠠᠷᠢᠯ ᠡᠷᠭᠢᠨ ᠡᠷᠭᠢᠨ ᠤᠯᠠᠷᠢᠭᠰᠠᠭᠠᠷ
ᠮᠢᠨᠦ ᠨᠤᠲᠤᠭ ᠤ᠋ᠨ ᠦᠵᠡᠮᠵᠢ ᠪᠦᠬᠦᠨ ᠤᠯᠠᠷᠢᠨ ᠤᠯᠠᠷᠢᠨ ᠬᠤᠪᠢᠷᠠᠭᠰᠠᠭᠠᠷ
ᠭᠠᠢᠬᠠᠮᠰᠢᠭᠲᠤ ᠭᠣᠶᠣᠬᠠᠨ ᠥᠩᠭᠡ ᠪᠣᠳᠣᠭ ᠠᠪᠴᠢᠷᠠᠭᠰᠠᠨ
ᠮᠢᠨᠦ ᠨᠤᠲᠤᠭ ᠤ᠋ᠨ ᠬᠠᠪᠤᠷ ᠮᠢᠨᠦ ᠨᠤᠲᠤᠭ ᠤ᠋ᠨ ᠵᠤᠨ
ᠮᠠᠨ ᠤ᠋ ᠨᠤᠲᠤᠭ ᠤ᠋ᠨ ᠨᠠᠮᠤᠷ ᠡᠪᠦᠯ ᠡᠷᠭᠢᠨ ᠡᠷᠭᠢᠨ ᠡᠷᠭᠢᠭᠰᠡᠭᠡᠷ
ᠥᠨᠢ ᠮᠥᠩᠬᠡ ᠶ᠋ᠢᠨ ᠢᠪᠡᠭᠡᠯ ᠳᠠᠢ ᠦᠢ ᠲᠦᠮᠡᠨ ᠪᠢᠳᠡᠨ ᠦ᠌
ᠡᠭᠦᠷᠢᠳᠡ ᠶ᠋ᠢᠨ ᠪᠠᠬᠠᠷᠬᠠᠯ ᠪᠣᠯᠤᠭᠰᠠᠨ ᠣᠷᠴᠢᠬᠤ ᠳᠥᠷᠪᠡᠨ ᠤᠯᠠᠷᠢᠯ

ᠲᠠᠷᠭᠤᠨ ᠨᠠᠮᠤᠷ ᠮᠦᠰᠢᠶᠡᠨ ᠮᠦᠰᠢᠶᠡᠯ᠎ᠡ
ᠲᠠᠯ᠎ᠠ ᠬᠥᠳᠡᠭᠡ ᠬᠠᠩᠬᠤᠨ ᠬᠠᠩᠬᠤᠯ᠎ᠠ
ᠲᠠᠨᠠᠨ ᠰᠦᠷᠦᠭ ᠪᠥᠮᠪᠥᠢᠨ ᠪᠥᠮᠪᠥᠢᠯ᠎ᠠ
ᠲᠠᠩᠰᠤᠭ ᠠᠮᠢᠳᠤᠷᠠᠯ ᠪᠢᠯᠬᠠᠨ ᠪᠢᠯᠬᠠᠷᠠᠯ᠎ᠠ
ᠮᠥᠩᠭᠥᠨ ᠡᠪᠦᠯ ᠰᠠᠭᠠᠲᠠᠨ ᠰᠠᠭᠠᠲᠠᠯ᠎ᠠ
ᠮᠥᠰᠥᠨ ᠳᠡᠭᠡᠷ᠎ᠡ ᠳᠡᠰᠢᠨ ᠳᠡᠰᠢᠯ᠎ᠠ
ᠮᠥᠨᠴᠥ ᠲᠠᠭᠠᠲᠠᠢ ᠨᠠᠭᠠᠳᠤᠨ ᠨᠠᠭᠠᠳᠤᠯ᠎ᠠ
ᠮᠥᠩᠬᠡ ᠳᠤᠷᠠᠳᠬᠠᠯ ᠦᠯᠡᠳᠡᠭᠡᠨ ᠦᠯᠡᠳᠡᠭᠡᠯ᠎ᠡ
ᠮᠥᠩᠬᠡ ᠳᠤᠷᠠᠳᠬᠠᠯ ᠦᠯᠡᠳᠡᠭᠡᠨ ᠦᠯᠡᠳᠡᠭᠡᠯ᠎ᠡ
ᠬᠠᠪᠤᠷ ᠪᠣᠯᠤᠯ᠎ᠠ ᠵᠤᠨ ᠪᠣᠯᠤᠯ᠎ᠠ ᠨᠠᠮᠤᠷ ᠪᠣᠯᠤᠯ᠎ᠠ ᠡᠪᠦᠯ ᠪᠣᠯᠤᠯ᠎ᠠ
ᠡᠷᠭᠢᠬᠦ ᠳᠥᠷᠪᠡᠨ ᠤᠯᠠᠷᠢᠯ ᠡᠷᠭᠢᠨ ᠡᠷᠭᠢᠨ ᠤᠯᠠᠷᠢᠭᠰᠠᠭᠠᠷ
ᠮᠢᠨᠦ ᠨᠤᠲᠤᠭ ᠤ᠋ᠨ ᠦᠵᠡᠮᠵᠢ ᠪᠦᠬᠦᠨ ᠤᠯᠠᠷᠢᠨ ᠤᠯᠠᠷᠢᠨ ᠬᠤᠪᠢᠷᠠᠭᠰᠠᠭᠠᠷ
ᠭᠠᠢᠬᠠᠮᠰᠢᠭᠲᠤ ᠭᠣᠶᠣᠬᠠᠨ ᠥᠩᠭᠡ ᠪᠤᠳᠤᠭ ᠠᠪᠴᠢᠷᠠᠭᠰᠠᠨ
ᠮᠢᠨᠦ ᠨᠤᠲᠤᠭ ᠤ᠋ᠨ ᠬᠠᠪᠤᠷ ᠮᠢᠨᠦ ᠨᠤᠲᠤᠭ ᠤ᠋ᠨ ᠵᠤᠨ
ᠮᠠᠨ ᠤ᠋ ᠨᠤᠲᠤᠭ ᠤ᠋ᠨ ᠨᠠᠮᠤᠷ ᠡᠪᠦᠯ ᠡᠷᠭᠢᠨ ᠡᠷᠭᠢᠨ ᠡᠷᠭᠢᠭᠰᠡᠭᠡᠷ
ᠥᠨᠢ ᠮᠥᠩᠬᠡ ᠶ᠋ᠢᠨ ᠢᠪᠡᠭᠡᠯ ᠲᠡᠢ ᠦᠢ ᠲᠦᠮᠡᠨ ᠪᠢᠳᠡᠨ ᠦ᠌
ᠡᠭᠦᠷᠢᠳᠡ ᠶ᠋ᠢᠨ ᠪᠠᠬᠠᠷᠬᠠᠯ ᠪᠣᠯᠤᠭᠰᠠᠨ ᠣᠷᠴᠢᠬᠤ ᠳᠥᠷᠪᠡᠨ ᠤᠯᠠᠷᠢᠯ ᠧᠦ ᠶᠧ

      ᠦᠰᠦᠭ ᠠᠮᠢᠯᠠᠭᠤᠯᠤᠭᠴᠢ᠄ ᠲᠤᠭᠴᠢ ᠯᠣᠪᠰᠠᠩ
      ᠦᠰᠦᠭ ᠬᠠᠳᠠᠭᠴᠢ᠄ ᠪᠠᠢ ᠰᠠᠷᠠᠨ᠎ᠠ
      ᠬᠢᠨᠠᠭᠴᠢ ᠪᠠᠭᠰᠢ᠄ ᠲᠤᠭᠴᠢ ᠯᠣᠪᠰᠠᠩ