ᠢᠷᠥᠭᠡᠶ᠎ᠡЕрөөе өө ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠥᠭᠡᠶ᠎ᠡЕрөөе өө

ᠢᠷᠥᠭᠡᠶ᠎ᠡЕрөөе өө

2022-10-27

700

ᠢᠷᠥᠭᠡᠶ᠎ᠡ

 ᠪ ᠫᠦᠷᠪᠦᠰᠥᠢ᠍ᠬᠡ ‍ᠶ᠋ᠢᠨ ᠰᠢᠯᠦᠭ
ᠪᠤᠴᠠᠯᠵᠤ ᠪᠠᠶ᠋ᠢᠭ᠎ᠠ ᠰᠢᠨ᠎ᠡ ‍ᠶ᠋ᠢᠨ ᠨᠠᠢ᠍ᠮᠠᠨ ‍ᠤ ᠴᠠᠢ ᠰᠦ᠋ ᠨᠢ
ᠪᠤᠷᠠᠮ ᠪᠣᠯᠤᠨ ᠳᠡᠪᠵᠢᠭ ᠭᠡᠵᠦ ᠢᠷᠥᠭᠡᠶ᠎ᠡ ᠡ
ᠪᠠᠭᠤᠭᠠᠳ ᠮᠣᠷᠳᠠᠭᠰᠠᠨ ᠵᠠᠮ ‍ᠤᠨ ᠠᠶ᠋ᠢᠯ ᠨᠢ
ᠪᠤᠶᠠᠨ ᠨᠢ ᠳᠡᠯᠭᠡᠷᠡᠵᠦ ᠪᠠᠶᠠᠵᠢᠬ ᠭᠡᠵᠦ ᠢᠷᠥᠭᠡᠶ᠎ᠡ ᠡ
ᠤᠷᠢᠳᠤᠭᠤᠷ ᠭᠠᠷᠤᠭᠰᠠᠨ ᠵᠠᠯᠠᠭᠤ ᠬᠣᠣᠰ ‍ᠤᠳ ‍ᠢ ᠪᠢ
ᠤᠷᠭ᠎ᠠ ᠨᠢ ᠬᠤᠭᠤᠷᠬᠠᠢ ᠶᠠᠪᠤᠭᠠᠷᠠᠢ ᠭᠡᠵᠦ ᠢᠷᠥᠭᠡᠶ᠎ᠡ
ᠠᠷᠤ ᠎ᠪᠠᠷ ᠭᠠᠷᠤᠭᠰᠠᠨ ᠠᠮᠠᠷᠠᠭ ᠬᠣᠣᠰ ‍ᠤᠳ ‍ᠢ ᠪᠢ
ᠠᠶᠠᠭ᠎ᠠ ᠨᠢ ᠬᠠᠭᠠᠷᠬᠠᠢ ᠠᠮᠢᠳᠤᠷᠠᠭᠠᠷᠠᠢ ᠭᠡᠵᠦ ᠢᠷᠥᠭᠡᠶ᠎ᠡ
    
ᠢᠷᠥᠭᠡᠶ᠎ᠡ ᠡ ᠢᠷᠥᠭᠡᠶ᠎ᠡ ᠡ
    
ᠶᠢᠰᠦᠨ ᠦᠶ᠎ᠡ ᠎ᠪᠡᠷ ‍ᠢᠶ᠋ᠡᠨ ᠵᠢᠷᠭᠠᠵᠤ ᠶᠠᠪᠤᠬᠤ ‍ᠶ᠋ᠢ ᠢᠷᠥᠭᠡᠶ᠎ᠡ
    
ᠢᠷᠥᠭᠡᠶ᠎ᠡ ᠡ ᠢᠷᠥᠭᠡᠶ᠎ᠡ ᠡ
    
ᠶᠢᠰᠦᠨ ᠦᠶ᠎ᠡ ᠎ᠪᠡᠷ ‍ᠢᠶ᠋ᠡᠨ ᠵᠢᠷᠭᠠᠵᠤ ᠶᠠᠪᠤᠬᠤ ‍ᠶ᠋ᠢ ᠢᠷᠥᠭᠡᠶ᠎ᠡ
ᠦᠷ᠎ᠡ ‍ᠶ᠋ᠢᠨ ᠵᠠᠶᠠᠭ᠎ᠠ ᠭᠤᠶᠤᠭᠰᠠᠨ ᠪᠦᠰᠡᠭᠦᠢ
ᠥᠨᠢᠷ ᠪᠦᠯᠢ ᠎ᠲᠡᠢ ᠬᠠᠨᠠᠭᠠᠷ ᠪᠠᠢ ᠭᠡᠵᠦ ᠢᠷᠥᠭᠡᠶ᠎ᠡ
ᠦᠢᠯᠡᠰ ᠨᠢ ᠬᠠᠵᠠᠭᠠᠢ ᠶᠠᠪᠤᠭ᠎ᠠ ᠵᠠᠯᠠᠭᠤ ‍ᠶ᠋ᠢ

ᠶᠢᠰᠦᠨ ᠦᠶ᠎ᠡ ᠎ᠪᠡᠷ ‍ᠢᠶ᠋ᠡᠨ ᠵᠢᠷᠭᠠᠵᠤ ᠶᠠᠪᠤᠬᠤ ‍ᠶ᠋ᠢ ᠢᠷᠥᠭᠡᠶ᠎ᠡ
     
ᠢᠷᠥᠭᠡᠶ᠎ᠡ ᠡ ᠢᠷᠥᠭᠡᠶ᠎ᠡ ᠡ
     
ᠶᠢᠰᠦᠨ ᠦᠶ᠎ᠡ ᠎ᠪᠡᠷ ‍ᠢᠶ᠋ᠡᠨ ᠵᠢᠷᠭᠠᠵᠤ ᠶᠠᠪᠤᠬᠤ ‍ᠶ᠋ᠢ ᠢᠷᠥᠭᠡᠶ᠎ᠡ
     
ᠶᠢᠰᠦᠨ ᠦᠶ᠎ᠡ ᠎ᠪᠡᠷ ‍ᠢᠶ᠋ᠡᠨ ᠵᠢᠷᠭᠠᠵᠤ ᠶᠠᠪᠤᠬᠤ ‍ᠶ᠋ᠢ ᠢᠷᠥᠭᠡᠶ᠎ᠡ
     
ᠶᠢᠰᠦᠨ ᠦᠶ᠎ᠡ ᠎ᠪᠡᠷ ‍ᠢᠶ᠋ᠡᠨ ᠵᠢᠷᠭᠠᠵᠤ ᠶᠠᠪᠤᠬᠤ ‍ᠶ᠋ᠢ ᠢᠷᠥᠭᠡᠶ᠎ᠡ !