ᠲᠥᠯ ᠦ᠋ᠨ ᠳᠠᠭᠤᠨ-ᠡᠭᠡᠰᠢᠭᠯᠡᠩDöliin duun-EgshiglenДөлийн дуун-Эгшиглэн ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠯ ᠦ᠋ᠨ ᠳᠠᠭᠤᠨ-ᠡᠭᠡᠰᠢᠭᠯᠡᠩDöliin duun-EgshiglenДөлийн дуун-Эгшиглэн

ᠲᠥᠯ ᠦ᠋ᠨ ᠳᠠᠭᠤᠨ-ᠡᠭᠡᠰᠢᠭᠯᠡᠩDöliin duun-EgshiglenДөлийн дуун-Эгшиглэн

2025-12-27

687

ᠲᠥᠯ ᠦ᠋ᠨ ᠳᠠᠭᠤᠨ


  ᠦᠭᠡ᠄ ᠫᠤ᠄ ᠦᠯᠵᠡᠶ᠋ᠢᠨᠠᠷᠠᠨ
  ᠠᠶ᠎ᠠ᠄ ᠰᠠᠷᠠᠩᠭᠤᠸ᠋᠎ᠠ
  ᠳᠠᠭᠤᠴᠢᠨ᠄ ᠡᠭᠡᠰᠢᠭᠯᠡᠩ

ᠮᠢᠷᠠᠰ ᠮᠢᠷᠠᠰ ᠲᠣᠭᠯᠠᠳᠠᠭ
ᠬᠤᠷᠠᠭ᠎ᠠ ᠢᠰᠢᠭᠡ ᠰᠠᠢᠬᠠᠨ
ᠮᠢᠨᠳᠠᠰᠤ ᠵᠥᠭᠡᠯᠡᠨ ᠮᠠᠢᠯᠠᠳᠠᠭ
ᠲᠥᠯ ᠦ᠋ᠨ ᠳᠠᠭᠤ ᠰᠠᠢᠬᠠᠨ

ᠲᠣᠩᠭᠣᠰ ᠲᠣᠩᠭᠣᠰ ᠭᠦᠶᠦᠳᠡᠭ
ᠲᠤᠭᠤᠯ ᠲᠤᠭᠤᠯ ᠰᠠᠢᠬᠠᠨ
ᠲᠣᠷᠭᠠᠨ ᠡᠭᠡᠰᠢᠭ ᠲᠡᠢ ᠮᠥᠭᠡᠷᠡᠳᠡᠭ
ᠲᠥᠯ ᠦ᠋ᠨ ᠳᠠᠭᠤ ᠰᠠᠢᠬᠠᠨ
ᠬᠥᠭᠡᠷᠦᠬᠦᠨ ᠳᠡ ᠬᠥᠭᠡᠷᠦᠬᠦᠨ ᠳᠡ
ᠲᠥᠯ ᠦ᠋ᠨ ᠮᠢᠨᠢ ᠳᠠᠭᠤ
ᠬᠥᠭᠵᠢᠮ ᠰᠢᠭ ᠰᠠᠢᠬᠠᠨ ᠳᠠ
ᠬᠥᠭᠡᠷᠦᠦ ᠭᠡᠵᠢᠭᠡ ᠬᠣᠶᠠᠷ ᠢ᠋ ᠮᠢᠨᠢ
ᠬᠥᠭᠯᠡᠵᠦ ᠪᠠᠢᠳᠠᠭ ᠰᠣᠨᠢᠬᠠᠨ ᠳᠠ

ᠬᠤᠢ ᠰᠠᠯᠬᠢ ᠰᠢᠭ᠋ ᠳᠠᠪᠬᠢᠳᠠᠭ
ᠤᠨᠠᠭ᠎ᠠ ᠤᠨᠠᠭ᠎ᠠ ᠰᠠᠢᠬᠠᠨ
ᠬᠡᠢᠮᠣᠷᠢ ᠰᠡᠷᠭᠦᠭᠡᠨ ᠢᠨᠴᠠᠭᠠᠳᠠᠭ
ᠲᠥᠯ ᠦ᠋ᠨ ᠳᠠᠭᠤ ᠰᠠᠢᠬᠠᠨ
ᠪᠦᠩ ᠪᠦᠩ ᠲᠡᠰᠢᠳᠡᠭ
ᠪᠣᠲᠣᠭᠣ ᠪᠣᠲᠣᠭᠣ ᠰᠠᠢᠬᠠᠨ
ᠪᠦᠪᠡᠢ ᠶ᠋ᠢᠨ ᠡᠬᠡᠰᠢᠭ ᠲᠡᠢ ᠪᠣᠢᠯᠠᠳᠠᠭ
ᠲᠥᠯ ᠦ᠋ᠨ ᠳᠠᠭᠤ ᠰᠠᠢᠬᠠᠨ
ᠬᠥᠭᠡᠷᠦᠬᠦᠨ ᠳᠡ ᠬᠥᠭᠡᠷᠦᠬᠦᠨ ᠳᠡ
ᠲᠥᠯ ᠦ᠋ᠨ ᠮᠢᠨᠢ ᠳᠠᠭᠤ
ᠬᠥᠭᠵᠢᠮ ᠰᠢᠭ ᠰᠠᠢᠬᠠᠨ ᠳᠠ
ᠬᠥᠭᠡᠷᠦᠦ ᠭᠡᠵᠢᠭᠡ ᠬᠣᠶᠠᠷ ᠢ᠋ ᠮᠢᠨᠢ
ᠭᠥᠭᠯᠡᠵᠦ ᠪᠠᠢᠳᠠᠭ ᠰᠣᠨᠢᠬᠠᠨ ᠳᠠ
ᠬᠥᠭᠡᠷᠦᠬᠦᠨ ᠳᠡ ᠬᠥᠭᠡᠷᠦᠬᠦᠨ ᠳᠡ
ᠲᠥᠯ ᠦ᠋ᠨ ᠮᠢᠨᠢ ᠳᠠᠭᠤᠨ ᠳᠠᠭᠤ
ᠬᠥᠭᠵᠢᠮ ᠰᠢᠭ ᠰᠠᠢᠬᠠᠨ ᠳᠠ
ᠬᠥᠭᠡᠷᠦᠦ ᠭᠡᠵᠢᠭᠡ ᠬᠣᠶᠠᠷ ᠢ᠋ ᠮᠢᠨᠢ
ᠭᠥᠭᠯᠡᠵᠦ ᠪᠠᠢᠳᠠᠭ ᠰᠣᠨᠢᠬᠠᠨ ᠳᠠ
ᠭᠥᠭᠯᠡᠵᠦ ᠪᠠᠢᠳᠠᠭ ᠰᠣᠨᠢᠬᠠᠨ ᠳᠠ

  ᠦᠰᠦᠭ ᠠᠮᠢᠯᠠᠭᠤᠯᠵᠤ᠂ ᠬᠠᠲᠠᠭᠰᠠᠨ ᠨᠢ᠄ ᠰᠣᠳᠣ