ᠰᠠᠷᠢᠰᠤᠨ ᠪᠠᠭᠪᠠᠬᠠᠢ ᠶ᠋ᠢᠨ ᠳᠠᠭᠤᠤ-ᠦᠯᠢᠭᠡᠷSarisan bagvaakhain duu ülgeСарьсан багваахайн дуу үлгэр
ᠰᠠᠷᠢᠰᠤᠨ ᠪᠠᠭᠪᠠᠬᠠᠢ ᠶ᠋ᠢᠨ ᠳᠠᠭᠤᠤ
ᠳᠣᠮᠣᠭ ᠦᠯᠢᠭᠡᠷ
ᠡᠷᠲᠡ ᠴᠠᠭ ᠲᠤ᠌ ᠡᠨᠡ ᠳᠡᠯᠡᠬᠡᠢ ᠳᠡᠭᠡᠷ᠎ᠡ ᠰᠠᠷᠢᠰᠤᠨ ᠪᠠᠭᠪᠠᠬᠠᠢ ᠥᠩᠭᠡ ᠬᠣᠣᠰᠯᠠᠭᠰᠠᠨ ᠥᠳᠥ ᠲᠡᠢ᠂ ᠥᠳᠬᠡᠨ ᠰᠠᠬᠤᠯᠠᠭ ᠰᠥᠳᠥ ᠲᠡᠢ᠂ ᠦᠵᠡᠰᠬᠦᠯᠡᠩᠲᠦ ᠲᠡᠭᠦᠰ ᠰᠢᠪᠠᠭᠤ ᠪᠠᠢᠵᠠᠢ ᠭᠡᠨ᠎ᠡ᠃ ᠥᠨᠳᠥᠷ ᠠᠭᠤᠯᠠ ᠶ᠋ᠢᠨ ᠣᠷᠣᠢ ᠳᠡᠭᠡᠭᠦᠷ ᠡᠯᠢᠶ᠎ᠡ ᠰᠢᠭ᠌ ᠡᠷᠭᠢᠯᠳᠦᠨ ᠨᠢᠰᠴᠦ᠂ ᠥᠷᠭᠡᠨ ᠳᠠᠯᠠᠢ ᠶ᠋ᠢᠨ ᠮᠠᠲᠠᠯ ᠳᠤᠮᠳᠠᠭᠤᠷ ᠴᠤ᠌ ᠭᠠᠯᠠᠭᠤ ᠰᠢᠭ᠋ ᠱᠤᠩᠪᠠᠨ ᠬᠥᠪᠴᠦ᠂ ᠣᠢ ᠮᠣᠳᠣᠨ ᠳ᠋ᠤ᠌ ᠬᠥᠬᠥᠭᠡ ᠰᠢᠪᠠᠭᠤ ᠰᠢᠭ᠋ ᠳᠣᠩᠭᠣᠳᠴᠤ᠂ ᠣᠯᠠᠨ ᠵᠢᠭᠦᠷᠲᠡᠨ ᠳ᠋ᠦ᠍ ᠭᠠᠢᠬᠠᠭᠳᠠᠵᠤ ᠪᠠᠢᠵᠠᠢ᠃
ᠨᠢᠭᠡ ᠡᠳᠦᠷ ᠰᠠᠷᠢᠰᠤᠨ ᠪᠠᠭᠪᠠᠬᠠᠢ᠂ ᠮᠥᠩᠭᠥᠨ ᠴᠠᠭᠠᠨ ᠬᠤᠯᠤᠰᠤᠨ ᠤ᠋ ᠮᠥᠴᠢᠷ ᠳᠡᠭᠡᠷ᠎ᠡ ᠰᠠᠭᠤᠵᠤ ᠪᠠᠢᠲᠠᠯ᠎ᠠ᠂ ᠵᠤᠨ ᠤ᠋ ᠬᠠᠯᠠᠭᠤᠨ ᠨᠠᠷᠠ ᠬᠦᠴᠦᠲᠡᠢ ᠲᠥᠭᠡᠨᠡᠵᠦ ᠭᠡᠨ᠎ᠡ᠃ ᠰᠠᠷᠢᠰᠤᠨ ᠪᠠᠭᠪᠠᠬᠠᠢ ᠶ᠋ᠢᠨ ᠠᠭᠤᠷ ᠬᠦᠷᠴᠦ᠂《 ᠭᠤᠸ᠎ᠠ ᠦᠵᠡᠰᠬᠦᠯᠡᠩ ᠭᠤᠸ᠎ᠠ ᠰᠠᠢᠬᠠᠨ ᠨᠠᠮ᠎ᠠ ᠶ᠋ᠢ ᠶᠠᠭᠠᠬᠢᠭᠠᠳ ᠴᠢ ᠬᠠᠯᠠᠭᠠᠳ ᠪᠠᠢᠨ᠎ᠠ ᠬᠦ᠂ ᠨᠠᠳᠠ ᠳ᠋ᠤ᠌ ᠢᠯᠴᠢ ᠪᠡᠨ ᠪᠠᠭᠠᠰᠬ᠎ᠠ》 ᠭᠡᠵᠦ ᠵᠠᠩᠳᠤᠷᠬᠤ ᠳ᠋ᠤ᠌ ᠨᠢ᠂《 ᠭᠠᠭᠴᠠ ᠴᠢᠮ᠎ᠠ ᠳ᠋ᠤ᠌ ᠪᠢᠰᠢ᠂ ᠣᠷᠴᠢᠯᠠᠩ ᠳᠡᠯᠡᠬᠡᠢ ᠶ᠋ᠢᠨ ᠤᠷᠭᠤᠮᠠᠯ᠂ ᠠᠮᠢᠲᠠᠨ ᠪᠦᠭᠦᠳᠡ ᠶ᠋ᠢ ᠲᠡᠳᠬᠦᠬᠦ ᠭᠡᠵᠦ ᠭᠡᠭᠡᠨ ᠭᠡᠷᠡᠯ᠂ ᠬᠠᠯᠠᠭᠤᠨ ᠢᠯᠴᠢ ᠪᠡᠨ ᠳᠠᠰᠬᠠᠳᠠᠭ ᠪᠢᠯᠡ᠃ ᠲᠡᠷᠡ ᠶᠣᠰᠣᠭᠠᠷ ᠢ᠋ᠶ᠋ᠠᠨ ᠯᠠ ᠪᠠᠢᠨ᠎ᠠ》 ᠭᠡᠵᠦ ᠨᠠᠷᠠᠨ ᠠᠪᠠᠬᠠᠢ ᠤᠴᠢᠷᠯᠠᠨ ᠬᠡᠯᠡᠵᠡᠢ᠃《 ᠴᠢᠨᠦ ᠬᠡᠯᠡᠳᠡᠭ ᠨᠠᠳᠠᠳᠤ ᠬᠠᠮᠢᠭ᠎ᠠ ᠦᠭᠡᠢ᠂ ᠮᠢᠨᠦ ᠲᠤᠰᠢᠶᠠᠭᠰᠠᠨ ᠶᠣᠰᠣᠭᠠᠷ ᠯᠠ ᠢᠯᠴᠢ ᠭᠡᠷᠡᠯ ᠢ᠋ᠶ᠋ᠡᠨ ᠪᠠᠭᠠᠰᠬ᠎ᠠ》 ᠭᠡᠵᠦ ᠤᠯᠠᠮ ᠰᠢᠷᠦᠭᠦᠨ ᠣᠮᠣᠭᠯᠠᠬᠤ ᠳ᠋ᠤ᠌ ᠨᠢ᠂《 ᠪᠠᠭᠪᠠᠬᠠᠢ ᠮᠢᠨᠢ᠂ ᠪᠢᠲᠡᠭᠡᠢ ᠰᠠᠨᠳᠤᠷ᠂ ᠬᠠᠯᠠᠭᠤᠴᠠᠭᠠᠳ ᠪᠠᠢᠪᠠᠯ ᠵᠤᠵᠠᠭᠠᠨ ᠳᠡᠪᠡᠯ ᠢ᠋ᠶ᠋ᠡᠨ ᠲᠠᠶ᠋ᠢᠯᠴᠢᠬᠠ᠂ ᠲᠡᠭᠡᠪᠡᠯ ᠰᠡᠷᠢᠭᠦᠬᠡᠨ ᠪᠣᠯᠤᠨ᠎ᠠ᠂ ᠲᠡᠭᠡᠭᠡᠳ ᠡᠪᠦᠯ ᠣᠷᠣᠢᠳᠬᠤ ᠪᠠᠷ ᠡᠮᠦᠰ》 ᠭᠡᠵᠦ ᠨᠠᠷᠠ ᠠᠷᠭᠠᠳᠠᠨ ᠭᠤᠶᠤᠵᠤ ᠭᠡᠨ᠎ᠡ᠃ ᠨᠠᠷᠠ ᠨᠠᠮ᠎ᠠ ᠶ᠋ᠢ ᠠᠷᠭᠠᠳᠠᠵᠤ ᠪᠠᠢᠨ᠎ᠠ ᠭᠡᠵᠦ ᠰᠠᠭᠰᠠᠭᠤᠷᠠᠨ ᠣᠩᠭᠢᠷᠠᠭᠠᠳ᠂ ᠲᠥᠷᠥᠯᠬᠢ ᠡᠴᠡ ᠵᠠᠶᠠᠭᠠᠭᠰᠠᠨ ᠥᠳᠥ ᠰᠥᠳᠥ ᠪᠡᠨ ᠤᠷᠠᠨ ᠲᠠᠰᠤᠳᠠᠵᠤ᠂ ᠣᠢ ᠮᠣᠳᠣ ᠪᠠᠷ ᠨᠢᠭᠡ ᠲᠠᠷᠬᠠᠭᠠᠨ ᠴᠠᠴᠤᠭᠰᠠᠨ ᠳ᠋ᠤ᠌ ᠨᠢᠴᠦᠭᠦᠨ ᠪᠡᠶ᠎ᠡ ᠨᠢ ᠪᠦᠷ ᠴᠦ᠍ ᠰᠢᠷᠠᠭᠳᠠᠵᠤ᠂ ᠬᠠᠯᠠᠭᠤᠨ ᠨᠠᠷᠠᠨ ᠳ᠋ᠤ᠌ ᠲᠦᠯᠡᠭᠳᠡᠭᠡᠳ᠂ ᠬᠠᠲᠠᠵᠤ ᠬᠣᠷᠴᠢᠢᠬᠤ ᠳ᠋ᠤ᠌ ᠲᠦᠭᠡᠵᠦ ᠭᠡᠨ᠎ᠡ᠃ ᠰᠠᠨᠳᠤᠷᠤᠭᠰᠠᠨ ᠰᠠᠷᠢᠰᠤᠨ ᠪᠠᠭᠪᠠᠬᠠᠢ ᠰᠡᠭᠦᠳᠡᠷ ᠪᠠᠷᠠᠭᠠᠳᠠᠨ ᠬᠣᠷᠭᠣᠳᠠᠬᠤ ᠳ᠋ᠤ᠌ ᠨᠢ᠂ ᠣᠢ ᠶ᠋ᠢᠨ ᠣᠯᠠᠨ ᠰᠢᠪᠠᠭᠤᠳ ᠨᠡᠢᠯᠡᠵᠦ ᠡᠢᠮᠦ ᠨᠢᠭᠡᠨ ᠳᠠᠭᠤᠤ ᠵᠣᠬᠢᠶᠠᠵᠤ ᠭᠡᠨ᠎ᠡ᠃
ᠡᠷᠢᠶᠡᠨ ᠠᠯᠠᠭ ᠵᠢᠭᠦᠷ ᠲᠡᠢ᠂ ᠡᠩ ᠦᠭᠡᠢ ᠭᠣᠶᠣᠬᠠᠨ ᠪᠠᠭᠪᠠᠬᠠᠢ᠂ ᠵᠤᠭᠠᠯᠠᠵᠤ ᠴᠡᠩᠭᠡᠨ ᠶᠠᠪᠤᠬᠤ ᠳ᠋ᠤ᠌ ᠨᠢ᠂ ᠵᠤᠨ ᠤ᠋ ᠨᠠᠷᠠᠨ ᠲᠥᠭᠡᠨᠡᠵᠦ ᠭᠡᠨ᠎ᠡ᠂ ᠰᠠᠷᠢᠰᠤᠨ ᠪᠠᠭᠪᠠᠬᠠᠢ ᠰᠠᠷᠢᠰᠤᠨ ᠪᠠᠭᠪᠠᠬᠠᠢ᠂ ᠰᠠᠢᠬᠠᠨ ᠰᠢᠪᠠᠭᠤ ᠪᠠᠢᠵᠠᠢ ᠬᠥᠭᠡᠷᠦᠬᠦᠢ! ᠨᠠᠮ᠎ᠠ ᠶ᠋ᠢ ᠪᠢᠲᠡᠭᠡᠢ ᠬᠠᠯᠠᠭ᠎ᠠ ᠭᠡᠵᠦ᠂ ᠨᠠᠷᠠᠨ ᠳ᠋ᠤ᠌ ᠵᠠᠩᠳᠤᠷᠤᠨ ᠬᠡᠯᠡᠬᠦ ᠳ᠋ᠦ᠍ ᠨᠢ᠂ ᠥᠲᠥᠨ ᠳᠡᠪᠡᠯ ᠢ᠋ᠶ᠋ᠡᠨ ᠳᠠᠢᠯᠠᠴᠢᠬᠠ ᠭᠡᠵᠦ᠂ ᠥᠨᠳᠥᠷ ᠡᠴᠡ ᠨᠠᠷᠠ ᠬᠠᠷᠢᠭᠤᠯᠵᠤ ᠭᠡᠨ᠎ᠡ᠂ ᠰᠠᠷᠢᠰᠤᠨ ᠪᠠᠭᠪᠠᠬᠠᠢ ᠰᠠᠷᠢᠰᠤᠨ ᠪᠠᠭᠪᠠᠬᠠᠢ᠂ ᠰᠠᠢᠬᠠᠨ ᠰᠢᠪᠠᠭᠤ ᠪᠠᠢᠵᠠᠢ ᠬᠥᠭᠡᠷᠦᠬᠦᠢ! ᠰᠠᠢᠬᠠᠨ ᠳᠡᠪᠡᠯ ᠢ᠋ᠶ᠋ᠡᠨ ᠬᠠᠶᠠᠭᠰᠠᠨ᠂ ᠰᠠᠪᠠᠭ᠎ᠠ ᠦᠭᠡᠢ ᠵᠠᠩ ᠠ᠋ᠴᠠ ᠪᠠᠨ ᠬᠣᠢᠰᠢ᠂ ᠰᠦᠷᠡᠬᠡᠢ ᠨᠠᠷᠠᠨ ᠠ᠋ᠴᠠ ᠢᠴᠢᠬᠦ ᠳ᠋ᠦ᠍ ᠪᠡᠨ᠂ ᠰᠡᠭᠦᠳᠡᠷ ᠳᠠᠭᠠᠳᠠᠭ ᠪᠣᠯᠤᠭᠰᠠᠨ ᠮᠢᠨᠢ᠂ ᠰᠠᠷᠢᠰᠤᠨ ᠪᠠᠭᠪᠠᠬᠠᠢ ᠰᠠᠷᠢᠰᠤᠨ ᠪᠠᠭᠪᠠᠬᠠᠢ᠂ ᠰᠠᠢᠬᠠᠨ ᠰᠢᠪᠠᠭᠤ ᠪᠠᠢᠵᠠᠢ ᠬᠥᠭᠡᠷᠦᠬᠦᠢ!
ᠬᠡᠦᠬᠡᠳ ᠦ᠋ᠨ ᠺᠠᠭᠳᠡ ᠶᠢᠷᠲᠢᠨᠴᠦ ᠰᠤᠪᠠᠭ ᠤᠩᠰᠢᠵᠤ ᠪᠡᠯᠡᠳᠬᠡᠪᠡ᠃
2025 ᠣᠨ ᠤ᠋11 ᠳ᠋ᠦ᠍ᠭᠡᠷ ᠰᠠᠷ᠎ᠠ
ᠡᠬᠢ ᠰᠤᠷᠪᠤᠯᠵᠢ ᠤᠬᠠᠭᠠᠨᠲᠤ ᠬᠦᠦ ᠥᠭᠦᠯᠡᠯᠭᠡ ᠵᠦᠴᠦᠭᠡ ᠦ᠋ᠳ᠂
ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠠᠷᠠᠳ ᠤ᠋ᠨ ᠪᠣᠯᠪᠠᠰᠤᠷᠠᠯ ᠤ᠋ᠨ ᠶᠠᠮᠤᠨ ᠤ᠋ ᠬᠡᠪᠯᠡᠯ᠃
1973 ᠣᠨ᠂ ᠤᠯᠠᠭᠠᠪᠠᠭᠠᠲᠤᠷ ᠬᠣᠲᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠳᠠᠭᠴᠢ᠄ ᠠᠯᠲᠠᠨᠴᠢᠮᠡᠭ
ᠬᠢᠨᠠᠭᠴᠢ᠄ ᠭᠦᠩᠭᠠᠷ
