ᠪᠢ ᠮᠣᠩᠭᠣᠯ ‍ᠢᠶ᠋ᠠᠷ ‍ᠢᠶ᠋ᠠᠨ ᠭᠣᠶᠣᠳᠠᠭ-ᠭᠥᠷᠣᠪᠠᠽᠠᠷ- ᠢᠷᠠᠭᠤ ᠨᠠᠢᠷᠠᠭБи Монголоороо гоёдог Ш.Гүрбазар-Яруу найраг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠮᠣᠩᠭᠣᠯ ‍ᠢᠶ᠋ᠠᠷ ‍ᠢᠶ᠋ᠠᠨ ᠭᠣᠶᠣᠳᠠᠭ-ᠭᠥᠷᠣᠪᠠᠽᠠᠷ- ᠢᠷᠠᠭᠤ ᠨᠠᠢᠷᠠᠭБи Монголоороо гоёдог Ш.Гүрбазар-Яруу найраг

ᠪᠢ ᠮᠣᠩᠭᠣᠯ ‍ᠢᠶ᠋ᠠᠷ ‍ᠢᠶ᠋ᠠᠨ ᠭᠣᠶᠣᠳᠠᠭ-ᠭᠥᠷᠣᠪᠠᠽᠠᠷ- ᠢᠷᠠᠭᠤ ᠨᠠᠢᠷᠠᠭБи Монголоороо гоёдог Ш.Гүрбазар-Яруу найраг

2022-10-27

1663

ᠪᠢ ᠮᠣᠩᠭᠣᠯ ‍ᠢᠶ᠋ᠠᠷ ‍ᠢᠶ᠋ᠠᠨ ᠭᠣᠶᠣᠳᠠᠭ

              ᠭᠥᠷᠣᠪᠠᠽᠠᠷ

ᠬᠥᠬᠡ ᠠᠽᠢᠶ᠎ᠠ ‍ᠶ᠋ᠢᠨ ᠡᠯᠢᠭᠡᠨ ᠳᠡᠭᠡᠷ᠎ᠡ ᠢᠷᠡᠵᠦ ᠪᠤᠴᠠᠬᠤ ‍ᠶ᠋ᠢᠨ ᠤᠴᠢᠷ
ᠬᠥᠮᠦᠨ ‍ᠦ ᠠᠯᠲᠠᠨ ᠵᠠᠶᠠᠭ᠎ᠠ ᠡᠨᠳᠡ ᠪᠠᠶ᠋ᠢᠬᠤ ‍ᠶ᠋ᠢᠨ ᠤᠴᠢᠷ
ᠲᠤᠩᠭᠠᠯᠠᠭ ᠱᠠᠩᠳᠠᠨ ‍ᠤ ᠲᠤᠯᠢᠶ᠎ᠠ ‍ᠶ᠋ᠢ ᠬᠤᠯᠠᠨ ᠎ᠲᠠᠢ ᠬᠠᠮᠲᠤ ᠪᠤᠯᠢᠶᠠᠯᠳᠤᠵᠤ ᠷᠠᠰᠢᠶᠠᠨ ᠠᠮᠰᠠᠬᠤ ‍ᠶ᠋ᠢᠨ ᠤᠴᠢᠷ

ᠲᠤᠭᠤᠷᠠᠢ ‍ᠶ᠋ᠢᠨ ᠲᠠᠮᠠᠭ᠎ᠠ ᠎ᠲᠠᠢ ᠬᠥᠷᠥᠰᠥᠨ ᠳᠡᠭᠡᠷ᠎ᠡ
ᠤᠨᠠᠭ᠎ᠠ ᠎ᠲᠠᠢ ᠬᠠᠮᠲᠤ ᠲᠡᠩᠴᠡᠵᠦ᠂ ᠬᠥᠯ ᠎ᠳ᠋ᠦ᠍ ᠣᠷᠣᠬᠤ ‍ᠶ᠋ᠢᠨ ᠤᠴᠢᠷ
ᠪᠢ ᠮᠣᠩᠭᠣᠯ ᠳ᠋ᠠᠭᠠᠨ ᠮᠡᠨᠳᠦᠯᠡᠭᠰᠡᠨ ᠪᠢ ᠮᠣᠩᠭᠣᠯ ‍ᠢᠶ᠋ᠠᠷ ‍ᠢᠶ᠋ᠠᠨ ᠭᠣᠶᠣᠳᠠᠭ

ᠬᠥᠬᠥᠭᠡ ᠎ᠲᠡᠢ ᠵᠤᠨ ‍ᠤ ᠠᠯᠠᠭ ᠰᠢᠭᠦᠳᠡᠷᠢ ᠬᠥᠯ ‍ᠢᠶ᠋ᠡᠨ ᠭᠣᠶᠣᠳᠠᠭ

ᠬᠦᠷᠡᠩ ᠲᠣᠯᠣᠭᠠᠢ ‍ᠶ᠋ᠢᠨ ᠠᠶ᠋ᠢᠵᠠᠮ ᠵᠢᠪᠬᠤᠭ᠎ᠠ ᠎ᠪᠠᠷ
ᠬᠣᠭᠣᠯᠠᠢ ᠎ᠪᠠᠨ ᠭᠣᠶᠣᠳᠠᠭ
ᠪᠢ ᠮᠣᠩᠭᠣᠯ ‍ᠢᠶ᠋ᠠᠷ ‍ᠢᠶ᠋ᠠᠨ ᠭᠣᠶᠣᠳᠠᠭ

ᠵᠡᠷᠭᠡᠯᠭᠡᠲᠦᠭᠰᠡᠨ ᠲᠠᠯ᠎ᠠ ‍ᠶ᠋ᠢᠨ ᠪᠠᠷᠠᠭᠠᠨ ᠨᠡᠭᠦᠳᠡᠯ ‍ᠢᠶ᠋ᠡᠷ
ᠬᠠᠷᠠᠴᠠ ᠎ᠪᠠᠨ ᠭᠣᠶᠣᠳᠠᠭ
ᠵᠡᠭᠡᠭᠯᠡᠭᠰᠡᠨ ᠰᠢᠷ᠎ᠠ ᠲᠤᠯᠤᠭᠠᠳ ‍ᠤᠨ ᠠᠯᠲᠠᠨ ᠬᠣᠷᠮᠣᠢ ᠪᠠᠷ ᠨᠢ
ᠬᠠᠶᠠᠭ᠎ᠠ ᠎ᠪᠠᠨ ᠭᠣᠶᠣᠳᠠᠭ ᠡ
ᠬᠠᠪᠤᠷ ‍ᠤᠨ ᠲᠡᠷᠢᠭᠦᠨ ᠰᠠᠷ᠎ᠠ ‍ᠶ᠋ᠢᠨ ᠰᠢᠨ᠎ᠡ ‍ᠶ᠋ᠢᠨ ᠨᠢᠭᠡᠨ ᠎ᠳ᠋ᠦ᠍
ᠠᠰᠢᠳᠠ ‍ᠶ᠋ᠢᠨ ᠪᠡᠯᠭᠡ ᠎ᠪᠡᠷ ᠭᠣᠶᠣᠳᠠᠭ
ᠨᠠᠮᠤᠷ ‍ᠤᠨ ᠳᠤᠮᠳᠠ ᠰᠠᠷ᠎ᠠ ‍ᠶ᠋ᠢᠨ ᠠᠷᠪᠠᠨ ᠳᠣᠯᠣᠭᠠᠨ ᠎ᠳ᠋ᠤ᠌
ᠠᠮᠠᠷᠠᠭ ‍ᠤᠨ ᠬᠠᠷᠠᠴᠠ ᠎ᠪᠠᠷ ᠭᠣᠶᠣᠳᠠᠭ
ᠪᠢ ᠮᠣᠩᠭᠣᠯ ‍ᠢᠶ᠋ᠠᠷ ‍ᠢᠶ᠋ᠠᠨ ᠭᠣᠶᠣᠳᠠᠭ
ᠰᠢᠷᠭᠢᠰᠢ ᠥᠬᠡᠢ  ᠬᠡᠷᠤᠯᠤᠨ ᠶ᠋ᠢᠨ ‍ᠢᠶ᠋ᠡᠨ ᠤᠰᠤ ‍ᠶ᠋ᠢ
ᠨᠠᠷᠠ ᠵᠥᠪ ᠪᠦᠰᠡᠯᠡᠵᠦ ᠭᠣᠶᠣᠳᠠᠭ
ᠰᠢᠯᠭᠡᠭᠡᠰᠢ ᠦᠭᠡᠢ ᠨᠤᠲᠤᠭ ‍ᠤᠨ ‍ᠢᠶ᠋ᠠᠨ ᠠᠭᠤᠯᠠᠰ ‍ᠢ
ᠨᠠᠰᠤ ᠵᠥᠪ ᠲᠦᠰᠢᠵᠦ ᠭᠣᠶᠣᠳᠠᠭ ᠠ᠋
ᠲᠡᠶ᠋ᠢᠮᠦ ᠡ !ᠪᠢ ᠮᠣᠩᠭᠣᠯ ‍ᠢᠶ᠋ᠠᠷ ᠭᠣᠶᠣᠳᠠᠭ
ᠳᠥᠷᠪᠡᠨ ᠴᠠᠭ ‍ᠤᠨ ᠠᠯᠠᠭ ᠰᠠᠯᠬᠢᠨ ᠎ᠳ᠋ᠤ᠌ ᠨᠢ
ᠬᠡᠶ᠋ᠢᠮᠣᠷᠢ ᠎ᠪᠠᠨ ᠭᠣᠶᠣᠳᠠᠭ

ᠳᠥᠷᠦᠭᠡᠨ ᠳᠡᠭᠡᠷ᠎ᠡ ᠎ᠪᠡᠨ ᠨᠠᠷᠠ ᠲᠠᠢ ᠶᠠᠪᠤᠵᠤ
ᠵᠠᠶᠠᠭ᠎ᠠ ᠎ᠪᠠᠨ ᠭᠣᠶᠣᠳᠠᠭ
ᠠᠷᠪᠠᠨ ᠲᠠᠪᠤᠨ ‍ᠤ ᠰᠠᠷᠠ ᠡᠭᠦᠰᠦᠭᠰᠡᠨ ᠲᠣᠯᠣᠭᠠᠳ ‍ᠢᠶ᠋ᠠᠷ ‍ᠢᠶ᠋ᠠᠨ 
ᠠᠶ᠋ᠢᠯ ‍ᠤᠨ ᠪᠠᠷ᠎ᠠ ᠎ᠪᠠᠨ ᠭᠣᠶᠣᠳᠠᠭ

ᠠᠮᠤᠷ ᠰᠠᠶ᠋ᠢᠬᠠᠨ ᠵᠢᠷᠭᠠᠳᠠᠭ ᠦᠯᠢᠭᠡᠷ ‍ᠦᠨ ᠲᠡᠭᠦᠰᠬᠡᠯ ‍ᠢᠶ᠋ᠡᠷ

ᠠᠰᠢᠳᠠ ‍ᠶ᠋ᠢᠨ ᠪᠡᠯᠭᠡ ᠎ ᠪᠡᠨ ᠭᠣᠶᠣᠳᠠᠭ
ᠪᠢ ᠮᠣᠩᠭᠣᠯ ‍ᠢᠶ᠋ᠠᠷ ‍ᠢᠶ᠋ᠠᠨ ᠭᠣᠶᠣᠳᠠᠭ

ᠳᠣᠮᠣᠭ ᠰᠢᠬ ᠡᠷᠭᠢᠭᠰᠡᠨ ᠮᠣᠷᠢ ᠎ᠲᠡᠢ ᠬᠥᠮᠦᠨ ‍ᠢᠶ᠋ᠠᠷ
ᠠᠮᠤᠭᠤᠯᠠᠩ ᠲᠠᠯ᠎ᠠ ᠎ᠪᠠᠨ ᠭᠣᠶᠣᠳᠠᠭ ᠳᠣᠷᠣᠨ᠎ᠠ ‍ᠶ᠋ᠢ ᠲᠠᠮᠠᠭᠠᠯᠠᠭᠰᠠᠨ ᠵᠠᠩᠰᠢᠯ ‍ᠢᠶ᠋ᠠᠷ ‍ᠢᠶ᠋ᠠᠨ
ᠠᠽᠢᠶ᠎ᠠ ‍ᠶ᠋ᠢᠨ ᠲᠡᠦᠬᠡ ‍ᠶ᠋ᠢ ᠭᠣᠶᠣᠳᠠᠭ

ᠪᠢ ᠮᠣᠩᠭᠣᠯ ‍ᠢᠶ᠋ᠠᠷ ‍ᠢᠶ᠋ᠠᠨ ᠭᠣᠶᠣᠳᠠᠭ ᠠᠶ᠋ᠢᠷᠠᠭ ᠲᠤᠨᠢ
ᠠᠷᠠᠳ ‍ᠤᠨ ᠳᠠᠭᠤᠤ ᠢᠰᠦᠭᠰᠡᠨ ᠬᠥᠬᠦᠦᠷ ‍ᠢᠶ᠋ᠡᠷ ᠨᠢ
ᠬᠠᠨ᠎ᠠ ᠎ᠪᠠᠨ ᠭᠣᠶᠣᠳᠠᠭ
ᠠᠶᠠᠭᠠᠨ ᠳ᠋ᠤᠨᠢ ᠦᠳᠡ ‍ᠶ᠋ᠢᠨ ᠨᠠᠷᠠ ᠳᠠᠯᠪᠠᠯᠵᠠᠭᠰᠠᠨ ᠡᠪᠦᠭᠡᠳ ‍ᠢᠶ᠋ᠡᠷ ᠬᠣᠶ᠋ᠢᠮᠣᠷ ‍ᠢᠶ᠋ᠠᠨ ᠭᠣᠶᠣᠳᠠᠭ
ᠲᠡᠶ᠋ᠢᠮᠦ ᠡ ᠪᠢ ᠮᠣᠩᠭᠣᠯ ‍ᠢᠶ᠋ᠠᠷ ‍ᠢᠶ᠋ᠠᠨ ᠭᠣᠶᠣᠳᠠᠭ
ᠮᠣᠷᠢᠳ ᠡᠷᠭᠢᠭᠰᠡᠨ ᠨᠠᠭᠠᠳᠤᠮ ‍ᠤᠨ ᠳᠤᠷᠳᠤᠩ ᠲᠣᠭᠣᠰᠣ ᠎ᠪᠠᠷ
ᠳᠡᠪᠡᠯ ‍ᠢᠶ᠋ᠡᠨ ᠭᠣᠶᠣᠳᠠᠭ
ᠮᠣᠩᠭᠣᠯ ᠭᠡᠰᠡᠨ ᠵᠢᠷᠭᠤᠭᠠᠨ ᠦᠰᠦᠭ ᠎ᠲᠡᠢ ᠪᠤᠷᠬᠠᠨ ᠨᠡᠷ᠎ᠡ ᠎ᠪᠡᠷ ᠨᠢ ᠳᠡᠯᠡᠬᠡᠢ ᠎ᠳ᠋ᠦ᠍ ᠭᠣᠶᠣᠳᠠᠭ ᠡ
ᠪᠢ ᠮᠣᠩᠭᠣᠯ ‍ᠢᠶ᠋ᠠᠷ ‍ᠢᠶ᠋ᠠᠨ ᠭᠣᠶᠣᠳᠠᠭ