ᠠᠪᠤᠷᠠᠯ ᠭᠤᠷᠪᠠᠨ ᠴᠤᠬᠠᠭAvral guravan chukhagАврал гураван чухаг
ᠠᠪᠤᠷᠠᠯ ᠭᠤᠷᠪᠠᠨ ᠴᠤᠬᠠᠭ
ᠠᠪᠤᠷᠠᠯ ᠭᠤᠷᠪᠠᠨ ᠴᠤᠬᠠᠭ ᠲᠤ᠌ ᠪᠠᠨ
ᠠᠯᠭᠠᠰᠠᠷᠠᠯ ᠦᠭᠡᠢ ᠵᠠᠯᠪᠠᠷᠢᠶ᠎ᠠ
ᠠᠷᠭ᠎ᠠ ᠬᠠᠭᠤᠷᠮᠠᠭ ᠦᠭᠡᠢ ᠳᠡ
ᠠᠮᠢᠲᠠᠨ ᠪᠦᠭᠦᠳᠡ ᠳ᠋ᠦ᠍ ᠢᠲᠡᠭᠡᠯ ᠲᠡᠢ᠃
ᠣᠮ ᠮᠠ᠋ ᠨᠢ ᠪᠠᠳ ᠮᠧ ᠾᠤᠩ
ᠦᠵᠡᠭᠦᠯᠦᠭᠴᠢ ᠪᠤᠷᠬᠠᠨ ᠪᠣᠢ
ᠦᠨᠡᠨ ᠶᠣᠰᠣᠨ ᠤ᠋ ᠨᠣᠮ ᠪᠣᠢ
ᠦᠯᠡᠮᠵᠢ ᠮᠥᠷ ᠦ᠋ᠨ ᠬᠤᠸᠠᠷᠠᠭ ᠤ᠋ᠳ ᠪᠣᠢ
ᠦᠷᠭᠦᠯᠵᠢ ᠬᠠᠮᠲᠤ ᠠᠪᠤᠷᠠᠶᠤ᠃
ᠣᠮ ᠮᠠ᠋ ᠨᠢ ᠪᠠᠳ ᠮᠧ ᠾᠤᠩ
ᠥᠨᠳᠥᠷ ᠠᠭᠤᠯᠠᠨ ᠳ᠋ᠤ᠌ ᠱᠠᠲᠤ ᠪᠣᠢ
ᠥᠷᠭᠡᠨ ᠳᠠᠯᠠᠢ ᠳ᠋ᠤ᠌ ᠰᠠᠯ ᠪᠣᠢ
ᠬᠠᠷᠠᠩᠭᠤᠢ ᠮᠤᠩᠬᠠᠭ ᠲᠤ᠌ ᠪᠢᠯᠢᠭᠦᠨ ᠪᠣᠢ
ᠬᠠᠪᠴᠠᠭᠠᠢ ᠵᠠᠮ ᠳ᠋ᠤ᠌ ᠭᠠᠵᠠᠷᠴᠢ ᠪᠣᠢ᠃
ᠣᠮ ᠮᠠ᠋ ᠨᠢ ᠪᠠᠳ ᠮᠧ ᠾᠤᠩ
ᠮᠠᠨᠢ ᠶ᠋ᠢᠨ ᠵᠢᠷᠭᠤᠭᠠᠨ ᠦᠰᠦᠭ ᠢ᠋
ᠮᠠᠭᠲᠠᠨ ᠤᠷᠢᠨ ᠤᠩᠰᠢᠪᠠᠰᠤ
ᠮᠠᠭᠠᠳ ᠬᠠᠯᠠᠭᠤᠨ ᠲᠠᠮᠤ ᠳ᠋ᠤ᠌
ᠬᠦᠷᠭᠡᠯ ᠦᠭᠡᠢ ᠠᠪᠤᠷᠠᠶᠤ᠃
ᠣᠮ ᠮᠠ᠋ ᠨᠢ ᠪᠠᠳ ᠮᠧ ᠾᠤᠩ
ᠬᠦᠴᠦᠲᠦ ᠵᠢᠷᠭᠤᠭᠠᠨ ᠦᠰᠦᠭ ᠢ᠋
ᠬᠦᠭᠵᠢᠭᠡᠯ ᠪᠣᠯᠭᠠᠨ ᠤᠩᠰᠢᠪᠠᠰᠤ
ᠬᠦᠢᠲᠡᠨ ᠲᠠᠮᠤ ᠶ᠋ᠢᠨ ᠣᠷᠣᠨ ᠳ᠋ᠤᠷ
ᠬᠦᠷᠭᠡᠯ ᠦᠭᠡᠢ ᠠᠪᠤᠷᠠᠶᠤ
ᠣᠮ ᠮᠠ᠋ ᠨᠢ ᠪᠠᠳ ᠮᠧ ᠾᠤᠩ
ᠠᠴᠢᠲᠤ ᠵᠢᠷᠭᠤᠭᠠᠨ ᠦᠰᠦᠭ ᠢ᠋
ᠠᠶᠠᠯᠤᠨ ᠰᠢᠯᠦᠭᠯᠡᠨ ᠤᠩᠰᠢᠪᠠᠰᠤ
ᠠᠷᠪᠠᠨ ᠨᠠᠢ᠍ᠮᠠᠨ ᠲᠠᠮᠤ ᠳ᠋ᠤ᠌
ᠬᠦᠷᠭᠡᠯ ᠦᠭᠡᠢ ᠠᠪᠤᠷᠠᠶᠤ᠃
ᠣᠮ ᠮᠠ᠋ ᠨᠢ ᠪᠠᠳ ᠮᠧ ᠾᠤᠩ
ᠬᠠᠷᠠᠮ ᠤ᠋ᠨ ᠵᠠᠩᠭᠢᠯᠠᠭ᠎ᠠ ᠲᠠᠴᠢᠶᠠᠩᠭᠤᠢ ᠪᠣᠢ
ᠬᠠᠢᠷᠠᠯᠠᠭᠰᠠᠨ ᠪᠦᠭᠦᠳᠡ ᠬᠣᠭᠣᠰᠣᠨ ᠪᠣᠢ
ᠬᠠᠷᠢᠨ ᠴᠦ᠍ ᠬᠣᠢᠨ᠎ᠠ ᠪᠠᠨ ᠲᠠᠮᠤ ᠲᠠᠢ ᠪᠣᠢ
ᠬᠠᠢᠷᠠᠨ ᠪᠤᠶᠠᠨ ᠢ᠋ᠶ᠋ᠠᠨ ᠬᠢᠴᠢᠶᠡᠯᠲᠡᠢ᠃
ᠣᠮ ᠮᠠ᠋ ᠨᠢ ᠪᠠᠳ ᠮᠧ ᠾᠤᠩ
ᠲᠠᠴᠢᠶᠠᠩᠭᠤᠢ ᠬᠤᠷᠢᠴᠠᠯ ᠣᠯᠠᠨ ᠪᠣᠢ
ᠲᠠᠮᠲᠤᠭ ᠦᠭᠡᠢ ᠶᠠᠪᠤᠪᠠᠯ
ᠲᠠᠩᠭᠠᠷᠢᠭ ᠪᠤᠷᠤᠭᠤ ᠪᠣᠯᠤᠭᠤᠵᠠᠢ
ᠲᠠᠮᠤ ᠶ᠋ᠢᠨ ᠵᠣᠪᠠᠯᠠᠩ ᠬᠡᠴᠡᠭᠦᠦ ᠪᠣᠢ᠃
ᠣᠮ ᠮᠠ᠋ ᠨᠢ ᠪᠠᠳ ᠮᠧ ᠾᠤᠩ
ᠣᠷᠴᠢᠯᠠᠩ ᠮᠥᠩᠬᠡ ᠪᠤᠰᠤ ᠪᠣᠢ
ᠣᠯᠬᠤᠶ᠎ᠠ ᠪᠡᠷᠬᠡ ᠬᠥᠮᠦᠨ ᠪᠣᠢ
ᠣᠯᠵᠠ ᠶ᠋ᠢᠨ ᠳᠡᠭᠡᠳᠦ ᠨᠢ ᠪᠤᠶᠠᠨ ᠪᠣᠢ
ᠣᠯᠤᠭᠰᠠᠨ ᠪᠡᠶ᠎ᠡ ᠨᠢ ᠬᠣᠭᠣᠰᠣᠨ ᠪᠣᠢ᠃
ᠣᠮ ᠮᠠ᠋ ᠨᠢ ᠪᠠᠳ ᠮᠧ ᠾᠤᠩ
ᠰᠠᠨᠰᠠᠷ ᠮᠥᠩᠬᠡ ᠪᠤᠰᠤ ᠪᠣᠢ
ᠰᠠᠮᠠᠭᠤᠨ ᠶᠠᠪᠤᠳᠠᠯ ᠣᠯᠠᠨ ᠪᠣᠢ
ᠰᠠᠢᠨ ᠪᠤᠶᠠᠨ ᠢ᠋ᠶ᠋ᠠᠨ ᠦᠢᠯᠡᠳᠦᠭᠡᠳ
ᠰᠠᠢᠲᠤᠷ ᠰᠢᠮᠳᠠᠨ ᠬᠢᠴᠢᠶᠡᠯᠲᠡᠢ᠃
ᠣᠮ ᠮᠠ᠋ ᠨᠢ ᠪᠠᠳ ᠮᠧ ᠾᠤᠩ
ᠶᠢᠷᠲᠢᠨᠴᠦ ᠮᠥᠩᠬᠡ ᠪᠤᠰᠤ ᠪᠣᠢ
ᠶᠡᠷᠦ ᠶ᠋ᠢᠨ ᠤᠴᠠᠷᠠᠯ ᠣᠯᠠᠨ ᠪᠣᠢ
ᠶᠡᠭᠦᠳᠬᠡᠨ ᠣᠳᠬᠤ ᠶ᠋ᠢᠨ ᠤᠷᠢᠳᠤ
ᠶᠡᠷᠦᠳᠡ ᠶ᠋ᠢᠨ ᠪᠤᠶᠠᠨ ᠢ᠋ ᠬᠢᠴᠢᠶᠡᠯᠲᠡᠢ᠃
ᠣᠮ ᠮᠠ᠋ ᠨᠢ ᠪᠠᠳ ᠮᠧ ᠾᠤᠩ
ᠨᠢᠭᠦᠯᠲᠦ ᠦᠢᠯᠡ ᠶ᠋ᠢ ᠦᠢᠯᠡᠳᠪᠡᠰᠦ
ᠨᠢᠰᠸᠠᠨᠢᠰ ᠤ᠋ᠨ ᠰᠠᠯᠪᠤᠷᠢ ᠪᠣᠢ
ᠨᠢᠯᠬᠠᠰ ᠤ᠋ᠨ ᠮᠤᠩᠬᠠᠭ ᠶᠠᠪᠤᠳᠠᠯ ᠢ᠋
ᠨᠢᠭᠡᠨᠲᠡ ᠬᠢᠴᠢᠶᠡᠯᠲᠡᠢ᠃
ᠣᠮ ᠮᠠ᠋ ᠨᠢ ᠪᠠᠳ ᠮᠧ ᠾᠤᠩ
ᠡᠩᠬᠦᠷᠡᠢ ᠬᠠᠢᠷᠠᠲᠠᠢ ᠪᠡᠶ᠎ᠡ ᠶ᠋ᠢ
ᠡᠵᠡᠭᠦᠢ ᠬᠡᠭᠡᠷ᠎ᠡ ᠲᠠᠯᠪᠢᠭᠠᠳ
ᠡᠷᠯᠢᠭ ᠦ᠋ᠨ ᠭᠠᠵᠠᠷ ᠣᠳᠬᠤᠢ ᠳ᠋ᠤ᠌
ᠡᠷᠳᠡᠮᠲᠦ ᠯᠠᠮᠠ ᠭᠠᠵᠠᠷᠴᠢ ᠪᠣᠢ᠃
ᠣᠮ ᠮᠠ᠋ ᠨᠢ ᠪᠠᠳ ᠮᠧ ᠾᠤᠩ
ᠬᠤᠲᠤᠭᠲᠤ ᠠᠷᠢᠶᠠᠪᠠᠯᠤ ᠳ᠋ᠤ᠌ ᠪᠠᠨ
ᠬᠣᠷᠣᠮᠬᠠᠨ ᠵᠠᠯᠪᠠᠷᠢᠭᠰᠠᠨ ᠲᠡᠳᠦᠢ ᠪᠡᠷ
ᠬᠢᠯᠢᠨᠴᠡ ᠨᠢᠭᠦᠯ ᠢ᠋ᠶ᠋ᠡᠨ ᠠᠷᠢᠯᠭᠠᠭᠠᠳ
ᠪᠤᠷᠬᠠᠨ ᠪᠣᠯᠬᠤ ᠪᠣᠯᠲᠤᠭᠠᠢ᠃
ᠣᠮ ᠮᠠ᠋ ᠨᠢ ᠪᠠᠳ ᠮᠧ ᠾᠤᠩ
ᠡᠨᠡ ᠳᠠᠭᠤᠨ ᠤ᠋ ᠨᠡᠷ᠎ᠡ
ᠠᠪᠤᠷᠠᠯ ᠭᠤᠷᠪᠠᠨ ᠴᠤᠬᠠᠭ ᠪᠣᠢ
ᠡᠷᠳᠡᠨᠢ ᠨᠣᠶᠠᠨ ᠬᠤᠲᠤᠭᠲᠤ
ᠡᠭᠡᠰᠢᠭᠯᠡᠨ ᠠᠶᠠᠯᠤᠨ ᠵᠣᠬᠢᠶᠠᠪᠠᠢ᠃
ᠣᠮ ᠮᠠ᠋ ᠨᠢ ᠪᠠᠳ ᠮᠧ ᠾᠤᠩ
ᠦᠰᠦᠭ ᠠᠮᠢᠯᠠᠭᠤᠯᠤᠭᠴᠢ᠄ ᠲᠦᠮᠡᠨᠴᠡᠴᠡᠭ
ᠬᠢᠨᠠᠭᠴᠢ᠄ ᠮᠣᠩᠭᠣᠯᠵᠠᠶᠠᠭᠡ
