ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠡᠷᠢᠭᠦᠨ ᠪᠦᠯᠦᠭ 4–7> Бүлжхэн хатан– [монгол] Дамбын Төрбат <тэргүүн бүлэг 4–7> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠡᠷᠢᠭᠦᠨ ᠪᠦᠯᠦᠭ 4–7> Бүлжхэн хатан– [монгол] Дамбын Төрбат <тэргүүн бүлэг 4–7>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠡᠷᠢᠭᠦᠨ ᠪᠦᠯᠦᠭ 4–7> Бүлжхэн хатан– [монгол] Дамбын Төрбат <тэргүүн бүлэг 4–7>

ᠠᠩᠭᠢᠯᠠᠯ:ᠲᠤᠭᠤᠵᠢ ᠷᠣᠮᠠᠨ
2025-12-27

160


                4   
       ᠴᠢᠨ ᠲᠣᠯᠣᠭᠠᠢ ᠶ᠋ᠢᠨ ᠬᠠᠷᠰᠢ ᠶ᠋ᠢᠨ ᠵᠡᠰ ᠲᠣᠨᠣᠭ ᠲᠠᠢ ᠶᠡᠬᠡ ᠬᠠᠭᠠᠯᠭ᠎ᠠ ᠴᠢᠯᠠᠭᠤᠨ ᠬᠡᠷᠡᠮ ᠦ᠋ᠨ ᠲᠡᠷᠲᠡᠭᠡ ᠳ᠋ᠦ᠍ ᠬᠦᠷᠲᠡᠯ᠎ᠡ ᠴᠤᠤᠷᠢᠶ᠎ᠠ ᠲᠠᠲᠠᠭᠤᠯᠤᠨ ᠣᠩᠭᠣᠢᠬᠤ ᠳ᠋ᠤ᠌ ᠬᠣᠨᠢ ᠬᠤᠷᠠᠭ᠎ᠠ ᠨᠡᠢᠯᠡᠭᠰᠡᠨ ᠮᠡᠲᠦ ᠱᠤᠤᠭᠢᠯᠳᠤᠨ᠂ ᠤᠬᠢᠯᠠᠯᠳᠤᠨ ᠠᠭᠰᠠᠨ ᠰᠢᠷᠣᠢ ᠶ᠋ᠢᠨ ᠲᠦᠮᠡᠨ ᠬᠥᠮᠦᠨ ᠵᠤᠨ ᠨᠠᠮ ᠭᠦᠮ ᠪᠣᠯᠪᠠ᠃ ᠶᠡᠬᠡ ᠬᠥᠨᠳᠡᠢ ᠳᠦᠭᠦᠷᠡᠩ ᠤᠴᠠᠷᠠᠯ᠂ ᠬᠠᠭᠠᠴᠠᠯ ᠪᠤᠴᠠᠯᠵᠤ ᠪᠠᠢᠵᠠᠢ᠃ ᠴᠡᠷᠢᠭ ᠦ᠋ᠨ ᠡᠷᠳᠡᠮ ᠤᠬᠠᠭᠠᠨ ᠳ᠋ᠤ᠌ ᠬᠡᠳᠦᠢᠨ ᠡᠴᠡ ᠭᠠᠷᠭᠠᠭᠤᠳ ᠬᠠᠪᠤᠯ ᠬᠠᠭᠠᠨ ᠤ᠋ ᠲᠠᠪᠤᠨ ᠬᠦᠦ ᠨᠦ᠍ᠭᠦᠳ ᠥᠪᠡᠷ ᠥᠪᠡᠷ ᠦ᠋ᠨ ᠲᠦᠮᠡᠨ ᠢ᠋ ᠲᠤᠰ ᠲᠤᠰ ᠲᠤᠨᠢ ᠰᠠᠭᠠᠬᠠᠯᠲᠠ ᠶ᠋ᠢᠨ ᠵᠠᠢ ᠲᠠᠢ ᠪᠠᠭᠤᠯᠭᠠᠵᠠᠢ᠃ ᠲᠡᠭᠡᠬᠦ ᠳ᠋ᠡᠭᠡᠨ ᠴᠢᠨ ᠲᠣᠯᠣᠭᠠᠢ ᠶ᠋ᠢᠨ ᠤᠷᠲᠤ ᠬᠣᠲᠠᠬᠠᠨ ᠢ᠋ ᠬᠠᠭᠠᠰ ᠪᠦᠰᠡᠯᠡᠬᠦ ᠮᠠᠶᠢᠭ ᠲᠠᠢ ᠬᠤᠸᠠᠷᠠᠩᠨᠠᠭᠰᠠᠨ ᠢ᠋ ᠶᠧᠯᠢᠦᠢ ᠲᠡᠰᠢ ᠪᠣᠱᠣᠭ᠎ᠠ ᠠᠯᠬᠤᠩᠭᠤᠲᠠ ᠪᠠᠨ ᠣᠯᠵᠤ ᠬᠠᠷᠠᠪᠠ᠃ ᠶᠡᠷᠦ ᠶᠠᠭᠤ ᠴᠣ ᠪᠣᠯᠵᠤ ᠮᠡᠳᠡᠨ᠎ᠡ ᠭᠡᠵᠦ ᠶᠡᠬᠡ ᠪᠠᠭ᠎ᠠ ᠦᠭᠡᠢ᠂ ᠬᠥᠭᠰᠢᠨ ᠵᠠᠯᠠᠭᠤ ᠦᠭᠡᠢ ᠪᠣᠳᠣᠵᠤ ᠪᠠᠢᠭᠰᠠᠨ ᠠᠵᠢ᠃ ᠲᠡᠷᠡ ᠪᠡᠷ ᠪᠣᠳᠣᠯ ᠤ᠋ᠨ ᠨᠡᠭᠦᠳᠡᠯ ᠳ᠋ᠦ᠍ ᠭᠠᠷᠴᠠ ᠦᠭᠡᠢ ᠪᠣᠯᠵᠠᠢ᠃ ᠦᠭᠡ ᠶ᠋ᠢᠨ ᠱᠠᠯᠠᠭ᠎ᠠ ᠪᠠᠷ ᠮᠤᠬᠤᠷᠳᠠᠯ ᠳ᠋ᠤ᠌ ᠣᠷᠣᠭᠤᠯᠤᠭᠰᠠᠨ ᠡᠪᠦᠭᠡᠨ ᠬᠠᠨ ᠥᠪᠡᠷ ᠢ᠋ ᠪᠡᠨ ᠲᠡᠳᠦᠢ ᠦᠭᠡᠢ ᠶᠧᠯᠢᠦᠢ ᠲᠡᠰᠢ ᠶ᠋ᠢ ᠴᠦ᠍ ᠠᠪᠤᠷᠠᠭᠰᠠᠨ ᠰᠠᠨᠠᠭᠳᠠᠪᠠ᠃ ᠵᠠᠯᠠᠭᠤ ᠺᠢᠳᠠᠨ ᠡᠷ᠎ᠡ ᠲᠣᠭᠣᠰᠣ ᠮᠠᠨᠠᠷᠠᠭᠰᠠᠨ ᠶᠡᠬᠡ ᠬᠤᠸᠠᠷᠠᠨ ᠢ᠋ ᠬᠠᠷᠠᠴᠠ ᠭᠦᠶᠦᠯᠭᠡᠨ ᠬᠠᠷᠠᠯ᠎ᠠ᠃ ᠬᠣᠯᠠᠬᠠᠨ ᠰᠠᠭᠠᠬᠠᠯᠲᠠ ᠶ᠋ᠢᠨ ᠵᠠᠢ ᠳ᠋ᠤ᠌ ᠳᠥᠷᠥᠭᠡ ᠮᠤᠯᠲᠤᠯᠤᠭᠰᠠᠨ ᠬᠦᠷᠢᠶ᠎ᠡ ᠪᠦᠷᠢ ᠳ᠋ᠦ᠍ ᠠᠪᠤ ᠳ᠋ᠠᠭᠠᠨ ᠦᠨᠦᠰᠦᠭᠦᠯᠦᠭᠰᠡᠨ ᠡᠷ᠎ᠡ ᠴᠡᠷᠢᠭ ᠪᠠᠶᠠᠷ ᠤ᠋ᠨ ᠨᠢᠯᠪᠤᠰᠤ ᠪᠠᠨ ᠴᠢᠮᠡᠭᠡ ᠦᠭᠡᠢ ᠠᠷᠴᠢᠨ᠎ᠠ᠃ ᠦᠯᠡᠳᠡᠭᠡᠭᠰᠡᠨ ᠬᠠᠴᠠᠷ ᠢ᠋ᠶ᠋ᠠᠨ ᠦᠨᠦᠰᠴᠦ ᠠᠮᠵᠢᠭ᠎ᠠ ᠦᠭᠡᠢ ᠦᠬᠦᠯ ᠳ᠋ᠦ᠍ ᠬᠦᠦ ᠪᠡᠨ ᠠᠯᠳᠠᠭᠰᠠᠨ ᠪᠤᠭᠤᠷᠤᠯ ᠢᠵᠢᠢ ᠤᠬᠢᠯᠠᠪᠠᠴᠤ ᠭᠣᠷᠢᠳᠠᠯ ᠦᠯᠦ ᠲᠠᠰᠤᠷᠠᠨ ᠰᠤᠷᠠᠭᠯᠠᠨ᠎ᠠ᠃ ᠠᠮᠠᠷᠠᠭ ᠢ᠋ᠶ᠋ᠠᠨ ᠬᠠᠢᠭᠰᠠᠨ ᠵᠠᠯᠠᠭᠤ ᠪᠦᠰᠡᠭᠦᠢ ᠲᠠᠪᠠᠭ ᠲᠠᠢ ᠢᠳᠡᠭᠡ ᠪᠡᠨ ᠠᠰᠬᠠᠨ ᠴᠢᠳᠬᠤᠨ ᠬᠦᠷᠢᠶ᠎ᠡ ᠬᠦᠷᠢᠶ᠎ᠡ ᠬᠡᠰᠦᠨ ᠭᠦᠶᠦᠨ᠎ᠡ᠃ ᠨᠢᠳᠦᠨ ᠦ᠌ ᠬᠢᠨ ᠭᠠᠯ ᠤᠨᠲᠠᠷᠠᠵᠤ᠂ ᠨᠢᠭᠡᠨ ᠬᠣᠷᠣᠮ  ᠤ᠋ᠨ ᠳᠣᠲᠣᠷ᠎ᠠ ᠪᠤᠭᠤᠷᠤᠯᠲᠤᠨ ᠥᠲᠡᠯᠬᠦ ᠰᠢᠭ ᠪᠣᠯᠤᠨ᠎ᠠ᠃ ᠬᠠᠯᠲᠤ ᠬᠠᠷᠠᠬᠤ ᠳ᠋ᠤ᠌ ᠴᠢᠨ ᠲᠣᠯᠣᠭᠠᠢ ᠶ᠋ᠢᠨ ᠬᠦᠷᠢᠶ᠎ᠡ ᠬᠥᠯ ᠲᠣᠯᠣᠭᠠᠢ ᠦᠭᠡᠢ ᠮᠡᠲᠦ ᠪᠤᠵᠢᠭᠢᠨᠠᠨ᠎ᠠ᠃ ᠭᠡᠪᠡᠴᠦ ᠲᠥᠷᠥ ᠶ᠋ᠢᠨ ᠶᠡᠬᠡ ᠬᠡᠩᠭᠡᠷᠭᠡ ᠲᠦᠭᠰᠢᠭᠦᠷᠢ ᠵᠠᠷᠯᠠᠨ ᠬᠦᠩᠭᠢᠨᠡᠬᠦ ᠳ᠋ᠦ᠍ ᠡᠷ᠎ᠡ ᠡᠮ᠎ᠡ ᠦᠭᠡᠢ ᠢᠯᠳᠦ ᠠᠭᠰᠠᠭᠠᠳ ᠪᠣᠰᠴᠤ ᠴᠢᠳᠠᠬᠤ ᠶ᠋ᠢ ᠶᠧᠯᠢᠦᠢ ᠲᠡᠰᠢ ᠭᠠᠳᠠᠷᠯᠠᠬᠤ ᠪᠢᠯᠡ᠃ ᠡᠢᠮᠦ ᠣᠮᠣᠭᠯᠠᠩ ᠠᠷᠠᠳ ᠣᠯᠠᠨ ᠢ᠋ ᠬᠣᠶᠠᠷ ᠵᠠᠭᠤᠨ ᠵᠢᠯ ᠨᠣᠶᠠᠯᠠᠵᠤ ᠴᠢᠳᠠᠭᠰᠠᠨ᠂ ᠳᠠᠷᠤᠯᠠᠵᠤ ᠴᠢᠳᠠᠭᠰᠠᠨ ᠡᠪᠦᠭᠡ ᠳᠡᠭᠡᠳᠦᠰ ᠲᠡᠭᠡᠨ ᠪᠠᠶᠠᠷᠯᠠᠨ ᠴᠢᠮᠡᠭᠡ ᠦᠭᠡᠢ ᠬᠠᠨᠴᠤᠢ ᠳᠣᠲᠣᠷ᠎ᠠ ᠪᠠᠨ ᠵᠠᠯᠪᠠᠷᠢᠵᠤ ᠠᠪᠠᠢ᠃ ᠲᠡᠷᠡ ᠪᠡᠷ ᠶᠡᠬᠡ ᠬᠥᠮᠦᠨ ᠳ᠋ᠦ᠍ ᠯᠡ ᠵᠠᠶᠠᠭᠠᠬᠤ ᠳᠠᠯᠳᠠ ᠵᠦᠩ ᠢ᠋ᠶ᠋ᠡᠷ ᠨᠢᠳᠦᠨ ᠳ᠋ᠡᠭᠡᠨ ᠭᠠᠯ ᠲᠠᠢ᠂ ᠨᠢᠭᠤᠷᠤᠨ ᠳ᠋ᠠᠭᠠᠨ ᠴᠣᠭ ᠲᠠᠢ ᠨᠡᠭᠦᠳᠡᠯ ᠬᠥᠯ ᠦ᠋ᠨ ᠶᠡᠬᠡ ᠲᠦᠮᠡᠨ ᠳ᠋ᠦ᠍ ᠤᠳᠠᠬᠤ ᠦᠭᠡᠢ ᠳᠡᠯᠪᠡ ᠲᠠᠲᠠᠬᠤ ᠶᠠᠮᠠᠷ ᠨᠢᠭᠡᠨ ᠶᠡᠬᠡ ᠤᠪᠠᠳᠢᠰ᠂ ᠶᠠᠮᠠᠷ ᠨᠢᠭᠡᠨ ᠶᠡᠬᠡ ᠬᠡᠢᠮᠣᠷᠢ ᠴᠠᠭ ᠮᠥᠴᠡ ᠳᠣᠳᠣᠮ ᠬᠤᠷᠠᠮᠳᠤᠯᠠᠭᠳᠠᠨ ᠪᠣᠢ ᠶ᠋ᠢ ᠮᠡᠳᠡᠷᠡᠪᠡᠢ᠃ ᠶᠡᠷᠦ ᠬᠥᠮᠦᠨ ᠪᠦᠬᠦᠨ ᠦ᠌ ᠨᠢᠳᠦ ᠭᠡᠷᠡᠯᠲᠦᠨ ᠨᠢᠭᠡ ᠶ᠋ᠢ ᠡᠷᠢᠵᠦ᠂ ᠨᠥᠭᠦᠭᠡ ᠶ᠋ᠢ ᠬᠠᠢᠬᠤ ᠮᠡᠲᠦ ᠭᠢᠯᠠᠯᠵᠠᠬᠤ ᠶ᠋ᠢ ᠣᠯᠵᠤ ᠬᠠᠷᠠᠪᠠᠢ᠃ ᠪᠤᠷᠬᠠᠨ ᠥᠷᠥᠰᠢᠶᠡ᠃ ᠬᠠᠪᠤᠯ ᠬᠠᠭᠠᠨ ᠲᠡᠭᠦᠨ ᠢ᠋ ᠠᠪᠤᠷᠠᠪᠠ ᠪᠤᠰᠤ ᠤᠤ! 
       ᠡᠨᠡ ᠬᠢᠷᠢ ᠴᠢᠨ ᠲᠣᠯᠣᠭᠠᠢ ᠶ᠋ᠢᠨ ᠬᠠᠷᠰᠢ ᠶ᠋ᠢ ᠪᠦᠰᠡᠯᠡᠨ ᠵᠣᠭᠰᠣᠭᠰᠠᠨ ᠲᠣᠭᠰᠢᠨ ᠰᠢᠷᠭ᠎ᠠ ᠠᠵᠢᠷᠭ᠎ᠠ ᠲᠠᠢ ᠺᠢᠳᠠᠨ ᠲᠣᠷᠭᠠᠨ ᠴᠡᠷᠢᠭ ᠦ᠋ᠳ᠂ ᠤᠷᠲᠤ ᠬᠠᠪᠢ ᠪᠠᠷ ᠰᠣᠨᠢᠭᠤᠴᠢᠷᠬᠠᠨ ᠪᠤᠵᠢᠭᠢᠨᠠᠬᠤ ᠣᠯᠠᠨ ᠢ᠋ ᠲᠠᠰᠢᠭᠤᠷᠳᠠᠬᠤ ᠶ᠋ᠢ ᠨᠢ ᠲᠠᠰᠢᠭᠤᠷᠳᠠᠵᠤ᠂ ᠵᠢᠳᠠᠯᠠᠬᠤ ᠶ᠋ᠢ ᠨᠢ ᠵᠢᠳᠠᠯᠠᠵᠤ ᠬᠥᠭᠡᠭᠡᠨ ᠨᠢᠭᠡᠨ ᠶᠡᠬᠡ ᠤᠷᠲᠤ ᠭᠤᠲᠤᠮ ᠭᠠᠷᠭᠠᠵᠤ ᠬᠣᠶᠠᠷ ᠡᠩᠨᠡᠭᠡ ᠪᠣᠯᠪᠠ᠃ ᠬᠥᠯ ᠬᠥᠩᠭᠡᠨ ᠵᠠᠷᠤᠴᠠ᠂ ᠪᠣᠭᠣᠯᠴᠤᠳ ᠡᠯ᠎ᠡ ᠰᠠᠴᠠᠭᠤ ᠱᠠᠯᠠᠪᠯᠠᠨ ᠭᠦᠶᠦᠵᠦ ᠴᠠᠯᠮ᠎ᠠ ᠴᠠᠭᠠᠨ ᠢᠰᠡᠭᠡᠢ ᠠᠮᠠ ᠳᠠᠷᠤᠨ ᠳᠡᠪᠢᠰᠬᠦ ᠳ᠋ᠦ᠍ ᠶᠧᠯᠢᠦᠢ ᠲᠡᠰᠢ ᠬᠡᠭᠡᠷ᠎ᠡ ᠶ᠋ᠢᠨ ᠠᠷᠪᠠᠨ ᠨᠠᠢ᠍ᠮᠠᠨ ᠠᠢᠮᠠᠭ ᠤ᠋ᠨ ᠨᠣᠶᠠᠳ᠂ ᠥᠪᠡᠷ ᠦ᠋ᠨ ᠠᠷᠪᠠᠨ ᠭᠤᠷᠪᠠᠨ ᠰᠢᠳᠠᠷ ᠢ᠋ ᠳᠠᠭᠠᠭᠤᠯᠤᠨ ᠡᠯ᠎ᠡ ᠵᠠᠮ ᠢ᠋ᠶ᠋ᠠᠷ ᠶᠡᠬᠡᠮᠰᠦᠭ ᠲᠦᠪᠰᠢᠨ ᠠᠯᠬᠤᠭᠰᠠᠭᠠᠷ ᠬᠠᠳᠠᠲᠤ ᠥᠨᠳᠥᠷᠯᠢᠭ ᠦ᠋ᠨ ᠬᠢᠭᠢᠷᠢ ᠬᠡᠢᠰᠬᠡᠭᠰᠡᠨ ᠲᠣᠷᠭᠠᠨ ᠣᠷᠣᠢ ᠳ᠋ᠤ᠌ ᠵᠠᠯᠠᠷᠠᠯ᠎ᠠ᠃ ᠴᠢᠨ ᠲᠣᠯᠣᠭᠠᠢ ᠲᠣᠭᠣᠷᠢᠨ ᠵᠦ᠋ᠪᠦ᠋ ᠠᠷᠪᠠᠨ ᠨᠠᠢ᠍ᠮᠠᠨ ᠠᠢᠮᠠᠭ ᠤ᠋ᠨ ᠲᠣᠯᠣᠭᠠᠢ ᠲᠠᠢ ᠪᠦᠬᠦᠨ ᠴᠤᠭᠯᠠᠭᠰᠠᠨ ᠮᠡᠲᠦ ᠬᠥᠯ ᠳᠠᠷᠤᠭᠰᠠᠨ ᠢ᠋ ᠡᠨᠳᠡ ᠡᠴᠡ ᠲᠣᠭᠲᠠᠭᠤᠨ ᠬᠠᠷᠠᠵᠤ ᠪᠣᠯᠬᠤ ᠪᠢᠯᠡ᠃ 
       ᠮᠣᠩᠭᠣᠯ ᠤ᠋ᠨ ᠲᠠᠪᠤᠨ ᠲᠦᠮᠡᠲᠦ ᠡᠩᠨᠡᠨ ᠪᠠᠭᠤᠳᠠᠯᠯᠠᠵᠤ ᠳᠠᠭᠤᠯᠠᠵᠤ ᠤᠴᠠᠷᠠᠯᠳᠤᠭᠰᠠᠨ᠂ ᠤᠬᠢᠯᠠᠵᠤ ᠬᠠᠭᠠᠴᠠᠯᠳᠤᠭᠰᠠᠨ ᠣᠯᠠᠨ ᠤ᠋ ᠱᠤᠤᠭᠢᠶᠠᠨ ᠡᠭᠦᠯᠡ ᠬᠥᠪᠰᠥᠯᠵᠡᠭᠦᠯᠵᠦ ᠪᠠᠢᠬᠤ ᠪᠥᠯᠥᠭᠡ᠃ ᠥᠷᠥᠨ᠎ᠡ ᠶ᠋ᠢ ᠵᠠᠬᠠᠯᠠᠵᠤ ᠪᠠᠭᠤᠭᠰᠠᠨ ᠬᠤᠯᠠᠨ ᠲᠠᠢᠵᠢ ᠶ᠋ᠢᠨ ᠲᠦᠮᠡᠲᠦ ᠡᠴᠡ ᠴᠢᠳᠥᠷ ᠦ᠋ᠨ ᠮᠣᠷᠢ ᠢᠳᠡᠰᠢᠯᠡᠬᠦ ᠬᠢᠷᠢ ᠶ᠋ᠢᠨ ᠵᠠᠢ ᠳ᠋ᠤ᠌ ᠥᠨᠥᠴᠢᠨ ᠬᠡᠷᠡᠢᠳ ᠦ᠋ᠨ ᠬᠦᠷᠢᠶ᠎ᠡ᠂ ᠲᠡᠭᠡᠭᠡᠳ ᠨᠠᠢ᠍ᠮᠠᠨ᠂ ᠮᠡᠷᠭᠢᠳ᠂ ᠬᠣᠩᠭᠢᠷᠠᠳ ᠤ᠋ᠳ ᠪᠠᠭᠤᠷᠢ ᠵᠠᠰᠠᠨ ᠠᠰᠠᠷ ᠴᠠᠴᠠᠷ ᠢ᠋ᠶ᠋ᠠᠨ ᠪᠤᠰᠬᠠᠵᠠᠢ᠃ ᠬᠡᠭᠡᠷ᠎ᠡ ᠶ᠋ᠢᠨ ᠳᠠᠢᠨᠴᠢ ᠲᠦᠮᠡᠨ ᠳ᠋ᠦ᠍ ᠵᠡᠭᠦᠦ ᠣᠷᠣᠬᠤ ᠵᠠᠢ ᠦᠭᠡᠢ ᠪᠦᠰᠡᠯᠡᠭᠳᠡᠭᠰᠡᠨ ᠮᠡᠲᠦ ᠰᠠᠨᠠᠭᠳᠠᠭᠰᠠᠨ ᠨᠢ ᠪᠣᠢ᠃ ᠡᠢᠨ ᠪᠠᠭᠤᠳᠠᠯᠯᠠᠭᠰᠠᠨ ᠢ᠋ ᠨᠢᠳᠦ ᠭᠦᠶᠦᠯᠭᠡᠨ ᠬᠠᠷᠠᠭᠰᠠᠨ ᠬᠠᠪᠤᠯ ᠬᠠᠭᠠᠨ《ᠮᠢᠨᠦ ᠬᠦᠦ ᠨᠦ᠍ᠭᠦᠳ ᠴᠤ᠌ ᠡᠷ᠎ᠡ ᠪᠣᠯᠵᠠᠢ》 ᠭᠡᠮᠡᠨ ᠪᠣᠳᠣᠵᠤ ᠡᠯ᠎ᠡ ᠪᠣᠳᠣᠯ ᠢ᠋ᠶ᠋ᠠᠨ ᠶᠧᠯᠢᠦᠢ ᠳᠠᠰᠢ ᠠ᠋ᠴᠠ ᠨᠢᠭᠤᠵᠤ ᠠᠯᠤᠰ ᠢ᠋ ᠰᠠᠷᠠᠪᠴᠢᠯᠠᠪᠠᠯ ᠴᠢᠨ ᠨᠠᠭᠤᠷ ᠤ᠋ᠨ ᠭᠦᠨ ᠴᠡᠩᠬᠡᠷ ᠤᠰᠤ ᠲᠣᠭᠣᠷᠢᠨ ᠶᠸᠯᠢᠦᠢ ᠳᠠᠰᠢ ᠶ᠋ᠢᠨ ᠶᠡᠬᠡ ᠨᠡᠭᠦᠳᠡᠯ ᠦ᠋ᠨ ᠲᠡᠷᠢᠭᠦᠨ ᠲᠦᠮᠡᠲᠦ ᠪᠠᠭᠤᠭᠰᠠᠨ ᠬᠠᠷᠠᠭᠳᠠᠬᠤ ᠠᠭᠠᠳ ᠬᠠᠳᠠᠭ ᠤ᠋ᠨ ᠵᠡᠷᠭᠡᠯᠭᠡ ᠮᠢᠷᠠᠯᠵᠠᠬᠤ ᠪᠦᠷᠢ ᠠᠯᠤᠰ ᠲᠤ᠌ ᠲᠩᠷᠢ ᠭᠠᠵᠠᠷ ᠤ᠋ᠨ ᠰᠠᠪᠰᠠᠯᠭ᠎ᠠ ᠪᠠᠷ ᠲᠡᠮᠡᠭᠡᠨ ᠠᠴᠢᠶ᠎ᠠ᠂ ᠭᠡᠷ ᠲᠡᠷᠭᠡ᠂ ᠨᠢᠷᠤᠭᠤ ᠠᠴᠢᠭᠰᠠᠨ ᠦᠬᠡᠷ᠂ ᠮᠤᠬᠤᠯᠠᠭ ᠲᠡᠷᠭᠡᠨ ᠳ᠋ᠦ᠍ ᠵᠠᠯᠠᠷᠠᠭᠰᠠᠨ ᠬᠠᠲᠤᠳ ᠴᠤᠪᠤᠷᠠᠨ ᠪᠣᠢ ᠪᠥᠯᠥᠭᠡ᠃ ᠬᠠᠪᠤᠯ ᠬᠠᠭᠠᠨ ᠤ᠋ ᠬᠠᠷᠠᠴᠠ ᠬᠠᠮᠢᠭ᠎ᠠ ᠲᠣᠰᠴᠤ ᠪᠣᠢ ᠶ᠋ᠢ ᠮᠡᠳᠡᠭᠰᠡᠨ ᠶᠸᠯᠢᠦᠢ ᠲᠡᠰᠢ᠂ 
       一 ᠮᠢᠨᠦ ᠬᠥᠰᠬᠡ ᠲᠠᠨ ᠤ᠋ ᠨᠤᠲᠤᠭ ᠢ᠋ᠶ᠋ᠠᠷ ᠬᠠᠭᠠᠰ ᠵᠢᠯ ᠬᠦᠪᠦᠷᠡᠬᠦ ᠪᠣᠯᠤᠨ᠎ᠠ᠃ ᠡᠳ᠋ ᠮᠥᠩᠭᠥ᠂ ᠡᠮᠡᠰ ᠥᠬᠢᠳ᠂ ᠡᠷ᠎ᠡ ᠴᠡᠷᠢᠭ ᠲᠦ᠍ ᠵᠢᠳᠠᠨ ᠤ᠋ ᠦᠵᠦᠭᠦᠷ᠂ ᠰᠡᠯᠡᠮᠡᠨ ᠦ᠌ ᠢᠷ ᠬᠦᠷᠭᠡᠬᠦ ᠦᠭᠡᠢ ᠭᠡᠵᠦ ᠬᠠᠭᠠᠨ ᠲᠠᠨ ᠳ᠋ᠤ᠌ ᠵᠠᠮ ᠵᠢᠭᠡᠯᠡᠬᠦ ᠪᠡᠯᠡᠭ ᠥᠭᠭᠦᠯ᠎ᠡ᠃ ᠪᠢ ᠢᠲᠡᠭᠡᠵᠦ ᠪᠣᠯᠤᠨ᠎ᠠ ᠪᠢᠵᠡ ᠭᠡᠬᠦ ᠳ᠋ᠦ᠍ ᠡᠪᠦᠭᠡᠨ ᠬᠠᠭᠠᠨ ᠪᠤᠭᠤᠷᠤᠯ ᠰᠠᠬᠠᠯ ᠢ᠋ᠶ᠋ᠠᠨ ᠬᠡᠮᠡᠯᠢᠨ᠂ 
      -ᠲᠠᠨ ᠤ᠋ ᠨᠣᠮᠣᠨ ᠠ᠋ᠴᠠ ᠰᠤᠮᠤ ᠠᠯᠳᠠᠭᠤᠷᠠᠬᠤ ᠦᠭᠡᠢ ᠪᠣᠯ ᠮᠠᠨ ᠤ᠋ ᠬᠣᠢᠨ᠎ᠠ ᠠ᠋ᠴᠠ ᠰᠡᠯᠡᠮ᠎ᠡ ᠰᠤᠭᠤᠷᠠᠬᠤ ᠦᠭᠡᠢ ᠬᠡᠮᠡᠵᠡᠢ᠃ ᠲᠡᠳᠡ ᠡᠢᠨ ᠨᠠᠮᠤᠭᠤᠬᠠᠨ ᠳᠠᠭᠤ ᠪᠠᠷ ᠶᠡᠬᠡᠮᠰᠦᠭ ᠬᠦᠦᠷᠨᠢᠯᠳᠦᠨ ᠡᠷᠬᠢᠮᠰᠦᠭ ᠳᠥᠯᠭᠡᠨ ᠠᠯᠬᠤᠯᠠᠭᠰᠠᠭᠠᠷ ᠬᠠᠳᠠᠲᠤ ᠥᠨᠳᠥᠷ ᠦ᠋ᠨ ᠣᠷᠣᠢ ᠳ᠋ᠤ᠌ ᠢᠷᠡᠪᠡ᠃ ᠶᠡᠬᠡᠰ ᠳᠡᠭᠡᠳᠦᠰ ᠬᠢᠭᠢᠷᠢ ᠳ᠋ᠦ᠍ ᠵᠠᠯᠠᠷᠠᠭᠰᠠᠨ ᠢ᠋ ᠬᠠᠷᠠᠵᠤ ᠣᠢᠷ᠎ᠠ ᠬᠢ ᠣᠯᠠᠨ ᠤ᠋ ᠴᠢᠮᠡᠭᠡ ᠠᠶᠠᠳᠠᠵᠤ᠂ ᠲᠡᠭᠡᠭᠰᠡᠨ ᠢ᠋ᠶ᠋ᠡᠨ ᠬᠣᠯᠠ ᠪᠤᠵᠢᠭᠢᠨᠠᠬᠤ ᠲᠦᠮᠡᠨ ᠦ᠌ ᠱᠤᠤᠭᠢᠶᠠᠨ ᠨᠠᠮᠳᠠᠵᠤ ᠴᠢᠨ ᠲᠣᠯᠣᠭᠠᠢ ᠶ᠋ᠢᠨ ᠴᠢᠯᠠᠭᠤᠨ ᠣᠷᠳᠣᠨ ᠤ᠋ ᠬᠥᠨᠳᠡᠢ ᠦᠳᠡ ᠶ᠋ᠢᠨ ᠨᠠᠷᠠᠨ ᠳᠣᠣᠷ᠎ᠠ ᠢᠯᠠᠭ᠎ᠠ ᠨᠢᠰᠦᠭᠰᠡᠨ ᠴᠦ᠍ ᠳᠣᠭᠣᠯᠳᠠᠮ᠎ᠠ ᠨᠠᠮ ᠭᠦᠮ ᠳᠤᠨᠢᠶᠠᠷᠲᠤᠪᠠ᠃ ᠬᠠᠭᠠᠨ ᠪᠦᠷᠢᠶ᠎ᠡ ᠭᠤᠷᠪᠠᠨᠲᠠ ᠳᠠᠭᠤᠳᠠᠯᠭ᠎ᠠ ᠥᠭᠭᠦᠯ᠎ᠡ᠃ ᠴᠢᠨ ᠨᠠᠭᠤᠷ ᠤ᠋ᠨ ᠬᠥᠪᠡᠭᠡᠨ ᠡᠴᠡ ᠬᠣᠯᠠ ᠮᠣᠷᠢᠲᠠᠢ ᠵᠠᠭᠤᠨ ᠴᠡᠷᠢᠭ᠂ ᠨᠢᠭᠡᠨ ᠶᠡᠬᠡ ᠶᠠᠮᠪᠠᠲᠠᠨ ᠤ᠋ ᠮᠤᠬᠤᠯᠠᠭ ᠲᠡᠷᠭᠡ ᠶ᠋ᠢ ᠳᠤᠮᠳᠠ ᠪᠠᠨ ᠬᠢᠵᠦ ᠲᠣᠭᠣᠰᠣ ᠲᠠᠲᠠᠭᠤᠯᠤᠨ ᠨᠠᠭᠠᠰᠢᠯᠠᠬᠤ ᠳ᠋ᠤ᠌᠂ ᠮᠥᠨᠥᠬᠡᠨ ᠰᠢᠷᠭ᠎ᠠ ᠮᠣᠷᠢᠲᠠᠢ ᠲᠣᠷᠭᠠᠨ ᠮᠢᠩᠭᠠᠲᠤ ᠶ᠋ᠢᠨ ᠲᠡᠷᠢᠭᠦᠨ ᠵᠠᠭᠤᠲᠤ ᠲᠣᠰᠣᠨ ᠤᠬᠤᠰᠬᠢᠵᠦ᠂ ᠬᠠᠳᠠᠲᠤ ᠬᠤᠸᠠ ᠶ᠋ᠢᠨ ᠡᠩᠭᠡᠷ ᠪᠠᠯ ᠳ᠋ᠤ᠌ ᠴᠢᠭᠤᠯᠤᠭᠰᠠᠨ ᠣᠯᠠᠨ ᠢ᠋ ᠬᠠᠭ᠎ᠠ ᠵᠦᠰᠦᠨ ᠭᠤᠲᠤᠮ ᠭᠠᠷᠭᠠᠵᠤ᠂ ᠠᠢᠰᠤᠢ ᠶᠠᠪᠤᠭ᠎ᠠ ᠵᠠᠭᠤᠲᠤ ᠳ᠋ᠤ᠌ ᠵᠠᠮ ᠭᠠᠷᠭᠠᠵᠠᠢ᠃ ᠬᠣᠯᠠ ᠮᠣᠷᠢᠲᠤ ᠨᠤᠭᠤᠳ ᠮᠤᠬᠤᠯᠠᠭ ᠲᠡᠷᠭᠡᠨ ᠳ᠋ᠦ᠍ ᠬᠥᠯᠯᠡᠭᠰᠡᠨ ᠳᠥᠷᠪᠡᠨ ᠮᠣᠷᠢ ᠶ᠋ᠢ ᠰᠢᠪᠠᠳᠠᠭᠤᠯᠤᠨ ᠲᠠᠰᠢᠭᠤᠷᠳᠠᠭᠰᠠᠭᠠᠷ ᠬᠤᠷᠠᠭᠰᠠᠨ ᠣᠯᠠᠨ ᠤ᠋ ᠵᠠᠬ᠎ᠠ ᠳ᠋ᠤ᠌ ᠢᠷᠡᠭᠡᠳ ᠵᠢᠯᠣᠭᠣ ᠲᠠᠲᠠᠬᠤ ᠳ᠋ᠤ᠌ ᠰᠢᠷᠭ᠎ᠠ ᠮᠣᠷᠢᠲᠠᠨ ᠵᠠᠭᠤᠲᠤ ᠶ᠋ᠢᠨ ᠶᠢᠰᠦᠨ ᠬᠦᠯᠦᠭ ᠪᠠᠭᠠᠲᠤᠷ ᠲᠣᠰᠣᠨ ᠡᠯᠳᠡᠭᠰᠡᠭᠡᠷ ᠬᠠᠳᠠᠲᠤ ᠲᠣᠯᠣᠭᠠᠢ ᠳ᠋ᠤ᠌ ᠵᠠᠰᠠᠭᠰᠠᠨ ᠴᠠᠭᠠᠵᠠ ᠶ᠋ᠢᠨ ᠲᠠᠪᠴᠠᠩ ᠤ᠋ᠨ ᠳᠡᠷᠭᠡᠳᠡ ᠠᠪᠴᠢᠷᠠᠯ᠎ᠠ᠃ ᠰᠠᠶᠢ ᠯᠠ ᠤᠴᠢᠷ ᠢ᠋ ᠤᠬᠠᠭᠰᠠᠨ ᠣᠯᠠᠨ ᠲᠦᠮᠡᠨ ᠳᠠᠯᠳᠠ ᠠᠶᠤᠳᠠᠰᠤ ᠳ᠋ᠤ᠌ ᠬᠦᠯᠢᠭᠳᠡᠵᠦ ᠪᠦᠷ ᠴᠢᠮᠡᠭᠡ ᠦᠭᠡᠢ ᠪᠣᠯᠪᠠ᠃ ᠳᠡᠭᠡᠳᠦᠰ ᠦ᠋ᠨ ᠵᠢᠨᠳᠠᠭ᠎ᠠ ᠳᠠᠭᠠᠵᠤ ᠨᠣᠶᠠᠨ ᠳ᠋ᠠᠭᠠᠨ ᠣᠢᠷ᠎ᠠ ᠵᠣᠭᠰᠣᠭᠰᠠᠨ ᠢᠯᠠᠮ᠎ᠠ ᠭᠤᠸ᠎ᠠ ᠬᠠᠲᠤᠨ᠂ ᠬᠦᠦ ᠶ᠋ᠢᠨ ᠢ᠋ᠶ᠋ᠡᠨ ᠰᠣᠭᠰᠣᠭ᠎ᠠ ᠲᠠᠢ ᠲᠣᠯᠣᠭᠠᠢ ᠶ᠋ᠢ ᠡᠩᠭᠡᠷ ᠲᠡᠭᠡᠨ ᠨᠠᠭᠠᠵᠤ᠂ 
       — ᠲᠣᠭᠣᠷᠢᠯ ᠠ᠋! ᠬᠣᠶᠠᠭᠤᠯᠠ ᠶᠠᠪᠤᠰᠤ ᠭᠡᠵᠦ ᠴᠡᠴᠡᠷᠡᠭᠰᠡᠨ ᠬᠣᠭᠣᠯᠠᠢ ᠪᠠᠷ ᠥᠭᠦᠯᠡᠪᠡᠯ ᠬᠥᠪᠡᠭᠦᠨ᠂ 
       — ᠡᠪᠦᠭᠡ ᠪᠣᠶᠣᠷᠤᠭ ᠢ᠋ ᠦᠬᠦᠭᠦᠯᠦᠭᠰᠡᠨ ᠬᠥᠮᠦᠨ ᠡᠴᠡ ᠥᠰᠢᠶ᠎ᠡ ᠪᠡᠨ ᠠᠪᠬᠤ ᠶ᠋ᠢ ᠬᠠᠷᠠᠵᠤ ᠦᠯᠦ ᠪᠣᠯᠤᠨ᠎ᠠ ᠭᠡᠵᠦ ᠤᠤ ᠬᠡᠮᠡᠭᠰᠡᠨ ᠢ᠋ᠶ᠋ᠡᠨ ᠡᠨᠡ ᠬᠢᠷᠢ ᠠᠮᠢᠳᠤ ᠪᠢᠰᠢᠷᠡᠯ ᠰᠢᠲᠦᠭᠡᠨ ᠨᠢ ᠪᠣᠯᠤᠭᠰᠠᠨ ᠺᠢᠳᠠᠨ ᠵᠠᠩᠵᠤᠨ ᠤᠷᠤᠭᠤ ᠬᠠᠷᠠᠯ᠎ᠠ᠃ ᠶᠸᠯᠢᠤᠢ ᠲᠡᠰᠢ ᠮᠤᠬᠤᠯᠠᠭ ᠲᠡᠷᠭᠡᠨ ᠡᠴᠡ ᠬᠢᠯᠢᠩᠲᠦ ᠬᠠᠷᠠᠴᠠ ᠪᠠᠨ ᠰᠠᠶᠢ ᠰᠠᠯᠭᠠᠵᠤ᠂ ᠶᠡᠬᠡ ᠯᠡ ᠳᠣᠭᠳᠣᠯᠤᠨ ᠵᠣᠭᠰᠣᠭ᠎ᠠ ᠬᠤᠷᠵᠠᠬᠤᠰ ᠪᠣᠶᠣᠷᠤᠭ ᠲᠤ᠌ ᠰᠢᠯᠵᠢᠭᠦᠯᠵᠦ᠂ 
       — ᠲᠠ᠁ ᠭᠡᠰᠡᠨ ᠡᠴᠡ ᠥᠭᠡᠷ᠎ᠡ ᠦᠭᠡ ᠬᠡᠯᠡᠭᠰᠡᠨ ᠦᠭᠡᠢ᠃ ᠭᠤᠸ᠎ᠠ ᠪᠣᠶᠤᠷᠤᠭ ᠡᠴᠢᠭᠡ ᠶ᠋ᠢᠨ ᠥᠰᠢᠶ᠎ᠡ ᠠᠪᠬᠤ ᠬᠦᠰᠡᠯᠡᠩ ᠭᠤᠷᠪᠠᠨ ᠨᠠᠮᠤᠷ ᠤ᠋ᠨ ᠲᠤᠷᠰᠢ ᠴᠡᠭᠡᠵᠢᠨ ᠳ᠋ᠦ᠍ᠨᠢ ᠳᠦᠷᠡᠯᠵᠡᠵᠦ ᠶᠠᠪᠤᠭᠰᠠᠨ ᠠᠲᠠᠯ᠎ᠠ ᠴᠠᠭ ᠨᠢ ᠲᠤᠯᠤᠭᠠᠳ ᠢᠷᠡᠬᠦ ᠪᠡᠷ ᠰᠡᠯᠡᠮᠡᠨ ᠦ᠌ ᠪᠡᠨ ᠪᠠᠷᠢᠭᠤᠯ ᠢ᠋ ᠲᠡᠮᠲᠡᠷᠢᠨ ᠭᠠᠷ ᠨᠢ ᠴᠡᠴᠡᠷᠡᠵᠦ ᠪᠠᠢᠪᠠ᠃ 
       ᠲᠡᠭᠦᠨ ᠢ᠋ ᠶᠧᠯᠢᠦᠢ ᠲᠡᠰᠢ ᠰᠣᠷᠭᠣᠭ ᠠᠩᠵᠠᠭᠠᠷᠠᠵᠤ᠂ 
       — ᠢᠯᠠᠭᠳᠠᠭᠰᠠᠨ ᠳᠠᠢᠰᠤᠨ ᠢ᠋ᠶ᠋ᠠᠨ ᠦᠷᠦ ᠡᠪᠡᠳᠬᠦ ᠨᠢ ᠠᠯᠠᠭᠳᠠᠭᠰᠠᠨ ᠬᠣᠢᠨ᠎ᠠ ᠪᠠᠨ ᠢᠯᠠᠭᠴᠢ ᠪᠣᠯᠬᠤ ᠶ᠋ᠢᠨ ᠴᠣᠨᠳᠣᠩ ᠪᠠᠢᠳᠠᠭ ᠶᠤᠮ ᠭᠡᠬᠦ ᠳ᠋ᠦ᠍ ᠳᠡᠭᠦᠦ ᠭᠦᠷᠬᠠᠨ ᠤᠤᠬᠠᠢ ᠶ᠋ᠢᠨ ᠲᠠᠰᠤ ᠳᠡᠮᠵᠢᠵᠦ᠂ ᠬᠦᠷᠦ ᠬᠠᠨ 
       — ᠠᠬ᠎ᠠ ᠲᠠ ᠰᠠᠶᠢᠬᠠᠨ ᠴᠠᠪᠴᠢᠨ ᠠᠯᠠᠬᠤ ᠶᠠᠯ᠎ᠠ ᠴᠤ᠌ ᠬᠥᠩᠭᠡᠳᠡᠨ᠎ᠡ ᠭᠡᠵᠦ ᠰᠠᠭᠤᠭᠰᠠᠨ ᠪᠢᠯᠡ᠃ ᠬᠠᠲᠠᠵᠤ ᠠᠯᠠᠭᠰᠠᠨ ᠡᠴᠢᠭᠡ ᠶ᠋ᠢᠨ ᠢ᠋ᠶ᠋ᠡᠨ ᠥᠰᠢᠶ᠎ᠡ ᠶ᠋ᠢ ᠴᠠᠪᠴᠢᠵᠤ ᠠᠪᠬᠤ ᠶᠠᠭᠤ ᠨᠢ ᠪᠤᠷᠤᠭᠤ ᠪᠢᠯᠡ᠃ ᠴᠢ ᠡᠰᠡ ᠴᠢᠳᠠᠪᠠᠯ ᠭᠡᠬᠦ ᠳ᠋ᠦ᠍ ᠢᠯᠮ᠎ᠠ ᠬᠠᠲᠤᠨ ᠵᠣᠪᠠᠭᠤᠷᠢᠲᠠᠶ᠎ᠠ ᠰᠠᠨᠠᠭ᠎ᠠ ᠠᠯᠳᠠᠵᠠᠢ᠃ ᠡᠷᠡᠴᠦᠦᠯ ᠠᠯᠠᠯᠴᠠᠬᠤ ᠪᠠᠷ ᠰᠢᠢᠳᠴᠡᠢ᠃ ᠡᠮᠡᠰ ᠯᠡ ᠬᠥᠯ ᠳ᠋ᠦ᠍ᠨᠢ ᠦᠷᠡᠭᠳᠡᠳᠡᠭ ᠳᠡ ᠭᠡᠵᠦ ᠪᠣᠳᠣᠪᠠ᠃ ᠴᠢᠩᠭᠢᠲᠡᠯ᠎ᠡ ᠵᠠᠮ ᠤ᠋ᠨ ᠲᠣᠭᠣᠰᠣ ᠳᠠᠷᠤᠭᠰᠠᠨ ᠮᠤᠬᠤᠯᠠᠭ ᠲᠡᠷᠭᠡᠨ ᠦ᠌ ᠬᠠᠭᠠᠯᠭ᠎ᠠ ᠵᠤᠭᠤᠤᠬᠠᠨ ᠣᠩᠭᠣᠢᠵᠤ᠂ ᠠᠶᠠᠨᠰᠢᠵᠤ ᠶᠠᠳᠠᠷᠠᠭᠰᠠᠨ ᠬᠡᠳᠦᠢ ᠴᠦ᠍ ᠰᠠᠬᠠᠯ ᠦᠰᠦ ᠪᠡᠨ ᠴᠡᠮᠴᠡᠢᠲᠡᠯ᠎ᠡ ᠬᠤᠰᠤᠵᠤ᠂ ᠭᠦᠷᠦᠮᠡᠯ ᠭᠡᠵᠢᠭᠡ ᠪᠡᠨ ᠨᠢᠮᠪᠠᠢ ᠰᠦᠯᠵᠢᠭᠰᠡᠨ ᠥᠨᠳᠥᠷ ᠴᠠᠭᠠᠨ ᠡᠷ᠎ᠡ ᠭᠠᠷᠴᠤ ᠢᠷᠡᠪᠡ᠃ ᠲᠡᠭᠦᠨ ᠦ᠌ ᠴᠡᠭᠡᠵᠢ ᠬᠠᠩᠬᠠᠷ᠂ ᠪᠡᠯᠬᠡᠭᠦᠰᠦ ᠨᠠᠷᠢᠨ᠂ ᠬᠠᠷᠠᠴᠠ ᠪᠦᠷᠭᠦᠳ ᠦ᠋ᠨ ᠨᠢᠳᠦ ᠮᠡᠲᠦ ᠲᠣᠭᠰᠢᠨ ᠠᠵᠢ᠃ 
       — ᠴᠠᠷᠺᠢᠯ ᠨᠣᠳᠤᠢ! ᠭᠡᠵᠦ ᠬᠣᠷᠵᠠᠬᠤᠰ ᠰᠢᠪᠡᠨᠡᠬᠦ ᠳ᠋ᠡᠭᠡᠨ ᠥᠪᠡᠷ ᠡᠴᠡ ᠨᠢ ᠪᠠᠢᠲᠤᠭᠠᠢ ᠬᠡᠷᠡᠢᠳ ᠳᠠᠶᠠᠭᠠᠷ ᠭᠤᠸ᠎ᠠ ᠭᠡᠵᠦ ᠠᠯᠳᠠᠷᠰᠢᠭᠰᠠᠨ ᠠᠪᠤ ᠠ᠋ᠴᠠ ᠨᠢ ᠴᠦ᠍ ᠦᠵᠡᠰᠬᠦᠯᠡᠩ ᠲᠡᠭᠦᠰ ᠡᠷ᠎ᠡ ᠪᠠᠢᠭᠰᠠᠨ ᠳ᠋ᠤ᠌ ᠥᠰᠢᠬᠦ ᠡᠴᠡ ᠪᠡᠨ ᠢᠯᠡᠭᠦᠦ ᠬᠣᠷᠣᠰᠤᠨ ᠠᠲᠠᠭᠠᠷᠬᠠᠵᠤ ᠪᠢᠯᠡ᠃ ᠰᠢᠷᠭ᠎ᠠ ᠮᠣᠷᠢᠲᠠᠨ ᠠ᠋ᠴᠠ ᠳᠥᠷᠪᠡᠨ ᠬᠦᠯᠦᠭ ᠪᠠᠭᠠᠲᠤᠷ ᠬᠦ ᠬᠤᠶᠠᠭ ᠢ᠋ᠶ᠋ᠠᠨ ᠬᠠᠷᠰᠢᠭᠤᠯᠤᠨ ᠣᠴᠢᠵᠤ ᠬᠠᠷ᠎ᠠ ᠬᠠᠳᠠᠭ ᠢ᠋ᠶ᠋ᠠᠷ ᠬᠣᠶᠠᠷ ᠭᠠᠷ ᠢ᠋ ᠨᠢ ᠬᠦᠯᠢᠬᠦ ᠭᠡᠲᠡᠯ᠎ᠡ ᠴᠠᠷᠺᠢᠯ ᠨᠤᠳᠣᠢ ᠬᠣᠢᠰᠢ ᠲᠦᠯᠬᠢᠭᠡᠳ ᠮᠤᠬᠤᠯᠠᠭ ᠲᠡᠷᠭᠡ ᠤᠷᠤᠭᠤ ᠠᠭᠠᠵᠢᠭᠤᠬᠠᠨ ᠡᠷᠭᠢᠭᠰᠡᠨ ᠢ᠋ᠶ᠋ᠡᠨ ᠳᠣᠯᠣᠭ᠎ᠠ ᠬᠢᠷᠢ ᠶ᠋ᠢᠨ ᠨᠠᠰᠤᠨ ᠤ᠋ ᠬᠦᠦ ᠪᠡᠨ ᠳᠡᠭᠡᠷ᠎ᠡ ᠭᠡᠭᠴᠢ ᠡᠷᠭᠦᠨ᠂  
       — ᠡᠳᠦᠢ ᠥᠨᠳᠥᠷ ᠪᠣᠯᠤᠭᠠᠷᠠᠢ! ᠭᠡᠮᠡᠨ ᠲᠡᠨᠢᠭᠡᠷ ᠮᠠᠩᠨᠠᠢ ᠳᠡᠭᠡᠷ᠎ᠡ ᠨᠢ ᠦᠨᠦᠰᠦᠭᠡᠳ ᠪᠠᠭᠤᠯᠭᠠᠬᠤ ᠳ᠋ᠠᠭᠠᠨ᠂ 
       — ᠬᠠᠭᠠᠨ ᠠᠪᠤ ᠶ᠋ᠢ ᠨᠢ ᠣᠳᠣ ᠬᠠᠳᠠᠨ ᠰᠡᠨᠳᠡᠢ ᠳ᠋ᠦ᠍ ᠵᠠᠯᠠᠨ᠎ᠠ᠃ ᠶᠠᠭᠠᠬᠢᠵᠤ ᠴᠤ᠌ ᠠᠯᠠᠭᠰᠠᠨ ᠮᠢᠨᠦ ᠬᠦᠦ ᠨᠢᠳᠦ ᠪᠡᠨ ᠴᠠᠪᠴᠢᠯ ᠦᠭᠡᠢ ᠬᠠᠷᠠᠭᠠᠷᠠᠢ᠃ ᠠᠮᠢᠳᠤᠷᠠᠵᠤ ᠴᠢᠳᠠᠭᠰᠠᠨ ᠬᠥᠮᠦᠨ᠂ ᠦᠬᠦᠵᠦ ᠪᠠᠰᠠ ᠴᠢᠳᠠᠳᠠᠭ ᠪᠠᠢᠬᠤ ᠶᠣᠰᠣᠲᠠᠢ ᠶᠤᠮ ᠰᠢᠦ᠂ᠲᠡᠮᠦᠵᠢᠨ ᠦᠭᠡ ᠭᠡᠪᠡ᠃ ᠲᠡᠭᠡᠭᠡᠳ ᠮᠤᠬᠤᠯᠠᠭ ᠲᠡᠷᠭᠡᠨ ᠡᠴᠡ ᠵᠢᠷᠤᠭ ᠤ᠋ᠨ ᠬᠤᠸᠠᠷ ᠰᠢᠭ᠋ ᠵᠠᠯᠠᠭᠤ ᠬᠠᠲᠤᠨ ᠢ᠋ᠶ᠋ᠠᠨ ᠲᠦᠰᠢᠵᠦ ᠪᠠᠭᠤᠯᠭᠠᠭᠠᠳ᠂ 
       — ᠪᠦᠯᠵᠢᠭᠡᠨ ᠭᠤᠸ᠎ᠠ ᠬᠠᠲᠤᠨ ᠮᠢᠨᠢ᠂ ᠪᠦᠯᠲᠡᠭᠡᠷ ᠦᠭᠡ ᠦᠷ᠎ᠡ ᠮᠢᠨᠢ᠃ ᠬᠥᠮᠦᠨ ᠲᠣᠯᠣᠭᠠᠢ ᠵᠡᠭᠦᠵᠦ ᠲᠥᠷᠥᠭᠰᠡᠨ ᠪᠢ ᠴᠢᠨ ᠲᠣᠯᠣᠭᠠᠢ ᠶ᠋ᠢ ᠲᠠᠬᠢᠬᠤ ᠵᠢᠷᠤᠭ ᠲᠠᠢ ᠪᠠᠢᠵᠠᠢ ᠭᠡᠰᠡᠨ ᠢ᠋ᠶ᠋ᠡᠨ ᠳᠤᠬᠤᠨ ᠳᠡᠭᠡᠷ᠎ᠡ ᠨᠢ ᠦᠨᠦᠷᠯᠡᠵᠦ᠃ 
       — ᠴᠢ ᠬᠥᠮᠦᠨ ᠦ᠌ ᠳᠣᠣᠷ᠎ᠠ ᠣᠷᠣᠬᠤ ᠶᠠᠭᠠᠬᠢᠬᠤ ᠪᠣᠢ᠃ ᠬᠦᠦ ᠬᠥᠮᠦᠨ ᠦ᠌ ᠳᠣᠣᠷ᠎ᠠ ᠣᠷᠣᠵᠤ ᠪᠣᠯᠬᠤ ᠦᠭᠡᠢ᠃ ᠡᠮ᠎ᠡ ᠬᠥᠮᠦᠨ ᠳ᠋ᠦ᠍ ᠭᠡᠷ ᠦ᠋ᠨ ᠰᠦᠯᠳᠡ᠂ ᠡᠷ᠎ᠡ ᠬᠥᠮᠦᠨ ᠳ᠋ᠦ᠍ ᠲᠥᠷᠥ ᠶ᠋ᠢᠨ ᠰᠦᠯᠳᠡ ᠶᠠᠪᠤᠳᠠᠭ ᠶᠤᠮ ᠰᠢᠦ ᠭᠡᠪᠡ᠃ ᠴᠢᠩᠭᠢᠭᠡᠳ ᠶᠡᠷᠦ ᠨᠠᠢᠷ ᠨᠠᠭᠠᠳᠤᠮ ᠳ᠋ᠤ᠌ ᠮᠣᠷᠳᠠᠬᠤ ᠪᠠᠷ ᠬᠥᠲᠥᠴᠢ ᠪᠠᠭᠠᠲᠤᠷ ᠤ᠋ᠳ ᠤᠷᠤᠭᠤ ᠪᠠᠨ ᠶᠠᠪᠤᠵᠤ ᠪᠣᠢ ᠮᠡᠲᠦ ᠬᠣᠶᠠᠷ ᠲᠠᠰᠢᠶᠠᠨ ᠳᠡᠭᠡᠷ᠎ᠡ ᠪᠡᠨ ᠨᠠᠢᠭᠤᠰᠬᠢᠨ ᠠᠯᠬᠤᠵᠤ ᠣᠴᠢᠭᠠᠳ ᠬᠣᠶᠠᠷ ᠭᠠᠷ ᠢ᠋ᠶ᠋ᠠᠨ ᠠᠷᠤ ᠳ᠋ᠠᠭᠠᠨ ᠪᠠᠷᠢᠬᠤ ᠳ᠋ᠤ᠌ ᠬᠦᠯᠦᠭ ᠳᠥᠷᠪᠡᠨ ᠴᠡᠷᠢᠭ ᠰᠠᠢᠲᠤᠷ ᠴᠢᠩᠭᠠᠯᠠᠨ ᠤᠶᠠᠬᠤ ᠦᠶᠡᠰ ᠰᠡᠯᠡᠮ᠎ᠡ ᠬᠠᠷ ᠬᠢᠨ ᠰᠤᠭᠤᠷᠠᠵᠤ ᠬᠣᠶᠠᠷ ᠨᠢᠭᠡᠨ ᠬᠥᠮᠦᠨ ᠨᠠᠭᠠᠰᠢᠯᠠᠬᠤ ᠬᠥᠯ ᠦ᠋ᠨ ᠴᠢᠮᠡᠭᠡ ᠲᠦᠮᠡ ᠴᠤᠭᠯᠠᠭᠰᠠᠨ ᠨᠠᠮ ᠭᠦᠮ ᠦ᠋ᠨ ᠳᠤᠮᠳᠠ ᠲᠤᠩ ᠰᠣᠳᠣᠨ ᠰᠣᠨᠣᠰᠳᠠᠪᠠ᠃ ᠬᠣᠷᠵᠠᠬᠤᠰ ᠪᠠᠷᠢᠭᠰᠠᠨ ᠰᠡᠯᠡᠮᠡᠨ ᠦ᠌ ᠪᠡᠨ ᠬᠣᠪᠢᠯ ᠢ᠋ ᠨᠠᠷᠠᠨ ᠳ᠋ᠤ᠌ ᠭᠢᠯᠠᠯᠵᠠᠭᠤᠯᠤᠨ ᠢᠷᠡᠭᠰᠡᠨ ᠢ᠋ᠶ᠋ᠡᠨ᠂  
       — ᠨᠢᠳᠦ ᠶ᠋ᠢ ᠨᠢ ᠪᠤᠭᠤ! ᠭᠡᠬᠦ ᠳ᠋ᠦ᠍  ᠴᠠᠷᠺᠯ ᠨᠣᠳᠣᠢ ᠳᠣᠭᠣᠭᠢ ᠲᠠᠢ ᠮᠦᠰᠢᠶᠡᠵᠦ᠂  
       — ᠬᠠᠷᠠᠴᠠᠨ ᠠ᠋ᠴᠠ ᠨᠢ ᠳᠠᠯᠳᠢᠷᠠᠭᠠᠳ ᠳᠠᠢᠰᠤᠨ ᠢ᠋ᠶ᠋ᠠᠨ ᠠᠯᠠᠵᠤ ᠴᠢᠳᠠᠬᠤ ᠦᠭᠡᠢ ᠪᠣᠯ ᠬᠠᠭᠠᠨ ᠪᠣᠯᠵᠤ ᠴᠢᠳᠠᠬᠤ ᠦᠭᠡᠢ ᠭᠡᠯ᠎ᠡ᠃ ᠬᠣᠷᠵᠠᠬᠤᠰ ᠬᠠᠷᠢᠭᠤ ᠬᠡᠯᠡᠭᠰᠡᠨ ᠦᠭᠡᠢ ᠂ ᠬᠠᠷ᠎ᠠ ᠬᠠᠳᠠᠭ ᠢ᠋ᠶ᠋ᠠᠨ ᠪᠠᠷᠢᠵᠤ ᠭᠠᠢᠬᠠᠰᠢᠷᠠᠨ ᠵᠣᠭᠰᠣᠬᠤ ᠳᠥᠷᠪᠡᠨ ᠴᠡᠷᠢᠭ ᠢ᠋《ᠬᠣᠯᠠᠳ》 ᠭᠡᠵᠦ ᠳᠣᠬᠢᠪᠠ᠃ ᠴᠢᠩᠭᠢᠲᠡᠯ᠎ᠡ ᠬᠥᠷ ᠬᠠᠨ  ᠤ᠋ ᠴᠡᠭᠡᠯ ᠳᠠᠭᠤ ᠬᠠᠩᠭᠢᠨᠠᠵᠤ᠂ 
       — ᠵᠦᠪᠦ᠋ ᠠᠷᠪᠠᠨ ᠨᠠᠢ᠍ᠮᠠᠨ ᠠᠢᠮᠠᠭ ᠤ᠋ᠨ ᠬᠠᠭᠠᠳ ᠶᠡᠬᠡᠰ᠂ ᠬᠠᠷᠠᠴᠤ ᠠᠷᠠᠳᠤᠰ ᠠ᠋! ᠬᠠᠮᠤᠭ ᠮᠣᠩᠭᠣᠯ ᠤ᠋ᠨ ᠬᠠᠨ ᠬᠦᠦ᠂ ᠬᠠᠪᠤᠯ ᠬᠠᠭᠠᠨ ᠤ᠋ ᠬᠠᠢᠷᠠᠲᠠᠢ ᠬᠥᠮᠦᠨ ᠬᠠᠲᠠᠭᠠᠨ ᠪᠠᠭᠠᠲᠤᠷ ᠢ᠋ ᠦᠭᠡ ᠪᠡᠷ ᠬᠠᠭᠤᠷᠴᠤ᠂ ᠮᠡᠰᠡ ᠪᠡᠷ ᠠᠯᠠᠭᠰᠠᠨ᠂ ᠥᠨᠥᠴᠢᠨ ᠬᠡᠷᠡᠢᠳ ᠦ᠋ᠨ ᠦᠷᠦ ᠶ᠋ᠢ ᠡᠪᠡᠳᠬᠡᠵᠦ ᠬᠠᠭᠠᠨ ᠡᠴᠢᠭᠡ ᠮᠠᠷᠬᠣᠰ ᠢ᠋ ᠠᠯᠲᠠᠨ ᠤᠯᠤᠰ ᠲᠤ᠌ ᠪᠠᠷᠢᠨ ᠥᠭᠴᠦ᠂ ᠮᠣᠳᠣᠨ ᠡᠯᠵᠢᠭᠡᠨ ᠳ᠋ᠦ᠍ ᠬᠠᠳᠠᠨ ᠦᠬᠦᠭᠦᠯᠦᠭᠰᠡᠨ ᠶᠢᠰᠦᠨ ᠲᠠᠲ᠋ᠠᠷ ᠤ᠋ᠨ ᠨᠢᠭᠦᠯ ᠶᠡᠬᠡ ᠲᠤᠯᠠ ᠬᠠᠭᠠᠨ ᠴᠠᠷᠺᠢᠯ ᠨᠣᠳᠣᠢ ᠳ᠋ᠤ᠌ ᠶᠠᠯ᠎ᠠ ᠲᠤᠯᠭᠠᠵᠤ᠂ ᠴᠠᠪᠴᠢᠨ ᠠᠯᠠᠰᠤᠭᠠᠢ! ᠭᠡᠰᠡᠨ ᠦᠭᠡ ᠠᠨᠢᠷ ᠭᠦᠮ ᠦ᠋ᠨ ᠳᠡᠭᠡᠭᠦᠷ ᠵᠡᠳᠯᠡᠨ ᠵᠠᠮᠬᠠᠷᠠᠪᠠ᠃ ᠡᠯ᠎ᠡ ᠦᠭᠡᠰ ᠬᠥᠮᠦᠨ ᠪᠦᠷᠢ ᠶ᠋ᠢᠨ ᠵᠢᠷᠦᠬᠡᠨ ᠳ᠋ᠦ᠍ ᠵᠡᠪᠡ ᠮᠡᠲᠦ ᠲᠤᠰᠴᠠᠢ᠃ ᠥᠬᠢᠳ ᠭᠦᠩᠵᠦ ᠨᠠᠷ ᠵᠢᠷᠦᠬᠡᠨ ᠳ᠋ᠡᠭᠡᠨ《ᠰᠠᠢᠬᠠᠨ ᠡᠷ᠎ᠡ》 ᠭᠡᠵᠦ ᠬᠠᠯᠬᠠᠯᠠᠨ ᠬᠠᠷᠠᠴᠠ ᠪᠤᠷᠤᠭᠤᠯᠠᠵᠤ᠂ ᠡᠮᠡᠭᠡᠳ ᠡᠪᠦᠭᠡᠳ ᠠᠮᠠᠨ ᠳᠣᠲᠣᠷ᠎ᠠ ᠪᠠᠨ《ᠬᠥᠭᠡᠷᠦᠬᠦᠢ》 ᠭᠡᠵᠦ ᠥᠮᠥᠯᠵᠡᠪᠡᠴᠦ ᠤᠷᠤᠭᠤᠯ ᠳᠠᠪᠠᠴᠢᠬᠠᠭᠰᠠᠨ ᠪᠠᠢᠬᠤ ᠪᠣᠢ ᠭᠡᠮᠡᠨ ᠬᠠᠵᠠᠭᠤ ᠳ᠋ᠠᠬᠢ ᠠ᠋ᠴᠠ ᠪᠠᠨ ᠡᠮᠢᠶᠡᠵᠦ᠂ ᠬᠠᠷᠢᠨ ᠬᠠᠯᠠ ᠦᠵᠡᠭᠰᠡᠨ ᠬᠠᠰᠢᠷ ᠴᠡᠷᠢᠭ ᠦ᠋ᠳ《ᠢᠩᠭᠢᠵᠦ ᠯᠡ ᠪᠠᠢᠳᠠᠭ ᠶᠤᠮ》 ᠭᠡᠵᠦ ᠲᠦᠪᠡᠭᠰᠢᠶᠡᠭᠰᠡᠨ ᠮᠡᠲᠦ ᠬᠠᠷᠠᠬᠤ ᠪᠥᠯᠥᠭᠡ᠃ ᠶᠸᠯᠢᠦᠢ ᠳᠠᠰᠢ ᠨᠢᠭᠡᠨᠲᠡ ᠰᠢᠷᠪᠢᠭᠰᠡᠨ ᠢ᠋ᠶ᠋ᠡᠨ᠂ 
       — ᠨᠢᠳᠦᠨ ᠡᠴᠡ ᠳᠠᠯᠳᠠ ᠪᠣᠯᠭ᠎ᠠ ᠭᠡᠬᠦ ᠵᠠᠷᠯᠢᠭ ᠢ᠋ᠶ᠋ᠠᠷ ᠳᠥᠷᠪᠡᠨ ᠬᠦᠯᠦᠭ ᠪᠠᠭᠠᠲᠤᠷ ᠤᠬᠤᠰᠬᠢᠬᠦ ᠳ᠋ᠦ᠍᠂ ᠴᠠᠷᠭᠢᠯ ᠨᠤᠳᠣᠢ ᠬᠠᠷᠠᠴᠠ ᠪᠠᠷ ᠢ᠋ᠶ᠋ᠠᠨ ᠵᠠᠩᠳᠤᠷᠤᠨ ᠵᠣᠭᠰᠣᠭᠠᠪᠠ᠃ ᠴᠢᠩᠭᠢᠭᠡᠳ ᠥᠪᠡᠷ ᠢ᠋ᠶ᠋ᠡᠨ ᠨᠢᠭᠡᠨ ᠬᠠᠳᠠᠨ ᠤ᠋ ᠠᠷᠤ ᠳ᠋ᠤ᠌ ᠣᠴᠢᠵᠤ ᠰᠥᠬᠥᠷᠡᠨ ᠰᠠᠭᠤᠭᠰᠠᠨ ᠢ᠋ᠶ᠋ᠠᠨ ᠬᠦᠦ ᠬᠠᠲᠤᠨ ᠬᠣᠶᠠᠷ ᠢ᠋ᠶ᠋ᠠᠨ ᠤᠳᠠᠭᠠᠨ ᠬᠠᠷᠠᠪᠠ᠃ ᠲᠡᠭᠡᠭᠡᠳ ᠬᠠᠳᠠ ᠳᠡᠷᠡᠯᠡᠨ ᠨᠢᠳᠦ ᠪᠡᠨ ᠠᠨᠢᠯ᠎ᠠ᠃ ᠬᠣᠷᠵᠠᠬᠤᠰ ᠬᠠᠳᠠᠲᠤ ᠥᠨᠳᠥᠷ ᠦ᠋ᠨ ᠡᠯᠢᠭᠡᠨ ᠤᠯᠠᠭᠠᠨ ᠴᠢᠯᠠᠭᠤᠳ ᠢ᠋ ᠬᠠᠷᠰᠢᠭᠤᠯᠤᠨ ᠣᠴᠢᠬᠤ ᠳ᠋ᠤ᠌ ᠪᠦᠯᠵᠢᠭᠡᠨ ᠬᠠᠲᠤᠨ ᠨᠢᠳᠦ ᠳᠠᠯᠳᠢᠷᠠᠨ᠂ ᠲᠡᠮᠦᠵᠢᠨ ᠦᠭᠡ ᠶ᠋ᠢ ᠮᠤᠬᠤᠯᠠᠭ ᠲᠡᠷᠭᠡ ᠤᠷᠤᠭᠤ ᠬᠥᠲᠥᠯᠬᠦ ᠭᠡᠲᠡᠯ᠎ᠡ᠂ 
       — ᠬᠠᠲᠤᠨ ᠡᠵᠢ ᠲᠠ ᠥᠷᠥᠰᠢᠶᠡ᠃ ᠬᠠᠭᠠᠨ ᠠᠪᠤ ᠶ᠋ᠢᠨ ᠵᠠᠷᠯᠢᠭ ᠳᠠᠭᠠᠵᠤ ᠬᠠᠷᠠᠶ᠎ᠠ! ᠲᠣᠮᠣ ᠪᠣᠯᠤᠭᠠᠳ ᠪᠢ ᠡᠨᠡ ᠬᠥᠮᠦᠨ ᠦ᠌ ᠲᠣᠯᠣᠭᠠᠢ ᠶ᠋ᠢ ᠠᠪᠬᠤ ᠤᠴᠢᠷ ᠲᠠᠢ ᠶᠤᠮ ᠭᠡᠯ᠎ᠡ᠃ ᠪᠦᠯᠵᠢᠭᠡᠨ ᠬᠠᠲᠤᠨ ᠬᠦᠦ ᠪᠡᠨ ᠡᠨᠡ ᠤᠳᠠᠭ᠎ᠠ ᠪᠤᠷᠤᠭᠤᠳᠬᠠᠵᠤ ᠡᠰᠡ ᠴᠢᠳᠠᠪᠠ᠃ ᠴᠠᠷᠺᠢᠯ ᠨᠣᠳᠣᠢ ᠦᠬᠦᠯ ᠦ᠋ᠨ ᠡᠮᠦᠨ᠎ᠡ ᠥᠪᠡᠷ ᠢ᠋ᠶ᠋ᠡᠨ ᠪᠤᠷᠤᠭᠤ ᠲᠠᠢ ᠴᠤ᠌ ᠭᠡᠰᠡᠨ ᠥᠨᠥᠳᠥᠷ ᠢ᠋ ᠬᠦᠷᠲᠡᠯ᠎ᠡ ᠲᠡᠭᠦᠨ ᠢ᠋ ᠪᠤᠷᠤᠭᠤᠳᠬᠠᠵᠤ ᠢᠷᠡᠭᠰᠡᠨ ᠰᠡᠳᠬᠢᠯ ᠨᠢᠯᠬᠠᠮᠰᠠᠨ ᠵᠥᠭᠡᠯᠡᠷᠡᠵᠦ᠂ 
       — ᠡᠷ᠎ᠡ ᠡᠨᠳᠡᠵᠦ᠂ ᠡᠷᠭᠢ ᠨᠤᠷᠠᠳᠠᠭ ᠰᠢᠦ ᠳᠡ ᠭᠡᠮᠡᠨ ᠳᠣᠲᠣᠷ᠎ᠠ ᠪᠠᠨ ᠰᠢᠪᠡᠨᠡᠵᠦ᠂ ᠳᠡᠪᠢᠭᠦᠷ ᠰᠠᠢᠬᠠᠨ ᠰᠣᠷᠮᠤᠤᠰᠤ ᠪᠠᠨ ᠠᠨᠢᠬᠤ ᠬᠣᠷᠣᠮ ᠳ᠋ᠤ᠌ ᠬᠠᠳᠠᠨ ᠪᠣᠯᠣᠳ ᠢᠯᠳᠦᠨ ᠦ᠌ ᠬᠠᠳᠠ ᠴᠠᠪᠴᠢᠨ ᠬᠠᠩ ᠬᠢᠬᠦ ᠳᠠᠭᠤ ᠰᠣᠨᠣᠰᠳᠠᠬᠤ ᠰᠠᠴᠠᠭᠤ ᠬᠦᠦ ᠶ᠋ᠢᠨ ᠬᠢᠨᠢ᠂ 
       — ᠠᠪᠤ ᠠ᠋! ᠭᠡᠬᠦ ᠳᠠᠭᠤ ᠴᠠᠩᠭᠢᠨᠠᠵᠤ ᠭᠠᠷ ᠠ᠋ᠴᠠ ᠨᠢ ᠠᠯᠳᠠᠭᠤᠷᠠᠬᠤ ᠶ᠋ᠢ ᠪᠦᠦᠷ ᠲᠦᠦᠷᠬᠡᠨ ᠤᠬᠠᠭᠠᠷᠠᠵᠤ᠂ 
       — ᠮᠢᠨᠦ ᠬᠦᠦ! ᠭᠡᠵᠦ ᠠᠶᠠᠷᠬᠠᠨ ᠰᠢᠪᠡᠨᠡᠭᠡᠳ ᠠᠷᠤ ᠠ᠋ᠴᠠ ᠨᠢ ᠲᠠᠨᠲᠠᠷ ᠲᠤᠨᠲᠠᠷ ᠠᠯᠬᠤᠪᠠ᠃ ᠨᠢᠳᠦ ᠪᠡᠨ ᠨᠡᠭᠡᠭᠡᠬᠦ ᠵᠣᠷᠢᠭ ᠳᠤᠲᠠᠪᠠᠴᠤ᠂ ᠬᠦᠦ ᠪᠡᠨ ᠣᠯᠵᠤ ᠲᠡᠪᠡᠷᠢᠬᠦ ᠬᠦᠰᠡᠯᠡᠩ ᠲᠡᠭᠦᠨ ᠢ᠋ ᠤᠷᠤᠭᠰᠢ ᠬᠥᠲᠥᠯᠵᠦ᠂ 
       — ᠲᠡᠮᠦᠵᠢᠨ ᠦᠭᠡ ᠠ᠋᠂ ᠭᠡᠰᠡᠨ ᠢ᠋ᠶ᠋ᠡᠨ《ᠤᠬᠠᠭᠠᠨ ᠠᠯᠳᠠᠵᠤ ᠪᠣᠯᠬᠤ ᠦᠭᠡᠢ》 ᠭᠡᠮᠡᠨ ᠥᠪᠡᠷᠲᠡᠭᠡᠨ ᠰᠢᠪᠡᠨᠡᠵᠡᠢ᠃ ᠡᠨᠡ ᠦᠭᠡ ᠴᠠᠷᠺᠢᠯ ᠨᠣᠳᠤᠢ ᠠᠮᠢᠳᠤ ᠳ᠋ᠠᠭᠠᠨ《ᠬᠥᠮᠦᠨ ᠳ᠋ᠦ᠍ ᠮᠠᠭᠤ ᠪᠠᠨ ᠦᠵᠡᠭᠦᠯᠵᠦ ᠪᠣᠯᠬᠤ ᠦᠭᠡᠢ》 ᠭᠡᠵᠦ ᠬᠡᠯᠡᠳᠡᠭ ᠲᠡᠷᠡ ᠯᠠ ᠥᠩᠭᠡ᠂ ᠠᠶᠠᠰ ᠢ᠋ᠶ᠋ᠠᠷ ᠰᠣᠨᠣᠰᠳᠠᠵᠠᠢ᠃ ᠪᠦᠯᠵᠢᠭᠡᠨ ᠬᠠᠲᠤᠨ ᠨᠢᠳᠦ ᠪᠡᠨ ᠵᠤᠭᠤᠤᠬᠠᠨ ᠨᠡᠭᠡᠭᠡᠪᠡᠯ᠂ ᠶᠠᠭᠤ ᠶᠠᠭᠤᠨ ᠤ᠋ ᠲᠡᠷᠢᠭᠦᠨ ᠳ᠋ᠦ᠍ ᠭᠠᠵᠠᠷ ᠤ᠋ᠨ ᠤᠷᠤᠭᠤ ᠥᠩᠬᠥᠷᠢᠵᠦ ᠶᠠᠪᠤᠭ᠎ᠠ ᠴᠢᠰᠤ ᠲᠠᠢ ᠲᠣᠯᠣᠭᠠᠢ᠂ ᠲᠡᠭᠦᠨ ᠦ᠌ ᠠᠷᠤ ᠠ᠋ᠴᠠ᠂ 
       — ᠠᠪᠤ ᠠ᠋! ᠠᠪᠤ ᠠ᠋! ᠭᠡᠮᠡᠨ ᠪᠠᠷᠬᠢᠷᠠᠨ ᠭᠦᠶᠦᠵᠦ ᠶᠠᠪᠤᠭ᠎ᠠ ᠲᠣᠬᠣᠢ ᠶ᠋ᠢᠨ ᠴᠢᠨᠡᠭᠡ ᠬᠦᠦ ᠨᠢ ᠦᠵᠡᠭᠳᠡᠪᠡ᠃ ᠭᠣᠣᠯ ᠥᠭᠡᠳᠡ ᠨᠢ ᠨᠢᠭᠡ ᠶᠡᠬᠡ ᠶᠠᠭᠤᠮ᠎ᠠ ᠠᠭᠰᠢᠨ ᠵᠠᠩᠭᠢᠷᠠᠵᠤ ᠢᠷᠡᠭᠰᠡᠨ ᠢ᠋ᠶ᠋ᠡᠨ ᠬᠠᠮᠠᠷ ᠤ᠋ᠨ ᠤᠷᠠᠨ ᠰᠠᠮᠰᠠ ᠨᠢ ᠱᠠᠷᠬᠢᠷᠠᠨ᠂ ᠲᠤᠩᠭᠠᠯᠠᠭ ᠬᠠᠷᠠᠬᠠᠨ ᠨᠢᠯᠪᠤᠰᠤ ᠵᠠᠳᠠᠭᠠᠢ ᠠᠰᠬᠠᠷᠠᠯ᠎ᠠ᠃ ᠶᠡᠷᠦ ᠪᠦᠯᠵᠢᠭᠡᠨ ᠬᠠᠲᠤᠨ ᠰᠢᠭ᠋ ᠡᠢᠨ ᠮᠡᠭᠰᠢᠬᠦ ᠨᠣᠢᠲᠠᠨ ᠵᠣᠪᠬᠢ ᠲᠠᠢ ᠬᠠᠷ᠎ᠠ ᠨᠢᠳᠦ ᠬᠤᠷᠠᠭᠰᠠᠨ ᠣᠯᠠᠨ ᠤ᠋ ᠳᠣᠲᠣᠷ᠎ᠠ ᠴᠥᠭᠡᠨ ᠦᠭᠡᠢ ᠪᠠᠢᠵᠤ ᠪᠢᠯᠡ᠃ ᠬᠠᠳᠠᠲᠤ ᠥᠨᠳᠥᠷ ᠦ᠋ᠨ ᠴᠢᠯᠠᠭᠤ ᠲᠠᠢ ᠪᠠᠯ ᠳ᠋ᠤ᠌ ᠣᠴᠢᠵᠤ ᠲᠣᠭᠲᠠᠭᠰᠠᠨ ᠵᠠᠯᠠᠭᠤ ᠡᠴᠢᠭᠡ ᠶ᠋ᠢᠨ ᠴᠢᠰᠤ ᠲᠠᠢ ᠲᠣᠯᠣᠭᠠᠢ ᠶ᠋ᠢ ᠲᠠᠰᠤ ᠲᠡᠪᠡᠷᠢᠨ ᠴᠢᠮᠡᠭᠡ ᠲᠠᠰᠤᠷᠠᠪᠠ᠃ ᠴᠢᠨ ᠲᠣᠯᠣᠭᠠᠢ ᠪᠦᠷᠬᠦᠨ ᠴᠢᠭᠤᠯᠤᠭᠰᠠᠨ ᠵᠤᠨ ᠣᠯᠠᠨ ᠴᠤ᠌ ᠠᠮᠢᠰᠬᠤᠭ᠎ᠠ ᠳᠠᠷᠤᠵᠤ᠂ ᠬᠠᠶᠠ ᠨᠢᠭᠡ ᠮᠣᠷᠢ ᠲᠤᠷᠭᠢᠬᠤ᠂ ᠳᠥᠷᠥᠭᠡ ᠬᠠᠷᠰᠢᠬᠤ ᠯᠠ ᠰᠣᠨᠣᠰᠳᠠᠬᠤ ᠨᠠᠮ ᠭᠦᠮ ᠳ᠋ᠦ᠍ ᠬᠦᠦ ᠵᠤᠭᠤᠤᠬᠠᠨ ᠥᠨᠳᠡᠢᠯ᠎ᠡ᠃ ᠲᠣᠭᠣᠷᠢᠭᠰᠠᠨ ᠣᠯᠠᠨ ᠢ᠋ ᠨᠣᠢᠲᠠᠨ ᠨᠢᠳᠦ ᠪᠡᠷ ᠴᠢᠮᠡᠭᠡ ᠦᠭᠡᠢ ᠬᠠᠷᠠᠭᠰᠠᠨ ᠢ᠋ᠶ᠋ᠠᠨ ᠱᠠᠷᠬᠢᠭᠤᠯᠤᠨ ᠪᠣᠰᠴᠤ ᠠᠯᠬᠤᠪᠠ᠃ ᠵᠢᠭᠠᠯ ᠬᠦᠦ ᠶ᠋ᠢᠨ ᠴᠢᠬᠢᠨ ᠳ᠋ᠡᠬᠢ ᠲᠥᠷᠥ ᠲᠡᠢ ᠠᠯᠲᠠᠨ ᠡᠭᠡᠮᠦᠭ ᠲᠦ᠍ ᠳᠤᠰᠤᠯ ᠨᠢᠯᠪᠤᠰᠤ ᠰᠢᠭᠢᠳᠬᠡᠭᠡ ᠮᠡᠲᠦ ᠭᠢᠯᠠᠯᠵᠠᠬᠤ ᠠᠭᠠᠳ ᠲᠣᠷᠭᠠᠨ ᠡᠯᠢᠭᠡᠪᠴᠢᠨ ᠦ᠌ ᠡᠩᠭᠡᠷ ᠪᠡᠶ᠎ᠡ ᠡᠴᠢᠭᠡ ᠶ᠋ᠢᠨ ᠴᠢᠰᠤᠨ ᠳ᠋ᠤ᠌ ᠨᠡᠪᠴᠢᠵᠡᠢ᠃ ᠪᠦᠯᠵᠢᠭᠡᠨ ᠬᠠᠲᠤᠨ ᠬᠠᠭᠠᠨ ᠡᠴᠢᠭᠡ ᠶ᠋ᠢᠨ ᠢ᠋ᠶ᠋ᠡᠨ ᠬᠠᠷ᠎ᠠ ᠲᠣᠯᠣᠭᠠᠢ ᠶ᠋ᠢ ᠲᠠᠰᠤ ᠲᠡᠪᠡᠷᠢᠭᠡᠳ ᠬᠠᠳᠠ ᠴᠢᠯᠠᠭᠤᠨ ᠳ᠋ᠤ᠌ ᠪᠦᠳᠦᠴᠢᠨ ᠥᠭᠰᠥᠬᠦ ᠬᠦᠦ ᠪᠡᠨ ᠥᠪᠡᠷ ᠦ᠋ᠨ ᠡᠷᠬᠡ ᠦᠭᠡᠢ ᠳᠠᠭᠠᠪᠠ᠃ ᠭᠡᠨᠡᠳᠲᠡ ᠨᠢᠳᠦᠨ ᠦ᠌ ᠦᠵᠦᠭᠦᠷ ᠲᠦ᠍ ᠲᠣᠷᠣᠯᠵᠠᠬᠤ ᠪᠠᠷᠠᠭᠠᠨ ᠳᠦᠷᠰᠦᠨ ᠡᠴᠡ ᠳᠠᠪ ᠬᠢᠲᠡᠯ᠎ᠡ ᠴᠣᠴᠢᠵᠠᠢ᠃ ᠡᠨᠡ ᠬᠠᠯᠠᠭᠤᠨ ᠳ᠋ᠤ᠌ ᠦᠰᠦ ᠲᠡᠢ ᠳᠡᠪᠡᠯ ᠡᠮᠦᠰᠴᠦ᠂ ᠳᠡᠯ ᠲᠡᠢ ᠰᠠᠷᠯᠤᠭ ᠤᠨᠤᠭᠰᠠᠨ ᠮᠥᠨᠥᠬᠡᠨ ᠬᠣᠷᠴᠢ ᠣᠯᠠᠨ ᠤ᠋ ᠳᠤᠮᠳᠠ ᠢᠨᠢᠶᠡᠵᠦ ᠵᠣᠭᠰᠣᠪᠠ᠃ ᠲᠡᠷᠡ ᠲᠡᠨᠡᠭ ᠶᠦᠮ ᠤᠤ᠂ ᠰᠣᠯᠢᠶ᠎ᠠ ᠲᠠᠢ ᠬᠥᠮᠦᠨ ᠪᠢᠰᠢ ᠪᠣᠯᠵᠤ ᠲᠠᠭᠠᠷᠠᠯ᠎ᠠ᠃ ᠬᠡᠭᠡᠷ᠎ᠡ ᠶ᠋ᠢᠨ ᠠᠢᠮᠠᠭ ᠤ᠋ᠨ ᠨᠣᠶᠠᠳ ᠬᠠᠮᠤᠭ ᠤ᠋ᠨ ᠬᠡᠷᠡᠭᠲᠡᠢ ᠬᠥᠮᠦᠨ ᠢ᠋ᠶ᠋ᠡᠨ ᠬᠠᠮᠤᠭ ᠤ᠋ᠨ ᠠᠳᠠᠭ ᠤ᠋ᠨ ᠠᠮᠢᠲᠠᠨ ᠤ᠋ ᠳᠦᠷᠢ ᠪᠡᠷ ᠨᠢᠭᠤᠭᠰᠠᠨ ᠪᠤᠰᠤ ᠤᠤ? ᠵᠦ᠋ᠪᠦ᠋ ᠠᠷᠪᠠᠨ ᠨᠠᠢ᠍ᠮᠠᠨ ᠠᠢᠮᠠᠭ ᠪᠠᠷᠠᠵᠤ᠂ ᠢᠳᠡᠬᠦ ᠬᠣᠭᠣᠯᠠ ᠪᠢᠰᠢ ᠠᠵᠢ᠃ ᠲᠡᠳᠡ ᠴᠡᠴᠡᠨ ᠴᠡᠯᠮᠡᠭ ᠳᠡᠭᠡᠳᠦᠰ ᠦ᠋ᠨ ᠵᠣᠪᠠᠯᠠᠩ ᠦᠵᠡᠭᠰᠡᠨ ᠦᠷᠡᠰ ᠶᠦᠮ᠃ ᠤᠯᠠᠮ ᠤᠬᠠᠭᠠᠵᠢᠨ᠎ᠠ ᠪᠣᠢ ᠭᠡᠵᠦ ᠪᠣᠳᠣᠬᠤ ᠠ᠋ᠴᠠ ᠦᠰᠦ ᠲᠡᠢ ᠲᠣᠯᠣᠭᠠᠢ ᠠᠷᠵᠠᠰᠬᠢᠬᠦ ᠰᠢᠭ ᠪᠣᠯᠵᠤ᠂ ᠪᠤᠰᠢᠭᠤᠬᠠᠨ ᠯᠠ ᠶᠢᠷᠲᠢᠨᠴᠦ ᠳ᠋ᠦ᠍ ᠲᠦᠰᠢᠭ ᠪᠣᠯᠬᠤ ᠭᠠᠭᠴᠠ ᠬᠦᠦ ᠪᠡᠨ ᠪᠠᠷᠠᠲᠠᠯ᠎ᠠ᠃ 
       ᠲᠡᠮᠦᠵᠢᠨ ᠦᠭᠡ ᠶ᠋ᠢᠨ ᠨᠢᠯᠪᠤᠰᠤ ᠴᠢᠮᠡᠭᠡ ᠦᠭᠡᠢ ᠤᠷᠤᠰᠪᠠᠴᠤ ᠳᠠᠭᠤ ᠲᠠᠯᠪᠢᠵᠤ ᠮᠡᠭᠰᠢᠭᠰᠡᠨ ᠦᠭᠡᠢ᠂ ᠪᠢᠴᠢᠬᠠᠨ ᠬᠥᠮᠥᠭᠡᠢ ᠪᠡᠨ ᠴᠢᠰᠤ ᠭᠠᠷᠲᠠᠯ᠎ᠠ ᠵᠠᠭᠤᠵᠠᠢ᠃ ᠲᠡᠷᠡ ᠪᠡᠷ ᠬᠠᠭᠠᠨ ᠡᠴᠢᠭᠡ ᠶ᠋ᠢᠨ ᠲᠣᠯᠣᠭᠠᠢ ᠦᠭᠡᠢ ᠱᠠᠷᠢᠯ ᠤ᠋ᠨ ᠡᠮᠦᠨ᠎ᠡ ᠣᠴᠢᠵᠤ ᠬᠠᠳᠠᠨ ᠳᠡᠭᠡᠷ᠎ᠡ ᠶᠠᠭᠬᠢᠲᠠᠯ᠎ᠠ ᠰᠥᠬᠥᠷᠡᠨ ᠰᠠᠭᠤᠭᠰᠠᠨ ᠢ᠋ᠶ᠋ᠠᠨ ᠭᠠᠭᠴᠠ ᠴᠣ ᠪᠤᠭᠤᠷᠤᠯ ᠦᠰᠦ ᠦᠭᠡᠢ ᠭᠦᠷᠦᠮᠡᠯ ᠭᠡᠵᠢᠭᠡᠨ ᠦ᠌ ᠬᠢᠨᠢ ᠰᠦᠯᠵᠢᠶ᠎ᠡ ᠶ᠋ᠢ ᠵᠠᠳᠠᠯᠵᠤ ᠡᠬᠢᠯᠡᠬᠦ ᠳ᠋ᠦ᠍ ᠪᠦᠯᠵᠢᠭᠡᠨ ᠬᠠᠲᠤᠨ ᠬᠠᠷᠠᠵᠤ ᠬᠠᠷᠠᠵᠤ ᠰᠠᠶᠢ ᠤᠬᠠᠭᠠᠨ ᠣᠷᠣᠭᠰᠠᠨ ᠮᠡᠲᠦ ᠠᠮᠢ ᠲᠠᠯᠪᠢᠭᠰᠠᠨ ᠡᠷ᠎ᠡ ᠶ᠋ᠢᠨ ᠢ᠋ᠶ᠋ᠡᠨ ᠭᠠᠷ ᠢ᠋ ᠬᠦᠯᠢᠭᠰᠡᠨ ᠬᠠᠷ᠎ᠠ ᠬᠠᠳᠠᠭ ᠤ᠋ᠨ ᠵᠠᠩᠭᠢᠯᠠᠭ᠎ᠠ ᠶ᠋ᠢ ᠳᠡᠢᠯᠦᠯ᠎ᠡ᠃ ᠵᠢᠷᠦᠬᠡ ᠵᠦᠰᠦᠮ᠎ᠡ ᠭᠤᠨᠢᠭᠲᠤ ᠶᠠᠪᠤᠳᠠᠯ ᠤ᠋ᠨ ᠠᠮᠢᠳᠤ ᠭᠡᠷᠡᠴᠢ ᠪᠣᠯᠤᠭᠰᠠᠨ ᠬᠥᠮᠦᠰ ᠳᠣᠣᠷ᠎ᠠ ᠳᠣᠣᠷ᠎ᠠ ᠪᠠᠨ ᠪᠣᠳᠣᠯ ᠳ᠋ᠤ᠌ ᠠᠪᠲᠠᠨ᠂ ᠬᠤᠷᠠᠭᠰᠠᠨ ᠣᠯᠠᠨ ᠵᠠᠬ᠎ᠠ ᠠ᠋ᠴᠠ ᠪᠠᠨ ᠰᠡᠮᠡᠷᠡᠵᠦ ᠡᠬᠢᠯᠡᠪᠡ᠃   

                5     
       ᠶᠧᠯᠢᠦᠢ ᠳᠠᠰᠢ ᠶ᠋ᠢᠨ ᠶᠡᠬᠡ ᠳᠡᠯ ᠲᠡᠢ ᠠᠭᠰᠤᠮ ᠮᠣᠷᠢ ᠶ᠋ᠢ ᠠᠪᠴᠢᠷᠠᠵᠤ ᠥᠭᠬᠦ ᠳ᠋ᠦ᠍ ᠠᠯᠠᠪᠬᠢᠨ ᠮᠣᠷᠳᠠᠭᠰᠠᠨ ᠢ᠋ᠶ᠋ᠠᠨ᠂ 
       — ᠬᠠᠭᠠᠨ ᠬᠠᠪᠤᠯ ᠭᠤᠷᠪᠠᠨ ᠮᠢᠩᠭᠠᠨ ᠴᠠᠭᠠᠨ ᠲᠠᠲ᠋ᠠᠷ ᠢ᠋ᠶ᠋ᠠᠨ ᠠᠪᠰᠤᠭᠠᠢ! ᠭᠡᠪᠡᠯ ᠡᠪᠦᠭᠡᠨ ᠬᠠᠭᠠᠨ ᠬᠠᠳᠠᠲᠤ ᠥᠨᠳᠥᠷᠯᠢᠭ ᠥᠭᠡᠳᠡ ᠮᠣᠷᠢᠨ ᠤ᠋ ᠬᠤᠷᠳᠤ ᠪᠠᠷ ᠳᠡᠭᠦᠯᠢᠨ ᠠᠢᠰᠤᠢ ᠡᠷᠡᠰ ᠢ᠋ ᠵᠢᠭᠠᠵᠤ᠂ 
       — ᠡᠷᠬᠢᠮ ᠳᠡᠭᠡᠳᠦᠰ ᠲᠣᠭᠲᠠᠵᠤ ᠬᠠᠢᠷᠠᠯᠠ᠃ ᠠᠪᠬᠤ ᠡᠵᠡᠳ ᠨᠢ ᠠᠢᠰᠤᠢ ᠶᠠᠪᠤᠬᠤ ᠰᠢᠭ᠋ ᠪᠠᠢᠨ᠎ᠠ ᠭᠡᠯ᠎ᠡ᠃ ᠨᠡᠭᠡᠷᠡᠨ ᠴᠦ᠍ ᠠᠮᠠ ᠪᠤᠯᠢᠶᠠᠨ ᠲᠡᠮᠡᠦᠯᠬᠦ ᠰᠠᠷᠠ ᠲᠠᠢ ᠵᠡᠭᠡᠷᠳᠡ ᠮᠣᠷᠢᠨ ᠤ᠋ ᠴᠤᠯᠪᠤᠭᠤᠷ ᠢ᠋ ᠬᠥᠲᠥᠴᠢ ᠴᠡᠷᠢᠭ ᠲᠡᠭᠡᠨ ᠰᠢᠳᠡᠵᠦ ᠥᠭᠭᠦᠭᠰᠡᠨ ᠢ᠋ᠶ᠋ᠡᠨ ᠡᠷ᠎ᠡ ᠳᠤᠮᠳᠠ ᠶ᠋ᠢᠨ ᠨᠠᠰᠤᠨ ᠤ᠋ ᠪᠠᠭᠠᠲᠤᠷ᠂ 
       一 ᠬᠠᠭᠠᠨ ᠠᠪᠤ ᠠᠮᠤᠭᠤᠯᠠᠩ ᠤᠤ? ᠭᠡᠮᠡᠨ ᠵᠣᠯᠭᠠᠬᠤ ᠨᠢ ᠣᠮᠣᠭ ᠶᠡᠬᠡᠲᠦ ᠥᠬᠢᠨᠪᠠᠷᠬᠠᠭ ᠪᠥᠯᠥᠭᠡ᠃ 
       一 ᠠᠮᠤᠭᠤᠯᠠᠩ! ᠭᠡᠳ ᠬᠠᠪᠤᠯ ᠬᠠᠭᠠᠨ ᠤᠤᠭᠠᠨ ᠬᠦᠦ ᠪᠡᠨ ᠬᠥᠯ ᠡᠴᠡ ᠲᠣᠯᠣᠭᠠᠢ ᠬᠦᠷᠲᠡᠯ᠎ᠡ ᠬᠠᠷᠠᠭᠰᠠᠨ ᠢ᠋ᠶ᠋ᠠᠨ᠂ 
       一 ᠲᠡᠢᠨ ᠳ᠋ᠦ᠍ ᠪᠢᠰᠢ ᠨᠠᠢᠷ ᠲᠤ᠌ ᠶᠠᠪᠤᠭᠠᠳ ᠢᠷᠡᠭᠰᠡᠨ ᠶᠦᠮ ᠰᠢᠭ ᠪᠠᠢᠬᠤ ᠴᠢᠨᠢ ᠶᠠᠭᠤ ᠪᠣᠢ ᠭᠡᠮᠡᠨ ᠨᠠᠷᠠᠨ ᠳ᠋ᠤ᠌ ᠬᠠᠯᠠᠭᠰᠠᠨ ᠬᠦᠷᠡᠩ ᠬᠠᠳᠠ ᠬᠠᠩ ᠬᠢᠲᠡᠯ᠎ᠡ ᠢᠨᠢᠶᠡᠯᠳᠦᠵᠦ ᠰᠠᠭᠤᠲᠠᠯ᠎ᠠ ᠪᠠᠷᠳᠠᠨᠪᠠᠭᠠᠲᠤᠷ ᠢᠷᠡᠵᠡᠢ᠃ ᠲᠡᠷᠡ ᠪᠡᠷ ᠮᠥᠷᠥ ᠪᠡᠨ ᠪᠦᠲᠡᠭᠡᠵᠦ ᠪᠠᠭᠤᠭᠰᠠᠨ ᠲᠠᠰᠤ ᠬᠠᠷ᠎ᠠ ᠦᠰᠦ ᠪᠡᠨ ᠬᠦᠷᠦᠵᠦ ᠰᠦᠯᠵᠢᠬᠦ ᠨᠢ ᠦᠭᠡᠢ ᠠᠭᠠᠳ ᠢᠳᠡᠷ ᠶᠢᠰᠦ ᠶ᠋ᠢᠨ ᠬᠦᠢᠲᠡᠨ ᠳ᠋ᠦ᠍ ᠴᠦ᠍ ᠲᠣᠯᠣᠭᠠᠢ ᠨᠢᠴᠦᠭᠦᠨ ᠶᠠᠪᠤᠬᠤ ᠪᠢᠯᠡ᠃ 
       一 ᠡᠴᠢᠭᠡ ᠬᠠᠭᠠᠨ ᠡᠰᠡᠨ ᠠᠮᠤᠭᠤᠯᠠᠩ ᠤᠤ? 
       一 ᠮᠡᠨᠳᠦ ᠠ᠋! ᠭᠡᠰᠡᠨ ᠢ᠋ᠶ᠋ᠡᠨ ᠶᠢᠰᠦᠭᠡᠢ ᠠᠴᠢ ᠪᠠᠨ ᠳᠡᠷᠭᠡᠳᠡ ᠪᠡᠨ ᠲᠡᠳᠡᠨ ᠰᠠᠭᠤᠯᠭᠠᠨ᠄ 
       一 ᠲᠣᠮᠣ ᠡᠷ᠎ᠡ ᠪᠣᠯᠵᠠᠢ ᠤᠤ? ᠭᠡᠯ᠎ᠡ᠃ ᠨᠡᠭᠡᠷᠡᠨ ᠯᠡ ᠵᠠᠪᠢᠯᠠᠭᠰᠠᠨ ᠬᠣᠢᠨ᠎ᠠ ᠪᠠᠨ ᠴᠤ᠌ ᠡᠪᠦᠭᠡᠨ ᠬᠠᠭᠠᠨ ᠠ᠋ᠴᠠ ᠥᠨᠳᠥᠷ ᠬᠠᠷᠠᠭᠳᠠᠬᠤ ᠪᠥᠯᠥᠭᠡ᠃ ᠲᠡᠳᠦᠢ ᠯᠡ ᠤᠳᠠᠯ ᠦᠭᠡᠢ ᠬᠤᠲᠤᠭᠲᠤ ᠮᠣᠩᠬᠣᠷ᠂ ᠬᠤᠯᠠᠨ᠂ ᠬᠣᠲᠣᠯᠠ ᠭᠤᠷᠪᠠ ᠳᠠᠪᠬᠢᠯᠳᠤᠨ ᠢᠷᠡᠵᠦ᠂ ᠬᠠᠪᠤᠯ ᠬᠠᠭᠠᠨ ᠬᠠᠯᠠᠭᠤᠨ ᠪᠦᠯᠢ ᠪᠡᠨ ᠴᠤᠭᠯᠠᠭᠤᠯᠵᠤ ᠠᠪᠤᠭᠠᠳ ᠰᠠᠶᠢ ᠶᠸᠯᠢᠦᠢ ᠲᠡᠰᠢ ᠤᠷᠤᠭᠤ ᠬᠠᠷᠠᠴᠠ ᠢᠯᠡᠭᠡᠵᠦ᠂ 
       一 ᠡᠵᠡᠨ ᠳᠡᠭᠡᠳᠦᠰ ᠮᠢᠨᠢ᠂ ᠲᠠᠨ ᠤ᠋ ᠶᠡᠬᠡ ᠴᠡᠷᠢᠭ ᠲᠦ᠍ ᠲᠠᠪᠤᠨ ᠲᠦᠮᠡᠲᠦ ᠠᠬᠠᠯᠠᠵᠤ᠂ ᠢᠰᠬᠡᠷᠬᠦ ᠵᠡᠪᠡ᠂ ᠢᠷᠲᠦ ᠵᠢᠳᠠ ᠶ᠋ᠢ ᠰᠥᠷᠭᠡᠵᠦ ᠶᠠᠪᠤᠭᠰᠠᠨ ᠬᠥᠪᠡᠭᠦᠳ ᠲᠦ᠍ ᠮᠢᠨᠢ ᠠᠯᠪᠠᠲᠤ ᠪᠠᠨ ᠬᠠᠢᠷᠠᠯᠠ! ᠡᠪᠦᠭᠡᠨ ᠨᠠᠳᠠ ᠳ᠋ᠤ᠌ ᠬᠠᠲᠤᠨ᠂ ᠨᠤᠭᠤᠨ ᠬᠣᠶᠠᠷ ᠪᠣᠯᠤᠨ᠎ᠠ ᠭᠡᠯ᠎ᠡ᠃ ᠶᠸᠯᠢᠦᠢ ᠲᠡᠰᠢ᠂ 
       一 ᠲᠠᠨ ᠤ᠋ ᠲᠠᠭᠠᠯᠠᠯ ᠮᠡᠳᠡᠭ ᠭᠡᠰᠡᠨ ᠢ᠋ᠶ᠋ᠡᠨ ᠣᠮᠣᠭᠯᠠᠩ ᠬᠦᠯᠦᠭ ᠢ᠋ᠶ᠋ᠡᠨ ᠦᠯᠦ ᠶᠠᠯᠢᠭ ᠳᠠᠪᠢᠷᠠᠬᠤ ᠳ᠋ᠤ᠌ ᠠᠭᠤᠯᠠ ᠶ᠋ᠢᠨ ᠤᠷᠤᠭᠤ ᠤᠯᠠᠭᠠᠨ ᠲᠣᠭᠣᠰᠣ ᠲᠠᠢ ᠪᠠᠨ ᠣᠷᠣᠵᠤ ᠶᠠᠪᠤᠴᠢᠬᠠᠪᠠ᠃ ᠴᠢᠨ ᠲᠣᠯᠣᠭᠠᠢ ᠶ᠋ᠢ ᠬᠥᠮᠦᠨ ᠲᠣᠯᠣᠭᠠᠢ ᠪᠠᠷ ᠲᠠᠬᠢᠬᠰᠠᠨ ᠬᠠᠳᠠᠲᠤ ᠥᠨᠳᠥᠷ ᠦ᠋ᠨ ᠬᠢᠷᠠᠭᠤᠲᠤ ᠣᠷᠣᠢ ᠳ᠋ᠤ᠌ ᠳᠥᠷᠪᠡᠨ ᠬᠥᠮᠦᠨ ᠯᠡ ᠪᠥᠷᠲᠥᠯᠵᠡᠨ ᠦᠯᠡᠳᠡᠵᠦ᠂ ᠰᠦᠷᠲᠦ ᠶᠣᠰᠣᠯᠠᠯ ᠤ᠋ᠨ ᠭᠤᠨᠢᠭᠲᠤ ᠲᠡᠭᠦᠰᠬᠡᠯ ᠳ᠋ᠦ᠍ ᠰᠦᠷᠡᠬᠡᠢ ᠴᠣᠴᠢᠷᠳᠠᠭᠰᠠᠨ ᠣᠯᠠᠨ ᠲᠦᠮᠡᠨ ᠴᠢᠨ ᠨᠠᠭᠤᠷ ᠤ᠋ᠨ ᠬᠥᠨᠳᠡᠢ᠂ ᠷᠠᠰᠢᠶᠠᠨᠲᠤ ᠪᠦᠷᠢᠳᠦ ᠶ᠋ᠢᠨ ᠬᠥᠪᠡᠭᠡ ᠪᠡᠷ ᠠᠷᠤ ᠶ᠋ᠢᠨ ᠨᠢᠭᠡ ᠲᠠᠷᠠᠵᠤ᠂ ᠠᠮᠢᠳᠤ ᠢᠷᠡᠭᠰᠡᠨ ᠴᠡᠷᠢᠭ ᠦ᠋ᠳ ᠠᠪᠤ ᠡᠵᠢ᠂ ᠠᠮᠠᠷᠠᠭ ᠰᠠᠳᠤᠨ ᠲᠠᠢ ᠪᠠᠨ ᠭᠠᠯ ᠨᠢᠭᠡᠰᠦᠨ ᠪᠠᠶᠠᠷᠯᠠᠯᠳᠤᠵᠤ᠂ ᠦᠬᠦᠵᠦ ᠦᠯᠡᠳᠡᠭᠰᠡᠨ ᠴᠡᠷᠢᠭ ᠦ᠋ᠨ ᠠᠷᠤ ᠭᠡᠷ ᠦ᠋ᠨ ᠬᠢᠨ ᠣᠢ ᠳ᠋ᠤ᠌ ᠠᠪᠲᠠᠨ ᠮᠠᠢᠬᠠᠨ ᠢ᠋ᠶ᠋ᠠᠨ ᠠᠴᠢᠶᠠᠯᠠᠵᠤ ᠤᠢᠲᠠᠨ ᠬᠠᠷᠭᠤᠢ ᠳ᠋ᠤ᠌ ᠭᠠᠷᠴᠤ ᠪᠠᠢᠯ᠎ᠠ᠃ ᠡᠯ᠎ᠡ ᠶᠡᠬᠡ ᠬᠥᠯ ᠬᠥᠳᠡᠯᠭᠡᠭᠡᠨ ᠢ᠋ ᠤᠳᠠᠭᠠᠨ ᠠᠵᠢᠵᠤ ᠰᠠᠭᠤᠭᠰᠠᠨ ᠬᠠᠪᠤᠯ ᠬᠠᠭᠠᠨ ᠠᠴᠢ ᠬᠦᠦ ᠪᠡᠨ ᠬᠠᠨᠢᠰᠢᠶᠠᠨ᠂ 
       — ᠶᠢᠰᠦᠭᠡᠢ ᠪᠠᠭᠠᠲᠤᠷ᠂ ᠴᠢ ᠡᠴᠢᠭᠡ ᠶ᠋ᠢᠨ ᠢ᠋ᠶ᠋ᠡᠨ ᠲᠡᠷᠢᠭᠦᠯᠡᠵᠦ ᠮᠣᠷᠳᠠᠭᠰᠠᠨ ᠡᠷᠡᠰ ᠢ᠋ ᠢᠯᠠᠭᠳᠠᠭᠰᠠᠨ ᠴᠡᠷᠢᠭ ᠭᠡᠳ ᠡᠰᠡ ᠲᠣᠭᠣᠵᠤ ᠪᠠᠢᠯ᠎ᠠ ᠤᠤ? ᠭᠡᠬᠦ ᠳ᠋ᠦ᠍ ᠬᠠᠭᠠᠨ ᠡᠪᠦᠭᠡ ᠬᠥᠮᠦᠨ ᠭᠡᠮᠡᠨ ᠲᠣᠭᠣᠵᠤ ᠦᠭᠡ ᠰᠣᠯᠢᠭᠰᠠᠨ ᠳ᠋ᠤ᠌ ᠶᠢᠰᠦᠭᠡᠢ ᠶᠡᠬᠡ ᠯᠡ ᠪᠡᠶᠡᠰᠴᠦ᠂ 
       — ᠬᠠᠭᠠᠨ ᠡᠪᠦᠭᠡ ᠮᠢᠨᠢ᠂ ᠮᠠᠨ ᠤ᠋ ᠴᠡᠷᠢᠭ ᠠᠯᠲᠠᠨ ᠤᠯᠤᠰ ᠤ᠋ᠨ ᠴᠡᠷᠢᠭ ᠲᠦ᠍ ᠬᠢᠶᠠᠷ ᠴᠣᠬᠢᠭᠤᠯᠤᠭᠰᠠᠨ ᠭᠡᠰᠡᠨ ᠬᠡᠮᠡᠪᠡᠯ ᠪᠤᠭᠤᠷᠤᠯ ᠬᠠᠭᠠᠨ ᠭᠦᠳ ᠭᠦᠳ ᠢᠨᠢᠶᠡᠨ ᠰᠠᠬᠠᠯ ᠢ᠋ᠶ᠋ᠠᠨ ᠢᠮᠡᠭᠡᠷᠲᠦᠭᠡᠳ᠂ 
       — ᠺᠢᠳᠠᠨ ᠢᠯᠠᠭᠳᠠᠵᠤ᠂ ᠪᠢᠳᠡ ᠢᠯᠠᠭᠰᠠᠨ ᠠ᠋ ᠬᠦ ᠭᠡᠯ᠎ᠡ᠃ ᠶᠢᠰᠦᠭᠡᠢ ᠬᠥᠪᠡᠭᠦᠨ ᠦ᠌ ᠴᠣᠭᠯᠢᠭ ᠨᠢᠳᠦᠨ ᠳ᠋ᠦ᠍ ᠭᠠᠢᠬᠠᠰᠢᠷᠠᠯ ᠨᠢᠭᠡᠨᠲᠡ ᠬᠢᠯᠠᠰᠬᠢᠵᠦ᠂ 
       — ᠶᠠᠭᠠᠬᠢᠭᠠᠳ ᠭᠡᠪᠡᠯ ᠡᠪᠦᠭᠡᠨ ᠬᠠᠭᠠᠨ ᠬᠠᠷᠢᠭᠤ ᠬᠡᠯᠡᠭᠰᠡᠨ ᠦᠭᠡᠢ᠂ ᠲᠠᠰᠢᠭᠤᠷ ᠢ᠋ᠶ᠋ᠠᠨ ᠲᠤᠯᠤᠨ ᠪᠣᠰᠤᠭᠠᠳ ᠬᠠᠳᠠᠲᠤ ᠥᠨᠳᠥᠷ ᠦ᠋ᠨ ᠣᠷᠣᠢ ᠰᠢᠷᠳᠡᠪᠡ᠃ ᠶᠠᠭᠤᠬᠠᠨ ᠢ᠋ ᠴᠦ᠍ ᠭᠡᠯ᠎ᠡ 《ᠶᠠᠭᠠᠬᠢᠭᠠᠳ》ᠭᠡᠮᠡᠨ ᠯᠠᠪᠯᠠᠵᠤ ᠠᠰᠠᠭᠤᠪᠠᠯ ᠬᠥᠬᠢᠵᠦ ᠪᠡᠶᠡᠰᠴᠦ᠂ ᠬᠥᠬᠢᠭᠦᠯᠦᠨ ᠱᠠᠩᠨᠠᠬᠤ ᠤᠭᠯᠠᠭᠤᠷᠭ᠎ᠠ ᠶ᠋ᠢ ᠨᠢ ᠲᠡᠮᠲᠡᠷᠢᠵᠦ ᠤᠴᠢᠷ ᠢ᠋ ᠨᠢ ᠲᠠᠢᠯᠵᠤ ᠥᠭᠳᠡᠭ ᠪᠤᠭᠤᠷᠤᠯ ᠬᠠᠭᠠᠨ ᠡᠪᠦᠭᠡ ᠡᠨᠡ ᠤᠳᠠᠭ᠎ᠠ ᠬᠠᠷᠢᠭᠤ ᠡᠰᠡ ᠬᠡᠯᠡᠭᠰᠡᠨ ᠨᠢ《ᠬᠦᠦ ᠴᠢ ᠡᠷ᠎ᠡ ᠶ᠋ᠢᠨ ᠴᠡᠭᠡᠯ ᠳ᠋ᠦ᠍ ᠬᠦᠷᠪᠡ᠂ ᠥᠪᠡᠷ ᠢ᠋ᠶ᠋ᠡᠨ ᠲᠠᠢᠯᠵᠤ ᠣᠯ 》ᠭᠡᠰᠡᠨ ᠦᠭᠡ ᠦᠭᠡᠢ ᠬᠠᠷᠢᠭᠤ ᠴᠤ᠌ ᠪᠠᠢᠵᠤ ᠪᠣᠯᠬᠤ ᠶᠤᠮ᠃ ᠡᠨᠡ ᠬᠢᠷᠢ ᠳᠥᠷᠥᠭᠡ ᠭᠥᠯᠢᠮ ᠬᠠᠪᠢᠷᠠᠬᠣ᠂ ᠠᠮᠠᠭᠠᠢ ᠲᠡᠩᠭᠡᠯᠢᠭ ᠬᠠᠩᠭᠢᠨᠠᠬᠤ ᠰᠣᠨᠣᠰᠳᠠᠵᠤ ᠬᠥᠲᠥᠴᠢ ᠴᠡᠷᠢᠭ ᠬᠠᠭᠠᠨ ᠬᠦᠯᠦᠭ ᠢ᠋ ᠠᠪᠴᠢᠷᠠᠯ᠎ᠠ᠃ ᠬᠠᠪᠤᠯ ᠵᠢᠯᠣᠭᠣ ᠴᠤᠯᠪᠤᠭᠤᠷ ᠢ᠋ᠶ᠋ᠠᠨ ᠬᠤᠮᠢᠵᠤ ᠵᠠᠯᠠᠭᠤ ᠬᠥᠮᠦᠨ ᠮᠡᠲᠦ ᠰᠡᠪ ᠬᠢᠨ ᠮᠣᠷᠳᠠᠭᠰᠠᠨ ᠢ᠋ᠶ᠋ᠠᠨ ᠪᠠᠷ᠎ᠠ ᠪᠤᠯᠤᠭᠠᠴᠢᠳ ᠢ᠋ᠶ᠋ᠠᠨ ᠳᠠᠭᠠᠭᠤᠯᠤᠨ ᠬᠠᠳᠠᠲᠤ ᠥᠨᠳᠥᠷ ᠦ᠋ᠨ ᠬᠢᠷᠠᠭᠤᠲᠤ ᠣᠷᠣᠢ ᠤᠷᠤᠭᠤ ᠵᠢᠳᠬᠦᠯᠡᠨ ᠭᠠᠷᠴᠤ ᠢᠷᠡᠬᠦ ᠳ᠋ᠦ᠍ ᠵᠣᠪᠠᠯᠠᠩ ᠳ᠋ᠤ᠌ ᠠᠪᠲᠠᠭᠰᠠᠨ ᠢᠵᠢᠢ ᠬᠦᠦ ᠬᠣᠶᠠᠷ ᠵᠡᠭᠦᠳᠦ ᠵᠡᠷᠭᠡᠯᠭᠡ ᠮᠡᠲᠦ ᠰᠡᠭᠦᠳᠡᠢᠨ ᠪᠣᠰᠴᠤ ᠢᠷᠡᠪᠡ᠃ ᠦᠬᠦᠯ ᠦ᠋ᠨ ᠦᠨᠦᠷ ᠠᠪᠤᠭᠰᠠᠨ ᠮᠡᠲᠦ ᠮᠣᠷᠢᠳ ᠬᠠᠮᠠᠷ ᠲᠠᠴᠢᠭᠢᠨᠠᠭᠤᠯᠤᠨ ᠬᠤᠤᠬᠢᠷᠴᠤ ᠮᠢᠩᠭ᠎ᠠ ᠳᠠᠪᠢᠷᠠᠪᠠᠴᠤ ᠣᠷᠣᠭᠰᠢ ᠠᠯᠬᠤᠭᠰᠠᠨ ᠦᠭᠡᠢ ᠠᠵᠢ᠃ ᠬᠠᠪᠤᠯ ᠬᠠᠭᠠᠨ ᠬᠣᠭᠣᠯᠠᠢ ᠵᠠᠰᠠᠨ ᠴᠢᠮᠡᠭᠡ ᠦᠭᠭᠦᠭᠡᠳ ᠨᠢᠭᠦᠯᠡᠰᠦᠩᠭᠦᠢ ᠨᠢᠳᠦ ᠪᠡᠷ ᠬᠠᠷᠠᠪᠠᠯ ᠥᠨᠥᠴᠢᠨ ᠲᠣᠯᠣᠭᠠᠢ ᠶ᠋ᠢᠨ ᠣᠷᠣᠢ ᠳ᠋ᠤ᠌ ᠲᠡᠭ ᠳᠥᠷᠪᠡᠯᠵᠢᠨ ᠴᠢᠯᠠᠭᠤ ᠭᠣᠷᠲᠢᠭ ᠲᠠᠲᠠᠵᠤ ᠥᠭᠡᠳᠡ ᠪᠣᠯᠤᠭᠠᠴᠢ ᠬᠠᠭᠠᠨ ᠢ᠋ ᠨᠤᠲᠤᠭᠯᠠᠭᠤᠯᠵᠠᠢ᠃ ᠲᠠᠰᠤ ᠴᠠᠪᠴᠢᠭᠤᠯᠤᠭᠰᠠᠨ ᠲᠣᠯᠣᠭᠠᠢ ᠶ᠋ᠢ ᠨᠢ ᠶᠡᠬᠡ ᠪᠡᠶ᠎ᠡ ᠳ᠋ᠦ᠍ᠨᠢ ᠡᠪᠯᠡᠭᠦᠯᠦᠨ ᠲᠠᠯᠪᠢᠵᠤ ᠦᠰᠦ ᠶ᠋ᠢ ᠨᠢ ᠵᠠᠳᠠᠯᠤᠨ ᠨᠢᠭᠤᠷ ᠢ᠋ ᠨᠢ ᠪᠦᠲᠡᠭᠡᠵᠦ᠂ ᠬᠦᠦ ᠲᠠᠵᠢ ᠲᠣᠷᠭᠠᠨ ᠡᠯᠢᠭᠡᠪᠴᠢ ᠪᠡᠨ᠂ ᠬᠠᠲᠤᠨ ᠬᠣᠷᠭᠣᠢ ᠤᠤᠵᠢ ᠪᠠᠨ ᠲᠠᠭᠠᠷᠠᠬᠤ ᠪᠣᠢ ᠭᠡᠰᠡᠨ ᠰᠢᠭ ᠳᠠᠪᠬᠤᠷᠯᠠᠨ ᠨᠥᠮᠥᠷᠭᠡᠵᠦ ᠣᠷᠬᠢᠭᠰᠠᠨ ᠪᠠᠢᠬᠤ ᠶ᠋ᠢ ᠦᠵᠡᠭᠡᠳ ᠶᠢᠰᠦᠭᠡᠢ ᠬᠥᠪᠡᠭᠦᠨ ᠦ᠌ ᠴᠡᠭᠡᠵᠢ ᠤᠷᠤᠭᠤ ᠨᠢᠭᠡ ᠶᠠᠭᠤᠮ᠎ᠠ ᠣᠭᠰᠢᠭᠠᠳ ᠢᠷᠡᠬᠦ ᠰᠢᠭ ᠪᠣᠯᠪᠠ᠃ ᠲᠡᠷᠡ ᠪᠡᠷ ᠡᠪᠦᠭᠡᠨ ᠬᠠᠭᠠᠨ ᠠ᠋ᠴᠠ ᠨᠢᠯᠪᠤᠰᠤ ᠪᠠᠨ ᠨᠢᠭᠤᠵᠤ᠂ ᠨᠢᠳᠦ ᠪᠡᠨ ᠡᠰᠡ ᠴᠠᠪᠴᠢᠨ ᠮᠡᠯᠡᠢᠲᠡᠯ᠎ᠡ ᠰᠢᠷᠳᠡᠬᠦ ᠳ᠋ᠦ᠍ ᠮᠥᠨᠥᠬᠢ ᠭᠤᠸ᠎ᠠ ᠬᠠᠲᠤᠨ ᠠᠪᠠᠬᠠᠢ ᠴᠠᠷᠺᠢᠯ ᠨᠣᠳᠤᠢ ᠶ᠋ᠢᠨ ᠪᠠᠷ᠎ᠠ ᠰᠦᠷ ᠮᠠᠭᠤ ᠲᠠᠢ ᠱᠠᠷᠢᠯ ᠢ᠋ ᠨᠠᠷᠠ ᠵᠥᠪ ᠭᠤᠷᠪᠠ ᠲᠣᠭᠣᠷᠢᠭᠠᠳ ᠬᠥᠯ ᠳ᠋ᠦ᠍ᠨᠢ ᠰᠥᠭᠥᠳᠦᠯ᠎ᠡ᠃ ᠲᠡᠭᠦᠨ ᠦ᠌ ᠰᠠᠢᠬᠠᠨ ᠠᠯᠠᠭ ᠨᠢᠳᠦᠨ ᠡᠴᠡ ᠨᠢᠯᠪᠤᠰᠤ ᠤᠷᠤᠰᠤᠭᠰᠠᠭᠠᠷ ᠬᠡᠳᠦᠢ ᠴᠦ᠍ ᠡᠭᠰᠢᠵᠦ ᠮᠡᠭᠰᠢᠭᠰᠡᠨ ᠦᠭᠡᠢ᠂ ᠭᠤᠨᠢᠭ  ᠲᠤ᠌ ᠠᠪᠲᠠᠭᠰᠠᠨ ᠴᠤ᠌ ᠲᠣᠯᠣᠭᠠᠢ ᠭᠠᠨᠵᠤᠭᠠᠯᠠᠭᠰᠠᠨ ᠦᠭᠡᠢ ᠶᠡᠬᠡᠮᠰᠦᠭ ᠳᠥᠯᠭᠡᠨ ᠠᠯᠬᠤᠵᠤ ᠮᠤᠬᠤᠯᠠᠭ ᠲᠡᠷᠭᠡᠨ᠎ᠡ ᠪᠠᠷᠢᠭᠳᠠᠵᠤ ᠪᠤᠰᠤ ᠵᠠᠯᠠᠭᠳᠠᠵᠤ ᠪᠠᠢᠭ᠎ᠠ ᠶᠤᠮ ᠰᠢᠭ᠋ ᠣᠷᠣᠵᠤ ᠶᠠᠪᠤᠴᠢᠬᠠᠪᠠ᠃ ᠶᠢᠰᠦᠭᠡᠢ ᠳ᠋ᠦ᠍ ᠪᠠᠬᠠᠷᠬᠠᠬᠤ᠂ ᠪᠠᠰᠠ ᠬᠦ᠌ ᠥᠭᠡᠷ᠎ᠡ ᠡᠲᠡᠭᠡᠳ ᠨᠢᠭᠡᠨ ᠰᠡᠳᠬᠢᠯ ᠲᠥᠷᠥᠵᠦ ᠪᠢᠯᠡ᠃ ᠶᠡᠷᠦ ᠬᠠᠲᠤᠨ ᠲᠡᠭᠦᠨ ᠢ᠋ ᠬᠥᠮᠦᠨ ᠪᠠᠢᠨ᠎ᠠ ᠭᠡᠵᠦ ᠲᠣᠭᠣᠵᠤ ᠬᠠᠷᠠᠭᠰᠠᠨ ᠦᠭᠡᠢ᠃ ᠬᠠᠷᠢᠨ ᠬᠠᠨ ᠬᠥᠪᠡᠭᠦᠨ ᠦ᠌ ᠪᠢᠴᠢᠬᠠᠨ ᠴᠡᠭᠡᠵᠢᠨ᠎ᠡ ᠣᠮᠣᠭᠲᠤ ᠵᠢᠷᠦᠬᠡ ᠨᠢ ᠪᠠᠭᠲᠠᠵᠤ ᠶᠠᠳᠠᠨ ᠳᠡᠯᠡᠰᠴᠦ ᠳᠠᠬᠢᠨ ᠨᠢᠭᠡ ᠬᠠᠷᠠᠬᠤ ᠰᠠᠨ ᠭᠡᠬᠦ ᠬᠢᠵᠠᠭᠠᠷ ᠦᠭᠡᠢ ᠬᠦᠰᠡᠯᠡᠩ ᠳ᠋ᠦ᠍ ᠡᠭᠡᠷᠡᠭᠳᠡᠵᠦ ᠠᠪᠠᠢ᠃ ᠡᠢᠨ ᠭᠥᠯᠢᠷᠡᠵᠦ ᠵᠣᠭᠰᠣᠬᠤ ᠦᠶᠡᠰ ᠥᠵᠢᠨ ᠢᠵᠢᠢ ᠶ᠋ᠢᠨ ᠢ᠋ᠶ᠋ᠡᠨ ᠲᠣᠬᠣᠢ ᠡᠷᠭᠦᠵᠦ ᠲᠦᠰᠢᠭᠰᠡᠨ ᠵᠢᠭᠠᠯ ᠬᠦᠦ ᠬᠢᠯᠢᠩ ᠪᠠᠳᠠᠷᠠᠭᠰᠠᠨ ᠨᠣᠢᠲᠠᠨ ᠨᠢᠳᠦ ᠪᠡᠷ ᠶᠢᠰᠦᠭᠡᠢ ᠶ᠋ᠢ ᠴᠣᠭᠣ ᠰᠢᠷᠲᠡᠨ ᠥᠩᠭᠡᠷᠡᠪᠡ᠃ ᠣᠷᠣ ᠰᠠᠨᠠᠭᠠᠨ ᠳ᠋ᠤ᠌ ᠦᠭᠡᠢ ᠪᠠᠢᠬᠤ ᠳ᠋ᠤ᠌ ᠰᠢᠪᠦᠭᠡ ᠪᠡᠷ ᠬᠠᠳᠬᠤᠬᠤ ᠮᠡᠲᠦ ᠴᠣᠷᠭᠢᠵᠤ ᠰᠢᠷᠲᠡᠭᠰᠡᠨ ᠳ᠋ᠦ᠍ ᠬᠠᠷᠠᠴᠠ ᠲᠠᠯᠲᠠᠷᠢᠭᠰᠠᠨ ᠶᠢᠰᠦᠭᠡᠢ᠂  
       — ᠬᠠᠭᠠᠨ ᠡᠪᠦᠭᠡ ᠠ᠋! ᠡᠨᠡ ᠵᠢᠭᠠᠯ ᠬᠦᠦ ᠶ᠋ᠢ ᠬᠡᠨ ᠭᠡᠳᠡᠭ ᠶᠦᠮ ᠪᠣᠢ ᠭᠡᠪᠡᠯ ᠬᠠᠪᠤᠯ ᠬᠠᠭᠠᠨ ᠮᠥᠨᠥᠬᠢ ᠬᠣᠶᠠᠷ ᠢ᠋ ᠪᠣᠳᠣᠯᠭᠠᠰᠢᠷᠠᠩᠭᠤᠢ ᠨᠢᠳᠦ ᠪᠡᠷ ᠳᠠᠭᠠᠭᠤᠯᠤᠨ ᠬᠠᠷᠠᠵᠤ ᠪᠠᠢᠭᠰᠠᠨ ᠢ᠋ᠶ᠋ᠠᠨ᠂  
       — ᠲᠡᠮᠦᠵᠢᠨ ᠦᠭᠡ᠁ ᠶᠢᠰᠦᠨ ᠲᠠᠲ᠋ᠠᠷ ᠤ᠋ᠨ ᠬᠠᠭᠠᠨ ᠴᠠᠷᠭᠢᠯ ᠨᠣᠳᠤᠢ ᠶ᠋ᠢᠨ ᠠᠭᠡ ᠨᠢ ᠭᠡᠯ᠎ᠡ᠃ ᠬᠣᠭᠣᠷᠣᠨᠳᠣ ᠪᠠᠨ ᠳᠦᠷᠪᠡᠭᠡᠨ ᠨᠠᠰᠤᠨ ᠤ᠋ ᠵᠥᠷᠢᠶ᠎ᠡ ᠲᠡᠢ ᠲᠥᠷᠥᠭᠰᠡᠨ ᠬᠣᠶᠠᠷ ᠡᠷ᠎ᠡ ᠬᠥᠮᠦᠨ ᠠᠩᠬ᠎ᠠ ᠤᠳᠠᠭ᠎ᠠ ᠬᠠᠷᠠᠴᠠ ᠰᠣᠯᠢᠯᠴᠠᠵᠤ ᠪᠠᠢᠭ᠎ᠠ ᠬᠡᠳᠦᠢ ᠴᠦ᠍ ᠶᠠᠰᠤ ᠶᠠᠩᠭᠢᠨᠠᠲᠠᠯ᠎ᠠ ᠦᠰ ᠵᠠᠩᠭᠢᠳᠬᠤ ᠰᠢᠭ᠋ ᠰᠠᠨᠠᠭᠳᠠᠨ ᠵᠢᠷᠦᠬᠡ ᠬᠦᠢᠲᠡ ᠳᠠᠭᠠᠭᠠᠵᠤ ᠪᠢᠯᠡ᠃ ᠬᠡᠳᠦᠬᠡᠨ ᠵᠢᠯ ᠦ᠋ᠨ ᠳᠠᠷᠠᠭ᠎ᠠ ᠡᠯ᠎ᠡ ᠬᠠᠷᠠᠴᠠ ᠶ᠋ᠢ ᠮᠡᠰᠡᠨ ᠦ᠌ ᠢᠷ ᠢ᠋ᠶ᠋ᠡᠷ ᠲᠠᠰᠤᠳᠠᠵᠤ ᠳᠠᠭᠤᠰᠬᠠᠬᠤ ᠶᠤᠮ ᠭᠡᠵᠦ ᠡᠨᠡ ᠬᠢᠷᠢ ᠬᠡᠨ ᠴᠦ᠍ ᠡᠰᠡ ᠮᠡᠳᠡᠵᠦ ᠪᠥᠯᠥᠭᠡ᠃ ᠲᠣᠭᠣᠰᠣ ᠪᠣᠯᠤᠭᠰᠠᠨ ᠮᠤᠬᠤᠯᠠᠭ ᠲᠡᠷᠭᠡ ᠠᠯᠭᠤᠷᠬᠠᠨ ᠬᠥᠳᠡᠯᠵᠦ᠂ ᠬᠡᠰᠢᠭᠲᠡᠨ ᠡᠷᠡᠰ ᠬᠣᠶᠠᠷ ᠡᠩᠨᠡᠭᠡ ᠪᠣᠯᠤᠨ ᠳᠠᠭᠠᠯᠳᠤᠵᠤ᠂ ᠬᠠᠮᠤᠭ ᠮᠣᠩᠭᠣᠯ ᠤ᠋ᠨ ᠲᠣᠬᠢᠯᠠᠵᠤ ᠪᠠᠭᠤᠭᠰᠠᠨ ᠬᠦᠷᠢᠶ᠎ᠡ ᠲᠡᠢᠰᠢ ᠣᠳᠴᠠᠢ᠃  

                6  
       ᠬᠠᠪᠤᠯ ᠬᠠᠭᠠᠨ ᠭᠦᠨ ᠪᠣᠳᠣᠯ ᠳ᠋ᠤ᠌ ᠠᠪᠲᠠᠵᠤ ᠬᠥᠯ ᠳᠠᠷᠤᠭᠰᠠᠨ ᠣᠯᠠᠨ ᠤ᠋ ᠳᠤᠮᠳᠠᠭᠤᠷ ᠮᠣᠷᠢᠨ ᠤ᠋ ᠵᠦᠩ ᠢ᠋ᠶ᠋ᠡᠷ ᠬᠡᠯᠲᠦᠷᠢᠭᠦᠯᠬᠦ ᠳ᠋ᠦ᠍ ᠮᠠᠷᠭᠠᠰᠢ ᠶ᠋ᠢᠨ ᠶᠡᠬᠡ ᠨᠠᠢᠷ ᠨᠠᠭᠠᠳᠤᠮ ᠳ᠋ᠤ᠌ ᠵᠣᠳᠣᠭᠯᠠᠬᠤ ᠪᠠᠷ ᠬᠦᠴᠦᠲᠡᠨ ᠡᠷᠡᠰ ᠬᠥᠰᠢᠯᠳᠦᠵᠦ᠂ ᠠᠢᠮᠠᠭ ᠠᠢᠮᠠᠭ ᠠ᠋ᠴᠠ ᠢᠷᠡᠭᠦᠯ ᠳ᠋ᠦ᠍ ᠮᠣᠷᠳᠠᠬᠤ ᠪᠠᠭᠠᠲᠤᠷ ᠤ᠋ᠳ ᠴᠡᠭᠡᠵᠢ ᠳᠠᠷᠤᠵᠤ ᠮᠡᠬᠦᠢᠨ ᠥᠩᠭᠡᠷᠡᠭᠡᠨ᠎ᠡ᠃ ᠲᠡᠷᠡ ᠴᠦ᠍ ᠪᠠᠢᠲᠤᠭᠠᠢ ᠣᠢ ᠳ᠋ᠤ᠌ ᠠᠪᠲᠠᠭᠰᠠᠨ ᠵᠠᠷᠢᠮ ᠨᠢ ᠠᠴᠢᠶᠠᠯᠠᠵᠤ ᠪᠠᠢᠭᠰᠠᠨ ᠴᠠᠴᠠᠷ ᠮᠠᠢᠬᠠᠨ ᠢ᠋ᠶ᠋ᠠᠨ ᠣᠷᠬᠢᠨ ᠰᠥᠭᠥᠳᠴᠦ᠂ ᠮᠠᠢ ᠳ᠋ᠤ᠌ ᠡᠭᠡᠷᠡᠭᠦᠯᠦᠭᠰᠡᠨ ᠨᠥᠭᠦᠭᠡ ᠬᠡᠰᠡᠭ ᠨᠢ ᠴᠢᠨᠠᠵᠤ ᠪᠠᠢᠭᠰᠠᠨ ᠴᠠᠢᠨ ᠠ᠋ᠴᠠ ᠳᠡᠭᠡᠵᠢ ᠡᠷᠭᠦᠨ ᠰᠥᠰᠥᠯᠡᠬᠦ ᠪᠥᠯᠥᠭᠡ᠃ ᠲᠡᠷᠡ ᠪᠦᠭᠦᠳᠡ ᠶ᠋ᠢᠨ ᠨᠢᠳᠦᠨ ᠳ᠋ᠦ᠍ ᠨᠢᠭᠡᠨ ᠶᠡᠬᠡ ᠢᠲᠡᠭᠡᠯ᠂ ᠨᠢᠭᠡᠨ ᠶᠡᠬᠡ ᠬᠦᠰᠡᠯᠡᠩ ᠦ᠋ᠨ ᠠᠳᠠ ᠲᠠᠢ ᠭᠠᠯ ᠠᠰᠠᠭᠰᠠᠨ ᠪᠠᠢᠬᠤ ᠶ᠋ᠢ ᠡᠪᠦᠭᠡᠨ ᠬᠠᠭᠠᠨ ᠠᠵᠢᠵᠤ ᠠᠮᠵᠢᠪᠠ᠃ ᠮᠠᠭᠠᠳ ᠦᠭᠡᠢ ᠢᠯᠳᠦ ᠪᠡᠷ ᠪᠤᠰᠤ ᠦᠭᠡ ᠪᠡᠷ ᠪᠠᠢᠯᠳᠤᠵᠤ ᠭᠠᠵᠠᠷ ᠰᠢᠷᠣᠢ ᠪᠠᠨ ᠪᠦᠷᠢᠨ ᠪᠦᠲᠦᠨ ᠠᠪᠴᠤ ᠦᠯᠡᠳᠡᠭᠰᠡᠨ ᠭᠠᠪᠢᠶ᠎ᠠ ᠨᠢ ᠠᠮᠠᠨ ᠠ᠋ᠴᠠ ᠠᠮᠠ ᠳᠠᠮᠵᠢᠨ ᠨᠡᠮᠡᠭᠰᠡᠭᠡᠷ ᠡᠳᠦᠭᠡ ᠳᠣᠮᠣᠭ ᠪᠣᠯᠤᠭᠰᠠᠨ ᠪᠠᠢᠵᠤ ᠴᠤ᠌ ᠮᠡᠳᠡᠬᠦ ᠪᠢᠯᠡ᠃ ᠠᠯᠪᠠᠲᠤ ᠣᠯᠠᠨ ᠤ᠋ ᠪᠠᠨ ᠨᠢᠳᠦᠨ ᠦ᠌ ᠭᠠᠯ ᠢ᠋ ᠣᠯᠵᠤ ᠬᠠᠷᠠᠭᠰᠠᠨ ᠬᠠᠭᠠᠨ ᠤ᠋ ᠠᠯᠵᠢᠶᠠᠯ ᠬᠣᠷᠣᠮᠬᠠᠨ ᠠᠷᠢᠯᠵᠤ᠂ ᠮᠠᠨᠳᠤᠬᠤ ᠶ᠋ᠢᠨ ᠤᠯᠠᠭᠠᠨ ᠨᠠᠷᠠᠨ ᠢ᠋ᠶ᠋ᠠᠷ ᠶᠧᠯᠢᠦᠢ ᠳᠠᠰᠢ ᠶ᠋ᠢ ᠬᠣᠯᠠ ᠵᠠᠮ ᠳ᠋ᠤ᠌ ᠦᠳᠡᠬᠦ ᠶᠡᠬᠡ ᠨᠠᠢᠷ ᠤ᠋ᠨ ᠲᠤᠬᠠᠢ ᠪᠣᠳᠣᠪᠠ᠃ ᠳᠣᠣᠷ᠎ᠠ ᠬᠠᠶᠠᠵᠤ ᠯᠠ ᠵᠠᠭᠤᠨ ᠡᠷᠦᠬᠡ ᠪᠣᠭᠣᠯ ᠢ᠋ᠶ᠋ᠠᠷ ᠱᠠᠩᠨᠠᠭᠤᠯᠤᠭᠰᠠᠨ ᠵᠦ᠋ᠪᠦ᠋ ᠠᠷᠪᠠᠨ ᠨᠠᠢ᠍ᠮᠠᠨ ᠠᠢᠮᠠᠭ ᠤ᠋ᠨ ᠶᠡᠬᠡᠰ ᠳᠡᠭᠡᠳᠦᠰ ᠠᠯᠢ ᠪᠠᠢᠳᠠᠭ ᠢ᠋ᠶ᠋ᠠᠨ ᠲᠡᠮᠲᠡᠷᠢᠬᠦ ᠪᠢᠵᠡ᠃ ᠶᠡᠷᠦ ᠬᠡᠭᠡᠷ᠎ᠡ ᠶ᠋ᠢᠨ ᠨᠣᠶᠠᠳ ᠤ᠋ᠨ ᠵᠢᠰᠦ ᠴᠢᠷᠠᠢ ᠭᠡᠷᠡᠯᠲᠦᠨ ᠴᠠᠭᠠᠨ᠎ᠠ ᠪᠠᠨ ᠯᠠ ᠨᠢᠭᠡ ᠬᠡᠢᠮᠣᠷᠢᠯᠢᠭ ᠪᠣᠯᠤᠭᠰᠠᠨ ᠢ᠋ ᠥᠨᠥᠳᠥᠷ ᠬᠠᠷᠠᠵᠠᠢ᠃ ᠡᠪᠦᠭᠡᠨ ᠬᠠᠭᠠᠨ ᠤ᠋ ᠪᠤᠭᠤᠷᠤᠯ ᠰᠣᠪᠢᠩ ᠴᠤ᠌ ᠦᠭᠡ ᠶ᠋ᠢᠨ ᠲᠡᠢᠨ ᠳ᠋ᠦ᠍ ᠲᠠᠮᠢᠷᠳᠠᠭᠰᠠᠨ ᠰᠡᠳᠬᠢᠯ ᠳ᠋ᠦ᠍ᠨᠢ ᠶᠡᠬᠡ ᠬᠡᠢ ᠮᠣᠷᠢ ᠶ᠋ᠢᠨ ᠠᠯᠤᠰ ᠤ᠋ᠨ ᠵᠦᠩ ᠰᠢᠪᠡᠨᠡᠵᠦ ᠠᠷᠭᠠᠳᠠᠬᠤ ᠳ᠋ᠤ᠌ ᠮᠣᠷᠢᠲᠠᠨ ᠲᠠᠷᠴᠤᠭᠯᠠᠬᠤ ᠴᠠᠭ ᠢ᠋ ᠦᠵᠡᠬᠦ ᠨᠠᠰᠤ ᠨᠠᠳᠠ ᠳ᠋ᠤ᠌ ᠦᠯᠡᠳᠡᠭᠰᠡᠨ ᠦᠭᠡᠢ ᠳᠡ ᠭᠡᠵᠦ ᠭᠤᠨᠢᠭᠯᠠᠪᠠᠴᠤ ᠮᠢᠨᠦ ᠵᠢᠷᠭᠤᠭᠠᠨ ᠬᠦᠦ᠂ ᠠᠷᠪᠠᠨ ᠠᠴᠢ ᠶᠠᠭᠤ ᠡᠰᠡ ᠶ᠋ᠢ ᠦᠵᠡᠬᠦ ᠪᠢᠯᠡ ᠭᠡᠮᠡᠨ ᠲᠠᠢᠳᠬᠤᠷᠠᠨ᠎ᠠ᠃ 
       ᠡᠢᠨ ᠳᠣᠲᠣᠷ᠎ᠠ ᠬᠥᠮᠦᠨ ᠲᠡᠢ ᠪᠡᠨ ᠮᠠᠷᠭᠤᠯᠳᠤᠨ᠂ ᠮᠡᠳᠬᠡᠯᠴᠡᠨ ᠶᠠᠪᠤᠬᠤ ᠬᠠᠪᠤᠯ ᠬᠠᠭᠠᠨ ᠳ᠋ᠤ᠌ ᠵᠠᠮ ᠭᠣᠳᠣᠰ ᠤ᠋ᠨ ᠣᠪᠣᠭ ᠠᠢᠮᠠᠭ ᠤ᠋ᠨ ᠣᠯᠠᠨ ᠴᠠᠢᠨ ᠤ᠋ ᠳᠡᠭᠡᠵᠢ᠂ ᠢᠳᠡᠭᠡᠨ ᠦ᠌ ᠳᠡᠭᠡᠳᠦ ᠪᠡᠨ ᠡᠷᠭᠦᠬᠦ ᠨᠢ ᠶᠢᠰᠦᠭᠡᠢ ᠬᠥᠪᠡᠭᠦᠨ ᠳ᠋ᠦ᠍ ᠪᠠᠬᠠᠷᠬᠠᠯ ᠲᠥᠷᠥᠭᠦᠯᠵᠦ᠂ ᠮᠥᠨᠥᠬᠡᠨ ᠶᠡᠬᠡᠮᠰᠦᠭ ᠬᠠᠲᠤᠨ ᠢ᠋ ᠬᠠᠷᠠᠭᠠᠰᠠᠢ ᠭᠡᠵᠦ ᠬᠦᠰᠡᠪᠡ᠃ ᠡᠯ᠎ᠡ ᠡᠲᠡᠭᠡᠳ ᠦ᠋ᠨ ᠬᠦᠰᠡᠯᠡᠩ ᠡᠴᠡ ᠴᠦ᠍ ᠪᠣᠯᠤᠭᠰᠠᠨ ᠤᠤ᠂ ᠶᠢᠰᠦᠭᠡᠢ ᠬᠥᠪᠡᠭᠦᠨ᠂ 
       — ᠮᠠᠷᠭᠠᠰᠢ ᠶ᠋ᠢᠨ ᠢᠷᠡᠭᠦᠯ ᠳ᠋ᠦ᠍ ᠬᠠᠮᠤᠭ ᠮᠣᠩᠭᠣᠯ ᠤ᠋ᠨ ᠨᠡᠷ᠎ᠡ ᠶ᠋ᠢᠨ ᠡᠮᠦᠨ᠎ᠡ ᠡᠴᠡ ᠬᠡᠨ ᠪᠣᠰᠬᠤ ᠪᠣᠯ? ᠭᠡᠮᠡᠨ ᠠᠰᠠᠭᠤᠭᠰᠠᠨ ᠨᠢ ᠪᠣᠢ᠃ ᠬᠠᠪᠤᠯ ᠬᠠᠭᠠᠨ ᠮᠥᠷᠭᠥᠨ ᠰᠦᠰᠦᠭᠯᠡᠬᠦ ᠣᠯᠠᠨ ᠢ᠋ ᠠᠵᠢᠭᠯᠠᠭᠰᠠᠨ ᠢ᠋ᠶ᠋ᠠᠨ᠂ 
       — ᠥᠬᠢᠨᠪᠠᠷᠬᠠᠭ ᠠᠪᠠᠭ᠎ᠠ ᠴᠢᠨᠢ ᠮᠣᠷᠳᠠᠨ᠎ᠠ᠃ ᠲᠡᠷᠡ ᠬᠥᠮᠦᠨ ᠦ᠌ ᠡᠪ ᠣᠯᠬᠤ ᠳ᠋ᠠᠭᠠᠨ ᠮᠠᠭᠤ ᠴᠤ᠌ ᠬᠠᠳᠬᠤᠯᠳᠤᠬᠤ ᠳ᠋ᠠᠭᠠᠨ ᠰᠠᠢᠨ ᠰᠢᠦ ᠭᠡᠯ᠎ᠡ᠃ 
       — ᠶᠡᠷᠡᠨ ᠨᠤᠮᠤ ᠶ᠋ᠢᠨ ᠭᠠᠵᠠᠷ ᠠ᠋ᠴᠠ ᠭᠤᠷᠪᠠᠨ ᠰᠤᠮᠤ ᠲᠠᠯᠪᠢᠬᠤ ᠬᠠᠷᠪᠤᠯᠳᠤᠭᠠᠨ ᠳ᠋ᠤ᠌ ᠬᠡᠨ ᠪᠣᠰᠬᠤ ᠪᠣᠯ? 
       — ᠠᠪᠤ ᠴᠢᠨᠢ᠂ ᠪᠠᠷᠳᠠᠨ ᠬᠦᠦ ᠮᠢᠨᠢ ᠣᠮᠣᠭ ᠲᠠᠢ ᠨᠢ ᠳᠡᠩᠳᠡᠭᠦᠦ ᠴᠦ᠍ ᠴᠡᠴᠡᠨ ᠲᠡᠢ ᠨᠢ ᠭᠠᠷᠭᠠᠭᠤᠳ ᠯᠠ ᠳᠠ᠃ 
       — ᠲᠡᠭᠡᠪᠡᠯ ᠪᠥᠬᠡ ᠶ᠋ᠢᠨ ᠪᠠᠷᠢᠯᠳᠤᠭᠠᠨ ᠳ᠋ᠤ᠌? 
       — ᠬᠣᠲᠣᠯᠠ ᠠᠪᠠᠭ᠎ᠠ ᠴᠢᠨᠢ ᠪᠣᠰᠤᠭ᠃ ᠲᠡᠢᠨ ᠳ᠋ᠦ᠍ ᠠᠭᠤᠷᠯᠠᠵᠤ ᠪᠣᠯᠬᠤ ᠴᠤ᠌ ᠨᠠᠢᠷ  ᠲᠤ᠌ ᠠᠭᠤᠷᠯᠠᠵᠤ ᠦᠯᠦ ᠪᠣᠯᠬᠤ ᠶ᠋ᠢ ᠬᠠᠷᠢᠨ ᠰᠠᠨᠠᠭᠤᠯᠤᠭᠤᠰᠢᠲᠠᠢ ᠭᠡᠪᠡ᠃ 
       ᠶᠢᠰᠦᠭᠡᠢ ᠶ᠋ᠢᠨ ᠬᠦᠰᠡᠯ ᠲᠠᠯᠠᠭᠠᠷ ᠪᠣᠯᠵᠠᠢ᠃ ᠲᠡᠷᠡ ᠪᠡᠷ ᠤᠭ ᠨᠢ ᠡᠷ᠎ᠡ ᠶ᠋ᠢᠨ ᠬᠡᠢ ᠮᠣᠷᠢ ᠰᠡᠷᠭᠦᠭᠡᠭᠰᠡᠨ ᠶᠡᠬᠡ ᠭᠤᠷᠪᠠᠨ ᠰᠣᠷᠢᠯᠭ᠎ᠠ ᠳ᠋ᠤ᠌ ᠡᠪᠦᠭᠡ ᠬᠠᠭᠠᠨ ᠥᠪᠡᠷ ᠢ᠋ ᠨᠢ ᠨᠡᠷ᠎ᠡ ᠶ᠋ᠢ ᠴᠣᠬᠣᠵᠤ ᠮᠠᠭᠠᠳ ᠦᠭᠡᠢ ᠭᠡᠵᠦ ᠭᠣᠷᠢᠳᠠᠭᠰᠠᠨ ᠶᠤᠮ ᠰᠠᠨᠵᠠᠢ᠃ ᠲᠠᠲ᠋ᠠᠷ ᠬᠠᠲᠤᠨ ᠤ᠋ ᠨᠢᠳᠦᠨ ᠳ᠋ᠦ᠍ ᠰᠠᠢᠬᠠᠨ ᠬᠠᠷᠠᠭᠳᠠᠬᠤ ᠶ᠋ᠢ ᠬᠦᠰᠡᠭᠰᠡᠨ ᠡᠨᠳᠡ ᠲᠡᠭᠦᠨ ᠢ᠋ ᠡᠢᠨ ᠬᠠᠳᠬᠤᠭᠰᠠᠨ ᠬᠡᠷᠡᠭ ᠶᠦᠮ᠃ ᠭᠡᠪᠡᠴᠦ ᠡᠰᠡ ᠪᠦᠲᠦᠵᠡᠢ᠃ ᠬᠥᠪᠡᠭᠦᠨ ᠬᠡᠭᠡᠷ᠎ᠡ ᠶ᠋ᠢᠨ ᠴᠠᠴᠠᠷ ᠲᠠᠭᠠᠨ ᠢᠷᠡᠪᠡᠯ ᠠᠶᠠᠨ ᠲᠡᠢᠨ ᠡᠴᠡ ᠡᠭᠡᠨ ᠢᠷᠡᠭᠰᠡᠨ ᠡᠴᠢᠭᠡ ᠪᠠᠷᠠᠳᠠᠨᠪᠠᠭᠠᠲᠤᠷ ᠰᠠᠯᠬᠢᠨ ᠳᠡᠭᠡᠷ᠎ᠡ ᠨᠢ ᠠᠯᠲᠠᠨ ᠲᠠᠷᠮ᠎ᠠ ᠪᠠᠨ ᠪᠤᠰᠬᠠᠵᠤ ᠮᠢᠩᠭᠠᠲᠤ ᠶ᠋ᠢᠨ ᠨᠣᠶᠠᠳ ᠲᠠᠢ ᠪᠠᠨ ᠴᠢᠭᠤᠯᠤᠨ ᠪᠠᠢᠬᠤ ᠲᠤᠯᠠ ᠪᠢᠴᠢᠬᠠᠨ ᠴᠠᠴᠠᠷ ᠲᠠᠭᠠᠨ ᠣᠷᠣᠵᠤ᠂ ᠪᠠᠭᠤᠷᠴᠢ ᠴᠢᠷᠬ᠎ᠠ ᠡᠪᠦᠭᠡᠨ ᠦ᠌ ᠠᠶᠠᠭᠠᠨ ᠳ᠋ᠤ᠌ ᠬᠥᠰᠬᠥᠯᠡᠵᠦ ᠣᠷᠬᠢᠭᠰᠠᠨ ᠠᠯᠠᠭ ᠮᠢᠬᠠᠨ ᠳᠡᠭᠡᠷ᠎ᠡ ᠬᠠᠯᠠᠭᠤᠨ ᠰᠦ ᠲᠡᠢ ᠴᠠᠢ ᠬᠢᠵᠦ ᠤᠤᠭᠤᠭᠠᠳ ᠨᠣᠢᠷᠰᠤᠵᠠᠢ᠃ ᠦᠷ ᠴᠦᠷ ᠢ᠋ᠶ᠋ᠡᠷ ᠪᠥᠭᠡᠮ ᠳᠠᠭᠤ ᠴᠢᠮᠡᠭᠡ ᠲᠡᠭᠦᠨ ᠢ᠋ ᠰᠡᠷᠡᠭᠡᠪᠡ᠃ ᠲᠡᠷᠮ᠎ᠡ ᠪᠦᠬᠦᠨ ᠡᠴᠡ ᠨᠣᠶᠠᠳ᠂ ᠬᠠᠲᠤᠳ ᠭᠠᠳᠠᠭᠠᠯᠠᠵᠤ᠂ ᠴᠠᠴᠠᠷ ᠪᠦᠷᠢ ᠡᠴᠡ ᠠᠭᠡ᠂ ᠭᠦᠩᠵᠦ ᠭᠦᠶᠦᠯᠳᠦᠨ ᠭᠠᠷᠴᠤ᠂ ᠮᠠᠢᠬᠠᠨ ᠪᠣᠯᠭᠠᠨ ᠠ᠋ᠴᠠ ᠠᠯᠪᠠᠲᠤ ᠢᠷᠭᠡᠳ ᠱᠤᠤᠭᠢᠯᠳᠤᠨ ᠱᠠᠭᠠᠢᠵᠤ ᠮᠥᠨᠥᠬᠡᠨ ᠥᠴᠥᠭᠡᠳᠦᠷ ᠦ᠋ᠨ ᠬᠥᠮᠦᠨ ᠲᠠᠬᠢᠬᠰᠠᠨ ᠴᠢᠨ ᠲᠣᠯᠣᠭᠠᠢ ᠥᠭᠡᠳᠡ ᠳᠣᠯᠢᠶᠠᠪᠤᠷ ᠢ᠋ᠶ᠋ᠠᠷ ᠳᠣᠬᠢᠨ ᠱᠤᠤᠭᠢᠯᠳᠤᠵᠤ ᠪᠠᠢᠪᠠ᠃ ᠲᠡᠷᠡ ᠳᠤᠮᠳᠠ ᠳᠠᠭᠤ ᠨᠡᠮᠡᠷᠢᠯᠡᠵᠦ ᠴᠠᠬᠢᠷᠳᠠᠭᠰᠠᠨ ᠬᠣᠭᠣᠯᠠᠢ ᠪᠠᠷ ᠬᠠᠰᠬᠢᠴᠢᠨ ᠵᠣᠭᠰᠣᠬᠤ ᠪᠥᠭᠲᠥᠷ ᠴᠢᠷᠬ᠎ᠠ ᠪᠠᠭᠤᠷᠴᠢ ᠶ᠋ᠢᠨ ᠮᠥᠷᠥ ᠡᠴᠡ ᠲᠡᠳᠡᠨ᠂ 
       — ᠴᠢᠷᠬ᠎ᠠ ᠠᠬ᠎ᠠ ᠠ᠋᠂ ᠶᠠᠭᠤ ᠪᠣᠯᠤᠭ᠎ᠠ ᠪᠣᠢ? ᠭᠡᠯ᠎ᠡ᠃ ᠴᠢᠷᠬ᠎ᠠ ᠶ᠋ᠢᠨ ᠣᠨᠢᠭᠠᠷ ᠨᠢᠳᠦ ᠠᠶᠠᠭᠠᠨ ᠤ᠋ ᠴᠢᠨᠡᠭᠡ ᠲᠣᠮᠣᠷᠠᠵᠤ᠂ 
       一 ᠥᠴᠥᠭᠡᠳᠦᠷ ᠣᠷᠣᠢ ᠰᠠᠯᠭᠠᠭᠠᠳ ᠬᠠᠶᠠᠴᠢᠬᠠᠭᠰᠠᠨ ᠬᠥᠯ ᠲᠣᠯᠣᠭᠠᠢ ᠬᠣᠶᠠᠷ ᠨᠡᠢᠯᠡᠭᠡᠳ ᠣᠷᠭᠣᠴᠢᠬᠠᠵᠠᠢ ᠭᠡᠨ᠎ᠡ ᠭᠡᠵᠦ ᠶᠡᠬᠡ ᠳᠠᠭᠤ ᠪᠠᠷ ᠥᠭᠦᠯᠡᠬᠦ ᠳ᠋ᠦ᠍ ᠲᠡᠮᠦᠵᠢᠨ ᠦᠭᠡ ᠶ᠋ᠢᠨ ᠬᠢᠯᠢᠩᠲᠦ ᠬᠠᠷᠠᠴᠠ᠂ ᠪᠦᠯᠵᠢᠭᠡᠨ ᠬᠠᠲᠤᠨ ᠤ᠋ ᠨᠢᠯᠪᠤᠰᠤ ᠲᠠᠢ ᠠᠯᠠᠭ ᠨᠢᠳᠦ ᠵᠢᠷᠤᠰᠬᠢᠨ ᠰᠡᠳᠬᠢᠯ ᠳ᠋ᠦ᠍ ᠦᠵᠡᠭᠳᠡᠵᠦ ᠡᠷᠭᠢᠵᠦ ᠬᠠᠷᠠᠪᠠᠯ᠂ ᠵᠢᠭᠠᠯ ᠨᠣᠶᠠᠨ ᠤ᠋ ᠰᠢᠪᠦᠭᠡ ᠮᠡᠲᠦ ᠬᠠᠷᠠᠴᠠ ᠲᠠᠢ ᠬᠠᠯᠵᠠ ᠮᠥᠷᠭᠥᠯᠳᠦᠪᠡ᠃ ᠦᠵᠡᠰᠬᠦᠯᠡᠩᠲᠦ ᠬᠠᠲᠤᠨ ᠬᠡᠨ ᠢ᠋ ᠴᠦ᠍ ᠪᠤᠰᠤ᠂ ᠭᠠᠭᠴᠠ ᠬᠦ᠌ ᠡᠵᠡᠨ ᠨᠣᠶᠠᠨ ᠤ᠋ ᠪᠠᠨ ᠱᠠᠷᠢᠯ ᠣᠷᠣᠰᠢᠭᠰᠠᠨ ᠬᠠᠳᠠᠲᠤ ᠥᠨᠳᠥᠷ ᠤᠷᠤᠭᠤ ᠪᠦᠭᠦᠳᠡ ᠶ᠋ᠢᠨ ᠲᠣᠯᠣᠭᠠᠢ ᠳᠡᠭᠡᠭᠦᠷ ᠶᠡᠬᠡᠮᠰᠦᠭ ᠬᠠᠷᠠᠴᠠ ᠪᠠᠷ ᠢ᠋ᠶ᠋ᠠᠨ ᠭᠢᠰᠬᠢᠯᠡᠬᠦ ᠠᠵᠢ᠃ ᠲᠡᠭᠦᠨ ᠦ᠌ ᠨᠢᠳᠦᠨ ᠳ᠋ᠦ᠍ ᠲᠩᠷᠢ ᠶ᠋ᠢᠨ ᠬᠥᠮᠦᠨ ᠨᠤᠲᠤᠭ ᠲᠠᠭᠠᠨ ᠣᠴᠢᠭ᠎ᠠ ᠪᠢᠵᠡ ᠭᠡᠬᠦ ᠣᠮᠤᠷᠬᠠᠭᠯᠠᠯ ᠭᠡᠷᠡᠯᠲᠦᠨ ᠪᠠᠢᠯ᠎ᠠ᠃ ᠣᠯᠵᠠᠨ ᠳ᠋ᠤ᠌ ᠬᠡᠳᠦᠢ ᠴᠦ᠍ ᠣᠮᠣᠭ ᠲᠡᠭᠦᠯᠳᠡᠷ ᠪᠠᠢᠶ᠎ᠠ ᠭᠡᠮᠡᠨ ᠪᠠᠲᠤ ᠨᠤᠲᠠ ᠪᠣᠳᠣᠬᠤ ᠳ᠋ᠤ᠌ ᠲᠠᠯᠠᠷᠬᠠᠨ ᠪᠡᠯᠭᠡᠰᠢᠶᠡᠬᠦ ᠮᠡᠲᠦ ᠬᠣᠯᠠ ᠶ᠋ᠢᠨ ᠬᠣᠯᠠ ᠳ᠋ᠤ᠌ ᠬᠦᠯᠦᠭ ᠮᠣᠷᠢᠨ ᠢᠨᠴᠠᠭᠠᠵᠠᠢ᠃ 

               
       ᠬᠦᠯᠦᠭ ᠮᠣᠷᠢᠨ ᠬᠠᠩᠭᠢᠨᠠᠲᠠᠯ᠎ᠠ ᠢᠨᠴᠠᠭᠠᠬᠤ ᠰᠢᠭ᠋ ᠪᠣᠯᠪᠠ᠃ ᠬᠥᠩᠬᠥᠷ ᠬᠣᠷᠴᠢ ᠬᠥᠬᠡ ᠲᠡᠭᠷᠢ ᠶ᠋ᠢᠨ ᠵᠦᠭ ᠵᠢᠭᠦᠷᠯᠡᠨ ᠣᠳᠬᠤ ᠮᠡᠲᠦ ᠠᠯᠤᠰᠯᠠᠨ ᠠᠨᠢᠷᠯᠠᠬᠤ ᠡᠯ᠎ᠡ ᠴᠢᠮᠡᠭᠡ ᠶ᠋ᠢ ᠴᠢᠬᠢ ᠲᠠᠯᠪᠢᠨ ᠬᠡᠰᠡᠭ ᠴᠢᠩᠨᠠᠭᠰᠠᠨ ᠢ᠋ᠶ᠋ᠠᠨ ᠬᠤᠭᠤᠷ ᠤ᠋ᠨ ᠢ᠋ᠶ᠋ᠠᠨ ᠴᠢᠪᠬᠠᠳᠠᠰᠤ ᠶ᠋ᠢ ᠬᠤᠷᠤᠭᠤᠨ ᠤ᠋ ᠪᠠᠨ ᠥᠨᠳᠡᠭᠡ ᠪᠡᠷ ᠠᠶᠠᠷᠬᠠᠨ ᠢᠯᠢᠵᠦ᠂ ᠪᠦᠬᠦ ᠪᠡᠶ᠎ᠡ ᠪᠡᠷ ᠢ᠋ᠶ᠋ᠡᠨ ᠨᠠᠢᠭᠤᠰᠬᠢᠨ ᠬᠥᠪᠴᠢ ᠪᠡᠨ ᠲᠠᠲᠠᠬᠤ ᠳ᠋ᠤ᠌ ᠭᠡᠭᠡᠯᠭᠡᠨ ᠴᠡᠩᠬᠡᠷ ᠠᠶᠠᠯᠭᠤ ᠡᠭᠡᠰᠢᠭᠯᠡᠯ᠎ᠡ᠃ ᠬᠥᠩᠬᠥᠷ ᠬᠣᠷᠴᠢ ᠨᠢᠳᠦ ᠪᠡᠨ ᠬᠠᠭᠠᠰ ᠠᠨᠢᠵᠤ᠂ 
         ᠬᠠᠭᠠᠨ ᠲᠩᠷᠢ ᠡᠴᠢᠭᠡ ᠳᠠᠭᠤᠳᠠᠵᠤ 
         ᠬᠠᠳᠠᠨ ᠭᠡᠷ ᠲᠦ᠍ ᠴᠢᠨᠢ ᠠᠪᠴᠢᠷᠠᠪᠠ 
         ᠬᠠᠨᠠᠨ ᠭᠡᠷ ᠲᠠᠨᠢ ᠦᠯᠡᠳᠡᠪᠡ 
         ᠬᠠᠨ ᠲᠠ ᠠᠮᠤᠭᠤᠯᠠᠩ ᠨᠣᠢᠷᠰᠤ ᠠ᠋! 

         ᠡᠵᠡᠨ ᠲᠩᠷᠢ ᠡᠴᠢᠭᠡ ᠳᠠᠭᠤᠳᠠᠵᠤ 
         ᠡᠩᠭᠡᠷ ᠭᠡᠷ ᠲᠦ᠍ ᠴᠢᠨᠢ ᠠᠪᠴᠢᠷᠠᠪᠠ 
         ᠡᠬᠡᠨᠡᠷ ᠬᠡᠦᠬᠡᠳ ᠲᠠᠨᠢ ᠦᠯᠡᠳᠡᠪᠡ 
         ᠡᠨᠳᠡ ᠪᠡᠨ ᠲᠠ ᠲᠠᠢᠪᠤᠩ ᠨᠣᠢᠷᠰᠤ ᠠ᠋!  

         ᠬᠤᠷᠮᠤᠰᠲᠠ ᠲᠩᠷᠢ ᠡᠴᠢᠭᠡ ᠳᠠᠭᠤᠳᠠᠵᠤ 
         ᠬᠤᠪᠢ ᠵᠠᠶᠠᠭᠠᠨ ᠳ᠋ᠤ᠌ ᠴᠢᠨᠢ ᠠᠪᠴᠢᠷᠠᠪᠠ᠃ 
         ᠬᠤᠷᠢᠶᠠᠭᠰᠠᠨ ᠤᠯᠤᠰ ᠲᠠᠨᠢ ᠦᠯᠡᠳᠡᠪᠡ᠃ 
         ᠬᠤᠲᠤᠭᠲᠤ ᠲᠠ ᠲᠦᠪᠰᠢᠨ ᠨᠣᠢᠷᠰᠤ ᠠ᠋! ᠭᠡᠮᠡᠨ ᠠᠶᠠᠯᠭᠤᠯᠠᠨ ᠤᠩᠰᠢᠨ᠎ᠠ᠃  
       ᠲᠡᠭᠦᠨ ᠦ᠌ ᠤᠷᠢᠳᠤᠬᠢ ᠲᠡᠭᠰᠢᠬᠡᠨ ᠬᠥᠬᠡ ᠬᠠᠳᠠᠨ ᠳᠡᠭᠡᠷ᠎ᠡ ᠴᠡᠷᠺᠢᠯ ᠨᠣᠳᠣᠢ ᠬᠠᠨ ᠤ᠋ ᠱᠠᠷᠢᠯ ᠪᠠᠢᠬᠤ ᠠᠭᠠᠳ ᠬᠥᠬᠡ ᠲᠩᠷᠢ ᠳ᠋ᠦ᠍ ᠬᠠᠷ᠎ᠠ ᠰᠢᠪᠠᠭᠤᠳ ᠭᠤᠨᠢᠭ ᠲᠠᠢ ᠡᠷᠭᠢᠯᠳᠦᠵᠦ ᠪᠠᠢᠯ᠎ᠠ᠃ ᠬᠥᠩᠬᠥᠷ ᠬᠣᠷᠴᠢ ᠡᠢᠨ ᠠᠮᠢ ᠦᠭᠡᠢ ᠴᠣᠭᠴᠠᠰ  ᠲᠤ᠌ ᠠᠢᠯᠠᠳᠬᠠᠯ ᠡᠷᠭᠦᠭᠡᠳ ᠬᠥᠬᠡ ᠲᠩᠷᠢ ᠡᠴᠢᠭᠡ ᠳ᠋ᠦ᠍ᠨᠢ ᠵᠠᠯᠠᠭᠤ ᠬᠠᠨ ᠤ᠋ ᠨᠢᠭᠤᠷ ᠢ᠋ ᠬᠠᠷᠠᠭᠤᠯᠵᠤ ᠦᠰᠦ ᠶ᠋ᠢ ᠨᠢ ᠬᠣᠢᠰᠢᠯᠠᠭᠤᠯᠤᠨ ᠬᠣᠷᠣᠮ ᠬᠢᠷᠢ ᠪᠣᠯᠪᠠ᠃ ᠴᠢᠩᠭᠢᠭᠡᠳ ᠬᠤᠨ ᠬᠤᠭᠤᠷ ᠢ᠋ᠶ᠋ᠠᠨ ᠬᠠᠳᠠ ᠲᠦᠰᠢᠭᠦᠯᠦᠨ ᠲᠠᠯᠪᠢᠵᠤ ᠠᠩᠬᠢᠯᠤᠭᠤᠨ ᠦᠨᠦᠷᠲᠦ ᠠᠷᠴᠠᠨ ᠤ᠋ ᠮᠥᠴᠢᠷ ᠢ᠋ᠶ᠋ᠡᠷ ᠵᠠᠯᠠᠭᠤ ᠬᠠᠨ ᠤ᠋ ᠠᠮᠢ ᠦᠭᠡᠢ ᠪᠡᠶ᠎ᠡ ᠶ᠋ᠢ ᠥᠪᠴᠢ ᠬᠤᠴᠢᠭᠰᠠᠨ ᠢ᠋ᠶ᠋ᠠᠨ᠂ 
       — ᠬᠠᠨᠳᠠᠨ ᠮᠢᠨᠢ᠂ ᠬᠥᠮᠦᠨ ᠲᠥᠷᠥᠯ ᠦ᠋ᠨ ᠵᠠᠶᠢᠭ ᠲᠠᠭᠠᠨ ᠬᠦᠨᠳᠦᠯᠡᠵᠦ ᠲᠠᠨ ᠢ᠋ ᠲᠩᠷᠢ ᠳ᠋ᠦ᠍ ᠦᠳᠡᠰᠦ ᠪᠢ᠃ ᠵᠠᠯᠠᠭᠤ ᠬᠥᠮᠦᠨ ᠦ᠌ ᠣᠮᠣᠭ ᠬᠡᠢ ᠮᠣᠷᠢ ᠳ᠋ᠠᠭᠠᠨ ᠡᠷᠳᠦᠵᠦ ᠵᠦ᠋ᠪᠦ᠋ ᠠᠷᠪᠠᠨ ᠨᠠᠢ᠍ᠮᠠᠨ ᠠᠢᠮᠠᠭ ᠢ᠋ ᠳᠠᠯᠠᠨ ᠳᠡᠭᠡᠷᠡᠮᠳᠡᠵᠦ ᠶᠠᠪᠤᠪᠠ ᠲᠠ᠃ ᠡᠷ᠎ᠡ ᠶ᠋ᠢᠨ ᠶᠣᠰᠣᠭᠠᠷ ᠢᠯᠳᠦ ᠵᠥᠷᠢᠭᠦᠯᠵᠦ ᠡᠰᠡ ᠲᠤᠯᠤᠭᠰᠠᠨ ᠠᠲᠠᠯ᠎ᠠ ᠰᠣᠷᠴᠢᠯᠠᠵᠤ ᠬᠠᠷᠠᠭᠰᠠᠨ ᠡᠷᠡᠴᠦᠦᠯ ᠢ᠋ᠶ᠋ᠡᠨ ᠣᠯᠵᠠᠯᠠᠵᠤ ᠠᠪᠤᠨ ᠠᠯᠲᠠᠨ ᠤᠯᠤᠰ  ᠲᠤ᠌ ᠢᠯᠡᠭᠡᠳᠡᠭ ᠪᠠᠢᠪᠠ ᠲᠠ᠃ ᠬᠦᠴᠦᠷᠬᠡᠭ ᠤᠯᠤᠰ ᠤ᠋ᠨ ᠪᠥᠭᠡᠷᠡᠨ ᠳ᠋ᠦ᠍ ᠠᠮᠢ ᠵᠢᠭᠤᠭᠰᠠᠨ ᠵᠢᠵᠢᠭ ᠠᠢᠮᠠᠭ ᠤ᠋ᠨ ᠠᠷᠭ᠎ᠠ ᠶᠠᠳᠠᠭᠰᠠᠨ ᠵᠠᠮ ᠢ᠋ᠶ᠋ᠠᠷ ᠲᠠ ᠶᠠᠭᠤᠨ ᠳ᠋ᠤ᠌ ᠵᠠᠮᠨᠠᠪᠠ᠃ ᠲᠠᠲ᠋ᠠᠷ ᠠᠢᠮᠠᠭ ᠢ᠋ ᠠᠪᠴᠤ ᠦᠯᠡᠳᠡᠬᠦ ᠪᠤᠰᠤ ᠠᠯᠠᠵᠤ ᠪᠤᠯᠠᠰᠢᠯᠠᠬᠤ ᠵᠠᠮ ᠪᠠᠢᠪᠠ ᠪᠤᠰᠤ ᠤᠤ? ᠭᠡᠮᠡᠨ ᠤᠷᠢ ᠭᠠᠭᠴᠠᠭᠠᠷ ᠥᠭᠦᠯᠡᠬᠦ ᠠᠪᠠᠢ᠃ ᠡᠢᠨ ᠠᠷᠴᠠᠨ ᠤ᠋ ᠨᠣᠭᠣᠭᠠᠨ ᠮᠥᠴᠢᠷ ᠢ᠋ᠶ᠋ᠡᠷ ᠪᠢᠲᠡᠭᠦᠦ ᠬᠤᠴᠢᠭᠰᠠᠨ ᠴᠣᠭᠴᠠᠰ ᠬᠠᠷᠠᠭᠳᠠᠬᠤ ᠦᠭᠡᠢ ᠪᠣᠯᠬᠤ ᠳ᠋ᠤ᠌ ᠰᠠᠶᠢ ᠠᠮᠠ ᠬᠠᠮᠬᠢᠨ᠂ ᠨᠠᠷᠠ ᠵᠥᠪ ᠭᠤᠷᠪᠠ ᠭᠣᠷᠢᠶᠠᠯᠠᠪᠠ᠃ ᠳᠠᠷᠠᠭ᠎ᠠ ᠨᠢ ᠬᠠᠭᠤᠷᠠᠢ ᠱᠤᠷᠭᠠᠭ ᠦᠵᠦᠭᠦᠷ᠂ ᠦᠵᠦᠭᠦᠷ ᠢ᠋ ᠨᠢ ᠲᠦᠰᠢᠭᠦᠯᠦᠨ ᠲᠠᠯᠪᠢᠵᠤ᠂ ᠮᠥᠨᠥᠬᠡᠨ ᠱᠠᠷᠢᠯ ᠳᠡᠭᠡᠷ᠎ᠡ ᠣᠪᠣᠬᠠᠢ ᠮᠡᠲᠦ ᠶ᠋ᠢ ᠪᠣᠰᠬᠠᠯ᠎ᠠ᠃ ᠡᠨᠡ ᠪᠣᠯᠲᠠᠯ᠎ᠠ ᠶᠠᠭᠤ ᠴᠤ᠌ ᠡᠰᠡ ᠳᠤᠤᠭᠠᠷᠴᠠᠢ᠃ ᠭᠠᠭᠴᠠ ᠬᠦ᠌ ᠡᠯ᠎ᠡ ᠪᠤᠶᠠᠨ ᠤ᠋ ᠦᠢᠯᠡ ᠶ᠋ᠢ ᠴᠢᠩ ᠰᠡᠳᠬᠢᠯ ᠡᠴᠡ ᠪᠡᠨ ᠲᠤᠩ ᠣᠢᠭ᠎ᠠ ᠦᠭᠡᠢ ᠦᠢᠯᠡᠳᠴᠦ ᠳᠠᠭᠤᠰᠬᠠᠪᠠ᠃ ᠲᠡᠭᠡᠭᠡᠳ ᠬᠤᠨ ᠬᠤᠭᠤᠷ ᠢ᠋ᠶ᠋ᠠᠨ ᠠᠪᠴᠤ ᠨᠢᠴᠦᠭᠦᠨ ᠬᠡᠦᠬᠡᠳ ᠡᠪᠦᠷ ᠳᠡᠭᠡᠷ᠎ᠡ ᠪᠡᠨ ᠰᠠᠭᠤᠯᠭᠠᠵᠤ ᠪᠠᠢᠭ᠎ᠠ ᠶᠤᠮ ᠰᠢᠭ᠋ ᠡᠪᠲᠡᠢᠬᠡᠨ ᠲᠠᠯᠪᠢᠭᠰᠠᠨ ᠳ᠋ᠤ᠌ ᠠᠶᠠᠷᠬᠠᠨ ᠡᠬᠡᠰᠢᠭ ᠭᠤᠶᠤᠨ ᠬᠤᠭᠤᠷᠳᠠᠵᠤ᠂ 
         ᠬᠠᠭᠠᠨ ᠲᠩᠷᠢ ᠡᠴᠢᠭᠡ ᠶ᠋ᠢᠨ ᠳ᠋ᠦ᠍ ᠣᠴᠢᠬᠤ 
         ᠬᠠᠯᠠᠭᠤᠨ ᠤᠯᠠᠭᠠᠨ ᠬᠦᠯᠦᠭ ᠢ᠋ᠶ᠋ᠡᠨ ᠰᠣᠢᠪᠠ 
         ᠳᠥᠯᠥ ᠴᠣᠷᠣᠯᠵᠠᠭᠰᠠᠨ ᠭᠡᠭᠡᠨ ᠤᠨᠤᠭ᠎ᠠ ᠪᠠᠨ 
         ᠳᠥᠷᠥᠭᠡᠯᠡᠵᠦ ᠬᠠᠢᠷᠠᠯᠠ᠂ ᠬᠠᠨ ᠡᠵᠡᠨ ᠠ᠋ 

         ᠡᠷᠬᠡᠰ ᠲᠩᠷᠢ ᠡᠴᠢᠭᠡ ᠶ᠋ᠢᠨ ᠳ᠋ᠦ᠍ ᠣᠴᠢᠬᠤ 
         ᠡᠷᠳᠡᠨᠢ ᠶ᠋ᠢᠨ ᠭᠠᠯ ᠬᠦᠯᠦᠭ ᠢ᠋ᠶ᠋ᠡᠨ ᠡᠮᠡᠭᠡᠯᠯᠡᠪᠡ 
         ᠣᠴᠢᠰ ᠪᠠᠳᠠᠷᠠᠭᠰᠠᠨ ᠣᠩᠭᠣᠨ ᠤᠨᠤᠭ᠎ᠠ ᠪᠠᠷ 
         ᠣᠭᠲᠠᠷᠭᠤᠢ ᠶ᠋ᠢᠨ ᠣᠷᠣᠨ ᠳ᠋ᠤ᠌ ᠣᠳᠣᠨ ᠰᠣᠶᠣᠷᠬ᠎ᠠ  

         ᠬᠤᠷᠮᠤᠰᠲᠠ ᠲᠡᠭᠷᠢ ᠡᠴᠢᠭᠡ ᠶ᠋ᠢᠨ ᠳ᠋ᠦ᠍ ᠣᠴᠢᠬᠤ 
         ᠬᠤᠷᠳᠤᠨ ᠳᠥᠯᠥ ᠬᠦᠯᠦᠭ ᠢ᠋ᠶ᠋ᠡᠨ ᠬᠠᠵᠠᠭᠠᠷᠯᠠᠪᠠ 
         ᠳᠦᠷᠡᠯᠵᠡᠨ ᠪᠠᠳᠮᠠᠯᠠᠬᠤ ᠭᠡᠭᠡᠨ ᠬᠦᠯᠦᠭ ᠢ᠋ᠶ᠋ᠡᠷ 
         ᠳᠡᠭᠦᠯᠢᠵᠦ ᠰᠣᠶᠣᠷᠬ᠎ᠠ᠂ ᠬᠠᠨ ᠡᠵᠡᠨ᠁ ᠭᠡᠮᠡᠨ ᠵᠠᠯᠠᠭᠤ ᠬᠠᠨ ᠤ᠋ ᠠᠮᠢ ᠦᠭᠡᠢ ᠴᠣᠭᠴᠠᠰ ᠲᠤ᠌ ᠬᠦᠨᠳᠦᠳᠬᠡᠯ ᠦᠵᠡᠭᠦᠯᠵᠦ ᠭᠤᠷᠪᠠᠨᠲᠠ ᠮᠡᠬᠦᠢᠭᠡᠳ᠂ ᠱᠤᠷᠭᠠᠭ ᠤ᠋ᠨ ᠣᠪᠣᠭᠠᠨ ᠤ᠋ ᠶᠣᠵᠣᠭᠣᠷ ᠲᠤ᠌ ᠰᠥᠬᠥᠷᠡᠨ ᠰᠠᠭᠤᠵᠤ ᠴᠠᠬᠢᠭᠤᠷ ᠴᠠᠬᠢᠵᠤ᠂ ᠭᠠᠯ ᠢ᠋ᠶ᠋ᠠᠨ ᠪᠠᠳᠠᠷᠠᠭᠠᠪᠠᠢ᠃ ᠬᠠᠭᠤᠷᠠᠢ ᠮᠥᠴᠢᠷ ᠱᠠᠷᠵᠢᠭᠢᠨᠠᠨ ᠠᠰᠠᠵᠤ ᠵᠠᠯᠠᠭᠤ ᠬᠠᠨ ᠤ᠋ ᠰᠦᠷ ᠰᠦᠯᠳᠡ ᠶ᠋ᠢ ᠰᠠᠨᠠᠭᠤᠯᠬᠤ ᠮᠡᠲᠦ ᠣᠮᠣᠭ ᠲᠠᠢ ᠳᠦᠷᠡᠯᠵᠡᠨ᠂ ᠴᠣᠷᠣᠯᠵᠠᠨ ᠠᠰᠠᠵᠠᠢ᠃ ᠬᠥᠩᠬᠥᠷ ᠬᠣᠷᠴᠢ ᠦᠰᠦ ᠲᠡᠢ ᠳᠡᠪᠡᠯ ᠦ᠋ᠨ ᠢ᠋ᠶ᠋ᠡᠨ ᠡᠪᠦᠷ ᠤᠬᠤᠵᠤ ᠬᠣᠶᠠᠷ ᠨᠢᠭᠡᠨ ᠠᠭᠠᠷᠤᠤᠯ᠂ ᠭᠠᠭᠴᠠ ᠬᠣᠶᠠᠷ ᠡᠭᠡᠵᠡᠭᠡᠢ ᠰᠡᠯᠲᠡ ᠶ᠋ᠢ ᠭᠠᠯ ᠤᠷᠤᠭᠤ ᠰᠢᠳᠡᠯᠡᠨ ᠡᠷᠭᠦᠭᠡᠳ ᠡᠷᠭᠢᠵᠦ ᠬᠠᠷᠠᠯ ᠦᠭᠡᠢ ᠠᠭᠤᠯᠠ ᠶ᠋ᠢᠨ ᠤᠷᠤᠭᠤ ᠪᠤᠰᠢᠭᠤᠬᠠᠨ ᠪᠠᠭᠤᠯ᠎ᠠ᠃ ᠶᠡᠬᠡ ᠬᠠᠳᠠᠨ ᠤ᠋ ᠬᠦᠮᠦᠭ ᠳᠣᠣᠷᠠᠬᠢ ᠭᠠᠭᠴᠠ ᠮᠣᠳᠣᠨ ᠠ᠋ᠴᠠ ᠤᠶᠠᠵᠤ ᠬᠣᠴᠣᠷᠤᠭᠰᠠᠨ ᠵᠣᠭᠳᠣᠷ ᠶᠡᠬᠡᠲᠦ ᠰᠠᠷᠯᠤᠭ ᠢ᠋ᠶ᠋ᠠᠨ ᠤᠨᠤᠨ ᠭᠠᠵᠠᠷ ᠤ᠋ᠨ ᠪᠠᠯ ᠤᠷᠤᠭᠤ ᠴᠢᠯᠠᠭᠤ᠂ ᠰᠢᠷᠣᠢ ᠲᠠᠢ ᠬᠣᠯᠢᠯᠳᠤᠨ ᠪᠦᠮᠪᠤᠷᠢᠴᠢᠬᠦ ᠰᠢᠭ ᠪᠣᠯᠪᠠ᠃ ᠰᠣᠯᠵᠢᠷ ᠡᠪᠡᠷ ᠲᠡᠢ ᠬᠤᠸᠬᠠᠴᠢᠨ ᠰᠠᠷᠯᠤᠭ ᠬᠥᠩᠬᠥᠷ ᠬᠣᠷᠴᠢ ᠳ᠋ᠤ᠌ ᠳᠥᠷᠦᠯᠡᠭᠦᠯᠵᠦ ᠶᠢᠷᠲᠢᠨᠴᠦ ᠶ᠋ᠢ ᠲᠣᠭᠣᠷᠢᠨ ᠠᠯᠳᠠᠭᠰᠠᠨ ᠠᠮᠢᠲᠠᠨ ᠪᠢᠯᠡ᠃ ᠲᠡᠷᠡ ᠪᠡᠷ ᠵᠡᠯᠢᠭᠦᠳ ᠪᠣᠢᠳᠠ ᠬᠠᠳᠠᠨ ᠠᠭᠤᠯᠠᠰ ᠬᠢᠭᠡᠳ ᠡᠲᠡᠭᠡᠳ ᠥᠨᠳᠥᠷ ᠡᠴᠡ ᠰᠠᠪᠰᠠᠨ ᠪᠠᠭᠠᠭᠢᠬᠤ ᠤᠲᠤᠭ᠎ᠠ ᠰᠡᠯᠲᠡ ᠡᠴᠡ ᠦᠷᠭᠦᠭᠰᠡᠨ ᠮᠡᠲᠦ ᠪᠥᠮᠪᠥᠯᠵᠡᠲᠡᠯ᠎ᠡ ᠱᠣᠭᠰᠢᠵᠠᠢ᠃ ᠶᠡᠷᠦ ᠬᠥᠩᠭᠡᠨ ᠬᠥᠯ ᠲᠡᠢ ᠮᠠᠯ ᠶᠤᠮ᠃ ᠬᠥᠩᠬᠥᠷ ᠬᠣᠷᠴᠢ ᠨᠢᠭᠡ ᠶᠡᠬᠡ ᠠᠵᠢᠯ ᠪᠦᠲᠦᠭᠡᠭᠰᠡᠨ ᠮᠡᠲᠦ ᠤᠴᠢᠷ ᠦᠭᠡᠢ ᠲᠠᠢᠪᠤᠰᠢᠷᠠᠵᠤ ᠦᠨᠡᠭᠡᠨ ᠯᠣᠪᠤᠤᠵᠠ ᠪᠠᠨ ᠠᠷᠤ ᠰᠢᠯᠢ ᠤᠷᠤᠭᠤ ᠪᠠᠨ ᠬᠠᠶᠠᠭᠠᠳ᠂ 
         ᠣᠨᠢᠰᠣᠭ᠎ᠠ ᠬᠣᠯᠠ ᠶ᠋ᠢᠨ ᠵᠡᠷᠭᠡᠯᠭᠡ ᠶ᠋ᠢ ᠨᠢ ᠬᠦ 
         ᠪᠠᠷᠢᠨ ᠲᠠᠯᠪᠢᠨ ᠪᠣᠳᠣᠯ᠎ᠠ ᠬᠦ 
         ᠣᠳᠣ ᠲᠠᠢ ᠨᠡᠢᠯᠡᠨ ᠳᠠᠭᠠᠪᠠᠯ ᠬᠥᠭᠡᠷᠦᠬᠦᠢ 
         ᠪᠠᠶᠠᠷ ᠤ᠋ᠨ ᠰᠤᠷᠠᠭ ᠨᠢ ᠬᠣᠭᠣᠰᠣᠨ ᠠ᠋ ᠬᠦ  

         ᠳᠣᠮᠣᠭ ᠠᠯᠤᠰ ᠤ᠋ᠨ ᠮᠠᠨᠠᠨ ᠢ᠋ ᠨᠢ ᠬᠦ  
         ᠪᠠᠷᠢᠨ ᠲᠠᠯᠪᠢᠨ ᠪᠣᠳᠣᠯ᠎ᠠ ᠬᠦ  
         ᠳᠣᠪᠲᠣᠯᠤᠨ ᠣᠴᠢᠭᠠᠳ ᠬᠠᠷᠠᠪᠠᠯ ᠬᠥᠭᠡᠷᠦᠬᠦᠢ 
         ᠪᠠᠷᠯᠤᠭ ᠤ᠋ᠨ ᠵᠠᠶᠠᠭ᠎ᠠ ᠰᠢᠭ᠋ ᠬᠣᠭᠣᠰᠣᠨ ᠠ᠋ ᠬᠦ ᠭᠡᠵᠦ ᠬᠠᠩᠭᠢᠨᠠᠲᠠᠯ᠎ᠠ ᠳᠠᠭᠤᠯᠠᠵᠤ ᠠᠪᠠᠢ᠃ ᠲᠡᠭᠦᠨ ᠦ᠌ ᠦᠰᠦ ᠦᠭᠡᠢ ᠪᠥᠭᠡᠷᠡᠩᠬᠡᠢ ᠲᠣᠯᠣᠭᠠᠢ ᠠ᠋ᠴᠠ ᠠᠭᠤᠷ ᠰᠠᠪᠰᠠᠵᠤ᠂ ᠵᠤᠨ ᠤ᠋ ᠨᠠᠷᠠᠨ ᠳ᠋ᠤ᠌ ᠬᠥᠯᠥᠰᠥ ᠨᠢ ᠪᠥᠩᠵᠢᠭᠡᠨᠡᠨ ᠶᠠᠪᠤᠯ᠎ᠠ᠃ ᠴᠢᠨᠣ᠎ᠠ ᠣᠯᠢᠬᠤ ᠮᠡᠲᠦ ᠤᠷᠲᠤ ᠪᠠᠷ ᠤᠶᠠᠩᠭᠠᠯᠠᠭᠤᠯᠤᠨ ᠱᠤᠷᠠᠩᠬᠠᠢᠯᠠᠬᠤ ᠡᠯ᠎ᠡ ᠳᠠᠭᠤᠤ ᠶ᠋ᠢ ᠲᠦᠷᠢᠵᠦ᠂ ᠳᠠᠪᠠᠭ᠎ᠠ ᠳᠠᠪᠠᠭᠠᠨ ᠤ᠋ ᠴᠢᠨᠠᠳᠤ ᠠ᠋ᠴᠠ ᠰᠤᠷ ᠤ᠋ᠨ ᠤᠤᠬᠠᠢ ᠰᠣᠨᠣᠰᠳᠠᠬᠤ ᠳ᠋ᠤ᠌ ᠬᠥᠩᠬᠥᠷ ᠬᠣᠷᠴᠢ ᠰᠠᠶᠢ ᠰᠠᠨᠠᠬᠤ ᠮᠡᠲᠦ ᠣᠪᠤᠭᠤᠰᠬᠢᠨ ᠰᠠᠷᠯᠤᠭ ᠢ᠋ᠶ᠋ᠠᠨ ᠳᠠᠪᠢᠷᠠᠵᠤ᠂ 
       — ᠴᠢ ᠪᠢᠳᠡ ᠬᠣᠶᠠᠷ ᠮᠠᠷᠲᠠᠭᠰᠠᠨ ᠪᠠᠢᠨ᠎ᠠ᠃ ᠥᠨᠥᠳᠥᠷ ᠴᠢᠨᠢ ᠺᠢᠳᠡᠨ ᠤᠭᠰᠠᠭᠠᠨ ᠤ᠋ ᠶᠧᠯᠢᠦᠢ ᠳᠠᠰᠢ ᠵᠠᠩᠵᠤᠨ ᠤ᠋ ᠲᠦᠭᠡᠭᠡᠯ ᠲᠠᠷᠠᠭᠠᠬᠤ ᠡᠳᠦᠷ ᠪᠣᠯᠤᠨ᠎ᠠ᠃ ᠴᠥᠬᠥ! ᠴᠥᠬᠥ! ᠭᠡᠮᠡᠨ ᠰᠢᠪᠠᠳᠠᠭᠤᠯᠤᠯ᠎ᠠ᠃ ᠰᠣᠯᠵᠢᠷ ᠬᠤᠸᠠᠭᠴᠢᠨ ᠰᠠᠷᠯᠤᠭ ᠴᠤ᠌ ᠡᠵᠡᠨ ᠬᠣᠷᠴᠢ ᠶ᠋ᠢᠨ ᠢ᠋ᠶ᠋ᠡᠨ ᠦᠭᠡ ᠶ᠋ᠢ ᠤᠬᠠᠭᠠᠷᠠᠭᠰᠠᠨ ᠮᠡᠲᠦ ᠤᠯᠠᠭᠠᠨ ᠰᠢᠷᠣᠢ ᠶ᠋ᠢᠨ ᠵᠠᠮ ᠢ᠋ᠶ᠋ᠠᠷ ᠫᠦᠭ ᠫᠦᠭ ᠱᠣᠭᠰᠢᠭᠤᠯᠤᠭᠰᠠᠭᠠᠷ ᠦᠵᠦᠭᠦᠷ ᠲᠦᠷᠦᠭᠦᠦ ᠪᠤᠯᠢᠶᠠᠴᠠᠯᠳᠤᠬᠤ ᠪᠥᠬᠡᠴᠦᠦᠯ ᠭᠠᠷᠴᠤ ᠪᠠᠢᠬᠤ ᠳ᠋ᠤ᠌ ᠨᠠᠭᠠᠳᠤᠮ ᠤ᠋ᠨ ᠲᠠᠯᠠᠪᠠᠢ ᠳ᠋ᠤ᠌ ᠣᠷᠣᠵᠤ ᠢᠷᠡᠪᠡ ᠠ᠋᠃ ᠵᠡᠭᠦᠨ ᠮᠠᠩᠨᠠᠢ ᠳ᠋ᠤ᠌ ᠵᠦ᠋ᠪᠦ᠋ ᠠᠷᠪᠠᠨ ᠨᠠᠢ᠍ᠮᠠᠨ ᠠᠢᠮᠠᠭ ᠲᠠᠭᠠᠨ ᠪᠣᠰᠤᠭ᠎ᠠ ᠭᠡᠮᠡᠨ ᠭᠠᠢᠬᠠᠭᠳᠠᠬᠤ ᠮᠡᠷᠭᠢᠳ ᠦ᠋ᠨ ᠲᠤᠯᠴᠤ ᠪᠥᠬᠡ ᠲᠠᠪᠢᠨ ᠰᠢᠪᠡᠵᠦ ᠪᠠᠢᠯ᠎ᠠ᠃ ᠪᠡᠶᠡᠷᠬᠡᠦ ᠡᠷ᠎ᠡ ᠶ᠋ᠢᠨ ᠭᠠᠷ ᠠᠰᠠᠷ ᠤ᠋ᠨ ᠳᠡᠭᠡᠭᠦᠷ ᠭᠢᠯᠠᠯᠵᠠᠵᠤ᠂ ᠨᠣᠭᠲᠣᠯᠠᠵᠤ ᠪᠣᠭᠣᠭᠰᠠᠨ ᠲᠣᠮᠣ ᠬᠠᠷ᠎ᠠ ᠭᠤᠲᠤᠯ ᠤ᠋ᠨ ᠬᠢᠨᠢ ᠣᠯᠠᠨ ᠳᠣᠣᠷ᠎ᠠ ᠠ᠋ᠴᠠ ᠤᠯᠠᠭᠠᠨ ᠲᠣᠭᠣᠰᠣ ᠫᠣᠷ ᠫᠣᠷ ᠫᠣᠷᠬᠢᠵᠤ ᠪᠠᠢᠪᠠ᠃ ᠲᠡᠷᠡ ᠪᠡᠷ ᠳᠡᠪᠢᠬᠦ ᠨᠢ ᠬᠠᠨ ᠭᠠᠷᠤᠳᠢ ᠰᠢᠭ᠋᠂ ᠰᠢᠪᠠᠬᠤ ᠨᠢ ᠵᠤᠭᠳᠤᠷᠲᠤ ᠬᠠᠷ᠎ᠠ ᠠᠷᠰᠯᠠᠨ ᠰᠢᠭ᠋ ᠰᠦᠷ ᠲᠡᠢ ᠡᠷ᠎ᠡ ᠶᠦᠮ᠃ ᠥᠭᠡᠳᠡ ᠡᠴᠡ ᠨᠢ ᠦᠷᠦᠬᠦ ᠬᠣᠲᠣᠯᠠ ᠨᠣᠶᠠᠨ ᠮᠥᠷᠥ ᠪᠡᠷ ᠨᠢ ᠲᠠᠲᠠᠬᠤ ᠠᠵᠢ᠃ ᠭᠡᠲᠡᠯ᠎ᠡ ᠮᠥᠨᠥᠬᠡᠨ ᠬᠥᠩᠬᠥᠷ ᠬᠣᠷᠴᠢ ᠬᠠᠪᠤᠯ ᠬᠠᠭᠠᠨ ᠤ᠋ ᠬᠣᠲᠣᠯᠠ ᠨᠣᠶᠠᠨ ᠤ᠋ ᠮᠥᠷᠥ ᠪᠡᠷ ᠲᠠᠲᠠᠬᠤ ᠪᠥᠯᠥᠭᠡ᠃ ᠲᠤᠯᠴᠤ ᠪᠥᠬᠡ ᠪᠠᠷᠢᠴᠠ ᠣᠯᠵᠤ ᠠᠪᠬᠤ ᠪᠠᠷ ᠵᠣᠷᠢᠮᠠᠭ ᠬᠠᠯᠢᠨ ᠲᠡᠪᠰᠢᠯᠡᠵᠦ᠂ ᠬᠥᠪᠡᠭᠦᠨ ᠬᠣᠲᠣᠯᠠ ᠨᠣᠶᠠᠨ ᠬᠠᠷᠴᠠᠭᠠᠢ ᠳ᠋ᠤ᠌ ᠬᠥᠭᠡᠭᠡᠭᠳᠡᠭᠰᠡᠨ ᠪᠣᠯᠵᠣᠮᠣᠷ ᠮᠡᠲᠦ ᠵᠢᠭᠤᠲᠠᠵᠤ ᠪᠠᠢᠪᠠ᠃ ᠶᠡᠬᠡ ᠨᠠᠭᠠᠳᠤᠮ ᠤ᠋ᠨ ᠠᠮᠲᠠᠨ ᠳ᠋ᠤ᠌ ᠣᠷᠣᠭᠰᠠᠨ ᠬᠥᠮᠦᠨ ᠵᠤᠨ ᠪᠦᠬᠦᠨ ᠢ᠋ ᠮᠠᠷᠲᠠᠨ ᠮᠡᠯᠡᠷᠡᠵᠡᠢ᠃ ᠡᠯ᠎ᠡ ᠣᠯᠠᠨ ᠤ᠋ ᠳᠤᠮᠳᠠ ᠶᠡᠷᠦ ᠥᠴᠥᠭᠡᠳᠦᠷᠬᠡᠨ ᠶᠣᠰᠣᠯᠠᠭᠰᠠᠨ ᠡᠷ᠎ᠡ ᠪᠡᠨ ᠴᠠᠭᠠᠵᠠ ᠪᠠᠷ ᠠᠪᠬᠠᠭᠤᠯᠤᠭᠰᠠᠨ ᠭᠤᠸ᠎ᠠ ᠬᠠᠲᠤᠨ ᠪᠠᠢᠨ ᠪᠠᠢᠨ ᠤᠷᠤᠭᠤᠯ ᠢ᠋ᠶ᠋ᠠᠨ ᠵᠢᠯᠡᠮᠳᠡᠨ ᠨᠢᠳᠦ ᠦᠯᠦ ᠴᠠᠪᠴᠢᠨ ᠪᠥᠬᠡ ᠰᠢᠷᠲᠡᠵᠦ ᠵᠣᠭᠰᠣᠪᠠ᠃ ᠬᠥᠩᠬᠥᠷ ᠬᠣᠷᠴᠢ《᠁ ᠬᠡᠩ᠂ ᠮᠥᠨ ᠠᠷᠢᠯᠴᠢᠬᠠᠭᠰᠠᠨ ᠳᠣᠲᠣᠷ ᠲᠠᠢ ᠠᠮᠢᠲᠠᠨ ᠠ᠋! ᠳᠣᠯᠣᠭᠠᠨ ᠡᠷᠳᠡᠨᠢ ᠶ᠋ᠢᠨ ᠨᠢᠭᠡ ᠨᠢ ᠡᠢᠮᠦ ᠪᠠᠢᠬᠤ ᠳ᠋ᠤ᠌ ᠲᠠᠲ᠋ᠠᠷ ᠤ᠋ᠨ ᠲᠥᠷᠥ ᠶᠠᠭᠠᠬᠢᠵᠤ ᠥᠭᠡᠳᠡᠯᠡᠬᠦ ᠪᠣᠢ》 ᠭᠡᠮᠡᠨ ᠰᠡᠵᠢᠭᠯᠡᠵᠦ ᠪᠣᠳᠣᠭᠰᠠᠨ ᠢ᠋ᠶ᠋ᠠᠨ《᠁ ᠪᠠᠢᠵᠠ᠂ ᠪᠠᠢᠵᠠ》 ᠭᠡᠮᠡᠨ ᠠᠬᠢᠭᠤᠯᠤᠨ ᠬᠠᠷᠠᠯ᠎ᠠ᠃ ᠬᠠᠲᠤᠨ ᠤ᠋ ᠭᠠᠷ ᠭᠠᠪᠠ ᠲᠠᠢ ᠠᠭᠠᠳ ᠲᠣᠭᠲᠠᠭᠤᠨ ᠠᠵᠢᠪᠠᠯ ᠪᠡᠶ᠎ᠡ ᠪᠡᠶ᠎ᠡ ᠪᠡᠨ ᠬᠠᠯᠠᠵᠤ ᠬᠥᠭᠡᠭᠡᠬᠦ ᠪᠥᠬᠡ ᠶ᠋ᠢ ᠪᠤᠰᠤ᠂ ᠡᠩᠭᠡᠷ ᠡᠴᠡ ᠨᠢ ᠤᠲᠤᠭ᠎ᠠ ᠤᠭᠤᠭᠢᠬᠤ ᠶᠡᠬᠡ ᠡᠯᠢᠭᠡᠨ ᠠᠭᠤᠯᠠᠰ ᠢ᠋ ᠰᠢᠷᠳᠡᠨ ᠰᠢᠷᠳᠡᠨ ᠪᠠᠢᠪᠠ᠃ ᠬᠥᠬᠡ ᠰᠦᠮᠪᠦᠷ ᠣᠷᠭᠢᠯ ᠤ᠋ᠨ ᠡᠩᠭᠡᠷ ᠡᠴᠡ ᠲᠣᠰᠣ ᠲᠠᠢ ᠬᠠᠷ᠎ᠠ ᠰᠤᠷ ᠡᠷᠴᠢᠯᠡᠬᠦ ᠰᠢᠭ ᠨᠠᠷᠢᠬᠠᠨ ᠬᠠᠷ᠎ᠠ ᠤᠲᠤᠭ᠎ᠠ ᠣᠯᠤᠭᠠᠢᠳᠠᠨ ᠵᠠᠮᠬᠠᠷᠠᠵᠤ ᠪᠠᠢᠯ᠎ᠠ᠃ ᠴᠢᠩᠭᠢᠲᠡᠯ᠎ᠡ ᠬᠣᠷᠮᠣᠢᠳᠠᠨ ᠳᠠᠭᠠᠬᠤ ᠵᠢᠭᠠᠯ ᠨᠣᠶᠠᠨ ᠬᠠᠲᠤᠨ ᠢᠵᠢᠢ ᠶ᠋ᠢᠨ ᠢ᠋ᠶ᠋ᠡᠨ ᠭᠠᠪᠠ ᠲᠠᠢ ᠭᠠᠷ ᠠ᠋ᠴᠠ ᠳᠤᠭᠲᠤᠷᠤᠨ ᠨᠢᠭᠡ ᠶ᠋ᠢ ᠰᠢᠯᠭᠠᠭᠠᠪᠠ᠃ ᠬᠠᠲᠤᠨ ᠬᠦᠦ ᠶ᠋ᠢᠨ ᠢ᠋ᠶ᠋ᠡᠨ ᠳᠤᠬᠤᠨ ᠳᠡᠭᠡᠷ᠎ᠡ ᠦᠨᠦᠷᠯᠡᠵᠦ ᠨᠢᠭᠡ ᠶ᠋ᠢ ᠬᠡᠯᠡᠬᠦ ᠳ᠋ᠦ᠍ ᠠᠷᠤ ᠳ᠋ᠤᠨᠢ ᠵᠣᠭᠰᠣᠵᠤ ᠠᠭᠰᠠᠨ ᠢᠯᠳᠦ ᠲᠡᠢ ᠴᠡᠷᠢᠭ ᠬᠠᠲᠤᠨ ᠤ᠋ ᠪᠤᠯᠪᠠᠷᠠᠢ ᠮᠥᠷᠦᠨ ᠡᠴᠡ ᠵᠡᠷᠯᠢᠭ ᠲᠦᠷᠢᠮᠡᠬᠡᠢ ᠳᠤᠭᠲᠤᠴᠢᠨ ᠲᠠᠭᠤᠭᠠᠳ ᠠᠪᠴᠤ ᠣᠳᠤᠯ᠎ᠠ᠃ ᠬᠥᠩᠬᠥᠷ ᠬᠣᠷᠴᠢ ᠶ᠋ᠢᠨ ᠬᠠᠷᠠᠭ᠎ᠠ ᠭᠦᠢᠴᠡᠭᠰᠡᠨ ᠦᠭᠡᠢ᠂ ᠣᠯᠠᠨ ᠤ᠋ ᠳᠤᠮᠳᠠ ᠠᠭᠤᠰᠤᠨ ᠳᠠᠯᠳᠠ ᠣᠷᠣᠵᠠᠢ᠃ ᠡᠨᠡ ᠦᠶᠡᠰ ᠠᠮᠢᠰᠬᠤᠭ᠎ᠠ ᠳᠠᠷᠤᠨ ᠰᠠᠭᠤᠭᠰᠠᠨ ᠨᠠᠭᠠᠳᠤᠮᠴᠢ ᠣᠯᠠᠨ ᠳᠡᠯᠪᠡᠷᠡᠬᠦ ᠮᠡᠲᠦ ᠨᠢᠷ ᠬᠢᠨ ᠳᠠᠭᠤ ᠠᠯᠳᠠᠵᠤ᠂ ᠲᠡᠷᠡ ᠰᠠᠴᠠᠭᠤ ᠪᠥᠬᠡ ᠶ᠋ᠢᠨ ᠲᠠᠯᠠᠪᠠᠢ ᠳ᠋ᠤ᠌ ᠤᠯᠠᠭᠠᠨ ᠲᠣᠭᠣᠰᠣ ᠲᠠᠲᠠᠭᠠᠳ ᠶᠠᠪᠤᠴᠢᠬᠠᠵᠠᠢ᠃ ᠲᠡᠷᠡ ᠬᠦ᠌ ᠮᠠᠨᠠᠷᠠᠨ ᠪᠣᠰᠤᠭᠰᠠᠨ ᠤᠯᠠᠭᠠᠨ ᠮᠠᠨᠠᠨ ᠳᠤᠮᠳᠠ ᠬᠡᠨ ᠳᠠᠪᠠᠵᠤ᠂ ᠬᠡᠨ ᠡᠪᠦᠳᠦᠭ ᠰᠢᠷᠣᠢᠳᠠᠭᠰᠠᠨ ᠨᠢ ᠡᠰᠡ ᠮᠡᠳᠡᠭᠳᠡᠨ ᠬᠣᠷᠣᠮ ᠬᠢᠷᠢ ᠪᠣᠯᠤᠭᠰᠠᠨ ᠢ᠋ᠶ᠋ᠠᠨ ᠬᠤᠨ ᠤ᠋ ᠥᠲᠥᠨ ᠭᠡᠴᠢᠷ ᠲᠡᠢ ᠬᠤᠰᠤᠨ ᠴᠠᠭᠠᠨ ᠰᠤᠮᠤ ᠮᠡᠲᠦ ᠬᠣᠲᠣᠯᠠ ᠨᠣᠶᠠᠨ ᠲᠠᠪᠢᠨ ᠲᠠᠪᠢᠨ ᠭᠠᠷᠴᠤ ᠢᠷᠡᠬᠦ ᠳ᠋ᠦ᠍ ᠬᠤᠷᠠᠭᠰᠠᠨ ᠣᠯᠠᠨ ᠳᠦᠷᠬᠢᠷᠡᠨ ᠬᠤᠷᠤᠢᠯᠠᠪᠠ᠃ 
       — ᠬᠣᠲᠣᠯᠠ᠁ ᠬᠣᠲᠣᠯᠠ᠁ ᠬᠣᠲᠣᠯᠠ᠁ ᠭᠡᠮᠡᠨ ᠠᠮᠠ ᠠᠮᠠᠨ ᠳ᠋ᠠᠭᠠᠨ ᠬᠠᠰᠬᠢᠷᠤᠯᠳᠤᠬᠤ ᠣᠯᠠᠨ ᠤ᠋ ᠳᠤᠮᠳᠠᠭᠤᠷ ᠭᠦᠶᠦᠨ ᠬᠦᠷᠴᠦ᠂ ᠠᠰᠠᠷ ᠤ᠋ᠨ ᠬᠣᠢᠮᠣᠷ ᠬᠠᠩᠬᠠᠢᠨ ᠰᠠᠭᠤᠬᠤ ᠬᠠᠪᠤᠯ ᠬᠠᠭᠠᠨ ᠤ᠋ ᠡᠮᠦᠨ᠎ᠡ ᠰᠥᠭᠥᠳᠦᠨ᠂ ᠵᠣᠳᠣᠭ ᠢ᠋ᠶ᠋ᠠᠨ ᠲᠠᠢᠯᠬᠤ ᠳ᠋ᠤ᠌ ᠬᠥᠯ ᠦ᠋ᠨ ᠴᠡᠴᠡ ᠶ᠋ᠢᠨ ᠡᠪᠦᠭᠡᠨ ᠨᠣᠶᠠᠨ ᠬᠡᠰᠢᠭ ᠦ᠋ᠨ ᠪᠣᠭᠣᠷᠰᠣᠭ ᠳᠦᠭᠦᠷᠡᠩ ᠬᠢᠵᠦ ᠥᠭᠭᠦᠯ᠎ᠡ᠃ ᠬᠠᠪᠤᠯ ᠬᠠᠭᠠᠨ ᠤ᠋ ᠬᠠᠷ᠎ᠠ ᠨᠢᠳᠦ᠂ ᠴᠠᠭᠠᠨ ᠬᠥᠮᠥᠰᠬᠡ ᠳᠣᠣᠷ᠎ᠠ ᠠ᠋ᠴᠠ ᠴᠣᠭ ᠵᠢᠪᠬᠤᠯᠠᠩ ᠲᠠᠢ ᠭᠢᠯᠠᠯᠵᠠᠵᠤ᠂ 
       — ᠡᠷ᠎ᠡ ᠬᠥᠮᠦᠨ ᠬᠦ᠁ ᠭᠤᠷᠪᠠᠨ ᠮᠡᠷᠭᠢᠳ ᠲᠦ᠍ ᠪᠥᠬᠡ ᠶ᠋ᠢᠨ ᠲᠦᠷᠦᠭᠦᠦ ᠠᠯᠳᠠᠭᠰᠠᠨ ᠦᠭᠡᠢ ᠰᠢᠦ ᠭᠡᠮᠡᠨ ᠤᠷᠮ᠎ᠠ ᠪᠠᠷ ᠱᠠᠩᠨᠠᠪᠠ᠃ ᠬᠣᠲᠣᠯᠠ ᠳᠠᠪᠠᠭᠰᠠᠨ ᠪᠥᠬᠡ ᠶ᠋ᠢᠨ ᠬᠡᠰᠢᠭ ᠦ᠋ᠨ ᠪᠣᠭᠣᠷᠰᠣᠭ ᠰᠠᠴᠤᠯᠠᠨ ᠭᠦᠶᠦᠵᠦ ᠶᠠᠪᠤᠭᠰᠠᠨ ᠢ᠋ᠶ᠋ᠠᠨ ᠨᠢᠭᠡᠨ ᠭᠤᠨᠢᠭᠲᠤ ᠬᠠᠷᠠᠴᠠ ᠲᠠᠢ ᠮᠥᠷᠭᠥᠯᠳᠦᠨ ᠶᠠᠭ ᠵᠣᠭᠰᠣᠪᠠ᠃ ᠲᠡᠷᠡ ᠬᠦ᠌ ᠨᠢᠯᠪᠤᠰᠤ ᠲᠠᠢ ᠨᠢᠳᠦ ᠲᠡᠭᠦᠨ ᠢ᠋ ᠴᠣᠬᠢᠭᠠᠳ ᠠᠪᠬᠤ ᠰᠢᠭ᠋ ᠪᠣᠯᠵᠠᠢ᠃ ᠪᠦᠯᠵᠢᠭᠡᠨ ᠭᠤᠸ᠎ᠠ ᠬᠠᠲᠤᠨ ᠤᠷᠤᠭᠤ ᠬᠣᠶᠠᠷ ᠨᠢᠭᠡᠨ ᠪᠣᠭᠣᠷᠰᠣᠭ ᠰᠢᠳᠡᠬᠦ ᠳ᠋ᠦ᠍ ᠭᠠᠷ ᠨᠢ ᠲᠣᠰᠴᠤ ᠠᠪᠬᠤ ᠪᠠᠷ ᠰᠠᠷᠪᠠᠭᠠᠰᠬᠢᠬᠰᠡᠨ ᠪᠣᠯᠪᠠᠴᠤ ᠠᠮᠵᠢᠯ ᠪᠣᠯᠤᠭᠰᠠᠨ ᠦᠭᠡᠢ᠃ ᠭᠠᠪᠠ ᠭᠢᠨᠵᠢ ᠬᠠᠩᠭᠢᠷ ᠵᠢᠩᠭᠢᠷ ᠬᠢᠨ ᠦᠯᠡᠳᠡᠵᠡᠢ᠃ ᠬᠣᠲᠣᠯᠠ ᠶ᠋ᠢᠨ ᠪᠠᠶᠠᠷ ᠪᠠᠶᠠᠰᠬᠤᠯᠠᠩ ᠦᠭᠡᠢ ᠪᠣᠯᠪᠠ᠃ ᠴᠢᠮᠡᠭᠡ ᠦᠭᠡᠢ ᠬᠠᠷᠠᠵᠤ ᠬᠠᠷᠠᠵᠤ ᠫᠣᠳ ᠫᠣᠳ ᠬᠢᠨ ᠨᠢᠯᠪᠤᠰᠤ ᠮᠡᠲᠦ  ᠳᠤᠰᠤᠯᠠᠬᠤ ᠪᠣᠭᠣᠷᠰᠣᠭ ᠢ᠋ᠶ᠋ᠠᠨ ᠰᠠᠴᠤᠯᠠᠨ ᠬᠥᠯ ᠦ᠋ᠨ ᠴᠡᠴᠡ ᠤᠷᠤᠭᠤ ᠭᠦᠶᠦᠵᠡᠢ᠃ ᠡᠨᠡ ᠪᠦᠭᠦᠳᠡ ᠶ᠋ᠢ ᠭᠢᠷᠠᠬᠠᠢ ᠠᠵᠢᠵᠤ ᠰᠠᠭᠤᠭᠰᠠᠨ ᠶᠧᠯᠢᠦᠢ ᠳᠠᠰᠢ᠂ 
       — ᠭᠤᠷᠪᠠᠨ ᠨᠠᠭᠠᠳᠤᠮ ᠲᠠᠨ ᠤ᠋ ᠪᠣᠯᠪᠠ ᠠ᠋ ᠭᠡᠯ᠎ᠡ᠃ ᠬᠠᠪᠤᠯ ᠬᠠᠭᠠᠨ ᠲᠠᠰᠢᠶᠠᠯᠳᠤᠨ ᠴᠡᠭᠡᠵᠢ ᠪᠡᠷ ᠢ᠋ᠶ᠋ᠡᠨ ᠬᠠᠭᠠᠰ ᠡᠷᠭᠢᠵᠦ ᠬᠠᠷᠠᠭᠰᠠᠨ ᠢ᠋ᠶ᠋ᠠᠨ᠂ 
       — ᠨᠣᠶᠠᠨ ᠲᠠ ᠶᠠᠭᠤ ᠶᠠᠷᠢᠨ᠎ᠠ? ᠪᠢ ᠴᠢᠨᠢ ᠳᠥᠷᠪᠡᠨ ᠨᠠᠭᠠᠳᠤᠮ ᠠᠪᠴᠢᠬᠠᠭᠠᠳ ᠪᠠᠢᠨ᠎ᠠ ᠰᠢᠦ ᠳᠡ ᠭᠡᠪᠡᠯ ᠶᠧᠯᠢᠦᠢ ᠳᠠᠰᠢ ᠭᠦᠶᠦᠬᠦ ᠤᠬᠠᠭᠠᠨ ᠲᠠᠢ ᠬᠥᠮᠦᠨ ᠲᠤᠯᠠᠳᠠ ᠪᠠᠨ ᠦᠭᠡ ᠶ᠋ᠢᠨ ᠣᠴᠢᠭ ᠢ᠋ ᠰᠦᠷᠡᠬᠡᠢ ᠲᠡᠮᠲᠡᠷᠢᠵᠦ᠂ 
       — ᠨᠡᠭᠡᠷᠡᠨ ᠲᠠ ᠴᠢᠨᠢ ᠨᠠᠮᠠᠶ᠋ᠢ ᠳᠠᠪᠠᠭᠰᠠᠨ ᠯᠠ ᠳᠠ ᠭᠡᠳ ᠶᠠᠭᠤ ᠴᠣ ᠪᠣᠯᠤᠭ᠎ᠠ ᠦᠭᠡᠢ ᠮᠡᠲᠦ ᠢᠨᠢᠶᠡᠪᠬᠢᠯᠡᠪᠡ᠃ ᠨᠡᠭᠡᠷᠡᠨ ᠯᠡ ᠶᠧᠯᠢᠦᠢ ᠳᠠᠰᠢ ᠡᠪᠦᠭᠡᠨ ᠬᠠᠪᠤᠯ ᠳ᠋ᠤ᠌ ᠨᠡᠭᠦᠳᠡᠯ ᠠᠯᠲᠠᠨ ᠬᠣᠵᠢᠭᠳᠠᠵᠤ᠂ ᠥᠷᠥᠨ᠎ᠡ ᠵᠦᠭ ᠲᠦ᠍ ᠨᠡᠭᠦᠬᠦ ᠡᠴᠡ ᠥᠭᠡᠷ᠎ᠡ ᠦᠭᠡ ᠦᠭᠡᠢ ᠱᠠᠯᠠᠭᠠᠨ  ᠳ᠋ᠤ᠌ ᠣᠷᠣᠴᠢᠬᠠᠭᠠᠳ ᠪᠠᠢᠭ᠎ᠠ ᠪᠢᠯᠡ᠃ ᠭᠡᠪᠡᠴᠦ ᠨᠢᠭᠡᠨᠲᠡ ᠠᠯᠳᠠᠭᠰᠠᠨ ᠪᠤᠲᠠ᠂ ᠠᠯᠳᠠᠭᠰᠠᠨ ᠪᠣᠳᠣᠯ ᠳ᠋ᠤ᠌ ᠬᠠᠷᠠᠮᠰᠠᠭᠠᠳ ᠪᠠᠢᠬᠤ ᠴᠠᠭ ᠪᠤᠰᠤ ᠲᠤᠯᠠ ᠣᠪᠰᠣᠭ᠎ᠠ ᠭᠠᠷᠭᠠᠨ ᠰᠠᠮᠪᠠᠭᠠᠴᠢᠯᠠᠵᠤ ᠮᠥᠩᠭᠥᠨ ᠲᠣᠨᠣᠭ ᠲᠠᠢ ᠰᠢᠷᠢᠨ ᠪᠦᠰᠡ ᠪᠡᠨ ᠲᠠᠢᠯᠤᠨ ᠬᠣᠲᠣᠯᠠ ᠶ᠋ᠢᠨ ᠭᠠᠷ ᠳᠡᠭᠡᠷ᠎ᠡ ᠲᠠᠯᠪᠢᠭᠠᠳ᠂ 
       — ᠤᠯᠠᠮ ᠰᠠᠢᠨ ᠪᠠᠷᠢᠯᠳᠤᠭᠠᠷᠠᠢ! ᠭᠡᠪᠡ᠃ ᠬᠤᠷᠠᠭᠰᠠᠨ ᠣᠯᠠᠨ ᠪᠦᠰᠡ ᠰᠣᠯᠢᠯᠴᠠᠵᠤ ᠠᠬ᠎ᠠ ᠳᠡᠭᠦᠦ ᠪᠣᠯᠤᠯᠴᠠᠪᠠ ᠭᠡᠵᠦ ᠪᠣᠳᠣᠭᠰᠠᠨ ᠶᠠᠩᠵᠤ ᠲᠠᠢ ᠬᠤᠷᠤᠢᠯᠠᠨ ᠠᠵᠢ᠃ 
       — ᠲᠠ ᠴᠦ᠍ ᠰᠠᠢᠬᠠᠨ ᠬᠦᠦ ᠨᠤᠭᠦᠳ ᠲᠡᠢ ᠶᠦᠮ ᠠ᠋᠃ 
       —《ᠪᠦᠷ ᠴᠦ᠍ ᠰᠠᠢᠬᠠᠨ ᠬᠦᠦ ᠪᠠᠢᠭᠰᠠᠨ ᠶᠤᠮ ᠠ᠋》 ᠭᠡᠵᠦ ᠠᠮᠢᠳᠤ ᠠ᠋ᠴᠠ ᠨᠢ ᠢᠯᠡᠭᠦᠦ ᠦᠬᠦᠭᠰᠡᠨ ᠢ᠋ᠶ᠋ᠡᠨ ᠦᠭᠡᠢᠯᠡᠨ ᠰᠢᠮᠰᠢᠷᠡᠬᠦ ᠳ᠋ᠦ᠍ ᠡᠪᠦᠭᠡᠨ ᠬᠠᠭᠠᠨ ᠤ᠋ ᠰᠠᠮᠰᠠ ᠱᠠᠷᠬᠢᠷᠠᠵᠤ᠂ ᠪᠤᠭᠤᠷᠤᠯ ᠬᠥᠮᠥᠰᠬᠡ ᠨᠢ ᠴᠡᠴᠡᠷᠭᠡᠨᠡᠨ᠂ 
       — ᠪᠠᠢᠭ᠂ ᠲᠦᠢ! ᠲᠦᠢ! ᠭᠡᠯ᠎ᠡ᠃ ᠬᠠᠲᠠᠭᠠᠨ ᠬᠦᠦ ᠳ᠋ᠡᠭᠡᠨ ᠬᠠᠢᠷᠠᠲᠠᠢ ᠶᠠᠪᠤᠭᠰᠠᠨ ᠶᠤᠮ ᠠ᠋᠃ 
       — ᠢᠷᠡᠭᠦᠯ ᠳ᠋ᠦ᠍ ᠥᠬᠢᠨᠪᠠᠷᠬᠠᠭ ᠪᠣᠰᠤᠭ᠎ᠠ ᠦᠯᠡᠳᠡᠪᠡ᠃ ᠲᠡᠭᠦᠨ ᠦ᠌ ᠰᠡᠯᠡᠮ᠎ᠡ ᠳᠠᠭᠠᠭᠠᠯᠭᠠᠬᠤ᠂ᠵᠢᠳᠠ ᠴᠢᠴᠢᠯᠡᠬᠦ ᠡᠷᠳᠡᠮ ᠬᠣᠣᠰ ᠦᠭᠡᠢ ᠶᠦᠮ᠃ ᠪᠢ ᠶᠠᠳᠠᠵᠤ ᠭᠤᠴᠢᠨ ᠡᠢᠮᠦ ᠴᠡᠷᠢᠭ ᠲᠡᠢ ᠪᠠᠢᠭᠰᠠᠨ ᠪᠣᠯᠤᠭᠠᠰᠠᠢ ᠭᠡᠵᠦ ᠶᠸᠯᠢᠣᠢ ᠳᠠᠰᠢ ᠠᠳᠬᠠᠬᠤ ᠳ᠋ᠤ᠌ ᠬᠠᠪᠤᠯ ᠬᠠᠨ ᠴᠠᠭᠠᠨ ᠰᠠᠬᠠᠯ ᠢ᠋ᠶ᠋ᠠᠨ ᠠᠭᠠᠵᠢᠭᠤ ᠰᠢᠪᠲᠤᠷᠠᠨ᠂ 
       — ᠥᠷᠥᠨᠡᠲᠦ ᠶ᠋ᠢᠨ ᠡᠷᠡᠰ ᠢ᠋ ᠲᠡᠩᠬᠡᠭᠡᠯᠢᠭ ᠭᠡᠵᠦ ᠪᠢ ᠲᠤᠭᠤᠯᠤᠭᠰᠠᠨ ᠶᠤᠮ ᠪᠠᠢᠨ᠎ᠠ ᠬᠡᠮᠡᠵᠡᠢ᠃ ᠶᠸᠯᠢᠣᠢ ᠳᠠᠰᠢ ᠴᠢᠮᠡᠭᠡ ᠦᠭᠡᠢ ᠢᠨᠢᠶᠡᠭᠰᠡᠨ ᠢ᠋ᠶ᠋ᠡᠨ᠂ 
       — ᠪᠠᠰᠠ ᠮᠡᠷᠭᠡᠨ ᠬᠠᠷᠪᠤᠭ᠎ᠠ ᠶ᠋ᠢ ᠲᠠ ᠠᠪᠤᠯ᠎ᠠ᠃ ᠲᠠᠨ ᠤ᠋ ᠬᠦᠦ ᠪᠠᠷᠠᠳᠠᠨᠪᠠᠭᠠᠲᠤᠷ ᠤ᠋ᠨ ᠲᠠᠲᠠᠯᠲᠠ᠂ ᠲᠠᠯᠪᠢᠯᠲᠠ ᠶ᠋ᠢ ᠬᠠᠷᠠᠭᠰᠠᠨ ᠪᠢᠵᠡ? ᠪᠢ ᠡᠢᠮᠦ ᠴᠡᠷᠢᠭ ᠲᠡᠢ ᠪᠣᠯ᠁ ᠭᠡᠰᠡᠨ ᠢ᠋ᠶ᠋ᠡᠨ ᠬᠡᠯᠡ ᠪᠡᠨ ᠬᠠᠵᠠᠨ ᠴᠢᠮᠡᠭᠡ ᠲᠠᠰᠤᠷᠠᠪᠠ᠃ ᠬᠠᠮᠤᠭ ᠮᠣᠩᠭᠣᠯ ᠤ᠋ᠨ ᠬᠠᠭᠠᠨ ᠬᠠᠪᠤᠯ ᠬᠠᠷᠢᠭᠤ ᠬᠡᠯᠡᠭᠰᠡᠨ ᠦᠭᠡᠢ᠃ ᠬᠠᠷᠢᠨ ᠬᠥᠬᠡ ᠲᠩᠷᠢ ᠶ᠋ᠢᠨ ᠬᠠᠶᠠᠭ᠎ᠠ ᠰᠢᠷᠳᠡᠨ ᠴᠢᠮᠡᠭᠡ ᠴᠢᠩᠨᠠᠬᠤ ᠮᠡᠲᠦ ᠬᠣᠷᠣᠮ ᠬᠢᠷᠢ ᠪᠣᠯᠤᠭᠰᠠᠨ ᠢ᠋ᠶ᠋ᠠᠨ᠂ 
       — ᠶᠠᠯᠠᠲᠤ ᠲᠠᠲ᠋ᠠᠷ ᠤ᠋ᠨ ᠴᠢᠪᠢᠯᠲᠦ ᠬᠠᠲᠤᠨ! ᠭᠡᠯ᠎ᠡ᠃ ᠴᠣᠬᠣᠮ ᠡᠯ᠎ᠡ ᠵᠠᠷᠯᠢᠭ ᠢ᠋ ᠬᠦᠯᠢᠶᠡᠵᠦ ᠪᠠᠢᠭᠰᠠᠨ ᠢᠯᠳᠦᠲᠦ ᠴᠡᠷᠢᠭ ᠭᠠᠪᠠ ᠲᠠᠢ ᠬᠠᠲᠤᠨ ᠢ᠋ ᠳᠥᠩᠭᠡ ᠲᠡᠢ ᠬᠥᠪᠡᠭᠦᠨ ᠦ᠌ ᠬᠠᠮᠲᠤ ᠴᠢᠴᠢᠯᠡᠨ ᠲᠦᠯᠬᠢᠴᠢᠨ ᠲᠠᠭᠤᠵᠤ ᠶᠡᠬᠡ ᠬᠠᠭᠠᠳ ᠤ᠋ᠨ ᠥᠯᠮᠡᠢ ᠶ᠋ᠢᠨ ᠲᠤᠰ ᠠᠪᠴᠢᠷᠠᠪᠠ᠃ ᠬᠠᠪᠤᠯ ᠬᠠᠭᠠᠨ ᠲᠩᠷᠢ ᠶ᠋ᠢᠨ ᠡᠭᠦᠯᠡᠨ ᠮᠡᠲᠦ ᠴᠠᠭᠠᠨ ᠰᠠᠬᠠᠯ ᠢ᠋ᠶ᠋ᠠᠨ ᠢᠯᠢᠨ᠂ 
       — ᠣᠯᠵᠠᠯᠠᠵᠤ ᠢᠷᠡᠭᠰᠡᠨ ᠣᠮᠣᠭᠳᠠᠨ ᠣᠯᠠᠨ ᠤ᠋ ᠨᠢᠳᠦᠨ ᠳᠡᠭᠡᠷ᠎ᠡ᠂ ᠣᠯᠵᠠᠯᠠᠭᠤᠯᠵᠤ ᠶᠠᠪᠤᠭᠰᠠᠨ ᠣᠪᠣᠭ ᠤ᠋ᠨ ᠣᠯᠠᠨ ᠤ᠋ ᠨᠢᠭᠤᠷᠤᠨ ᠳᠡᠭᠡᠷ᠎ᠡ ᠴᠢᠮ᠎ᠠ ᠳ᠋ᠤ᠌ ᠶᠠᠯ᠎ᠠ ᠣᠨᠣᠭᠠᠰᠤ! ᠨᠢᠭᠡᠨ ᠨᠠᠰᠤ ᠪᠠᠷ ᠢ᠋ᠶ᠋ᠠᠨ ᠲᠠ ᠠᠢᠯ ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠵᠤ ᠶᠠᠪᠤᠰᠤᠭᠠᠢ! ᠬᠡᠮᠡᠪᠡ᠃ ᠪᠦᠯᠵᠢᠭᠡᠨ ᠭᠤᠸ᠎ᠠ ᠴᠢᠮᠡᠭᠡ ᠦᠭᠡᠢ ᠮᠡᠬᠦᠢᠰᠬᠢᠬᠦ ᠳ᠋ᠦ᠍ ᠬᠣᠲᠣᠯᠠ ᠶ᠋ᠢᠨ ᠵᠢᠷᠦᠬᠡ ᠡᠮᠲᠡᠷᠡᠬᠦ ᠰᠢᠭ ᠪᠣᠯᠵᠤ᠂ ᠲᠦᠷᠦᠭᠦᠦ ᠪᠥᠬᠡ ᠶ᠋ᠢᠨ ᠪᠠᠶᠠᠷ ᠪᠠᠶᠠᠰᠬᠤᠯᠠᠩ ᠣᠷᠣ ᠦᠭᠡᠢ ᠵᠠᠮᠬᠠᠷᠠᠵᠤ ᠠᠪᠠᠢ᠃ ᠵᠤᠯᠠᠢ ᠢᠯᠢᠬᠦ ᠰᠠᠯᠬᠢᠨ ᠤ᠋ ᠲᠡᠷᠲᠡᠭᠡ ᠬᠥᠬᠡ ᠲᠡᠭᠷᠢ ᠶ᠋ᠢᠨ ᠭᠦᠨ ᠳ᠋ᠦ᠍ ᠶᠡᠷᠦ ᠪᠤᠰᠤ ᠶ᠋ᠢᠨ ᠶᠡᠬᠡ ᠬᠡᠢ ᠮᠣᠷᠢ᠂ ᠰᠦᠯᠳᠡ ᠡᠭᠦᠯᠡᠨ ᠮᠡᠲᠦ ᠬᠤᠷᠠᠯᠳᠤᠨ ᠪᠣᠢ ᠶ᠋ᠢ ᠯᠡ ᠳᠠᠮ ᠲᠣᠮᠬᠠᠨ ᠮᠡᠳᠡᠷᠡᠵᠦ ᠪᠠᠶᠠᠷ ᠭᠤᠨᠢᠭ ᠵᠡᠷᠭᠡᠴᠡᠨ ᠪᠠᠢᠯ᠎ᠠ᠃  

         ᠦᠰᠦᠭ ᠠᠮᠢᠯᠠᠭᠤᠯᠤᠭᠴᠢ᠄ ᠣᠶᠤᠨᠪᠢᠯᠢᠭ᠌᠂ ᠨᠠᠷᠠᠨᠲᠤᠶᠠᠭ᠎ᠠ᠂ ᠭᠡᠷᠡᠯ᠂ ᠬᠡᠯᠡᠰᠣᠶᠣᠯ(ᠪᠤᠤ ᠸᠧᠨ ᠬᠤᠸᠠ)᠂ 
                                      ᠮᠥᠩᠭᠥᠨ᠂ ᠤᠷᠠᠨᠴᠢᠮᠡᠭ᠂ ᠡᠭᠦᠯᠡᠩᠬᠤᠸᠠᠷ᠂ ᠪᠠᠶᠠᠨᠴᠡᠴᠡᠭ᠂ ᠪᠠᠢ᠂ ᠰᠠᠷᠠᠨ᠎ᠠ᠂ 
                                      ᠬᠡᠷᠡᠢᠳ ᠮᠥᠩᠬᠡᠨᠠᠰᠤᠨ᠂ ᠠᠯᠲᠠᠨᠴᠢᠮᠡᠭ᠂ ᠣᠶᠤᠨᠴᠢᠮᠡᠭ᠂ ᠡᠷᠳᠡᠨᠢᠭᠤᠸ᠎ᠠ᠂ ᠰᠣᠶᠣᠯᠲᠤ 
             ᠬᠢᠨᠠᠭᠴᠢ᠄ ᠣᠳᠬᠠᠨᠰᠣ᠎ᠠ᠂ ᠭᠠᠷᠮ᠎ᠠ᠂ ᠨᠠᠷᠠᠨ᠂ ᠪᠠᠯ᠂ ᠪᠠᠶᠠᠨᠴᠡᠴᠡᠭ᠂ ᠮᠣᠩᠭᠣᠯ ᠰᠦᠨᠡᠰᠦ᠂ 
                                       ᠬᠡᠯᠡᠰᠣᠶᠣᠯ( ᠪᠦᠦ ᠸᠧᠨ ᠬᠤᠸᠠ)᠂ ᠡᠭᠦᠯᠡᠩᠬᠤᠸᠠᠷ