ᠳᠤᠭᠤᠢ ᠮᠠᠯᠠᠭᠠᠢ - ᠴᠠᠭᠠᠨᠪᠠᠷᠰDugui malgai-TsagaanbarДугуй малгай-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠭᠤᠢ ᠮᠠᠯᠠᠭᠠᠢ - ᠴᠠᠭᠠᠨᠪᠠᠷᠰDugui malgai-TsagaanbarДугуй малгай-Цагаанбар

ᠳᠤᠭᠤᠢ ᠮᠠᠯᠠᠭᠠᠢ - ᠴᠠᠭᠠᠨᠪᠠᠷᠰDugui malgai-TsagaanbarДугуй малгай-Цагаанбар

2025-12-26

406

ᠳᠤᠭᠤᠢ ᠮᠠᠯᠠᠭᠠᠢ


   ᠴᠠᠭᠠᠨᠪᠠᠷᠰ ᠳᠠᠭᠤᠯᠠᠪᠠ 
   ᠣᠷᠳᠣᠰ ᠠᠷᠠᠳ ᠤ᠋ᠨ ᠳᠠᠭᠤᠤ 

ᠳᠤᠭᠤᠢ ᠶᠣ᠌ ᠮᠠᠯᠠᠭᠠᠢ ᠴᠢᠨᠢ ᠳᠡ ᠳᠤᠬᠤᠨ ᠤ᠋ ᠳᠡᠭᠡᠷ᠎ᠡ ᠪᠡᠨ ᠪᠠᠢᠨ᠎ᠠ 
ᠳᠤᠨᠳᠠᠭᠤᠷ ᠶᠣ᠌ ᠰᠠᠨᠠᠭ᠎ᠠ ᠴᠢᠨᠢ ᠴᠡᠭᠡᠵᠢᠨ ᠦ᠌ ᠳᠣᠲᠣᠷ᠎ᠠ ᠪᠠᠢᠨ᠎ᠠ 
ᠳᠤᠭᠤᠢ ᠶᠣ᠌ ᠨᠣᠮᠣᠬᠠᠨ ᠨᠣᠮᠣᠨᠳᠠᠯᠠᠢ ᠮᠢᠨᠢ 
ᠨᠣᠮᠣᠬᠠᠨ ᠰᠢᠯᠤᠭᠤᠨ ᠢ᠋ᠶ᠋ᠠᠷ ᠭᠢᠯᠠᠷᠠᠭᠤᠯᠤᠨ᠎ᠠ ᠬᠦᠢ 
ᠰᠠᠢᠪᠤᠷ ᠯᠣᠨᠳᠣᠨ ᠬᠤᠸᠠᠷ 
ᠰᠠᠢᠬᠢ ᠶᠤ᠌ ᠯᠠᠷᠵᠢᠶ᠎ᠠ ᠶ᠋ᠢ ᠴᠢᠨᠢ ᠳᠤᠷᠠᠳᠤᠭᠠᠳ ᠶᠠᠭᠠᠬᠢᠬᠤ ᠶᠤᠮ ᠳᠠ ᠬᠦᠢ 
ᠳᠤᠷᠠᠳᠪᠠᠯ ᠯᠠ ᠲᠤᠷᠠᠳᠠᠭ ᠳᠠ ᠬᠦᠢ 
ᠳᠠᠭᠤᠯᠠᠵᠤ ᠪᠠᠢᠭᠠᠳ ᠨᠠᠢᠷᠯᠠᠵᠤ ᠪᠠᠢᠭᠠᠳ ᠳᠤᠷ᠎ᠠ ᠶ᠋ᠢ ᠴᠢᠨᠢ ᠠᠪᠤᠨ᠎ᠠ ᠬᠦ ᠬᠦᠢ 

ᠠᠷᠠᠰᠤᠨ ᠶᠣ᠌ ᠮᠠᠯᠠᠭᠠᠢ ᠴᠢᠨᠢ ᠳᠡ ᠠᠷᠤ ᠳᠤᠬᠤᠨ ᠳᠡᠭᠡᠷ᠎ᠡ ᠪᠡᠨ ᠪᠠᠢᠨ᠎ᠠ
ᠠᠮᠠᠷᠠᠭ ᠶᠤ᠌ ᠰᠠᠨᠠᠭ᠎ᠠ ᠴᠢᠨᠢ ᠠᠶᠤᠤᠯᠢᠬᠠᠢ ᠳᠣᠲᠣᠷ᠎ᠠ ᠪᠠᠢᠨ᠎ᠠ
ᠠᠬᠤᠤ ᠶᠠ ᠨᠣᠮᠣᠬᠠᠨ ᠨᠣᠮᠣᠨᠳᠠᠯᠠᠢ ᠮᠢᠨᠢ
ᠨᠣᠮᠣᠬᠠᠨ ᠰᠢᠯᠤᠭᠤᠨ ᠢ᠋ᠶ᠋ᠠᠷ ᠭᠢᠯᠠᠷᠠᠭᠤᠯᠤᠨ᠎ᠠ ᠬᠦᠢ
ᠰᠠᠢᠪᠤᠷ ᠯᠣᠨᠳᠣᠨ ᠬᠤᠸᠠᠷ
ᠰᠠᠢᠬᠢ ᠶᠤ᠌ ᠯᠠᠷᠵᠢᠶ᠎ᠠ ᠶ᠋ᠢ ᠴᠢᠨᠢ ᠳᠤᠷᠠᠳᠤᠭᠠᠳ ᠶᠠᠭᠠᠬᠢᠬᠤ ᠶᠤᠮ ᠳᠠ ᠬᠦᠢ
ᠳᠤᠷᠠᠳᠪᠠᠯ ᠯᠠ ᠲᠤᠷᠠᠳᠠᠭ ᠳᠠ ᠬᠦᠢ
ᠳᠠᠭᠤᠯᠠᠵᠤ ᠪᠠᠢᠭᠠᠳ ᠨᠠᠢᠷᠯᠠᠵᠤ ᠪᠠᠢᠭᠠᠳ ᠳᠤᠷ᠎ᠠ ᠶ᠋ᠢ ᠴᠢᠨᠢ ᠠᠪᠤᠨ᠎ᠠ ᠬᠦ ᠬᠦᠢ

ᠦᠷᠢᠯ ᠦ᠋ᠨ ᠮᠣᠳᠣ ᠴᠢᠨᠢ ᠦᠨᠡᠬᠡᠷ ᠠᠷᠪᠢᠨ ᠪᠠᠢᠨ᠎ᠠ
ᠦᠷᠢᠯ ᠶᠦ᠍ᠭᠡᠨ ᠰᠠᠭᠤᠭᠠᠳ ᠲᠡᠭᠡᠬᠦ ᠨᠢ ᠨᠢᠭᠡ ᠯᠡ ᠬᠣᠶᠠᠷᠬᠠᠨ  ᠠ᠋
ᠦᠶ᠎ᠡ ᠵᠡᠷᠭᠡ ᠶ᠋ᠢᠨ ᠡᠭᠡᠴᠢ ᠳᠡᠭᠦᠦ ᠡᠯᠳᠡᠩ ᠠᠷᠪᠢᠨ ᠪᠠᠢᠨ᠎ᠠ
ᠦᠨᠡᠨ ᠰᠡᠳᠬᠢᠯ ᠢ᠋ᠶ᠋ᠡᠷ ᠨᠠᠢᠷᠠᠯᠳᠤᠬᠤ ᠨᠢ ᠨᠢᠭᠡ ᠯᠡ ᠬᠣᠶᠠᠷ  ᠡ  ᠬᠦᠢ
ᠰᠠᠢᠪᠤᠷ ᠯᠣᠨᠳᠣᠨ ᠬᠤᠸᠠᠷ
ᠰᠠᠢᠬᠢ ᠶᠣ᠌ ᠯᠠᠷᠵᠢᠶ᠎ᠠ ᠶ᠋ᠢ ᠴᠢᠨᠢ ᠳᠤᠷᠠᠳᠤᠭᠠᠳ ᠶᠠᠭᠠᠬᠢᠬᠤ ᠶᠤᠮ ᠳᠠ ᠬᠦᠢ
ᠳᠤᠷᠠᠳᠪᠠᠯ ᠯᠠ ᠲᠤᠷᠠᠳᠠᠭ ᠳᠠ ᠬᠦᠢ
ᠳᠠᠭᠤᠯᠠᠵᠤ ᠪᠠᠢᠭᠠᠳ ᠨᠠᠢᠷᠯᠠᠵᠤ ᠪᠠᠢᠭᠠᠳ ᠳᠤᠷ᠎ᠠ ᠶ᠋ᠢ ᠴᠢᠨᠢ ᠠᠪᠤᠨ᠎ᠠ ᠬᠦ ᠬᠦᠢ

ᠵᠢᠮᠢᠰᠦᠨ ᠮᠣᠳᠣ ᠴᠢᠨᠢ ᠣᠯᠠᠨ ᠠᠷᠪᠢᠨ ᠪᠠᠢᠨ᠎ᠠ
ᠵᠢᠮᠢᠰ ᠶᠦ᠍ᠭᠡᠨ ᠰᠠᠭᠤᠭᠠᠳ ᠲᠡᠭᠡᠬᠦ ᠨᠢ ᠨᠢᠭᠡ ᠯᠡ ᠬᠣᠶᠠᠷᠬᠠᠨ ᠬᠦᠢ ᠠ᠋
ᠵᠦᠢᠯ ᠪᠤᠢᠷ ᠤ᠋ᠨ ᠡᠭᠡᠴᠢ ᠳᠡᠭᠦᠦ ᠣᠯᠠᠨ ᠠᠷᠪᠢᠨ ᠪᠠᠢᠨ᠎ᠠ
ᠵᠦᠢᠲᠡᠢ ᠰᠠᠢᠬᠠᠨ ᠰᠠᠨᠠᠵᠤ ᠪᠣᠳᠣᠬᠤ ᠨᠢ ᠨᠢᠭᠡ ᠯᠡ ᠬᠣᠶᠠᠷ ᠡ  ᠬᠦᠢ
ᠰᠠᠢᠪᠤᠷ ᠯᠣᠨᠳᠣᠨ ᠬᠤᠸᠠᠷ
ᠰᠠᠢᠬᠢ ᠶᠣ᠌ ᠯᠠᠷᠵᠢᠶ᠎ᠠ ᠶ᠋ᠢ ᠴᠢᠨᠢ ᠳᠤᠷᠠᠳᠤᠭᠠᠳ ᠶᠠᠭᠠᠬᠢᠬᠤ ᠶᠤᠮ ᠳᠠ ᠬᠦᠢ
ᠳᠤᠷᠠᠳᠪᠠᠯ ᠯᠠ ᠲᠤᠷᠠᠳᠠᠭ ᠳᠠ ᠬᠦᠢ
ᠳᠠᠭᠤᠯᠠᠵᠤ ᠪᠠᠢᠭᠠᠳ ᠨᠠᠢᠷᠯᠠᠵᠤ ᠪᠠᠢᠭᠠᠳ ᠳᠤᠷ᠎ᠠ ᠶ᠋ᠢ ᠴᠢᠨᠢ ᠠᠪᠤᠨ᠎ᠠ ᠬᠦ ᠬᠦᠢ

  ᠦᠰᠦᠭ ᠠᠮᠢᠯᠠᠭᠤᠯᠤᠭᠰᠠᠨ ᠨᠢ ᠄ ᠭᠠᠸᠠ
  ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
  ᠬᠢᠨᠠᠭᠴᠢ᠄ ᠰᠡᠴᠡᠨ᠂ ᠮᠥᠴᠢᠷ