ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠳᠥᠷᠪᠡ〕 Цаг төрийн үймээн – Д ᠂ Намдаг - Цаг төрийн үймээн ᠂ гуравдугаар бүлэг -4
ᠤᠤᠯ ᠨᠤᠲᠤᠭ ᠲᠠᠭᠠᠨ ᠢᠷᠡᠭᠰᠡᠨ ᠬᠥᠮᠥᠨ
ᠪᠣᠭᠳᠠ ᠶ᠋ᠢᠨ ᠬᠦᠷᠢᠶᠡᠨ᠎ᠡ ᠪᠠᠷᠤᠨ ᠤᠩᠺᠸᠷᠡᠨ ᠣᠷᠣᠰ ᠮᠣᠩᠭᠣᠯ ᠴᠡᠷᠢᠭ ᠲᠦ᠍ ᠰᠡᠯᠡᠮ ᠴᠣᠬᠢᠭᠤᠯᠤᠭᠰᠠᠨ ᠭᠠᠮᠢᠩ ᠤ᠋ᠨ ᠦᠯᠡᠳᠡᠭᠳᠡᠯ ᠦ᠋ᠳ ᠲᠦ᠍ ᠣᠷᠣᠬᠤ ᠣᠷᠣᠨ ᠣᠭᠣᠴᠢᠬᠤ ᠠᠶᠠᠭ᠎ᠠ ᠨᠢ ᠵᠥᠪᠬᠡᠨ ᠬᠣᠢᠲᠤ ᠵᠦᠭ ᠦ᠋ᠨ ᠬᠢᠶᠠᠭᠲᠤ ᠬᠣᠲᠠ ᠪᠣᠯᠵᠤ᠂ ᠲᠡᠷᠡ ᠵᠦᠭ ᠤᠬᠠᠭᠠᠨ ᠵᠢᠯᠣᠭᠣ ᠦᠭᠡᠢ ᠵᠢᠭᠤᠲᠠᠵᠠᠢ᠃ ᠲᠡᠳᠡᠨ ᠦ᠌ ᠠᠭᠤᠷ ᠬᠢᠯᠢᠩ ᠮᠠᠰᠢ ᠶᠡᠬᠡ᠂ ᠲᠤᠯᠤᠯᠳᠤᠪᠠᠯ ᠵᠣᠬᠢᠬᠤ ᠳᠠᠢᠰᠤᠨ ᠳ᠋ᠠᠭᠠᠨ ᠭᠠᠷᠭᠠᠭ᠎ᠠ ᠦᠭᠡᠢ ᠶᠡᠬᠡ ᠪᠡᠶ᠎ᠡ ᠪᠡᠨ ᠣᠷᠣᠨ ᠨᠤᠲᠤᠭ ᠤ᠋ᠨ ᠭᠠᠷ ᠬᠣᠭᠣᠰᠣᠨ ᠭᠡᠮ ᠵᠠᠮ ᠦᠭᠡᠢ ᠣᠯᠠᠨ ᠳ᠋ᠤ᠌ ᠭᠠᠷᠭᠠᠬᠤ ᠨᠢ ᠬᠡᠮᠵᠢᠶ᠎ᠡ ᠦᠭᠡᠢ᠃ ᠤᠨᠤᠭ᠎ᠠ ᠮᠣᠷᠢᠳ᠂ ᠲᠡᠷᠭᠡ᠂ ᠱᠠᠷ ᠬᠥᠲᠥᠯᠳᠡᠭ ᠪᠦᠬᠦᠨ ᠢ᠋ ᠪᠤᠯᠢᠶᠠᠬᠤ ᠠ᠋ᠴᠠ ᠡᠬᠢᠯᠡᠨ ᠠᠮᠢ ᠪᠡᠶ᠎ᠡ ᠶ᠋ᠢ ᠨᠢ ᠪᠤᠰᠠᠨᠢᠭᠤᠯᠬᠤ᠂ ᠣᠷᠣᠨ ᠭᠡᠷ ᠢ᠋ ᠳᠡᠭᠡᠷᠡᠮᠳᠡᠨ ᠲᠦᠢᠮᠡᠷᠳᠡᠬᠦ᠂ ᠲᠡᠷᠡ ᠮᠥᠷᠲᠡᠭᠡᠨ ᠡᠮᠡᠰ ᠥᠬᠢᠳ ᠢ᠋ ᠪᠤᠵᠠᠷᠯᠠᠨ ᠬᠦᠴᠦᠷᠬᠡᠭᠯᠡᠨᠡ᠃ ᠬᠠᠷᠢᠭᠤ ᠳ᠋ᠤᠨᠢ ᠤᠭ ᠠ᠋ᠴᠠ ᠥᠰᠢᠶ᠎ᠡ ᠬᠣᠷᠣᠰᠤᠯ ᠬᠠᠳᠠᠭᠠᠯᠠᠵᠤ ᠪᠠᠢᠭᠰᠠᠨ ᠮᠣᠩᠭᠣᠯᠴᠤᠳ ᠤ᠋ᠨ ᠠᠭᠤᠷ ᠣᠮᠣᠭ ᠰᠢᠲᠠᠵᠤ ᠭᠠᠷᠤᠯ᠎ᠠ᠃
《ᠠᠯᠠᠯᠴᠠᠶᠠ᠂ ᠦᠵᠡᠯᠴᠡᠶ᠎ᠡ!》 ᠭᠡᠳᠡᠭ ᠶᠠᠷᠢᠶ᠎ᠠ ᠪᠣᠯ ᠨᠢᠭᠡ ᠬᠣᠶᠠᠷ ᠬᠥᠮᠦᠨ ᠦ᠌ ᠶᠠᠷᠢᠶ᠎ᠠ ᠪᠢᠰᠢ ᠢᠳᠡᠷ ᠴᠡᠷᠢᠭ ᠡᠷ᠎ᠡ ᠪᠦᠬᠦᠨ ᠦ᠌ ᠠᠮᠠᠨ ᠠ᠋ᠴᠠ ᠭᠠᠷᠤᠨ᠎ᠠ᠃ ᠤᠷᠢᠳ ᠡᠮᠦᠨ᠎ᠡ ᠠᠯᠠᠬᠤ ᠭᠡᠳᠡᠭ ᠦᠭᠡ ᠮᠠᠰᠢ ᠴᠡᠭᠡᠷᠲᠡᠢ᠂ ᠠᠯᠠᠬᠤ ᠭᠡᠬᠦ ᠶ᠋ᠢᠨ ᠣᠷᠣᠨ ᠳ᠋ᠤ᠌ ᠬᠣᠷᠣᠭᠠᠬᠤ᠂ ᠰᠥᠨᠥᠭᠡᠬᠦ᠂ ᠴᠠᠭᠠᠰᠢ ᠬᠠᠷᠠᠭᠤᠯᠬᠤ᠂ ᠲᠣᠨᠢᠯᠭᠠᠬᠤ ᠭᠡᠬᠦᠴᠢᠯᠡᠯ ᠦ᠋ᠨ ᠮᠠᠰᠢ ᠣᠯᠠᠨ ᠦᠭᠡ ᠪᠠᠢᠳᠠᠭ ᠰᠠᠨ ᠪᠣᠯ ᠲᠡᠷᠡ ᠨᠢ ᠣᠳᠣ ᠪᠦᠷ ᠦᠭᠡᠢ ᠪᠣᠯᠵᠠᠢ᠃ ᠮᠥᠨ ᠤᠷᠢᠳᠤ ᠬᠥᠮᠦᠨ ᠬᠥᠮᠦᠨ ᠦ᠌ ᠪᠡᠨ ᠠᠮᠢᠨ ᠳ᠋ᠤ᠌ ᠬᠦᠷᠬᠦ ᠰᠢᠭ ᠶᠡᠬᠡ ᠨᠢᠭᠦᠯ ᠮᠠᠭᠤᠬᠠᠢ ᠶᠠᠭᠤᠮ᠎ᠠ ᠪᠠᠢᠳᠠᠭ ᠦᠭᠡᠢ ᠭᠡᠵᠦ ᠪᠣᠳᠣᠳᠠᠭ ᠪᠠᠢᠭᠰᠠᠨ ᠴᠦ᠍ ᠦᠭᠡᠢ ᠪᠣᠯᠵᠠᠢ᠃ ᠬᠠᠷᠢᠨ ᠭᠠᠮᠢᠩ ᠢ᠋ ᠠᠯᠠᠪᠠᠯ ᠶᠡᠬᠡ ᠪᠤᠶᠠᠨ ᠭᠡᠵᠦ ᠪᠣᠳᠣᠬᠤ ᠪᠣᠯᠵᠠᠢ᠃ ᠡᠢᠨᠬᠦ ᠠᠭᠤᠷ ᠣᠮᠣᠭ ᠬᠡᠳᠦ ᠰᠢᠲᠠᠭᠰᠠᠨ ᠳ᠋ᠠᠭᠠᠨ ᠪᠠᠷᠢᠭᠰᠠᠨ ᠲᠠᠰᠢᠭᠤᠷ ᠪᠦᠳᠦᠭᠦᠨ ᠡᠴᠡ ᠪᠦᠳᠦᠭᠦᠨ᠂ ᠡᠩᠭᠡᠷ ᠵᠠᠭᠠᠮ᠎ᠠ ᠵᠠᠳᠠᠭᠠᠢ᠂ ᠤᠨᠤᠭ᠎ᠠ ᠮᠣᠷᠢᠳ ᠢ᠋ ᠬᠠᠢᠷᠠᠯᠠᠬᠤ ᠪᠠᠨ ᠪᠣᠯᠢᠭᠠᠳ ᠳᠡᠭᠡᠷ᠎ᠡ ᠨᠢ ᠭᠠᠷᠤᠩᠭᠤᠲᠠ ᠤᠬᠤᠰᠬᠢᠭᠠᠳ᠂ ᠠᠭᠤᠷ ᠴᠠᠩ ᠲᠠᠲᠠᠭᠤᠯᠤᠨ ᠳᠠᠪᠬᠢᠵᠤ᠂ ᠭᠥᠯᠢᠭᠡᠷ ᠮᠥᠰᠥᠨ ᠳᠡᠭᠡᠭᠦᠷ ᠪᠣᠯᠪᠠᠴᠤ ᠲᠡᠷᠡ ᠴᠢᠭ ᠢ᠋ᠶ᠋ᠡᠷ ᠨᠢ ᠲᠠᠴᠢᠭᠢᠨᠠᠭᠤᠯᠤᠨᠠ᠃ ᠬᠠ ᠶᠠ ᠦᠭᠡᠢ ᠡᠢᠮᠦ ᠪᠣᠯᠤᠭᠰᠠᠨ ᠤᠴᠢᠷ ᠲᠤᠭᠤᠯᠬᠤ ᠦᠭᠡᠢ᠂ ᠮᠡᠳᠡᠬᠦ ᠦᠭᠡᠢ ᠶᠠᠭᠤᠮ᠎ᠠ ᠴᠦ᠍ ᠦᠭᠡᠢ ᠪᠣᠯᠵᠠᠢ᠃
ᠬᠠᠮᠢᠭ᠎ᠠ ᠨᠢᠭᠡᠲᠡᠢ ᠪᠣᠯᠤᠭᠰᠠᠨ ᠶᠠᠪᠤᠳᠠᠯ ᠡᠳᠦᠷ ᠲᠡᠭᠡᠨ ᠬᠡᠳᠦᠨ ᠥᠷᠲᠡᠭᠡ ᠳᠠᠮᠵᠢᠨ ᠴᠤᠤᠷᠢᠶᠠᠳᠠᠵᠤ ᠠᠮᠢ ᠬᠤᠪᠢ ᠪᠠᠨ ᠪᠣᠳᠣᠭᠰᠠᠨ ᠳᠣᠷᠣᠢ ᠪᠠᠭᠤᠷᠠᠢ ᠡᠷ᠎ᠡ ᠶ᠋ᠢ ᠪᠣᠯᠪᠠᠴᠤ ᠪᠣᠰᠤᠨ ᠬᠠᠷᠠᠢᠬᠤ ᠳ᠋ᠤ᠌ ᠬᠦᠷᠭᠡᠨ᠎ᠡ᠃
ᠡᠯᠳᠡᠪ ᠱᠤᠤᠭᠢᠶᠠᠨ ᠲᠠᠰᠤᠷᠠᠯᠲᠠ ᠦᠭᠡᠢ ᠦᠷᠭᠦᠯᠵᠢᠯᠡᠬᠦ ᠶ᠋ᠢᠨ ᠳᠤᠮᠳᠠ ᠮᠠᠨᠳᠤᠯ ᠭᠡᠳᠡᠭ ᠭᠠᠵᠠᠷ ᠤ᠋ᠨ ᠣᠷᠣᠰ ᠠᠢᠯ ᠤ᠋ᠳ ᠢ᠋ ᠭᠠᠮᠢᠩ ᠳᠠᠯᠠᠨ ᠳᠡᠭᠡᠷᠡᠮᠳᠡᠵᠦ ᠣᠷᠣᠨ ᠪᠠᠢᠰᠢᠩ ᠢ᠋ ᠨᠢ ᠰᠢᠲᠠᠭᠠᠵᠤ ᠭᠡᠨ᠎ᠡ! ᠺᠷᠡᠡᠺᠣᠸ ᠤ᠋ᠨ ᠳ᠋ᠤ᠌ ᠣᠷᠣᠰ ᠡᠬᠡᠨᠡᠷ ᠢ᠋ ᠮᠣᠳᠣ ᠰᠢᠭᠠᠨ ᠠᠯᠠᠵᠤ᠂ ᠪᠣᠱᠣᠭᠠᠨ ᠳᠡᠭᠡᠷ᠎ᠡ ᠨᠢ ᠲᠡᠩᠨᠡᠭᠦᠯᠦᠨ ᠬᠠᠶᠠᠭᠰᠠᠨ ᠪᠠᠢᠨ᠎ᠠ᠃ ᠬᠡᠦᠬᠡᠳ ᠪᠠᠭᠠᠴᠤᠳ ᠢ᠋ ᠨᠢ ᠪᠣᠯᠪᠠᠴᠤ ᠠᠯᠠᠭᠠᠳ ᠯᠠ ᠪᠠᠢᠨ᠎ᠠ ᠭᠡᠨ᠎ᠡ ᠭᠡᠳᠡᠭ ᠶᠠᠷᠢᠶ᠎ᠠ ᠯᠠ ᠭᠠᠵᠠᠷ ᠰᠠᠢ ᠦᠭᠡᠢ ᠰᠣᠨᠣᠰᠳᠠᠨ᠎ᠠ᠃
— ᠵᠠ ᠪᠠᠢᠵᠠ! ᠡᠨᠡ ᠮᠠᠭᠤᠰᠠᠢᠨ ᠭᠠᠮᠢᠩ ᠤ᠋ᠳ ᠶᠠᠭᠠᠬᠢᠭᠠᠳ ᠲᠡᠭᠡᠬᠦ ᠪᠣᠯᠪᠠ ᠠ᠋? ᠭᠡᠳᠡᠭ ᠠᠰᠠᠭᠤᠯᠲᠠ ᠨᠢᠭᠡ ᠬᠥᠮᠦᠨ ᠦ᠌ ᠠᠮᠠᠨ ᠠ᠋ᠴᠠ ᠭᠠᠷᠬᠤ ᠳ᠋ᠤ᠌ ᠲᠡᠨᠳᠡ ᠡᠴᠡ ᠨᠥᠭᠦᠭᠡ ᠨᠢᠭᠡ ᠨᠢ᠄
— ᠦᠭᠡᠢ᠂ ᠦᠭᠡᠢ ᠬᠠᠷᠢᠨ ᠴᠢᠨᠢ ᠤᠯᠠᠭᠠᠨ ᠣᠷᠣᠰ ᠤ᠋ᠳ ᠭᠡᠭᠴᠢ ᠳ᠋ᠦ᠍ ᠥᠰᠢᠨ ᠶᠠᠳᠠᠳᠠᠭ ᠶᠤᠮ ᠭᠡᠨ᠎ᠡ ᠪᠢᠯᠡ ᠭᠡᠨ᠎ᠡ᠃ ᠭᠡᠲᠡᠯ᠎ᠡ ᠭᠤᠷᠪᠠᠳᠠᠬᠢ ᠨᠢ᠄
— ᠦᠭᠡᠢ᠂ ᠦᠭᠡᠢ ᠬᠠᠷᠢᠨ ᠴᠠᠭᠠᠨ ᠣᠷᠣᠰ ᠤ᠋ᠳ ᠭᠡᠳᠡᠭ ᠢ᠋ ᠨᠢ ᠥᠰᠳᠡᠭ ᠶᠦᠮ ᠭᠡᠨ᠎ᠡ ᠪᠢᠯᠡ ᠭᠡᠨ᠎ᠡ᠃ ᠭᠡᠲᠡᠯ᠎ᠡ ᠨᠢᠭᠡ ᠨᠢ᠄ ᠦᠭᠡᠢ ᠪᠠᠢᠵᠠ! ᠤᠯᠠᠭᠠᠨ ᠣᠷᠣᠰ ᠭᠡᠳᠡᠭ ᠴᠢᠨᠢ ᠬᠠᠮᠢᠭᠠᠬᠢ ᠶ᠋ᠢᠨ ᠶᠠᠮᠠᠷ ᠣᠷᠣᠰ ᠪᠣᠢ? ᠭᠡᠳᠡᠭ ᠲᠦ᠍ ᠠᠰᠠᠭᠤᠯᠲᠠ ᠭᠠᠷᠭᠠᠵᠤ ᠢᠷᠡᠬᠦ ᠳ᠋ᠦ᠍᠄ ᠬᠠᠢ ᠬᠡᠨ ᠮᠡᠳᠡᠯ᠎ᠡ᠂ ᠡᠴᠢᠭᠡ ᠶ᠋ᠢ ᠪᠡᠨ᠂ ᠶᠡᠬᠡ ᠬᠦᠴᠦᠷᠬᠡᠭ ᠶᠦᠮ ᠭᠡᠨ᠎ᠡ ᠪᠢᠯᠡ ᠭᠡᠵᠦ ᠬᠠᠷᠢᠭᠤᠯᠤᠨ᠎ᠠ᠃
— ᠵᠠ ᠲᠡᠭᠡᠪᠡᠯ ᠴᠠᠭᠠᠨ ᠣᠷᠣᠰ ᠣᠷᠣᠰ ᠭᠡᠳᠡᠭ ᠨᠢ ᠶᠠᠭᠤ ᠪᠣᠢ? ᠲᠡᠷᠡ ᠴᠦ᠍ ᠶᠠᠭᠠᠬᠢᠬᠤ ᠪᠣᠢ ᠳᠠ᠂ ᠨᠥᠭᠦᠭᠡ ᠲᠡᠷᠡ ᠵᠢᠯ ᠦ᠋ᠨ ᠥᠷᠲᠡᠭᠡ ᠵᠠᠮ ᠢ᠋ᠶ᠋ᠠᠷ ᠺᠣᠨᠰᠣᠯ ᠨᠣᠶᠠᠨ ᠤ᠋ ᠴᠡᠷᠢᠭ ᠭᠡᠵᠦ ᠥᠷᠮᠥᠭ ᠳᠠᠩᠰᠠᠨ ᠳᠡᠪᠡᠯ ᠲᠡᠢ ᠪᠠᠬᠠᠨ ᠠᠮᠢᠲᠠᠳ ᠶᠠᠪᠤᠭᠰᠠᠨ ᠮᠠᠨᠢ ᠣᠳᠣ ᠴᠠᠭᠠᠨ ᠣᠷᠣᠰ ᠰᠢᠦ ᠳᠡ᠃
— ᠮᠡᠳᠡᠯ᠎ᠡ᠂ ᠮᠡᠳᠡᠯ᠎ᠡ᠃ ᠢᠩᠭᠢᠬᠦᠯᠡᠷ ᠣᠳᠣ ᠶ᠋ᠢᠨ ᠡᠨᠡ ᠪᠣᠭᠳᠠ ᠶ᠋ᠢᠨ ᠬᠦᠷᠢᠶᠡᠨ᠎ᠡ ᠣᠷᠣᠵᠤ ᠢᠷᠡᠭᠡᠳ ᠪᠠᠢᠭ᠎ᠠ ᠨᠢ ᠴᠣᠬᠣᠮ ᠠᠯᠢ ᠨᠢ ᠪᠠᠢᠨ᠎ᠠ ᠳᠠ᠃
— ᠤᠯᠠᠭᠠᠨ ᠨᠢ ᠪᠠᠢᠨ᠎ᠠ ᠭᠡᠵᠦ ᠨᠢᠭᠡ ᠨᠢ ᠳᠠᠭᠠᠪᠤᠷᠢᠯᠠᠨᠠ᠃
《ᠴᠠᠭᠠᠨ ᠨᠢ ᠭᠡᠨ᠎ᠡ ᠪᠢᠯᠡ》 ᠭᠡᠵᠦ ᠨᠥᠭᠦᠭᠡ ᠨᠢ ᠴᠡᠴᠡᠷᠬᠡᠨᠡ᠃ ᠴᠣᠬᠣᠮ ᠠᠯᠢ ᠨᠢ ᠪᠣᠯᠬᠤ ᠶ᠋ᠢ ᠮᠠᠭᠠᠳᠯᠠᠵᠤ ᠡᠰᠡ ᠴᠢᠳᠠᠬᠤ ᠳ᠋ᠠᠭᠠᠨ《ᠵᠠ ᠠᠯᠢ ᠨᠢ ᠴᠦ᠍ ᠪᠠᠢᠭᠰᠠᠨ ᠶᠠᠭᠠᠬᠢᠬᠤᠪ》᠃ ᠨᠢᠭᠡ ᠳ᠋ᠦ᠍ ᠬᠦᠷᠢᠶᠡᠨ ᠡᠴᠡ ᠭᠠᠢᠮᠢᠩ ᠢ᠋ ᠬᠥᠭᠡᠭᠡᠪᠡ᠃ ᠬᠣᠶᠠᠷ ᠲᠤ ᠳᠡᠭᠡᠷ᠎ᠡ ᠨᠢ ᠶᠠᠪᠤᠭ᠎ᠠ ᠪᠠᠷᠣᠨ ᠵᠠᠩᠵᠤᠨ ᠲᠠᠪᠤᠳᠤᠭᠠᠷ ᠪᠣᠭᠳᠠ ᠶ᠋ᠢᠨ ᠬᠤᠪᠢᠯᠭᠠᠨ ᠭᠡᠨ᠎ᠡ ᠪᠢᠯᠡ᠃ ᠢᠩᠭᠢᠬᠦᠯᠡᠷ ᠮᠠᠨ ᠢ᠋ ᠠᠪᠤᠷᠠᠭᠴᠢ ᠪᠣᠯᠬᠤ ᠨᠢ ᠭᠠᠷᠴᠠᠭ᠎ᠠ ᠦᠭᠡᠢ ᠭᠡᠳ ᠲᠦᠷᠦᠭᠦᠴᠢ ᠶ᠋ᠢᠨ ᠢ᠋ᠶ᠋ᠡᠨ ᠣᠷᠣᠰ ᠡᠬᠡᠨᠡᠷ᠂ ᠬᠡᠦᠬᠡᠳ ᠪᠠᠭᠠᠴᠤᠳ ᠤ᠋ᠨ ᠲᠤᠬᠠᠢ ᠶᠠᠷᠢᠶᠠᠨ ᠳ᠋ᠤ᠌ ᠳᠠᠬᠢᠨ ᠣᠷᠣᠵᠤ ᠪᠠᠬᠠᠨ ᠱᠠᠭᠰᠢᠯᠳᠤᠭᠠᠳ᠄《ᠦᠭᠡᠢ ᠲᠠ ᠮᠢᠨᠢ ᠠᠯᠠᠶ᠎ᠠ᠂ ᠬᠢᠳᠤᠶᠠ᠂ ᠲᠡᠷᠡ ᠮᠠᠭᠤᠰᠠᠢᠨ ᠭᠠᠮᠢᠩ ᠤ᠋ᠳ ᠢ᠋ ᠴᠢᠨᠢ》 ᠭᠡᠵᠦ ᠪᠡᠶ᠎ᠡ ᠪᠡᠶ᠎ᠡ ᠪᠡᠨ ᠤᠷᠢᠶᠠᠯᠠᠨ ᠳᠠᠭᠤᠳᠠᠵᠤ ᠲᠠᠯᠪᠢᠬᠤ ᠳ᠋ᠤ᠌ ᠤᠷᠪᠠᠭᠰᠠᠨ ᠴᠤᠪᠤᠷᠠᠭᠰᠠᠨ ᠭᠠᠮᠢᠩ ᠤ᠋ᠳ ᠢ᠋ ᠨᠢ ᠠᠩ ᠬᠦᠷᠦᠭᠡ ᠮᠡᠲᠦ ᠠᠪᠣᠯᠴᠠᠭᠠᠨᠠ᠃
ᠶᠠᠭ ᠡᠢᠮᠦ ᠦᠶ᠎ᠡ ᠪᠡᠷ ᠳᠣᠷᠣᠢ᠂ ᠭᠠᠮᠢᠩ ᠤ᠋ᠳ ᠤ᠋ᠨ ᠵᠢᠭᠤᠲᠠᠭᠰᠠᠨ ᠵᠠᠮ ᠢ᠋ᠶ᠋ᠠᠷ ᠶᠠᠪᠤᠵᠤ ᠪᠢᠯᠡ᠃ ᠪᠣᠭᠳᠠ ᠶ᠋ᠢᠨ ᠬᠦᠷᠢᠶᠡᠨ ᠡᠴᠡ ᠪᠠᠷᠠᠭᠤᠨ ᠬᠣᠢᠰᠢ ᠰᠢᠵᠢᠷ ᠦ᠋ᠨ ᠳᠠᠪᠠᠭ᠎ᠠ ᠭᠡᠭᠴᠢ ᠶ᠋ᠢ ᠬᠦᠷᠬᠦ ᠬᠦᠷᠲᠡᠯ᠎ᠡ ᠭᠠᠮᠢᠩ ᠤ᠋ᠨ ᠬᠡᠭᠦᠷ ᠪᠠᠢᠨ ᠪᠠᠢᠨ ᠦᠵᠡᠭᠳᠡᠨ᠎ᠡ᠃ ᠳᠠᠪᠠᠭ᠎ᠠ ᠳᠠᠪᠠᠮᠠᠭᠴᠠ ᠭᠠᠵᠠᠷ ᠤ᠋ᠨ ᠬᠡᠪᠰᠢ ᠳ᠋ᠦ᠍ ᠣᠩᠬᠣᠯᠳᠠᠭᠰᠠᠨ᠂ ᠡᠪᠳᠡᠷᠡᠭᠰᠡᠨ᠂ ᠡᠪᠡᠰᠦ ᠠᠴᠢᠶ᠎ᠠ ᠲᠠᠢ ᠦᠬᠡᠷ ᠲᠡᠷᠭᠡ ᠳᠠᠭᠠᠷᠢᠯᠳᠤᠪᠠ᠃ ᠴᠠᠭᠠᠰᠢ ᠬᠦᠢ ᠮᠠᠨᠳᠤᠯ ᠭᠡᠳᠡᠭ ᠭᠠᠵᠠᠷ ᠬᠦᠷᠴᠦ ᠣᠷᠣᠰ ᠤ᠋ᠳ ᠤ᠋ᠨ ᠳᠡᠭᠡᠷᠡᠮᠳᠡᠭᠳᠡᠨ ᠰᠦᠢᠷᠡᠭᠰᠡᠨ ᠪᠠᠢᠰᠢᠩ ᠳ᠋ᠤ᠌ ᠬᠣᠨᠣᠭᠯᠠᠪᠠ᠃ ᠲᠡᠨᠳᠡ ᠡᠴᠡ ᠴᠠᠭᠠᠰᠢ ᠭᠤᠷᠪᠠᠨ ᠬᠣᠨᠣᠭ ᠦᠷᠭᠦᠯᠵᠢᠯᠡᠨ ᠶᠠᠪᠤᠬᠤ ᠳ᠋ᠠᠭᠠᠨ ᠳᠥᠷᠪᠡᠨ ᠵᠢᠭᠤᠳᠠᠭᠰᠠ ᠠᠢᠯ ᠤ᠋ᠳ ᠤ᠋ᠨ ᠡᠪᠦᠯᠵᠢᠶ᠎ᠡ ᠳᠡᠭᠡᠷ᠎ᠡ ᠬᠡᠷᠢᠶ᠎ᠡ ᠭᠤᠸᠠᠭᠯᠠᠨ ᠡᠷᠭᠢᠬᠦ ᠡᠴᠡ ᠥᠭᠡᠷ᠎ᠡ ᠶᠠᠭᠤᠮ᠎ᠠ ᠶᠡᠷᠦ ᠦᠵᠡᠭᠰᠡᠨ ᠦᠭᠡᠢ᠃ ᠲᠡᠷᠡ ᠠᠢᠯ ᠤ᠋ᠳ ᠤ᠋ᠨ ᠡᠪᠦᠯᠵᠢᠶᠡᠨ ᠳᠡᠭᠡᠷ᠎ᠡ ᠣᠴᠢᠪᠠᠯ ᠹᠸᠩᠵᠢᠨ ᠳ᠋ᠦ᠍ᠨᠢ ᠡᠪᠦᠯ ᠦ᠋ᠨ ᠢᠳᠡᠰᠢ ᠨᠥᠭᠡᠴᠡ ᠨᠢ ᠲᠡᠷᠡ ᠴᠢᠭ ᠢ᠋ᠶ᠋ᠡᠷ ᠢ᠋ᠶ᠋ᠡᠨ ᠪᠠᠢᠬᠤ ᠪᠤᠶᠤ ᠲᠤᠩ ᠦᠭᠡᠢ ᠳ᠋ᠡᠭᠡᠨ ᠬᠠ᠂ ᠭᠤᠶ᠎ᠠ᠂ ᠬᠥᠯ ᠮᠢᠬ᠎ᠠ ᠭᠡᠭᠡᠨ ᠬᠠᠶᠠᠭᠰᠠᠨ ᠪᠠᠢᠬᠤ ᠲᠤᠯᠠ ᠬᠣᠭᠣᠯᠠ ᠬᠦᠨᠡᠰᠦ ᠪᠡᠷ ᠶᠡᠷᠦ ᠲᠣᠭᠲᠠᠭᠰᠠᠨ ᠦᠭᠡᠢ᠃ ᠰᠡᠳᠬᠢᠯ ᠭᠡᠪᠡᠯ ᠮᠠᠰᠢ ᠲᠠᠢᠪᠤᠩ ᠬᠥᠮᠦᠨ ᠠᠮᠢᠲᠠᠨ ᠤᠯᠤᠰ ᠣᠷᠣᠨ᠂ ᠠᠮᠢ ᠪᠡᠶ᠎ᠡ ᠶ᠋ᠢᠨ ᠢ᠋ᠶ᠋ᠡᠨ ᠲᠥᠯᠥᠭᠡ ᠡᠯᠳᠡᠪ ᠢ᠋ ᠪᠣᠳᠣᠨ ᠦᠢᠮᠡᠨ ᠰᠠᠨᠳᠤᠷᠴᠤ ᠪᠠᠢᠬᠤ ᠳ᠋ᠤ᠌ ᠲᠡᠢᠮᠦ ᠶᠠᠭᠤᠮ᠎ᠠ ᠠᠯᠠᠭ᠎ᠠ᠃ ᠭᠠᠮᠢᠩ ᠳᠠᠭᠠᠷᠢᠯᠳᠤᠪᠠᠯ ᠶᠠᠭᠠᠬᠢᠬᠤ ᠪᠣᠢ? ᠠᠰᠢᠭᠦᠢ ᠲᠡᠷᠡ ᠭᠠᠢ ᠭᠠᠮᠰᠢᠭ ᠨᠢ ᠳᠠᠭᠠᠷᠢᠯᠳᠤᠭᠰᠠᠨ ᠦᠭᠡᠢ᠃ ᠣᠷᠣᠨ ᠭᠡᠷ ᠮᠢᠨᠢ ᠶᠠᠭᠤ ᠪᠣᠯᠤᠭᠰᠠᠨ ᠪᠠᠢᠭ᠎ᠠ ᠪᠣᠯ? ᠲᠡᠷᠡ ᠴᠦ᠍ ᠠᠯᠠᠭ᠎ᠠ᠃ ᠤᠭ ᠨᠢ ᠤᠨᠤᠭ᠎ᠠ ᠬᠥᠰᠬᠡ᠂ ᠬᠠᠨᠢ ᠨᠥᠬᠥᠳ ᠶᠠᠭᠤᠮ᠎ᠠ ᠪᠦᠬᠦᠨ ᠲᠡᠢ ᠭᠠᠷᠤᠭᠠᠳ ᠣᠳᠣ ᠭᠠᠪ ᠭᠠᠭᠴᠠᠭᠠᠷ ᠬᠤᠪᠠᠬᠠᠢ ᠮᠣᠳᠣ ᠪᠠᠷᠢᠨ ᠬᠠᠷᠢᠬᠤ ᠭᠡᠳᠡᠭ ᠶᠠᠮᠠᠷ ᠪᠣᠢ? ᠲᠡᠷᠡ ᠴᠦ᠍ ᠠᠯᠠᠭ᠎ᠠ᠃ ᠦᠶ᠎ᠡ ᠦᠶ᠎ᠡ《ᠪᠢ ᠮᠥᠨ ᠡᠯᠳᠡᠪ ᠢ᠋ ᠦᠵᠡᠨ᠂ ᠣᠯᠠᠨ ᠢ᠋ ᠲᠤᠭᠤᠯᠠᠪᠠ ᠪᠠᠢᠨ᠎ᠠ》 ᠭᠡᠵᠦ ᠪᠣᠳᠣᠨ《ᠡᠷ᠎ᠡ ᠪᠣᠷᠣ ᠬᠠᠷᠴᠠᠭᠠᠢ᠁ ᠢᠳᠡᠷ ᠵᠠᠯᠠᠭᠤ ᠨᠠᠰᠤᠨ ᠳ᠋ᠠᠭᠠᠨ ᠳᠠᠩᠴᠤ ᠠᠵᠢᠭ ᠦᠭᠡᠢ ᠶᠠᠪᠤᠯ᠎ᠠ》 ᠭᠡᠵᠦ ᠳᠠᠭᠤᠯᠠᠬᠤ ᠪᠣᠯᠪᠠᠴᠤ ᠬᠣᠢᠰᠢᠳᠠ ᠪᠠᠨ ᠶᠠᠭᠠᠬᠢᠬᠤ᠂ ᠬᠡᠷᠬᠢᠨ ᠠᠵᠤ ᠲᠥᠷᠥᠵᠦ ᠠᠮᠢᠳᠤᠷᠠᠬᠤ ᠲᠤᠬᠠᠢ ᠪᠣᠳᠣᠬᠤ ᠴᠦ᠍ ᠶᠠᠭᠤᠮ᠎ᠠ ᠠᠯᠠᠭ᠎ᠠ᠃
ᠥᠰᠦᠭᠰᠡᠨ ᠲᠥᠷᠥᠭᠰᠡᠨ ᠨᠤᠲᠤᠭ ᠲᠠᠭᠠᠨ ᠣᠷᠣᠵᠤ ᠢᠷᠡᠬᠦ ᠳ᠋ᠦ᠍ ᠰᠡᠳᠬᠢᠯ ᠥᠪᠡᠷ ᠦ᠋ᠨ ᠡᠷᠬᠡ ᠦᠭᠡᠢ ᠬᠠᠴᠢᠨ ᠪᠣᠯᠤᠯ᠎ᠠ᠃ ᠠᠭᠤᠯᠠ ᠨᠢᠷᠤᠭᠤ ᠨᠤᠭᠤᠳ ᠨᠢ ᠲᠦᠩᠬᠦᠢᠵᠦ᠂ ᠲᠠᠯ᠎ᠠ ᠬᠥᠨᠳᠡᠢ ᠨᠢ ᠴᠠᠯᠠᠢᠵᠤ᠂ ᠬᠠᠷ᠎ᠠ ᠪᠠᠭ᠎ᠠ ᠠ᠋ᠴᠠ ᠬᠠᠮᠢᠭ᠎ᠠ ᠨᠢ ᠬᠡᠨ ᠲᠡᠢ ᠬᠡᠷᠬᠢᠨ ᠲᠣᠭᠯᠠᠭᠰᠠᠨ᠂ ᠨᠠᠭᠠᠳᠤᠭᠰᠠᠨ᠂ ᠣᠷᠣᠯᠳᠣᠭᠰᠠᠨ᠂ ᠪᠠᠷᠢᠯᠳᠤᠭᠰᠠᠨ᠂ ᠵᠣᠳᠣᠯᠳᠤᠭᠰᠠᠨ ᠲᠡᠷᠡ ᠪᠦᠬᠦᠨ ᠴᠥᠮ ᠢ᠋ ᠰᠠᠨᠠᠭᠳᠠᠭᠤᠯᠤᠨ《ᠠ ᠣᠷᠣᠨ ᠨᠤᠲᠤᠭ ᠮᠢᠨᠢ》 ᠭᠡᠵᠦ ᠳᠠᠭᠤ ᠠᠯᠳᠠᠵᠠᠢ᠃ ᠡᠨᠡ ᠪᠦᠬᠦᠨ ᠦ᠌ ᠴᠠᠭᠠᠨ᠎ᠠ ᠡᠴᠢᠭᠡ ᠨᠢ ᠰᠠᠨᠠᠭᠠᠨ ᠳ᠋ᠤ᠌ ᠣᠷᠣᠪᠠ᠂ ᠡᠴᠢᠭᠡ ᠶ᠋ᠢᠨ《ᠡᠢᠮᠦ ᠠᠮᠢᠲᠠᠨ ᠢ᠋ ᠶᠠᠭᠠᠬᠢᠵᠤ ᠬᠥᠮᠦᠨ ᠪᠣᠯᠭᠠᠨ᠎ᠠ ᠪᠣᠢ?》 ᠭᠡᠵᠦ ᠠᠭᠤᠷᠯᠠᠨ ᠡᠷ᠎ᠡ ᠬᠠᠷ᠎ᠠ ᠰᠤᠷ ᠠᠪᠤᠨ ᠪᠣᠰᠤᠨ ᠬᠠᠷᠠᠢᠵᠤ ᠣᠯᠠᠨ ᠳᠠᠬᠢᠨ ᠣᠷᠢᠶᠠᠯᠭᠠᠬᠤ ᠳ᠋ᠤᠨᠢ ᠬᠣᠷᠣᠨ ᠳ᠋ᠠᠭᠠᠨ《ᠪᠠᠢᠶ᠎ᠠ》 ᠭᠡᠵᠦ ᠬᠡᠯᠡᠬᠦ ᠦᠭᠡᠢ ᠬᠢᠴᠢᠶᠡᠨ ᠰᠢᠳᠦ ᠵᠠᠭᠤᠨ ᠥᠩᠭᠡᠷᠡᠭᠦᠯᠦᠭᠡᠳ ᠳᠠᠷᠠᠭ᠎ᠠ ᠨᠢ ᠮᠣᠷᠢᠨ ᠳᠡᠭᠡᠷ᠎ᠡ ᠭᠠᠷᠪᠠᠯ ᠬᠥᠯ ᠢ᠋ ᠨᠢ ᠵᠣᠷᠢᠭᠤᠳᠠ ᠲᠤᠭᠤᠯᠤᠭᠤᠯᠬᠤ ᠪᠠᠷ ᠳᠠᠪᠬᠢᠬᠤ᠂ ᠬᠡᠦᠬᠡᠳ ᠪᠠᠭᠠᠴᠤᠳ ᠲᠠᠢ ᠵᠣᠷᠢᠭᠤᠳᠠ ᠵᠣᠳᠣᠯᠳᠤᠬᠤ᠂ ᠠᠢᠷᠠᠭ ᠤ᠋ᠨ ᠢ᠋ᠶ᠋ᠠᠨ ᠬᠦᠬᠦᠷ ᠢ᠋ ᠬᠢᠲᠤᠭ᠎ᠠ ᠪᠠᠷ ᠴᠣᠭᠣ ᠬᠠᠳᠬᠤᠵᠤ ᠠᠯᠢ ᠪᠣᠯᠬᠤ ᠦᠭᠡᠢ ᠪᠦᠲᠦᠬᠦ ᠦᠭᠡᠢ ᠶᠠᠭᠤᠮ᠎ᠠ ᠬᠢᠨ ᠳᠠᠬᠢᠨ ᠵᠣᠳᠣᠭᠤᠯᠵᠤ ᠶᠠᠪᠤᠭᠰᠠᠨ ᠲᠡᠷᠡ ᠪᠦᠬᠦᠨ ᠢ᠋ ᠰᠠᠨᠠᠬᠤ ᠶ᠋ᠢᠨ ᠣᠷᠣᠨ ᠳ᠋ᠤ᠌᠂ ᠡᠩᠬᠦᠷᠡᠢᠯᠡᠭᠰᠡᠨ᠂ ᠡᠷᠬᠡᠯᠡᠭᠦᠯᠦᠭᠰᠡᠨ᠂ ᠬᠠᠢᠷᠠᠯᠠᠭᠰᠠᠨ ᠠᠯᠢ ᠳᠥᠮᠥᠭ ᠰᠠᠢᠨ ᠢ᠋ᠶ᠋ᠠᠨ ᠤᠨᠤᠭᠤᠯᠤᠨ ᠥᠩᠭᠡ ᠲᠡᠢ ᠰᠠᠢᠬᠠᠨ ᠢ᠋ ᠡᠮᠦᠰᠦᠭᠰᠡᠨ ᠢ᠋ ᠯᠡ ᠪᠣᠳᠣᠵᠠᠢ᠃
ᠵᠢᠯ ᠦ᠋ᠨ ᠵᠢᠯ ᠳ᠋ᠦ᠍ ᠡᠪᠦᠯᠵᠢᠭᠰᠡᠭᠡᠷ ᠢᠷᠡᠭᠰᠡᠨ ᠡᠪᠦᠯᠵᠢᠶᠡᠨ ᠳ᠋ᠡᠭᠡᠨ ᠣᠢᠷᠠᠲᠤᠨ ᠢᠷᠡᠬᠦ ᠳ᠋ᠦ᠍ ᠬᠣᠭᠣᠰᠣᠨ ᠬᠠᠷ᠎ᠠ ᠪᠠᠭᠤᠳᠠᠯ ᠨᠡᠭᠦᠭᠡᠯᠲᠦᠨ ᠬᠠᠷᠠᠭᠳᠠᠵᠤ᠂ ᠰᠡᠳᠬᠢᠯ ᠢ᠋ ᠶᠠᠭᠤᠲᠠᠢ ᠠᠶ᠎ᠠ ᠦᠭᠡᠢ ᠪᠣᠯᠭᠠᠪᠠ᠃ ᠣᠴᠢᠪᠠᠯ ᠳᠥᠷᠪᠡᠨ ᠭᠡᠷ ᠦ᠋ᠨ ᠪᠠᠭᠤᠷᠠᠢ ᠨᠡᠭᠦᠭᠰᠡᠭᠡᠷ ᠲᠠᠩ ᠶᠡᠬᠡ ᠤᠳᠠᠭ᠎ᠠ ᠦᠭᠡᠢ ᠪᠣᠯᠤᠯᠲᠠᠢ᠃ ᠫᠢᠩ ᠹᠸᠩᠵᠢᠨ ᠳ᠋ᠦ᠍ ᠬᠣᠭᠣᠯᠠ ᠬᠤᠰᠢ ᠶ᠋ᠢᠨ ᠵᠦᠢᠯᠡᠰ ᠦᠯᠡᠳᠡᠭᠡ ᠦᠭᠡᠢ ᠶ᠋ᠢ ᠨᠢ ᠦᠵᠡᠬᠦ ᠳ᠋ᠦ᠍ ᠨᠢᠭᠡ ᠶᠡᠬᠡ ᠠᠶᠤᠨ ᠰᠠᠨᠳᠤᠷᠬᠤ ᠳ᠋ᠤ᠌ ᠬᠦᠷᠦᠭᠡ ᠦᠭᠡᠢ ᠪᠣᠯᠪᠠ ᠤᠤ ᠭᠡᠯᠲᠡᠢ᠃ ᠭᠡᠪᠡᠴᠦ ᠬᠤᠪᠢᠩ᠂ ᠲᠦᠮᠫᠡᠨ᠂ ᠲᠣᠭᠣᠭ᠎ᠠ᠂ ᠰᠢᠨᠠᠭ᠎ᠠ ᠠᠷᠠᠰᠤ ᠨᠡᠬᠡᠢ ᠡᠯᠳᠡᠪ ᠶᠠᠭᠤᠮᠠᠰ ᠡᠨᠳᠡ ᠲᠡᠨᠳᠡ ᠦᠭᠡᠢ ᠬᠠᠶᠠᠭᠳᠠᠭᠰᠠᠨ ᠠ᠋ᠴᠠ ᠨᠢ ᠦᠵᠡᠬᠦ ᠳ᠋ᠦ᠍ ᠮᠥᠨ ᠯᠡ ᠠᠷᠭ᠎ᠠ ᠦᠭᠡᠢ ᠳᠦᠷᠪᠡᠵᠡᠢ᠃ ᠬᠡᠬᠦ ᠳ᠋ᠡᠭᠡᠨ ᠴᠣᠬᠣᠮ ᠬᠠᠮᠢᠭᠠᠰᠢ ᠪᠠᠨ ᠨᠡᠭᠦᠭᠰᠡᠨ ᠨᠢ ᠲᠣᠳᠣᠷᠬᠠᠢ ᠦᠭᠡᠢ ᠲᠤᠯᠠ ᠳᠣᠷᠵᠢ ᠶᠣᠰᠣᠲᠠᠢ ᠲᠥᠭᠡᠷᠢᠭᠰᠡᠨ ᠠᠮᠢᠲᠠᠨ ᠤ᠋ ᠪᠠᠢᠳᠠᠯ ᠢ᠋ᠶ᠋ᠠᠷ ᠡᠷᠭᠢᠨ ᠲᠤᠭᠤᠷᠠᠨ ᠢ᠋ ᠠᠯᠮᠠᠢᠷᠠᠨ ᠰᠢᠷᠳᠡᠭᠡᠳ ᠳᠠᠷᠠᠭ᠎ᠠ ᠨᠢ ᠴᠠᠰᠤᠨ ᠰᠢᠭᠤᠷᠭᠠᠨ ᠳ᠋ᠤ᠌ ᠪᠢᠲᠡᠭᠦᠷᠡᠨ ᠡᠳᠡᠭᠡᠷᠡᠭᠰᠡᠨ ᠣᠷᠣ ᠮᠥᠷ ᠢ᠋ ᠣᠯᠤᠨ᠂ ᠬᠣᠢᠲᠤ ᠵᠦᠭ ᠢ᠋ ᠴᠢᠭᠯᠡᠪᠡ᠃ ᠶᠠᠪᠤᠬᠤ ᠳᠣᠳᠣᠮ ᠭᠠᠵᠠᠷ ᠥᠷᠭᠡᠳᠡᠨ ᠬᠥᠬᠥᠴᠢ ᠬᠠᠩᠭᠠᠢ ᠪᠣᠯᠵᠤ ᠴᠠᠰᠤᠨ ᠬᠣᠩᠬᠣᠷ ᠵᠤᠵᠠᠭᠠᠷᠠᠨ᠎ᠠ᠃ ᠬᠥᠭᠡᠭᠡᠵᠦ ᠶᠠᠪᠤᠭ᠎ᠠ ᠮᠥᠷ ᠵᠠᠷᠢᠮ ᠳ᠋ᠠᠭᠠᠨ ᠲᠡᠷᠭᠡ ᠴᠢᠷᠭ᠎ᠠ ᠶᠠᠪᠤᠮᠠ ᠦᠭᠡᠢ ᠭᠠᠵᠠᠷ ᠣᠷᠣᠨ ᠠᠯᠳᠠᠭᠳᠠᠪᠴᠦ ᠬᠣᠨᠢ ᠮᠠᠯ ᠰᠢᠭᠢᠳᠦᠨ ᠬᠠᠶᠠᠭᠳᠠᠭᠰᠠᠨ ᠤᠨᠠᠭᠰᠠᠨ ᠭᠡᠭᠡᠭᠰᠡᠨ ᠶᠠᠭᠤᠮᠠᠰ ᠨᠢ ᠮᠥᠷ ᠪᠣᠯᠤᠨ ᠳᠠᠭᠠᠭᠤᠯᠤᠨ᠎ᠠ᠃ ᠦᠳᠡᠰᠢ ᠶ᠋ᠢᠨ ᠪᠦᠷᠦᠩᠬᠦᠢ ᠳ᠋ᠦ᠍ ᠥᠨᠥᠬᠢ ᠮᠥᠷ ᠨᠦᠰᠡᠷ ᠶᠡᠬᠡ ᠰᠢᠭᠤᠢ ᠳ᠋ᠤ᠌ ᠣᠷᠣᠵᠤ ᠠᠯᠳᠠᠭᠳᠠᠨ ᠬᠠᠮᠢᠭᠠᠰᠢ ᠶᠠᠪᠤᠪᠠᠯ ᠵᠣᠬᠢᠬᠤ ᠨᠢ ᠮᠡᠳᠡᠭᠳᠡᠬᠦ ᠦᠭᠡᠢ ᠪᠣᠯᠪᠠ᠃
ᠭᠡᠪᠡᠴᠦ ᠠᠯᠤᠰ ᠲᠤ ᠦᠬᠡᠷ ᠮᠥᠭᠡᠷᠡᠯᠳᠦᠬᠦ ᠰᠣᠨᠣᠰᠳᠠᠨ᠎ᠠ᠃ ᠳᠣᠷᠵᠢ ᠲᠡᠷᠡ ᠵᠦᠭ ᠶᠠᠪᠤᠯ᠎ᠠ᠃ ᠣᠢ ᠶ᠋ᠢᠨ ᠴᠣᠭᠣᠷᠬᠠᠢ ᠳ᠋ᠤ᠌ ᠭᠡᠨᠡᠳᠲᠡ ᠣᠷᠣᠵᠤ ᠢᠷᠡᠮᠡᠭᠴᠡ ᠦᠬᠡᠷ ᠦ᠋ᠨ ᠪᠠᠷ᠎ᠠ ᠨᠢᠳᠦᠨ ᠳ᠋ᠦ᠍ ᠲᠣᠰᠴᠤ᠂ ᠲᠡᠷᠡ ᠳᠤᠮᠳᠠ ᠶ᠋ᠢᠨ ᠣᠪᠣᠬᠠᠢ ᠱᠣᠪᠣᠬᠠᠢ ᠴᠦ᠍ ᠪᠠᠢᠭ᠎ᠠ ᠦᠵᠡᠭᠳᠡᠨ᠎ᠡ᠃ ᠬᠡᠳᠦᠨ ᠨᠣᠬᠠᠳ ᠤᠴᠢᠷ ᠦᠭᠡᠢ ᠳᠠᠪᠬᠢᠵᠤ᠂ ᠰᠠᠭᠠᠬᠠᠯᠵᠠᠨ ᠢᠷᠡᠭᠰᠡᠨ ᠪᠣᠯᠪᠠᠴᠤ ᠴᠥᠮ ᠠᠮᠠ ᠪᠣᠭᠣᠯᠲᠠ ᠲᠠᠢ᠂ ᠳᠡᠮᠡᠢ ᠬᠠᠮᠠᠷ ᠢ᠋ᠶ᠋ᠠᠨ ᠭᠤᠳᠤᠴᠢᠭᠤᠯᠤᠨ ᠲᠣᠭᠣᠷᠢᠨ ᠭᠦᠶᠦᠨ᠎ᠡ᠃ ᠳᠣᠷᠵᠢ ᠲᠡᠷᠡ ᠳᠤᠮᠳᠠ ᠠ᠋ᠴᠠ ᠥᠪᠡᠷ ᠦ᠋ᠨ ᠢ᠋ᠶ᠋ᠡᠨ ᠤᠯᠠᠭᠠᠨ ᠬᠠᠯᠲᠠᠷ ᠨᠣᠬᠠᠢ ᠶ᠋ᠢ ᠲᠠᠨᠢᠨ ᠳᠠᠭᠠᠵᠤ ᠬᠣᠢᠲᠤ ᠲᠠᠯ᠎ᠠ ᠶ᠋ᠢᠨ ᠬᠠᠩᠬᠠᠢ ᠣᠷᠣᠮ ᠢ᠋ ᠴᠢᠭᠯᠡᠪᠡ᠃ ᠡᠴᠢᠭᠡ ᠡᠬᠡᠨᠡᠷ᠂ ᠳᠡᠭᠦᠦ ᠬᠡᠦᠬᠡᠨ ᠭᠤᠷᠪᠠ ᠨᠢ ᠭᠠᠳᠠᠨ᠎ᠠ ᠪᠠᠨ《ᠶᠠᠭᠤ ᠪᠣᠢ? ᠬᠡᠨ ᠶᠦᠮ ᠪᠣᠯ ᠠ᠋? ᠦᠭᠡᠢ ᠲᠠ ᠮᠢᠨᠢ ᠮᠠᠨ ᠤ᠋ ᠳ᠋ᠤ᠌ ᠢᠷᠡᠬᠦ ᠨᠢ ᠶᠠᠭᠠᠬᠢᠬᠤ ᠪᠢᠯᠡ》 ᠭᠡᠵᠦ ᠰᠢᠪᠠᠷ ᠠᠪᠢᠷ ᠶᠠᠷᠢᠯᠴᠠᠵᠤ ᠪᠠᠢᠵᠠᠢ᠃
ᠳᠣᠷᠵᠢ᠂ ᠲᠡᠳᠡᠨ ᠳᠡᠭᠡᠷ᠎ᠡ ᠣᠴᠢᠩᠭᠤᠲᠠ ᠪᠠᠨ᠄
— ᠵᠠ ᠰᠠᠢᠨ ᠰᠠᠭᠤᠵᠠᠭᠠᠵᠤ ᠪᠠᠢᠨ᠎ᠠ ᠤᠤ ᠭᠡᠳ ᠲᠡᠳᠡᠨ ᠢ᠋ ᠪᠡᠨ ᠲᠠᠨᠢᠨ ᠣᠭᠲᠣ ᠳᠤᠤᠭᠠᠷᠬᠤ ᠦᠭᠡᠢ ᠪᠠᠢᠬᠤ ᠳ᠋ᠤᠨᠢ ᠭᠡᠷ ᠤᠷᠤᠭᠤ ᠪᠠᠨ ᠣᠷᠣᠪᠠ᠃ ᠬᠠᠩᠬᠠᠢ ᠣᠷᠣᠮ ᠳ᠋ᠤ᠌ ᠪᠠᠭ ᠬᠠᠷᠠᠩᠭᠤᠢ᠂ ᠨᠥᠭᠥᠭᠡᠳᠦᠭᠦᠯᠡ ᠨᠢ ᠬᠣᠢᠨ᠎ᠠ ᠠ᠋ᠴᠠ ᠨᠢ ᠣᠷᠣᠵᠤ ᠢᠷᠡᠭᠡᠳ ᠪᠦᠭᠦᠳᠡᠭᠡᠷ ᠢ᠋ᠶ᠋ᠡᠨ ᠰᠠᠢᠨ ᠰᠠᠭᠤᠵᠠᠭᠠᠵᠤ ᠪᠠᠢᠨ᠎ᠠ ᠤᠤ? ᠭᠡᠵᠦ ᠳᠣᠷᠵᠢ ᠶ᠋ᠢᠨ ᠳᠠᠬᠢᠨ ᠬᠡᠯᠡᠬᠦ ᠳ᠋ᠦ᠍ ᠰᠠᠶᠢ ᠲᠠᠨᠢᠨ ᠬᠡᠨ ᠬᠥᠮᠦᠨ ᠦᠭᠡᠢ ᠳᠠᠭᠤ ᠠᠯᠳᠠᠵᠠᠭᠠᠪᠠ᠃
— ᠵᠠ ᠲᠡᠭᠡᠭᠡᠳ ᠴᠢ ᠮᠢᠨᠢ ᠰᠠᠢᠨ ᠶᠠᠪᠤᠵᠤ ᠢᠷᠡᠪᠡᠦ? ᠭᠡᠵᠦ ᠡᠴᠢᠭᠡ ᠭᠡᠯᠢᠭ ᠦ᠋ᠨ ᠠᠰᠠᠭᠤᠬᠤ ᠳ᠋ᠤ᠌᠄
— ᠵᠠ ᠶᠠᠭᠠᠬᠢᠬᠤᠪ ᠳᠠ᠂ ᠶᠡᠷᠦ ᠳ᠋ᠡᠭᠡᠨ ᠠᠮᠢ ᠪᠡᠶ᠎ᠡ ᠬᠣᠶᠠᠷ ᠢ᠋ᠶ᠋ᠠᠨ ᠯᠠ ᠲᠡᠭᠡᠭᠡᠵᠦ ᠢᠷᠡᠯ᠎ᠡ ᠭᠡᠵᠦ ᠬᠠᠷᠢᠭᠤᠯᠪᠠ᠃
ᠡᠨᠡ ᠳᠠᠷᠤᠢ ᠴᠥᠮ ᠳᠠᠭᠤ ᠬᠣᠷᠢᠶᠠᠨ ᠨᠢᠭᠡ ᠬᠡᠰᠡᠭ ᠴᠢᠪ ᠴᠢᠮᠡᠭᠡ ᠦᠭᠡᠢ ᠪᠣᠯᠪᠠ᠃ ᠭᠡᠲᠡᠯ᠎ᠡ ᠡᠴᠢᠭᠡ ᠨᠢ ᠠᠮᠠ ᠨᠡᠭᠡᠭᠡᠵᠦ᠄
— ᠵᠠ ᠶᠠᠮᠠᠷ ᠪᠣᠯᠪᠠᠴᠤ ᠠᠮᠢ ᠮᠡᠨᠳᠦ ᠢᠷᠡᠭᠰᠡᠨ ᠡᠴᠡ ᠬᠣᠢᠰᠢ ᠬᠠᠮᠤᠭ ᠬᠡᠷᠡᠭ ᠭᠦᠢᠴᠡᠬᠦ ᠨᠢ ᠲᠡᠷᠡ᠃ ᠪᠢᠳᠡ ᠴᠢᠨᠢ ᠴᠦ᠍ ᠶᠠᠭᠠᠬᠢᠬᠤᠪ᠂ ᠮᠥᠨ ᠲᠣᠭ᠎ᠠ ᠲᠣᠯᠣᠭᠠᠢ ᠪᠦᠷᠢᠨ ᠳᠡ ᠭᠡᠳ ᠭᠤᠷᠪᠠᠨ ᠬᠣᠨᠣᠭ ᠤ᠋ᠨ ᠡᠮᠦᠨ᠎ᠡ ᠳᠣᠷᠵᠢ ᠶ᠋ᠢᠨ ᠲᠤᠬᠠᠢ ᠶᠠᠭᠤ ᠭᠡᠵᠦ ᠵᠡᠭᠦᠳᠦᠯᠡᠭᠰᠡᠨ ᠢ᠋ᠶ᠋ᠡᠨ ᠶᠠᠷᠢᠵᠤ ᠭᠠᠷᠪᠠ᠃ ᠵᠡᠭᠦᠳᠦᠨ ᠳ᠋ᠦ᠍ᠨᠢ ᠳᠣᠷᠵᠢ ᠦᠵᠡᠰᠢ ᠦᠭᠡᠢ ᠮᠠᠭᠤᠬᠠᠢ ᠬᠤᠪᠴᠠᠰᠤ ᠲᠠᠢ ᠣᠷᠣᠵᠤ ᠢᠷᠡᠨ《ᠠᠪᠤ ᠲᠠ᠂ ᠬᠣᠢᠲᠤᠬᠢ ᠶ᠋ᠢ ᠮᠢᠨᠢ ᠤᠩᠰᠢᠭᠤᠯᠵᠤ ᠠᠯᠢ! ᠰᠦᠨᠡᠰᠦ ᠮᠢᠨᠢ ᠰᠠᠢᠬᠠᠨ ᠣᠷᠣᠨ ᠳ᠋ᠤ᠌ ᠣᠴᠢᠵᠤ ᠲᠥᠷᠥᠬᠦ ᠭᠡᠲᠡᠯ᠎ᠡ ᠠᠭᠤᠯᠠ ᠤᠰᠤ ᠬᠣᠶᠠᠷ ᠵᠠᠮ ᠬᠠᠭᠠᠵᠤ ᠪᠣᠭᠣᠭᠠᠳ ᠶᠠᠪᠤᠭᠤᠯᠬᠤ ᠪᠢᠰᠢ ᠭᠡᠵᠦ》 ᠭᠤᠶᠤᠬᠤ ᠶ᠋ᠢ ᠦᠵᠡᠭᠰᠡᠨ ᠭᠡᠨ᠎ᠡ᠃ ᠲᠡᠭᠡᠭᠡᠳ ᠭᠡᠯᠢᠭ ᠡᠪᠦᠭᠡᠨ ᠨᠣᠢᠷ ᠠ᠋ᠴᠠ ᠰᠡᠷᠢᠬᠦ ᠲᠡᠢ ᠪᠡᠨ ᠵᠡᠷᠭᠡ ᠳᠣᠷᠵᠢ ᠶ᠋ᠢ ᠯᠠᠪ ᠥᠩᠭᠡᠷᠡᠵᠡᠢ ᠭᠡᠵᠦ ᠭᠣᠣᠯ ᠬᠠᠷᠠᠯᠠᠭᠠᠳ ᠬᠠᠢᠷᠠᠲᠤ ᠪᠡᠷᠢ ᠶ᠋ᠢᠨ ᠢ᠋ᠶ᠋ᠡᠨ ᠲᠤᠬᠠᠢ ᠪᠣᠳᠣᠨ ᠵᠣᠪᠠᠭᠰᠠᠨ ᠪᠠᠢᠪᠠ᠃ ᠢᠩᠭᠢᠵᠦ ᠶᠠᠷᠢᠭᠰᠠᠨ ᠤ᠋ ᠪᠠᠨ ᠡᠴᠦᠰ ᠲᠦ᠍ ᠤᠭ ᠵᠡᠭᠦᠳᠦ ᠪᠡᠨ ᠲᠡᠢᠮᠦ ᠮᠠᠭᠤ ᠢᠷᠣ᠎ᠠ ᠶ᠋ᠢᠨ ᠪᠢᠰᠢ ᠬᠠᠷᠢᠨ ᠢᠩᠭᠢᠵᠦ ᠠᠮᠢᠳᠤ ᠮᠡᠨᠳᠦ ᠠᠭᠤᠯᠵᠠᠬᠤ ᠶ᠋ᠢ ᠮᠠᠰᠢ ᠮᠡᠷᠭᠡᠨ ᠢ᠋ᠶ᠋ᠡᠷ ᠦᠵᠡᠭᠦᠯᠦᠭᠰᠡᠨ ᠪᠠᠢᠵᠤ ᠭᠡᠵᠦ ᠪᠠᠬᠠᠳᠤᠨ ᠪᠠᠶᠠᠷᠯᠠᠨ᠎ᠠ᠃ ᠳᠠᠷᠠᠭ᠎ᠠ ᠨᠢ ᠢᠷᠡᠭᠡᠳᠦᠢ ᠶ᠋ᠢᠨ ᠬᠡᠷᠡᠭ ᠢ᠋ ᠮᠥᠨ ᠯᠡ ᠰᠠᠢᠨ ᠰᠠᠢᠬᠠᠨ ᠪᠣᠯᠤᠨ᠎ᠠ ᠭᠡᠵᠦ ᠲᠠᠭᠠᠪᠤᠷᠢᠯᠠᠨ ᠶᠠᠷᠢᠵᠤ ᠰᠡᠳᠬᠢᠯ ᠢ᠋ᠶ᠋ᠡᠨ ᠬᠥᠭᠵᠢᠭᠡᠪᠡ᠃
ᠭᠤᠷᠪᠠᠨ ᠲᠣᠮᠣ ᠴᠢᠯᠠᠭᠤ ᠲᠤᠯᠤᠭᠰᠠᠨ ᠭᠣᠯᠣᠮᠲᠠ ᠳ᠋ᠤ᠌ ᠭᠡᠰᠢᠭᠦᠦ ᠳᠡᠰ ᠨᠢᠰ ᠠᠪᠤᠯᠴᠠᠨ ᠣᠴᠢ ᠥᠰᠥᠷᠬᠡᠨ ᠳᠦᠷᠡᠯᠵᠡᠵᠦ ᠠᠮᠢ ᠮᠡᠨᠳᠦ ᠣᠷᠣᠭᠰᠠᠳ ᠤ᠋ᠨ ᠴᠢᠷᠠᠢ ᠶ᠋ᠢ ᠭᠡᠷᠡᠯᠲᠦᠭᠦᠯᠦᠨ᠎ᠡ᠃ ᠲᠡᠷᠡ ᠳᠤᠮᠳᠠ ᠠ᠋ᠴᠠ ᠭᠠᠯ ᠲᠣᠭᠣᠭ᠎ᠠ ᠶ᠋ᠢᠨ ᠠᠵᠢᠯ ᠳ᠋ᠤ᠌ ᠭᠠᠪᠰᠢᠭᠠᠢᠯᠠᠨ ᠬᠥᠳᠡᠯᠵᠦ ᠪᠠᠢᠭ᠎ᠠ ᠪᠢᠴᠢᠬᠠᠨ ᠡᠬᠡᠨᠡᠷ ᠦᠰᠦᠲᠡᠢ ᠪᠠᠷᠠᠭᠠᠨ ᠬᠠᠴᠠᠷ ᠳᠡᠭᠡᠷ᠎ᠡ ᠵᠣᠬᠢᠯ ᠪᠣᠯᠤᠭᠰᠠᠨ ᠪᠢᠴᠢᠬᠠᠨ ᠳᠤᠭᠤᠢ ᠬᠥᠬᠡ ᠮᠡᠩᠭᠡ ᠲᠡᠢ ᠮᠢᠬᠠᠯᠢᠭ ᠳᠥᠷᠪᠡᠯᠵᠢᠨ ᠴᠢᠷᠠᠢ ᠲᠠᠢ ᠵᠠᠯᠠᠭᠤ ᠡᠮᠡᠭᠲᠡᠢ ᠶ᠋ᠢᠨ ᠴᠢᠷᠠᠢ ᠲᠤᠩ ᠬᠠᠴᠢᠨ᠂ ᠲᠡᠷᠡ ᠪᠡᠷ ᠳᠣᠷᠵᠢ ᠲᠠᠢ ᠵᠤᠯᠭᠠᠭ᠎ᠠ ᠦᠭᠡᠢ᠂ ᠠᠮᠤᠷ ᠮᠡᠨᠳᠦ ᠶ᠋ᠢ ᠴᠦ᠍ ᠰᠣᠯᠢᠭ᠎ᠠ ᠦᠭᠡᠢ᠃ ᠣᠳᠣ ᠴᠦ᠍ ᠭᠡᠰᠡᠨ ᠲᠠᠭ ᠳᠤᠭᠤᠢ ᠪᠠᠢᠭ᠎ᠠ ᠪᠥᠭᠡᠳ ᠭᠡᠪᠡᠴᠦ ᠰᠡᠳᠬᠢᠯ ᠳᠦᠭᠦᠷᠡᠩ ᠪᠠᠶᠠᠷ᠂ ᠬᠢᠵᠠᠭᠠᠷ ᠦᠭᠡᠢ ᠪᠠᠶᠠᠷᠯᠠᠭᠰᠠᠨ ᠳ᠋ᠠᠭᠠᠨ ᠠᠩᠬ᠎ᠠ ᠡᠳᠡᠨ ᠦ᠌ ᠳ᠋ᠦ᠍ ᠪᠡᠷᠢ ᠪᠣᠯᠤᠨ ᠣᠷᠣᠵᠤ ᠢᠷᠡᠵᠦ ᠪᠠᠢᠭᠰᠠᠨ ᠰᠢᠭ᠋ ᠢ᠋ᠶ᠋ᠡᠨ ᠢᠴᠢᠩᠭᠦ᠋ᠢᠷᠢᠨ ᠨᠢᠭᠤᠷ ᠤᠯᠠᠢᠨ ᠭᠥᠯᠢᠷᠡᠵᠡᠢ᠃ ᠡᠨᠡ ᠡᠬᠡᠨᠡᠷ ᠦ᠋ᠨ ᠨᠡᠷ᠎ᠡ ᠬᠠᠨᠳᠠᠰᠦᠷᠦᠩ᠃ ᠳᠣᠷᠵᠢ ᠶ᠋ᠢ ᠠᠶᠠᠨ ᠳ᠋ᠤ᠌ ᠶᠠᠪᠤᠬᠤ ᠠ᠋ᠴᠠ ᠵᠢᠯ ᠦ᠋ᠨ ᠡᠮᠦᠨ᠎ᠡ ᠡᠴᠢᠭᠡ ᠨᠢ ᠨᠡᠷ᠎ᠡ ᠲᠥᠷᠥ ᠲᠡᠢ ᠪᠡᠷ ᠶᠣᠰᠣᠯᠠᠨ ᠠᠪᠴᠤ ᠰᠠᠭᠤᠯᠭᠠᠭᠰᠠᠨ ᠠᠵᠢ᠃ ᠭᠡᠲᠡᠯ᠎ᠡ ᠳᠣᠷᠵᠢ ᠬᠠᠨᠳᠠᠰᠦᠷᠦᠩ ᠳ᠋ᠦ᠍ ᠤᠭ ᠰᠡᠳᠬᠢᠯ ᠡᠴᠡ ᠳᠤᠮᠳᠠᠭᠤᠷᠬᠠᠨ ᠪᠠᠢᠭᠰᠠᠨ ᠠ᠋ᠴᠠ ᠠᠶᠠᠲᠠᠢ ᠲᠠᠭᠠᠲᠠᠢ ᠵᠠᠩ ᠭᠠᠷᠭᠠᠨ ᠦᠭᠡ ᠬᠡᠯᠡ ᠰᠣᠯᠢᠯᠴᠠᠭᠰᠠᠨ ᠤᠳᠠᠭ᠎ᠠ ᠦᠭᠡᠢ᠃ ᠲᠡᠷᠡ ᠴᠦ᠍ ᠪᠠᠢᠲᠤᠭᠠᠢ ᠠᠶᠠᠨ ᠳ᠋ᠤ᠌ ᠮᠣᠷᠳᠠᠨ ᠭᠠᠷᠬᠤ ᠳ᠋ᠤ᠌ ᠬᠠᠨᠳᠠᠰᠦᠷᠦᠩ ᠡᠭᠦᠳᠡᠨ ᠦ᠌ ᠪᠡᠨ ᠡᠮᠦᠨ᠎ᠡ ᠵᠣᠭᠰᠣᠨ᠂ ᠤᠷᠤᠰᠬᠤ ᠨᠢᠳᠦᠨ ᠦ᠌ ᠪᠡᠨ ᠨᠢᠯᠪᠤᠰᠤ ᠶ᠋ᠢ ᠪᠠᠢᠨ ᠪᠠᠢᠨ ᠪᠤᠷᠤᠭᠤ ᠬᠠᠷᠠᠨ ᠠᠷᠴᠢᠵᠤ ᠪᠠᠢᠬᠤ ᠳ᠋ᠤᠨᠢ ᠴᠦ᠍ ᠦᠨᠡᠨ ᠵᠢᠷᠦᠬᠡᠨ ᠡᠴᠡ ᠪᠡᠨ ᠵᠢᠭᠰᠢᠨ ᠳᠠᠯᠳᠠ ᠣᠷᠣᠬᠤ ᠶ᠋ᠢᠨ ᠮᠥᠷᠥᠭᠡᠳᠥᠰᠦ ᠪᠣᠯᠵᠤ ᠪᠠᠢᠵᠠᠢ᠃ ᠲᠡᠷᠡ ᠴᠠᠭ ᠠ᠋ᠴᠠ ᠡᠳᠦᠢ ᠬᠦᠷᠲᠡᠯ᠎ᠡ ᠰᠡᠳᠬᠢᠯ ᠳ᠋ᠡᠭᠡᠨ ᠨᠢᠭᠡ ᠴᠦ᠍ ᠤᠳᠠᠭ᠎ᠠ ᠬᠠᠨᠳᠠᠰᠦᠷᠦᠩ ᠢ᠋ ᠳᠤᠷᠠᠰᠤᠨ ᠰᠠᠨᠠᠭᠰᠠᠨ ᠦᠭᠡᠢ᠂ ᠭᠠᠭᠴᠠᠬᠠᠨ ᠣᠳᠣ ᠯᠠ ᠬᠠᠨᠳᠠᠰᠦᠷᠦᠩ ᠦ᠋ᠨ ᠨᠢᠭᠤᠷᠠᠨ ᠳ᠋ᠤ᠌ ᠪᠣᠭᠰᠢᠬᠰᠠᠨ ᠪᠠᠶᠠᠷ ᠪᠠᠶᠠᠰᠬᠤᠯᠠᠩ ᠢ᠋ ᠨᠢᠳᠦᠨ ᠦ᠌ ᠪᠡᠨ ᠪᠤᠯᠤᠩ ᠢ᠋ᠶ᠋ᠠᠷ ᠠᠵᠢᠭᠯᠠᠨ ᠬᠠᠢᠷᠠᠯᠠᠨ ᠡᠩᠬᠦᠷᠡᠢᠯᠡᠬᠦ ᠰᠡᠳᠬᠢᠯ ᠲᠥᠷᠥᠪᠡ᠃
ᠠᠢᠯ ᠤ᠋ᠨ ᠬᠥᠮᠦᠰ ᠳᠣᠷᠵᠢ ᠶ᠋ᠢᠨ ᠢᠷᠡᠭᠰᠡᠨ ᠢ᠋ ᠮᠡᠳᠡᠨ ᠤᠪᠤᠨ ᠴᠤᠪᠤᠨ ᠣᠷᠣᠵᠤ ᠢᠷᠡᠨ ᠬᠠᠩᠬᠠᠢ ᠣᠷᠣᠮ ᠳ᠋ᠤ᠌ ᠴᠢᠬᠢᠯᠳᠦᠬᠦ ᠪᠣᠯᠪᠠ᠃ ᠲᠡᠳᠡᠨ ᠦ᠌ ᠳᠤᠮᠳᠠ ᠳᠣᠷᠵᠢ ᠶ᠋ᠢᠨ ᠬᠠᠷ᠎ᠠ ᠪᠠᠭ᠎ᠠ ᠠ᠋ᠴᠠ ᠨᠠᠢᠵᠢ ᠰᠠᠮᠪᠤᠤ ᠭᠡᠭᠴᠢ ᠪᠠᠢᠪᠠ᠃ ᠣᠷᠣᠵᠤ ᠢᠷᠡᠭᠰᠡᠨ ᠬᠥᠮᠦᠨ ᠪᠦᠷᠢ ᠲᠡᠢ ᠠᠮᠤᠷ ᠮᠡᠨᠳᠦ ᠮᠡᠳᠡᠯᠴᠡᠬᠦ ᠳ᠋ᠦ᠍《ᠠᠮᠢ ᠮᠡᠨᠳᠦ ᠯᠠ ᠶᠠᠪᠤᠵᠤ ᠢᠷᠡᠯ᠎ᠡ》 ᠭᠡᠵᠦ ᠬᠠᠷᠢᠭᠤᠯᠬᠤ ᠶ᠋ᠢ ᠲᠤᠰ ᠪᠦᠷᠢ ᠪᠡᠨ ᠳᠡᠭᠡᠳᠦ ᠶ᠋ᠢᠨ ᠬᠤᠪᠢ ᠵᠠᠶᠠᠭᠠᠨ ᠳ᠋ᠤ᠌ ᠣᠷᠣᠭᠤᠯᠤᠨ ᠪᠣᠳᠣᠵᠤ ᠪᠠᠶᠠᠷ ᠪᠠᠬᠠᠳᠤᠯ ᠪᠣᠯᠤᠨ᠎ᠠ᠃ ᠳᠣᠷᠵᠢ ᠶ᠋ᠢᠨ ᠬᠠᠮᠢᠭ᠎ᠠ ᠭᠦᠷᠦᠨ ᠶᠠᠭᠤ ᠭᠡᠭᠴᠢ ᠶ᠋ᠢ ᠦᠵᠡᠨ ᠲᠤᠭᠤᠯᠤᠭᠰᠠᠨ ᠢ᠋ᠶ᠋ᠠᠨ ᠶᠠᠷᠢᠵᠤ ᠡᠬᠢᠯᠡᠭᠡᠳ ᠪᠤᠷᠬᠠᠨ ᠭᠣᠨᠴᠣᠭᠰᠤᠮ ᠮᠢᠨᠢ ᠭᠡᠴᠡᠭᠡᠨ ᠣᠷᠣᠢ ᠳᠡᠭᠡᠷ᠎ᠡ ᠪᠡᠨ ᠵᠠᠯᠪᠠᠷᠢᠨ᠎ᠠ᠃ ᠭᠠᠭᠴᠠᠬᠠᠨ ᠰᠠᠮᠪᠤᠤ ᠲᠥᠷᠥᠯᠬᠢ ᠰᠡᠳᠬᠢᠯ ᠪᠣᠷᠭᠢᠯ ᠢ᠋ᠶ᠋ᠠᠷ ᠢ᠋ᠶ᠋ᠠᠨ ᠬᠠᠶᠠ ᠨᠢᠭᠡ ᠱᠠᠭᠰᠢᠷᠠᠨ ᠴᠢᠬᠢ ᠲᠠᠯᠪᠢᠨ᠎ᠠ᠃ ᠳᠣᠷᠵᠢ ᠶ᠋ᠢᠨ ᠶᠠᠷᠢᠶ᠎ᠠ ᠬᠠᠷ᠎ᠠ ᠪᠤᠤᠷ᠎ᠠ ᠶ᠋ᠢ ᠬᠠᠶᠠᠭᠰᠠᠨ ᠠ᠋ᠴᠠ ᠪᠠᠨ ᠠᠪᠤᠭᠠᠳ ᠮᠣᠩᠭᠣᠯ ᠠᠶᠠᠨᠴᠢᠨ ᠲᠠᠢ ᠬᠡᠷᠬᠢᠨ ᠳᠠᠭᠠᠷᠢᠯᠳᠤᠭᠰᠠᠨ ᠢ᠋ ᠶᠠᠷᠢᠬᠤ ᠳ᠋ᠤ᠌ ᠬᠥᠮᠦᠰ᠂ ᠶᠣᠰᠣᠲᠠᠢ ᠯᠠ ᠪᠤᠷᠬᠠᠨ ᠭᠣᠨᠴᠣᠭᠰᠤᠮ ᠤ᠋ᠨ ᠠᠪᠤᠷᠠᠯ ᠢᠯᠡᠳᠲᠡ ᠪᠡᠷ ᠲᠡᠳᠬᠦᠵᠡᠢ ᠭᠡᠵᠦ ᠱᠤᠤᠭᠢᠯᠳᠤᠭᠠᠳ᠂ ᠡᠭᠦᠨᠴᠢᠯᠡᠨ ᠣᠳᠣ ᠮᠠᠨ ᠤ᠋ ᠤᠯᠤᠰ ᠢ᠋ ᠲᠠᠪᠤᠳᠤᠭᠠᠷ ᠪᠣᠭᠳᠠ ᠶ᠋ᠢᠨ ᠬᠤᠪᠢᠯᠭᠠᠨ ᠪᠠᠷᠤᠨ ᠵᠠᠩᠵᠤᠨ ᠠᠪᠤᠷᠠᠵᠤ ᠪᠠᠢᠭ᠎ᠠ ᠰᠢᠦ ᠭᠡᠵᠦ ᠪᠠᠬᠠᠳᠤᠯ ᠪᠣᠯᠭᠠᠨ ᠬᠡᠯᠡᠪᠡ᠃
ᠳᠣᠷᠵᠢ ᠪᠢ ᠮᠡᠳᠡᠨ᠎ᠡ! ᠭᠡᠳ ᠬᠦᠷᠢᠶ᠎ᠡ ᠳᠠᠭᠠᠷᠢᠨ ᠣᠷᠣᠵᠤ ᠢᠷᠡᠭᠰᠡᠨ ᠢ᠋ᠶ᠋ᠡᠨ ᠬᠡᠯᠡᠬᠦ ᠳ᠋ᠦ᠍ ᠬᠥᠮᠦᠰ ᠦ᠋ᠨ ᠨᠢᠳᠦ ᠡᠷᠡᠰ ᠰᠡᠷᠭᠦᠨ᠄ ᠵᠠ ᠲᠡᠭᠡᠭᠡᠳ ᠬᠦᠷᠢᠶ᠎ᠡ ᠪᠡᠷ ᠶᠠᠮᠠᠷ ᠰᠢᠦ ᠪᠠᠢᠨ᠎ᠠ? ᠭᠡᠵᠦ ᠵᠦᠭ ᠪᠦᠷᠢ ᠡᠴᠡ ᠳᠥᠭᠥᠨ ᠰᠠᠭᠤᠵᠤ ᠠᠰᠠᠭᠤᠪᠠ᠃ ᠲᠡᠭᠡᠭᠡᠳ ᠳᠣᠷᠵᠢ ᠶ᠋ᠢᠨ ᠦᠵᠡᠭᠰᠡᠨ ᠬᠠᠷᠠᠭᠰᠠᠨ ᠢ᠋ᠶ᠋ᠠᠨ ᠶᠠᠷᠢᠵᠤ ᠬᠡᠯᠡᠬᠦ ᠳ᠋ᠦ᠍ ᠲᠡᠳᠡ ᠨᠢᠳᠦ ᠡᠷᠭᠢᠯᠳᠦᠭᠦᠯᠦᠨ ᠭᠠᠢᠬᠠᠨ᠂ ᠵᠠᠷᠢᠮ ᠨᠢ《ᠴᠢ ᠬᠤᠳᠠᠯ ᠬᠡᠯᠡᠵᠦ ᠪᠠᠢᠭ᠎ᠠ ᠪᠢᠰᠢ ᠪᠢᠵᠡ》 ᠬᠢᠬᠦ ᠶ᠋ᠢᠨ ᠣᠷᠣᠨ ᠳ᠋ᠤ᠌《ᠴᠢ ᠨᠡᠭᠡᠷᠡᠨ ᠨᠢᠳᠦ ᠪᠡᠷ ᠢ᠋ᠶ᠋ᠡᠨ ᠦᠵᠡᠯ᠎ᠡ ᠭᠡᠵᠦ ᠤᠤ》 ᠭᠡᠵᠦ ᠳᠠᠬᠢᠨ ᠳᠠᠪᠲᠠᠨ ᠯᠠᠪᠯᠠᠨ᠎ᠠ᠃ ᠲᠡᠷᠡ ᠳᠤᠮᠳᠠ ᠡᠴᠢᠭᠡ ᠭᠡᠯᠢᠭ ᠦᠬᠦᠪᠡᠴᠦ ᠰᠡᠭᠡᠪᠡᠴᠦ ᠪᠠᠷᠤᠨ ᠤᠩᠺᠸᠷᠡᠨ ᠢ᠋ ᠵᠠᠯᠪᠠᠷᠢᠬᠤ ᠪᠠᠷ ᠰᠢᠢᠳᠦᠭᠰᠡᠨ ᠮᠡᠲᠦ᠄
— ᠦᠭᠡᠢ ᠭᠡᠪᠡ!
ᠬᠣᠣᠷᠲᠠᠨ ᠢ᠋ ᠠᠷᠢᠯᠭᠠᠭᠴᠢ ᠪᠤᠷᠬᠠᠳ ᠨᠣᠮᠣᠬᠠᠨ ᠳᠦᠷᠢ ᠪᠡᠷ ᠦᠯᠦ ᠵᠠᠯᠠᠷᠠᠨ᠎ᠠ ᠭᠡᠵᠦ ᠮᠠ ᠸᠠᠩ ᠤ᠋ᠨ ᠯᠦᠩᠲᠠᠩ ᠳ᠋ᠤ᠌ ᠠᠢᠯᠠᠳᠤᠭᠰᠠᠨ ᠪᠠᠢᠳᠠᠭ ᠭᠡᠳᠡᠭ ᠠ᠋᠃ ᠦᠢᠯᠡᠲᠦ ᠠᠮᠢᠲᠠᠨ ᠦᠢᠯᠡ ᠳ᠋ᠡᠭᠡᠨ ᠦᠷᠡᠭᠳᠡᠵᠦ ᠯᠡ ᠪᠠᠢᠭ᠎ᠠ ᠪᠢᠵᠡ᠃ ᠲᠡᠷᠡ ᠶᠠᠭᠠᠬᠢᠬᠤᠪ᠂ ᠵᠦᠭᠡᠷ ᠤᠳᠠᠬᠤ ᠦᠭᠡᠢ ᠴᠠᠭ ᠲᠥᠷᠥ ᠲᠠᠢᠪᠤᠰᠢᠷᠠᠨ ᠠᠷᠠᠳ ᠪᠢᠳᠡᠨ ᠳ᠋ᠦ᠍ ᠠᠷᠪᠠ ᠲᠠᠪᠤ ᠪᠠᠨ ᠠᠮᠤᠷ ᠵᠢᠮᠦᠷ ᠬᠠᠷᠢᠭᠤᠯᠤᠨ ᠰᠠᠭᠤᠬᠤ ᠴᠠᠭ ᠢᠷᠡᠨ᠎ᠡ ᠪᠣᠢ ᠭᠡᠪᠡ᠃
ᠭᠠᠳᠠᠨ᠎ᠠ ᠶ᠋ᠢᠨ ᠬᠥᠮᠦᠰ ᠭᠠᠷᠤᠭᠰᠠᠨ ᠤ᠋ ᠳᠠᠷᠠᠭ᠎ᠠ ᠬᠡᠯᠢᠭ ᠳᠣᠷᠵᠢ ᠳ᠋ᠤ᠌᠄ ᠣᠯᠠᠨ ᠤ᠋ ᠰᠡᠳᠬᠢᠯ ᠰᠠᠨᠠᠭ᠎ᠠ ᠶ᠋ᠢ ᠠᠯᠳᠠᠭᠳᠠᠭᠤᠯᠬᠤ ᠡᠢᠮᠦ ᠦᠭᠡ ᠪᠤᠤ ᠶᠠᠷᠢ! ᠭᠡᠵᠦ ᠵᠠᠬᠢᠪᠠ᠃
— — — —
ᠣᠢ ᠦᠭᠡᠢ –
① ᠤᠢᠰᠴᠤ ᠮᠣᠬᠣᠮᠠᠷ ᠦᠭᠡᠢ᠂ ᠣᠢᠭ᠎ᠠ ᠦᠭᠡᠢ᠃
② ᠮᠠᠰᠢ ᠵᠦᠷᠯᠡᠰᠢ ᠦᠭᠡᠢ᠂ ᠬᠣᠣᠰ ᠦᠭᠡᠢ ᠭᠡᠵᠦ·~ ᠰᠠᠢᠬᠠᠨ ᠡᠳ᠋᠃ /~ ᠣᠢ ᠬᠠᠢ ᠶᠡᠬᠡ ᠤᠢᠯᠠᠵᠤ ᠬᠠᠢᠯᠠᠬᠤ ᠶ᠋ᠢᠨ ᠴᠢᠮᠡᠭᠡ᠂ /~ ᠪᠠᠢᠳᠠᠯ᠄ ᠪᠦᠭᠦᠳᠡᠭᠡᠷ ᠤᠰᠤᠨ ᠨᠢᠳᠦᠯᠡᠵᠦ
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
