ᠥᠨᠳᠥᠷ ᠠᠭᠤᠯᠠ ᠶ᠋ᠢᠨ ᠣᠷᠣᠢ -ᠣᠷᠳᠣᠰ ᠠᠷᠠᠳ ᠤ᠋ᠨ ᠳᠠᠭᠤᠤ Өндөр уулын орой-Ордос ардын дуу
ᠥᠨᠳᠥᠷ ᠠᠭᠤᠯᠠ ᠶ᠋ᠢᠨ ᠣᠷᠣᠢ
(ᠣᠷᠳᠣᠰ ᠠᠷᠠᠳ ᠤ᠋ᠨ ᠳᠠᠭᠤᠤ )
ᠵᠢᠯᠣᠭᠣᠳᠤᠭᠰᠠᠨ ᠪᠠᠭᠰᠢ᠄ ᠨᠠ᠊· ᠵᠤᠯᠠ
ᠳᠠᠭᠤᠯᠠᠭᠰᠠᠨ ᠨᠢ᠄ ᠨᠠᠰᠤᠨᠨᠠᠮᠤᠷᠡ᠂ ᠠᠷᠤᠤᠬᠠᠨ᠂ ᠭᠠᠨᠳᠠᠭᠠᠷᠢ᠂ ᠠᠨᠤᠬᠠᠨ᠂ ᠠᠵᠠᠬᠤᠯᠠᠨ᠂ ᠤᠷᠠᠯᠢᠭ
ᠥᠨᠳᠥᠷ ᠠᠭᠤᠯᠠ ᠶ᠋ᠢᠨ ᠣᠷᠣᠢ ᠳ᠋ᠤ᠌
ᠤᠰᠤ ᠶᠠᠭᠠᠬᠢᠵᠤ ᠲᠣᠭᠲᠠᠨ᠎ᠠ ᠳ᠋ᠣᠣ
ᠥᠨᠳᠥᠷ ᠰᠡᠳᠬᠢᠯ ᠲᠡᠢ ᠬᠥᠮᠦᠨ ᠳ᠋ᠦ᠍
ᠬᠡᠰᠢᠭ ᠶᠠᠭᠠᠬᠢᠵᠤ ᠲᠣᠭᠲᠠᠨ᠎ᠠ ᠳ᠋ᠣᠣ
ᠠᠷᠰᠯᠠᠨ ᠤ᠋ᠨ ᠨᠢᠷᠤᠭᠤᠨ ᠳᠡᠭᠡᠷ᠎ᠡ
ᠡᠮᠡᠭᠡᠯ ᠶᠠᠭᠠᠬᠢᠵᠤ ᠲᠣᠭᠲᠠᠨ᠎ᠠ ᠳ᠋ᠣᠣ
ᠠᠭᠠᠰᠢ ᠮᠠᠭᠤ ᠲᠠᠢ ᠬᠥᠮᠦᠨ ᠳ᠋ᠦ᠍
ᠨᠥᠬᠥᠷ ᠶᠠᠭᠠᠬᠢᠵᠤ ᠲᠣᠭᠲᠠᠨ᠎ᠠ ᠳ᠋ᠣᠣ
ᠬᠦᠯᠦᠭ ᠦ᠋ᠨ ᠰᠠᠢᠨ ᠢ ᠮᠡᠳᠡᠶ᠎ᠡ ᠬᠡᠪᠡᠨ
ᠤᠨᠤᠨ ᠪᠠᠢᠵᠤ ᠮᠡᠳᠡᠨ᠎ᠡ ᠳ᠋ᠣᠣ
ᠬᠥᠮᠦᠨ ᠦ᠌ ᠰᠠᠢᠨ ᠢ ᠮᠡᠳᠡᠶ᠎ᠡ ᠬᠡᠪᠡᠨ
ᠶᠠᠪᠤᠨ ᠪᠠᠢᠵᠤ ᠮᠡᠳᠡᠨ᠎ᠡ ᠳ᠋ᠣᠣ
ᠰᠠᠨᠵᠢ ᠦᠭᠡᠢ ᠰᠠᠭᠤᠯᠠᠭᠠᠨ ᠳ᠋ᠤ᠌
ᠣᠭᠣᠰᠣᠷ ᠶᠠᠭᠠᠬᠢᠵᠤ ᠲᠣᠭᠲᠠᠨ᠎ᠠ ᠳ᠋ᠣᠣ
ᠰᠡᠳᠬᠢᠯ ᠥᠨᠳᠥᠷ ᠬᠥᠮᠦᠨ ᠳ᠋ᠦ᠍
ᠬᠡᠰᠢᠭ ᠶᠠᠭᠠᠬᠢᠵᠤ ᠲᠣᠭᠲᠠᠨ᠎ᠠ ᠳ᠋ᠣᠣ
ᠲᠣᠭᠰᠢᠨ ᠮᠣᠷᠢ ᠶ᠋ᠢ ᠤᠨᠤᠬᠤ ᠳ᠋ᠤ᠌ ᠪᠠᠨ
ᠲᠣᠢᠯᠠᠬᠤ ᠠ᠋ᠴᠠ ᠨᠢ ᠬᠢᠴᠢᠶᠡ ᠳ᠋ᠣᠣ
ᠳᠣᠲᠣᠷ ᠮᠠᠭᠤ ᠲᠠᠢ ᠬᠥᠮᠦᠨ ᠡᠴᠡ
ᠲᠣᠭᠣᠷᠢᠰᠬᠢᠵᠤ ᠯᠠ ᠶᠠᠪᠤ ᠳ᠋ᠣᠣ
ᠳᠣᠲᠣᠷ ᠮᠠᠭᠤ ᠲᠠᠢ ᠬᠥᠮᠦᠨ ᠳ᠋ᠦ ᠲᠣᠭᠣᠷᠢᠰᠭᠢᠵᠤ ᠯᠠ ᠶᠠᠪᠤ ᠳ᠋ᠣᠣ
ᠦᠰᠦᠭ ᠠᠮᠢᠯᠠᠭᠤᠯᠵᠤ ᠬᠠᠲᠠᠭᠰᠠᠨ ᠨᠢ᠄ ᠠᠯᠲᠠᠨ᠌ᠠ᠋ᠭᠤᠯᠠ
ᠬᠢᠨᠠᠭᠴᠢ᠄ ᠲᠣᠳᠣᠭᠡᠷᠡᠯ
