ᠴᠠᠭᠠᠨ ᠳ᠋ᠠᠷ᠎ᠠ ᠶ᠋ᠢᠨ ᠮᠠᠭᠲᠠᠭᠠᠯTsagaan daryn magtaalЦагаан дарын магтаал ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠳ᠋ᠠᠷ᠎ᠠ ᠶ᠋ᠢᠨ ᠮᠠᠭᠲᠠᠭᠠᠯTsagaan daryn magtaalЦагаан дарын магтаал

ᠴᠠᠭᠠᠨ ᠳ᠋ᠠᠷ᠎ᠠ ᠶ᠋ᠢᠨ ᠮᠠᠭᠲᠠᠭᠠᠯTsagaan daryn magtaalЦагаан дарын магтаал

2025-12-29

341

ᠴᠠᠭᠠᠨ ᠳ᠋ᠠᠷ᠎ᠠ ᠶ᠋ᠢᠨ ᠮᠠᠭᠲᠠᠭᠠᠯ 


ᠣᠮ ᠭᠡᠲᠦᠯᠭᠡᠭᠴᠢ ᠬᠤᠲᠤᠭᠲᠠᠢ᠃
ᠳ᠋ᠠᠷ᠎ᠠ ᠡᠬᠡ ᠳ᠋ᠦ᠍ᠷ ᠮᠥᠷᠭᠥᠮᠦ᠃
ᠣᠷᠴᠢᠯᠠᠩ ᠢ᠋ ᠭᠡᠲᠦᠯᠭᠡᠭᠴᠢ ᠳ᠋ᠠᠷᠢᠮ᠎ᠠ᠃
ᠳᠦ ᠳ᠋ᠠᠷᠢ ᠪᠠᠷ ᠨᠠᠢ᠍ᠮᠠᠨ ᠠᠶᠤᠯ ᠠᠷᠢᠯᠭᠠᠨ᠃
ᠳ᠋ᠦᠷᠢ ᠢᠨᠦ ᠡᠪᠡᠳᠴᠢᠨ ᠢ᠋ ᠡᠪᠳᠡᠭᠴᠢ᠃
ᠭᠡᠲᠦᠯᠭᠡᠭᠴᠢ ᠲᠠᠨ ᠳ᠋ᠤᠷ ᠮᠥᠷᠭᠥᠨ ᠮᠠᠭᠲᠠᠮᠤ ᠅
ᠴᠠᠭᠠᠨ ᠪᠠᠳᠮ᠎ᠠ ᠶ᠋ᠢᠨ ᠳᠤᠮᠳᠠ ᠣᠷᠣᠰᠢᠭᠰᠠᠨ ᠤ᠋᠃
ᠰᠠᠷᠠᠨ ᠳᠦᠷᠰᠦ ᠶ᠋ᠢᠨ ᠳᠡᠪᠢᠰᠬᠡᠷ ᠦ᠋ᠨ ᠳᠡᠭᠡᠷ᠎ᠡ᠃
ᠸᠴᠢᠷ ᠪᠠᠲᠤ ᠵᠠᠪᠢᠯᠠᠯ ᠢ᠋ ᠵᠠᠰᠠᠭᠰᠠᠨ᠃
ᠳᠡᠭᠡᠳᠦ ᠶ᠋ᠢ ᠥᠭᠭᠦᠭᠴᠢ ᠳᠡ ᠮᠥᠷᠭᠥᠮᠦ ᠅
ᠨᠠᠮᠤᠷ ᠴᠠᠭ ᠤ᠋ᠨ ᠰᠠᠷᠠ ᠶ᠋ᠢᠨ ᠥᠩᠭᠡ ᠲᠡᠭᠦᠰᠦᠨ᠃
ᠰᠠᠷᠠᠨ ᠢ᠋ ᠪᠡᠷ ᠣᠷᠣᠨ ᠳ᠋ᠠᠭᠠᠨ ᠲᠦᠰᠢᠵᠦ᠃
ᠬᠠᠮᠤᠭ ᠴᠢᠮᠡᠭ ᠣᠭᠣᠭᠠᠲᠠ ᠭᠦᠢᠴᠡᠭᠰᠡᠨ᠃
ᠤᠳᠪᠠᠯᠠ ᠪᠠᠷᠢᠭᠴᠢ ᠳᠠ ᠮᠥᠷᠭᠥᠨ ᠮᠠᠭᠲᠠᠮᠤ ᠅
ᠠᠷᠪᠠᠨ ᠵᠢᠷᠭᠤᠭᠠᠨ ᠨᠠᠰᠤᠯᠠᠭᠰᠠᠨ ᠪᠡᠶᠡᠲᠦ᠃
ᠲᠡᠭᠦᠰ ᠪᠣᠷᠠᠬᠤᠨ ᠳ᠋ᠠᠷ᠎ᠠ ᠡᠬᠡ ᠶ᠋ᠢᠨ ᠬᠥᠪᠡᠭᠦᠨ᠃
ᠬᠦᠰᠡᠯ ᠥᠭᠭᠦᠢ ᠡᠷᠭᠢᠨ ᠪᠡᠶ᠎ᠡ ᠪᠠᠷᠢᠭᠰᠠᠨ᠃
ᠠᠷᠢᠶ᠎ᠠ ᠳᠡᠷ᠎ᠡ ᠡᠬᠡ ᠲᠠᠨ ᠳ᠋ᠤᠷ ᠮᠥᠷᠭᠥᠮᠦ ᠅
ᠴᠠᠭᠠᠨ ᠬᠦᠷᠳᠦ ᠴᠠᠭᠠᠨ ᠭᠡᠷᠡᠯ ᠭᠠᠷᠤᠭᠴᠢ᠃
ᠨᠠᠢ᠍ᠮᠠᠨ ᠭᠡᠭᠡᠰᠤᠨ᠎ᠡ ᠨᠠᠢ᠍ᠮᠠᠨ ᠦᠰᠦᠭ ᠲᠡᠢ᠃
ᠣᠭᠣᠭᠠᠲᠠ ᠡᠷᠭᠢᠨ ᠪᠦᠬᠦᠢ ᠳᠦᠷᠢ ᠲᠡᠢ᠃
ᠬᠦᠷᠳᠦ ᠳᠡ ᠪᠢ ᠪᠡᠷ ᠮᠥᠷᠭᠥᠨ ᠮᠠᠭᠲᠠᠮᠤ ᠅
ᠣᠭᠣᠭᠠᠲᠠ ᠠᠷᠢᠯᠤᠭᠰᠠᠨ ᠬᠠᠮᠤᠭ ᠤᠯᠤᠰ ᠣᠷᠣᠨ᠎ᠠ᠃
ᠣᠯᠠᠨ ᠷᠠᠳᠨ᠎ᠠ ᠴᠡᠴᠡᠭ ᠦ᠋ᠳ ᠢ᠋ ᠲᠠᠷᠬᠠᠭᠠᠵᠤ ᠳᠡᠯᠭᠡᠭᠡᠳ᠃
ᠭᠤᠷᠪᠠᠨ ᠴᠠᠭ ᠤ᠋ᠨ ᠬᠠᠮᠤᠭ ᠪᠤᠷᠬᠠᠳ ᠡᠭᠦᠰᠬᠡᠭᠴᠢ ᠡᠬᠡ ᠴᠢ ᠃
ᠡᠬᠡ ᠪᠣᠯᠤᠨ ᠭᠡᠲᠦᠯᠭᠡᠭᠴᠢ ᠲᠠᠨ ᠳ᠋ᠤᠷ ᠮᠥᠷᠭᠥᠨ ᠮᠠᠭᠲᠠᠮᠤ ᠅
ᠠᠷᠢᠶ᠎ᠠ ᠳ᠋ᠠᠷᠢ ᠭᠡᠲᠦᠯᠭᠡᠭᠴᠢ ᠡᠬᠡ ᠴᠢ᠃
ᠨᠠᠰᠤᠨ ᠥᠭᠬᠦ  ᠴᠢᠨᠳᠠᠮᠤᠨᠢ ᠬᠦᠷᠳᠦᠨ ᠴᠢ᠃
ᠥᠬᠢᠨ ᠲᠡᠭᠷᠢ ᠲᠠᠨ ᠳ᠋ᠤᠷ ᠵᠠᠯᠪᠠᠷᠢᠮᠤ ᠪᠢ ᠃
ᠮᠢᠨᠦ ᠨᠠᠰᠤ ᠶ᠋ᠢᠨ ᠬᠠᠮᠤᠭ ᠡᠯ᠎ᠡ ᠵᠡᠳᠬᠡᠷ ᠪᠠ᠃
ᠡᠪᠡᠳᠴᠢᠨ ᠪᠠ ᠵᠣᠪᠠᠯᠠᠩ ᠤ᠋ᠳ ᠠ᠋ᠴᠠ ᠪᠠᠷ᠃
ᠴᠢᠳᠠᠯᠲᠤ ᠴᠢ ᠢᠪᠡᠭᠡᠵᠦ ᠰᠣᠶᠣᠷᠬ᠎ᠠ ᠅
ᠳᠡᠭᠡᠳᠦ ᠪᠠ ᠶᠡᠷᠦ ᠶ᠋ᠢᠨ ᠬᠠᠮᠤᠭ ᠰᠢᠳᠢ ᠶ᠋ᠢ᠃
ᠬᠣᠴᠣᠷᠤᠯ ᠦᠭᠡᠢ ᠨᠠᠳᠤᠷ ᠥᠭᠭᠦᠨ ᠰᠣᠶᠣᠷᠬ᠎ᠠ ᠃
ᠠᠷᠢᠶ᠎ᠠ ᠲᠠᠨ ᠳ᠋ᠤᠷ ᠰᠦᠰᠦᠯᠦᠭᠴᠢ ᠲᠡᠭᠦᠨ ᠢ᠋᠃
ᠬᠠᠮᠤᠭ ᠴᠠᠭ ᠲᠤᠷ ᠦᠷᠡᠴᠢᠯᠡᠨ ᠵᠥᠪᠰᠢᠶᠡ᠃
ᠪᠢ ᠪᠡᠷ ᠪᠠᠰᠠ ᠲᠠᠨ ᠢ᠋ ᠵᠠᠯᠪᠠᠷᠢᠪᠠᠰᠤ᠃
ᠨᠢᠭᠦᠯᠡᠰᠬᠦᠢ ᠭᠣᠬᠠᠨ ᠢ᠋ᠶ᠋ᠠᠷ ᠪᠠᠷᠢᠭᠲᠤᠨ ᠅
ᠥᠬᠢᠨ ᠲᠡᠭᠷᠢ ᠰᠠᠷᠠᠨ ᠮᠡᠲᠦ ᠥᠩᠭᠡ ᠲᠡᠢ᠃
ᠦᠵᠦᠭᠦᠷᠬᠡᠭ ᠨᠣᠮᠣᠬᠠᠨ ᠤ᠋ ᠳᠦᠷᠢ ᠲᠡᠢ ᠃
ᠳᠦᠷᠰᠦ ᠰᠠᠢᠲᠤ ᠡᠷᠳᠡᠨᠢᠰ ᠦ᠋ᠨ ᠴᠢᠮᠡᠭ ᠲᠡᠢ ᠃
ᠦᠵᠡᠰᠬᠦᠯᠡᠩ ᠭᠬᠢᠪ ᠦ᠋ᠳ ᠢ᠋ᠶ᠋ᠡᠷ ᠱᠠᠨᠲᠠᠪ ᠲᠠᠢ ᠅
ᠪᠠᠳᠮ᠎ᠠ ᠰᠠᠷᠠᠨ ᠳᠡᠪᠢᠰᠬᠡᠷ ᠦ᠋ᠨ ᠳᠡᠭᠡᠷ᠎ᠡ ᠃
ᠬᠥᠯ ᠢ᠋ ᠸᠴᠢᠷ ᠵᠠᠪᠢᠯᠠᠯ ᠢ᠋ᠶ᠋ᠠᠷ ᠰᠠᠭᠤᠭᠰᠠᠨ ᠃
ᠨᠢᠭᠡᠨ ᠨᠢᠭᠤᠷ ᠬᠣᠶᠠᠷ ᠭᠠᠷᠲᠤ ᠰᠡᠷᠭᠦᠯᠡᠩ ᠃
ᠭᠤᠷᠪᠠᠨ ᠴᠠᠭ ᠤ᠋ᠨ ᠪᠤᠷᠬᠠᠨ ᠡᠭᠦᠰᠬᠡᠭᠴᠢ ᠶᠦ᠍ᠮ᠃
ᠥᠬᠢᠨ ᠲᠡᠭᠷᠢ ᠲᠠᠨ ᠳ᠋ᠤᠷ ᠨᠠᠰᠤᠳᠠ ᠮᠥᠷᠭᠥᠮᠦ ᠅
ᠴᠢᠮ᠎ᠠ ᠳ᠋ᠤᠷ ᠪᠢ  ᠥᠴᠦᠭᠦᠬᠡᠨ ᠮᠠᠭᠲᠠᠷᠤᠨ ᠃
ᠪᠣᠳᠢ ᠬᠤᠲᠤᠭ ᠪᠦᠲᠦᠭᠡᠭᠴᠢ ᠪᠢᠳᠡᠨ ᠳ᠋ᠦ᠍ᠷ ᠃
ᠡᠳᠦᠢ ᠡᠴᠡ ᠪᠣᠳᠢ ᠬᠤᠲᠤᠭ ᠬᠦᠷᠲᠡᠯ᠎ᠡ ᠃
ᠵᠣᠬᠢᠰ ᠦᠭᠡᠢ ᠬᠠᠮᠤᠭ ᠵᠦᠭ ᠢ᠋ ᠰᠥᠨᠥᠭᠡᠨ ᠃
ᠵᠣᠬᠢᠰᠲᠤ ᠶ᠋ᠢ ᠪᠦᠷᠢᠨ ᠲᠡᠭᠦᠰ ᠰᠣᠶᠣᠷᠬ᠎ᠠ ᠅
ᠭᠡᠲᠦᠯᠭᠡᠭᠴᠢ ᠡᠬᠡ ᠴᠢᠨᠦ ᠪᠡᠶ᠎ᠡ ᠶᠠᠮᠪᠠᠷ ᠠᠭᠰᠠᠨ ᠪᠠ᠃
ᠨᠥᠬᠥᠳ ᠬᠢᠭᠡᠳ ᠪᠡᠶ᠎ᠡ ᠨᠠᠰᠤ ᠶ᠋ᠢᠨ ᠬᠢᠷᠢ ᠯᠦ᠍ᠭᠡ ᠣᠷᠣᠨ ᠪᠠ ᠃
ᠴᠢᠨᠦ ᠡᠷᠭᠢᠨ ᠠᠯᠳᠠᠷ ᠨᠡᠷ᠎ᠡ ᠶᠠᠮᠪᠠᠷ ᠠᠭᠰᠠᠨ ᠪᠥᠭᠡᠰᠦ ᠃
ᠪᠢᠳᠡ ᠪᠦᠷᠢᠨ ᠪᠦᠭᠦᠳᠡᠭᠡᠷ ᠣᠨᠴᠠ ᠲᠡᠢᠮᠦ ᠪᠣᠯᠲᠤᠭᠠᠢ ᠅᠃ ᠅
   
  ᠰᠤᠳᠤᠷ ᠤ᠋ᠨ ᠦᠰᠦᠭ ᠢ᠋ ᠲᠡᠭᠰᠢᠮᠥ᠋ᠩᠬᠡ ᠠᠮᠢᠯᠠᠭᠤᠯᠵᠤ᠂
  ᠬᠢᠨᠠᠭᠰᠠᠨ ᠨᠢ ᠮᠣᠩᠭᠤᠯᠵᠠᠶᠠᠭ᠎ᠠ