ᠢᠨᠵᠠᠭ᠎ᠠ -ᠮ· ᠨᠠᠨᠳᠢᠨ᠌ᠡᠷᠳᠡᠨᠢYanzaga - M. Nandin - ErudeneЯнзага-М.Нандин-Эрдэнэ
ᠢᠨᠵᠠᠭ᠎ᠠ
ᠮ· ᠨᠠᠨᠳᠢᠨ᠌ᠡᠷᠳᠡᠨᠢ ᠢᠷᠡᠭᠡᠳᠦᠢ ᠶ᠋ᠢᠨ ᠣᠳᠣᠳ ᠳ᠋ᠷᠠᠮ ᠤ᠋ᠨ ᠳᠤᠭᠤᠢᠯᠠᠩ ᠤ᠋ᠨ ᠰᠤᠷᠤᠭᠴᠢ
ᠦᠭᠡ᠄ ᠳ· ᠣᠳᠬᠣᠨᠰᠥ᠋ᠷᠦᠩ
ᠠᠶ᠎ᠠ᠄ ᠭ᠌᠊·ᠠᠯᠲᠠᠨᠬᠤᠶᠠᠭ
ᠬᠥᠪᠴᠢ ᠶ᠋ᠢᠨ ᠬᠠᠩᠭᠠᠢ ᠶ᠋ᠢᠨ ᠨᠠᠯᠠᠭᠠᠷᠬᠠᠨ ᠴᠢᠯᠥᠭᠡᠨ ᠳ᠋ᠦ᠍
ᠬᠥᠭᠡᠷᠦᠬᠦᠢ ᠢᠨᠵᠠᠭ᠎ᠠ ᠭᠠᠭᠴᠠ ᠪᠠᠷ ᠲᠣᠭᠯᠠᠨ᠎ᠠ
ᠬᠥᠩᠭᠡᠨ ᠬᠥᠯ ᠢ᠋ᠶ᠋ᠡᠷ ᠢ᠋ᠶ᠋ᠡᠨ ᠰᠢᠭᠦᠳᠡᠷᠢ ᠢᠰᠬᠦᠯᠦᠭᠰᠡᠨ
ᠴᠡᠴᠡᠭ ᠦ᠋ᠨ ᠳᠤᠮᠳᠠᠭᠤᠷ ᠢ᠋ᠶ᠋ᠠᠨ ᠡᠷᠬᠡᠯᠡᠨ ᠲᠣᠭᠯᠠᠨ᠎ᠠ᠃
ᠷᠠᠰᠢᠶᠠᠨ ᠭᠡᠳ ᠱᠠᠯᠪᠠᠭ ᠤᠤᠭᠤᠪᠠᠯ ᠶᠠᠭᠠᠬᠢᠨᠠᠮ ᠪᠢᠯᠡ ᠬᠦ
ᠠᠴᠢᠲᠠᠨ ᠢ᠋ᠶ᠋ᠠᠨ ᠭᠡᠳ ᠠᠷᠢᠶᠠᠲᠠᠨ ᠢ᠋ ᠳᠠᠭᠠᠪᠠᠯ ᠶᠠᠭᠠᠬᠢᠨᠠᠮ ᠪᠢᠯᠡ ᠬᠦ
ᠠᠶᠠᠰ ᠤ᠋ᠨ ᠰᠠᠯᠬᠢᠨ ᠠ᠋ᠴᠠ ᠴᠢᠮ᠎ᠠ ᠶ᠋ᠢ ᠪᠡᠨ ᠬᠠᠮᠠᠭᠠᠯᠠᠶ᠎ᠠ
ᠠᠭᠠᠳᠠᠷ ᠤ᠋ᠨ ᠡᠭᠦᠯᠡᠨ ᠡᠴᠡ ᠰᠡᠷᠭᠡᠢᠯᠡᠨ ᠬᠠᠯᠬᠠᠯᠠᠨ᠎ᠠ
ᠲᠣᠷᠮᠣᠭᠣᠷ ᠬᠠᠷᠠᠬᠠᠨ ᠨᠢᠳᠦ ᠪᠡᠨ ᠴᠠᠪᠴᠢᠯ ᠦᠭᠡᠢ
ᠲᠣᠭᠣᠰᠣᠨ ᠤ᠋ ᠬᠣᠯᠠ ᠠ᠋ᠴᠠ ᠴᠢᠮᠡᠭᠡ ᠴᠢᠩᠨᠠᠭᠠᠳ
ᠲᠣᠮᠣᠭ᠎ᠠ ᠦᠭᠡᠢ ᠪᠠᠭ᠎ᠠ ᠶ᠋ᠢᠨ ᠭᠡᠨᠡᠬᠡᠨ ᠵᠠᠩ ᠢ᠋ᠶ᠋ᠠᠷ ᠢ᠋ᠶ᠋ᠠᠨ
ᠲᠣᠷᠣᠶ᠋ᠢᠬᠰᠠᠨ ᠪᠦᠭᠦᠳᠡ ᠶ᠋ᠢ ᠱᠣᠬᠣᠭᠣᠷᠬᠠᠨ ᠰᠢᠷᠲᠡᠨ᠎ᠡ᠃
ᠷᠠᠰᠢᠶᠠᠨ ᠭᠡᠳ ᠱᠠᠯᠪᠠᠭ ᠤᠤᠭᠤᠪᠠᠯ ᠶᠠᠭᠠᠬᠢᠨᠠᠮ ᠪᠢᠯᠡ ᠬᠦ
ᠠᠴᠢᠲᠠᠨ ᠢ᠋ᠶ᠋ᠠᠨ ᠭᠡᠳ ᠠᠷᠢᠶᠠᠲᠠᠨ ᠢ᠋ ᠳᠠᠭᠠᠪᠠᠯ ᠶᠠᠭᠠᠬᠢᠨᠠᠮ ᠪᠢᠯᠡ ᠬᠦ
ᠠᠶᠠᠰ ᠤ᠋ᠨ ᠰᠠᠯᠬᠢᠨ ᠠ᠋ᠴᠠ ᠴᠢᠮ᠎ᠠ ᠶ᠋ᠢ ᠪᠡᠨ ᠬᠠᠮᠠᠭᠠᠯᠠᠶ᠎ᠠ
ᠠᠭᠠᠳᠠᠷ ᠤ᠋ᠨ ᠡᠭᠦᠯᠡᠨ ᠡᠴᠡ ᠰᠡᠷᠭᠡᠢᠯᠡᠨ ᠬᠠᠯᠬᠠᠯᠠᠨ᠎ᠠ
ᠡᠪᠡᠢ ᠬᠥᠭᠡᠷᠦᠬᠦᠢ ᠡᠩᠬᠦᠷᠡᠢ ᠢᠨᠵᠠᠭ᠎ᠠ ᠮᠢᠨᠢ
ᠡᠷᠭᠢᠨ ᠲᠣᠭᠣᠷᠢᠨ ᠳ᠋ᠤ᠌ ᠴᠢᠨᠢ ᠠᠴᠢᠲᠠᠨ ᠢ᠋ᠶ᠋ᠠᠷ ᠳᠦᠭᠦᠷᠦᠭᠡ ᠦᠭᠡᠢ᠂
ᠥᠴᠥᠭᠡᠳᠦᠷᠬᠡᠨ ᠫᠤᠤᠳᠠᠭᠰᠠᠨ ᠰᠤᠮᠤᠨ ᠤ᠋ ᠳᠠᠷᠢ ᠶ᠋ᠢ
ᠦᠨᠦᠷᠲᠦᠵᠦ ᠪᠠᠢᠭᠠᠳ ᠮᠡᠳᠡᠳᠡᠭ ᠴᠦ᠍ ᠪᠣᠯᠰᠤᠭᠠᠢ᠃
ᠷᠠᠰᠢᠶᠠᠨ ᠭᠡᠳ ᠱᠠᠯᠪᠠᠭ ᠤᠤᠭᠤᠪᠠᠯ ᠶᠠᠭᠠᠬᠢᠨᠠᠮ ᠪᠢᠯᠡ ᠬᠦ
ᠠᠴᠢᠲᠠᠨ ᠢ᠋ᠶ᠋ᠠᠨ ᠭᠡᠳ ᠠᠷᠢᠶᠠᠲᠠᠨ ᠢ᠋ ᠳᠠᠭᠠᠪᠠᠯ ᠶᠠᠭᠠᠬᠢᠨᠠᠮ ᠪᠢᠯᠡ ᠬᠦ
ᠠᠶᠠᠰ ᠤ᠋ᠨ ᠰᠠᠯᠬᠢᠨ ᠠ᠋ᠴᠠ ᠴᠢᠮ᠎ᠠ ᠶ᠋ᠢ ᠪᠡᠨ ᠬᠠᠮᠠᠭᠠᠯᠠᠶ᠎ᠠ
ᠠᠭᠠᠳᠠᠷ ᠤ᠋ᠨ ᠡᠭᠦᠯᠡᠨ ᠡᠴᠡ ᠰᠡᠷᠭᠡᠢᠯᠡᠨ ᠬᠠᠯᠬᠠᠯᠠᠨ᠎ᠠ
ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ
