ᠰᠡᠭᠦᠯᠡᠨ ᠦ᠌ ᠦᠯᠢᠭᠡᠷSüülnii ülgerСүүлний үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠭᠦᠯᠡᠨ ᠦ᠌ ᠦᠯᠢᠭᠡᠷSüülnii ülgerСүүлний үлгэр

ᠰᠡᠭᠦᠯᠡᠨ ᠦ᠌ ᠦᠯᠢᠭᠡᠷSüülnii ülgerСүүлний үлгэр

ᠠᠩᠭᠢᠯᠠᠯ:ᠳᠣᠮᠣᠭ ᠦᠯᠢᠭᠡᠷ
2025-12-30

485

ᠰᠡᠭᠦᠯᠡᠨ ᠦ᠌ ᠦᠯᠢᠭᠡᠷ


      ᠰᠤᠷᠭᠠᠮᠵᠢᠲᠤ ᠥᠭᠦᠯᠡᠯᠭᠡ

      ᠡᠷᠲᠡ ᠤᠷᠢᠳᠤ ᠶ᠋ᠢᠨ ᠴᠠᠭ ᠲᠤ᠌ ᠨᠢᠭᠡᠨ ᠭᠠᠬᠠᠢ ᠠᠮᠢᠳᠤᠷᠠᠳᠠᠭ ᠶᠤᠮ ᠪᠠᠢᠵᠠᠢ᠃ ᠲᠡᠷᠡ ᠭᠠᠬᠠᠢ ᠶ᠋ᠢᠨ ᠨᠡᠷ᠎ᠡ ᠶ᠋ᠢ ᠢᠯᠢ ᠭᠡᠳᠡᠭ ᠶᠤᠮᠰᠠᠨᠵᠠᠢ᠃ ᠢᠯᠢ ᠭᠠᠬᠠᠢ ᠰᠡᠭᠦᠯ ᠳ᠋ᠡᠭᠡᠨ ᠵᠢᠭᠲᠡᠢᠬᠡᠨ ᠳᠤᠷ᠎ᠠ ᠦᠭᠡᠢ ᠪᠠᠢᠵᠠᠢ ᠭᠡᠨ᠎ᠡ᠃
      ᠲᠡᠭᠡᠭᠡᠳ ᠨᠢᠭᠡᠨ ᠤᠳᠠᠭ᠎ᠠ ᠦᠨᠡᠭᠡᠨ ᠦ᠌ ᠰᠢᠭ ᠰᠡᠭᠦᠯ ᠲᠡᠢ ᠪᠣᠯᠪᠠᠯ ᠰᠠᠢᠬᠠᠨ ᠪᠠᠢᠬᠤ ᠳᠠ ᠭᠡᠮᠡᠨ ᠪᠣᠳᠣᠵᠠᠢ᠂ ᠪᠣᠳᠣᠵᠤ ᠪᠠᠢᠭᠰᠠᠨ ᠢ᠋ᠶ᠋ᠠᠨ ᠂ᠦᠭᠡᠢ᠂ ᠦᠨᠡᠭᠡᠨ ᠦ᠌ ᠰᠡᠭᠦᠯ ᠭᠠᠬᠠᠢ ᠳ᠋ᠤ᠌ ᠬᠡᠲᠦᠷᠬᠡᠢ ᠶᠡᠬᠡ ᠥᠰᠥᠷᠬᠡᠭ ᠶᠠᠭᠤᠮ᠎ᠠ ᠪᠠᠢᠨ᠎ᠠ ᠭᠡᠮᠡᠨ ᠪᠣᠳᠣᠵᠠᠢ᠃ ᠳᠠᠷᠠᠭ᠎ᠠ ᠨᠢ ᠦᠬᠡᠷ ᠦ᠋ᠨ ᠰᠡᠭᠦᠯ ᠲᠡᠢ ᠪᠣᠯᠪᠠᠯ ᠰᠠᠢᠬᠠᠨ ᠳᠠ ᠭᠡᠮᠡᠨ ᠪᠣᠳᠣᠵᠠᠢ᠃ ᠮᠥᠨ ᠯᠡ ᠪᠣᠳᠣᠵᠤ ᠪᠠᠢᠭᠰᠠᠨ ᠢ᠋ᠶ᠋ᠠᠨ᠂ ᠦᠭᠡᠢ᠂ ᠭᠠᠬᠠᠢ ᠳ᠋ᠤ᠌ ᠦᠬᠡᠷ ᠦ᠋ᠨ ᠰᠡᠭᠦᠯ ᠬᠡᠲᠦᠷᠬᠡᠢ ᠤᠷᠲᠤ ᠶᠤᠮ ᠪᠠᠢᠨ᠎ᠠ᠃ ᠮᠠᠭᠠᠳ ᠦᠭᠡᠢ᠂ ᠮᠠᠲᠠᠷ ᠤ᠋ᠨ ᠰᠡᠭᠦᠯ ᠲᠡᠢ ᠪᠣᠯᠪᠠᠯ ᠶᠠᠭᠠᠬᠢᠬᠤ ᠪᠣᠯ ᠭᠡᠮᠡᠨ ᠪᠣᠳᠣᠵᠠᠢ᠃ ᠦᠭᠡᠢ᠂ ᠭᠠᠬᠠᠢ ᠳ᠋ᠤ᠌ ᠮᠠᠲᠠᠷ ᠤ᠋ᠨ ᠰᠡᠭᠦᠯ ᠬᠡᠲᠦᠷᠬᠡᠢ ᠲᠡᠨᠡᠭ ᠬᠠᠷᠠᠭᠳᠠᠬᠤ ᠶᠤᠮ ᠪᠠᠢᠨ᠎ᠠ᠃
      ᠤᠳᠠᠭᠠᠨ ᠪᠣᠳᠣᠭᠰᠠᠨ ᠤ᠋ ᠡᠴᠦᠰ ᠲᠦ᠍ ᠭᠠᠬᠠᠢ ᠳ᠋ᠤ᠌ ᠥᠪᠡᠷ ᠦ᠋ᠨ ᠬᠢᠨᠢ ᠪᠤᠷᠵᠢᠭᠢᠷ ᠰᠡᠭᠦᠯ ᠯᠡ ᠬᠠᠮᠤᠭ ᠤ᠋ᠨ ᠰᠠᠢᠬᠠᠨ ᠵᠣᠬᠢᠳᠠᠭ ᠶᠤᠮ ᠭᠡᠳᠡᠭ ᠢ᠋ ᠤᠬᠠᠭᠠᠷᠠᠵᠠᠢ᠃

      ᠦᠰᠦᠭ ᠬᠠᠲᠠᠵᠤ ᠠᠮᠢᠯᠠᠭᠤᠯᠤᠭᠴᠢ᠄ ᠵᠢᠷᠠᠨᠲᠠᠢ
      ᠬᠢᠨᠠᠭᠴᠢ᠄ ᠤᠤᠭᠠᠨᠵᠢᠳ