ᠦᠯᠢᠭᠡᠷ ᠲᠡᠦᠬᠡ ᠲᠡᠢ ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠰᠤᠷᠴᠤ ᠬᠡᠷᠡᠭᠯᠡᠶ᠎ᠡ-ᠪᠤᠤᠬᠢᠶ᠎ᠠ 20251226
ᠦᠯᠢᠭᠡᠷ ᠲᠡᠦᠬᠡ ᠲᠡᠢ ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠰᠤᠷᠴᠤ ᠬᠡᠷᠡᠭᠯᠡᠶ᠎ᠡ-ᠪᠤᠤᠬᠢᠶ᠎ᠠ 20251226
ᠦᠯᠢᠭᠡᠷ ᠲᠡᠦᠬᠡ ᠲᠡᠢ ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠰᠤᠷᠴᠤ ᠬᠡᠷᠡᠭᠯᠡᠶ᠎ᠡ-ᠪᠤᠤᠬᠢᠶ᠎ᠠ 20251226
1. ᠦᠵᠢᠶᠡᠳ ᠡᠷᠳᠡᠨᠢᠴᠡᠴᠡᠭ
ᠶᠢᠷᠲᠢᠨᠴᠦ ᠶ᠋ᠢᠨ ᠳᠥᠷᠪᠡᠨ ᠵᠠᠩ
ᠠᠭᠤᠯᠠ ᠪᠠᠷ ᠶᠠᠪᠤᠳᠠᠭ ᠤᠭᠠᠯᠵᠠ ᠶ᠋ᠢᠨ ᠵᠠᠩ
ᠠᠭᠤᠯᠵᠠᠭᠠᠳ ᠶᠠᠪᠤᠳᠠᠭ ᠬᠥᠮᠦᠨ ᠦ᠌ ᠵᠠᠩ
ᠦᠦᠷ ᠢ᠋ᠶ᠋ᠡᠷ ᠶᠠᠪᠤᠳᠠᠭ ᠦᠬᠡᠷ ᠦ᠋ᠨ ᠵᠠᠩ
ᠦᠶᠡᠷᠬᠡᠵᠦ ᠶᠠᠪᠤᠳᠠᠭ ᠪᠠᠭ᠎ᠠ ᠶ᠋ᠢᠨ ᠵᠠᠩ᠃
2. ᠨᠠᠮᠵᠢᠯ
ᠪᠢᠳᠡ᠂ ᠡᠳᠦᠷ ᠳᠣᠳᠣᠮ ᠤ᠋ᠨ ᠠᠵᠢᠯ ᠠᠮᠢᠳᠤᠷᠠᠯ ᠳ᠋ᠠᠭᠠᠨ ᠦᠷᠭᠦᠯᠵᠢ ᠮᠣᠩᠭᠣᠯ ᠦᠭᠡ ᠬᠡᠯᠡ ᠪᠡᠨ ᠬᠡᠯᠡᠵᠦ᠂ ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠬᠡᠷᠡᠭᠯᠡᠶ᠎ᠡ᠃
3. ᠭᠠᠹᠠᠯᠮ᠎ᠠ
ᠭᠠᠷ ᠭᠠᠷ ᠢ᠋ᠶ᠋ᠠᠨ ᠂ ᠬᠣᠯᠪᠣᠯᠴᠠᠨ ᠬᠠᠮᠲᠤ ᠳ᠋ᠠᠭᠠᠨ ᠴᠢᠷᠮᠠᠢᠶ᠎ᠠ᠃
4. ᠭᠠᠹᠠᠯᠮ᠎ᠠ
ᠡᠩᠬᠡ ᠠᠮᠤᠭᠤᠯᠠᠩ ᠤ᠋ᠨ ᠲᠦᠯᠬᠢᠭᠦᠷ
ᠣᠷᠴᠢᠯᠠᠩ ᠶᠢᠷᠲᠢᠨᠴᠦ ᠶ᠋ᠢᠨ ᠰᠢᠨᠵᠢᠯᠡᠬᠦ ᠤᠬᠠᠭᠠᠨ ᠤ᠋ ᠨᠢᠭᠤᠴᠠ
ᠣᠷᠣᠰᠢᠬᠤᠢ ᠪᠣᠳᠠᠰ ᠤ᠋ᠨ ᠤᠯᠠᠷᠢᠨ ᠬᠤᠪᠢᠷᠠᠬᠤ ᠶᠣᠰᠣᠨ
ᠠᠯᠢᠪᠠ ᠪᠣᠳᠠᠰ ᠤ᠋ᠨ ᠠᠮᠢ ᠨᠠᠰᠤᠨ ᠤ᠋ ᠢᠯᠡᠷᠡᠭᠦᠨ
ᠠᠭᠠᠷ ᠭᠡᠷᠡᠯ ᠤᠰᠤᠨ ᠤ᠋ ᠡᠨᠧᠷᠭᠢ ᠶ᠋ᠢᠨ ᠬᠦᠴᠦᠨ᠃
ᠲᠩᠷᠢ ᠭᠠᠵᠠᠷ ᠬᠥᠮᠦᠨ ᠭᠤᠷᠪᠠ ᠶ᠋ᠢᠨ ᠨᠢᠭᠡᠳᠦᠯ
ᠳᠡᠯᠭᠡᠷ ᠣᠷᠴᠢᠯᠠᠩ ᠤ᠋ᠨ ᠰᠤᠷᠠᠭ ᠴᠢᠮᠡᠭᠡᠨ ᠦ᠌ ᠨᠡᠪᠲᠡᠷᠡᠯ
ᠡᠷᠡᠭᠦᠯ ᠡᠩᠬᠡ ᠬᠥᠭᠵᠢᠯ ᠪᠠᠳᠠᠷᠠᠯ ᠤ᠋ᠨ ᠬᠦᠰᠡᠯᠡᠩ
ᠡᠷᠬᠢᠮ ᠴᠢᠬᠤᠯᠠ ᠨᠢ ᠣᠷᠴᠢᠨ ᠠᠬᠤᠢ ᠶ᠋ᠢᠨ ᠬᠠᠮᠠᠭᠠᠯᠠᠯ᠃
ᠲᠠᠢᠪᠤᠩ ᠪᠠᠶᠠᠰᠤᠯ ᠤᠷᠲᠤ ᠨᠠᠰᠤᠯᠠᠬᠤ ᠶ᠋ᠢᠨ ᠵᠢᠮ᠎ᠡ
ᠲᠠᠮᠢᠷ ᠰᠤᠪᠢᠯᠠᠯᠲᠠ ᠤᠳᠠᠭᠠᠨ ᠵᠢᠷᠭᠠᠬᠤ ᠶ᠋ᠢᠨ ᠲᠣᠮ
ᠡᠬᠡ ᠪᠠᠢᠭᠠᠯᠢ ᠶ᠋ᠢᠨ ᠠᠷᠢᠭᠤᠨ ᠡᠨᠧᠷᠭᠢ ᠶ᠋ᠢᠨ ᠰᠢᠮ᠎ᠡ
ᠡᠪᠡᠳᠴᠢᠨ ᠢ᠋ ᠠᠷᠢᠯᠭᠠᠵᠤ ᠨᠠᠰᠤ ᠶ᠋ᠢ ᠤᠷᠲᠤᠳᠬᠠᠬᠤ ᠠᠳᠢᠰ᠃
ᠤᠬᠠᠭᠠᠨᠲᠤ ᠬᠥᠮᠦᠨ ᠲᠦᠮᠡᠨ ᠪᠣᠳᠠᠰ ᠤ᠋ᠨ ᠰᠣᠳᠣ
ᠣᠶᠤᠨ ᠮᠠᠬᠠᠪᠣᠳ ᠤᠶᠠᠯᠳᠤᠨ ᠪᠠᠷᠢᠯᠳᠤᠭᠰᠠᠨ ᠴᠣᠭᠴᠠ
ᠠᠭᠤᠴᠢ ᠪᠣᠳᠣᠯ ᠠᠮᠢ ᠪᠡᠶ᠎ᠡ ᠶ᠋ᠢᠨ ᠰᠤᠳᠠᠰᠤ
ᠠᠷᠢᠭᠤᠨ ᠰᠠᠨᠠᠭ᠎ᠠ ᠥᠯᠵᠡᠢ ᠬᠤᠲᠤᠭ ᠤ᠋ᠨ ᠦᠨᠳᠦᠰᠦ᠃
ᠣᠨᠴᠠ ᠡᠮᠨᠡᠯᠭᠡ ᠶ᠋ᠢᠨ ᠴᠣ ᠰᠢᠨ᠎ᠡ ᠣᠢᠯᠠᠭᠠᠭᠳᠠᠬᠤᠨ᠂
ᠡᠷᠡᠨ ᠴᠠᠭ ᠤ᠋ᠨ ᠡᠩᠬᠡ ᠠᠮᠤᠭᠤᠯᠠᠩ ᠤ᠋ᠨ ᠲᠦᠯᠬᠢᠭᠦᠷ
ᠲᠦᠮᠡᠨ ᠣᠯᠠᠨ ᠤ᠋ ᠪᠡᠶ᠎ᠡ ᠰᠡᠳᠬᠢᠯ ᠦ᠋ᠨ ᠡᠷᠡᠭᠦᠯᠵᠢᠯ
ᠳᠡᠯᠡᠬᠡᠢ ᠨᠡᠢᠲᠡ ᠶ᠋ᠢᠨ ᠶᠡᠬᠡ ᠨᠢᠭᠡᠳᠦᠯ ᠦ᠋ᠨ ᠪᠠᠶᠠᠰᠤᠯ᠃
5. ᠰᠣᠨᠢᠨᠴᠡᠴᠡᠭ
ᠡᠯᠦᠨᠴᠡ ᠬᠤᠯᠤᠨᠴᠠ ᠶ᠋ᠢᠨ ᠦᠶ᠎ᠡ ᠡᠴᠡ ᠪᠡᠨ ᠥᠮᠴᠢᠯᠡᠵᠦ ᠢᠷᠡᠭᠰᠡᠨ ᠬᠥᠷᠥᠩᠭᠡ
ᠡᠬᠡ ᠨᠤᠲᠤᠭ ᠢ᠋ᠶ᠋ᠠᠨ ᠨᠠᠨᠳᠢᠩᠨᠠᠬᠤ ᠨᠢ ᠡᠭᠦᠷᠢᠳᠡ ᠪᠢᠳᠡᠨ ᠦ᠌ ᠳᠠᠷᠬᠠᠨ ᠡᠭᠦᠷᠭᠡ᠃
ᠡᠳ᠋ ᠮᠥᠩᠭᠥ ᠪᠡᠷ ᠳᠤᠲᠠᠭᠰᠠᠨ ᠴᠤ᠌ ᠨᠤᠲᠤᠭ ᠢ᠋ᠶ᠋ᠠᠨ ᠪᠤᠤ ᠬᠤᠳᠠᠯᠳᠤ
ᠡᠷᠳᠡᠮ ᠨᠣᠮ ᠢ᠋ᠶ᠋ᠠᠷ ᠳᠤᠲᠠᠭᠰᠠᠨ ᠴᠤ᠌ ᠨᠡᠷ᠎ᠡ ᠪᠡᠨ ᠪᠤᠤ ᠭᠣᠳᠣᠭᠠ᠃
6. ᠮᠥᠩᠭᠥᠨ
ᠪᠥᠭᠡᠰᠦ ᠴᠢᠨᠣ᠎ᠠ ᠪᠣᠯᠤᠭᠠᠳ᠂ ᠪᠣᠢᠳᠠ ᠡᠷᠯᠢᠭ ᠪᠣᠯᠵᠠᠢ ᠱᠠᠭᠳᠠᠷ ᠨᠢᠭᠡ ᠵᠢᠯ ᠦ᠋ᠨ ᠵᠤᠨ᠂ ᠪᠠᠭᠠᠷᠢᠨ ᠸᠠᠩ ᠤ᠋ᠨ ᠣᠷᠳᠣᠨ ᠤ᠋ ᠡᠮᠦᠨᠡᠬᠢ ᠪᠤᠩᠬᠤᠨ ᠤ᠋ ᠰᠡᠭᠦᠳᠡᠷ ᠲᠦ᠍ ᠰᠠᠭᠤᠵᠤ ᠴᠠᠭᠠᠰᠤᠨ ᠬᠥᠬᠦᠦᠷ ᠲᠡᠢ ᠠᠷᠢᠬᠢ ᠪᠠᠨ ᠬᠥᠨᠲᠥᠷᠴᠦ᠂ ᠪᠥᠭᠡᠰᠦ ᠪᠡᠨ ᠠᠯᠠᠵᠤ ᠪᠠᠢᠲᠠᠯ᠎ᠠ ᠸᠠᠩ ᠭᠠᠳᠠᠷ ᠡᠭᠦᠳᠡᠨ ᠳᠡᠭᠡᠷ᠎ᠡ ᠪᠡᠨ ᠭᠠᠷᠴᠤ ᠢᠷᠡᠭᠡᠳ ᠱᠠᠭᠳᠠᠷ ᠢ᠋ ᠦᠵᠡᠵᠦ᠂ ᠡᠨᠡ ᠰᠣᠯᠢᠶᠠᠲᠤ ᠶᠠᠭᠤ ᠬᠢᠵᠦ ᠪᠠᠢᠬᠤ ᠶᠤᠮ ᠪᠣᠢ ᠣᠴᠢᠵᠤ ᠦᠵᠡᠶ᠎ᠡ ᠭᠡᠵᠦ ᠪᠣᠳᠣᠭᠠᠳ ᠬᠡᠳᠦᠨ ᠪᠣᠢᠳᠠ ᠪᠠᠨ ᠳᠠᠭᠤᠳᠠᠵᠤ ᠳᠠᠭᠠᠭᠤᠯᠤᠭᠠᠳ᠂ ᠱᠠᠭᠳᠠᠷ ᠤ᠋ᠨ ᠳᠡᠷᠭᠡᠳᠡ ᠢᠷᠡᠵᠦ᠄《ᠬᠥᠶᠢ! ᠴᠢ ᠶᠠᠭᠤ ᠬᠢᠵᠦ ᠪᠠᠢᠨ᠎ᠠ ᠪᠣᠢ?》 ᠭᠡᠰᠡᠨ ᠳ᠋ᠦ᠍ ᠱᠠᠭᠳᠠᠷ᠄ᠪᠥᠭᠡᠰᠦ ᠴᠢᠨᠣ᠎ᠠ ᠪᠣᠯᠵᠠᠢ᠂ ᠪᠣᠢᠳᠠ ᠡᠷᠯᠢᠭ ᠪᠣᠯᠵᠠᠢ᠃ ᠴᠢᠩᠭᠢᠭᠡᠳ ᠪᠢ ᠠᠯᠠᠵᠤ ᠪᠠᠢᠨ᠎ᠠ》 ᠭᠡᠪᠡ᠃ᠸᠠᠩ ᠶᠡᠬᠡ ᠯᠡ ᠭᠠᠢᠬᠠᠵᠤ᠄《ᠴᠢᠩᠭᠢᠭᠡᠳ ᠥᠭᠡᠷ᠎ᠡ ᠪᠠᠰᠠ ᠶᠠᠭᠤ ᠪᠠᠢᠨ᠎ᠠ ᠳᠠ?》 ᠭᠡᠰᠡᠨ ᠳ᠋ᠦ᠍ ᠱᠠᠭᠳᠠᠷ᠄《ᠬᠦᠴᠦ ᠲᠡᠢ ᠨᠢ ᠬᠦᠴᠦ ᠦᠭᠡᠢ ᠪᠡᠨ ᠬᠦᠵᠦᠭᠦᠦ ᠨᠢ ᠲᠣᠯᠣᠭᠠᠢ ᠪᠠᠨ ᠲᠠᠢᠵᠢ ᠨᠢ ᠬᠠᠷᠠᠴᠤ ᠪᠠᠨ ᠬᠠᠷᠠᠴᠤ ᠨᠢ ᠬᠡᠦᠬᠡᠳ ᠢ᠋ᠶ᠋ᠡᠨ ᠰᠢᠪ ᠳᠡ᠃ ᠴᠢ ᠨᠠᠳᠠ ᠳ᠋ᠤ᠌ ᠨᠣᠶᠠᠨ ᠭᠡᠬᠦ ᠳ᠋ᠦ᠍᠂ ᠪᠢ ᠪᠠᠰᠠ ᠪᠥᠭᠡᠰᠦᠨ ᠳ᠋ᠦ᠍ ᠨᠣᠶᠠᠨ ᠰᠢᠦ》 ᠭᠡᠵᠡᠢ᠃
《ᠱᠠᠭᠳᠠᠷ ᠰᠣᠯᠢᠶᠠᠲᠤ》 ᠭᠡᠬᠦ ᠨᠣᠮ ᠠ᠋ᠴᠠ᠃
7. ᠮᠡᠷᠭᠡᠨᠪᠢᠯᠢᠭ
ᠠᠭᠤᠯᠠ ᠲᠠᠢ ᠭᠠᠵᠠᠷ ᠳᠠᠭᠤᠯᠠᠬᠤ ᠳ᠋ᠤ᠌ ᠴᠤᠤᠷᠢᠶ᠎ᠠ ᠨᠢ ᠬᠦᠷᠲᠡᠯ᠎ᠡ ᠡᠬᠡᠰᠢᠭ
ᠤᠬᠠᠭᠠᠨ ᠲᠠᠢ ᠬᠥᠮᠦᠨ ᠲᠡᠢ ᠶᠠᠷᠢᠯᠴᠠᠬᠤ ᠳ᠋ᠤ᠌ ᠦᠭᠡ ᠨᠢ ᠬᠦᠷᠲᠡᠯ᠎ᠡ ᠡᠷᠳᠡᠨᠢ᠃
8.ᠤᠤᠭᠠᠨᠵᠢᠳ
ᠪᠡᠶ᠎ᠡ ᠶ᠋ᠢᠨ ᠬᠦᠴᠦ ᠪᠡᠷ ᠠᠴᠢᠶ᠎ᠠ ᠡᠷᠭᠦᠵᠦ
ᠰᠡᠳᠬᠢᠯ ᠦ᠋ᠨ ᠬᠦᠴᠦ ᠪᠡᠷ ᠠᠮᠢᠳᠤᠷᠠᠯ ᠢ᠋ ᠲᠤᠭᠤᠯᠳᠠᠭ
ᠤᠬᠠᠭᠠᠨ ᠤ᠋ ᠬᠦᠴᠦ ᠪᠡᠷ ᠵᠣᠪᠠᠯᠠᠩ ᠢ᠋ ᠳᠠᠪᠠᠵᠤ
ᠨᠥᠬᠥᠷᠯᠡᠯ ᠦ᠋ᠨ ᠬᠦᠴᠦ ᠪᠡᠷ ᠬᠥᠮᠦᠨ ᠢ᠋ ᠲᠠᠨᠢᠳᠠᠭ᠃
9. ᠳᠠᠯᠠᠨᠲᠠᠢ
ᠠᠪᠤ ᠡᠵᠢ ᠶ᠋ᠢᠨ ᠰᠤᠷᠭᠠᠯ ᠰᠠᠢᠬᠠᠨ
ᠠᠬ᠎ᠠ ᠳᠡᠭᠦᠦ ᠶ᠋ᠢᠨ ᠨᠥᠬᠥᠷᠯᠡᠯ ᠰᠠᠢᠬᠠᠨ᠃
10. ᠦᠵᠢᠶᠡᠳ ᠡᠷᠳᠡᠨᠢᠴᠡᠴᠡᠭ
ᠶᠢᠷᠲᠢᠨᠴᠦ ᠶ᠋ᠢᠨ ᠭᠤᠷᠪᠠᠨ ᠦᠨᠡᠨ
ᠲᠥᠷᠥᠭᠰᠡᠨ ᠦ᠌ ᠡᠴᠦᠰ ᠦᠬᠦᠬᠦ ᠦᠨᠡᠨ
ᠬᠤᠷᠢᠶᠠᠭᠰᠠᠨ ᠤ᠋ ᠡᠴᠦᠰ ᠲᠦ᠍ ᠳᠠᠭᠤᠰᠬᠤ ᠦᠨᠡᠨ
ᠬᠤᠷᠠᠭᠰᠠᠨ ᠤ᠋ ᠡᠴᠦᠰ ᠲᠦ᠍ ᠲᠠᠷᠠᠬᠤ ᠦᠨᠡᠨ᠃
《ᠮᠣᠩᠭᠣᠯ ᠠᠷᠠᠳ ᠤ᠋ᠨ ᠠᠮᠠᠨ ᠵᠣᠬᠢᠶᠠᠯ ᠤ᠋ᠨ ᠳᠡᠭᠡᠵᠢ ᠪᠢᠴᠢᠭ》 ᠨᠣᠮ ᠠ᠋ᠴᠠ᠃
11. ᠭᠠᠸᠠ
ᠥᠪᠡᠷ ᠦ᠋ᠨ ᠬᠡᠦᠬᠡᠨ ᠳ᠋ᠡᠭᠡᠨ : ᠣᠯᠤᠭᠠᠳ ᠲᠡᠭᠡᠭᠰᠡᠨ ᠬᠦᠷᠭᠡᠨ ᠢ᠋ ᠨᠢ ᠦᠵᠡ ᠳᠧ ᠦᠬᠦᠰᠢᠷᠡᠭᠰᠡᠨ ᠯᠤᠤᠪᠠᠩ ᠢ᠋ ᠤᠷᠪᠠᠭᠤᠯᠵᠤ ᠲᠠᠯᠪᠢᠭᠠᠳ: ᠤᠷᠤᠭᠤᠯ ᠠᠮᠠ ᠵᠢᠷᠤᠴᠢᠬᠠᠵᠠᠢ ᠬᠦᠢ᠃
ᠬᠣᠪᠢᠨ ᠤ᠋ ᠬᠡᠦᠬᠡᠨ ᠳ᠋ᠦ᠍ ᠪᠡᠨ ᠣᠯᠤᠭᠠᠳ ᠦᠭᠭᠦᠭᠰᠡᠨ ᠬᠦᠷᠭᠡᠨ ᠢ᠋ ᠨᠢ ᠦᠵᠡ ᠳᠡ ᠬᠥᠯᠳᠡᠭᠦᠦ ᠯᠤᠤᠪᠠᠩ ᠢ᠋ ᠬᠥᠷᠪᠡᠭᠦᠯᠵᠦ ᠲᠠᠯᠪᠢᠭᠠᠳ ᠬᠥᠮᠥᠰᠬᠡ ᠨᠢᠳᠦ ᠭᠠᠷᠭᠠᠴᠢᠬᠠᠵᠠᠢ ᠬᠦᠢ ᠃ ——ᠬᠠᠭᠤᠴᠢᠨ ᠠᠷᠠᠳ ᠤ᠋ᠨ ᠳᠠᠭᠤᠤ
12. ᠨᠤᠮᠤᠴᠢᠨ ᠪᠢᠯᠢᠭ
ᠨᠢᠭᠤᠷ ᠲᠤ᠌ ᠣᠯᠠᠨ ᠲᠠᠯ᠎ᠠ ᠲᠠᠢ᠂ ᠰᠡᠳᠬᠢᠯ ᠳ᠋ᠦ᠍ ᠣᠯᠠᠨ ᠬᠤᠪᠢᠷᠠᠯᠲᠠ ᠲᠠᠢ᠂
ᠮᠡᠳᠡᠭᠰᠡᠨ ᠪᠦᠬᠦᠨ ᠢ᠋ᠶ᠋ᠡᠨ ᠪᠤᠤ ᠶᠠᠷᠢ᠂ ᠰᠣᠨᠣᠰᠤᠭᠰᠠᠨ ᠪᠦᠬᠦᠨ ᠢ᠋ᠶ᠋ᠡᠨ ᠪᠤᠤ ᠢᠳᠡᠭᠡ᠃
ᠵᠥᠭᠡᠯᠡᠨ ᠦᠭᠡᠨ ᠳ᠋ᠦ᠍ ᠪᠤᠤ ᠤᠶᠠᠷᠠ᠂ ᠬᠠᠲᠠᠭᠤ ᠦᠭᠡᠨ ᠳ᠋ᠦ᠍ ᠪᠤᠤ ᠭᠣᠮᠣᠳᠠ᠃
13. ᠪᠠᠶᠠᠨᠬᠠᠩᠭᠠᠢ ᠄
ᠪᠢ ᠮᠣᠩᠭᠣᠯ ᠬᠥᠮᠦᠨ
ᠠᠪᠤ ᠡᠵᠢ ᠮᠢᠨᠢ ᠮᠣᠩᠭᠣᠯ
ᠡᠬᠡ ᠨᠤᠲᠤᠭ ᠮᠢᠨᠢ ᠮᠣᠩᠭᠣᠯ
ᠦᠭᠡ ᠬᠡᠯᠡ ᠮᠢᠨᠢ ᠮᠣᠩᠭᠣᠯ
ᠦᠯᠢᠭᠡᠷ ᠲᠡᠦᠬᠡ ᠮᠢᠨᠢ ᠮᠣᠩᠭᠣᠯ
ᠳᠠᠭᠤᠳᠠᠬᠤ ᠨᠡᠷ᠎ᠡ ᠮᠢᠨᠢ ᠮᠣᠩᠭᠣᠯ
ᠳᠠᠭᠤᠯᠠᠬᠤ ᠳᠠᠭᠤᠤ ᠮᠢᠨᠢ ᠮᠣᠩᠭᠣᠯ
ᠤᠩᠰᠢᠬᠤ ᠨᠣᠮ ᠮᠢᠨᠢ ᠮᠣᠩᠭᠣᠯ
ᠤᠷᠠᠯᠠᠬᠤ ᠵᠢᠷᠤᠭ ᠮᠢᠨᠢ ᠮᠣᠩᠭᠣᠯ
ᠪᠢ ᠮᠣᠩᠭᠣᠯ ᠬᠥᠮᠦᠨ ᠪᠢᠴᠢᠭ ᠰᠣᠶᠣᠯ ᠳ᠋ᠠᠭᠠᠨ ᠬᠠᠢᠷᠠᠲᠠᠢ ᠬᠥᠮᠦᠨ᠃
14. ᠠᠯᠲᠠᠨᠴᠢᠮᠡᠭ
ᠦᠷ᠎ᠡ ᠬᠡᠦᠬᠡᠳ ᠦᠶ᠎ᠡ ᠬᠣᠢᠴᠢᠰ ᠮᠢᠨᠢ ᠠ᠋! ᠡᠷᠡᠮᠰᠢᠨ ᠰᠠᠭᠰᠠᠭᠤᠷᠠᠵᠤ ᠶᠠᠪᠤᠬᠤ ᠶ᠋ᠢᠨ ᠣᠷᠣᠨ ᠳ᠋ᠤ᠌ ᠡᠷᠲᠡᠨ ᠦ᠌ ᠰᠤᠷᠭᠠᠯ ᠤ᠋ᠳ ᠢ᠋ ᠬᠠᠳᠠᠨ ᠴᠡᠭᠡᠵᠢᠯᠡ᠃ ᠬᠣᠭᠣᠰᠣᠨ ᠰᠠᠨᠠᠭ᠎ᠠ ᠡᠭᠦᠰᠬᠡᠨ ᠬᠠᠢᠷᠠᠨ ᠴᠠᠭ ᠢ᠋ᠶ᠋ᠠᠨ ᠡᠯᠡᠭᠡᠬᠦ ᠶ᠋ᠢᠨ ᠣᠷᠣᠨ ᠳ᠋ᠤ᠌ ᠬᠤᠪᠢ ᠬᠣᠪᠢᠨ ᠤ᠋ ᠪᠠᠨ ᠡᠵᠡᠮᠰᠢᠭᠰᠡᠨ ᠨᠤᠲᠤᠭ ᠢ᠋ᠶ᠋ᠠᠨ ᠬᠢᠴᠢᠶᠡᠮᠵᠢᠯᠡᠨ ᠵᠠᠰᠠᠵᠤ ᠪᠠᠢᠭᠲᠤᠨ! ᠴᠢᠩᠭᠢᠰ ᠦ᠋ᠨ ᠪᠢᠯᠢᠭ ᠰᠤᠷᠭᠠᠯ
15. ᠮᠥᠩᠭᠥᠨ
ᠬᠣᠯᠪᠣᠭ᠎ᠠ ᠦᠭᠡᠰ
ᠬᠡᠯᠡ— ᠬᠡᠯᠡ ᠪᠢᠴᠢᠭ᠂ ᠬᠡᠯᠡ ᠬᠦᠷᠭᠡᠬᠦ᠂ ᠬᠡᠯᠡ ᠠᠮᠠ
ᠱᠠᠯ— ᠱᠠᠯ ᠳᠡᠮᠡᠢ᠂ ᠱᠠᠯ ᠨᠣᠷᠬᠤ
ᠳᠠᠭᠠᠨ᠎ᠠ— ᠳᠠᠭᠠᠨ᠎ᠠ ᠮᠠᠩᠭᠢᠷ᠂ ᠠᠷᠤ ᠠ᠋ᠴᠠ ᠳᠠᠭᠠᠨ᠎ᠠ᠂ ᠣᠨᠢᠰᠣᠭ᠎ᠠ ᠳᠠᠭᠠᠨ᠎ᠠ
ᠬᠦᠷᠦᠭᠡᠳ— ᠬᠦᠷᠦᠭᠡᠳ ᠢᠷᠡᠬᠦ᠂ ᠭᠡᠵᠢᠭᠡ ᠬᠦᠷᠦᠭᠡᠳ
ᠬᠡᠰᠢᠭ— ᠬᠡᠰᠢᠭ ᠪᠤᠶᠠᠨ᠂
ᠬᠡᠰᠡᠭ— ᠬᠡᠰᠡᠭ ᠬᠤᠷᠤᠳ
16. ᠰᠢᠨ ᠴᠦᠨ
ᠠᠭᠤᠯᠠ ᠳᠠᠪᠠᠪᠠᠯ ᠵᠠᠮ ᠳᠡᠪᠢᠰᠴᠦ
ᠤᠰᠤ ᠭᠡᠲᠦᠯᠪᠡᠯ ᠬᠥᠭᠥᠷᠭᠡ ᠲᠠᠯᠪᠢᠬᠤ᠃
17. ᠭᠡᠭᠡ
ᠡᠷᠬᠡ ᠴᠢᠯᠥᠭᠡ᠂ ᠠᠷᠠᠳᠴᠢᠯᠠᠯ᠂ ᠬᠥᠮᠦᠨ ᠦ᠌ ᠡᠷᠬᠡ᠂ ᠬᠠᠤᠯᠢ ᠪᠠᠷ ᠵᠠᠰᠠᠬᠤ ᠳᠥᠷᠪᠡᠨ ᠰᠢᠰᠲ᠋ᠧᠮ ᠪᠣᠯ ᠳᠡᠯᠡᠬᠡᠢ ᠨᠡᠢᠲᠡ ᠶ᠋ᠢᠨ ᠬᠠᠮᠲᠤ ᠪᠠᠷ ᠲᠠᠨᠢᠨ ᠮᠡᠳᠡᠷᠡᠭᠰᠡᠨ ᠲᠦᠭᠡᠮᠡᠯ ᠥᠷᠲᠡᠭ ᠦ᠋ᠨ ᠦᠵᠡᠯᠲᠡ ᠮᠥᠨ᠃
18. ᠨᠠᠷᠠᠨᠲᠣᠭᠣᠰ
ᠵᠠᠯᠠᠭᠤ ᠪᠠᠭ᠎ᠠ ᠳ᠋ᠠᠭᠠᠨ ᠰᠤᠷᠬᠤ ᠦᠭᠡᠢ ᠪᠣᠯ ᠥᠲᠡᠯᠦᠭᠰᠡᠨ ᠬᠣᠢᠨ᠎ᠠ ᠪᠠᠨ ᠭᠡᠮᠰᠢᠯ ᠲᠡᠢ᠃
19. ᠰᠤᠪᠤᠳ
ᠣᠨᠴᠠ ᠴᠢᠳᠠᠯᠲᠤ ᠡᠶᠡᠷᠡᠬᠦ ᠡᠨᠧᠷᠭᠢ ᠣᠷᠴᠢᠨ ᠲᠣᠭᠣᠷᠢᠨ ᠳ᠋ᠤ᠌ ᠨᠡᠢᠳᠡᠮ ᠣᠷᠣᠰᠢᠨ᠎ᠠ᠂
ᠤᠬᠠᠮᠰᠠᠷ ᠪᠢᠯᠢᠭ ᠠᠯᠬᠤᠮ ᠨᠢᠭᠡᠳᠪᠡᠯ ᠣᠶᠤᠨ ᠮᠠᠬᠠᠪᠣᠳ ᠲᠤᠩᠭᠠᠯᠠᠭᠰᠢᠨ ᠴᠢᠭᠢᠷᠠᠭᠵᠢᠨᠠ!
20. ᠰᠣᠨᠢᠨᠴᠡᠴᠡᠭ ᠂
ᠳᠥᠷᠪᠡᠨ ᠣᠬᠢ
ᠭᠠᠨᠲᠢᠭ ᠭᠡᠭᠴᠢ ᠴᠢᠯᠠᠭᠤᠨ ᠤ᠋ ᠣᠬᠢ
ᠭᠠᠩ ᠭᠡᠭᠴᠢ ᠲᠡᠮᠦᠷ ᠦ᠋ᠨ ᠣᠬᠢ
ᠭᠠᠰ ᠭᠡᠭᠴᠢ ᠠᠭᠤᠷ ᠤ᠋ᠨ ᠣᠬᠢ
ᠭᠠᠷ ᠭᠠᠭᠴᠠ ᠡᠷᠬᠡᠲᠡᠨ ᠦ᠌ ᠣᠬᠢ᠃
21. ᠦᠵᠢᠶᠡᠳ ᠡᠷᠳᠡᠨᠢᠴᠡᠴᠡᠭ
ᠠᠮᠢᠳᠤᠷᠠᠯ ᠤ᠋ᠨ《ᠳᠥᠷᠪᠡᠨ ᠳᠠᠯᠠᠢ》
ᠡᠵᠢ ᠨᠠᠭᠤᠷ ᠡᠷᠳᠡᠨᠢ ᠶ᠋ᠢᠨ ᠳᠠᠯᠠᠢ
ᠡᠯᠢᠭᠡ ᠪᠦᠲᠦᠨ ᠪᠤᠶᠠᠨ ᠤ᠋ ᠳᠠᠯᠠᠢ
ᠡᠬᠡ ᠪᠠᠢᠭᠠᠯᠢ ᠵᠢᠷᠭᠠᠯ ᠤ᠋ᠨ ᠳᠠᠯᠠᠢ
ᠡᠯᠪᠡᠭ ᠪᠠᠶᠠᠨ ᠬᠥᠷᠥᠩᠭᠡ ᠶ᠋ᠢᠨ ᠳᠠᠯᠠᠢ᠃
22. ᠬᠤᠷᠴᠠᠰᠡᠴᠡᠨ
ᠡᠭᠡᠰᠢᠭ ᠳᠠᠭᠤᠤ ᠪᠠᠨ ᠮᠣᠩᠭᠣᠯ ᠢ᠋ᠶ᠋ᠠᠷ ᠢ᠋ᠶ᠋ᠠᠨ ᠳᠠᠭᠤᠯᠠ ᠡᠨᠡ ᠬᠣᠷᠸ᠎ᠠ ᠪᠠᠶᠠᠰᠳᠠᠭ ᠶᠤᠮ᠃
23. ᠴᠡᠴᠡᠭ
ᠮᠣᠩᠭᠣᠯ ᠤ᠋ᠨ ᠬᠡᠢᠮᠣᠷᠢ ᠦᠷᠭᠦᠯᠵᠢ ᠥᠭᠡᠳᠡ ᠪᠡᠨ ᠪᠠᠢᠭᠠᠰᠠᠢ!
24. ᠰᠤᠪᠤᠳ
ᠣᠨᠴᠠ ᠴᠢᠳᠠᠯᠲᠠᠢ ᠡᠶᠡᠷᠭᠦ ᠡᠨᠧᠷᠭᠢ ᠣᠷᠴᠢᠨ ᠲᠣᠭᠣᠷᠢᠨ ᠳ᠋ᠤ᠌ ᠨᠡᠢᠳᠡᠮ ᠣᠷᠣᠰᠢᠨ᠎ᠠ᠂
ᠤᠬᠠᠮᠰᠠᠷ ᠪᠢᠯᠢᠭ ᠠᠯᠬᠤᠮ ᠨᠢᠭᠡᠳᠪᠡᠯ ᠣᠶᠤᠨ ᠮᠠᠬᠠᠪᠣᠳ ᠲᠤᠩᠭᠠᠯᠠᠭᠰᠢᠨ ᠴᠢᠭᠢᠷᠠᠭᠵᠢᠨᠠ᠃
25. ᠠᠶᠣᠷᠽᠠᠨ᠎ᠠ
ᠮᠣᠩᠭᠣᠯ ᠬᠥᠮᠦᠨ ᠪᠦᠬᠦᠨ ᠡᠬᠡ ᠬᠡᠯᠡ ᠰᠣᠶᠣᠯ ᠢ᠋ᠶ᠋ᠠᠨ ᠬᠠᠮᠠᠭᠠᠯᠠᠬᠤ ᠬᠠᠷᠢᠭᠤᠴᠠᠯᠭ᠎ᠠ ᠭᠡᠳᠡᠭ ᠮᠡᠳᠡᠵᠦ ᠴᠠᠬᠢᠮ ᠬᠠᠭᠤᠳᠠᠰᠤᠨ ᠳ᠋ᠤ᠌ ᠳᠡᠯᠭᠡᠷᠡᠭᠦᠯᠦᠶ᠎ᠡ!
26. ᠦᠵᠢᠶᠡᠳ ᠡᠷᠳᠡᠨᠢᠴᠡᠴᠡᠭ
ᠴᠢᠩᠭᠢᠰ ᠬᠠᠭᠠᠨ ᠲᠡᠮᠦᠵᠢᠨ ᠦ᠌ ᠭᠠᠢᠬᠠᠮᠰᠢᠭᠲᠤ ᠳᠥᠷᠪᠡ ᠨᠦ᠍ᠭᠦᠳ ᠡᠴᠡ
ᠳᠥᠷᠪᠡᠨ ᠬᠠᠲᠤᠨ᠄ ᠪᠥᠷᠲᠡ ᠬᠠᠲᠤᠨ᠂ ᠬᠤᠯᠠᠨ ᠬᠠᠲᠤᠨ᠂ ᠶᠢᠰᠦᠢ ᠬᠠᠲᠤᠨ᠂ ᠶᠢᠰᠦᠬᠡᠨ ᠬᠠᠲᠤᠨ᠃
ᠳᠥᠷᠪᠡᠨ ᠳᠡᠭᠦᠦ᠄ ᠬᠠᠪᠤᠲᠤ ᠬᠠᠰᠠᠷ᠂ ᠪᠥᠬᠡ ᠪᠡᠯᠭᠦᠳᠡᠢ᠂ᠬᠠᠴᠢᠭᠤᠨ᠂ᠲᠡᠮᠦᠭᠡ ᠣᠳᠴᠢᠬᠢᠨ᠃
ᠳᠥᠷᠪᠡᠨ ᠬᠦᠯᠦᠭ ᠄ ᠪᠤᠭᠤᠷᠵᠢ ᠂ᠮᠤᠬᠤᠯᠠᠢ᠂ ᠪᠣᠷᠣᠬᠣᠯ ᠂ ᠴᠢᠯᠠᠭᠤᠨ᠃
ᠳᠥᠷᠪᠡᠨ ᠡᠷᠭᠦᠮᠡᠯ ᠳᠡᠭᠦᠦ᠄ᠵᠦᠷᠬᠢᠨ ᠦ᠌ ᠪᠣᠷᠣᠬᠣᠯ ᠂ ᠮᠡᠷᠭᠢᠳ ᠦ᠋ᠨ ᠬᠦᠴᠦ᠂ ᠲᠠᠢᠴᠢᠭᠤᠳ ᠤ᠋ᠨ ᠬᠥᠭᠡᠴᠦ᠂ ᠲᠠᠲ᠋ᠠᠷ ᠤ᠋ᠨ ᠰᠢᠭᠢᠬᠤᠲᠤᠭ᠃
ᠳᠥᠷᠪᠡᠨ ᠬᠦᠦ᠄ ᠵᠥᠴᠢ᠂ ᠴᠠᠭᠠᠲᠠᠢ᠂ ᠥᠭᠡᠳᠡᠢ᠂ ᠲᠤᠯᠤᠢ ᠃
27. ᠮᠥᠩᠭᠥᠨ
ᠪᠠᠢᠭᠠᠯᠢ ᠲᠠᠢ ᠰᠣᠯᠢᠭᠰᠠᠨ ᠦᠭᠡ
ᠳ᠂ ᠫᠦᠷᠪᠦᠳᠣᠷᠵᠢ
ᠲᠣᠭᠣᠷᠢᠮ
ᠠᠭᠠᠭᠢᠮ᠎ᠠ ᠬᠠᠯᠠᠭᠤᠨ ᠭᠣᠪᠢ ᠶ᠋ᠢᠨ
ᠠᠶᠠᠭᠠᠨ ᠪᠣᠷᠣ ᠲᠣᠭᠣᠷᠢᠮ ᠠ᠋
ᠠᠯᠠᠭᠠᠨ ᠳ᠋ᠤ᠌ ᠪᠠᠨ ᠴᠢᠮ᠎ᠠ ᠠ᠋ᠴᠠ ᠳᠡᠭᠡᠵᠢᠯᠡᠶ᠎ᠡ
ᠠᠩᠭᠠᠭ᠎ᠠ ᠲᠠᠢᠯᠤᠭᠠᠳ ᠮᠣᠷᠳᠠᠶ᠎ᠠ᠃
28. ᠰᠣᠨᠢᠨᠴᠡᠴᠡᠭ ᠂
ᠪᠦᠯᠬᠦᠮᠳᠡᠯ
ᠬᠣᠶᠠᠷ ᠬᠥᠮᠦᠨ ᠪᠦᠯᠬᠦᠮᠳᠡᠪᠡᠰᠦ ᠲᠡᠮᠦᠷ ᠬᠡᠷᠡᠮ ᠮᠡᠲᠦ
ᠬᠣᠷᠢᠨ ᠬᠥᠮᠦᠨ ᠪᠦᠯᠬᠦᠮᠳᠡᠪᠡᠰᠦ ᠠᠯᠲᠠᠨ ᠬᠡᠷᠡᠮ ᠮᠡᠲᠦ
ᠬᠣᠰᠢᠭᠤ ᠠᠢᠯ ᠢ᠋ᠶ᠋ᠠᠷ ᠢ᠋ᠶ᠋ᠠᠨ ᠨᠢᠭᠲᠠᠷᠠᠪᠠᠰᠤ ᠬᠠᠰ ᠬᠡᠷᠡᠮ ᠮᠡᠲᠦ
ᠬᠤᠪᠢ ᠪᠠᠨ ᠰᠠᠬᠢᠵᠤ ᠬᠠᠭᠠᠴᠠᠪᠠᠰᠤ ᠡᠪᠳᠡᠷᠬᠡᠢ ᠬᠡᠷᠡᠮ ᠮᠡᠲᠦ᠃
29.ᠵᠢᠷᠠᠨᠲᠠᠢ
ᠨᠠᠷᠠ ᠬᠠᠮᠢᠭ᠎ᠠ ᠪᠠᠢᠬᠤ ᠪᠣᠢ? ᠦᠵᠡᠯ ᠰᠠᠨᠠᠭ᠎ᠠ ᠣᠷᠣᠰᠢᠬᠤ ᠣᠷᠣᠨ ᠳ᠋ᠤ᠌᠂ ᠬᠠᠬᠢᠷ ᠬᠦᠢᠲᠡᠨ ᠬᠠᠮᠢᠭ᠎ᠠ ᠪᠠᠢᠬᠤ ᠪᠣᠢ? ᠲᠡᠨᠡᠭ ᠮᠤᠩᠬᠠᠭ ᠪᠠ ᠥᠨᠳᠥᠷ ᠨᠠᠰᠤᠲᠠᠢᠴᠤᠳ ᠤ᠋ᠨ ᠨᠤᠲᠤᠭᠰᠢᠭᠰᠠᠨ ᠣᠷᠣᠨ ᠳ᠋ᠤ᠌᠂ ᠡᠨᠡ ᠪᠣᠳᠠᠲᠤ ᠶᠠᠪᠤᠳᠠᠯ ᠠ᠋ᠴᠠ ᠪᠦᠬᠦᠯᠢ ᠪᠦᠲᠦᠨ ᠰᠢᠨᠵᠢᠯᠡᠬᠦ ᠤᠬᠠᠭᠠᠨ ᠪᠦᠷᠢᠯᠳᠦᠨ᠎ᠡ᠃ — ᠪᠠᠯᠽᠠᠺ
30. ᠰᠤᠪᠤᠳ
ᠣᠨᠴᠠ ᠴᠢᠳᠠᠯᠲᠤ ᠡᠶᠡᠷᠭᠦ ᠡᠨᠧᠷᠭᠢ ᠣᠷᠴᠢᠨ ᠲᠣᠭᠣᠷᠢᠨ ᠳ᠋ᠤ᠌ ᠨᠡᠢᠳᠡᠮ ᠣᠷᠣᠰᠢᠨ᠎ᠠ᠂
ᠤᠬᠠᠮᠰᠠᠷ ᠪᠢᠯᠢᠭ ᠠᠯᠬᠤᠮ ᠨᠢᠭᠡᠳᠪᠡᠯ ᠣᠶᠤᠨ ᠮᠠᠬᠠᠪᠣᠳ ᠲᠤᠩᠭᠠᠯᠠᠭᠰᠢᠨ ᠴᠢᠭᠢᠷᠠᠭᠵᠢᠨᠠ᠃
31. ᠰᠣᠨᠢᠨᠴᠡᠴᠡᠭ ᠂
ᠶᠣᠰᠣ ᠶ᠋ᠢ ᠮᠡᠳᠡᠬᠦ ᠬᠥᠮᠦᠨ ᠠᠭᠤᠤ ᠪᠢᠰᠢ
ᠬᠠᠷᠢᠨ ᠶᠣᠰᠣ ᠶ᠋ᠢ ᠭᠦᠢᠴᠡᠳᠬᠡᠬᠦ ᠬᠥᠮᠦᠨ ᠠᠭᠤᠤ ᠶᠡᠬᠡ᠃
32. ᠰᠤᠪᠤᠳ
ᠠᠵᠠ ᠵᠢᠷᠭᠠᠯ ᠪᠣᠯ ᠮᠢᠨᠦᠬᠢ᠂ ᠡᠷᠡᠭᠦᠯ ᠰᠠᠷᠠᠭᠤᠯ ᠪᠣᠯ ᠮᠢᠨᠦᠬᠢ᠂ ᠠᠷᠢᠭᠤᠨ ᠰᠡᠳᠬᠢᠯ ᠪᠣᠯ ᠮᠢᠨᠦᠬᠢ᠂ ᠪᠠᠶᠠᠷ ᠪᠠᠶᠠᠰᠤᠯ ᠪᠣᠯ ᠮᠢᠨᠦᠬᠢ᠂ ᠡᠪ ᠨᠠᠢᠷᠠᠮᠳᠠᠯ ᠪᠣᠯ ᠮᠢᠨᠦᠬᠢ᠂ ᠠᠵᠢᠯᠴᠢ ᠬᠥᠳᠡᠯᠮᠦᠷᠢᠴᠢ ᠪᠣᠯ ᠮᠢᠨᠦᠬᠢ᠂ ᠪᠠᠶᠠᠨ ᠴᠢᠨᠡᠭᠡᠯᠢᠭ ᠪᠣᠯ ᠮᠢᠨᠦᠬᠢ᠂ ᠬᠠᠢᠷ᠎ᠠ ᠰᠡᠳᠬᠢᠯ ᠪᠣᠯ ᠮᠢᠨᠦᠬᠢ᠂ ᠴᠢᠷᠮᠠᠢᠯᠭ᠎ᠠ ᠰᠤᠷᠤᠯᠴᠠᠯᠭ᠎ᠠ ᠪᠣᠯ ᠮᠢᠨᠦᠬᠢ᠂ ᠪᠦᠯᠬᠦᠮᠳᠡᠯ ᠨᠥᠬᠥᠷᠰᠡᠭ ᠪᠣᠯ ᠮᠢᠨᠦᠬᠢ᠃
33. ᠤᠤᠭᠠᠨᠵᠢᠳ
ᠡᠷᠳᠡᠮ ᠮᠡᠳᠡᠯᠭᠡ ᠦᠭᠡᠢ ᠪᠣᠯ ᠶᠠᠮᠠᠷᠪᠠ ᠴᠠᠭ ᠦᠶ᠎ᠡ᠂ ᠶᠠᠮᠠᠷ ᠴᠤ᠌ ᠬᠥᠮᠦᠨ ᠳ᠋ᠦ᠍ ᠴᠥᠮ ᠬᠠᠪᠰᠤᠷᠤᠯᠭ᠎ᠠ ᠦᠭᠡᠢ ᠮᠥᠷᠲᠡᠭᠡᠨ ᠰᠠᠢᠨ ᠲᠠᠯ᠎ᠠ ᠶ᠋ᠢ ᠠᠪᠴᠢᠷᠠᠳᠠᠭ ᠦᠭᠡᠢ ᠶᠦᠮ᠃ — ᠯᠧᠨᠢᠨ
34. ᠴᠡᠴᠡᠭ
ᠦᠦᠷ ᠬᠠᠶᠠᠭᠠᠷᠠᠵᠤ ᠨᠠᠷᠠ ᠮᠠᠨᠳᠤᠬᠤ ᠴᠠᠭ ᠣᠢᠷᠠᠳᠴᠤ ᠪᠠᠢᠨ᠎ᠠ᠃
35. ᠨᠠᠷᠠᠨᠲᠣᠭᠣᠰ
ᠮᠣᠩᠭᠣᠯ ᠦᠰᠦᠭ ᠢ᠋ᠶ᠋ᠡᠨ ᠪᠢᠴᠢᠬᠦ ᠳ᠋ᠦ᠍—
ᠬᠣᠯᠠ ᠶ᠋ᠢᠨ ᠠᠭᠤᠯᠠᠰ ᠬᠣᠯᠪᠣᠯᠳᠤᠨ ᠵᠢᠭᠳᠡᠷᠡᠵᠦ ᠬᠠᠷᠠᠭᠳᠠᠳᠠᠭ᠂
ᠬᠤᠷᠴᠠ ᠰᠡᠯᠡᠮ᠎ᠡ ᠭᠢᠯᠠᠯᠵᠠᠨ ᠴᠠᠬᠢᠯᠵᠤ ᠬᠠᠷᠠᠭᠳᠠᠳᠠᠭ᠂
ᠬᠤᠷᠳᠤᠨ ᠠᠭᠲᠠ ᠳᠡᠭᠦᠯᠢᠨ ᠳᠠᠪᠬᠢᠵᠤ ᠬᠠᠷᠠᠭᠳᠠᠳᠠᠭ᠂
ᠬᠤᠷ᠎ᠠ ᠶ᠋ᠢᠨ ᠤᠰᠤ ᠴᠢᠳᠬᠤᠯᠠᠨ ᠪᠠᠭᠤᠬᠤ ᠬᠠᠷᠠᠭᠳᠠᠳᠠᠭ᠃
36. ᠮᠡᠷᠭᠡᠨᠪᠢᠯᠢᠭ
ᠲᠠᠷᠢᠬᠢ ᠨᠢ ᠬᠣᠭᠣᠰᠣᠷᠠᠪᠠᠯ ᠴᠢᠮᠥᠭᠡ ᠨᠢ ᠬᠣᠭᠣᠰᠣᠷᠠᠨ᠎ᠠ
ᠲᠠᠷᠢᠬᠢ ᠴᠢᠮᠥᠭᠡ ᠬᠣᠶᠠᠭᠤᠯᠠ ᠪᠠᠨ ᠬᠣᠭᠣᠰᠣᠷᠠᠪᠠᠯ ᠦᠬᠦᠵᠦ ᠮᠥᠬᠥᠨ᠎ᠡ ᠰᠢᠦ
ᠪᠣᠳᠣᠬᠤ ᠰᠢᠨᠵᠢᠬᠦ ᠪᠣᠳᠣᠯᠭ᠎ᠠ ᠤᠬᠠᠭᠠᠨ ᠢ᠋ᠶ᠋ᠠᠨ ᠨᠠᠷᠢᠪᠴᠢᠯᠠᠭᠠᠷᠠᠢ!
-ᠴᠢᠩᠭᠢᠰ ᠦ᠋ᠨ ᠰᠤᠷᠭᠠᠯ
37. ᠰᠤᠪᠤᠳ
ᠦᠳᠡᠯᠦᠭᠡ ᠨᠠᠰᠤᠲᠠᠳ ᠨᠢ ᠢᠷᠥᠭᠡᠵᠦ ᠪᠢᠴᠢᠶ᠎ᠡ᠂ ᠦᠶ᠎ᠡ ᠶ᠋ᠢᠨ ᠬᠥᠮᠦᠰ ᠨᠢ ᠢᠳᠡᠪᠬᠢᠯᠡᠨ ᠪᠢᠴᠢᠶ᠎ᠡ᠂ ᠦᠷ᠎ᠡ ᠬᠣᠢᠴᠢᠰ ᠲᠤ᠌ ᠪᠠᠨ ᠤᠯᠠᠮᠵᠢᠯᠠᠵᠤ ᠪᠢᠴᠢᠶ᠎ᠡ᠂ ᠥᠰᠪᠥᠷᠢ ᠪᠠᠭᠠᠴᠤᠳ ᠲᠤ᠌ ᠪᠠᠨ ᠵᠠᠯᠭᠠᠮᠵᠢᠯᠠᠭᠤᠯᠵᠤ ᠪᠢᠴᠢᠶ᠎ᠡ!!
38. ᠭᠠᠹᠠᠯᠮ᠎ᠠ
ᠮᠣᠩᠭᠣᠯ ᠬᠡᠯᠡ ᠪᠡᠷ ᠰᠤᠷᠤᠭᠰᠠᠨ ᠬᠦᠦ ᠶ᠋ᠢᠨ ᠰᠦᠯᠳᠡ ᠨᠢ ᠲᠠᠩᠳᠠ ᠵᠣᠭᠰᠣᠭ᠎ᠠ ᠪᠠᠢᠳᠠᠭ᠂᠂
ᠮᠣᠩᠭᠣᠯ ᠬᠡᠯᠡ ᠪᠡᠷ ᠰᠤᠷᠤᠭᠰᠠᠨ ᠬᠡᠦᠬᠡᠨ ᠦ᠌ ᠬᠡᠢᠮᠣᠷᠢ ᠨᠢ ᠲᠠᠩᠳᠠ ᠪᠣᠰᠤᠭ᠎ᠠ ᠪᠠᠢᠳᠠᠭ᠃
39. ᠰᠣᠨᠢᠨᠴᠡᠴᠡᠭ ᠂
ᠨᠢᠭᠡ ᠰᠠᠢᠨ ᠪᠠᠭᠰᠢ ᠮᠢᠩᠭᠠᠨ ᠪᠤᠷᠬᠠᠨ ᠲᠠᠢ ᠲᠡᠩᠴᠡᠨ᠎ᠡ
ᠨᠢᠭᠡ ᠰᠠᠢᠨ ᠪᠤᠷᠬᠠᠨ ᠲᠦᠮᠡᠨ ᠨᠣᠮ ᠲᠠᠢ ᠲᠡᠩᠴᠡᠨ᠎ᠡ
ᠨᠢᠭᠡ ᠰᠠᠢᠨ ᠨᠣᠮ ᠪᠣᠮᠠᠨ ᠤᠬᠠᠭᠠᠨ ᠲᠠᠢ ᠲᠡᠩᠴᠡᠨ᠎ᠡ
ᠮᠣᠩᠭᠣᠯ ᠴᠠᠭᠠᠨ ᠲᠣᠯᠣᠭᠠᠢ ᠮᠥᠩᠬᠡ ᠲᠩᠷᠢ ᠲᠡᠢ ᠲᠡᠩᠴᠡᠨ᠎ᠡ᠃
ᠠ ᠠ᠋ ᠢ ᠣ ᠣ ᠦ ᠦ
40. ᠮᠥᠩᠭᠥᠨ
ᠬᠡᠷᠪᠡ
ᠭ᠂ ᠴᠢᠩᠪᠠᠭᠠᠲᠤᠷ
ᠬᠡᠷᠪᠡ ᠨᠠᠳᠠ ᠰᠢᠭ᠋ ᠠᠳᠤᠭᠤᠨ ᠤ᠋ ᠵᠢᠰᠦᠮ ᠲᠠᠨᠢᠬᠤ ᠦᠭᠡᠢ ᠮᠣᠩᠭᠣᠯ ᠬᠦᠦ
ᠬᠡᠵᠢᠶᠡᠳᠡ ᠡᠨᠡ ᠨᠤᠲᠤᠭ ᠲᠤ᠌ ᠪᠠᠢᠭᠠᠳ ᠪᠠᠢᠪᠠᠯ
ᠬᠡᠴᠢᠨᠡᠭᠡᠨ ᠵᠢᠯ ᠦ᠋ᠨ ᠬᠣᠢᠨ᠎ᠠ ᠢᠰᠡᠭᠡᠢ ᠴᠠᠭᠠᠨ ᠭᠡᠷ
ᠬᠡᠨ ᠨᠢᠭᠡᠨ ᠦ᠌ ᠳᠤᠷᠠᠰᠤᠯ ᠳ᠋ᠤ᠌ ᠳᠣᠮᠣᠭ ᠪᠣᠯᠵᠤ ᠬᠠᠭᠤᠴᠢᠷᠠᠨ᠎ᠠ᠃
41. ᠭᠠᠹᠠᠯᠮ᠎ᠠ
《ᠬᠡᠢᠮᠣᠷᠢ ᠲᠣᠯᠢ》 ᠨᠠᠢᠷᠠᠭᠤᠯᠵᠤ ᠪᠠᠢᠭ᠎ᠠ ᠪᠦᠬᠦ ᠬᠥᠮᠦᠰ ᠲᠡᠭᠡᠨ ᠠᠵᠢᠯ ᠤ᠋ᠨ ᠥᠨᠳᠥᠷ ᠠᠮᠵᠢᠯᠲᠠ ᠬᠦᠰᠡᠶ᠎ᠡ!
42. ᠭᠠᠹᠠᠯᠮ᠎ᠠ
ᠲᠥᠷᠥᠭᠰᠡᠨ ᠨᠤᠲᠤᠭ ᠲᠠᠢ ᠪᠠᠨ ᠪᠠᠢᠪᠠᠯ ᠠᠮᠢᠳᠤᠷᠠᠯ ᠬᠡᠵᠢᠶᠡᠳᠡ ᠲᠠᠢᠪᠤᠩ᠂
ᠲᠥᠷᠥᠯᠬᠢ ᠬᠡᠯᠡ ᠲᠡᠢ ᠪᠡᠨ ᠪᠠᠢᠪᠠᠯ ᠮᠣᠩᠭᠣᠯ ᠬᠡᠵᠢᠶᠡᠳᠡ ᠠᠮᠤᠭᠤᠯᠠᠩ᠃
43. ᠰᠤᠪᠤᠳ
ᠰᠦᠮᠪᠦᠷ ᠠᠭᠤᠯᠠ ᠮᠡᠲᠦ ᠪᠠᠷ᠎ᠠ ᠲᠠᠢ᠂ ᠰᠦᠨ ᠳᠠᠯᠠᠢ ᠮᠡᠲᠦ ᠬᠡᠰᠢᠭ ᠲᠡᠢ ᠪᠣᠯᠲᠤᠭᠠᠢ!
ᠰᠦᠮᠡᠨ ᠴᠡᠴᠡᠭ ᠮᠡᠲᠦ ᠪᠠᠳᠠᠷᠠᠨ ᠳᠡᠯᠭᠡᠷᠡᠵᠦ᠂ ᠰᠦᠯᠳᠡ ᠬᠡᠢᠮᠣᠷᠢ ᠴᠢᠨᠢ ᠮᠠᠨᠳᠤᠲᠤᠭᠠᠢ!
44. ᠵᠢᠷᠠᠨᠲᠠᠢ
ᠮᠣᠷᠢ ᠪᠣᠯ ᠮᠠᠭᠲᠠᠭᠠᠯ ᠲᠠᠢ᠂ ᠮᠣᠷᠢ ᠪᠣᠯ ᠪᠠᠬᠠᠷᠤᠯᠲᠠᠢ᠃ ᠮᠣᠷᠢ ᠪᠣᠯ ᠡᠷᠬᠡᠲᠡᠨ ᠢ᠋ᠶ᠋ᠡᠷ ᠢ᠋ᠶ᠋ᠡᠨ ᠬᠥᠮᠦᠨ ᠦ᠌ ᠪᠡᠶ᠎ᠡ ᠶ᠋ᠢ ᠡᠷᠡᠭᠦᠯᠵᠢᠭᠦᠯᠵᠦ᠂ ᠠᠷᠠᠰᠤ ᠨᠣᠣᠰᠣ ᠪᠠᠷ ᠢ᠋ᠶ᠋ᠠᠨ ᠬᠥᠮᠦᠰ ᠢ᠋ ᠳᠤᠯᠠᠭᠠᠯᠠᠵᠤ ᠴᠢᠮᠡᠭᠡᠳ᠂ ᠠᠴᠢᠶ᠎ᠠ ᠬᠥᠯᠥᠯᠭᠡ ᠳ᠋ᠦ᠍ ᠬᠥᠯᠥᠰᠥ ᠬᠦᠴᠦ ᠪᠡᠨ ᠭᠠᠷᠭᠠᠵᠤ᠂ ᠠᠲᠠᠭᠠᠲᠠᠨ ᠳᠠᠢᠰᠤᠨ ᠢ᠋ ᠳᠠᠷᠤᠬᠤ ᠬᠠᠨᠢ ᠪᠣᠯᠤᠭᠰᠠᠭᠠᠷ ᠢᠷᠡᠭᠰᠡᠨ ᠢ᠋ ᠬᠥᠮᠦᠨ ᠪᠦᠬᠦᠨ ᠮᠡᠳᠡᠵᠦ ᠪᠠᠢᠬ᠎ᠠ᠃ ᠡᠢᠮᠦ ᠡᠴᠡ ᠪᠢᠳᠡᠨ ᠦ᠌ ᠳᠠᠭᠤᠤ ᠰᠢᠯᠦᠭ ᠲᠡᠭᠡᠨ ᠴᠦ᠍《ᠡᠨᠡᠬᠦ ᠬᠠᠢᠷᠠᠲᠤ ᠮᠣᠷᠢ ᠮᠢᠨᠢ᠂ ᠡᠷᠡᠯᠬᠡᠭ ᠪᠢᠳᠡᠨ ᠦ᠌ ᠨᠥᠬᠥᠷ ᠶᠦᠮ᠂ ᠡᠬᠡ ᠣᠷᠣᠨ ᠢ᠋ᠶ᠋ᠠᠨ ᠬᠠᠮᠠᠭᠠᠯᠠᠬᠤ ᠳ᠋ᠤ᠌᠂ ᠡᠷᠬᠢᠮ ᠵᠡᠪᠰᠡᠭ ᠦ᠋ᠨ ᠨᠢᠭᠡ ᠨᠢ ᠶᠦᠮ᠃ ᠢᠲᠡᠭᠡᠯ ᠬᠠᠢᠷᠠᠲᠠᠢ ᠮᠣᠷᠢ ᠮᠢᠨᠢ᠂ ᠢᠷᠡᠭᠡᠳᠦᠢ ᠶ᠋ᠢ ᠪᠦᠲᠦᠭᠡᠬᠦ ᠳ᠋ᠦ᠍ ᠢᠷᠠᠭᠤ ᠣᠷᠣᠨ ᠤ᠋ ᠪᠠᠨ ᠬᠢᠯᠢ ᠳᠡᠭᠡᠷ᠎ᠡ᠂ ᠢᠮᠠᠭᠲᠠ ᠬᠣᠶᠠᠭᠤᠯᠠ ᠪᠠᠨ ᠵᠣᠭᠰᠣᠨ᠎ᠠ᠂ ᠠ ᠬᠥ ᠮᠣᠷᠢᠨ ᠳ᠋ᠠᠭᠠᠨ ᠮᠣᠷᠳᠠᠪᠠᠯ ᠡᠷᠡᠯᠬᠡᠭ ᠵᠣᠷᠢᠭ ᠢ᠋ ᠮᠢᠨᠢ ᠬᠥᠭᠵᠢᠭᠦᠯᠦᠨ᠎ᠡ》 ᠭᠡᠬᠦ ᠮᠡᠲᠦ ᠪᠡᠷ ᠮᠠᠭᠲᠠᠨ ᠳᠠᠭᠤᠯᠠᠵᠤ ᠢᠷᠡᠭᠰᠡᠨ ᠢ᠋ᠶ᠋ᠡᠷ ᠪᠠᠷᠠᠬᠤ ᠦᠭᠡᠢ᠂ ᠵᠦᠢᠷ ᠰᠡᠴᠡᠨ ᠦᠭᠡᠨ ᠳ᠋ᠦ᠍ ᠴᠦ᠍ ᠠᠳᠤᠭᠤ ᠮᠣᠷᠢ ᠣᠷᠣᠭᠰᠠᠨ ᠦᠭᠡᠰ ᠣᠯᠠᠨ ᠪᠠᠢᠬᠤ ᠶᠤᠮᠰᠠᠨ᠃ ᠵᠢᠱ᠌ᠢᠶᠡᠯᠡᠪᠡᠯ᠄
ᠤᠷᠢᠶ᠎ᠠ ᠮᠣᠷᠢ ᠪᠠᠨ ᠤᠨᠤᠵᠤ ᠰᠤᠷᠭ᠎ᠠ
ᠥᠰᠪᠥᠷᠢ ᠬᠡᠦᠬᠡᠳ ᠢ᠋ᠶ᠋ᠡᠨ ᠬᠥᠮᠦᠵᠢᠭᠦᠯᠵᠦ ᠰᠤᠷᠭ᠎ᠠ᠃
ᠰᠦᠨ ᠰᠠᠴᠤᠯᠢ ᠠ ᠬᠣᠯᠪᠣᠭᠠᠨ ᠨᠠᠢᠵᠠ ᠨᠠᠷ ᠠ᠋ᠴᠠ ᠤᠤᠭᠠᠨᠵᠢᠳ ᠬᠢᠨᠠᠪᠠ
