ᠤᠷᠢᠶᠠᠩᠬᠠᠢ ᠬᠣᠨᠢᠳ ᠮᠢᠨᠢ -ᠴᠡᠪᠠᠷᠬᠠᠰUriankhai khonid mini-TseverkhasУрианхай хоньд минь-Цэвэрхас
ᠤᠷᠢᠶᠠᠩᠬᠠᠢ ᠬᠣᠨᠢᠳ ᠮᠢᠨᠢ
ᠦᠭᠡ᠄ ᠱᠠᠷᠡᠢᠳ ᠭᠡᠷᠡᠯ
ᠠᠶ᠎ᠠ᠄ ᠢᠷᠦᠭᠡᠯᠲᠦ
ᠳᠠᠭᠤᠴᠢᠨ᠄ ᠴᠡᠪᠠᠷᠬᠠᠰ
ᠳᠡᠯᠭᠡᠷ ᠮᠣᠩᠭᠣᠯ ᠨᠤᠲᠤᠭ ᠲᠤ᠌ ᠪᠠᠨ
ᠴᠡᠴᠡᠭ ᠨᠢ ᠶᠦᠮ ᠰᠢᠭ ᠲᠠᠷᠬᠠᠭᠰᠠᠨ
ᠴᠡᠩᠭᠡᠯᠲᠦ ᠮᠠᠯᠴᠢᠨ ᠡᠵᠡᠨ ᠳ᠋ᠦ᠍ ᠪᠡᠨ
ᠬᠥᠷᠥᠩᠭᠡ ᠪᠣᠯᠵᠤ ᠦᠷᠡᠵᠢᠭᠰᠡᠨ
ᠲᠠᠪᠤᠨ ᠬᠣᠰᠢᠭᠤ ᠮᠠᠯ ᠤ᠋ᠨ ᠢ᠋ᠶ᠋ᠠᠨ
ᠬᠠᠯᠠᠭᠤᠨ ᠬᠣᠰᠢᠭᠤᠲᠤ ᠡᠷᠳᠡᠨᠢ
ᠲᠠᠩᠰᠤᠭ ᠮᠣᠩᠭᠣᠯ ᠲᠦᠮᠡᠨ ᠦ᠌ ᠪᠡᠨ
ᠬᠡᠰᠢᠭᠲᠦ ᠤᠷᠢᠶᠠᠩᠬᠠᠢ ᠬᠣᠨᠢᠳ ᠮᠢᠨᠢ
ᠠᠭᠤᠯᠠ ᠲᠠᠯ᠎ᠠ ᠪᠠᠨ ᠴᠢᠮᠡᠭᠯᠡᠨ
ᠤᠯᠠᠮ ᠳᠡᠯᠭᠡᠷᠡᠬᠦ ᠰᠦᠷᠦᠭ ᠦ᠋ᠳ ᠮᠢᠨᠢ
ᠤᠨᠠᠭᠠᠨ ᠪᠠᠭ᠎ᠠ ᠶ᠋ᠢᠨ ᠳᠤᠷᠠᠳᠬᠠᠯ ᠢ᠋ᠶ᠋ᠠᠷ
ᠤᠬᠠᠭᠠᠨ ᠳ᠋ᠤ᠌ ᠰᠢᠩᠭᠡᠭᠰᠡᠨ ᠡᠷᠬᠡ ᠦ᠋ᠳ ᠮᠢᠨᠢ
ᠳᠠᠷᠬᠠᠨ ᠮᠣᠩᠭᠣᠯ ᠣᠷᠣᠨ ᠳ᠋ᠤ᠌ ᠪᠠᠨ
ᠴᠢᠮᠡᠭ ᠪᠣᠯᠵᠤ ᠪᠡᠯᠴᠢᠭᠰᠡᠨ
ᠰᠡᠳᠬᠢᠯ ᠳ᠋ᠦ᠍ ᠰᠢᠩᠭᠡᠭᠰᠡᠨ ᠨᠤᠲᠤᠭ ᠤ᠋ᠨ ᠢ᠋ᠶ᠋ᠠᠨ
ᠡᠷᠳᠡᠨᠢ ᠤᠷᠢᠶᠠᠩᠬᠠᠢ ᠬᠣᠨᠢᠳ ᠮᠢᠨᠢ
ᠳᠠᠷᠬᠠᠨ ᠮᠣᠩᠭᠣᠯ ᠣᠷᠣᠨ ᠳ᠋ᠤ᠌ ᠪᠠᠨ
ᠴᠢᠮᠡᠭ ᠪᠣᠯᠵᠤ ᠪᠡᠯᠴᠢᠭᠰᠡᠨ
ᠰᠡᠳᠬᠢᠯ ᠳ᠋ᠦ᠍ ᠰᠢᠩᠭᠡᠭᠰᠡᠨ ᠨᠤᠲᠤᠭ ᠤ᠋ᠨ ᠢ᠋ᠶ᠋ᠠᠨ
ᠡᠷᠳᠡᠨᠢ ᠤᠷᠢᠶᠠᠩᠬᠠᠢ ᠬᠣᠨᠢᠳ ᠮᠢᠨᠢ
ᠲᠠᠩᠰᠤᠭ ᠮᠣᠩᠭᠣᠯ ᠣᠷᠣᠨ ᠳ᠋ᠤ᠌ ᠪᠠᠨ
ᠬᠡᠰᠢᠭᠲᠦ ᠤᠷᠢᠶᠠᠩᠬᠠᠢ ᠬᠣᠨᠢᠳ ᠮᠢᠨᠢ
ᠦᠰᠦᠭ ᠠᠮᠢᠠᠭᠤᠯᠤᠬᠴᠢ᠄ ᠰᠡᠴᠡᠨᠬᠡᠷᠡᠯ
ᠦᠰᠦᠭ ᠬᠠᠲᠠᠭᠴᠢ᠄ ᠰᠡᠴᠡᠨᠭᠡᠷᠡᠯ
ᠬᠢᠨᠠᠭᠴᠢ ᠪᠠᠭᠰᠢ᠄ ᠠᠯᠳᠠᠨᠴᠡᠴᠩ
