ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠡᠳ᠋ ᠪᠦᠯᠦᠭ 1–3> Бүлжхэн хатан– [монгол] Дамбын Төрбат <дэд бүлэг 1–3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠡᠳ᠋ ᠪᠦᠯᠦᠭ 1–3> Бүлжхэн хатан– [монгол] Дамбын Төрбат <дэд бүлэг 1–3>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠡᠳ᠋ ᠪᠦᠯᠦᠭ 1–3> Бүлжхэн хатан– [монгол] Дамбын Төрбат <дэд бүлэг 1–3>

ᠠᠩᠭᠢᠯᠠᠯ:ᠲᠤᠭᠤᠵᠢ ᠷᠣᠮᠠᠨ
2025-12-29

151


                ᠳᠡᠳ᠋ ᠪᠦᠯᠦᠭ       

                《ᠠᠢᠯ ᠤ᠋ᠨ ᠲᠣᠭᠣᠭ᠎ᠠ ᠥᠩᠭᠡᠢᠵᠦ 
                 ᠠᠮᠢ ᠵᠢᠭᠤᠬᠤ ᠶᠠᠯ᠎ᠠ ᠶᠠᠩᠬᠠᠨ( ᠶᠠᠩᠬ᠎ᠠ)》

          ᠲᠡᠪᠡᠷᠢᠬᠦ ᠬᠠᠢᠷᠠᠲᠤ ᠡᠷ᠎ᠡ ᠴᠢᠨᠢ 
          ᠲᠡᠷᠲᠡᠭᠡ ᠳᠠᠪᠠᠭ᠎ᠠ ᠶ᠋ᠢ ᠳᠠᠪᠠᠪᠠ 
          ᠤᠬᠢᠯᠠᠨ ᠰᠠᠨᠠᠬᠤ ᠡᠷ᠎ᠡ ᠴᠢᠨᠢ 
          ᠤᠰᠤ ᠣᠯᠠᠨ ᠢ᠋ ᠭᠡᠲᠦᠯᠪᠡ 
          ᠬᠠᠢᠯᠠᠵᠤ ᠣᠬᠢᠯᠠᠪᠠᠴᠤ 
          ᠬᠠᠷᠠᠵᠤ ᠴᠢᠮᠠᠶ᠋ᠢ ᠦᠵᠡᠬᠦ ᠦᠭᠡᠢ 
          ᠬᠠᠢᠵᠤ ᠡᠷᠢᠪᠡᠴᠦ 
          ᠬᠠᠭᠠᠯᠭ᠎ᠠ ᠵᠠᠮ ᠨᠢ ᠣᠯᠳᠠᠬᠤ ᠦᠭᠡᠢ     
                 《ᠮᠣᠩᠭᠣᠯ ᠤ᠋ᠨ ᠨᠢᠭᠤᠴᠠ ᠲᠣᠪᠴᠢᠶᠠᠨ》  

              1
       ᠨᠠᠮᠤᠷ ᠤ᠋ᠨ ᠰᠢᠪᠡᠷᠡᠭᠡ ᠪᠣᠷᠣᠭᠠᠨ ᠳ᠋ᠤ᠌ ᠱᠠᠪᠰᠢᠭᠤᠯᠤᠭᠰᠠᠨ ᠲᠠᠯ᠎ᠠ ᠶ᠋ᠢᠨ ᠭᠡᠭᠡᠯᠢᠨ ᠡᠴᠡ ᠨᠠᠪᠰᠠᠢᠨ ᠪᠠᠭᠤᠭᠰᠠᠨ ᠤᠰᠤᠨ ᠰᠠᠭᠠᠷᠠᠯ ᠮᠠᠨᠠᠨ ᠰᠠᠯᠵᠤ ᠶᠠᠳᠠᠨ ᠳᠡᠭᠡᠭᠰᠢᠯᠡᠵᠦ ᠠᠬᠤᠢ ᠳ᠋ᠤ᠌ ᠬᠣᠯᠠ ᠶ᠋ᠢᠨ ᠬᠣᠯᠠ ᠠ᠋ᠴᠠ ᠬᠢᠮᠤᠰᠤᠨ ᠤ᠋ ᠲᠣᠯᠢᠨ ᠴᠢᠨᠡᠭᠡ ᠴᠠᠭᠠᠨ ᠪᠠᠷ᠎ᠠ ᠬᠤᠢ ᠰᠠᠯᠬᠢ ᠮᠡᠲᠦ ᠨᠠᠭᠠᠰᠢᠯᠠᠨ ᠢᠷᠡᠬᠦ ᠶ᠋ᠢ ᠲᠡᠮᠦᠵᠢᠨ ᠦᠭᠡ ᠡᠬᠢᠯᠡᠵᠦ ᠬᠠᠷᠠᠭᠠᠳ ᠥᠪᠡᠷ ᠦ᠋ᠨ ᠭᠥᠬᠢᠳᠡᠵᠦ ᠪᠠᠷᠢᠭᠰᠠᠨ ᠭᠡᠭᠡᠨ ᠰᠣᠭᠣᠰᠤ ᠵᠢᠭᠠᠰᠤ ᠨᠢᠭᠡᠨ ᠬᠣᠶᠠᠷ ᠢ᠋ ᠬᠠᠮᠤᠨ ᠠᠪᠬᠤ ᠳ᠋ᠤ᠌ ᠵᠤᠪᠴᠠᠭ᠎ᠠ ᠳᠡᠪᠡᠯ ᠦ᠋ᠨ ᠬᠣᠷᠮᠣᠢ ᠳᠦᠭᠦᠷᠴᠡᠢ᠃ ᠴᠢᠩᠭᠢᠭᠡᠳ ᠬᠠᠮᠲᠤᠷᠠᠨ ᠭᠣᠣᠯ ᠤ᠋ᠨ ᠡᠷᠭᠢ ᠰᠠᠬᠢᠵᠤ ᠠᠭᠰᠠᠨ ᠰᠠᠴᠠᠭᠤᠲᠤ ᠨᠠᠷ ᠲᠠᠭᠠᠨ ᠴᠤ᠌ ᠬᠡᠯᠡᠭᠰᠡᠨ ᠦᠭᠡᠢ ᠨᠢᠴᠦᠭᠦᠨ ᠬᠥᠯ ᠦ᠋ᠨ ᠲᠠᠪᠠᠬᠠᠢ ᠭᠢᠯᠠᠯᠵᠠᠭᠤᠯᠤᠨ ᠭᠦᠶᠦᠪᠡ᠃ ᠲᠡᠷᠡ ᠪᠡᠷ ᠬᠡᠷᠦᠯᠦᠨ ᠭᠣᠣᠯ ᠤ᠋ᠨ ᠪᠤᠷᠭᠠᠰᠤᠨ ᠲᠣᠬᠣᠢ ᠣᠷᠢᠶᠠᠵᠤ ᠢᠷᠡᠭᠰᠡᠨ ᠢ᠋ᠶ᠋ᠡᠨ ᠠᠮᠢᠰᠬᠤᠭ᠎ᠠ ᠳᠠᠷᠤᠨ ᠡᠷᠭᠢᠵᠦ ᠬᠠᠷᠠᠪᠠᠯ ᠶᠠᠭᠠᠷᠠᠤ ᠳᠣᠪᠲᠣᠯᠤᠨ ᠠᠢᠰᠤᠢ ᠮᠣᠷᠢᠲᠠᠢ ᠡᠷ᠎ᠡ ᠶᠠᠭᠠᠬᠢᠪᠠᠴᠤ ᠮᠥᠨ ᠲᠤᠯᠠ ᠦᠵᠢᠨ ᠢᠵᠢᠢ ᠳ᠋ᠡᠭᠡᠨ ᠬᠡᠯᠡᠬᠦ ᠪᠡᠷ ᠬᠠᠷ᠎ᠠ ᠬᠤᠷᠳᠤ ᠪᠠᠷ ᠢ᠋ᠶ᠋ᠠᠨ ᠴᠢᠪᠬᠠᠳᠠᠯ᠎ᠠ᠃ ᠵᠢᠭᠠᠯ ᠨᠣᠶᠠᠨ ᠬᠣᠷᠭᠣᠢ ᠡᠯᠢᠭᠡᠪᠴᠢᠨ ᠦ᠌ ᠣᠷᠣᠨ ᠳ᠋ᠤ᠌ ᠢᠯᠭᠢᠨ ᠳᠡᠪᠡᠯ ᠦ᠋ᠨ ᠣᠷᠤᠮᠴᠤᠭ ᠡᠮᠦᠰᠴᠦ ᠰᠤᠷᠤᠭᠰᠠᠨ ᠴᠤ᠌᠂ ᠠᠯᠲᠠᠨ ᠤᠯᠤᠰ ᠤ᠋ᠨ ᠤᠷᠠᠨ ᠡᠮᠡᠰ ᠰᠢᠭᠯᠠᠭᠰᠠᠨ ᠭᠦᠮ ᠭᠤᠲᠤᠯ ᠤ᠋ᠨ ᠣᠷᠣᠨ ᠳ᠋ᠤ᠌ ᠬᠥᠯ ᠨᠢᠴᠦᠭᠦᠨ ᠳᠡᠪᠡᠷᠡᠵᠦ ᠳᠠᠰᠤᠭᠰᠠᠨ ᠴᠤ᠌ ᠬᠡᠭᠡᠷ᠎ᠡ ᠶ᠋ᠢᠨ ᠶᠡᠬᠡᠰ ᠨᠣᠶᠠᠳ ᠤ᠋ᠨ ᠳᠡᠭᠡᠷᠡᠩᠭᠦᠢ ᠬᠠᠷᠠᠴᠠ᠂ ᠠᠭᠡ ᠭᠦᠩᠵᠦᠰ ᠦ᠋ᠨ ᠱᠣᠣᠴᠢ ᠦᠭᠡᠨ ᠳ᠋ᠦ᠍ ᠯᠡ ᠣᠭᠲᠣ ᠳᠠᠰᠤᠭᠰᠠᠨ ᠦᠭᠡᠢ ᠪᠢᠯᠡ᠃ 
       ᠰᠠᠢᠬᠠᠨ ᠡᠴᠢᠭᠡ ᠶ᠋ᠢᠨ ᠴᠡᠭᠡᠵᠢ ᠲᠣᠯᠣᠭᠠᠢ ᠰᠠᠯᠤᠭᠰᠠᠨ ᠠ᠋ᠴᠠ ᠬᠣᠢᠰᠢ ᠲᠠᠪᠤᠨ ᠨᠠᠮᠤᠷ ᠤ᠋ᠨ ᠭᠦᠮᠦᠳᠠ ᠴᠡᠴᠡᠭ ᠬᠠᠭᠳᠠᠷᠠᠭᠰᠠᠨ ᠬᠡᠳᠦᠢ ᠴᠦ᠍ ᠬᠠᠭᠠᠨ ᠡᠵᠡᠨ ᠦ᠌ ᠪᠡᠨ ᠬᠠᠲᠤᠨ᠂ ᠠᠭᠡ ᠬᠣᠶᠠᠷ ᠢ᠋ ᠲᠠᠲ᠋ᠠᠷ ᠢᠷᠭᠡᠳ ᠬᠡᠵᠢᠶ᠎ᠡ ᠨᠢᠭᠡᠨ ᠴᠠᠭ ᠲᠤ᠌ ᠢᠷᠡᠵᠦ ᠠᠪᠤᠨ᠎ᠠ ᠭᠡᠮᠡᠨ ᠢᠲᠡᠭᠡᠵᠦ ᠬᠠᠷ᠎ᠠ ᠨᠢᠳᠦ ᠪᠡᠨ ᠴᠢᠯᠡᠲᠡᠯ᠎ᠡ ᠬᠠᠷᠭᠤᠢ ᠶ᠋ᠢᠨ ᠪᠠᠷ᠎ᠠ ᠰᠢᠷᠳᠡᠨ ᠰᠠᠭᠤᠬᠤ ᠪᠥᠯᠥᠭᠡ᠃ ᠬᠦᠦ ᠬᠠᠷᠪᠤᠭᠰᠠᠨ ᠰᠤᠮᠤ ᠰᠢᠭ᠋ ᠠᠮᠢᠲᠠᠨ ᠣᠨᠢ ᠪᠣᠰᠬᠠᠵᠤ᠂ ᠰᠢᠷᠢ ᠨᠥᠮᠥᠷᠭᠡᠭᠰᠡᠨ ᠣᠲᠣᠭᠠᠲᠤ ᠣᠪᠣᠬᠠᠢ ᠳ᠋ᠠᠭᠠᠨ ᠭᠦᠶᠦᠵᠦ ᠬᠦᠷᠬᠦ ᠳ᠋ᠦ᠍ ᠬᠠᠲᠤᠨ ᠢᠵᠢᠢ ᠨᠢ ᠬᠠᠲᠠᠭᠰᠠᠨ ᠬᠤᠰᠤᠨ ᠤ᠋ ᠦᠢᠰᠦ ᠤᠩᠭᠤᠳᠬᠠᠨ ᠭᠠᠯ ᠠᠰᠠᠭᠠᠵᠤ᠂ ᠪᠢᠴᠢᠬᠠᠨ ᠵᠢᠯᠠᠪᠴᠢ ᠲᠠᠯᠪᠢᠨ ᠴᠠᠢ ᠣᠢᠵᠤ ᠰᠠᠭᠤᠯ᠎ᠠ᠃ 
       — ᠬᠠᠲᠤᠨ ᠢᠵᠢᠢ ᠠ᠋᠂ ᠮᠣᠷᠢᠲᠠᠨ ᠠᠢᠰᠤᠢ᠃ 
       — ᠦ᠃ 
       — ᠶᠡᠬᠡ ᠶᠠᠭᠠᠷᠠᠤ ᠳᠣᠪᠲᠣᠯᠭᠠᠵᠤ ᠶᠠᠪᠤᠨ᠎ᠠ᠂ ᠯᠠᠪ ᠴᠢᠬᠤᠯᠠ ᠬᠡᠷᠡᠭ ᠢ᠋ᠶ᠋ᠡᠷ ᠶᠠᠪᠤᠭ᠎ᠠ ᠪᠢᠵᠡ᠃ 
       — ᠲᠡᠢᠮᠦ ᠪᠠᠢᠬᠤ ᠠ᠋ ᠭᠡᠰᠡᠨ ᠢ᠋ᠶ᠋ᠡᠨ ᠭᠦᠯᠮᠡᠷ ᠬᠠᠷ᠎ᠠ ᠨᠢᠳᠦᠨ ᠳ᠋ᠡᠭᠡᠨ ᠲᠠᠯᠮᠢᠶ᠎ᠠ ᠲᠠᠲᠠᠭᠤᠯᠤᠨ ᠬᠦᠦ ᠪᠡᠨ ᠬᠠᠷᠠᠯ᠎ᠠ᠃ ᠨᠢᠳᠤᠨᠤᠨ ᠡᠪᠦᠯ ᠥᠬᠢᠨᠪᠠᠷᠬᠠᠭ ᠤ᠋ᠨ ᠬᠥᠪᠡᠭᠦᠨ ᠬᠤᠲᠤᠭᠲᠤ ᠶ᠋ᠢᠨ ᠲᠣᠭᠣᠭ᠎ᠠ ᠥᠩᠭᠡᠢᠨ ᠭᠤᠷᠪᠠ ᠬᠣᠨᠣᠬᠤ ᠳ᠋ᠤ᠌ ᠭᠠᠷ ᠰᠤᠯᠠ ᠬᠠᠲᠤᠨ ᠠᠬᠠᠢ ᠶ᠋ᠢᠨ ᠦᠭᠭᠦᠭᠰᠡᠨ ᠢᠯᠭᠢᠨ ᠳᠡᠪᠡᠯ ᠲᠣᠮᠣᠳᠠᠵᠤ ᠪᠠᠢᠵᠤ ᠪᠢᠯᠡ᠃ ᠭᠡᠲᠡᠯ᠎ᠡ ᠣᠳᠣ ᠠᠮᠠ ᠪᠠᠷ ᠨᠢ ᠭᠠᠷᠬᠤ ᠨᠢ ᠠ᠋᠃ ᠬᠦᠦ ᠲᠣᠮᠣ ᠪᠣᠯᠵᠤ ᠪᠠᠢᠭ᠎ᠠ ᠶᠤᠮ ᠪᠠᠢᠨ᠎ᠠ ᠠ᠋᠃ 
       ᠴᠢᠩᠭᠢᠲᠡᠯ᠎ᠡ ᠨᠣᠢᠲᠠᠨ ᠰᠢᠷᠣᠢ ᠪᠥᠮᠪᠥᠷᠳᠡᠬᠦ ᠣᠯᠠᠨ ᠮᠣᠷᠢᠳ ᠤ᠋ᠨ ᠲᠦᠪᠡᠷᠭᠡᠨ ᠰᠣᠨᠣᠰᠳᠠᠵᠤ᠂ ᠰᠠᠯᠬᠢᠨ ᠮᠡᠲᠦ ᠬᠤᠷᠳᠤᠨ ᠨᠠᠭᠠᠰᠢᠯᠠᠬᠤ ᠳ᠋ᠤ᠌ ᠭᠤᠸ᠎ᠠ ᠬᠠᠲᠤᠨ ᠴᠡᠮᠴᠡᠭᠡᠷ ᠴᠠᠭᠠᠨ ᠡᠪᠦᠳᠦᠭ ᠢ᠋ᠶ᠋ᠡᠨ ᠣᠷᠢᠶᠠᠨ᠂ ᠳᠠᠪᠰᠢᠭᠤᠷᠭᠠᠳᠠᠵᠤ ᠰᠠᠭᠤᠭᠰᠠᠨ ᠤᠷᠠᠩᠬᠠᠢ ᠳᠡᠪᠡᠯ ᠦ᠋ᠨ ᠬᠣᠷᠮᠣᠢ ᠳᠣᠣᠷ᠎ᠠ ᠬᠢ ᠭᠠᠵᠠᠷ ᠲᠤᠷᠭᠢᠬᠤ ᠰᠢᠭ᠋ ᠰᠠᠨᠠᠭᠳᠠᠵᠤ ᠠᠪᠠᠢ᠃ ᠵᠢᠭᠠᠯ ᠬᠦᠦ ᠪᠠᠶᠠᠷᠯᠠᠨ ᠭᠦᠶᠦᠵᠦ ᠭᠠᠷᠪᠠ᠃ ᠶᠡᠷᠦ ᠭᠠᠷᠬᠤ ᠴᠤ᠌ ᠬᠡᠷᠡᠭ ᠦᠭᠡᠢ ᠠᠭᠠᠳ ᠪᠤᠷᠭᠠᠰᠤᠨ ᠳ᠋ᠤ᠌ ᠨᠥᠮᠥᠷᠭᠡᠭᠰᠡᠨ ᠰᠢᠷᠢ ᠰᠢᠷᠢᠳᠡᠭ ᠦ᠋ᠨ ᠵᠠᠪᠰᠠᠷ ᠢ᠋ᠶ᠋ᠠᠷ ᠠᠷᠪᠠᠭᠠᠳ ᠮᠣᠷᠢᠲᠠᠨ ᠳᠣᠪᠲᠣᠯᠭᠠᠨ ᠣᠳᠬᠤ ᠨᠢ ᠢᠯᠡᠬᠡᠨ ᠬᠠᠷᠠᠭᠳᠠᠵᠤ ᠪᠠᠢᠯ᠎ᠠ᠃ 
       — ᠬᠡᠨ ᠶᠦ᠍ᠮ ᠪᠣᠯ᠂ ᠬᠠᠲᠤᠨ ᠢᠵᠢᠢ ᠠ᠋? 
       — ᠬᠡᠷᠦᠯᠦᠨ ᠲᠣᠭᠣᠨᠣ ᠶ᠋ᠢᠨ ᠭᠠᠯᠴᠢ ᠨᠠᠷ ᠪᠠᠢᠨ᠎ᠠ᠃ 
       — ᠭᠠᠯᠴᠢ ᠠ᠋? 
       — ᠲᠡᠢᠮᠦ ᠠ᠋ ᠮᠢᠨᠦ ᠬᠦᠦ᠂ ᠬᠡᠷᠦᠯᠦᠨ ᠲᠣᠭᠣᠨᠣ ᠠᠭᠤᠯᠠ ᠶ᠋ᠢᠨ ᠣᠷᠣᠢ ᠳ᠋ᠤ᠌ ᠡᠳᠡ ᠨᠠᠷ ᠭᠠᠯ ᠲᠦᠯᠡᠳᠡᠭ ᠶᠦ᠍ᠮ᠃ ᠲᠡᠷᠡ ᠭᠠᠯ ᠤ᠋ᠨ ᠤᠲᠤᠭ᠎ᠠ᠂ ᠭᠡᠭᠡ ᠬᠣᠶᠠᠷ ᠪᠤᠷᠬᠠᠨ ᠬᠠᠯᠳᠤᠨ ᠤ᠋ ᠣᠷᠣᠢ ᠶ᠋ᠢᠨ ᠬᠠᠷᠠᠭᠤᠯ ᠳ᠋ᠤ᠌ ᠬᠠᠷᠠᠭᠳᠠᠬᠤ ᠤᠴᠢᠷ ᠲᠠᠢ ᠶᠤᠮ ᠭᠡᠨ᠎ᠡ ᠯᠠᠢ᠃ 
       — ᠭᠠᠯ ᠬᠠᠷᠠᠭᠠᠳ ᠶᠠᠭᠠᠬᠢᠬᠤ ᠬᠡᠷᠡᠭ ᠪᠣᠢ? ᠬᠠᠲᠤᠨ ᠢᠵᠢᠢ ᠠ᠋᠃ 
       — ᠨᠢᠭᠡᠨ ᠲᠦᠳᠡᠭ ᠠᠰᠠᠬᠤ ᠨᠢ ᠲᠠᠢᠪᠤᠩ ᠪᠠᠢᠨ᠎ᠠ ᠭᠡᠰᠡᠨ ᠳᠣᠬᠢᠶ᠎ᠠ ᠶᠤᠮ ᠭᠡᠨ᠎ᠡ ᠯᠠᠢ᠃ ᠲᠡᠭᠡᠭᠡᠳ ᠴᠦ᠍ ᠬᠠᠷᠠᠭᠤᠯ ᠰᠡᠷᠭᠡᠭ᠂ ᠰᠡᠷᠡᠭᠦᠨ ᠪᠠᠢᠭ᠎ᠠ ᠶ᠋ᠢ ᠨᠤᠲᠠᠯᠠᠳᠠᠭ ᠪᠢᠵᠡ ᠳᠡ᠃ 
       一 ᠬᠣᠶᠠᠷ ᠠᠰᠠᠪᠠᠯ? 
       一 ᠬᠣᠶᠠᠷ ᠲᠦᠳᠡᠭ ᠠᠰᠠᠪᠠᠯ《ᠡᠯᠴᠢ ᠢᠷᠡᠯ᠎ᠡ》 ᠭᠡᠰᠡᠨ ᠦᠭᠡ᠃ ᠭᠤᠷᠪᠠ ᠪᠣᠯᠪᠠᠯ《ᠳᠠᠢᠰᠤᠨ ᠳᠠᠭᠠᠷᠢᠯ᠎ᠠ》 ᠭᠡᠰᠡᠨ ᠬᠡᠯᠡ ᠶᠦᠮ ᠭᠡᠨ᠎ᠡ ᠯᠠᠢ᠃ 
       一 ᠳᠥᠷᠪᠡ ᠠᠰᠠᠪᠠᠯ? 
       一 ᠢᠵᠢᠢ ᠨᠢ ᠶᠠᠭᠠᠬᠢᠵᠤ ᠮᠡᠳᠡᠬᠦ ᠪᠣᠢ? ᠨᠣᠶᠠᠨ ᠴᠠᠢ ᠪᠠᠨ ᠵᠣᠭᠣᠭᠯᠠ ᠳᠠ ᠭᠡᠮᠡᠨ ᠬᠠᠯᠠᠭᠤᠨ ᠨᠠᠮᠤᠷ ᠢ᠋ᠶ᠋ᠠᠷ ᠬᠠᠭᠠᠨ ᠤᠳᠤᠮᠲᠤ ᠬᠦᠦ ᠳ᠋ᠦ᠍ ᠬᠠᠷ᠎ᠠ ᠴᠠᠢ ᠠᠶᠠᠭᠠᠯᠠᠵᠤ ᠪᠠᠷᠢᠯ᠎ᠠ᠃ ᠬᠠᠲᠤᠨ ᠢᠵᠢᠢ ᠶ᠋ᠢᠨ ᠭᠣᠣᠯ ᠬᠠᠷᠠᠯᠠᠪᠠᠴᠤ ᠬᠥᠮᠦᠨ ᠦ᠌ ᠭᠠᠵᠠᠷ ᠣᠯᠵᠠᠨ ᠳ᠋ᠤ᠌ ᠢᠷᠡᠭᠰᠡᠨ᠂ ᠭᠦᠨ ᠦ᠌ ᠨᠤᠲᠤᠭ ᠲᠤ᠌ ᠲᠣᠭᠣᠭ᠎ᠠ ᠥᠩᠭᠡᠢᠬᠦ ᠶᠠᠯ᠎ᠠ ᠶ᠋ᠢ ᠠᠪᠤᠭᠰᠠᠨ ᠬᠣᠶᠠᠷ ᠶᠠᠭᠠᠬᠢᠯᠲᠠ ᠴᠤ᠌ ᠦᠭᠡᠢ ᠰᠠᠨᠵᠠᠢ᠃ 
       一 ᠤᠭ ᠨᠢ ᠮᠡᠳᠡᠬᠦ ᠯᠡ ᠤᠴᠢᠷ ᠲᠠᠢ ᠣᠨᠢᠰᠣᠭ᠎ᠠ ᠪᠠᠢᠨ᠎ᠠ ᠭᠡᠳ ᠬᠠᠷ᠎ᠠ ᠴᠠᠢ ᠪᠠᠨ ᠬᠣᠰᠢᠭᠤ ᠴᠣᠷᠪᠣᠢᠯᠭᠠᠨ ᠣᠭᠣᠴᠢᠯᠠᠵᠤ᠂ ᠬᠠᠲᠠᠪᠴᠢ ᠳᠥᠰᠢᠨ ᠡᠭᠦᠳᠡ ᠪᠡᠷ ᠬᠠᠷᠠᠭᠰᠠᠨ ᠢ᠋ᠶ᠋ᠠᠨ᠂ 
       一 ᠬᠠᠲᠤᠨ ᠢᠵᠢᠢ ᠠ᠋᠂ ᠲᠠ ᠬᠠᠷᠠ ᠠ᠋᠃ ᠡᠯᠴᠢ ᠢᠷᠡᠵᠡᠢ ᠭᠡᠪᠡ᠃ ᠪᠦᠯᠵᠢᠭᠡᠨ ᠬᠠᠲᠤᠨ ᠬᠦᠦ ᠶ᠋ᠢᠨ ᠵᠢᠭᠠᠭᠰᠠᠨ ᠵᠦᠭ ᠲᠦ᠍ ᠬᠠᠷᠠᠪᠠᠯ ᠬᠡᠷᠦᠯᠦᠨ ᠲᠣᠭᠣᠨᠣ ᠶ᠋ᠢᠨ ᠣᠷᠣᠢ ᠳᠡᠭᠡᠷ᠎ᠡ ᠡᠴᠡ ᠬᠣᠶᠠᠷ ᠪᠠᠷᠠᠭᠠᠨ ᠤᠲᠤᠭ᠎ᠠ ᠲᠩᠷᠢ ᠥᠭᠡᠳᠡ ᠣᠯᠤᠭᠠᠢᠳᠠᠨ ᠪᠠᠢᠬᠤ ᠪᠥᠯᠥᠭᠡ᠃  

               
       ᠲᠠᠯ᠎ᠠ ᠶ᠋ᠢᠨ ᠳᠤᠮᠳᠠ ᠬᠢ ᠠᠭᠤᠯᠠ ᠶ᠋ᠢᠨ ᠣᠷᠣᠢ ᠠ᠋ᠴᠠ ᠵᠤᠯᠠᠷᠠᠨ ᠠᠯᠳᠠᠭᠤᠷᠠᠬᠤ ᠰᠠᠭᠠᠷᠠᠯ ᠮᠠᠨᠠᠨ ᠢ᠋ ᠬᠣᠷᠮᠣᠢᠳᠠᠨ ᠳᠠᠭᠠᠬᠤ ᠮᠡᠲᠦ ᠡᠬᠢᠯᠡᠭᠡᠳ ᠨᠢᠭᠡ᠂ ᠲᠤᠩ ᠤᠳᠠᠯ ᠦᠭᠡᠢ ᠬᠣᠶᠠᠳᠠᠬᠢ ᠤᠲᠤᠭ᠎ᠠ ᠪᠠᠭᠠᠭᠢᠨ ᠵᠠᠮᠠᠭᠷᠠᠵᠤ ᠲᠦᠳᠡᠬᠡᠨ ᠲᠦᠳᠡᠭ ᠴᠣᠷᠣᠯᠵᠠᠬᠤ ᠶ᠋ᠢ ᠬᠠᠭᠠᠨ ᠬᠦᠷᠢᠶ᠎ᠡ ᠰᠠᠬᠢᠵᠤ ᠵᠣᠭᠰᠣᠬᠤ ᠬᠠᠷᠠᠭᠤᠯ ᠤ᠋ᠨ ᠡᠷᠡᠰ ᠡᠴᠡ ᠡᠮᠦᠨ᠎ᠡ ᠲᠠᠢᠴᠢᠭᠤᠳ ᠤ᠋ᠨ ᠬᠠᠲᠠᠭᠠᠨ ᠬᠥᠪᠡᠭᠦᠨ ᠬᠠᠷᠠᠵᠤ᠂ 
       一 ᠶᠢᠰᠦᠭᠡᠢ ᠳᠡᠭᠦᠦ ᠴᠢ ᠬᠠᠷᠠᠭᠠᠴᠢ᠃ ᠡᠯᠴᠢ ᠢᠷᠡᠭᠰᠡᠨ ᠳᠣᠬᠢᠶ᠎ᠠ ᠪᠢᠰᠢ ᠤᠤ ᠭᠡᠬᠦ ᠳ᠋ᠦ᠍ ᠬᠠᠨᠳᠠᠭᠠᠢ ᠪᠤᠭᠤᠷᠤᠯ ᠮᠣᠷᠢᠨ ᠤ᠋ ᠪᠠᠨ ᠵᠢᠯᠣᠭᠣ ᠶ᠋ᠢ ᠲᠡᠳᠡᠨ ᠮᠠᠨᠠᠨ ᠰᠡᠬᠦᠵᠦ ᠰᠠᠷᠠᠪᠴᠢᠯᠠᠭᠰᠠᠨ ᠢ᠋ᠶ᠋ᠠᠨ 
       — ᠲᠠᠢᠴᠢᠭᠤᠳ ᠭᠠᠢᠬᠠᠳᠠᠭ ᠲᠠᠨ ᠤ᠋ ᠨᠢᠳᠦ ᠶ᠋ᠢ ᠶᠠᠭᠠᠬᠢᠵᠤ ᠭᠦᠢᠴᠡᠬᠦ ᠪᠣᠢ᠃ ᠬᠣᠶᠠᠷ ᠯᠠ ᠲᠦᠳᠡᠭ ᠪᠠᠢᠨ᠎ᠠ ᠳᠠ ᠭᠡᠪᠡᠯ ᠡᠮᠡᠭᠡᠯ ᠦ᠋ᠨ ᠢ᠋ᠶ᠋ᠡᠨ ᠠᠷᠤ ᠪᠠᠷ ᠰᠤᠷ ᠰᠠᠢᠲᠠᠢ ᠠᠷᠠᠰᠤ ᠰᠠᠭᠰᠠᠯᠵᠠᠭᠤᠯᠤᠨ ᠭᠠᠨᠵᠤᠭᠠᠯᠠᠭᠰᠠᠨ ᠵᠠᠯᠠᠭᠤ ᠳᠣᠲᠣᠷ ᠪᠢᠯᠭᠡ ᠴᠢᠬᠢᠨ᠂ 
       — ᠵᠥ᠋ᠪᠦ᠋ ᠠᠷᠪᠠᠨ ᠨᠠᠢ᠍ᠮᠠᠨ ᠠᠢᠮᠠᠭ  ᠲᠤ᠌ ᠬᠠᠲᠠᠭᠠᠨ ᠠᠨᠳᠠ ᠶ᠋ᠢ ᠭᠦᠢᠴᠡᠬᠦ ᠬᠠᠷᠠᠭ᠎ᠠ ᠲᠠᠢ ᠬᠥᠮᠦᠨ ᠪᠠᠢᠳᠠᠭ ᠦᠭᠡᠢ ᠪᠠᠢᠬᠤ ᠠ᠋ ᠭᠡᠮᠡᠨ ᠲᠦᠬᠦᠭᠡᠪᠡ᠃ ᠶᠢᠰᠦᠭᠡᠢ ᠮᠠᠨᠠᠨ ᠳᠤᠮᠳᠠ ᠵᠠᠯᠪᠠᠷᠢᠭᠰᠠᠨ ᠬᠥᠮᠦᠨ ᠰᠢᠭ ᠲᠦᠩᠬᠡᠢᠬᠦ ᠬᠡᠷᠦᠯᠦᠨ ᠲᠣᠭᠣᠨᠣ ᠤᠷᠤᠭᠤ ᠬᠠᠷᠠᠭᠠᠴᠢᠯᠠᠨ᠂ 
       — ᠳᠠᠢᠰᠤᠨ ᠤ᠋ ᠰᠤᠷᠠᠭ ᠯᠠᠪ ᠪᠢᠰᠢ ᠳᠡ ᠭᠡᠳ ᠲᠠᠢᠪᠤᠰᠢᠷᠠᠭᠰᠠᠨ ᠶᠠᠩᠵᠤ ᠲᠠᠢ ᠳᠥᠷᠥᠭᠡ ᠮᠤᠯᠲᠤᠯᠵᠤ ᠪᠠᠭᠤᠯ᠎ᠠ᠃ ᠡᠳᠦᠭᠡ ᠴᠢᠰᠤᠨ ᠲᠠᠮᠢᠷ ᠭᠦᠢᠴᠡᠵᠦ᠂ ᠡᠷ᠎ᠡ ᠶ᠋ᠢᠨ ᠰᠢᠭᠢᠷ᠎ᠡ ᠬᠠᠲᠠᠭᠠᠬᠤ ᠴᠢᠳᠠᠯ ᠪᠦᠷᠢᠳᠴᠦ ᠠᠷᠪᠠᠨ ᠵᠢᠷᠭᠤᠭ᠎ᠠ ᠬᠦᠷᠦᠭᠰᠡᠨ ᠲᠡᠭᠦᠨ ᠳ᠋ᠦ᠍ ᠲᠡᠢᠨ ᠦ᠌ ᠴᠢᠮᠡᠭᠡ᠂ ᠳᠠᠢᠰᠤᠨ ᠤ᠋ ᠰᠤᠷᠠᠭ ᠵᠡᠭᠦᠳᠦ ᠵᠡᠷᠭᠡᠯᠭᠡ ᠮᠡᠲᠦ ᠰᠣᠨᠣᠰᠤᠭᠳᠠᠬᠤ ᠪᠠᠨ ᠬᠡᠳᠦᠢᠨ ᠪᠣᠯᠢᠵᠠᠢ᠃ ᠶᠡᠷᠦ ᠢᠯᠳᠦ ᠬᠠᠷᠰᠢᠵᠤ᠂ ᠡᠷᠡᠰ ᠴᠢᠭᠤᠯᠬᠤ ᠴᠠᠭ ᠢᠷᠡᠪᠡᠯ ᠥᠪᠡᠷ ᠢ᠋ᠶ᠋ᠡᠨ ᠴᠦ᠍ ᠭᠡᠰᠡᠨ ᠲᠣᠭᠠᠲᠤ ᠡᠷᠡᠰ ᠦ᠋ᠨ ᠲᠣᠭᠠᠨ ᠳ᠋ᠤ᠌ ᠣᠷᠣᠵᠤ᠂ ᠲᠣᠷᠭᠠᠨ ᠵᠡᠪᠡ ᠶ᠋ᠢᠨ ᠥᠳᠥ ᠴᠢᠮᠬᠢᠬᠦ ᠨᠠᠰᠤᠨ ᠳ᠋ᠤ᠌ ᠬᠦᠷᠦᠭᠰᠡᠨ ᠦ᠌ ᠤᠴᠢᠷ ᠡᠢᠨ ᠪᠢᠲᠡᠭᠦᠬᠡᠨ ᠲᠦᠭᠰᠢᠭᠦᠷᠢ ᠳ᠋ᠦ᠍ ᠴᠢᠮᠡᠭᠡ ᠬᠦᠯᠢᠶᠡᠬᠦ ᠪᠣᠯᠤᠭᠰᠠᠨ ᠠᠪᠠᠢ᠃ ᠬᠣᠶᠠᠷ ᠨᠠᠢᠵᠠ ᠮᠣᠷᠢ ᠪᠠᠨ ᠤᠶᠠᠭᠠᠳ ᠬᠠᠭᠠᠨ ᠬᠦᠷᠢᠶᠡᠨ ᠦ᠌ ᠵᠡᠭᠦᠨ ᠤᠷᠲᠤ ᠵᠠᠬᠠᠳᠠᠭᠤᠬᠠᠨ ᠦᠷᠦᠭᠰᠡᠨ ᠭᠡᠷ ᠲᠡᠷᠭᠡ ᠤᠷᠤᠭᠤ ᠲᠠᠰᠢᠶᠠᠨ ᠳᠡᠭᠡᠷ᠎ᠡ ᠪᠡᠨ ᠨᠠᠢᠭᠤᠰᠬᠢᠨ ᠠᠯᠬᠤᠬᠤ ᠳ᠋ᠤ᠌ ᠨᠠᠰᠤ ᠳᠡᠭᠦᠦᠮᠡᠳ ᠶᠢᠰᠦᠭᠡᠢ ᠬᠥᠪᠡᠭᠦᠨ ᠠᠩ ᠤ᠋ᠨ ᠣᠯᠵᠠ᠂ ᠬᠠᠩᠭᠠᠢ ᠶ᠋ᠢᠨ ᠬᠡᠰᠢᠭ ᠢ᠋ᠶ᠋ᠡᠨ ᠭᠠᠨᠵᠤᠭ᠎ᠠ ᠭᠠᠨᠵᠤᠭᠠᠨ ᠠ᠋ᠴᠠ ᠲᠠᠢᠯᠵᠤ ᠠᠪᠤᠨ ᠬᠠᠶᠠᠯᠠᠵᠤ ᠵᠣᠭᠰᠣᠲᠠᠯ᠎ᠠ ᠴᠢᠷᠬ᠎ᠠ ᠪᠠᠭᠤᠷᠴᠢ ᠪᠥᠭᠲᠥᠭᠡᠨᠡᠨ ᠭᠦᠶᠦᠵᠦ ᠢᠷᠡᠯ᠎ᠡ᠃ ᠲᠡᠷᠡ ᠪᠡᠷ ᠥᠪᠡᠷ ᠢ᠋ ᠪᠡᠨ ᠵᠠᠯᠠᠭᠤ ᠨᠣᠶᠠᠨ ᠤ᠋ ᠡᠪᠦᠭᠡᠨ ᠨᠠᠢᠵᠠ ᠭᠡᠮᠡᠨ ᠶᠡᠬᠡ ᠯᠡ ᠪᠠᠬᠠᠷᠬᠠᠳᠠᠭ ᠲᠤᠯᠠ᠂ 
       — ᠵᠠᠯᠠᠭᠤᠰ ᠬᠡᠢᠮᠣᠷᠢ ᠲᠠᠢ ᠶᠠᠪᠤᠵᠠᠢ ᠭᠡᠮᠡᠨ ᠥᠪᠡᠷᠦᠮᠰᠡᠭᠯᠡᠬᠦ ᠳ᠋ᠦ᠍ ᠬᠥᠪᠡᠭᠦᠨ ᠪᠠᠰᠠ ᠬᠦ᠌ ᠳᠠᠷᠤᠤ ᠵᠠᠩᠨᠠᠨ᠂ 
       — ᠬᠣᠶᠠᠷ ᠠᠬ᠎ᠠ ᠶ᠋ᠢᠨ ᠯᠡ ᠪᠤᠶᠠᠨ ᠭᠡᠬᠦ ᠳ᠋ᠦ᠍ ᠡᠪᠦᠭᠡᠨ ᠪᠠᠭᠤᠷᠴᠢ ᠴᠢᠨᠣ᠎ᠠ ᠶ᠋ᠢᠨ ᠠᠷᠠᠰᠤ ᠰᠡᠭᠰᠦᠷᠦᠨ᠂ 
       — ᠴᠢᠨᠣ᠎ᠠ ᠬᠦᠷᠲᠡᠯ᠎ᠡ ᠪᠠᠢᠨ᠎ᠠ ᠭᠡᠭᠡᠴᠢ! ᠢᠯᠡᠭᠦᠦ ᠲᠩᠷᠢ ᠲᠡᠢ ᠳ᠋ᠡᠭᠡᠨ ᠠᠯᠠᠭᠳᠠᠳᠠᠭ ᠶᠤᠮ ᠭᠡᠨ᠎ᠡ ᠯᠠᠢ᠃ ᠰᠠᠢᠬᠠᠨ ᠠᠮᠢᠲᠠᠨ! ᠵᠠᠯᠠᠭᠤ ᠨᠣᠶᠠᠨ ᠲᠠ ᠲᠠᠢᠴᠢᠭᠤᠳ ᠢᠷᠭᠡᠨ ᠦ᠌ ᠰᠤᠷ ᠬᠠᠲᠠᠭᠠᠨ᠂ ᠮᠡᠷᠭᠢᠳ ᠠᠷᠠᠳ ᠤ᠋ᠨ ᠰᠤᠷ ᠳᠣᠲᠣᠷ ᠪᠢᠯᠭᠡ ᠶᠡᠬᠡᠰ ᠲᠡᠢ ᠨᠥᠬᠥᠷᠯᠡᠭᠰᠡᠨ ᠶᠦᠮ ᠴᠢᠨᠢ ᠠᠷᠭ᠎ᠠ ᠪᠠᠢᠵᠠᠢ ᠤᠤ ᠭᠡᠬᠦ  ᠳ᠋ᠤ᠌ ᠦᠭᠡ ᠶ᠋ᠢ ᠨᠢ ᠲᠠᠰᠤᠯᠤᠨ᠂ 
       — ᠨᠥᠬᠥᠷᠯᠡᠬᠦ ᠭᠡᠵᠦ ᠳᠡ᠂ ᠡᠳᠡ ᠴᠢᠨᠢ ᠠᠬ᠎ᠠ ᠨᠠᠷ᠃ ᠲᠠᠢᠴᠢᠭᠤᠳ ᠤ᠋ᠨ ᠬᠠᠲᠠᠭᠠᠨ ᠲᠠᠢᠰᠢ᠂ ᠲᠠᠯᠢᠢᠭᠠᠴᠢ ᠬᠠᠲᠠᠭᠠᠨ ᠠᠪᠠᠭ᠎ᠠ ᠲᠠᠢ ᠮᠢᠨᠢ ᠨᠡᠷ᠎ᠡ ᠨᠢᠭᠡ ᠰᠢᠭ ᠢ᠋ᠶ᠋ᠡᠨ ᠵᠢᠰᠦ ᠶᠡᠬᠡ ᠲᠥᠰᠲᠡᠢ ᠰᠢᠦ ᠬᠡᠮᠡᠪᠡᠯ᠂ 
       — ᠠᠬ᠎ᠠ ᠨᠢ ᠴᠦ᠍ ᠠᠬ᠎ᠠ ᠯᠠ ᠳᠠ᠃ ᠠᠷᠪᠠ ᠭᠠᠷᠤᠢ ᠨᠠᠰᠤ ᠪᠠᠷ ᠠᠬ᠎ᠠ ᠪᠠᠢᠬ᠎ᠠ᠂ ᠭᠡᠬᠦ ᠳ᠋ᠡᠭᠡᠨ ᠨᠣᠶᠠᠨᠲᠠᠨ ᠮᠢᠨᠢ ᠶᠠᠭᠤᠮ᠎ᠠ ᠰᠤᠷᠬᠤ ᠣᠷᠣᠢᠳᠠᠨ᠎ᠠ ᠤᠤ ᠭᠡᠬᠦ ᠡᠴᠡ ᠡᠷᠲᠡᠳᠡᠳᠡᠭ ᠦᠭᠡᠢ ᠶᠦᠮ ᠭᠡᠳ ᠣᠯᠠᠨ ᠠᠩ ᠤ᠋ᠨ ᠠᠷᠠᠰᠤ ᠶ᠋ᠢ ᠳᠠᠭᠠᠭᠠᠵᠤ ᠶᠠᠳᠠᠨ ᠲᠡᠪᠡᠷᠢᠭᠰᠡᠭᠡᠷ ᠭᠡᠷ ᠲᠡᠷᠭᠡ ᠤᠷᠤᠭᠤ ᠪᠠᠨ ᠣᠳᠴᠤ ᠠᠪᠠᠢ᠃ 
       — ᠴᠢᠷᠬ᠎ᠠ᠂ ᠶᠠᠭᠤᠨ ᠡᠯᠴᠢ ᠢᠷᠡᠬᠦ ᠨᠢ ᠡᠨᠡ ᠪᠣᠢ? 
       — ᠠᠯᠲᠠᠨ ᠤᠯᠤᠰ ᠠ᠋ᠴᠠ ᠶᠤᠮ ᠪᠠᠢᠬ᠎ᠠ ᠠ᠋ 
       — ᠬᠠᠭᠠᠨᠲᠠᠨ ᠳᠡᠭᠡᠭᠰᠢᠯᠡᠭᠰᠡᠨ ᠤᠤ ᠭᠡᠬᠦ ᠳ᠋ᠦ᠍ ᠴᠢᠷᠬ᠎ᠠ ᠪᠠᠭᠤᠷᠴᠢ ᠨᠢᠳᠦ ᠪᠡᠷ ᠢ᠋ᠶ᠋ᠡᠨ ᠠᠭᠤᠯᠠ ᠶ᠋ᠢᠨ ᠣᠷᠣᠢ ᠤᠷᠤᠭᠤ ᠲᠣᠬᠢᠬᠤ ᠵᠦᠭ ᠲᠦ᠍ ᠬᠠᠷᠠᠪᠠᠯ ᠬᠡᠷᠦᠯᠦᠨ ᠡᠮᠵᠢᠵᠦ ᠤᠷᠤᠰᠤᠭᠰᠠᠨ ᠪᠤᠷᠬᠠᠨ ᠠᠭᠤᠯᠠ ᠶ᠋ᠢᠨ ᠣᠷᠣᠢ ᠳ᠋ᠤ᠌ ᠡᠪᠦᠭᠡᠨ ᠬᠠᠭᠠᠨ ᠪᠠᠷ᠎ᠠ ᠪᠣᠯᠤᠭᠠᠴᠢᠳ ᠤ᠋ᠨ ᠢ᠋ᠶ᠋ᠠᠨ ᠬᠠᠮᠲᠤ ᠵᠠᠯᠠᠷᠠᠵᠤ᠂ ᠲᠡᠭᠦᠨ ᠦ᠌ ᠨᠠᠭᠠᠨ᠎ᠠ ᠠ᠋ᠴᠠ ᠡᠯᠴᠢ ᠢᠷᠡᠪᠡ ᠭᠡᠮᠡᠨ ᠳᠣᠭᠣᠯᠭᠠᠬᠤ ᠬᠡᠰᠢᠭᠲᠡᠨ ᠴᠡᠷᠢᠭ ᠳᠣᠪᠲᠣᠯᠭᠠᠵᠤ ᠶᠠᠪᠤᠯ᠎ᠠ᠃ ᠶᠡᠷᠦ ᠢᠯᠡᠭᠦᠦ ᠠᠵᠢᠯ ᠪᠢᠵᠡ᠃ ᠬᠠᠪᠤᠯ ᠬᠠᠭᠠᠨ ᠬᠦᠷᠢᠶᠡᠨ ᠦ᠌ ᠬᠠᠷᠠᠭᠤᠯ ᠠ᠋ᠴᠠ ᠤᠷᠢᠲᠠᠵᠤ᠂ ᠪᠠᠰᠠ ᠠᠩ ᠤ᠋ᠨ ᠬᠠᠷᠠᠴᠤᠳ ᠠ᠋ᠴᠠ ᠥᠷᠢᠰᠴᠦ᠂ ᠬᠡᠷᠦᠯᠦᠨ ᠲᠣᠭᠣᠨᠣ ᠶ᠋ᠢᠨ ᠪᠠᠷ᠎ᠠ ᠶ᠋ᠢ ᠬᠠᠷᠠᠭᠰᠠᠨ ᠶᠤᠮ ᠰᠠᠨᠵᠠᠢ᠃ ᠬᠦᠷᠢᠶ᠎ᠡ ᠳᠠᠶᠠᠭᠠᠷ ᠨᠠᠮ ᠭᠦᠮ ᠪᠣᠯᠬᠤ ᠰᠢᠭ᠋ ᠰᠠᠨᠠᠭᠳᠠᠪᠠ᠃ ᠭᠠᠭᠴᠠ ᠶᠢᠰᠦᠭᠡᠢ ᠳ᠋ᠦ᠍ ᠴᠦ᠍ ᠡᠢᠨ ᠪᠣᠳᠣᠭᠳᠠᠭᠰᠠᠨ ᠬᠡᠷᠡᠭ ᠪᠢᠰᠢ ᠠᠭᠠᠳ ᠬᠠᠲᠠᠭᠠᠨ ᠰᠠᠯᠬᠢ ᠮᠡᠲᠦ ᠱᠤᠤᠭᠢᠨ ᠭᠠᠷᠴᠤ ᠢᠷᠡᠭᠰᠡᠨ ᠢ᠋ᠶ᠋ᠡᠨ᠂  
       — ᠶᠡᠬᠡᠰ ᠢ᠋ ᠲᠠᠯᠪᠢᠭᠰᠠᠨ ᠦᠲᠦᠭ ᠰᠢᠭ᠂ ᠢᠬᠢᠷ᠎ᠡ ᠪᠡᠨ ᠪᠤᠯᠠᠭᠰᠠᠨ ᠥᠷᠥᠭᠡᠰᠦᠨ ᠰᠢᠭ ᠶᠠᠭᠤᠨ ᠠᠵᠢᠨ ᠳᠥᠵᠢᠨ ᠪᠣᠯᠴᠢᠬᠠᠪᠠ ᠠ᠋ ᠭᠡᠬᠦ ᠳ᠋ᠦ᠍ ᠳᠣᠲᠣᠷ ᠪᠢᠯᠭᠡ ᠴᠢᠬᠢᠨ ᠬᠥᠭᠵᠢᠯᠲᠡᠢ ᠬᠥᠬᠥᠷᠡᠨ᠂ 
       — ᠬᠠᠲᠠᠭᠠᠨ ᠠᠨᠳᠠ ᠣᠢ ᠳ᠋ᠤ᠌ ᠣᠴᠢᠵᠤ ᠤᠲᠤᠭᠠᠨ ᠳ᠋ᠤ᠌ ᠰᠠᠭᠤᠭᠰᠠᠨ ᠪᠢᠰᠢ᠂ ᠬᠡᠭᠡᠷ᠎ᠡ ᠭᠠᠷᠴᠤ ᠬᠡᠴᠡ ᠳᠡᠷᠡᠯᠡᠭᠰᠡᠨ ᠪᠢᠰᠢ᠂ ᠬᠦᠷᠢᠶᠡᠨ ᠦ᠌ ᠪᠡᠨ ᠴᠢᠮᠡᠭᠡ ᠱᠤᠤᠭᠢᠶᠠᠨ᠂ ᠬᠡᠦᠬᠡᠨ ᠨᠦ᠍ᠭᠦᠳ ᠦ᠋ᠨ ᠢ᠋ᠶ᠋ᠡᠨ ᠣᠷᠢᠯᠠᠭᠠᠨ ᠴᠢᠷᠠᠯᠠᠭᠠᠨ ᠢ᠋ ᠰᠠᠨᠠᠵᠠᠢ ᠳᠠ᠂ ᠶᠠᠩᠵᠤ ᠨᠢ ᠭᠡᠯ᠎ᠡ᠃ ᠬᠠᠲᠠᠭᠠᠨ ᠤ᠋ ᠴᠢᠷᠠᠢ ᠤᠯᠠᠰᠬᠢᠨ ᠶᠢᠰᠦᠭᠡᠢ ᠶ᠋ᠢ ᠬᠠᠯᠲᠤ ᠬᠠᠷᠠᠭᠰᠠᠨ ᠢ᠋ᠶ᠋ᠠᠨ 
       — ᠳᠡᠭᠦᠦ ᠬᠦᠦ ᠶ᠋ᠢᠨ ᠳᠡᠷᠭᠡᠳᠡ᠁ ᠭᠡᠭᠰᠡᠭᠡᠷ ᠬᠥᠭᠡᠭᠡᠴᠡᠯᠳᠦᠨ ᠣᠷᠣᠵᠤ᠂ ᠲᠦᠳᠡᠬᠡᠨ ᠭᠡᠷ ᠲᠡᠷᠭᠡ ᠨᠣᠴᠣᠯᠳᠤᠬᠤ ᠰᠣᠨᠣᠰᠳᠠᠵᠤ ᠠᠪᠠᠢ ᠶᠠᠢᠵᠢᠬᠢᠨᠠᠲᠠᠯ᠎ᠠ᠃ ᠢᠳᠡᠷ ᠰᠠᠢᠬᠠᠨ ᠠᠬ᠎ᠠ ᠨᠠᠷ ᠤ᠋ᠨ ᠡᠯ᠎ᠡ ᠬᠥᠭᠵᠢᠶᠡᠨ ᠨᠠᠷᠭᠢᠶᠠᠨ ᠳ᠋ᠤ᠌ ᠪᠡᠶᠡᠰᠦᠨ ᠵᠣᠭᠰᠣᠭᠰᠠᠨ ᠶᠢᠰᠦᠭᠡᠢ ᠶ᠋ᠢᠨ ᠴᠢᠷᠠᠢ ᠶ᠋ᠢ ᠠᠯᠭᠤᠷ ᠭᠤᠨᠢᠭ ᠪᠦᠷᠬᠦᠵᠦ᠂ ᠪᠦᠯᠵᠢᠭᠡᠨ ᠭᠤᠸ᠎ᠠ ᠬᠠᠲᠤᠨ ᠤ᠋ ᠨᠣᠢᠲᠠᠨ ᠰᠣᠷᠮᠤᠤᠰᠤ ᠲᠠᠢ ᠨᠣᠮᠣᠬᠠᠨ ᠬᠠᠷ᠎ᠠ ᠨᠢᠳᠦ ᠦᠵᠡᠭᠳᠡᠬᠦ ᠰᠢᠭ ᠪᠣᠯᠪᠠ᠃《ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ ᠰᠣᠨᠣᠰᠤᠭᠰᠠᠨ ᠶᠠᠩᠬᠠᠨ》 ᠭᠡᠮᠡᠨ ᠠᠯᠪᠠᠲᠤ ᠢᠷᠭᠡᠳ ᠲᠡᠭᠦᠨ ᠳ᠋ᠦ᠍ ᠳᠤᠷ᠎ᠠ ᠦᠭᠡᠢ ᠠᠭᠠᠳ ᠣᠴᠢᠬᠤ ᠳ᠋ᠤᠨᠢ ᠰᠣᠯᠣᠭᠠᠢ ᠬᠠᠲᠠᠪᠴᠢ ᠪᠠᠷ ᠢ᠋ᠶ᠋ᠠᠨ ᠬᠠᠷᠠᠵᠤ᠂ ᠪᠤᠷᠤᠭᠤ ᠡᠭᠦᠳᠡ ᠪᠡᠷ ᠢ᠋ᠶ᠋ᠡᠨ ᠭᠠᠷᠴᠤ ᠣᠴᠢᠵᠤ ᠲᠣᠯᠣᠭᠠᠢ ᠬᠣᠷᠭᠣᠳᠠᠬᠤ ᠭᠠᠵᠠᠷ᠂ ᠲᠣᠭᠣᠭ᠎ᠠ ᠨᠣᠷᠭᠠᠬᠤ ᠤᠰᠤ ᠲᠡᠳᠦᠢ ᠶ᠋ᠢ ᠵᠢᠭᠠᠵᠤ ᠥᠭᠳᠡᠭ ᠴᠦ᠍ ᠶᠢᠰᠦᠭᠡᠢ ᠶ᠋ᠢᠨ ᠰᠡᠳᠬᠢᠯ ᠡᠴᠡ ᠦᠯᠦ ᠬᠣᠯᠠᠳᠬᠤ ᠰᠢᠳᠢ ᠶ᠋ᠢ ᠣᠯᠵᠤ ᠱᠦᠭᠯᠡᠭᠰᠡᠨ ᠮᠡᠲᠦ ᠰᠠᠨᠠᠭᠳᠠᠨ᠎ᠠ᠃ ᠲᠡᠷᠡ ᠪᠡᠷ ᠬᠣᠶᠠᠷ ᠨᠢᠭᠡᠨ ᠤᠳᠠᠭ᠎ᠠ ᠥᠷᠥᠭᠡᠯ ᠡᠴᠡ ᠪᠠᠢᠲᠤᠭᠠᠢ ᠥᠪᠡᠷ ᠡᠴᠡ ᠪᠡᠨ ᠨᠢᠭᠤᠵᠤ ᠣᠴᠢᠭᠰᠠᠨ ᠨᠢ ᠪᠣᠢ᠃ ᠶᠡᠷᠦ ᠵᠠᠮ ᠵᠠᠭᠤᠷ᠎ᠠ ᠣᠷᠣ ᠰᠠᠨᠠᠭᠠᠨ ᠳ᠋ᠤ᠌ ᠦᠭᠡᠢ ᠲᠠᠭᠠᠷᠠᠯᠳᠤᠭᠰᠠᠨ ᠳᠦᠷᠢ ᠡᠰᠬᠡᠵᠦ᠂ 
      — ᠬᠠᠲᠤᠨ ᠲᠠ ᠠᠮᠤᠭᠤᠯᠠᠩ ᠤᠤ? ᠭᠡᠪᠡᠯ ᠮᠣᠷᠢ ᠦᠷᠭᠦᠮ᠎ᠡ ᠨᠠᠪᠰᠠᠭᠠᠷ ᠬᠤᠪᠴᠠᠰᠤ ᠲᠠᠢ ᠵᠢᠭᠠᠯ ᠨᠣᠶᠠᠨ ᠬᠢᠯᠢᠩᠲᠦ ᠬᠠᠷᠠᠴᠠ ᠪᠠᠷ ᠲᠠᠰᠤ ᠰᠢᠷᠪᠢᠵᠦ᠂ 
       — ᠳᠠᠪᠠᠯᠠᠵᠤ ᠠᠰᠠᠭᠤᠨ᠎ᠠ ᠤᠤ᠂ ᠲᠠ ᠬᠡᠮᠡᠬᠦ ᠳ᠋ᠦ᠍ ᠥᠵᠢᠨ ᠢᠵᠢᠢ ᠬᠦᠦ ᠶ᠋ᠢᠨ ᠢ᠋ᠶ᠋ᠡᠨ ᠳᠦᠩᠵᠢᠨ ᠲᠣᠯᠣᠭᠠᠢ ᠶ᠋ᠢ ᠰᠦᠮᠪᠡ ᠮᠡᠲᠦ ᠬᠤᠷᠤᠭᠤ ᠲᠠᠢ ᠭᠠᠷ ᠤ᠋ᠨ ᠢ᠋ᠶ᠋ᠠᠨ ᠲᠣᠷᠭ᠎ᠠ ᠮᠡᠲᠦ ᠵᠥᠭᠡᠯᠡᠨ ᠪᠠᠢᠵᠤ ᠮᠡᠳᠡᠬᠦ ᠬᠠᠯᠠᠭᠤᠨ ᠠᠯᠠᠭ᠎ᠠ ᠪᠠᠷ ᠢᠯᠢᠨ᠂ 
       — ᠮᠢᠨᠦ ᠬᠦᠦ᠂ ᠲᠡᠭᠡᠵᠦ ᠪᠣᠯᠳᠠᠭ ᠦᠭᠡᠢ ᠶᠦᠮ ᠭᠡᠰᠡᠨ ᠢ᠋ᠶ᠋ᠡᠨ ᠶᠢᠰᠦᠭᠡᠢ ᠬᠥᠪᠡᠭᠦᠨ ᠤᠷᠤᠭᠤ ᠤᠰᠬᠠᠯ ᠵᠥᠭᠡᠯᠡᠨ ᠬᠠᠷᠠᠴᠠ ᠮᠡᠯᠮᠡᠷᠡᠭᠦᠯᠦᠨ ᠰᠢᠷᠳᠡᠵᠦ᠂ 
       — ᠲᠠ ᠪᠦᠭᠦᠳᠡ ᠶ᠋ᠢᠨ ᠪᠤᠶᠠᠨ ᠳ᠋ᠤ᠌ ᠭᠠᠢᠭᠤᠢ ᠳᠠ ᠭᠡᠰᠡᠨ ᠨᠢ ᠴᠠᠭᠠᠨ᠎ᠠ ᠪᠠᠨ ᠵᠠᠭᠤᠩᠭᠢ᠂ ᠪᠠᠰᠠ ᠬᠦ᠌ ᠶᠥᠭᠡ ᠲᠡᠢ ᠰᠣᠨᠣᠰᠳᠠᠵᠤ ᠠᠪᠠᠢ᠃ ᠶᠢᠰᠦᠭᠡᠢ ᠤᠨᠤᠭ᠎ᠠ ᠮᠣᠷᠢᠨ ᠤ᠋ ᠪᠠᠨ ᠲᠠᠯᠤᠨ ᠳᠡᠭᠡᠷ᠎ᠡ ᠴᠤᠯᠪᠤᠭᠤᠷ ᠭᠣᠭᠴᠣᠭᠠᠷᠠᠭᠤᠯᠤᠨ ᠲᠣᠬᠣᠢᠯᠳᠠᠵᠤ᠂ 
       — ᠬᠡᠨ ᠨᠣᠶᠠᠨ ᠤ᠋ ᠬᠦᠷᠢᠶ᠎ᠡ ᠪᠠᠷᠠᠳᠠᠵᠤ ᠶᠠᠪᠤᠨ᠎ᠠ ᠳᠠ? ᠭᠡᠪᠡᠯ᠂ 
       — ᠥᠨᠥ ᠰᠥᠨᠢ ᠥᠬᠢᠨᠪᠠᠷᠬᠠᠭ ᠬᠠᠨ ᠤ᠋ ᠬᠦᠷᠢᠶᠡᠨ ᠦ᠌ ᠬᠠᠶᠠᠭ᠎ᠠ ᠪᠠᠷᠠᠳᠠᠵᠤ᠂ ᠬᠠᠲᠠᠪᠴᠢ ᠨᠥᠮᠥᠷᠢᠯᠡᠬᠦ ᠶᠠᠯ᠎ᠠ ᠲᠠᠢ ᠪᠢᠯᠡ᠂ ᠨᠣᠶᠠᠨᠲᠠᠨ ᠠ᠋ ᠬᠡᠮᠡᠵᠡᠢ᠃ 
       — ᠠᠪᠠᠭ᠎ᠠ ᠶ᠋ᠢᠨ ᠬᠢ ᠬᠠᠷ᠎ᠠ ᠵᠢᠷᠦᠬᠡᠨ ᠦ᠌ ᠬᠥᠬᠡ ᠨᠠᠭᠤᠷ ᠲᠤ᠌ ᠨᠤᠲᠤᠭᠯᠠᠵᠤ ᠪᠠᠢᠭ᠎ᠠ᠂ ᠬᠣᠯᠠ ᠰᠢᠦ ᠳᠡ᠃  
       — ᠤᠨᠤᠭ᠎ᠠ ᠤᠨᠤᠬᠤ ᠵᠠᠶᠠᠭ᠎ᠠ ᠦᠭᠡᠢ᠂ ᠣᠨᠢ ᠤᠨᠤᠬᠤ ᠵᠠᠶᠠᠭ᠎ᠠ ᠲᠠᠢ ᠪᠢᠯᠡ᠂ ᠪᠢᠳᠡ᠃ 
       — ᠴᠢᠨᠣ᠎ᠠ ᠨᠣᠬᠠᠢ ᠳ᠋ᠤ᠌ ᠪᠠᠷᠢᠭᠤᠯᠴᠢᠬᠠᠪᠠ ᠳᠠ! 
       — ᠰᠠᠨᠠᠭ᠎ᠠ ᠲᠠᠯᠪᠢᠭᠰᠠᠨ ᠳ᠋ᠤ᠌ ᠭᠢᠯᠠᠢᠯ᠎ᠠ ᠭᠡᠰᠡᠨ ᠢ᠋ᠶ᠋ᠡᠨ ᠥᠵᠢᠨ ᠢᠵᠢᠢ ᠪᠠᠭᠯᠠᠵᠤ ᠡᠭᠦᠷᠦᠭᠰᠡᠨ ᠪᠤᠷᠭᠠᠰᠤᠨ ᠣᠨᠢ ᠪᠠᠨ ᠳᠡᠭᠡᠭᠰᠢᠯᠡᠭᠦᠯᠬᠦ ᠭᠡᠵᠦ ᠰᠤᠭᠰᠤᠷᠬᠤ ᠳ᠋ᠤ᠌ ᠴᠡᠭᠡᠵᠢ ᠴᠢᠮᠡᠭᠰᠡᠨ ᠬᠣᠶᠠᠷ ᠪᠤᠮᠪᠠᠭᠠᠷ ᠬᠥᠬᠥ ᠨᠢ ᠴᠡᠴᠡᠷᠭᠡᠨᠡᠨ᠂ ᠨᠠᠮᠤᠷ ᠤ᠋ᠨ ᠰᠠᠯᠬᠢᠨ ᠳ᠋ᠤ᠌ ᠬᠥᠯ ᠢ᠋ ᠨᠢ ᠴᠡᠪᠴᠡᠢᠲᠡᠯ᠎ᠡ ᠣᠷᠢᠶᠠᠭᠰᠠᠨ ᠨᠢᠮᠭᠡᠨ ᠲᠡᠷᠯᠢᠭ ᠦ᠋ᠨ ᠬᠣᠷᠮᠣᠢ ᠶ᠋ᠢᠨ ᠴᠢᠨᠠᠳᠤ ᠮᠢᠬᠠᠯᠢᠭᠳᠠᠭᠤ ᠭᠤᠶ᠎ᠠ ᠨᠢ ᠴᠢᠯᠢᠢᠵᠦ ᠪᠠᠢᠬᠤ ᠶ᠋ᠢ ᠠᠩᠵᠠᠭᠠᠷᠠᠵᠤ᠂ ᠡᠢᠨ ᠮᠡᠳᠡᠷᠡᠭᠰᠡᠨ ᠳ᠋ᠡᠭᠡᠨ ᠤᠴᠢᠷ ᠦᠭᠡᠢ ᠢᠴᠢᠵᠦ᠂ ᠡᠬᠡ ᠬᠦᠦ ᠬᠣᠶᠠᠷ ᠤ᠋ᠨ ᠬᠣᠯᠠᠳᠤᠨ ᠣᠳᠬᠤ ᠶ᠋ᠢ ᠴᠣ ᠮᠡᠳᠡᠭᠡ ᠦᠭᠡᠢ ᠪᠢᠯᠡ᠃ ᠡᠯ᠎ᠡ ᠰᠠᠢᠬᠠᠨ ᠳᠤᠷᠠᠰᠤᠮᠵᠢ ᠨᠢᠳᠦᠨ ᠦ᠌ ᠬᠢᠨᠢ ᠡᠮᠦᠨ᠎ᠡ ᠠᠮᠢᠯᠠᠬᠤ ᠳ᠋ᠤ᠌ ᠤᠴᠢᠷ ᠦᠭᠡᠢ ᠪᠡᠶᠡᠰᠦᠨ ᠴᠡᠭᠡᠵᠢ ᠳᠦᠭᠦᠷᠡᠩ ᠠᠮᠢᠰᠬᠤᠯᠯᠠᠬᠤ ᠦᠶᠡᠰ᠂ 
       — ᠳᠡᠭᠦᠦ ᠨᠣᠶᠠᠨᠲᠠᠨ ᠠ᠋ ᠭᠡᠬᠦ ᠬᠠᠲᠠᠭᠠᠨ ᠤ᠋ ᠳᠠᠭᠤ ᠲᠡᠭᠦᠨ ᠦ᠌ ᠪᠣᠳᠣᠯ ᠢ᠋ ᠲᠠᠰᠤᠯᠪᠠ᠃ 
       — ᠠᠯᠲᠠᠨ ᠤᠯᠤᠰ ᠤ᠋ᠨ ᠡᠯᠴᠢ ᠢᠷᠡᠬᠦ ᠭᠡᠨ᠎ᠡ᠃ ᠪᠢᠳᠡ ᠡᠪᠦᠭᠡᠨ ᠬᠠᠭᠠᠨ ᠤ᠋ ᠥᠷᠭᠥᠭᠡ ᠤᠷᠤᠭᠤ ᠶᠠᠪᠤᠯ᠎ᠠ ᠭᠡᠳ ᠶᠡᠬᠡ ᠤᠷᠲᠤ ᠲᠠᠢᠰᠢ ᠶᠠᠭᠠᠷᠠᠨ ᠠᠯᠬᠤᠬᠤ ᠳ᠋ᠤ᠌ ᠬᠤᠷ᠎ᠠ ᠶ᠋ᠢᠨ ᠳᠠᠷᠠᠭᠠᠬᠢ ᠲᠠᠯ᠎ᠠ ᠶ᠋ᠢᠨ ᠳᠡᠭᠡᠭᠦᠷ ᠬᠠᠷᠪᠤᠭᠰᠠᠨ ᠰᠤᠮᠤ ᠰᠢᠭ᠋ ᠮᠣᠷᠢᠲᠠᠨ ᠡᠷᠡᠰ ᠵᠦᠭ ᠵᠦᠭ ᠡᠴᠡ ᠴᠢᠪᠬᠠᠳᠠᠨ ᠠᠢᠰᠤᠢ ᠠᠵᠢ᠃  

              3  
       ᠤᠯᠠᠭᠴᠢᠨ ᠲᠠᠤᠯᠠᠢ ᠵᠢᠯ ᠦ᠋ᠨ(1147 ᠣᠨ) ᠨᠠᠮᠤᠷ ᠤ᠋ᠨ ᠳᠤᠮᠳᠠ ᠰᠠᠷ᠎ᠠ ᠶ᠋ᠢᠨ ᠰᠢᠨ᠎ᠡ ᠶ᠋ᠢᠨ ᠠᠷᠪᠠᠨ ᠳᠣᠯᠣᠭᠠᠨ ᠤ᠋ ᠪᠡᠯᠭᠡᠲᠦ ᠡᠳᠦᠷ ᠢ᠋ ᠬᠣᠯᠠ ᠠ᠋ᠴᠠ ᠪᠣᠳᠣᠵᠤ᠂ ᠠᠯᠤᠰ ᠠ᠋ᠴᠠ ᠲᠣᠪᠯᠠᠵᠤ ᠢᠷᠡᠭᠰᠡᠨ ᠡᠯᠴᠢ ᠶ᠋ᠢᠨ ᠨᠡᠷ᠎ᠡ ᠰᠢᠶᠣᠤ ᠪᠢᠶᠣᠤ ᠱᠤ᠌᠊ᠦ᠋ ᠨᠥ ᠬᠡᠮᠡᠬᠦ ᠠᠭᠠᠳ ᠠᠯᠲᠠᠨ ᠤᠯᠤᠰ ᠤ᠋ᠨ ᠦᠵᠢᠮᠠᠢ ᠮᠡᠷᠭᠡᠨ ᠬᠠᠭᠠᠨ ᠤ᠋ ᠰᠢᠳᠠᠷ ᠰᠠᠢᠳ ᠪᠥᠯᠥᠭᠡ᠃ ᠲᠡᠷᠡ ᠪᠡᠷ ᠶᠢᠰᠦᠨ ᠶᠢᠰᠦ ᠨᠠᠶᠠᠨ ᠨᠢᠭᠡᠨ ᠴᠠᠭᠠᠨ ᠲᠡᠮᠡᠭᠡ ᠪᠡᠯᠡᠭ ᠦ᠋ᠨ ᠠᠴᠢᠶ᠎ᠠ ᠬᠢᠭᠡᠳ ᠲᠡᠭᠦᠨ ᠢ᠋ ᠬᠠᠮᠠᠭᠠᠯᠠᠨ ᠭᠠᠷᠤᠭᠰᠠᠨ ᠮᠢᠩᠭᠠᠲᠤ ᠴᠡᠷᠢᠭ ᠢ᠋ᠶ᠋ᠡᠨ ᠳᠠᠭᠠᠭᠤᠯᠤᠨ ᠲᠤᠭ ᠬᠢᠭᠢᠷᠢ᠂ ᠲᠠᠲᠠᠷ ᠴᠠᠴᠤᠭ ᠪᠣᠯᠤᠭᠰᠠᠭᠠᠷ ᠢᠷᠡᠵᠦ ᠪᠢᠯᠡ᠃ ᠡᠷᠬᠢᠮ ᠡᠯᠴᠢ᠂ ᠬᠠᠭᠠᠨ ᠬᠦᠷᠢᠶᠡᠨ ᠡᠴᠡ ᠭᠤᠷᠪᠠᠨ ᠰᠠᠭᠠᠬᠠᠯᠲᠠ ᠶ᠋ᠢᠨ ᠵᠠᠢ ᠳ᠋ᠤ᠌ ᠪᠠᠭᠤᠵᠤ ᠲᠥᠪᠬᠢᠨᠡᠭᠡᠳ ᠴᠠᠢ ᠴᠢᠨᠠᠬᠤ ᠶ᠋ᠢᠨ ᠬᠢᠷᠢ ᠬᠤᠭᠤᠴᠠᠭ᠎ᠠ ᠥᠩᠭᠡᠷᠡᠭᠰᠡᠨ ᠦ᠌ ᠳᠠᠷᠠᠭ᠎ᠠ ᠥᠪᠡᠷ ᠦ᠋ᠨ ᠪᠠᠷᠠᠭᠤᠨ ᠭᠠᠷ ᠤ᠋ᠨ ᠲᠦᠰᠢᠮᠡᠯ ᠢ᠋ ᠪᠠᠷᠠᠯᠬᠠᠬᠤ ᠰᠣᠶᠣᠷᠬᠠᠯ ᠭᠣᠶᠣᠯᠭᠠᠵᠦ ᠲᠩᠷᠢ ᠶ᠋ᠢᠨ ᠥᠩᠭᠡᠲᠦ ᠲᠠᠷᠮ᠎ᠠ᠂ ᠠᠭᠤᠯᠠ ᠶ᠋ᠢᠨ ᠥᠩᠭᠡᠲᠦ ᠪᠦᠰᠡ᠂ ᠭᠠᠵᠠᠷ ᠤ᠋ᠨ ᠥᠩᠭᠡᠲᠦ ᠭᠤᠲᠤᠯ ᠪᠠᠷᠢᠭᠤᠯᠤᠨ ᠢᠯᠡᠭᠡᠪᠡ᠃ ᠠᠯᠲᠠᠨ ᠤᠯᠤᠰ ᠤ᠋ᠨ ᠡᠯᠴᠢᠰ ᠬᠠᠪᠤᠯ ᠬᠠᠭᠠᠨ ᠠ᠋ᠴᠠ ᠰᠦᠨᠡᠰᠦ ᠪᠡᠨ ᠵᠠᠢᠯᠠᠲᠠᠯ᠎ᠠ ᠠᠶᠤᠬᠤ ᠨᠢ ᠪᠣᠢ᠃ ᠦᠬᠡᠷ ᠵᠢᠯ ᠦ᠋ᠨ ᠡᠯᠴᠢ ᠡᠷᠭᠢᠵᠦ ᠬᠠᠷᠢᠭ᠎ᠠ ᠦᠭᠡᠢ ᠪᠢᠯᠡ᠃ ᠲᠡᠷᠡ ᠪᠡᠷ ᠬᠠᠭᠠᠨ ᠦᠷᠭᠦᠭᠡᠨ ᠦ᠌ ᠪᠣᠱᠣᠭᠠᠨ ᠳᠡᠭᠡᠷ᠎ᠡ ᠭᠢᠰᠬᠢᠭᠰᠡᠨ ᠦ᠌ ᠤᠴᠢᠷ ᠴᠠᠭᠠᠵᠠᠯᠠᠭᠳᠠᠭᠰᠠᠨ ᠶᠠᠪᠤᠳᠠᠯ ᠪᠣᠢ ᠶᠤᠮ᠃ ᠰᠣᠶᠣᠭ᠎ᠠ ᠰᠠᠬᠠᠯᠲᠤ ᠮᠥᠨᠥᠬᠢ ᠲᠦᠰᠢᠮᠡᠯ ᠬᠠᠪᠤᠯ ᠬᠠᠭᠠᠨ ᠤ᠋ ᠥᠨᠳᠥᠷ ᠪᠣᠱᠣᠭ᠎ᠠ ᠶ᠋ᠢ ᠮᠡᠬᠦᠯᠵᠡᠨ ᠠᠯᠬᠤᠵᠤ ᠣᠷᠣᠬᠤ ᠳ᠋ᠤ᠌ ᠬᠣᠷᠮᠣᠢ ᠨᠢ ᠴᠡᠴᠡᠷᠡᠵᠦ ᠪᠠᠢᠪᠠ᠃ ᠬᠠᠮᠤᠭ ᠮᠣᠩᠭᠣᠯ ᠤ᠋ᠨ ᠶᠡᠬᠡᠰ ᠨᠣᠶᠠᠳ ᠵᠡᠷᠭᠡ ᠵᠢᠨᠳᠠᠭ᠎ᠠ ᠪᠠᠷ ᠵᠠᠯᠠᠷᠠᠨ ᠠᠪᠠᠢ᠃ ᠲᠦᠰᠢᠮᠡᠯ ᠭᠣᠯᠣᠮᠲᠠ ᠶ᠋ᠢᠨ ᠪᠠᠷᠠᠭᠤᠨ ᠳᠣᠣᠷ᠎ᠠ ᠰᠥᠬᠥᠷᠡᠨ ᠰᠠᠭᠤᠵᠤ᠂ 
       一 ᠬᠠᠮᠤᠭ ᠮᠣᠩᠭᠣᠯ ᠢ᠋ ᠮᠡᠳᠡᠨ ᠰᠠᠭᠤᠭᠴᠢ ᠬᠠᠪᠤᠯ ᠬᠠᠭᠠᠨ ᠲᠠᠨ᠎ᠠ᠂ ᠠᠯᠤᠰ ᠬᠣᠯᠠ ᠶ᠋ᠢᠨ ᠠᠯᠲᠠᠨ ᠤᠯᠤᠰ ᠤ᠋ᠨ ᠦᠵᠢᠮᠡᠢ ᠮᠡᠷᠭᠡᠨ ᠨᠣᠶᠠᠨ ᠮᠡᠨᠳᠦ ᠮᠡᠳᠡᠭᠦᠯᠵᠦ᠂ ᠪᠡᠯᠡᠭ ᠢᠯᠡᠭᠡᠭᠰᠡᠨ ᠢ᠋ ᠪᠠᠷᠠᠭᠤᠨ ᠵᠦᠭ ᠢ᠋ ᠲᠦᠪᠰᠢᠳᠬᠡᠵᠦ ᠲᠣᠭᠲᠠᠭᠠᠬᠤ ᠲᠡᠷᠢᠭᠦᠨ ᠰᠠᠢᠳ ᠰᠢᠶᠣᠤ ᠪᠢᠶᠣᠤ ᠱᠤ᠌᠊ᠦ᠋ ᠨᠥ ᠲᠥᠷᠥ ᠳ᠋ᠦ᠍ ᠴᠢᠨᠢ ᠳᠡᠪᠰᠢᠭᠦᠯᠵᠦ᠂ ᠭᠠᠷ ᠲᠤ᠌ ᠴᠢᠨᠢ ᠡᠷᠭᠦᠬᠦ ᠪᠡᠷ ᠪᠠᠷᠠᠯᠬᠠᠬᠤ ᠰᠣᠶᠣᠷᠬᠠᠯ ᠬᠦᠰᠡᠵᠦ ᠪᠠᠢᠨ᠎ᠠ ᠭᠡᠮᠡᠨ ᠨᠢᠭᠡ ᠦᠭᠡ ᠬᠡᠯᠡᠬᠦ ᠳ᠋ᠡᠭᠡᠨ ᠨᠢᠭᠡ ᠰᠥᠭᠥᠮ ᠮᠥᠯᠬᠥᠭᠰᠡᠭᠡᠷ ᠬᠠᠭᠠᠨ ᠰᠡᠨᠳᠡᠢ ᠶ᠋ᠢᠨ ᠠᠷᠰᠯᠠᠨ ᠠᠷᠬᠢᠷᠠᠭᠰᠠᠨ ᠳ᠋ᠤ᠌ ᠬᠥᠯ ᠣᠴᠢᠵᠤ ᠠᠢᠯᠠᠳᠬᠠᠯ ᠢ᠋ᠶ᠋ᠠᠨ ᠳᠠᠭᠤᠰᠬᠠᠵᠤ ᠪᠡᠯᠡᠭ ᠢ᠋ᠶ᠋ᠡᠨ ᠡᠷᠭᠦᠪᠡ᠃ ᠶᠡᠬᠡ ᠦᠷᠭᠦᠭᠡᠨ ᠳ᠋ᠦ᠍ ᠨᠠᠮ ᠭᠦᠮ ᠪᠣᠯᠤᠯ᠎ᠠ᠃ ᠭᠦᠨ ᠪᠣᠳᠣᠯ ᠳ᠋ᠤ᠌ ᠠᠪᠲᠠᠨ ᠰᠠᠭᠤᠭᠰᠠᠨ ᠬᠠᠪᠤᠯ ᠬᠠᠭᠠᠨ ᠰᠠᠶᠢ ᠰᠠᠨᠠᠭᠰᠠᠨ ᠮᠡᠲᠦ ᠨᠢᠳᠦ ᠡᠷᠭᠦᠨ ᠬᠠᠷᠠᠬᠤ ᠳ᠋ᠤ᠌ ᠤᠷᠲᠤ ᠪᠤᠭᠤᠷᠤᠯ ᠬᠥᠮᠥᠰᠬᠡ ᠨᠢ ᠤᠬᠤᠰᠬᠢᠨ ᠨᠢᠰᠬᠦ ᠪᠦᠷᠭᠦᠳ ᠦ᠋ᠨ ᠳᠠᠯᠢ ᠮᠡᠲᠦ ᠰᠠᠷᠪᠠᠰᠬᠢᠬᠦ ᠳ᠋ᠦ᠍ ᠡᠯᠴᠢ ᠲᠦᠰᠢᠮᠡᠯ ᠲᠠᠯᠲᠠᠷᠢᠨ ᠨᠡᠮᠡᠰᠬᠢᠵᠦ᠂ ᠬᠠᠴᠠᠷ ᠲᠣᠯᠣᠭᠠᠢ ᠨᠢ ᠪᠦᠷ ᠳᠣᠣᠷ᠎ᠠ᠂ ᠪᠡᠯᠡᠭ ᠪᠠᠷᠢᠭᠰᠠᠨ ᠭᠠᠷ ᠨᠢ ᠪᠦᠷ ᠳᠡᠭᠡᠷ᠎ᠡ ᠪᠣᠯᠪᠠ ᠠ᠋᠃  
       一 ᠮᠣᠷᠢᠨ ᠴᠠᠭ ᠲᠤ᠌ ᠮᠣᠷᠢᠯᠠᠨ ᠢᠷᠡᠭ!  
       ᠬᠠᠭᠠᠨ ᠥᠭᠡᠷ᠎ᠡ ᠦᠭᠡ ᠳᠤᠤᠭᠠᠷᠤᠭᠰᠠᠨ ᠦᠭᠡᠢ ᠪᠡᠯᠡᠭ ᠢ᠋ ᠲᠣᠰᠣᠨ ᠠᠪᠴᠤ᠂ ᠲᠠᠮᠠᠭ᠎ᠠ ᠵᠠᠯᠠᠳᠠᠭ ᠠᠯᠲᠠᠨ ᠲᠠᠯᠪᠢᠭᠤᠷ ᠤ᠋ᠨ ᠳᠣᠣᠷᠠᠲᠤ ᠲᠠᠪᠴᠠᠩ ᠳ᠋ᠤ᠌ ᠲᠠᠯᠪᠢᠭᠠᠳ ᠰᠠᠭᠤᠳᠠᠯ ᠵᠠᠰᠠᠪᠠ᠃ ᠢᠷᠡᠭᠰᠡᠨ ᠡᠯᠴᠢ ᠳᠣᠣᠷ᠎ᠠ ᠮᠡᠬᠦᠢᠨ ᠰᠣᠶᠣᠭ᠎ᠠ ᠰᠠᠬᠠᠯ ᠢ᠋ᠶ᠋ᠠᠨ ᠴᠢᠷᠦᠨ ᠮᠡᠬᠦᠯᠵᠡᠨ ᠤᠬᠤᠷᠢᠭᠰᠠᠭᠠᠷ ᠥᠯᠵᠡᠢ ᠬᠡ ᠲᠡᠢ ᠰᠢᠷᠢᠮᠡᠯ ᠡᠭᠦᠳᠡᠨ ᠴᠠᠭᠠᠨ᠎ᠠ ᠭᠠᠷᠤᠭᠠᠳ ᠪᠦᠲᠦᠨ ᠠᠮᠢᠰᠬᠤᠭ᠎ᠠ ᠠᠪᠬᠤ ᠰᠢᠭ᠋ ᠪᠣᠯᠵᠤ ᠪᠢᠯᠡ᠃ 
       ᠬᠠᠪᠤᠯ ᠬᠠᠭᠠᠨ ᠭᠡᠷ ᠲᠦ᠍ ᠴᠤᠭᠯᠠᠭᠰᠠᠨ ᠨᠣᠶᠠᠳ ᠢ᠋ᠶ᠋ᠠᠨ ᠲᠣᠭᠣᠷᠢᠭᠤᠯᠤᠨ ᠬᠠᠷᠠᠵᠤ᠂ 
       — ᠮᠢᠨᠦ ᠵᠢᠷᠭᠤᠭᠠᠨ ᠬᠦᠦ᠂ ᠬᠠᠮᠤᠭ ᠮᠣᠩᠭᠣᠯ ᠲᠠᠢ ᠬᠠᠶᠠᠭ᠎ᠠ ᠪᠠᠷ᠎ᠠ ᠳ᠋ᠠᠭᠠᠨ ᠶᠠᠪᠤᠳᠠᠭ ᠲᠠᠢᠴᠢᠭᠤᠳ ᠠᠢᠮᠠᠭ ᠤ᠋ᠨ ᠲᠡᠷᠢᠭᠦᠨ ᠶᠠᠭᠤ ᠪᠣᠳᠣᠨ᠎ᠠ? ᠡᠨᠡ ᠪᠡᠯᠡᠭ ᠦ᠋ᠨ ᠶᠣᠭᠲᠠ ᠤᠳᠬ᠎ᠠ ᠨᠢ ᠶᠠᠭᠤ ᠪᠣᠢ? ᠡᠨᠡ ᠡᠯᠴᠢ ᠶ᠋ᠢᠨ ᠳᠠᠯᠳᠠ ᠰᠠᠨᠠᠭ᠎ᠠ ᠨᠢ ᠶᠠᠮᠠᠷ ᠪᠣᠢ? ᠭᠡᠪᠡ᠃ ᠤᠤᠭᠠᠨ ᠠᠬ᠎ᠠ ᠶ᠋ᠢᠨ ᠠᠮᠠ ᠶ᠋ᠢ ᠬᠠᠷᠠᠭᠠᠳ ᠳᠡᠭᠦᠦ ᠨᠠᠷ ᠨᠢ ᠦᠯᠦ ᠳᠤᠤᠭᠠᠷᠬᠤ ᠪᠢᠯᠡ᠃ ᠪᠠᠷᠳᠠᠨᠪᠠᠭᠠᠲᠤᠷ ᠵᠠᠳᠠᠭᠠᠢ ᠬᠠᠷ᠎ᠠ ᠦᠰᠦ ᠪᠡᠨ ᠰᠡᠭᠰᠡᠰᠬᠢᠯᠡᠨ ᠠᠬ᠎ᠠ ᠪᠠᠨ ᠬᠠᠷᠠᠬᠤ ᠳ᠋ᠤ᠌  ᠥᠬᠢᠨᠪᠠᠷᠬᠠᠭ ᠵᠠᠪᠢᠯᠠᠵᠤ ᠰᠠᠭᠤᠭᠰᠠᠨ ᠡᠪᠦᠳᠦᠭ ᠳᠡᠭᠡᠷ᠎ᠡ ᠭᠠᠷ ᠢ᠋ᠶ᠋ᠠᠨ ᠲᠠᠯᠪᠢᠨ ᠴᠡᠭᠡᠵᠢ ᠵᠠᠢᠮᠤᠴᠢᠭᠰᠠᠨ ᠢ᠋ᠶ᠋ᠠᠨ ᠵᠣᠪᠬᠢ ᠡᠷᠭᠦᠨ᠂ 
       — ᠡᠨᠡ ᠪᠡᠯᠡᠭ ᠲᠦ᠍ ᠨᠢᠭᠡ ᠯᠡ ᠮᠠᠭᠤ ᠢᠷᠣ᠎ᠠ ᠪᠣᠢ ᠭᠡᠵᠦ ᠰᠡᠵᠢᠭᠯᠡᠩᠭᠦᠢ ᠥᠭᠦᠯᠡᠬᠦ ᠳ᠋ᠦ᠍ ᠬᠠᠪᠤᠯ᠂ 
       — ᠶᠠᠮᠠᠷ ᠮᠠᠭᠤ ᠢᠷᠣ᠎ᠠ? ᠭᠡᠪᠡᠯ ᠥᠬᠢᠨᠪᠠᠷᠬᠠᠭ ᠬᠡᠢ ᠬᠣᠭᠣᠯᠠᠢ ᠵᠠᠰᠠᠨ ᠭᠠᠷ ᠰᠤᠩᠭᠠᠵᠤ᠂  
       — ᠠᠯᠢ ᠪᠣᠢ! ᠭᠡᠯ᠎ᠡ᠃ ᠠᠬ᠎ᠠ ᠨᠣᠶᠠᠨ ᠪᠡᠯᠡᠭ ᠢ᠋ ᠰᠤᠨᠵᠢᠵᠤ ᠪᠠᠢᠬᠤ ᠵᠠᠭᠤᠷ᠎ᠠ ᠪᠠᠷᠠᠳᠠᠨᠪᠠᠭᠠᠲᠤᠷ᠂ 
       — ᠠᠯᠲᠠᠨ ᠤᠯᠤᠰ ᠤ᠋ᠨ ᠤᠭᠯᠠᠭᠤᠷᠭ᠎ᠠ ᠰᠤᠯᠠᠷᠠᠭᠰᠠᠨ ᠰᠢᠦ ᠳᠡ᠃  ᠠᠷᠭ᠎ᠠ ᠪᠠᠨ ᠪᠠᠷᠠᠬᠤ ᠳ᠋ᠠᠭᠠᠨ ᠠᠷᠭᠠᠳᠠᠵᠤ ᠶᠠᠪᠤᠭ᠎ᠠ ᠴᠢᠷᠠᠢ ᠨᠢ ᠡᠨᠡ ᠪᠠᠢᠬ᠎ᠠ᠃ ᠪᠡᠯᠡᠭ ᠲᠦ᠍ ᠶᠣᠭᠲᠠ ᠰᠠᠨᠠᠭ᠎ᠠ ᠪᠣᠢ ᠪᠢᠵᠡ᠃ ᠡᠭᠦᠨ ᠢ᠋ ᠮᠡᠷᠭᠡᠳ ᠲᠠᠢᠯᠬᠤ ᠪᠠᠢᠬ᠎ᠠ ᠭᠡᠳ ᠲᠠᠢᠴᠢᠭᠤᠳ ᠤ᠋ᠨ ᠠᠮᠪᠠᠭᠠᠢ ᠬᠠᠭᠠᠨ ᠤᠷᠤᠭᠤ ᠬᠠᠷᠠᠪᠠ᠃ ᠲᠡᠷᠡ ᠪᠡᠷ ᠬᠦᠦ ᠬᠠᠲᠠᠭᠠᠨ ᠨᠣᠶᠠᠨ ᠤ᠋ ᠬᠠᠮᠲᠤ ᠰᠠᠭᠤᠬᠤ ᠠᠭᠠᠳ《ᠮᠡᠷᠭᠡᠳ》 ᠭᠡᠳᠡᠭ ᠨᠢ ᠨᠢᠭᠡ ᠳ᠋ᠦ᠍ ᠴᠠᠭ ᠤ᠋ᠨ ᠴᠠᠭ  ᠲᠤ᠌ ᠬᠠᠪᠤᠯ ᠬᠠᠭᠠᠨ ᠲᠠᠯ᠎ᠠ ᠥᠭᠴᠦ ᠶᠠᠪᠤᠳᠠᠭ ᠠᠮᠪᠠᠭᠠᠢ ᠶ᠋ᠢᠨ ᠤᠬᠠᠭᠠᠨ ᠢ᠋ ᠴᠢᠴᠢᠵᠦ ᠬᠡᠯᠡᠭᠰᠡᠨ ᠰᠠᠨᠠᠭ᠎ᠠ᠂ ᠬᠣᠶᠠᠷ  ᠲᠤ᠌ ᠬᠠᠲᠠᠭᠠᠨ ᠤ᠋ ᠠᠨᠳᠠ ᠮᠡᠷᠭᠢᠳ ᠦ᠋ᠨ ᠳᠣᠲᠣᠷ ᠪᠢᠮᠬᠡ ᠴᠢᠬᠢᠨ ᠢ᠋ ᠳᠠᠪᠬᠤᠷ ᠳᠠᠭᠠᠷᠢᠭᠤᠯᠤᠭᠰᠠᠨ ᠬᠡᠷᠡᠭ ᠪᠠᠢᠪᠠ᠃ ᠬᠠᠲᠠᠭᠠᠨ ᠬᠦᠦ ᠠᠭᠤᠷᠯᠠᠵᠤ ᠥᠨᠳᠡᠰᠬᠢᠲᠡᠯ᠎ᠡ ᠬᠤᠲᠤᠭᠲᠤ ᠮᠣᠩᠬᠣᠷ ᠬᠠᠷᠠᠴᠠ ᠪᠠᠷ ᠢ᠋ᠶ᠋ᠠᠨ ᠲᠡᠭᠦᠨ ᠢ᠋ ᠲᠦᠯᠬᠢᠨ ᠰᠠᠭᠤᠯᠭᠠᠵᠤ᠂ 
       — ᠮᠡᠷᠭᠡᠳᠰᠡᠭᠡᠳ ᠪᠠᠢᠬᠤ ᠶᠠᠭᠤ ᠪᠢᠯᠡ᠂  ᠠᠬ᠎ᠠ ᠮᠢᠨᠢ᠃ ᠲᠩᠷᠢ ᠶ᠋ᠢᠨ ᠥᠩᠭᠡᠲᠦ ᠲᠡᠷᠮ᠎ᠡ᠂ ᠠᠭᠤᠯᠠ ᠶ᠋ᠢᠨ ᠥᠩᠭᠡᠲᠦ ᠪᠦᠰᠡ᠂ ᠭᠠᠵᠠᠷ ᠤ᠋ᠨ ᠥᠩᠭᠡᠲᠦ ᠭᠤᠲᠤᠯ ᠪᠠᠢᠨ᠎ᠠ᠃ ᠭᠠᠵᠠᠷ ᠨᠤᠲᠤᠭ ᠢ᠋ᠶ᠋ᠠᠨ ᠥᠭ ᠭᠡᠰᠡᠨ ᠦᠭᠡ ᠪᠢᠰᠢ ᠤᠤ ᠭᠡᠬᠦ ᠳ᠋ᠦ᠍ ᠬᠤᠯᠠᠨ᠂ ᠲᠣᠳᠣᠢ ᠶ᠋ᠢᠨ ᠣᠳᠴᠢᠬᠡᠨ ᠬᠣᠶᠠᠷ ᠳᠠᠭᠤ ᠨᠢᠭᠡᠰᠦᠨ ᠳᠡᠮᠵᠢᠵᠦ᠂ 
       — ᠴᠡᠷᠢᠭ ᠢ᠋ᠶ᠋ᠡᠨ ᠵᠠᠰᠠᠵᠤ ᠪᠠᠢᠯᠳᠤᠰᠤ! ᠭᠡᠯᠴᠡᠪᠡ᠃ ᠬᠣᠲᠣᠯᠠ ᠪᠠᠭᠠᠲᠤᠷ ᠴᠢᠮᠡᠭᠡ ᠦᠭᠡᠢ ᠰᠠᠭᠤᠵᠤ ᠰᠠᠭᠤᠵᠤ᠂ 
       — ᠲᠩᠷᠢ ᠶ᠋ᠢᠨ ᠥᠩᠭᠡᠲᠦ ᠲᠡᠷᠮ᠎ᠡ ᠳᠣᠷᠣᠭᠰᠢ ᠪᠠᠨ ᠬᠠᠷᠠᠵᠤ᠂ ᠭᠠᠵᠠᠷ ᠤ᠋ᠨ ᠥᠩᠭᠡᠲᠦ ᠭᠤᠲᠤᠯ ᠳᠡᠭᠡᠭᠰᠢ ᠪᠡᠨ ᠬᠠᠷᠠᠭᠰᠠᠨ ᠰᠠᠪᠠ᠃ ᠠᠭᠤᠯᠠᠰ ᠤ᠋ᠨ ᠥᠩᠭᠡᠲᠦ ᠪᠥᠰ ᠢ᠋ᠶ᠋ᠡᠷ ᠣᠷᠢᠶᠠᠪᠠᠯ ᠨᠢᠭᠡᠨ ᠰᠠᠪᠠ ᠪᠣᠯᠬᠤ ᠪᠢᠰᠢ ᠤᠤ᠃ ᠪᠢᠳᠡ ᠨᠢᠭᠡᠨ ᠰᠠᠪᠠᠨ ᠳ᠋ᠤ᠌ ᠠᠮᠤᠷ ᠵᠢᠮᠦᠷ ᠠᠮᠢᠳᠤᠷᠠᠶ᠎ᠠ ᠭᠡᠰᠡᠨ ᠦᠭᠡ ᠪᠢᠰᠢ ᠪᠠᠢᠭ᠎ᠠ᠂ ᠨᠣᠶᠠᠨ ᠠ᠋ ᠭᠡᠮᠡᠨ ᠠᠷᠠᠢ ᠡᠪᠰᠡᠬᠦᠦ᠂ ᠡᠯᠢᠭᠡᠮᠰᠡᠦ ᠥᠭᠦᠯᠡᠵᠦ ᠨᠠᠮᠵᠢᠭᠠᠪᠠ᠃ ᠭᠡᠪᠡᠴᠦ ᠬᠠᠷᠠᠴᠠᠨ ᠤ᠋ ᠬᠠᠳᠬᠤᠯᠳᠤᠭᠠᠨ ᠪᠣᠳᠣᠯ ᠤ᠋ᠨ ᠮᠡᠳᠬᠡᠯᠴᠡᠭᠡᠨ ᠦᠯᠦ ᠨᠠᠮᠳᠠᠵᠤ ᠠᠪᠠᠢ᠃ ᠬᠠᠭᠠᠨ ᠤ᠋ ᠣᠮᠣᠭᠲᠤ ᠪᠦᠷᠭᠦᠳ ᠰᠢᠭ ᠣᠮᠣᠭᠯᠠᠩ ᠬᠥᠪᠡᠭᠦᠳ ᠡᠢᠨ ᠴᠣᠷᠣᠯᠵᠠᠭᠰᠠᠨ ᠤ᠋ ᠡᠴᠦᠰ ᠲᠦ᠍ ᠬᠠᠲᠠᠭᠠᠨ ᠨᠠᠮᠤᠭᠤᠬᠠᠨ ᠳᠠᠭᠤ ᠪᠠᠷ᠂ 
       — ᠬᠠᠨ ᠠᠪᠤ ᠮᠢᠨᠢ ᠬᠠᠪᠤᠯ ᠬᠠᠭᠠᠨ ᠲᠠᠢ ᠬᠡᠪᠡᠯᠢ ᠨᠢᠭᠡ ᠲᠡᠢ᠂ ᠬᠡᠯᠬᠢᠶ᠎ᠡ ᠪᠡᠬᠢ ᠲᠡᠢ ᠶ᠋ᠢᠨ ᠬᠤᠪᠢ ᠳ᠋ᠤ᠌ ᠲᠠᠢᠴᠢᠭᠤᠳ ᠪᠢᠳᠡ ᠠᠬ᠎ᠠ ᠳᠡᠭᠦᠦᠰᠴᠦ ᠬᠠᠮᠤᠭ ᠮᠣᠩᠭᠣᠯ ᠤ᠋ᠨ ᠬᠠᠶᠠᠭ᠎ᠠ ᠪᠠᠷᠠᠳᠠᠨ ᠶᠠᠪᠤᠳᠠᠭ ᠪᠢᠯᠡ᠃ ᠲᠡᠢᠮᠦ ᠳ᠋ᠡᠭᠡᠨ ᠴᠦ᠍ ᠪᠢ ᠬᠠᠪᠤᠯ ᠬᠠᠭᠠᠨ ᠠᠬ᠎ᠠ ᠶ᠋ᠢᠨ ᠰᠣᠶᠣᠷᠬᠠᠯ ᠢ᠋ᠶ᠋ᠠᠷ ᠮᠡᠷᠭᠢᠳ ᠦ᠋ᠨ ᠴᠢᠬᠢᠨ ᠳᠣᠲᠣᠷ ᠪᠢᠯᠭᠡ ᠠᠨᠳᠠ ᠪᠠᠨ ᠳᠠᠭᠠᠭᠤᠯᠵᠤ᠂ ᠬᠠᠮᠤᠭ ᠮᠣᠩᠭᠣᠯ ᠤ᠋ᠨ ᠬᠠᠭᠠᠨ ᠠᠬ᠎ᠠ ᠶ᠋ᠢᠨ ᠠᠴᠢ ᠦᠷᠡᠰ ᠦ᠋ᠨ ᠬᠢᠳᠡᠭ ᠠᠪᠠ ᠬᠣᠮᠣᠷᠭᠠᠨ ᠳ᠋ᠤ᠌ ᠣᠷᠣᠯᠴᠠᠭᠰᠠᠨ ᠪᠢᠯᠡ᠃ ᠡᠨᠡ ᠮᠢᠨᠢ ᠪᠤᠷᠤᠭᠤ ᠲᠠᠢ ᠪᠣᠯ ᠪᠢ ᠶᠠᠪᠤᠰᠤ᠃ ᠡᠴᠢᠭᠡ ᠬᠠᠭᠠᠨ ᠳ᠋ᠤ᠌ ᠮᠢᠨᠢ ᠬᠢᠮᠤᠰᠤ ᠶ᠋ᠢᠨ ᠲᠡᠳᠦᠢ ᠴᠦ᠍ ᠪᠤᠷᠤᠭᠤ ᠦᠭᠡᠢ ᠭᠡᠬᠦ ᠳ᠋ᠦ᠍ ᠥᠬᠢᠨᠪᠠᠷᠬᠠᠭ᠂ 
       — ᠲᠠᠨ ᠤ᠋ ᠲᠤᠬᠠᠢ ᠶᠠᠷᠢᠶ᠎ᠠ ᠦᠭᠡᠢ ᠰᠠᠨᠠᠭᠳᠠᠬᠤ ᠶᠤᠮ ᠭᠡᠯ᠎ᠡ᠃ ᠪᠠᠷᠠᠳᠠᠨᠪᠠᠭᠠᠲᠤᠷ ᠤ᠋ᠨ ᠭᠠᠰᠢᠭᠤᠨ ᠦᠭᠡ ᠶ᠋ᠢᠨ ᠵᠠᠩᠭᠢᠯᠠᠭ᠎ᠠ ᠶ᠋ᠢ ᠲᠡᠷᠡ ᠪᠡᠷ ᠠᠩᠵᠠᠭᠠᠷᠠᠭ᠎ᠠ ᠦᠭᠡᠢ ᠳᠦᠷᠢ ᠡᠰᠬᠡᠪᠡ᠃ ᠬᠠᠪᠤᠯ ᠬᠠᠭᠠᠨ ᠭᠡᠨᠡᠳᠲᠡ ᠲᠦᠰ ᠬᠢᠲᠡᠯ᠎ᠡ ᠢᠨᠢᠶᠡᠳᠦ ᠠᠯᠲᠠᠨ᠂ 
       — ᠶᠡᠬᠡᠰ ᠮᠢᠨᠢ᠂ ᠬᠠᠶᠠᠭᠠᠨ ᠳ᠋ᠤ᠌ ᠴᠢᠨᠢ ᠬᠢᠲᠠᠳ ᠢᠷᠡᠵᠦ ᠰᠠᠭᠤᠴᠢᠬᠠᠭᠠᠳ᠂ ᠵᠠᠶᠠᠭᠠᠨ ᠳ᠋ᠤ᠌ ᠴᠢᠨᠢ ᠵᠢᠶᠠᠰᠠ ᠲᠠᠭᠠᠷᠠᠭᠤᠯᠬᠤ ᠭᠡᠵᠦ ᠪᠠᠢᠬᠤ ᠳ᠋ᠤ᠌ ᠥᠪᠡᠷ ᠬᠣᠭᠣᠷᠣᠨᠳᠣ ᠪᠠᠨ ᠥᠭᠡᠭ ᠲᠦᠭᠡᠭ ᠭᠡᠵᠦ ᠰᠠᠭᠤᠬᠤ ᠠᠮᠤᠭᠤᠯᠠᠩ ᠳᠣᠲᠣᠷ ᠲᠠᠢ ᠤᠯᠤᠰ ᠠ᠋ ᠳᠠ ᠭᠡᠰᠡᠨ ᠢ᠋ᠶ᠋ᠡᠨ ᠴᠢᠷᠠᠢ ᠪᠠᠨ ᠲᠥᠪ ᠪᠣᠯᠭᠠᠨ᠂
       — ᠲᠠᠢᠴᠢᠭᠤᠳ ᠤ᠋ᠨ ᠠᠮᠪᠠᠭᠠᠢ ᠲᠠ ᠶᠠᠭᠤ ᠭᠡᠵᠦ ᠪᠣᠯᠭᠣᠭᠠᠨ᠎ᠠ ᠪᠣᠢ? ᠬᠡᠮᠡᠬᠦ ᠳ᠋ᠦ᠍ ᠲᠠᠢᠴᠢᠭᠤᠳ ᠤ᠋ᠨ ᠨᠣᠶᠠᠨ ᠮᠢᠰᠢᠯᠵᠡᠨ ᠲᠩᠷᠢ ᠶ᠋ᠢᠨ ᠥᠩᠭᠡᠲᠦ ᠲᠡᠷᠮ᠎ᠡ ᠡᠪᠬᠡᠭᠰᠡᠨ ᠢ᠋ᠶ᠋ᠡᠨ᠂ 
       — ᠮᠢᠨᠦ ᠪᠣᠳᠣᠬᠤ ᠳ᠋ᠤ᠌ ᠪᠠᠷᠠᠳᠠᠨᠪᠠᠭᠠᠲᠤᠷ ᠵᠥᠪ ᠠᠢᠯᠠᠳᠪᠠ᠃ ᠬᠦᠴᠦᠨ ᠮᠡᠬᠦᠰᠳᠡᠭᠰᠡᠨ ᠠᠯᠲᠠᠨ ᠤᠯᠤᠰ ᠬᠥᠯ ᠳ᠋ᠦ᠍ ᠮᠢᠨᠢ ᠰᠠᠭᠤᠵᠤ ᠴᠠᠭ ᠬᠣᠵᠢᠬᠤ ᠭᠡᠵᠦ ᠪᠠᠢᠭ᠎ᠠ ᠨᠢ ᠡᠨᠡ ᠪᠢᠵᠡ᠃ ᠪᠡᠯᠡᠭ ᠢ᠋ ᠨᠢ ᠠᠪᠤᠭᠠᠳ ᠡᠯᠴᠢ ᠶ᠋ᠢ ᠨᠢ ᠪᠤᠴᠠᠭᠠᠪᠠᠯ ᠵᠣᠬᠢᠰᠲᠠᠢ ᠮᠡᠲᠦ ᠭᠡᠯ᠎ᠡ᠃ ᠬᠠᠪᠤᠯ ᠬᠠᠭᠠᠨ ᠵᠢᠪᠡᠷᠢ ᠪᠡᠨ ᠢᠯᠪᠢᠨ᠂ 
       — ᠠᠯᠲᠠᠨ ᠤᠯᠤᠰ ᠨᠠᠢᠷᠰᠠᠪᠠ ᠭᠡᠵᠦ ᠠᠯᠮᠠᠢᠷᠠᠯ ᠦᠭᠡᠢ᠂ ᠠᠲᠠᠭᠠᠲᠠᠨ ᠲᠠᠢ ᠪᠠᠨ ᠠᠢᠯᠰᠠᠪᠠ ᠭᠡᠵᠦ ᠲᠠᠢᠪᠤᠰᠢᠷᠠᠯ ᠦᠭᠡᠢ ᠬᠤᠢ ᠲᠠᠢ ᠢᠯᠳᠦ ᠪᠡᠨ ᠳᠡᠷᠡᠯᠡᠨ ᠤᠨᠲᠠᠵᠤ ᠪᠠᠢᠶ᠎ᠠ ᠭᠡᠮᠡᠨ ᠠᠢᠯᠠᠳᠤᠭᠰᠠᠨ ᠢ᠋ᠶ᠋ᠠᠷ ᠥᠨᠳᠥᠷᠯᠡᠵᠦ ᠠᠪᠠᠢ᠃  
       ᠬᠠᠭᠠᠨ ᠦᠷᠭᠦᠭᠡᠨ ᠡᠴᠡ ᠨᠣᠶᠠᠳ ᠭᠠᠳᠠᠭᠠᠯᠠᠵᠤ ᠥᠪᠡᠷ ᠥᠪᠡᠷ ᠦ᠋ᠨ ᠬᠦᠷᠢᠶ᠎ᠡ ᠲᠠᠢᠰᠢ ᠮᠣᠷᠳᠠᠬᠤ ᠳ᠋ᠤ᠌ ᠲᠠᠢᠴᠢᠭᠤᠳ ᠤ᠋ᠨ ᠠᠮᠪᠠᠭᠠᠢ ᠬᠠᠭᠠᠨ ᠳᠤᠮᠳᠠ ᠬᠦᠦ ᠬᠠᠲᠠᠭᠠᠨ ᠢ᠋ ᠳᠠᠭᠤᠳᠠᠨ᠂ 
       — ᠣᠮᠣᠭᠯᠠᠩ ᠵᠠᠩ ᠴᠢᠮᠡᠳᠡᠭ ᠴᠦ᠍ ᠠᠯᠠᠳᠠᠭ ᠶᠠᠪᠤᠳᠠᠯ ᠪᠠᠰᠠ ᠪᠣᠢ᠂ ᠠᠮᠤᠭᠤᠯᠠᠩ ᠵᠠᠩ ᠳᠠᠷᠤᠳᠠᠭ ᠴᠤ᠌ ᠠᠪᠤᠷᠠᠳᠠᠭ ᠲᠠᠯ᠎ᠠ ᠪᠠᠰᠠ ᠪᠣᠢ᠃ ᠮᠢᠨᠦ ᠬᠦᠦ ᠬᠥᠮᠦᠨ ᠦ᠌ ᠭᠠᠵᠠᠷ ᠳᠣᠣᠷ᠎ᠠ ᠪᠠᠨ ᠰᠠᠭᠤᠷᠢ ᠲᠠᠢ᠂ ᠳᠣᠲᠣᠷ᠎ᠠ ᠪᠠᠨ ᠪᠣᠳᠣᠯ ᠲᠠᠢ ᠶᠠᠪᠤᠵᠤ ᠪᠠᠢ! ᠠᠮᠠ ᠲᠦᠷᠭᠡᠨ ᠲᠡᠢ ᠡᠷ᠎ᠡ ᠳ᠋ᠦ᠍ ᠨᠥᠬᠥᠷ ᠣᠯᠠᠨ ᠵᠠᠶᠠᠭᠠᠳᠠᠭ ᠦᠭᠡᠢ ᠶᠦ᠍ᠮ ᠰᠢᠦ! ᠭᠡᠮᠡᠨ ᠵᠢᠮᠡᠯᠡᠵᠡᠢ᠃ ᠲᠡᠢᠨ ᠥᠭᠦᠯᠡᠭᠡᠳ ᠬᠠᠨ ᠡᠴᠢᠭᠡ ᠥᠪᠡᠷ ᠦ᠋ᠨ ᠳᠠᠭᠠᠭᠤᠯᠤᠨ ᠶᠠᠪᠤᠭ᠎ᠠ ᠲᠠᠢᠴᠢᠭᠤᠳ ᠪᠠᠭᠤᠳᠠᠯᠯᠠᠭᠰᠠᠨ ᠭᠡᠷ ᠲᠡᠷᠭᠡ ᠭᠣᠣᠯᠳᠠᠭᠤ ᠬᠦᠷᠢᠶ᠎ᠡ ᠥᠭᠡᠳᠡ ᠭᠠᠯᠭᠢᠭᠤᠯᠤᠨ ᠣᠴᠢᠬᠤ ᠣᠳᠬᠤ ᠶ᠋ᠢ ᠳᠣᠲᠣᠷ ᠪᠢᠯᠭᠡ ᠴᠢᠬᠢᠨ ᠬᠠᠷᠠᠵᠤ ᠬᠠᠷᠠᠵᠤ᠂ 
       — ᠵᠠᠩᠨᠠᠭᠤᠯᠬᠤ ᠠᠪᠤ ᠲᠠᠢ ᠪᠠᠢᠬᠤ ᠴᠤ᠌ ᠰᠠᠢᠬᠠᠨ ᠰᠢᠦ ᠬᠦ ᠭᠡᠮᠡᠨ ᠰᠠᠨᠠᠭ᠎ᠠ ᠠᠯᠳᠠᠬᠤ ᠳ᠋ᠤ᠌ ᠴᠣᠭᠯᠢᠭ ᠬᠠᠷ᠎ᠠ ᠨᠢᠳᠦᠨ ᠳ᠋ᠦ᠍ᠨᠢ ᠭᠤᠨᠢᠭ ᠰᠦᠮᠡᠯᠵᠡᠵᠦ ᠠᠪᠠᠢ᠃  
       ᠺᠢᠳᠠᠨ ᠨᠣᠶᠠᠳ ᠡᠴᠢᠭᠡ ᠶ᠋ᠢ ᠨᠢ ᠣᠯᠵᠠᠯᠠᠵᠤ᠂ ᠤᠤᠭᠤᠳᠠᠭ ᠤᠰᠤ ᠰᠡᠯᠡᠩᠭᠡ ᠮᠥᠷᠡᠨ ᠳ᠋ᠦ᠍ᠨᠢ ᠣᠢᠵᠤ ᠠᠯᠠᠭᠰᠠᠨ ᠭᠡᠳᠡᠭ ᠪᠢᠯᠡ᠃ᠲᠡᠭᠡᠬᠦ ᠳ᠋ᠦ᠍ ᠳᠣᠲᠣᠷ ᠪᠢᠯᠭᠡ ᠶ᠋ᠢᠨ ᠠᠷᠪᠠᠨ ᠭᠤᠷᠪᠠᠨ ᠤ᠋ ᠵᠢᠯ ᠣᠷᠣᠵᠤ ᠪᠠᠢᠵᠠᠢ᠃ 
       — ᠲᠡᠰᠴᠦ ᠭᠠᠷᠴᠤ᠂ ᠲᠡᠪᠴᠢᠵᠦ ᠥᠩᠭᠡᠷᠡᠭᠡᠬᠦ ᠴᠠᠭ ᠪᠠᠰᠠ ᠢᠷᠡᠳᠡᠭ ᠯᠡ ᠶᠦᠮ᠃ ᠴᠢ ᠨᠠᠮᠠᠶ᠋ᠢ ᠲᠠᠪᠤᠨ ᠵᠢᠯ ᠦ᠋ᠨ ᠡᠮᠦᠨ᠎ᠡ ᠴᠢᠨ ᠲᠣᠯᠣᠭᠠᠢ ᠶ᠋ᠢᠨ ᠬᠠᠷᠰᠢ ᠳ᠋ᠤ᠌ ᠪᠠᠶᠠᠷᠯᠠᠵᠤ ᠰᠠᠭᠤᠭᠰᠠᠨ ᠭᠡᠵᠦ ᠪᠣᠳᠣᠨ᠎ᠠ ᠤᠤ? ᠶᠸᠯᠢᠣᠢ ᠳᠠᠰᠢ ᠶ᠋ᠢᠨ ᠭᠠᠷ ᠠ᠋ᠴᠠ ᠡᠴᠢᠭᠡ ᠶ᠋ᠢᠨ ᠮᠢᠨᠢ ᠱᠠᠷᠢᠯ ᠦᠨᠦᠷᠲᠦᠬᠦ ᠰᠢᠭ ᠪᠣᠯᠵᠤ ᠪᠠᠢᠭᠰᠠᠨ᠃ ᠭᠡᠪᠡᠴᠦ ᠪᠢ ᠲᠡᠰᠦᠭᠰᠡᠨ᠃ ᠲᠡᠢᠮᠦ ᠳ᠋ᠡᠭᠡᠨ ᠴᠦ᠍ ᠬᠣᠵᠢᠵᠤ᠂ ᠡᠷᠦᠬᠡ ᠪᠡᠨ ᠲᠠᠲᠠᠭᠤᠯᠬᠤ ᠵᠠᠭᠤᠨ ᠡᠷ᠎ᠡ ᠲᠠᠲ᠋ᠠᠷ ᠲᠠᠢ ᠪᠠᠢᠭ᠎ᠠ ᠶᠤᠮ᠃ ᠡᠴᠢᠭᠡ ᠶ᠋ᠢᠨ ᠮᠢᠨᠢ ᠴᠢᠰᠤ ᠶ᠋ᠢ ᠲᠡᠳᠡ ᠠᠮᠢ ᠪᠠᠷ ᠢ᠋ᠶ᠋ᠠᠨ ᠲᠥᠯᠥᠬᠦ ᠤᠴᠢᠷ ᠲᠠᠢ ᠤᠯᠤᠰ ᠭᠡᠮᠡᠨ ᠰᠢᠵᠠᠭᠤᠷ ᠵᠠᠭᠤᠨ ᠥᠭᠦᠯᠡᠬᠦ ᠳ᠋ᠦ᠍ ᠳᠣᠲᠣᠷ ᠪᠢᠯᠭᠡ ᠶ᠋ᠢᠨ ᠰᠢᠷᠦᠭᠦᠨ ᠳᠣᠷᠢᠭᠤᠨ ᠴᠢᠷᠠᠢ ᠶ᠋ᠢ ᠰᠠᠶᠢ ᠯᠠ ᠬᠠᠷᠠᠵᠤ ᠪᠣᠢ ᠬᠠᠲᠠᠭᠠᠨ᠂ 
       — ᠴᠢ ᠴᠦ᠍ ᠬᠣᠯᠠ ᠶ᠋ᠢᠨ ᠪᠣᠳᠣᠯ ᠲᠠᠢ ᠡᠷ᠎ᠡ ᠶᠦ᠍ᠮ ᠠ᠋ ᠭᠡᠯ᠎ᠡ᠃  

              ᠦᠰᠦᠭ ᠠᠮᠢᠯᠠᠭᠤᠯᠤᠭᠴᠢ᠄ ᠪᠤᠤ ᠸᠧᠨ ᠬᠤᠸᠠ᠂ ᠪᠡᠶᠡᠨᠴᠡᠴᠡᠭ᠂ ᠡᠬᠦᠯᠡᠩᠬᠤᠸᠠᠷ᠂ ᠠᠯᠲᠠᠨᠴᠢᠮᠡᠭ᠂
                                         ᠬᠡᠷᠡᠢᠳ·ᠮᠥᠩᠬᠡᠨᠠᠰᠤᠨ᠂ ᠪᠠᠢ·ᠰᠠᠷᠠᠨ᠎ᠠ᠂ ᠨᠠᠷᠠᠨᠲᠤᠶᠠᠭ᠎ᠠ᠂ 
                                         ᠤᠷᠠᠨᠴᠢᠮᠡᠭ᠂ ᠭᠡᠷᠡᠯ᠂ ᠮᠥᠩᠭᠥᠨ᠂ ᠣᠶᠤᠨᠴᠢᠮᠡᠭ᠂ ᠠᠯᠲᠠᠨᠴᠡᠴᠡᠭ 
               ᠬᠢᠨᠠᠭᠴᠢ᠄ ᠤᠳᠬᠠᠨᠰᠣ᠎ᠠ᠂ ᠨᠠᠷᠠᠨ᠂ ᠭᠠᠷᠮ᠎ᠠ᠂ ᠪᠠᠯ᠂ ᠪᠠᠶᠠᠨᠴᠡᠴᠡᠭ᠂ ᠡᠭᠦᠯᠡᠩᠬᠤᠸᠠᠷ