ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠭᠤᠷᠪᠠ〕 Цаг төрийн үймээн – Д ᠂ Намдаг - Цаг төрийн үймээн ᠂ гуравдугаар бүлэг -3 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠭᠤᠷᠪᠠ〕 Цаг төрийн үймээн – Д ᠂ Намдаг - Цаг төрийн үймээн ᠂ гуравдугаар бүлэг -3

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠭᠤᠷᠪᠠ〕 Цаг төрийн үймээн – Д ᠂ Намдаг - Цаг төрийн үймээн ᠂ гуравдугаар бүлэг -3

ᠠᠩᠭᠢᠯᠠᠯ:ᠲᠤᠭᠤᠵᠢ ᠷᠣᠮᠠᠨ
2025-12-26

163

ᠡᠬᠡ ᠣᠷᠣᠨ ᠤ ᠳᠠᠭᠤᠳᠠᠯᠭ᠎ᠠ


       ᠬᠢᠲᠠᠳ ᠣᠷᠣᠨ ᠳ᠋ᠤ᠌ ᠴᠠᠭᠠᠨ ᠰᠠᠷ᠎ᠠ ᠠᠷᠪᠠᠨ ᠲᠠᠪᠤᠨ ᠬᠣᠨᠣᠭ ᠦᠷᠭᠦᠯᠵᠢᠯᠡᠳᠡᠭ ᠭᠡᠨ᠎ᠡ᠃ ᠶᠠᠭ ᠠᠷᠪᠠᠨ ᠲᠠᠪᠤᠨ ᠤ᠋ ᠣᠷᠣᠢ ᠰᠠᠷᠠ ᠳᠠᠬᠢᠵᠤ᠂ ᠴᠠᠭᠠᠨ ᠰᠠᠷ᠎ᠠ ᠶ᠋ᠢᠨ ᠢ᠋ᠶ᠋ᠡᠨ ᠪᠠᠶᠠᠷ ᠤ᠋ᠨ ᠲᠡᠭᠦᠰᠬᠡᠯ ᠬᠢᠬᠦ ᠳ᠋ᠦ᠍᠂ ᠮᠠᠷᠭᠠᠰᠢ ᠨᠢ ᠥᠨᠥᠬᠢ ᠪᠦᠬᠦ ᠵᠢᠯ ᠦ᠋ᠨ ᠲᠤᠷᠰᠢ ᠵᠢᠳᠬᠦᠬᠦ ᠠᠵᠢᠯ ᠬᠥᠳᠡᠯᠮᠦᠷᠢ ᠳ᠋ᠡᠭᠡᠨ ᠣᠷᠣᠳᠠᠭ ᠪᠠᠢᠵᠠᠢ᠃ ᠰᠠᠷᠠ ᠲᠠᠬᠢᠬᠤ ᠠ᠋ᠴᠠ ᠲᠠᠪᠤᠨ ᠬᠣᠨᠣᠭ ᠤ᠋ᠨ ᠡᠮᠦᠨ᠎ᠡ ᠳᠡ ᠯᠣᠣᠶᠧ᠂ ᠯᠤᠤ ᠯᠢ ᠳ᠋ᠠᠨᠽᠡᠨ ᠬᠣᠶᠠᠷ ᠲᠤ ᠲᠤᠰᠬᠠᠢ ᠬᠥᠮᠦᠨ ᠶᠠᠪᠤᠭᠤᠯᠤᠨ ᠳᠠᠭᠤᠳᠠᠭᠤᠯᠵᠠᠢ᠃ ᠡᠢᠮᠦ ᠶᠠᠪᠤᠳᠠᠯ ᠯᠤᠤ ᠯᠢ ᠳ᠋ᠦ᠍ ᠪᠠᠢᠲᠤᠭᠠᠢ ᠡᠴᠢᠭᠡ ᠡᠪᠦᠭᠡᠳ ᠲᠦ᠍ ᠴᠦ᠍ ᠲᠣᠬᠢᠶᠠᠯᠳᠤᠵᠤ ᠪᠠᠢᠭᠰᠠᠨ ᠦᠭᠡᠢ ᠤᠴᠢᠷ ᠴᠥᠮ ᠭᠠᠢᠬᠠᠨ ᠱᠠᠭᠰᠢᠯᠳᠤᠨ᠎ᠠ᠃ ᠣᠴᠢᠬᠤ ᠪᠠᠷ ᠶᠠᠪᠤᠵᠤ ᠪᠠᠢᠬᠤ ᠵᠠᠭᠤᠷ᠎ᠠ᠂ ᠯᠤᠤ ᠯᠢ ᠳ᠋ᠠᠨᠽᠡᠨ ᠳ᠋ᠦ᠍᠄ ᠳᠡ ᠯᠣᠣᠶᠧ ᠶ᠋ᠢᠨ ᠬᠡᠴᠢᠨᠡᠭᠡᠨ ᠶᠡᠬᠡ ᠠᠷᠪᠢᠨ ᠪᠤᠶᠠᠨ ᠠᠴᠢ ᠢᠪᠡᠭᠡᠯ ᠲᠡᠢ ᠪᠣᠯᠬᠤ ᠶ᠋ᠢ ᠠᠮᠠ ᠳᠦᠭᠦᠷᠡᠩ ᠪᠠᠬᠠᠳᠤᠨ ᠰᠠᠢᠰᠢᠶᠠᠪᠠ᠃ 
       — ᠠᠢ ᠳᠠ ᠯᠣᠣᠶᠧ ᠦᠨᠡᠬᠡᠷ ᠬᠡᠯᠡᠵᠦ ᠪᠠᠷᠠᠰᠢ ᠦᠭᠡᠢ ᠪᠠᠶᠠᠨ ᠰᠢᠦ ᠭᠡᠵᠦ ᠦᠭᠡ ᠪᠡᠨ ᠡᠬᠢᠯᠡᠭᠡᠳ ᠳᠠᠷᠠᠭ᠎ᠠ ᠨᠢ᠄ ᠴᠢ ᠬᠠᠷᠠ ᠳᠠ! ᠡᠨᠡ ᠭᠣᠣᠯ ᠤ᠋ᠨ ᠤᠷᠲᠤ ᠬᠥᠨᠳᠡᠢ ᠲᠡᠷᠡ ᠠᠶᠠᠪᠠᠷ ᠢ᠋ᠶ᠋ᠠᠨ ᠳᠠ ᠯᠣᠣᠶᠧ ᠶ᠋ᠢᠨ ᠲᠠᠷᠢᠶᠠᠨ ᠤ᠋ ᠭᠠᠵᠠᠷ᠃ ᠬᠣᠶᠠᠷ ᠲᠠᠯ᠎ᠠ ᠪᠠᠷ ᠨᠢ ᠲᠠᠲᠠᠭᠰᠠᠨ ᠶᠡᠬᠡ ᠱᠤᠤᠳᠤᠤ ᠪᠣᠢ᠃ ᠵᠥᠪᠬᠡᠨ ᠠᠳᠠᠭ ᠲᠤᠨᠢ ᠪᠤᠰᠤᠳ ᠠᠢᠯ ᠤ᠋ᠳ ᠤ᠋ᠨ ᠵᠢᠭᠠᠯ ᠵᠤᠭ᠎ᠠ ᠭᠠᠵᠠᠷ ᠪᠠᠢᠬᠤ ᠪᠣᠯᠪᠠᠴᠤ᠂ ᠱᠤᠤᠳᠤᠤ ᠨᠢ ᠯᠣᠣᠶᠧ ᠶ᠋ᠢᠨ ᠬᠢ᠂ ᠵᠢᠯ ᠦ᠋ᠨ ᠵᠢᠯ ᠳ᠋ᠦ᠍ ᠯᠣᠣᠶᠧ ᠳ᠋ᠦ᠍ ᠦᠨ᠎ᠡ ᠳᠥᠯᠥᠨ ᠲᠠᠷᠢᠶ᠎ᠠ ᠪᠠᠨ ᠤᠰᠤᠯᠠᠨ᠎ᠠ᠃ ᠠᠶ᠎ᠠ ᠵᠠᠷᠢᠮ ᠵᠢᠯ ᠭᠠᠩ ᠪᠣᠯᠤᠨ ᠤᠰᠤ ᠬᠣᠪᠣᠷᠳᠠᠬᠤ ᠳ᠋ᠤ᠌᠂ ᠳᠠ ᠯᠣᠣᠶᠧ ᠶ᠋ᠢᠨ ᠤᠰᠤ ᠥᠨᠳᠥᠷ ᠦᠨ᠎ᠡ ᠲᠡᠢ ᠪᠣᠯᠤᠨ᠎ᠠ᠃ ᠲᠡᠭᠡᠬᠦᠯᠡᠷ ᠬᠥᠮᠦᠰ ᠳᠣᠲᠣᠷ᠎ᠠ ᠪᠠᠨ ᠠᠭᠤᠷᠯᠠᠨ ᠡᠯᠳᠡᠪ ᠢ᠋ᠶ᠋ᠡᠷ ᠬᠠᠷᠢᠶᠠᠨ ᠵᠠᠨᠤᠨ᠎ᠠ᠃ ᠮᠢᠨᠦ ᠪᠣᠳᠣᠬᠤ ᠳ᠋ᠤ᠌ ᠳᠠ ᠯᠣᠣᠶᠧ ᠴᠦ᠍ ᠪᠠᠰᠠ ᠠᠷᠭ᠎ᠠ ᠦᠭᠡᠢ᠂ ᠨᠢᠭᠡ ᠳ᠋ᠦ᠍ ᠥᠪᠡᠷ ᠦ᠋ᠨ ᠭᠠᠵᠠᠷ ᠪᠠᠢᠨ᠎ᠠ᠃ ᠬᠣᠶᠠᠷ ᠲᠤ ᠤᠭ ᠱᠤᠤᠳᠤᠤ ᠶ᠋ᠢ ᠮᠠᠯᠲᠠᠬᠤ ᠳ᠋ᠤ᠌ ᠮᠥᠨ ᠴᠦ᠍ ᠶᠡᠬᠡ ᠬᠥᠷᠥᠩᠭᠡ ᠣᠷᠣᠭᠰᠠᠨ ᠨᠢ ᠮᠡᠳᠡᠭᠡᠵᠢ᠃  
       ᠮᠠᠨ ᠤ᠋ ᠠᠪᠤ ᠶ᠋ᠢ ᠵᠠᠯᠠᠭᠤ ᠪᠠᠢᠬᠤ ᠳ᠋ᠤ᠌ ᠠᠩᠬ᠎ᠠ ᠮᠠᠯᠲᠠᠭᠰᠠᠨ ᠶᠤᠮ ᠭᠡᠨ᠎ᠡ ᠪᠢᠯᠡ! ᠲᠡᠷᠡ ᠴᠠᠭ ᠲᠤ ᠡᠨᠡ ᠳᠡ ᠯᠣᠣᠶᠧ ᠬᠠᠮᠢᠭ᠎ᠠ ᠠ᠋ᠴᠠ ᠪᠠᠢᠬᠤ ᠪᠣᠢ᠃ ᠡᠴᠢᠭᠡ ᠳᠡ ᠯᠣᠣᠶᠧ ᠨᠢ ᠯᠡ ᠪᠠᠢᠵᠠᠢ᠃ ᠪᠠᠰᠠ ᠲᠡᠷᠡ ᠴᠠᠭ ᠲᠤ ᠪᠠᠶᠠᠨ ᠴᠦ᠍ ᠪᠢᠰᠢ᠂ ᠬᠠᠷᠢᠨ ᠶᠡᠬᠡ ᠤᠬᠠᠭᠠᠨ ᠲᠠᠢ᠃ ᠡᠬᠢᠯᠡᠭᠡᠳ ᠲᠡᠷᠡ ᠬᠥᠮᠦᠨ ᠪᠦᠬᠦ ᠬᠥᠷᠥᠩᠭᠡ ᠪᠡᠨ ᠪᠣᠷᠣᠯᠠᠭᠤᠯᠵᠤ᠂ ᠪᠡᠭᠡᠵᠢᠩ ᠡᠴᠡ ᠵᠢᠭᠠᠯ  ᠵᠤᠭ᠎ᠠ ᠨᠠᠷᠢᠨ ᠪᠠᠷᠠᠭ᠎ᠠ ᠠᠪᠴᠢᠷᠠᠵᠤ ᠡᠨᠳᠡᠬᠢ ᠶ᠋ᠢᠨ ᠴᠠᠬᠠᠷ ᠨᠣᠶᠠᠳ ᠲᠤ ᠪᠡᠯᠡᠭ ᠪᠠᠷᠢᠨ ᠭᠠᠵᠠᠷ ᠠᠪᠤᠭᠰᠠᠨ ᠭᠡᠳᠡᠭ᠃ ᠡᠨᠡ ᠪᠣᠯ ᠶᠡᠬᠡ ᠤᠬᠠᠭᠠᠨ᠂ ᠭᠠᠵᠠᠷ ᠰᠢᠷᠣᠢ ᠮᠥᠩᠬᠡ᠂ ᠡᠳ᠋ ᠪᠠᠷᠠᠭ᠎ᠠ ᠡᠯᠡᠭᠳᠡᠨ᠎ᠡ᠃ ᠲᠡᠷᠡ ᠶᠣᠰᠣᠭᠠᠷ ᠴᠠᠬᠠᠷ ᠨᠣᠶᠠᠨ ᠤ᠋ ᠠᠪᠤᠭᠰᠠᠨ ᠲᠡᠷᠡ ᠪᠡᠯᠡᠭ ᠡᠴᠡ ᠣᠳᠣ ᠦᠷ᠎ᠡ ᠬᠡᠦᠬᠡᠳ ᠲᠦ᠋ᠨᠢ ᠶᠠᠭᠤ ᠴᠦ᠍ ᠦᠯᠡᠳᠡᠭᠡ ᠦᠭᠡᠢ ᠪᠠᠢᠬᠤ ᠳ᠋ᠤ᠌᠂ ᠥᠭᠭᠦᠭᠰᠡᠨ ᠭᠠᠵᠠᠷ ᠨᠢ ᠪᠠᠢᠵᠤ ᠯᠠ ᠪᠠᠢᠨ᠎ᠠ᠃ ᠭᠡᠲᠡᠯ᠎ᠡ ᠳᠡ ᠯᠣᠣᠶᠧ ᠶ᠋ᠢᠨ ᠡᠴᠢᠭᠡ ᠶ᠋ᠢᠨ ᠤᠬᠠᠭᠠᠨ ᠲᠡᠭᠦᠪᠡᠷ ᠵᠣᠭᠰᠣᠬᠤ ᠦᠭᠡᠢ᠃ ᠵᠢᠱ᠌ᠢᠶᠡᠯᠡᠪᠡᠯ ᠭᠠᠵᠠᠷ ᠲᠠᠢ ᠪᠣᠯᠤᠭᠰᠠᠨ ᠳᠠᠷᠤᠢ ᠳ᠋ᠠᠭᠠᠨ ᠲᠠᠷᠢᠶ᠎ᠠ ᠲᠠᠷᠢᠬᠤ ᠶ᠋ᠢᠨ ᠣᠷᠣᠨ ᠳ᠋ᠤ᠌ ᠱᠤᠤᠳᠤᠤ ᠮᠠᠯᠲᠠᠭᠤᠯᠵᠠᠢ᠃ ᠲᠡᠭᠦᠨ ᠳ᠋ᠦ᠍ᠨᠢ ᠮᠠᠨ ᠤ᠋ ᠠᠪᠤ ᠠᠵᠢᠯᠯᠠᠵᠤ ᠪᠠᠢᠭᠰᠠᠨ ᠭᠡᠳᠡᠭ᠃ ᠠᠩᠬ᠎ᠠ ᠬᠥᠮᠦᠰ ᠢ᠋ ᠠᠵᠢᠯᠯᠠᠭᠤᠯᠬᠤ ᠳ᠋ᠠᠭᠠᠨ ᠡᠳᠦᠷ ᠲᠦ᠍ ᠭᠤᠷᠪᠠᠨ ᠤᠳᠠᠭ᠎ᠠ ᠬᠣᠭᠣᠯᠠ ᠢᠳᠡᠭᠦᠯᠦᠨ᠎ᠡ ᠭᠡᠵᠦ ᠬᠡᠯᠡᠯᠴᠡᠭᠰᠡᠨ ᠪᠣᠯᠪᠠᠴᠤ ᠲᠡᠭᠦᠨ ᠢ᠋ᠶ᠋ᠡᠨ ᠴᠢᠳᠠᠬᠤ ᠦᠭᠡᠢ ᠪᠣᠯᠵᠤ᠂ ᠬᠣᠶᠠᠷ ᠢᠳᠡᠭᠦᠯᠵᠦ ᠪᠠᠢᠭᠰᠠᠨ ᠭᠡᠵᠦ ᠠᠪᠤ ᠮᠢᠨᠢ ᠶᠠᠷᠢᠳᠠᠭ ᠰᠠᠨ᠃ ᠡᠴᠦᠰ ᠲᠦ᠋ᠨᠢ ᠪᠦᠷ ᠬᠥᠮᠦᠰ ᠦ᠋ᠨ ᠠᠵᠢᠯ ᠤ᠋ᠨ ᠬᠥᠯᠥᠰᠥ ᠲᠥᠯᠥᠬᠦ ᠶᠠᠭᠤᠮ᠎ᠠ ᠦᠭᠡᠢ ᠪᠣᠯᠤᠭᠰᠠᠨ ᠲᠤᠯᠠ ᠠᠩᠬᠠᠨ ᠤ᠋ ᠪᠠᠨ ᠳᠠᠩᠰᠠ ᠶ᠋ᠢ ᠠᠪᠤᠯᠭ᠎ᠠ ᠪᠠᠷ ᠪᠢᠰᠢ ᠥᠭᠡᠷ᠎ᠡ ᠪᠡᠷ ᠨᠡᠬᠡᠵᠦ ᠪᠠᠢᠭᠰᠠᠨ ᠭᠡᠳᠡᠭ ᠠ᠋᠃ ᠮᠠᠨ ᠤ᠋ ᠬᠡᠯᠡᠨ ᠳ᠋ᠦ᠍ ᠤᠰᠤ ᠤᠷᠤᠰᠬᠤ ᠤᠷᠤᠭᠤ ᠪᠠᠨ ᠪᠣᠯᠪᠠᠴᠤ ᠤᠤᠭᠤᠭᠰᠠᠨ ᠪᠦᠬᠦᠨ ᠳ᠋ᠦ᠍ ᠤᠮᠳᠠ ᠪᠣᠯᠤᠨ ᠲᠡᠩᠬᠡᠷᠡᠭᠦᠯᠬᠦ ᠶ᠋ᠢᠨ ᠲᠥᠯᠥᠭᠡ ᠭᠡᠵᠦ ᠵᠦᠢᠷ ᠦᠭᠡ ᠪᠠᠢᠳᠠᠭ᠃ ᠡᠨᠡ ᠪᠣᠯ ᠦᠨᠡᠨ ᠦᠭᠡ᠃ ᠳ᠋ᠠ ᠯᠣᠣᠶᠧ ᠶ᠋ᠢᠨ ᠡᠴᠢᠭᠡ ᠳᠡ ᠯᠣᠣᠶᠧ ᠬᠠᠮᠤᠭ ᠤ᠋ᠨ ᠲᠦᠷᠦᠭᠦᠨ ᠱᠤᠤᠳᠤᠤ ᠲᠠᠲᠠᠭᠰᠠᠨ ᠢ᠋ᠶ᠋ᠠᠷ ᠢ᠋ᠶ᠋ᠠᠨ ᠳᠠᠷᠠᠭ᠎ᠠ ᠵᠢᠯ ᠨᠢ ᠶᠡᠬᠡ ᠲᠠᠷᠢᠶ᠎ᠠ ᠠᠪᠤᠨ ᠪᠠᠶᠠᠵᠢᠵᠤ ᠡᠬᠢᠯᠡᠭᠰᠡᠨ ᠢ᠋ᠶ᠋ᠡᠷ ᠪᠠᠷᠠᠬᠤ ᠦᠭᠡᠢ᠂ ᠪᠤᠰᠤᠳ ᠤ᠋ᠨ ᠭᠠᠵᠠᠷ ᠢ᠋ ᠮᠥᠩᠭᠥ ᠪᠡᠷ ᠠᠪᠴᠤ ᠡᠬᠢᠯᠡᠭᠡᠳ᠂ ᠡᠢᠮᠦ ᠶᠡᠬᠡ ᠭᠠᠵᠠᠷ ᠲᠠᠢ ᠪᠣᠯᠤᠭᠰᠠᠨ ᠶᠤᠮ᠃ ᠣᠳᠣ ᠲᠠᠬᠢᠶ᠎ᠠ ᠭᠠᠬᠠᠢ ᠶ᠋ᠢ ᠨᠡᠢᠯᠡᠭᠦᠯᠦᠨ ᠲᠣᠭᠠᠯᠠᠪᠠᠯ ᠲᠠᠪᠢ ᠭᠠᠷᠬᠤ ᠶ᠋ᠢ ᠨᠢ ᠶᠠᠭᠠᠬᠢᠨ᠎ᠠ᠃ ᠡᠭᠦᠨᠴᠡ ᠭᠠᠳᠠᠨ᠎ᠠ ᠬᠣᠶᠠᠷ ᠡᠯᠵᠢᠭᠡ ᠪᠠᠢᠨ᠎ᠠ᠃ ᠨᠢᠭᠡ ᠨᠢ ᠲᠠᠪᠢᠨ ᠯᠠᠩ ᠤ᠋ᠨ ᠦᠨ᠎ᠡ ᠲᠡᠢ ᠰᠢᠦ᠂ ᠴᠢ ᠪᠣᠳᠣ! ᠨᠢᠭᠡ ᠡᠯᠵᠢᠭᠡ ᠨᠢ ᠲᠠᠪᠢᠨ ᠯᠠᠩ ᠮᠥᠩᠭᠥ᠂ ᠮᠠᠨ ᠤ᠋ ᠪᠦᠬᠦ ᠬᠥᠷᠥᠩᠭᠡ ᠶ᠋ᠢ ᠪᠦᠭᠦᠳᠡ ᠶ᠋ᠢ ᠨᠢ ᠨᠡᠢᠯᠡᠭᠦᠯᠦᠨ ᠪᠣᠳᠣᠵᠤ ᠦᠵᠡᠬᠦ ᠳ᠋ᠦ᠍ ᠠᠷᠪᠠᠨ ᠲᠠᠪᠤᠨ ᠯᠠᠩ ᠃ ᠬᠠᠮᠤᠭ ᠤ᠋ᠨ ᠶᠡᠬᠡ ᠠᠵᠠ ᠲᠠᠭᠠᠷᠠᠬᠤ ᠳ᠋ᠤ᠌ ᠬᠣᠷᠢᠨ ᠯᠠᠩ ᠬᠦᠷᠬᠦ ᠪᠠᠢᠬᠤ ᠳ᠋ᠤ᠌᠂ ᠳᠠ ᠯᠣᠣᠶᠧ ᠶ᠋ᠢᠨ ᠭᠠᠭᠴᠠ ᠡᠯᠵᠢᠭᠡ ᠲᠠᠪᠢᠨ ᠯᠠᠩ᠃ ᠬᠡᠨ ᠴᠦ᠍ ᠳᠤᠷ᠎ᠠ ᠲᠠᠢ ᠠᠪᠤᠨ᠎ᠠ᠃ ᠢᠩᠭᠢᠬᠦᠯᠡᠷ ᠳᠡ ᠯᠣᠣᠶᠧ ᠡᠭᠦᠷᠢᠳᠡ ᠬᠣᠲᠣᠢᠬᠤ ᠦᠭᠡᠢ ᠪᠠᠶᠠᠨ ᠶᠡᠬᠡ ᠪᠤᠶᠠᠨᠲᠠᠨ ᠮᠥᠨ ᠪᠢᠵᠡ ᠳᠡ! ᠭᠡᠵᠦ ᠶᠠᠷᠢᠪᠠ᠃  
       ᠳᠡ ᠯᠣᠣᠶᠧ ᠶ᠋ᠢᠨ ᠳ᠋ᠦ᠍ ᠣᠴᠢᠬᠤ ᠳ᠋ᠤ᠌ ᠬᠠᠰᠢᠶᠠᠨ ᠤ᠋ ᠪᠠᠨ ᠬᠠᠭᠠᠯᠭ᠎ᠠ ᠠ᠋ᠴᠠ ᠠᠪᠤᠭᠠᠳ ᠳᠣᠲᠣᠷᠠᠬᠢ ᠣᠷᠳᠣᠨ ᠢ᠋ ᠣᠩᠭᠣᠢᠳᠠᠭ ᠪᠦᠬᠦᠨ ᠦ᠌ ᠡᠭᠦᠳᠡ ᠬᠠᠭᠠᠯᠭ᠎ᠠ ᠶ᠋ᠢ ᠠᠯᠲᠠᠨ ᠥᠰᠥᠭᠲᠦ ᠠᠷᠢᠭᠤᠨ ᠤᠯᠠᠭᠠᠨ ᠬᠠᠭᠤᠳᠠᠰᠤ ᠨᠤᠭᠤᠳ ᠢ᠋ᠶ᠋ᠠᠷ ᠴᠢᠮᠡᠭᠯᠡᠭᠡᠳ᠂ ᠰᠢᠷᠡᠭᠡ ᠵᠠᠰᠠᠨ ᠲᠩᠷᠢ ᠲᠠᠬᠢᠬᠰᠠᠨ ᠬᠢᠭᠡᠳ ᠴᠠᠰᠤᠨ ᠣᠪᠣᠭ᠎ᠠ ᠪᠤᠰᠬᠠᠨ ᠭᠠᠵᠠᠷ ᠤ᠋ᠨ ᠡᠵᠡᠨ ᠲᠤ ᠳᠢ ᠶᠧ ᠶ᠋ᠢ ᠲᠠᠬᠢᠬᠰᠠᠨ ᠨᠢ ᠮᠠᠰᠢ ᠳᠣᠷᠪᠢᠯᠢᠭ ᠠᠵᠢ᠃ ᠢᠯᠠᠩᠭᠤᠶ᠎ᠠ ᠲᠠᠬᠢᠬᠰᠠᠨ ᠢᠳᠡᠭᠡ ᠨᠢ ᠯᠤᠤ ᠯᠢ ᠴᠠᠭᠠᠨ ᠰᠠᠷ᠎ᠠ ᠳ᠋ᠤ᠌ ᠵᠣᠷᠢᠭᠤᠯᠤᠨ ᠪᠡᠯᠡᠳᠬᠡᠭᠰᠡᠨ ᠪᠦᠬᠦ ᠢᠳᠡᠭᠡ ᠡᠴᠡ ᠦᠵᠡᠲᠡᠯ᠎ᠡ ᠳᠠᠪᠠᠭᠤ ᠦᠵᠡᠭᠳᠡᠨ᠎ᠡ᠃ ᠴᠠᠭᠠᠰᠢ ᠶᠠᠪᠤᠨ ᠵᠢᠩᠬᠢᠨᠢ ᠴᠠᠭᠠᠨ ᠰᠠᠷ᠎ᠠ ᠪᠣᠯᠤᠭᠰᠠᠨ ᠶᠡᠬᠡ ᠥᠷᠥᠭᠡᠨ ᠳ᠋ᠦ᠍ᠨᠢ ᠣᠷᠣᠬᠤ ᠳ᠋ᠤ᠌ ᠠᠭᠠᠭᠢᠮ᠎ᠠ ᠵᠤᠨ ᠤ᠋ ᠰᠢᠭ᠋ ᠪᠦᠭᠴᠢᠮ ᠬᠠᠯᠠᠭᠤᠨ ᠬᠠᠩᠬᠤᠢᠪᠠ᠃ ᠡᠨᠡ ᠳᠡᠯᠡᠬᠡᠢ ᠶ᠋ᠢᠨ ᠬᠠᠮᠤᠭ ᠠᠮᠢᠲᠠᠳ ᠢ᠋ ᠵᠠᠢ ᠦᠭᠡᠢ ᠦᠷᠦᠭᠰᠡᠨ ᠤᠷᠲᠤ ᠰᠢᠷᠡᠭᠡ ᠨᠢᠳᠦᠨ ᠳ᠋ᠦ᠍ ᠲᠤᠰᠬᠤ ᠨᠢ ᠡᠵᠡᠨ ᠬᠥᠮᠦᠨ ᠦ᠌ ᠪᠡᠨ ᠦᠨᠡᠬᠡᠷ ᠶᠡᠬᠡ ᠪᠤᠶᠠᠨᠲᠠᠨ ᠪᠣᠯᠬᠤ ᠶ᠋ᠢ ᠢᠯᠡᠷᠬᠡᠢᠯᠡᠨ᠎ᠡ᠃ ᠠᠷᠤ ᠳ᠋ᠤᠨᠢ ᠳᠠ ᠯᠣᠣᠶᠧ ᠭᠠᠭᠴᠠᠭᠠᠷ ᠬᠠᠷ᠎ᠠ ᠫᠥᠰᠦ ᠲᠡᠷᠯᠢᠭ ᠳᠡᠪᠡᠯ ᠲᠡᠢ᠂ ᠭᠠᠷ ᠲᠠᠭᠠᠨ ᠪᠠᠷᠢᠭᠰᠠᠨ ᠲᠣᠭᠣᠰ ᠤ᠋ᠨ ᠬᠡᠳᠦ ᠬᠥᠩᠭᠡᠨ ᠳᠡᠪᠢᠭᠦᠷ ᠢ᠋ᠶ᠋ᠡᠷ ᠬᠥᠯᠥᠰᠥ ᠴᠢᠬᠠᠷᠠᠭᠰᠠᠨ ᠵᠤᠵᠠᠭᠠᠨ ᠨᠢᠭᠤᠷ ᠢ᠋ᠶ᠋ᠠᠨ ᠳᠡᠪᠢᠭᠦᠷᠳᠡᠬᠦ ᠮᠠᠶᠢᠭ ᠦᠵᠡᠭᠦᠯᠦᠨ ᠰᠠᠭᠤᠨ᠎ᠠ᠃ ᠬᠦᠨᠳᠦᠲᠦ ᠪᠣᠱᠣᠭ᠎ᠠ ᠶ᠋ᠢ ᠨᠢ ᠠᠷᠠᠢᠬᠠᠨ ᠳᠠᠪᠠᠵᠤ ᠣᠷᠣᠵᠤ ᠢᠷᠡᠭᠰᠡᠨ ᠳᠣᠣᠷᠠᠲᠤ ᠢᠷᠭᠡᠨ ᠯᠤᠤ ᠯᠢ ᠪᠡᠶ᠎ᠡ ᠪᠡᠨ ᠬᠢᠷᠰᠠᠨ ᠲᠠᠤᠯᠠᠢ ᠰᠢᠭ᠋ ᠪᠣᠯᠲᠠᠯ᠎ᠠ ᠪᠠᠷᠢᠨ《ᠳᠠ ᠹᠠ ᠼᠠᠢ!》 ᠠᠢᠯᠠᠳᠬᠠᠨ ᠣᠯᠠᠨᠲᠠ ᠮᠡᠬᠦᠯᠵᠡᠪᠡ᠃ ᠲᠡᠭᠦᠨ ᠦ᠌ ᠠᠶᠠᠰ ᠢ᠋ᠶ᠋ᠠᠷ ᠳ᠋ᠠᠨᠽᠡᠨ ᠶᠣᠰᠣ ᠵᠢᠷᠤᠮ ᠢ᠋ ᠭᠦᠢᠴᠡᠳᠬᠡᠬᠦ ᠳ᠋ᠡᠭᠡᠨ ᠪᠡᠶ᠎ᠡ ᠪᠡᠨ ᠪᠠᠷᠢᠬᠤ ᠦᠭᠡᠢ ᠪᠠᠢᠵᠤ ᠡᠰᠡ ᠴᠢᠳᠠᠪᠠ᠃ ᠬᠠᠷᠢᠭᠤ ᠳ᠋ᠤᠨᠢ ᠳᠠ ᠯᠣᠣᠶᠧ ᠵᠥᠪᠬᠡᠨ ᠠᠮᠠ ᠬᠥᠳᠡᠯᠭᠡᠨ ᠨᠢᠭᠡ ᠤᠳᠠᠭ᠎ᠠ ᠲᠣᠯᠣᠭᠠᠢ ᠳᠣᠬᠢᠭᠰᠠᠨ ᠪᠥᠭᠡᠳ ᠬᠣᠶᠠᠳᠠᠬᠢ ᠤᠳᠠᠭ᠎ᠠ ᠪᠠᠨ ᠲᠣᠬᠢᠬᠤ ᠨᠢ ᠢᠷᠡᠭᠰᠡᠳ ᠢ᠋ ᠰᠢᠷᠡᠭᠡᠨ᠎ᠡ ᠰᠠᠭᠤ! ᠭᠡᠵᠡᠢ᠃ ᠨᠥᠭᠥᠭᠡᠳᠦᠭᠦᠯᠡ ᠶᠡᠬᠡ ᠰᠢᠷᠡᠭᠡᠨ ᠦ᠌ ᠳᠣᠣᠷᠠᠲᠤ ᠪᠤᠯᠤᠩ ᠢ᠋ ᠪᠠᠷᠠᠳᠠᠰᠬᠢᠨ ᠰᠠᠨᠳᠠᠯᠢ ᠶ᠋ᠢᠨ ᠥᠨᠴᠥᠭ ᠳᠡᠭᠡᠷ᠎ᠡ ᠪᠡᠶ᠎ᠡ ᠪᠠᠷᠢᠨ ᠰᠠᠭᠤᠬᠤ ᠲᠡᠳᠦᠢᠬᠡᠨ ᠪᠣᠯᠪᠠ᠃ ᠪᠡᠶ᠎ᠡ ᠴᠢᠯᠡᠭᠡᠷᠬᠡᠨ ᠪᠠᠢᠵᠤ ᠶᠠᠳᠠᠬᠤ ᠵᠠᠭᠤᠷ᠎ᠠ ᠳ᠋ᠠᠨᠽᠡᠨ ᠰᠢᠷᠡᠭᠡᠨ ᠦ᠌ ᠭᠣᠣᠯ ᠳ᠋ᠤ᠌ ᠬᠡᠯᠪᠡᠷᠢ ᠮᠠᠶᠢᠭ ᠢ᠋ ᠨᠢ ᠥᠴᠦᠬᠡᠨ ᠴᠦ᠍ ᠠᠯᠳᠠᠭᠳᠠᠭᠤᠯᠬᠤ ᠦᠭᠡᠢ ᠪᠡᠷ ᠬᠠᠯᠠᠭᠤᠨ ᠠᠭᠤᠷ ᠢ᠋ᠶ᠋ᠠᠷ ᠵᠢᠩᠨᠡᠨ ᠪᠣᠯᠭᠣᠭᠰᠠᠨ ᠲᠠᠷᠭᠤᠨ ᠭᠠᠬᠠᠢ ᠶ᠋ᠢᠨ ᠵᠤᠯᠵᠠᠭ᠎ᠠ᠂ ᠥᠳᠥ ᠰᠥᠳᠥ ᠶ᠋ᠢ ᠨᠢ ᠵᠤᠮᠠᠯᠠᠵᠤ ᠥᠩᠭᠡ ᠶ᠋ᠢ ᠨᠢ ᠬᠤᠰᠤᠨ ᠰᠢᠷᠭᠠᠯ ᠪᠣᠯᠲᠠᠯ᠎ᠠ ᠨᠢ ᠰᠢᠷᠠᠭᠰᠠᠨ ᠠᠮᠢᠳᠤ ᠪᠠᠢᠭ᠎ᠠ ᠠ᠋ᠴᠠ ᠦᠯᠦ ᠢᠯᠭᠠᠭᠳᠠᠬᠤ ᠬᠣᠶᠠᠷ ᠭᠠᠯᠠᠭᠤᠨ ᠤ᠋ ᠳᠤᠮᠳᠠ ᠪᠠᠢᠬᠤ ᠶ᠋ᠢ ᠦᠵᠡᠭᠡᠳ ᠡᠳᠡᠭᠡᠷ ᠡᠴᠡ ᠨᠢ ᠢᠳᠡᠪᠡᠯ ᠴᠣᠬᠣᠮ ᠶᠠᠭᠤᠲᠠᠢ ᠰᠠᠢᠬᠠᠨ ᠪᠣᠯ ᠭᠡᠵᠦ ᠪᠣᠳᠣᠬᠤ ᠳ᠋ᠤ᠌ ᠴᠣᠬᠣᠮ ᠬᠣᠷᠣᠬᠠᠢ ᠬᠦᠷᠬᠦ ᠦᠭᠡᠢ ᠪᠠᠢᠵᠤ ᠶᠠᠭᠠᠬᠢᠵᠤ ᠴᠢᠳᠠᠬᠤ ᠪᠣᠢ᠃ ᠭᠡᠪᠡᠴᠦ ᠲᠡᠳᠡᠭᠡᠷ ᠪᠣᠯᠤᠭᠠᠳ ᠪᠠᠰᠠ ᠪᠤᠰᠤᠳ ᠪᠦᠬᠦ ᠢᠳᠡᠭᠡ ᠨᠦ᠍ᠭᠦᠳ ᠲᠦ᠍ ᠬᠥᠮᠦᠨ ᠦ᠌ ᠭᠠᠷ ᠬᠦᠷᠦᠭᠰᠡᠨ ᠦ᠌ ᠰᠢᠨᠵᠢ ᠲᠡᠮᠳᠡᠭ ᠦᠭᠡᠢ ᠪᠠᠢᠭ᠎ᠠ ᠠ᠋ᠴᠠ《ᠠᠢ ᠡᠨᠡ ᠴᠢᠨᠢ ᠪᠤᠰᠤᠳ ᠢ᠋ ᠵᠣᠴᠢᠯᠠᠬᠤ ᠳ᠋ᠤ᠌ ᠪᠢᠰᠢ᠂ ᠵᠦᠭᠡᠷ ᠬᠣᠷᠣᠬᠠᠢ ᠶ᠋ᠢ ᠨᠢ ᠬᠦᠷᠭᠡᠬᠦ ᠳ᠋ᠦ᠍ ᠵᠣᠷᠢᠭᠤᠯᠤᠭᠰᠠᠨ ᠡᠳ᠋ ᠪᠠᠢᠬᠤ ᠨᠢ ᠠ᠋!》 ᠭᠡᠵᠦ ᠣᠢᠯᠠᠭᠠᠨ ᠬᠣᠷᠣᠬᠠᠢ ᠪᠠᠨ ᠳᠠᠷᠤᠵᠤ ᠠᠪᠤᠯ᠎ᠠ᠃  
       ᠬᠥᠮᠦᠨ ᠣᠷᠣᠵᠤ ᠢᠷᠡᠨ ᠠᠶᠠᠭᠠᠯᠠᠭᠰᠠᠨ ᠴᠠᠢ ᠠᠪᠴᠢᠷᠠᠵᠤ ᠥᠭᠪᠡ᠃ ᠲᠡᠭᠦᠨ ᠢ᠋ ᠤᠤᠭᠤᠬᠤ ᠪᠠᠷ ᠢ᠋ᠶ᠋ᠠᠨ ᠠᠮᠠᠨ ᠳ᠋ᠤ᠌ ᠣᠢᠷᠠᠲᠤᠭᠤᠯᠤᠮᠠᠭᠴᠠ ᠤᠷᠢᠳᠤ ᠶ᠋ᠢᠨ ᠲᠠᠨᠢᠬᠤ ᠦᠨᠦᠷ ᠬᠠᠮᠠᠷ ᠲᠤ ᠬᠠᠩᠬᠤᠵᠤ᠂ ᠠᠮᠰᠠᠵᠤ ᠦᠵᠡᠪᠡᠯ ᠤᠷᠵᠢᠨᠤᠨ ᠠᠩᠬ᠎ᠠ ᠵᠠᠩᠴᠢᠬᠦᠦ ᠳ᠋ᠦ᠍ ᠣᠷᠣᠵᠤ ᠢᠷᠡᠩᠭᠦᠲᠡ ᠪᠡᠨ ᠴᠠᠭᠠᠨᠳᠠᠯᠠᠢ ᠫᠦᠰᠡᠨ ᠳ᠋ᠦ᠍ ᠤᠤᠭᠤᠵᠤ ᠪᠠᠢᠭᠰᠠᠨ ᠴᠠᠢ ᠶ᠋ᠢᠨ ᠢᠵᠢᠯ ᠮᠥᠨ ᠪᠠᠢᠬᠤ ᠲᠤᠯᠠ ᠰᠡᠳᠬᠢᠯ ᠳ᠋ᠦ᠍ᠨᠢ ᠰᠡᠪ ᠣᠷᠣᠵᠤ ᠢᠷᠡᠪᠡ᠃ ᠲᠡᠭᠦᠨ ᠡᠴᠡ ᠰᠣᠴᠢᠨ ᠳᠠ ᠯᠣᠣᠶᠧ ᠶ᠋ᠢ ᠭᠡᠨᠡᠳᠲᠡ ᠬᠠᠷᠠᠬᠤ ᠳ᠋ᠤ᠌ ᠴᠠᠭᠠᠨᠳᠠᠯᠠᠢ ᠳᠠᠩᠵᠢᠶᠠᠳ ᠠ᠋ᠴᠠ ᠲᠠᠰᠤ ᠥᠭᠡᠷ᠎ᠡ ᠬᠥᠮᠦᠨ ᠪᠠᠢᠬᠤ ᠪᠣᠯᠪᠠᠴᠤ ᠥᠪᠡᠷ ᠤᠷᠤᠭᠤ ᠨᠢ ᠰᠢᠷᠲᠡᠵᠦ ᠪᠠᠢᠭᠰᠠᠨ ᠢ᠋ᠶ᠋ᠠᠨ ᠨᠢᠳᠦ ᠴᠠᠪᠴᠢᠯᠠᠨ ᠳᠠᠯᠳᠢᠷᠠᠬᠤ ᠨᠢ ᠨᠢᠭᠡ ᠯᠡ ᠪᠢᠰᠢ ᠰᠢᠭ ᠰᠠᠨᠠᠭᠳᠠᠵᠠᠢ᠃ ᠴᠠᠢ ᠶ᠋ᠢᠨ ᠲᠠᠷᠬᠠᠭᠠᠨ ᠲᠠᠢ ᠰᠠᠶᠢᠬᠠᠨ ᠴᠢᠨᠠᠭᠰᠠᠨ ᠬᠠᠯᠠᠭᠤᠨ ᠪᠠᠩᠰᠢ ᠣᠷᠣᠵᠤ ᠢᠷᠡᠪᠡ᠃ ᠲᠡᠷᠡ ᠨᠢ ᠮᠠᠰᠢ ᠠᠷᠪᠢᠨ᠃ ᠳ᠋ᠠᠨᠽᠡᠨ ᠦ᠌ ᠬᠡᠴᠢᠨᠡᠭᠡᠨ ᠶᠡᠬᠡ ᠢᠳᠡᠬᠦ ᠶ᠋ᠢ ᠦᠵᠡᠬᠦ ᠭᠡᠰᠡᠨ ᠪᠠᠢᠬᠤ ᠪᠥᠭᠡᠳ ᠳᠣᠲᠣᠷᠠᠬᠢ ᠬᠢᠴᠡ ᠨᠢ ᠣᠪᠣᠭ᠎ᠠ ᠠ᠋ᠴᠠ ᠣᠪᠣᠭ᠎ᠠ ᠮᠢᠬ᠎ᠠ ᠲᠠᠢ ᠪᠠᠢᠵᠠᠢ᠃ ᠭᠡᠪᠡᠴᠦ ᠳ᠋ᠠᠨᠽᠡᠨ ᠦ᠌ ᠰᠡᠳᠬᠢᠯ ᠳ᠋ᠦ᠍ ᠨᠢᠭᠡᠨᠲᠡ ᠣᠷᠣᠵᠤ ᠢᠷᠡᠭᠰᠡᠨ ᠬᠠᠷ᠎ᠠ ᠰᠠᠨᠠᠭ᠎ᠠ ᠤᠯᠠᠮ ᠢ᠋ᠶ᠋ᠠᠷ ᠭᠦᠨᠵᠡᠭᠡᠢᠷᠡᠨ ᠨᠢᠭᠡ ᠦᠶ᠎ᠡ ᠡᠭᠦᠨ ᠡᠴᠡ ᠨᠢ ᠢᠳᠡᠬᠦ ᠤᠤ᠂ ᠪᠠᠢᠬᠤ ᠤᠤ ᠭᠡᠵᠦ ᠡᠷᠭᠢᠯᠳᠦᠭᠡᠳ ᠡᠴᠦᠰ ᠲᠦ᠋ᠨᠢ ᠢᠳᠡᠶ᠎ᠡ᠂ ᠬᠠᠷᠢᠨ ᠴᠦ᠍ ᠬᠠᠨᠳᠠᠯ᠎ᠠ ᠪᠠᠨ ᠢᠳᠡᠵᠦ ᠠᠪᠤᠪᠠᠯ ᠨᠠᠳᠠ ᠳ᠋ᠤ᠌ ᠵᠠᠪᠰᠢᠶᠠᠨ ᠭᠡᠵᠦ ᠪᠣᠳᠣᠵᠠᠢ᠃ ᠪᠠᠰᠠ ᠠᠷᠢᠬᠢ ᠪᠠᠷ ᠵᠣᠴᠢᠯᠠᠭᠰᠠᠨ ᠢ᠋ ᠬᠠᠮᠢᠶ᠎ᠠ ᠦᠭᠡᠢ ᠤᠤᠭᠤᠬᠤ ᠶ᠋ᠢ ᠰᠢᠢᠳᠦᠯ᠎ᠡ᠃ ᠲᠡᠨᠳᠡ ᠳᠠ ᠯᠣᠣᠶᠧ ᠳ᠋ᠠᠨᠽᠡᠨ ᠦ᠌ ᠤᠤᠭᠤᠵᠤ ᠢᠳᠡᠬᠦ ᠤᠷᠤᠭᠤ ᠭᠠᠪᠰᠢᠭᠠᠢᠯᠠᠨ ᠣᠷᠣᠬᠤ ᠶ᠋ᠢ ᠨᠢᠳᠦ ᠰᠠᠯᠭᠠᠯ ᠦᠭᠡᠢ ᠰᠢᠷᠲᠡᠵᠦ ᠪᠠᠢᠭᠰᠠᠨ ᠢ᠋ᠶ᠋ᠠᠨ ᠬᠤᠨᠳᠠᠭᠠᠲᠤ ᠠᠷᠢᠬᠢ ᠶ᠋ᠢ ᠭᠤᠷᠪᠠᠳᠠᠬᠢ ᠤᠳᠠᠭ᠎ᠠ ᠪᠠᠨ ᠬᠦᠨᠳᠦᠷᠡᠬᠦ ᠳ᠋ᠦ᠍ᠨᠢ ᠢᠨᠢᠶᠡᠮᠰᠦᠭᠯᠡᠨ᠄  
       — ᠠᠢ ᠢᠳᠡ᠂ ᠢᠳᠡ ᠭᠡᠵᠦ ᠬᠠᠮᠠᠷ ᠢ᠋ᠶ᠋ᠠᠷ ᠢ᠋ᠶ᠋ᠠᠨ ᠭᠤᠩᠰᠢᠩᠨᠠᠨ ᠬᠡᠯᠡᠪᠡ᠃ 
       ᠳ᠋ᠠᠨᠽᠡᠨ ᠲᠣᠯᠣᠭᠠᠢ ᠪᠠᠨ ᠳᠡᠭᠡᠭᠰᠢ ᠲᠠᠲᠠᠵᠤ᠄   《ᠢᠳᠡ᠂ ᠢᠳᠡ ᠭᠡᠵᠦ ᠰᠢᠬᠠᠨ ᠪᠠᠢᠵᠤ ᠢᠳᠡᠭᠦᠯᠵᠦ ᠣᠷᠬᠢᠭᠠᠳ ᠡᠴᠦᠰ ᠲᠦ᠋ᠨᠢ ᠮᠠᠯ ᠮᠠᠯ ᠭᠡᠵᠦ ᠬᠠᠷᠢᠶᠠᠳᠠᠭ ᠰᠢᠦ ᠳᠡ》 ᠭᠡᠳᠡᠭ ᠦᠭᠡ ᠰᠠᠨᠠᠭᠠᠨ ᠳ᠋ᠤ᠌ ᠣᠷᠣᠵᠤ ᠢᠷᠡᠬᠦ ᠪᠡᠷ ᠨᠢ ᠰᠠᠨᠠᠮᠰᠠᠷ ᠦᠭᠡᠢ ᠬᠡᠯᠡᠵᠦ ᠣᠷᠬᠢᠪᠠ᠃
       ᠬᠠᠵᠠᠭᠤ ᠳ᠋ᠤᠨᠢ ᠯᠤᠤ ᠯᠢ ᠰᠣᠴᠢᠨ ᠪᠠᠷᠤᠭ ᠪᠣᠰᠤᠨ ᠬᠠᠷᠠᠢᠬᠤ ᠰᠢᠬᠠᠪᠠ᠃ ᠳ᠋ᠠᠨᠽᠡᠨ ᠴᠦ᠍ ᠰᠠᠨᠠᠮᠰᠠᠷ ᠦᠭᠡᠢ ᠵᠦᠢ ᠪᠤᠰᠤ ᠶ᠋ᠢᠨ ᠶᠠᠭᠤᠮ᠎ᠠ ᠬᠡᠯᠡᠭᠰᠡᠨ ᠳ᠋ᠡᠭᠡᠨ ᠭᠡᠮᠰᠢᠪᠡ᠃ ᠭᠡᠪᠡᠴᠦ ᠳᠡ ᠯᠣᠣᠶᠧ ᠨᠢᠯᠤᠭᠤᠨ ᠢ᠋ᠶ᠋ᠠᠷ ᠢᠨᠢᠶᠡᠨ᠄  
       — ᠴᠢ ᠡᠯᠵᠢᠭᠡ ᠡᠴᠡ ᠳᠠᠪᠠᠭᠤ ᠬᠦᠴᠦᠲᠡᠢ ᠰᠢᠭ ᠢ᠋ᠶ᠋ᠡᠷ ᠡᠨᠡ ᠶᠢᠷᠲᠢᠨᠴᠦ ᠶ᠋ᠢ ᠬᠡᠨ ᠬᠥᠮᠦᠨ ᠡᠴᠡ ᠢᠯᠡᠭᠦᠦ ᠲᠡᠢ ᠠᠵᠢᠭᠯᠠᠨ ᠦᠨᠡᠨ ᠢ᠋ ᠣᠯᠵᠤ ᠬᠠᠷᠠᠳᠠᠭ ᠤᠬᠠᠭᠠᠨ ᠲᠠᠢ ᠬᠥᠮᠦᠨ ᠪᠠᠢᠨ᠎ᠠ᠃ ᠪᠢ ᠡᠢᠮᠦ ᠬᠥᠮᠦᠨ ᠳ᠋ᠦ᠍ ᠳᠤᠷ᠎ᠠ ᠲᠠᠢ᠃  
       ᠯᠤᠤ ᠯᠢ ᠰᠡᠳᠬᠢᠯ ᠲᠠᠢᠪᠤᠰᠢᠷᠠᠨ ᠳ᠋ᠠᠨᠽᠡᠨ ᠳ᠋ᠦ᠍《ᠳᠡ ᠯᠣᠣᠶᠧ ᠡᠢᠮᠦ ᠰᠡᠴᠡᠨ ᠬᠥᠮᠦᠨ ᠰᠢᠦ》 ᠭᠡᠵᠦ ᠰᠠᠮ ᠰᠢᠪᠡᠨᠡᠪᠡ᠃ ᠳ᠋ᠠᠨᠽᠡᠨ ᠥᠪᠡᠷ ᠢ᠋ ᠪᠡᠨ ᠡᠯᠵᠢᠭᠡ ᠲᠡᠢ ᠵᠦᠢᠷᠯᠡᠭᠦᠯᠦᠭᠰᠡᠨ ᠳ᠋ᠡᠭᠡᠨ ᠰᠡᠳᠬᠢᠯ ᠵᠢᠷᠢᠰᠬᠢᠨ ᠰᠢᠨ᠎ᠡ ᠪᠡᠷ ᠬᠣᠷᠣᠰᠴᠤ ᠡᠬᠢᠯᠡᠯ᠎ᠡ᠃ 
       ᠳᠡ ᠯᠣᠣᠶᠧ ᠯᠠᠭᠯᠠᠢᠨ ᠰᠠᠭᠤᠳᠠᠯ ᠠ᠋ᠴᠠ ᠪᠠᠨ ᠵᠢᠭᠠᠬᠠᠨ ᠥᠨᠳᠡᠢᠮᠡᠷ ᠪᠣᠯᠤᠨ ᠲᠠᠪᠠᠭ ᠲᠠᠢ ᠪᠠᠩᠰᠢ ᠤᠷᠤᠭᠤ ᠬᠠᠷᠠᠭᠰᠠᠨ ᠢ᠋ᠶ᠋ᠠᠨ᠄  
       — ᠢᠳᠡ᠂ ᠢᠳᠡ ᠡᠴᠦᠰ ᠲᠦ᠋ᠨᠢ ᠪᠢ ᠮᠠᠯ ᠭᠡᠵᠦ ᠨᠡᠷᠡᠯᠡᠬᠦ ᠦᠭᠡᠢ᠂ ᠬᠠᠷᠢᠨ ᠮᠠᠨ ᠤ᠋ ᠬᠥᠮᠦᠨ ᠭᠡᠵᠦ ᠨᠠᠷᠠᠯᠠᠨ᠎ᠠ᠃ 
       — ᠶᠠᠭᠤᠨ ᠳ᠋ᠤ᠌ ᠲᠡᠷᠡ ᠪᠢᠯᠡ? ᠭᠡᠵᠦ ᠭᠠᠢᠬᠠᠨ ᠰᠢᠷᠲᠡᠬᠦ ᠳ᠋ᠦ᠍᠂ ᠳᠡ ᠯᠣᠣᠶᠧ ᠥᠭᠡᠳᠡ ᠡᠴᠡ ᠨᠢ ᠨᠢᠯᠤᠭᠤᠨ ᠢ᠋ᠶ᠋ᠠᠷ ᠢᠨᠢᠶᠡᠨ᠄ 
       — ᠪᠢᠲᠡᠭᠡᠢ ᠭᠠᠢᠬ᠎ᠠ! ᠥᠨᠥᠳᠥᠷ ᠡᠴᠡ ᠡᠬᠢᠯᠡᠨ ᠴᠢ ᠮᠠᠨ ᠤ᠋ ᠪᠣᠯᠤᠨ᠎ᠠ᠃ ᠡᠳᠦᠷ ᠪᠦᠷᠢ ᠶᠡᠬᠡ ᠬᠣᠭᠣᠯᠠ ᠢᠳᠡᠨ᠎ᠡ᠃ ᠭᠠᠳᠠᠨ᠎ᠠ ᠶ᠋ᠢᠨ ᠬᠥᠮᠦᠨ ᠪᠦᠷ ᠴᠢᠮᠠᠶ᠋ᠢ ᠳᠠ ᠯᠣᠣᠶᠧ ᠶ᠋ᠢᠨ ᠢᠲᠡᠭᠡᠯᠲᠦ ᠵᠠᠷᠤᠴᠠ ᠭᠡᠵᠦ ᠦᠵᠡᠨ ᠠᠶᠤᠨ ᠰᠦᠷᠳᠡᠳᠡᠭ ᠪᠣᠯᠬᠤ ᠪᠣᠯᠤᠨ᠎ᠠ᠃ 
       ᠳ᠋ᠠᠨᠽᠡᠨ ᠪᠦᠷ ᠭᠠᠢᠬᠠᠵᠤ ᠣᠷᠬᠢᠯ᠎ᠠ᠃《ᠪᠢ ᠵᠡᠭᠦᠳᠦᠯᠡᠵᠦ ᠪᠠᠢᠨ᠎ᠠ ᠤᠤ?》 ᠭᠡᠵᠦ ᠪᠡᠶ᠎ᠡ ᠪᠡᠨ ᠠᠵᠢᠲᠠᠯ᠎ᠠ ᠳᠠ ᠯᠣᠣᠶᠧ ᠠᠢ ᠭᠡᠵᠦ ᠰᠠᠨᠠᠭ᠎ᠠ ᠠᠯᠳᠠᠭᠠᠳ᠄ 
       — ᠮᠠᠨ ᠤ᠋ ᠬᠣᠶᠠᠷ ᠰᠠᠢᠬᠠᠨ ᠡᠯᠵᠢᠭᠡ ᠪᠣᠢ᠃ ᠲᠡᠭᠦᠨ ᠳ᠋ᠡᠭᠡᠨ ᠪᠢ ᠮᠠᠰᠢ ᠬᠠᠢᠷᠠᠲᠠᠢ᠃ ᠲᠡᠭᠡᠷᠮ᠎ᠡ ᠳ᠋ᠦ᠍ ᠣᠷᠣᠭᠤᠯᠳᠠᠭ ᠦᠭᠡᠢ ᠪᠠᠢᠭᠰᠠᠨ᠃ ᠣᠳᠣ ᠲᠡᠷᠡ ᠬᠣᠶᠠᠷ ᠡᠯᠵᠢᠭᠡ ᠶ᠋ᠢ ᠵᠠᠷᠤᠨ᠎ᠠ᠃ ᠲᠡᠭᠦᠨ ᠦ᠌ ᠣᠷᠣᠨ ᠳ᠋ᠤ᠌ ᠴᠢ ᠨᠠᠳᠠ ᠬᠠᠢᠷᠠᠯᠠᠭᠳᠠᠨ ᠮᠢᠨᠦ ᠪᠡᠶ᠎ᠡ᠂ ᠡᠳ᠋ ᠬᠥᠷᠥᠩᠭᠡ ᠬᠣᠶᠠᠷ ᠢ᠋ ᠬᠠᠮᠠᠭᠠᠯᠠᠬᠤ ᠪᠣᠯᠤᠨ᠎ᠠ᠃ ᠬᠠᠷᠢᠨ ᠲᠡᠭᠡᠷᠮ᠎ᠡ ᠳ᠋ᠦ᠍ ᠵᠢᠳᠬᠦᠬᠦ ᠦᠭᠡᠢ ᠰᠢᠦ ᠭᠡᠬᠦ ᠳ᠋ᠦ᠍ᠨᠢ᠂ ᠳ᠋ᠠᠨᠽᠡᠨ ᠦ᠌ ᠠᠭᠤᠷ ᠳᠦᠷᠡᠰᠬᠢᠨ ᠪᠠᠳᠠᠷᠠᠯ᠎ᠠ᠃ ᠠᠭᠤᠷ ᠢ᠋ᠶ᠋ᠠᠨ ᠳᠠᠷᠤᠬᠤ ᠶ᠋ᠢ ᠣᠷᠣᠯᠳᠣᠪᠠᠴᠤ《ᠡᠯᠵᠢᠭᠡ! ᠡᠯᠵᠢᠭᠡ ᠶ᠋ᠢᠨ ᠣᠷᠣᠨ ᠳ᠋ᠤ᠌ ᠬᠠᠢᠷᠠᠯᠠᠭᠳᠠᠬᠤ ᠪᠣᠯᠵᠤ ᠪᠠᠢᠨ᠎ᠠ ᠰᠢᠦ!》 ᠭᠡᠵᠦ ᠪᠣᠳᠣᠭᠳᠠᠬᠤ ᠨᠢ ᠲᠡᠰᠬᠦᠶ᠎ᠡ ᠪᠡᠷᠬᠡ᠃ ᠪᠢ ᠡᠯᠵᠢᠭᠡ ᠪᠢᠰᠢ ᠬᠥᠮᠦᠨ ᠭᠡᠵᠦ ᠬᠠᠰᠬᠢᠷᠤᠨ ᠪᠣᠰᠤᠨ ᠬᠠᠷᠠᠢᠵᠤ᠄ 
       — ᠨᠠᠳᠠ ᠥᠪᠡᠷ ᠦ᠋ᠨ ᠡᠬᠡ ᠣᠷᠣᠨ ᠪᠣᠢ! ᠥᠪᠡᠷ ᠲᠦ᠍ ᠮᠢᠨᠢ ᠱᠠᠰᠢᠨ ᠪᠤᠷᠬᠠᠨ ᠪᠣᠢ᠃ ᠠᠯᠠᠵᠤ ᠢᠳᠡᠬᠦ ᠬᠣᠨᠢ ᠬᠣᠷᠢ ᠭᠤᠴᠢ ᠠ᠋ᠴᠠ ᠢᠯᠡᠭᠦᠦ᠂ ᠤᠨᠤᠬᠤ ᠰᠠᠢᠨ ᠮᠣᠷᠢ ᠬᠦᠷᠲᠡᠯ᠎ᠡ ᠪᠣᠢ! ᠭᠡᠵᠦ ᠬᠠᠰᠬᠢᠷᠪᠠ᠃ 
       ᠬᠠᠷᠢᠭᠤ ᠳ᠋ᠤᠨᠢ ᠳᠠ ᠯᠣᠣᠶᠧ ᠠᠶᠤᠨ ᠰᠦᠷᠳᠡᠬᠦ ᠪᠣᠯᠪᠠᠴᠤ᠄ 
       — ᠴᠢᠮ᠎ᠠ ᠳ᠋ᠤ᠌ ᠪᠠᠢᠬᠤ ᠦᠭᠡᠢ᠃ ᠪᠠᠢᠭᠰᠠᠨ ᠲᠡᠷᠡ ᠪᠦᠬᠦᠨ ᠴᠢᠨᠢ ᠮᠠᠨ ᠤ᠋ ᠳᠤᠮᠳᠠᠳᠤ ᠢᠷᠭᠡᠨ ᠶᠡᠬᠡ ᠤᠯᠤᠰ ᠤ᠋ᠨ ᠶᠡᠬᠡ ᠴᠡᠷᠢᠭ ᠦ᠋ᠨ ᠬᠥᠯ ᠳ᠋ᠦ᠍ ᠳᠡᠪᠰᠡᠭᠳᠡᠨ ᠰᠦᠢᠷᠡᠵᠦ ᠪᠠᠢᠭ᠎ᠠ ᠭᠡᠵᠦ ᠥᠭᠦᠯᠡᠬᠦ ᠨᠢ ᠰᠣᠨᠣᠰᠳᠠᠪᠠ᠃  
       — ᠠ ᠲᠡᠢᠮᠦ ᠤᠤ? ᠲᠡᠭᠡᠪᠡᠯ ᠪᠢ ᠡᠨᠳᠡ ᠴᠢᠮᠠᠶ᠋ᠢ ᠡᠨᠡ ᠭᠡᠷ ᠣᠷᠣᠨ ᠲᠠᠢ ᠴᠢᠨᠢ ᠬᠠᠮᠲᠤ ᠨᠢᠴᠠ ᠳᠡᠪᠰᠡᠯᠡᠶ᠎ᠡ ᠭᠡᠵᠦ ᠳ᠋ᠠᠨᠽᠡᠨ ᠤᠷᠤᠭᠰᠢ ᠳᠠᠪᠰᠢᠪᠠ᠃ ᠭᠠᠷ ᠲᠤᠨᠢ ᠳᠠᠭᠠᠷᠢᠯᠳᠤᠭᠰᠠᠨ ᠱᠠᠵᠠᠩ ᠬᠡᠮᠬᠡ ᠠᠳᠬᠤᠭᠳᠠᠬᠤ ᠨᠢ ᠥᠪᠡᠷ ᠲᠤᠨᠢ ᠮᠡᠳᠡᠭᠳᠡᠪᠡ᠃ ᠯᠤᠤ ᠯᠢ ᠤᠷᠳᠤᠭᠤᠷ ᠨᠢ ᠣᠷᠣᠵᠤ ᠢᠷᠡᠭᠰᠡᠨ ᠢ᠋ ᠬᠠᠵᠠᠭᠤ ᠲᠡᠢᠰᠢ ᠰᠢᠲᠠᠪᠠ᠃ ᠳ᠋ᠠᠨᠽᠡᠨ ᠳᠡ ᠯᠣᠣᠶᠧ ᠶ᠋ᠢ ᠦᠨᠡᠬᠡᠷ ᠠᠯᠠᠶ᠎ᠠ ᠭᠡᠵᠦ ᠣᠷᠣᠭᠰᠢ ᠵᠢᠳᠬᠦᠬᠦ ᠳ᠋ᠦ᠍ᠨᠢ ᠤᠷᠲᠤ ᠰᠢᠷᠡᠭᠡ ᠡᠮᠦᠨ᠎ᠡ ᠨᠢ ᠲᠡᠭᠡᠭᠯᠡᠳᠦᠵᠦ ᠪᠠᠢᠭᠰᠠᠨ ᠪᠥᠭᠡᠳ ᠳᠡᠭᠡᠷᠡᠬᠢ ᠶᠠᠭᠤᠮᠠᠰ ᠨᠢ ᠫᠡᠷᠴᠢᠭᠢᠨᠡᠵᠦ ᠠᠶᠤᠭᠰᠠᠨ ᠰᠠᠨᠳᠤᠷᠤᠭᠰᠠᠨ ᠳᠠ ᠯᠣᠣᠶᠧ ᠶᠠᠩᠬᠢᠭᠠᠷ ᠰᠠᠨᠳᠠᠯᠢ ᠳ᠋ᠠᠭᠠᠨ ᠤᠯᠠᠮ ᠢ᠋ᠶ᠋ᠠᠷ ᠰᠢᠭᠢᠳᠦᠨ ᠪᠠᠷᠬᠢᠷᠠᠬᠤ ᠳ᠋ᠤ᠌ ᠭᠠᠳᠠᠨ᠎ᠠ ᠠ᠋ᠴᠠ ᠪᠦᠬᠦ ᠭᠡᠷ ᠪᠦᠯᠢ ᠶ᠋ᠢᠨ ᠬᠢᠨᠢ ᠬᠥᠮᠦᠰ ᠣᠢᠷ᠎ᠠ ᠳᠣᠲᠣᠨᠣ ᠶ᠋ᠢᠨ ᠵᠠᠷᠤᠴᠠ ᠨᠠᠷ ᠤᠬᠠᠭᠠᠨ ᠵᠢᠯᠣᠭᠣ ᠦᠭᠡᠢ ᠦᠢᠮᠡᠯᠳᠦᠨ ᠣᠷᠣᠵᠤ ᠢᠷᠡᠵᠡᠢ᠃ ᠭᠡᠪᠡᠴᠦ ᠠᠭᠰᠤᠮ ᠲᠠᠯᠪᠢᠭᠴᠢ ᠮᠣᠩᠭᠣᠯ ᠬᠥᠮᠦᠨ ᠦ᠌ ᠵᠢᠷᠤᠮ ᠢ᠋ᠶ᠋ᠠᠷ ᠡᠩᠭᠡᠷ ᠵᠠᠭᠠᠮ᠎ᠠ ᠪᠠᠨ ᠠᠯᠢ ᠬᠡᠳᠦᠢ ᠳ᠋ᠦ᠍ ᠵᠠᠳᠠ ᠲᠠᠲᠠᠭᠠᠳ ᠬᠠᠨᠴᠤᠢ ᠶᠤᠭᠠᠨ ᠲᠣᠬᠣᠢ ᠠ᠋ᠴᠠ ᠨᠢ ᠥᠩᠭᠡᠷᠡᠲᠡᠯ᠎ᠡ ᠰᠢᠮᠠᠯᠠᠵᠤ ᠠᠮᠠᠨ ᠠ᠋ᠴᠠ ᠨᠢ ᠬᠥᠭᠡᠰᠦ ᠰᠠᠬᠠᠷᠠᠭᠤᠯᠤᠨ᠂ ᠰᠢᠲᠦ ᠬᠠᠪᠢᠷᠤᠨ ᠠᠭᠰᠤᠴᠢᠵᠤ ᠪᠠᠢᠭ᠎ᠠ ᠳ᠋ᠠᠨᠽᠡᠨ ᠡᠴᠡ ᠠᠶᠤᠬᠤ ᠦᠭᠡᠢ ᠬᠥᠮᠦᠨ ᠨᠢᠭᠡ ᠴᠦ᠍ ᠠᠯᠠᠭ᠎ᠠ᠃《ᠲᠠ ᠨᠠᠷ ᠡᠨᠡ ᠡᠵᠡᠨ ᠢ᠋ᠶ᠋ᠡᠨ ᠥᠮᠥᠭᠯᠡᠨ ᠬᠠᠮᠠᠭᠠᠯᠠᠬᠤ ᠪᠠᠷ ᠢᠷᠡᠵᠡᠭᠡᠨ᠎ᠡ ᠤᠤ? ᠢᠷᠡᠵᠡᠭᠡ᠂ ᠴᠥᠮ ᠢ᠋ ᠴᠢᠨᠢ ᠠᠯᠠᠨ᠎ᠠ》 ᠭᠡᠵᠦ ᠮᠣᠩᠭᠣᠯ ᠢ᠋ᠶ᠋ᠠᠷ ᠬᠠᠰᠬᠢᠷᠴᠤ᠂ ᠱᠠᠵᠠᠩ ᠬᠡᠮᠬᠡ ᠠᠳᠬᠤᠭᠰᠠᠨ ᠠ᠋ᠴᠠ ᠪᠣᠯᠤᠨ ᠴᠢᠰᠤ ᠪᠣᠯᠤᠭᠰᠠᠨ ᠮᠣᠢᠬᠠᠷ ᠭᠠᠷ ᠢ᠋ᠶ᠋ᠠᠨ ᠵᠠᠩᠭᠢᠳᠤᠨ ᠳᠠᠪᠰᠢᠬᠤ ᠳ᠋ᠤ᠌ ᠣᠷᠣᠵᠤ ᠢᠷᠡᠭᠰᠡᠨ ᠪᠦᠬᠦᠨ ᠢ᠋ᠶ᠋ᠡᠷ ᠢ᠋ᠶ᠋ᠡᠨ ᠨᠢᠭᠡ ᠪᠤᠯᠤᠩ ᠠ᠋ᠴᠠ ᠨᠥᠭᠦᠭᠡ ᠪᠤᠯᠤᠩ ᠤᠷᠤᠭᠤ ᠬᠤᠢᠯᠠᠷᠠᠨ ᠵᠢᠭᠤᠲᠠᠵᠤ ᠴᠢᠭᠴᠢᠯᠳᠦᠨ᠎ᠡ᠃ ᠭᠠᠭᠴᠠᠬᠠᠨ ᠯᠤᠤ ᠯᠢ ᠥᠪᠡᠷ ᠦ᠋ᠨ ᠡᠴᠢᠭᠡ ᠰᠢᠭ ᠢᠵᠢᠯᠢ ᠳᠠᠰᠤᠯ ᠪᠣᠯᠤᠭᠰᠠᠨ ᠢ᠋ᠶ᠋ᠠᠷ ᠢ᠋ᠶ᠋ᠠᠨ ᠬᠠᠯᠳᠠᠨ ᠢᠷᠡᠵᠦ᠂ ᠳᠠᠯᠠᠢᠭᠰᠠᠨ ᠭᠠᠷ ᠲᠠᠢ ᠨᠢ ᠵᠠᠭᠤᠷᠠᠯᠳᠤᠵᠠᠢ᠃ ᠠᠶᠤᠨ ᠰᠠᠨᠳᠤᠷᠤᠭᠰᠠᠨ ᠳ᠋ᠠᠭᠠᠨ ᠪᠦᠬᠦ ᠪᠡᠶ᠎ᠡ ᠨᠢ ᠳᠣᠭᠳᠣᠯᠤᠨ ᠴᠡᠴᠡᠷᠡᠵᠦ ᠦᠭᠡ ᠬᠡᠯᠡᠬᠦ ᠭᠡᠪᠡᠴᠦ ᠡᠰᠡ ᠴᠢᠳᠠᠨ《ᠠᠶ᠎ᠠ᠂ ᠠᠶ᠎ᠠ》 ᠭᠡᠵᠦ ᠪᠠᠪᠤᠳᠤᠨᠠᠵᠤ ᠪᠠᠢᠬᠤ ᠶ᠋ᠢ ᠳ᠋ᠠᠨᠽᠡᠨ ᠬᠠᠷᠠᠭᠠᠳ ᠰᠠᠶᠢ ᠣᠮᠣᠭ ᠳᠠᠷᠤᠭᠳᠠᠨ ᠶᠠᠭᠠᠷᠠᠨ ᠭᠠᠷᠬᠤ ᠶ᠋ᠢ ᠰᠢᠢᠳᠪᠡ᠃ ᠭᠡᠯ᠎ᠡ ᠴᠦ᠍ ᠠᠭᠤᠷ ᠬᠢᠯᠢᠩ ᠴᠡᠭᠡᠵᠢᠨ ᠳ᠋ᠦ᠍ ᠪᠠᠳᠠᠷᠠᠭᠰᠠᠭᠠᠷ ᠬᠠᠭᠠᠯᠭᠠᠨ ᠳᠡᠭᠡᠷ᠎ᠡ ᠣᠴᠢᠨ ᠭᠠᠷ ᠢ᠋ᠶ᠋ᠠᠷ ᠢ᠋ᠶ᠋ᠠᠨ ᠨᠡᠭᠡᠭᠡᠬᠦ ᠶ᠋ᠢᠨ ᠣᠷᠣᠨ ᠳ᠋ᠤ᠌ ᠬᠡᠮᠬᠡ ᠢᠰᠬᠦᠯᠦᠨ ᠭᠠᠷᠴᠤ ᠣᠳᠪᠠ᠃ ᠠᠷᠤ ᠳ᠋ᠤᠨᠢ ᠳᠠ ᠯᠣᠣᠶᠧ ᠥᠪᠡᠷ ᠦ᠋ᠨ ᠤᠬᠠᠭᠠᠨ ᠦᠭᠡᠢ ᠪᠠᠢᠭᠰᠠᠨ ᠠ᠋ᠴᠠ ᠠᠷᠠᠢᠬᠠᠨ ᠰᠡᠷᠭᠦᠵᠦ᠂《ᠠᠶ᠎ᠠ ᠬᠥᠮᠦᠨ ᠪᠢᠰᠢ᠂ ᠪᠠᠷᠰ》 ᠭᠡᠵᠦ ᠥᠭᠦᠯᠡᠬᠦ ᠳ᠋ᠦ᠍ ᠰᠢᠪᠠᠭᠤᠨ ᠬᠥᠯ ᠲᠡᠢ ᠪᠢᠴᠢᠬᠠᠨ ᠡᠬᠡᠨᠡᠷ ᠨᠢ《ᠪᠠᠷᠰ ᠪᠠᠷᠰ ᠲᠠᠭᠠᠨ ᠪᠦᠷ ᠭᠠᠯᠵᠠᠭᠤ ᠪᠠᠷᠰ!》 ᠭᠡᠵᠦ ᠬᠡᠯᠡᠨ ᠠᠮᠢᠰᠬᠤᠭᠠᠳᠠᠭᠰᠠᠨ ᠴᠡᠭᠡᠵᠢ ᠪᠡᠨ ᠳᠠᠷᠤᠨ ᠬᠠᠨ᠎ᠠ ᠳᠥᠰᠢᠨ ᠮᠠᠭᠤᠵᠢᠷᠠᠨ ᠤᠨᠠᠪᠠ᠃  
       ᠲᠡᠨᠳᠡᠴᠡ ᠳ᠋ᠠᠨᠽᠡᠨ《ᠠᠢ᠂ ᠨᠤᠲᠤᠭ ᠮᠢᠨᠢ᠂ ᠨᠤᠲᠤᠭ ᠮᠢᠨᠢ᠂ ᠬᠠᠢᠷᠠᠲᠤ ᠨᠤᠲᠤᠭ ᠮᠢᠨᠢ!》 ᠭᠡᠵᠦ ᠲᠠᠰᠤᠷᠠᠯᠲᠠ ᠦᠭᠡᠢ ᠪᠠᠷᠬᠢᠷᠠᠨ ᠶᠠᠪᠤᠭᠰᠠᠭᠠᠷ ᠯᠤᠤ ᠯᠢ ᠶ᠋ᠢᠨ ᠭᠠᠳᠠᠨ᠎ᠠ ᠢᠷᠡᠭᠡᠳ᠂ ᠬᠠᠷ᠎ᠠ ᠪᠤᠤᠷ᠎ᠠ ᠶ᠋ᠢᠨ ᠢ᠋ᠶ᠋ᠡᠨ ᠪᠠᠷ᠎ᠠ ᠶ᠋ᠢ ᠬᠠᠷᠠᠮᠠᠭᠴᠠ ᠪᠠᠨ ᠲᠡᠰᠬᠡᠯ ᠦᠭᠡᠢ ᠤᠬᠢᠯᠠᠨ᠂ ᠤᠷᠲᠤ ᠬᠦᠵᠦᠭᠦᠦ ᠶ᠋ᠢ ᠨᠢ ᠲᠡᠪᠡᠷᠢᠨ ᠠᠪᠤᠭᠠᠳ ᠤᠬᠠᠭᠠᠨ ᠠᠯᠳᠠᠵᠠᠢ᠃ ᠳ᠋ᠠᠨᠽᠡᠨ ᠢ᠋ ᠬᠥᠭᠡᠷᠦᠬᠦᠢ ᠠᠪᠠᠭᠠᠢ ᠶᠡᠬᠡ ᠬᠦᠦ ᠲᠡᠢ ᠡᠯᠪᠡᠨ ᠠᠷᠠᠢ ᠴᠠᠷᠠᠢᠬᠠᠨ ᠳᠣᠲᠣᠭᠰᠢ ᠣᠷᠣᠭᠤᠯᠵᠤ᠂ ᠬᠠᠨᠵᠤᠨ ᠳᠡᠭᠡᠷ᠎ᠡ ᠬᠡᠪᠲᠡᠭᠦᠯᠦᠭᠰᠡᠨ ᠢ᠋ ᠣᠭᠲᠣ ᠦᠯᠦ ᠮᠡᠳᠡᠨ᠎ᠡ᠃ ᠭᠡᠲᠡᠯ᠎ᠡ ᠠᠪᠠᠭᠠᠢ᠂ ᠠᠷᠢᠬᠢᠨ ᠳ᠋ᠤ᠌ ᠬᠥᠮᠦᠨ ᠲᠡᠢᠮᠦ ᠪᠣᠯᠲᠠᠯ᠎ᠠ ᠪᠠᠨ ᠰᠣᠭᠲᠣᠬᠤ ᠶ᠋ᠢ ᠦᠵᠡᠬᠦ ᠪᠠᠢᠲᠤᠭᠠᠢ ᠲᠣᠭᠣᠯᠤᠭ᠎ᠠ ᠴᠦ᠍ ᠦᠭᠡᠢ ᠲᠤᠯᠠ ᠶᠠᠮᠠᠷ ᠨᠢᠭᠡᠨ ᠬᠣᠣᠷᠲᠠᠨ ᠢᠳᠡᠭᠡ ᠢᠳᠡᠴᠢᠭᠰᠡᠨ ᠪᠠᠢᠬᠤ ᠭᠡᠵᠦ ᠪᠣᠳᠣᠨ ᠠᠶᠤᠨ ᠰᠠᠨᠳᠤᠷᠴᠤ᠂ ᠤᠬᠢᠯᠠᠭᠠᠨ ᠤᠨᠵᠢᠭᠠᠨ ᠪᠣᠯᠤᠭᠰᠠᠨ ᠨᠢ ᠲᠤᠩ ᠶᠡᠬᠡ᠃ ᠯᠤᠤ ᠯᠢ ᠶ᠋ᠢᠨ ᠲᠡᠷᠡ ᠣᠷᠣᠢ ᠢᠷᠡᠬᠦ ᠳ᠋ᠦ᠍ᠨᠢ ᠤᠴᠢᠷ ᠢ᠋ ᠮᠡᠳᠡᠨ᠂ ᠨᠢᠭᠡ ᠲᠠᠯ᠎ᠠ ᠪᠠᠷ ᠰᠡᠳᠬᠢᠯ ᠠᠮᠠᠷᠠᠬᠤ ᠪᠣᠯᠪᠠᠴᠤ᠂ ᠨᠥᠭᠦᠭᠡ ᠲᠠᠯ᠎ᠠ ᠪᠠᠷ ᠶᠣᠰᠣ ᠵᠢᠷᠤᠮ ᠢ᠋ ᠲᠤᠩ ᠶᠡᠬᠡ ᠠᠯᠳᠠᠵᠤ ᠳᠠ ᠭᠡᠵᠦ ᠪᠣᠳᠣᠨ ᠰᠢᠨ᠎ᠡ ᠵᠣᠪᠠᠭᠤᠷᠢ ᠶ᠋ᠢ ᠡᠳ᠋ᠯᠡᠬᠦ ᠪᠣᠯᠪᠠ᠃  
       ᠰᠥᠨᠢ ᠳ᠋ᠠᠨᠽᠡᠨ᠂ ᠴᠠᠭ ᠦᠷᠭᠦᠯᠵᠢ ᠰᠢᠳᠦ ᠪᠡᠨ ᠬᠠᠪᠢᠷᠤᠨ ᠬᠢᠬᠤᠲᠤᠨᠠᠭᠤᠯᠵᠤ ᠦᠶ᠎ᠡ ᠦᠶ᠎ᠡ ᠮᠣᠩᠭᠣᠯ ᠢ᠋ᠶ᠋ᠠᠷ ᠬᠠᠷᠢᠶᠠᠯ ᠵᠦᠬᠡᠯ ᠲᠠᠯᠪᠢᠨ ᠳᠠᠢᠴᠢᠯᠠᠵᠤ ᠪᠦᠬᠦ ᠭᠡᠷ ᠪᠦᠯᠢ ᠶ᠋ᠢ ᠳᠣᠩᠰᠣᠯᠭᠠᠨ ᠨᠣᠢᠷ ᠦᠭᠡᠢ ᠬᠣᠨᠣᠭᠤᠯᠪᠠ᠃ ᠲᠡᠷᠡ ᠨᠢ ᠴᠣᠬᠣᠮ ᠭᠠᠭᠴᠠᠬᠠᠨ ᠳᠠ ᠯᠣᠣᠶᠧ ᠲᠠᠢ ᠯᠠ ᠪᠠᠢᠨ ᠪᠠᠢᠨ ᠪᠠᠷᠢᠯᠴᠠᠨ ᠠᠪᠴᠤ ᠪᠠᠢᠭ᠎ᠠ ᠪᠠᠷ ᠬᠠᠷ᠎ᠠ ᠳᠠᠷᠤᠨ ᠵᠡᠭᠦᠳᠦᠯᠡᠭᠰᠡᠨ ᠬᠡᠷᠡᠭ ᠪᠥᠭᠡᠳ ᠵᠠᠷᠢᠮ ᠳ᠋ᠠᠭᠠᠨ ᠳ᠋ᠠᠨᠽᠡᠨ ᠳᠡ ᠯᠣᠣᠶᠧ ᠲᠡᠢ ᠪᠠᠢᠨ ᠪᠠᠢᠨ ᠪᠠᠷᠢᠯᠴᠠᠨ ᠠᠪᠴᠤ ᠳᠠᠢᠯᠠᠪᠠᠴᠤ ᠳᠠ ᠯᠣᠣᠶᠧ ᠴᠠᠭᠯᠠᠰᠢ ᠦᠭᠡᠢ ᠲᠣᠮᠣ ᠭᠣᠯᠢᠶ᠎ᠠ ᠶᠤᠮ ᠤᠤ᠂ ᠡᠰᠡᠪᠡᠯ᠎ᠡ ᠴᠢᠨᠣ᠎ᠠ᠂ ᠡᠰᠡᠪᠡᠯ ᠭᠠᠬᠠᠢ ᠪᠣᠯᠤᠨ ᠪᠣᠰᠴᠤ ᠢᠷᠡᠭᠡᠳ ᠳᠠᠬᠢᠨ ᠪᠠᠷᠢᠯᠴᠠᠵᠤ ᠠᠪᠤᠨ᠎ᠠ᠃ ᠨᠢᠭᠡ ᠤᠳᠠᠭ᠎ᠠ ᠥᠪᠡᠷ ᠢ᠋ᠶ᠋ᠡᠨ ᠳᠡᠢᠯᠦᠭᠳᠡᠭᠡᠳ ᠬᠥᠭᠡᠷᠦᠬᠦᠢ ᠮᠠᠭᠤ ᠶᠠᠰᠤᠨ ᠬᠡᠳᠡᠷᠭᠡ ᠡᠯᠵᠢᠭᠡ ᠪᠣᠯᠴᠢᠬᠠᠭᠠᠳ ᠬᠦᠨᠳᠦ ᠲᠡᠭᠡᠷᠮ᠎ᠡ ᠳ᠋ᠦ᠍ ᠵᠢᠳᠬᠦᠵᠦ ᠶᠠᠪᠤᠯ᠎ᠠ᠃ ᠲᠣᠨᠣᠭ ᠬᠥᠮᠥᠯᠳᠥᠷᠭᠡ ᠪᠡᠨ ᠲᠠᠰᠤᠳᠠᠬᠤ ᠶ᠋ᠢ ᠤᠷᠤᠯᠳᠤᠨ ᠴᠢᠳᠠᠬᠤ ᠦᠭᠡᠢ ᠳ᠋ᠡᠭᠡᠨ ᠲᠣᠩ ᠶᠡᠬᠡ ᠭᠠᠰᠢᠭᠤᠳᠠᠨ᠎ᠠ᠃ ᠨᠢᠭᠡ ᠮᠡᠳᠡᠬᠦ ᠳ᠋ᠦ᠍ ᠠᠱ᠌ᠢᠭᠦᠢ ᠬᠥᠮᠦᠨ ᠬᠡᠪ ᠢ᠋ᠶ᠋ᠡᠷ ᠠᠵᠢ᠃ ᠭᠡᠪᠡᠴᠦ ᠤᠷᠢᠳᠠ ᠨᠢ ᠳᠡ ᠯᠣᠣᠶᠧ ᠴᠠᠭᠠᠨ ᠰᠠᠷ᠎ᠠ ᠶ᠋ᠢᠨ ᠢ᠋ᠶ᠋ᠡᠨ ᠲᠣᠮᠣ ᠰᠢᠷᠡᠭᠡᠨ ᠦ᠌ ᠪᠡᠨ ᠠᠷᠤ ᠳ᠋ᠤ᠌ ᠪᠠᠬᠠᠳᠤᠨ ᠲᠠᠪᠠᠯᠠᠬᠤ ᠮᠡᠲᠦ ᠢᠨᠢᠶᠡᠮᠰᠦᠭᠯᠡᠨ ᠴᠢᠮ᠎ᠠ ᠳ᠋ᠤ᠌ ᠪᠠᠢᠳᠠᠭ ᠪᠦᠬᠦᠨ ᠴᠢᠨᠢ ᠮᠠᠨ ᠤ᠋ ᠶᠡᠬᠡ ᠴᠡᠷᠢᠭ ᠦ᠋ᠨ ᠬᠥᠯ ᠳ᠋ᠦ᠍ ᠦᠷᠡᠭᠳᠡᠭᠰᠡᠨ ᠭᠡᠬᠦ ᠳ᠋ᠦ᠍ᠨᠢ᠂ ᠥᠪᠡᠷ ᠢ᠋ ᠨᠢ ᠠᠯᠠᠬᠤ᠂ ᠭᠡᠷ ᠣᠷᠣᠨ ᠢ᠋ ᠪᠠᠯᠠᠯᠬᠤ ᠪᠠᠷ ᠤᠷᠤᠭᠰᠢ ᠳᠠᠪᠰᠢᠬᠤ ᠳ᠋ᠠᠭᠠᠨ ᠰᠡᠷᠡᠵᠡᠢ᠃ 
       ᠨᠢᠳᠦᠨ ᠳ᠋ᠡᠭᠡᠨ ᠯᠤᠤ ᠯᠢ ᠶ᠋ᠢᠨ ᠭᠡᠷ ᠣᠷᠣᠨ ᠳᠤᠰᠤᠮᠠᠭᠴᠠ ᠵᠡᠭᠦᠳᠦᠯᠡᠭᠰᠡᠨ ᠢ᠋ᠶ᠋ᠡᠨ ᠮᠡᠳᠡᠪᠡ᠃ ᠥᠴᠥᠭᠡᠳᠦᠷ ᠦ᠋ᠨ ᠬᠢᠨᠢ ᠶᠠᠪᠤᠳᠠᠯ ᠤ᠋ᠳ ᠰᠡᠳᠬᠢᠯ ᠳ᠋ᠦ᠍ᠨᠢ ᠲᠤᠩ ᠲᠣᠳᠣᠷᠬᠠᠢ ᠪᠠᠭᠤᠵᠤ ᠢᠷᠡᠬᠦ ᠪᠥᠭᠡᠳ ᠬᠠᠵᠠᠭᠤ ᠲᠡᠢᠰᠢ ᠬᠠᠷᠠᠪᠠᠯ ᠯᠤᠤ ᠯᠢ ᠰᠡᠳᠬᠢᠯ ᠦ᠋ᠨ ᠬᠦᠨᠳᠦ ᠵᠣᠪᠠᠭᠤᠷᠢ ᠳ᠋ᠤ᠌ ᠳᠠᠷᠤᠭᠳᠠᠭᠰᠠᠨ ᠢ᠋ᠶ᠋ᠠᠷ ᠳᠣᠷᠣᠭᠰᠢ ᠰᠢᠷᠳᠡᠨ᠂ ᠪᠤᠭ ᠮᠠᠯ ᠤ᠋ᠨ ᠴᠢᠮᠦᠭᠡᠨ ᠭᠠᠩᠰᠠ ᠪᠠᠨ ᠬᠦᠴᠦᠯᠡᠨ ᠰᠣᠷᠣᠵᠤ᠂ ᠶᠡᠬᠡ ᠤᠲᠤᠭ᠎ᠠ ᠬᠦᠪᠦᠷᠡᠯᠳᠦᠭᠦᠯᠡᠨ ᠰᠠᠭᠤᠨ᠎ᠠ᠃ ᠠᠪᠠᠭᠠᠢ ᠰᠢᠪᠡᠷ ᠵᠤᠤᠬᠠᠨ ᠤ᠋ ᠪᠠᠨ ᠲᠡᠨᠳᠡ ᠮᠥᠨ ᠯᠡ ᠭᠤᠨᠢᠭᠲᠠᠢ ᠳᠣᠷᠣᠭᠰᠢ ᠰᠢᠷᠲᠡᠨ ᠰᠠᠭᠤᠭᠰᠠᠨ ᠠ᠋ᠴᠠ ᠪᠠᠨ ᠲᠣᠯᠣᠭᠠᠢ ᠳᠡᠭᠡᠭᠰᠢ ᠲᠡᠳᠡᠨ᠄  
       — ᠠᠶ᠎ᠠ ᠪᠡᠶ᠎ᠡ ᠴᠢᠨᠢ ᠶᠠᠮᠠᠷ ᠪᠠᠢᠨ᠎ᠠ? 
       — ᠳᠣᠲᠣᠷ᠎ᠠ ᠮᠠᠰᠢ ᠮᠠᠭᠤᠬᠠᠢ ᠪᠠᠢᠨ᠎ᠠ ᠭᠡᠬᠦ ᠳ᠋ᠦ᠍ ᠶᠠᠭᠠᠷᠠᠨ ᠪᠣᠰᠴᠤ᠂ ᠬᠠᠯᠠᠭᠤᠨ ᠴᠠᠢ ᠬᠦᠢᠲᠡᠨ ᠮᠠᠨᠲᠠᠤ ᠬᠣᠶᠠᠷ ᠢ᠋ ᠠᠪᠴᠢᠷᠠᠵᠤ ᠥᠭᠪᠡ᠃ 
       ᠯᠤᠤ ᠯᠢ ᠳᠣᠷᠣᠭᠰᠢ ᠰᠢᠷᠳᠡᠭᠰᠡᠨ ᠴᠢᠭ ᠢ᠋ᠶ᠋ᠡᠷ ᠢ᠋ᠶ᠋ᠡᠨ ᠭᠠᠩᠰᠠ ᠪᠠᠨ ᠬᠡᠳᠦ ᠳᠠᠬᠢᠨ ᠤᠭᠵᠠᠷᠠᠭᠰᠠᠨ ᠤ᠋ ᠪᠠᠨ ᠳᠠᠷᠠᠭ᠎ᠠ᠄ 
       — ᠴᠢ ᠥᠴᠥᠭᠡᠳᠦᠷ ᠳᠡ ᠯᠣᠣᠶᠧ ᠶ᠋ᠢᠨ ᠡᠮᠦᠨ᠎ᠡ ᠭᠠᠯᠵᠠᠭᠤ ᠪᠠᠷᠰ ᠰᠢᠭ᠋ ᠠᠭᠰᠤᠴᠢᠭᠰᠠᠨ ᠢ᠋ᠶ᠋ᠠᠨ ᠮᠡᠳᠡᠵᠦ ᠪᠠᠢᠨ᠎ᠠ ᠤᠤ? ᠭᠡᠵᠦ ᠠᠶᠠᠷᠬᠠᠨ ᠪᠣᠯᠪᠠᠴᠤ ᠵᠢᠮᠡᠯᠡᠩᠭᠦᠢ ᠥᠭᠦᠯᠡᠪᠡ᠃  
       — ᠮᠡᠳᠡᠵᠦ ᠪᠠᠢᠨ᠎ᠠ ᠭᠡᠵᠦ ᠳ᠋ᠠᠨᠽᠡᠨ ᠭᠡᠮᠰᠢᠨ ᠬᠠᠷᠢᠭᠤᠯᠤᠭᠰᠠᠨ ᠢ᠋ᠶ᠋ᠠᠨ᠂ ᠭᠡᠪᠡᠴᠦ ᠳᠡ ᠶᠧ ᠠ᠋᠂ ᠲᠡᠷᠡ ᠴᠢᠨᠢ ᠨᠠᠮᠠᠶ᠋ᠢ ᠬᠥᠮᠦᠨ ᠭᠡᠵᠦ ᠦᠵᠡᠬᠦ ᠶ᠋ᠢᠨ ᠣᠷᠣᠨ ᠳ᠋ᠤ᠌ ᠬᠥᠮᠦᠨ ᠲᠣᠯᠣᠭᠠᠢ ᠲᠠᠢ ᠡᠯᠵᠢᠭᠡ ᠭᠡᠵᠦ ᠦᠵᠡᠭᠰᠡᠨ ᠰᠢᠦ ᠳᠡ᠃  
       — ᠠᠢ ᠬᠠᠮᠢᠭ᠎ᠠ ᠠ᠋ᠴᠠ! ᠬᠠᠷᠢᠨ ᠳᠠ ᠯᠣᠣᠶᠧ ᠬᠣᠶᠠᠷ ᠡᠯᠵᠢᠭᠡ ᠡᠴᠡ ᠪᠡᠨ ᠳᠠᠪᠠᠭᠤ ᠲᠠᠢ ᠦᠨᠡᠯᠡᠨ ᠳᠡᠷᠭᠡᠳᠡ ᠪᠡᠨ ᠠᠪᠬᠤ ᠭᠡᠰᠡᠨ ᠪᠢᠰᠢ ᠤᠤ᠃  
       — ᠬᠠᠷᠢᠨ ᠳᠠ᠂ ᠲᠡᠷᠡ ᠴᠢᠨᠢ ᠣᠳᠣ ᠬᠥᠮᠦᠨ ᠲᠣᠯᠣᠭᠠᠢ ᠲᠠᠢ ᠡᠯᠵᠢᠭᠡ ᠭᠡᠵᠦ ᠦᠵᠡᠵᠦ ᠪᠠᠢᠭ᠎ᠠ ᠨᠢ ᠲᠡᠷᠡ! 
       ᠯᠤᠤ ᠯᠢ ᠳᠠᠭᠤ ᠦᠭᠡᠢ ᠪᠣᠯᠤᠨ ᠪᠠᠬᠠᠨ ᠪᠣᠳᠣᠭᠰᠠᠨ ᠢ᠋ᠶ᠋ᠠᠨ᠄ 
       — ᠲᠡᠷᠡ ᠲᠡᠢᠮᠦ᠃ ᠭᠡᠪᠡᠴᠦ ᠨᠠᠮᠠᠶ᠋ᠢ ᠲᠡᠭᠡᠵᠦ ᠥᠨᠳᠥᠷ ᠢ᠋ᠶ᠋ᠡᠷ ᠦᠨᠡᠯᠡᠭᠰᠡᠨ ᠪᠣᠯ ᠪᠢ ᠪᠠᠶᠠᠷᠯᠠᠬᠤ ᠪᠠᠢᠯ᠎ᠠ᠃  
       — ᠶᠠᠭᠠᠬᠢᠶ᠎ᠠ ᠭᠡᠬᠦ ᠪᠣᠢ᠂ ᠶᠠᠳᠠᠭᠤ ᠬᠥᠮᠦᠨ ᠪᠠᠶᠠᠳ ᠨᠣᠶᠠᠳ ᠤ᠋ᠨ ᠡᠮᠦᠨ᠎ᠡ ᠡᠯᠵᠢᠭᠡ ᠡᠴᠡ ᠳᠣᠣᠷ᠎ᠠ ᠦᠨ᠎ᠡ ᠲᠡᠢ ᠪᠠᠢᠳᠠᠭ ᠠ᠋ᠴᠠ ᠯᠠ ᠲᠡᠷᠡ ᠪᠠᠢᠬᠤ ᠦᠭᠡᠢ ᠤᠤ? ᠭᠡᠳ ᠳ᠋ᠠᠨᠽᠡᠨ ᠣᠳᠣ ᠮᠢᠨᠦ ᠪᠣᠳᠣᠬᠤ ᠡᠭᠡᠯᠵᠢ ᠪᠣᠯᠤᠯ᠎ᠠ ᠭᠡᠰᠡᠨ ᠮᠠᠶᠢᠭᠲᠠᠢ ᠳᠣᠷᠣᠭᠰᠢ ᠰᠢᠷᠳᠡᠨ ᠭᠥᠯᠢᠷᠡᠪᠡ᠃《ᠦᠭᠡᠢ᠂ ᠬᠦᠦ ᠴᠢ ᠶᠠᠭᠤ ᠪᠣᠳᠣᠨ ᠭᠤᠲᠤᠷᠠᠨ᠎ᠠ ᠪᠣᠢ?》 ᠭᠡᠬᠦ ᠳ᠋ᠦ᠍᠂ ᠨᠠᠳᠠ ᠳ᠋ᠤ᠌ ᠭᠤᠳᠤᠷᠠᠭᠰᠠᠨ ᠶᠠᠭᠤᠮ᠎ᠠ ᠠᠯᠠᠭ᠎ᠠ᠃ ᠭᠠᠭᠴᠠᠬᠠᠨ ᠮᠢᠨᠦ ᠥᠴᠥᠭᠡᠳᠦᠷ ᠦ᠋ᠨ ᠶᠠᠪᠤᠳᠠᠯ ᠲᠠᠨ ᠤ᠋ ᠬᠣᠢᠰᠢᠳᠠ ᠶ᠋ᠢᠨ ᠠᠮᠢᠳᠤᠷᠠᠯ ᠳ᠋ᠤ᠌ ᠭᠠᠢ ᠪᠣᠯᠬᠤ ᠪᠠᠢᠭ᠎ᠠ ᠳᠠ ᠯᠠ ᠭᠡᠵᠦ ᠰᠡᠳᠬᠢᠯ ᠵᠣᠪᠠᠵᠤ ᠪᠠᠢᠨ᠎ᠠ᠃ 
       — ᠠᠢ ᠦᠭᠡᠢ᠃ ᠬᠠᠷᠢᠨ ᠪᠢ ᠴᠢᠮᠠᠶ᠋ᠢ ᠪᠠᠷᠢᠵᠤ ᠠᠪᠤᠭᠠᠳ《ᠭᠠᠷ!》 ᠭᠡᠬᠦ ᠳ᠋ᠦ᠍ ᠴᠢ ᠠᠱ᠌ᠢᠬᠦᠢ ᠨᠣᠮᠣᠬᠠᠷᠠᠨ ᠭᠠᠷᠤᠭᠰᠠᠨ ᠰᠢᠦ ᠳᠡ᠃ ᠲᠡᠭᠡᠭᠰᠡᠨ ᠡᠴᠡ ᠴᠢᠨᠢ ᠳᠡ ᠯᠣᠣᠶᠧ ᠨᠠᠮᠠᠶ᠋ᠢ ᠭᠠᠯᠵᠠᠭᠤ ᠪᠠᠷᠰ ᠠ᠋ᠴᠠ ᠪᠦᠬᠦ ᠭᠡᠷ ᠪᠦᠯᠢ ᠶ᠋ᠢ ᠠᠪᠤᠷᠠᠭᠴᠢ ᠶᠡᠬᠡ ᠵᠣᠷᠢᠭᠲᠠᠨ ᠭᠡᠵᠦ ᠬᠦᠨᠳᠦᠳᠬᠡᠨ ᠵᠣᠴᠢᠯᠠᠭᠰᠠᠨ ᠭᠡᠵᠦ ᠢᠨᠢᠶᠡᠳᠦ ᠠᠯᠳᠠᠪᠠ᠃ ᠯᠤᠤ ᠯᠢ ᠭᠡᠨᠡᠳᠲᠡ ᠴᠢᠷᠠᠢ ᠬᠤᠪᠢᠷᠠᠭᠠᠨ᠄ 
       — ᠭᠡᠪᠡᠴᠦ ᠳᠡ ᠯᠣᠣᠶᠧ ᠲᠤᠩ ᠳᠠᠷᠤᠢ ᠴᠢᠮᠠᠶ᠋ᠢ ᠬᠥᠭᠡᠭᠡᠨ ᠶᠠᠪᠤᠭᠤᠯᠬᠤ ᠶ᠋ᠢ ᠳᠠᠭᠠᠭᠠᠯᠭᠠᠭᠰᠠᠨ ᠡᠨᠡ ᠪᠠᠰᠠ ᠬᠡᠴᠡᠭᠦᠦ ᠶᠧ!  
       — ᠵᠦᠭᠡᠷ! ᠲᠡᠷᠡ ᠲᠡᠢ ᠲᠡᠷᠡ ᠦᠭᠡᠢ ᠪᠢ ᠶᠠᠪᠤᠨ᠎ᠠ᠃ 
       — ᠬᠠᠰᠢ ᠪᠠᠨ! ᠭᠡᠵᠦ ᠠᠪᠠᠭᠠᠢ ᠰᠣᠴᠢᠨ ᠳᠠᠭᠤ ᠠᠯᠳᠠᠪᠠ᠃ 
       — ᠡᠵᠢ ᠮᠢᠨᠢ᠂ ᠨᠤᠲᠤᠭ ᠤᠷᠤᠭᠤ ᠪᠠᠨ᠃ ᠨᠤᠲᠤᠭ ᠮᠢᠨᠢ ᠲᠡᠢᠨ ᠦ᠌ ᠬᠥᠯ ᠳ᠋ᠦ᠍ ᠪᠠᠢᠭ᠎ᠠ ᠶ᠋ᠢ ᠪᠢ ᠥᠴᠥᠭᠡᠳᠦᠷ ᠳᠡ ᠯᠣᠣᠶᠧ ᠶ᠋ᠢᠨ ᠠᠮᠠᠨ ᠠ᠋ᠴᠠ ᠮᠡᠳᠡᠯ᠎ᠡ᠃  
       — ᠠᠶ᠎ᠠ᠂ ᠳᠠ ᠯᠣᠣᠶᠧ ᠴᠢᠮᠠᠶ᠋ᠢ ᠥᠪᠡᠷ ᠦ᠋ᠨ ᠬᠥᠮᠦᠨ ᠪᠣᠯᠭᠠᠵᠤ ᠠᠪᠬᠤ ᠭᠡᠬᠦ ᠳ᠋ᠡᠭᠡᠨ ᠬᠤᠳᠠᠯ ᠬᠡᠯᠡᠭᠰᠡᠨ ᠪᠠᠢᠯᠭᠦᠢ᠃ 
       ᠯᠤᠤ ᠯᠢ᠄ 
       — ᠦᠨᠡᠨ᠂ ᠤᠷᠵᠢᠳᠤᠷ ᠪᠠᠷᠠᠭᠤᠨ ᠠ᠋ᠴᠠ ᠬᠣᠶᠠᠷ ᠴᠢᠴᠧ ᠳᠦᠭᠦᠷᠡᠩ ᠨᠣᠶᠠᠳ ᠢᠷᠡᠵᠦ ᠳᠠ ᠯᠣᠣᠶᠧ ᠶ᠋ᠢᠨ ᠳ᠋ᠦ᠍ ᠴᠠᠢᠯᠠᠬᠤ ᠵᠠᠭᠤᠷ᠎ᠠ ᠪᠠᠨ ᠲᠡᠢᠮᠦ ᠦᠭᠡ ᠬᠡᠯᠡᠭᠰᠡᠨ ᠢ᠋ ᠨᠢ ᠪᠢ ᠳᠡ ᠯᠣᠣᠶᠧ ᠶ᠋ᠢᠨ ᠠᠮᠠᠨ ᠠ᠋ᠴᠠ ᠳᠠᠬᠢᠨ ᠰᠣᠨᠣᠰᠤᠭᠰᠠᠨ᠃ ᠭᠡᠪᠡᠴᠦ ᠴᠢ ᠪᠢᠲᠡᠭᠡᠢ ᠶᠠᠪᠤ! ᠨᠢᠭᠡ ᠳ᠋ᠦ᠍ ᠡᠨᠡ ᠠᠶᠤᠮᠰᠢᠭᠲᠤ ᠡᠪᠦᠯ ᠦ᠋ᠨ ᠬᠦᠢᠲᠡᠨ᠂ ᠬᠣᠶᠠᠷ ᠲᠤ ᠨᠢᠭᠡ ᠬᠥᠮᠦᠨ ᠲᠥᠷᠥ ᠤᠯᠤᠰ ᠤ᠋ᠨ ᠲᠥᠯᠥᠭᠡ ᠶᠠᠭᠤ ᠬᠢᠨ᠎ᠡ᠂ ᠳᠡᠮᠡᠢ ᠠᠮᠢ ᠦᠷᠡᠭᠳᠡᠨ᠎ᠡ᠃  
       — ᠠᠢ᠂ ᠳᠠ ᠬᠡ ᠬᠡ! ᠲᠡᠷᠡ ᠪᠦᠬᠦᠨ ᠬᠠᠮᠢᠶ᠎ᠠ ᠦᠭᠡᠢ᠂ ᠦᠬᠦᠪᠡᠴᠦ ᠠᠭᠤᠯᠠ ᠤᠰᠤ᠂ ᠭᠠᠵᠠᠷ ᠰᠢᠷᠣᠢ᠂ ᠪᠤᠷᠬᠠᠨ ᠱᠠᠰᠢᠨ᠂ ᠠᠷᠠᠳ ᠲᠦᠮᠡᠨ ᠦ᠌ ᠪᠡᠨ ᠲᠥᠯᠥᠭᠡ ᠶᠠᠪᠤᠵᠤ ᠪᠠᠢᠭᠠᠳ ᠦᠬᠦᠵᠦ ᠪᠠᠢᠭ᠎ᠠ ᠮᠢᠨᠢ ᠡᠨᠡ! ᠭᠡᠵᠦ ᠪᠣᠳᠣᠬᠤ ᠳ᠋ᠤ᠌ ᠰᠡᠳᠬᠢᠯ ᠠᠷᠢᠭᠤᠨ᠂ ᠠᠮᠢᠰᠬᠤᠯ ᠴᠢᠯᠥᠭᠡ ᠲᠡᠢ ᠬᠤᠷᠢᠶᠠᠭᠳᠠᠨ᠎ᠠ᠃ 
       — ᠠᠢ᠂ ᠴᠢᠨᠦ ᠪᠤᠷᠬᠠᠨ ᠢᠩᠭᠢᠵᠦ ᠨᠣᠮᠯᠠᠳᠠᠭ ᠪᠠᠢᠵᠠᠢ᠃ 
       — ᠦᠭᠡᠢ᠂ ᠡᠨᠡ ᠪᠤᠷᠬᠠᠨ ᠤ᠋ ᠨᠣᠮᠯᠠᠯ ᠪᠢᠰᠢ᠂ ᠮᠢᠨᠦ ᠬᠤᠪᠢ ᠶ᠋ᠢᠨ ᠪᠣᠳᠣᠯ᠃ ᠡᠭᠦᠨᠴᠡ ᠴᠠᠰᠢ ᠨᠠᠳᠠ ᠡᠷᠬᠢᠮᠯᠡᠬᠦ ᠶᠠᠭᠤᠮ᠎ᠠ ᠪᠠᠢᠳᠠᠭ ᠦᠭᠡᠢ᠂ ᠪᠠᠢᠯᠭᠠᠬᠤ ᠶ᠋ᠢ ᠴᠦ᠍ ᠬᠦᠰᠡᠳᠡᠭ ᠦᠭᠡᠢ᠃  
       — ᠵᠠ ᠲᠡᠭᠡᠪᠡᠯ ᠶᠠᠪᠤ! ᠬᠥᠮᠦᠨ ᠦ᠌ ᠴᠢᠩ ᠰᠡᠳᠬᠢᠯ ᠦ᠋ᠨ ᠡᠷᠡᠮᠡᠯᠵᠡᠯᠡᠯ ᠢ᠋ ᠬᠡᠨ ᠴᠦ᠍ ᠬᠣᠷᠢᠭᠯᠠᠵᠤ ᠴᠢᠳᠠᠳᠠᠭ ᠦᠭᠡᠢ ᠶᠦᠮ᠃ ᠡᠬᠡᠨᠡᠷ! ᠴᠢ ᠴᠦ᠍ ᠪᠢᠲᠡᠭᠡᠢ ᠬᠣᠷᠢᠭᠯᠠ᠃ ᠬᠠᠷᠢᠨ ᠬᠣᠭᠣᠯᠠ ᠬᠦᠨᠡᠰᠦ᠂ ᠡᠮᠦᠰᠬᠦ ᠳᠤᠯᠠᠭᠠᠨ ᠬᠤᠪᠴᠠᠰᠤᠨ ᠤ᠋ ᠶᠠᠭᠤᠮ᠎ᠠ ᠶᠠᠭᠤ ᠪᠠᠢᠳᠠᠭ ᠪᠢᠯᠡ᠂ ᠪᠡᠯᠡᠳᠬᠡᠵᠦ ᠥᠭ!  
       ᠠᠪᠠᠭᠠᠢ ᠶᠠᠭᠠᠷᠠᠨ ᠭᠠᠭᠴᠠ ᠴᠢᠬᠢᠷᠰᠦᠨ ᠠᠪᠳᠠᠷ᠎ᠠ ᠪᠠᠨ ᠠᠭᠤᠳᠠᠯᠤᠨ ᠵᠤᠵᠠᠭᠠᠨ ᠬᠥᠪᠥᠩ ᠲᠡᠢ ᠥᠮᠥᠳᠥ ᠴᠠᠮᠴᠠ ᠭᠠᠷᠭᠠᠵᠤ ᠠᠪᠤᠪᠠ᠃ ᠡᠨᠡ ᠪᠣᠯ ᠡᠳᠡᠨ ᠦ᠌ ᠥᠨᠥᠬᠢ ᠴᠡᠷᠢᠭ ᠲᠦ᠍ ᠪᠠᠷᠢᠭᠳᠠᠨ ᠠᠯᠠᠭ᠎ᠠ ᠪᠣᠯᠤᠭᠰᠠᠨ ᠬᠦᠦ ᠳ᠋ᠡᠭᠡᠨ ᠪᠡᠯᠡᠳᠬᠡᠨ ᠬᠠᠳᠠᠭᠠᠯᠠᠭᠰᠠᠨ ᠭᠠᠭᠴᠠ ᠦᠨ᠎ᠡ ᠲᠡᠢ ᠵᠦᠢᠯ ᠪᠠᠢᠪᠠ᠃ 
       ᠥᠮᠥᠳᠥ ᠨᠢ ᠳ᠋ᠠᠨᠽᠡᠨ ᠳ᠋ᠦ᠍ ᠶᠠᠭ ᠲᠠᠭᠠᠷᠠᠵᠤ᠂ ᠴᠠᠮᠴᠠ ᠨᠢ ᠠᠷᠠᠢ ᠴᠢᠷᠠᠢ ᠪᠠᠭᠲᠠᠵᠤ ᠪᠠᠢᠬᠤ ᠳ᠋ᠤ᠌ ᠠᠪᠠᠭᠠᠢ ᠶᠠᠭ ᠲᠣᠬᠢᠷᠠᠪᠠ ᠭᠡᠵᠦ ᠪᠠᠶᠠᠷᠯᠠᠨ᠎ᠠ᠃ ᠪᠠᠰᠠ ᠴᠠᠭᠠᠨ ᠰᠠᠷ᠎ᠠ ᠶ᠋ᠢᠨ ᠲᠡᠭᠦᠰᠬᠡᠯ ᠠᠷᠪᠠᠨ ᠲᠠᠪᠤᠨ ᠤ᠋ ᠰᠠᠷᠠᠨ ᠳᠠᠬᠢᠯᠲᠠ ᠪᠠᠷ ᠬᠡᠷᠡᠭᠯᠡᠬᠦ ᠪᠡᠷ ᠬᠠᠳᠠᠭᠠᠯᠠᠭᠰᠠᠨ ᠬᠠᠮᠤᠭ ᠮᠠᠨᠲᠠᠤ᠂ ᠵᠠ ᠭᠣᠣ᠂ ᠪᠣᠭᠣᠷᠰᠣᠭ᠂ ᠮᠠ ᠳᠠᠩ ᠢ᠋ᠶ᠋ᠠᠨ ᠸᠠᠳᠠᠩᠯᠠᠨ ᠪᠣᠭᠣᠵᠠᠢ᠃ 
       ᠪᠦᠬᠦ ᠶᠠᠭᠤᠮ᠎ᠠ ᠪᠡᠯᠡᠨ ᠪᠣᠯᠣᠮᠠᠭᠴᠠ ᠳ᠋ᠠᠨᠽᠡᠨ ᠭᠠᠮᠢᠩ ᠴᠡᠷᠢᠭ ᠦ᠋ᠨ ᠬᠠᠯᠠᠭᠠᠰᠠᠳ ᠰᠠᠪᠠ ᠤᠷᠤᠭᠤ ᠭᠠᠷ ᠢ᠋ᠶ᠋ᠠᠨ ᠰᠢᠷᠭᠤᠭᠤᠯᠪᠠ᠃ ᠲᠡᠭᠦᠨ ᠳ᠋ᠡᠭᠡᠨ ᠳ᠋ᠠᠨᠽᠡᠨ ᠴᠡᠷᠢᠭ ᠨᠣᠶᠠᠳ ᠤ᠋ᠨ ᠬᠣᠭᠣᠷᠣᠨᠳᠣ ᠶ᠋ᠢᠨ ᠲᠡᠢᠨ ᠢ᠋ ᠵᠢᠭᠰᠢᠨ ᠵᠢᠭᠤᠲᠠᠭᠰᠠᠨ ᠵᠠᠯᠠᠭᠤ ᠨᠠᠢᠵᠢ ᠶ᠋ᠢᠨ ᠥᠭᠭᠦᠭᠰᠡᠨ ᠠᠷᠪᠠᠨ ᠬᠣᠶᠠᠷ ᠶᠠᠩᠴᠢᠶᠠᠨ ᠢ᠋ ᠲᠠᠭ ᠳᠠᠷᠤᠨ ᠬᠠᠳᠠᠭᠠᠯᠠᠭᠰᠠᠨ ᠢ᠋ᠶ᠋ᠠᠷ ᠢ᠋ᠶ᠋ᠠᠨ ᠪᠠᠭ᠎ᠠ ᠦᠭᠡᠢ ᠮᠥᠩᠭᠥ ᠲᠡᠢ ᠬᠥᠮᠦᠨ ᠶᠦᠮ᠃ ᠭᠠᠷ ᠲᠠᠭᠠᠨ ᠳᠠᠭᠠᠷᠢᠯᠳᠤᠭᠰᠠᠨ ᠢ᠋ ᠠᠳᠬᠤᠨ ᠢᠷᠡᠪᠡᠯ ᠳᠣᠯᠣᠭᠠᠨ ᠶᠠᠩᠴᠢᠶᠠᠨ ᠪᠠᠢᠭᠰᠠᠨ ᠪᠥᠭᠡᠳ ᠯᠤᠤ ᠯᠢ ᠳ᠋ᠦ᠍ ᠥᠭᠪᠡᠯ ᠯᠤᠤ ᠯᠢ ᠨᠢᠳᠦ ᠪᠡᠨ ᠲᠣᠮᠣ ᠪᠣᠯᠭᠠᠨ ᠭᠠᠢᠬᠠᠬᠤ ᠪᠣᠯᠪᠠᠴᠤ《ᠠᠢ ᠶᠠᠭᠤ ᠬᠢᠨ᠎ᠡ᠂ ᠬᠦᠦ ᠴᠢ ᠥᠪᠡᠷ ᠲᠡᠭᠡᠨ ᠬᠡᠷᠡᠭᠯᠡ!》 ᠭᠡᠵᠦ ᠡᠰᠡ ᠬᠠᠯᠠᠭᠠᠨ᠎ᠠ᠃ ᠠᠪᠠᠭᠠᠢ ᠳ᠋ᠤ᠌ ᠥᠭᠪᠡᠯ ᠪᠦᠷ ᠴᠦ᠍ ᠦᠭᠡᠢ᠃《ᠰᠡᠳᠬᠢᠯ ᠵᠣᠪᠠᠬᠤ ᠶᠠᠭᠤᠮ᠎ᠠ ᠦᠭᠡᠢ᠂ ᠨᠠᠳᠠ ᠪᠠᠰᠠ ᠮᠥᠩᠭᠥ ᠪᠣᠢ》 ᠭᠡᠵᠦ ᠲᠠᠢᠯᠪᠤᠷᠢ ᠬᠡᠯᠡᠪᠡᠴᠦ ᠠᠪᠠᠭᠠᠢ《ᠴᠢ ᠥᠪᠡᠷ ᠢ᠋ ᠪᠡᠨ ᠪᠣᠳᠣ! ᠬᠥᠮᠦᠨ ᠭᠠᠭᠴᠠ ᠠᠮᠢ ᠲᠠᠢ᠃ ᠮᠥᠩᠭᠥ ᠮᠢᠩᠭᠠᠨ ᠠᠮᠢ ᠲᠠᠢ ᠪᠠᠢᠳᠠᠭ ᠭᠡᠭᠴᠢ ᠮᠥᠩᠭᠥ ᠴᠢᠨᠢ ᠴᠢᠮ᠎ᠠ ᠳ᠋ᠤ᠌ ᠶᠡᠬᠡ ᠬᠡᠷᠡᠭ ᠪᠣᠯᠤᠨ᠎ᠠ》 ᠭᠡᠵᠦ ᠬᠠᠷᠢᠭᠤ ᠢᠳᠬᠠᠪᠠ᠃ ᠲᠡᠭᠡᠬᠦ ᠳᠣᠳᠣᠮ ᠳ᠋ᠠᠨᠽᠡᠨ ᠡᠳᠡᠨ ᠦ᠌ ᠠᠴᠢ ᠲᠤᠰᠠ ᠪᠣᠯᠤᠭᠰᠠᠨ ᠢ᠋ ᠰᠠᠨᠠᠨ᠂ ᠵᠦᠭᠡᠷ ᠭᠠᠷᠬᠤ ᠠ᠋ᠴᠠ ᠬᠠᠯᠠᠰᠢᠷᠠᠨ ᠬᠡᠦᠬᠡᠳ ᠲᠦ᠍ ᠮᠥᠩᠭᠥ ᠪᠡᠨ ᠬᠤᠪᠢᠶᠠᠷᠢᠯᠠᠨ ᠥᠭᠬᠦ ᠳ᠋ᠦ᠍ ᠲᠡᠳᠡ ᠪᠠᠶᠠᠷᠯᠠᠯᠳᠤᠨ ᠬᠦᠯᠢᠶᠡᠨ ᠠᠪᠤᠩᠭᠤᠲᠠ ᠪᠠᠨ ᠴᠢᠩᠭᠠᠳᠠ ᠠᠳᠬᠤᠨ ᠭᠠᠷ ᠢ᠋ᠶ᠋ᠠᠨ ᠠᠷᠤ ᠳ᠋ᠠᠭᠠᠨ ᠠᠪᠠᠴᠢᠪᠠ᠃ 
       — ᠵᠠ ᠣᠳᠣ ᠶᠠᠪᠤᠶ᠎ᠠ ᠭᠡᠬᠦ ᠳ᠋ᠦ᠍ ᠯᠤᠤ ᠯᠢ᠄  
       — ᠶᠠᠪᠤ ᠳᠠ ᠶᠠᠪᠤ! ᠪᠢ ᠳᠡ ᠯᠣᠣᠶᠧ ᠶ᠋ᠢᠨ ᠴᠢᠮᠠᠶ᠋ᠢ ᠬᠥᠭᠡᠭᠡᠵᠦ ᠶᠠᠪᠤᠭᠤᠯᠤᠭᠰᠠᠨ ᠢ᠋ ᠣᠯᠠᠨ ᠤ᠋ ᠡᠮᠦᠨ᠎ᠡ ᠭᠦᠢᠴᠡᠳᠬᠡᠭᠰᠡᠨ ᠪᠣᠯᠵᠤ᠂ ᠴᠢᠮᠠᠶ᠋ᠢ ᠪᠠᠨ ᠭᠠᠷᠭᠠᠵᠤ ᠥᠭᠬᠦ ᠦᠭᠡᠢ ᠪᠠᠢᠶ᠎ᠠ᠃ ᠡᠨᠡ ᠲᠤᠬᠠᠢ ᠨᠠᠳᠠ ᠪᠢᠲᠡᠭᠡᠢ ᠮᠠᠭᠤ ᠰᠠᠨᠠᠭᠠᠷᠠᠢ᠃ ᠢᠷᠡᠭᠡᠳᠦᠢ ᠳ᠋ᠦ᠍ ᠮᠠᠨ ᠤ᠋ ᠡᠨᠡ ᠮᠠᠭᠤ ᠪᠢᠴᠢᠬᠠᠨ ᠪᠠᠢᠰᠢᠩ ᠤ᠋ᠨ ᠡᠭᠦᠳᠡ ᠬᠠᠭᠠᠯᠭ᠎ᠠ ᠴᠢᠨᠦ ᠡᠮᠦᠨ᠎ᠡ ᠬᠡᠵᠢᠶ᠎ᠡ ᠪᠣᠯᠪᠠᠴᠤ ᠨᠡᠭᠡᠭᠡᠯᠲᠡ ᠲᠡᠢ ᠪᠠᠢᠨ᠎ᠠ ᠭᠡᠵᠦ ᠮᠡᠳᠡᠭᠡᠷᠡᠢ! 
       — ᠣᠢᠯᠠᠭᠠᠯ᠎ᠠ᠂ ᠠᠬ᠎ᠠ ᠮᠢᠨᠢ ᠣᠢᠯᠠᠭᠠᠯ᠎ᠠ᠃ ᠠᠮᠤᠷ ᠮᠡᠨᠳᠦ ᠰᠠᠢᠨ ᠰᠠᠭᠤᠵᠤ ᠪᠠᠢᠭᠠᠷᠠᠢ! ᠭᠡᠵᠦ ᠭᠠᠷᠬᠤ ᠭᠡᠲᠡᠯ᠎ᠡ ᠠᠪᠠᠭᠠᠢ 
       — ᠦᠭᠡᠢ ᠪᠠᠢᠵᠠ ᠴᠢ ᠵᠣᠭᠰᠣ! ᠪᠢ ᠴᠢᠮᠠᠶ᠋ᠢ ᠪᠠᠨ ᠨᠢᠭᠡ ᠰᠠᠢᠨ ᠬᠠᠷᠠᠵᠤ ᠠᠪᠤᠭᠠᠳ ᠦᠯᠡᠳᠡᠶ᠎ᠡ᠃ 
       ᠳ᠋ᠠᠨᠽᠡᠨ ᠬᠠᠭᠠᠯᠭᠠᠨ ᠤ᠋ ᠡᠮᠦᠨᠡᠬᠡᠨ ᠲᠡᠢ ᠡᠷᠭᠢᠨ ᠵᠣᠭᠰᠣᠪᠠ᠃ ᠠᠪᠠᠭᠠᠢ ᠡᠮᠦᠨ᠎ᠡ ᠨᠢ ᠲᠤᠯᠤᠨ ᠢᠷᠡᠵᠦ ᠨᠢᠭᠤᠷ ᠢ᠋ ᠨᠢ ᠰᠢᠷᠳᠡᠪᠡ᠃ ᠵᠢᠷᠦᠬᠡ ᠨᠢ ᠴᠡᠭᠡᠵᠢᠨ ᠳ᠋ᠡᠭᠡᠨ ᠲᠦᠭ ᠲᠦᠭ ᠯᠤᠭᠰᠢᠵᠤ᠂ ᠨᠢᠳᠦᠨ ᠳ᠋ᠦ᠍ᠨᠢ ᠨᠢᠯᠪᠤᠰᠤ ᠬᠤᠷᠠᠯᠳᠤᠵᠤ ᠢᠷᠡᠪᠡ᠃《ᠵᠠ ᠶᠠᠪᠤ ᠳᠠ!》 ᠭᠡᠵᠦ ᠲᠤᠩ ᠠᠶᠠᠷᠬᠠᠨ ᠰᠢᠪᠡᠨᠡᠨ ᠥᠭᠦᠯᠡᠬᠦ ᠳ᠋ᠦ᠍ᠨᠢ ᠳ᠋ᠠᠨᠽᠡᠨ ᠡᠷᠭᠢᠪᠡ᠃ ᠬᠠᠭᠠᠯᠭ᠎ᠠ ᠳᠥᠩᠭᠡᠵᠦ ᠭᠠᠷᠤᠭᠰᠠᠭᠠᠷ ᠠᠷᠤ ᠳ᠋ᠤ᠌ ᠬᠠᠢᠷ᠎ᠠ ᠡᠨᠡᠷᠢᠯ ᠦ᠋ᠨ ᠳᠠᠯᠠᠢ ᠪᠣᠯᠤᠭᠰᠠᠨ ᠰᠢᠪᠠᠭᠤᠨ ᠬᠥᠯᠲᠡᠨ ᠡᠬᠡ ᠠᠷᠢᠭᠤᠨ ᠰᠢᠳᠤᠷᠭᠤ ᠶ᠋ᠢᠨ ᠮᠠᠩᠯᠠᠢ ᠪᠣᠯᠤᠭᠰᠠᠨ ᠶᠠᠳᠠᠭᠤ ᠢᠷᠭᠡᠨ ᠯᠤᠤ ᠯᠢ ᠬᠣᠢᠴᠢ ᠪᠠᠨ ᠵᠠᠯᠭᠠᠮᠵᠢᠯᠠᠬᠤ ᠬᠡᠦᠬᠡᠳ ᠪᠠᠭᠠᠴᠤᠳ ᠲᠠᠢ ᠦᠯᠡᠳᠡᠪᠡ᠃ ᠡᠮᠦᠨ᠎ᠡ ᠨᠢ ᠬᠠᠷ᠎ᠠ ᠪᠤᠤᠷ᠎ᠠ ᠤᠴᠢᠷ ᠶᠠᠪᠤᠳᠠᠯ ᠢ᠋ ᠡᠷᠬᠡ ᠦᠭᠡᠢ ᠮᠡᠳᠡᠭᠰᠡᠨ ᠰᠢᠭ ᠬᠤᠷᠴᠠ ᠨᠢᠳᠦ ᠪᠡᠨ ᠰᠡᠷᠪᠡᠯᠵᠡᠭᠦᠯᠦᠨ ᠠᠵᠢᠭᠯᠠᠨ᠎ᠠ᠃ ᠡᠨᠡ ᠪᠤᠤᠷ᠎ᠠ ᠡᠷᠭᠦᠭᠦᠯᠬᠦ ᠡᠴᠡ ᠠᠯᠢ ᠬᠡᠳᠦᠢᠨ ᠭᠠᠷᠤᠨ ᠣᠪᠣᠭ᠎ᠠ ᠭᠡᠳᠡᠰᠦ ᠭᠠᠷᠤᠭᠠᠳ ᠪᠠᠢᠭ᠎ᠠ ᠪᠣᠯᠪᠠᠴᠤ ᠳ᠋ᠠᠨᠽᠡᠨ ᠨᠢᠭᠡ ᠳ᠋ᠦ᠍ ᠯᠤᠤ ᠯᠢ ᠳ᠋ᠦ᠍ ᠥᠭᠬᠦ ᠪᠡᠷ ᠠᠮᠠᠯᠠᠭᠰᠠᠨ᠂ ᠬᠣᠶᠠᠷ ᠲᠤ ᠠᠯᠤᠰ ᠤ᠋ᠨ ᠵᠠᠮ ᠲᠤᠭᠤᠯᠬᠤ ᠲᠡᠩᠬᠡᠯ ᠣᠯᠤᠭ᠎ᠠ ᠦᠭᠡᠢ ᠭᠡᠵᠦ ᠰᠠᠨᠠᠨ ᠣᠷᠬᠢᠬᠤ ᠠ᠋ᠴᠠ ᠥᠭᠡᠷ᠎ᠡ ᠶ᠋ᠢ ᠪᠣᠳᠣᠭ᠎ᠠ ᠦᠭᠡᠢ ᠪᠠᠢᠵᠠᠢ᠃ ᠣᠳᠣ ᠡᠴᠦᠰ ᠦ᠋ᠨ ᠤᠳᠠᠭ᠎ᠠ ᠭᠡᠵᠦ ᠯᠠᠪᠯᠠᠨ ᠠᠵᠢᠬᠤ ᠳ᠋ᠤ᠌ ᠪᠤᠤᠷ᠎ᠠ ᠤᠯᠠᠮ ᠢ᠋ᠶ᠋ᠠᠷ ᠨᠢᠳᠦ ᠭᠢᠯᠠᠯᠵᠠᠭᠤᠯᠤᠨ ᠰᠡᠷᠪᠡᠯᠵᠡᠵᠦ ᠰᠡᠳᠬᠢᠯ ᠳ᠋ᠦ᠍ ᠡᠯᠳᠡᠪ ᠢ᠋ ᠪᠣᠳᠣᠭᠳᠠᠭᠤᠯᠤᠨ᠎ᠠ᠃ ᠳᠠᠷᠤᠢ ᠬᠣᠯᠠᠳᠠᠬᠤ ᠶ᠋ᠢᠨ ᠮᠥᠷᠥᠭᠡᠳᠦᠰᠦ ᠪᠣᠯᠤᠨ ᠪᠢᠴᠢᠬᠠᠨ ᠬᠠᠰᠢᠶᠠᠨ ᠤ᠋ ᠶᠠᠪᠠᠭᠠᠨ ᠬᠠᠭᠠᠯᠭ᠎ᠠ ᠬᠦᠷᠦᠭᠡᠳ ᠳᠠᠬᠢᠨ ᠬᠠᠷᠠᠬᠤ ᠳ᠋ᠤ᠌ ᠪᠤᠤᠷ᠎ᠠ ᠪᠣᠰᠤᠨ ᠬᠠᠷᠠᠢᠨ ᠤᠶᠠᠭ᠎ᠠ ᠪᠠᠨ ᠤᠭᠵᠠᠴᠢᠪᠠ᠃ ᠲᠡᠨᠳᠡ ᠡᠴᠡ ᠳ᠋ᠠᠨᠽᠡᠨ ᠨᠢᠳᠦᠨ ᠦ᠌ ᠪᠡᠨ ᠨᠢᠯᠪᠤᠰᠤ ᠶ᠋ᠢ ᠳᠤᠰᠤᠯᠠᠭᠤᠯᠤᠨ ᠡᠷᠭᠢᠵᠦ ᠶᠠᠪᠤᠬᠤ ᠪᠠᠨ ᠴᠢᠭᠯᠡᠪᠡ᠃ 
       ᠬᠡᠳᠦᠨ ᠵᠠᠭᠤᠨ ᠵᠢᠯ ᠢ᠋ ᠬᠡᠨ ᠮᠡᠳᠡᠯ᠎ᠡ᠂ ᠵᠢᠯ ᠦ᠋ᠨ ᠵᠢᠯ ᠳ᠋ᠦ᠍ ᠶᠡᠬᠡᠪᠴᠢᠯᠡᠨ ᠬᠠᠯᠬ᠎ᠠ ᠠᠶᠠᠨᠴᠢᠳ ᠢ᠋ ᠬᠦᠪᠦᠷᠡᠯᠳᠦᠬᠦᠯᠦᠭᠰᠡᠭᠡᠷ ᠪᠠᠢᠭᠠᠳ ᠬᠠᠭᠠᠯᠭ᠎ᠠ ᠶ᠋ᠢᠨ ᠭᠡᠵᠦ ᠨᠡᠷᠡᠯᠡᠭᠳᠡᠭᠰᠡᠨ ᠳᠠᠷᠳᠠᠩ ᠵᠠᠮ ᠳ᠋ᠤ᠌ ᠣᠷᠣᠪᠠ᠃ ᠯᠤᠤ ᠯᠢ ᠶ᠋ᠢᠨ ᠬᠢ ᠡᠴᠡ ᠭᠠᠷᠬᠤ ᠳ᠋ᠠᠭᠠᠨ ᠵᠠᠩᠴᠢᠬᠦᠦ ᠬᠣᠲᠠ ᠶ᠋ᠢᠨ ᠴᠠᠭᠠᠨᠳᠠᠯᠠᠢ ᠶ᠋ᠢᠨ ᠬᠢ ᠡᠴᠡ ᠠᠮᠢ ᠪᠡᠶ᠎ᠡ ᠬᠠᠮᠠᠭᠠᠯᠠᠵᠤ ᠭᠠᠷᠤᠭᠰᠠᠨ ᠳᠡᠯᠢᠮ ᠰᠠᠢᠬᠠᠨ ᠰᠢᠲᠠᠮ ᠢ᠋ᠶ᠋ᠠᠨ ᠠᠱ᠌ᠢᠬᠦᠢ ᠠᠪᠴᠤ ᠭᠠᠷᠤᠭᠰᠠᠨ ᠪᠠᠢᠵᠠᠢ᠃ ᠲᠡᠭᠦᠨ ᠢ᠋ᠶ᠋ᠡᠨ ᠪᠠᠷᠠᠭᠤᠨ ᠭᠠᠷ ᠲᠠᠭᠠᠨ ᠬᠥᠨᠳᠡᠯᠡᠨ ᠪᠠᠷᠢᠵᠤ᠂ ᠬᠥᠷ ᠴᠠᠰᠤᠨ ᠳ᠋ᠤ᠌ ᠪᠢᠲᠡᠭᠦᠦ ᠬᠤᠴᠢᠭᠳᠠᠭᠰᠠᠨ ᠵᠠᠮ ᠢ᠋ᠶ᠋ᠠᠷ ᠱᠠᠬᠠᠢ ᠶ᠋ᠢᠨ ᠢ᠋ᠶ᠋ᠡᠨ ᠤᠯᠠ ᠶ᠋ᠢ ᠭᠢᠯᠠᠯᠵᠠᠭᠤᠯᠤᠨ ᠭᠢᠰᠬᠢᠯᠡᠨ᠎ᠡ᠃ ᠥᠭᠡᠳᠡ ᠡᠴᠡ ᠪᠡᠨ ᠡᠪᠦᠯ ᠦ᠋ᠨ ᠵᠢᠬᠡᠭᠦᠨ ᠵᠢᠪᠠᠷ ᠤᠭᠲᠤᠨ ᠠᠪᠴᠤ ᠳᠡᠰ ᠨᠢᠰ ᠬᠠᠭᠠᠷᠢᠵᠤ ᠡᠬᠢᠯᠡᠪᠡ᠃ ᠬᠠᠷᠢᠭᠤ ᠳ᠋ᠤᠨᠢ ᠣᠷᠣᠨ ᠨᠤᠲᠤᠭ ᠢ᠋ᠶ᠋ᠠᠨ ᠳᠠᠢᠰᠤᠨ ᠬᠥᠯ ᠳ᠋ᠦ᠍ ᠭᠢᠰᠬᠢᠭᠳᠡᠨ ᠳᠡᠪᠰᠡᠭᠳᠡᠵᠦ ᠪᠠᠢᠭ᠎ᠠ ᠰᠢᠦ ᠳᠡ ᠭᠡᠵᠦ ᠪᠣᠳᠣᠬᠤ ᠳ᠋ᠤ᠌ ᠬᠠᠭᠠᠷᠢᠬᠤ ᠵᠢᠪᠠᠷ ᠤ᠋ᠨ ᠬᠦᠴᠦ ᠪᠠᠭᠤᠷᠠᠬᠤ ᠰᠢᠭ᠋᠃ ᠥᠩᠭᠡᠷᠡᠭᠰᠡᠨ ᠵᠢᠯ ᠬᠡᠳᠦᠨ ᠰᠠᠷ᠎ᠠ ᠶ᠋ᠢᠨ ᠳᠣᠲᠣᠷ᠎ᠠ ᠬᠢᠲᠠᠳ ᠣᠷᠣᠨ ᠢ᠋ᠶ᠋ᠠᠷ ᠶᠠᠭᠤ ᠶᠠᠭᠤ ᠦᠵᠡᠭᠰᠡᠨ ᠢ᠋ᠶ᠋ᠡᠨ ᠡᠷᠭᠢᠴᠡᠭᠦᠯᠦᠨ ᠰᠠᠨᠠᠬᠤ ᠳ᠋ᠤ᠌ ᠭᠣᠣᠯ ᠦᠭᠡᠢ ᠪᠣᠯᠲᠠᠯ᠎ᠠ ᠪᠠᠨ ᠬᠠᠲᠠᠭᠰᠠᠨ ᠤ᠋ ᠠᠳᠠᠯᠢ᠃ ᠴᠠᠭᠠᠨᠳᠠᠯᠠᠢ ᠳᠠᠩᠵᠢᠶᠠᠳ ᠭᠣᠣᠯ ᠤᠷᠤᠭᠤ ᠪᠠᠨ ᠶᠠᠭᠤᠮ᠎ᠠ ᠣᠷᠣᠬᠤ ᠰᠦᠪᠡ ᠦᠭᠡᠢ ᠪᠣᠯᠲᠠᠯ᠎ᠠ ᠪᠠᠨ ᠲᠠᠷᠭᠤᠯᠠᠭᠰᠠᠨ ᠭᠠᠵᠠᠷ ᠤ᠋ᠨ ᠡᠵᠡᠨ᠂ ᠬᠥᠮᠦᠨ ᠦ᠌ ᠬᠥᠪᠡᠭᠦᠨ ᠢ᠋ᠶ᠋ᠡᠷ ᠰᠢᠳᠡᠷ᠎ᠡ ᠶ᠋ᠢᠨ ᠪᠡᠷᠰᠡ(ᠬᠦᠦ) ᠪᠣᠯᠭᠠᠨ ᠳᠠᠢᠳᠤᠨ ᠲᠤᠯᠤᠯᠳᠤᠭᠴᠢ ᠴᠡᠷᠢᠭ ᠦ᠋ᠨ ᠨᠣᠶᠠᠳ ᠪᠠ ᠳᠠᠷᠤᠭ᠎ᠠ ᠨᠠᠷ ᠨᠢᠳᠦᠨ ᠳ᠋ᠦ᠍ᠨᠢ ᠦᠵᠡᠭᠲᠡᠨ ᠴᠡᠭᠡᠵᠢᠨ ᠪᠡᠶ᠎ᠡ ᠶ᠋ᠢ ᠨᠢ ᠴᠠᠷᠴᠠᠭᠠᠨ᠎ᠠ᠃ ᠨᠥᠭᠦᠭᠡ ᠲᠠᠯ᠎ᠠ ᠪᠠᠷ ᠴᠢᠩ ᠵᠣᠷᠢᠭᠲᠤ ᠵᠠᠯᠠᠭᠤ ᠬᠢᠲᠠᠳ ᠨᠠᠢᠵᠢ ᠠᠷᠢᠭᠤᠨ ᠰᠡᠳᠬᠢᠯᠲᠡᠨ ᠯᠤᠤ ᠯᠢ᠂ ᠬᠠᠢᠷ᠎ᠠ ᠡᠨᠡᠷᠢᠯ ᠦ᠋ᠨ ᠳᠠᠯᠠᠢ ᠪᠣᠯᠤᠭᠰᠠᠨ ᠡᠬᠡ ᠡᠳᠡᠭᠡᠷ ᠪᠦᠭᠦᠳᠡ ᠪᠤᠳᠤᠭᠳᠠᠨ ᠴᠠᠷᠴᠠᠭᠰᠠᠨ ᠴᠡᠭᠡᠵᠢ ᠶ᠋ᠢ ᠳᠤᠯᠠᠭᠠᠴᠠᠭᠤᠯᠤᠨ᠎ᠠ᠃ ᠶᠢᠷᠲᠢᠨᠴᠦ ᠭᠡᠳᠡᠭ ᠡᠢᠮᠦ ᠪᠠᠢᠵᠠᠢ᠃ 
       ᠨᠢᠭᠡ ᠮᠡᠳᠡᠬᠦ ᠳ᠋ᠦ᠍ ᠦᠳᠡᠰᠢ ᠶ᠋ᠢᠨ ᠬᠠᠷᠠᠩᠭᠤᠢ ᠣᠷᠴᠢᠯᠠᠩ ᠢ᠋ ᠨᠥᠮᠥᠷᠴᠦ᠂ ᠡᠷᠭᠢᠨ ᠲᠣᠭᠣᠷᠢᠨ ᠤ᠋ ᠶᠠᠭᠤᠮᠠᠰ ᠪᠦᠲᠦᠭ ᠪᠠᠳᠠᠭ ᠪᠣᠯᠵᠤ ᠪᠠᠢᠯ᠎ᠠ᠃ ᠲᠡᠷᠡ ᠳᠤᠮᠳᠠ ᠳ᠋ᠠᠨᠽᠡᠨ ᠠᠵᠢᠭ ᠦᠭᠡᠢ ᠠᠯᠬᠤᠯᠠᠭᠰᠠᠭᠠᠷ ᠯᠠ ᠶᠠᠪᠤᠨ᠎ᠠ᠃ ᠣᠭᠲᠠᠷᠭᠤᠢ ᠳ᠋ᠤ᠌ ᠠᠷᠪᠠᠨ ᠬᠣᠶᠠᠷ ᠤ᠋ᠨ ᠰᠥᠨᠢ ᠶ᠋ᠢᠨ ᠪᠠᠷᠤᠭ ᠲᠥᠭᠥᠷᠢᠭ ᠰᠠᠷᠠ ᠳᠡᠭᠡᠭᠰᠢ ᠬᠥᠭᠡᠷ ᠬᠥᠭᠡᠷᠦᠭᠰᠡᠭᠡᠷ ᠪᠠᠷᠠᠭᠤᠨ᠎ᠠ ᠬᠡᠯᠪᠡᠢᠵᠦ ᠡᠬᠢᠯᠡᠬᠦ ᠳ᠋ᠦ᠍ ᠮᠥᠨ ᠯᠡ ᠠᠯᠬᠤᠯᠠᠭᠰᠠᠭᠠᠷ ᠠᠷᠤ ᠳ᠋ᠠᠭᠠᠨ ᠬᠦᠨᠳᠦ ᠪᠡᠶ᠎ᠡ ᠲᠡᠢ ᠨᠢᠭᠡ ᠠᠮᠢᠲᠠᠨ ᠤ᠋ ᠬᠥᠯ ᠦ᠋ᠨ ᠴᠢᠮᠡᠭᠡ ᠭᠠᠷᠬᠤ ᠳ᠋ᠤ᠌ ᠰᠣᠴᠢᠰᠬᠢᠨ ᠡᠷᠭᠢᠨ ᠬᠠᠷᠠᠪᠠ᠃ ᠴᠠᠰᠤ ᠮᠥᠰᠥ ᠪᠡᠷ ᠪᠢᠲᠡᠭᠦᠦ ᠬᠤᠴᠢᠭᠳᠠᠭᠰᠠᠨ ᠥᠷᠭᠡᠨ ᠴᠠᠭᠠᠨ ᠵᠠᠮ ᠢ᠋ᠶ᠋ᠠᠷ ᠲᠣᠮᠣ ᠬᠠᠷ᠎ᠠ ᠶᠠᠭᠤᠮ᠎ᠠ ᠨᠡᠭᠦᠭᠡᠯᠲᠦᠨ ᠠᠢᠰᠤᠢ ᠠᠵᠢ᠃《ᠡᠨᠡ ᠶᠠᠭᠤ ᠪᠣᠢ?》 ᠭᠡᠵᠦ ᠭᠠᠢᠬᠠᠨ ᠠᠵᠢᠪᠠᠯ᠂ ᠬᠠᠷ᠎ᠠ ᠪᠤᠤᠷ᠎ᠠ᠃ ᠰᠠᠢᠲᠤᠷ ᠪᠡᠬᠢᠯᠡᠨ ᠤᠶᠠᠭᠰᠠᠨ ᠣᠯᠣᠰᠣᠨ ᠪᠤᠷᠠᠨᠲᠠᠭ ᠢ᠋ᠶ᠋ᠠᠨ ᠲᠠᠰᠤ ᠬᠡᠪᠢᠵᠦ ᠣᠷᠬᠢᠭᠠᠳ ᠳ᠋ᠠᠨᠽᠡᠨ ᠦ᠌ ᠬᠣᠢᠨ᠎ᠠ ᠠ᠋ᠴᠠ ᠤᠬᠠᠭᠠᠨ ᠵᠢᠯᠣᠭᠣ ᠦᠭᠡᠢ ᠠᠯᠬᠤᠯᠠᠭᠰᠠᠨ ᠨᠢ ᠲᠡᠷᠡ ᠪᠠᠢᠵᠠᠢ᠃

      ᠦᠰᠦᠭ ᠠᠮᠢᠯᠠᠭᠤᠯᠤᠭᠰᠠᠨ ᠨᠢ᠄  ᠳᠠᠪᠰᠢᠯᠲᠦ