ᠠᠷᠢᠭᠤᠨ ᠴᠠᠭᠠᠨ ᠬᠠᠢᠷ᠎ᠠ – ᠬᠠᠳᠠᠨᠪᠠᠭᠠᠲᠤᠷ Ариун цагаан хайр – Хаданбаатар
ᠠᠷᠢᠭᠤᠨ ᠴᠠᠭᠠᠨ ᠬᠠᠢᠷ᠎ᠠ
ᠠᠪᠤ ᠡᠵᠢ ᠶ᠋ᠢᠨ ᠬᠢᠨᠢ ᠰᠠᠨᠠᠭ᠎ᠠ
ᠠᠷᠢᠭᠤᠨ ᠴᠠᠭᠠᠨ ᠬᠠᠢᠷ᠎ᠠ᠂
ᠠᠯᠲᠠ ᠲᠣᠷᠭᠠᠨ ᠬᠠᠳᠠᠭ
ᠠᠮᠢᠨ ᠴᠠᠭᠠᠨ ᠵᠥᠩᠨᠡᠯ᠃
ᠠᠯᠢ ᠶ᠋ᠢ ᠨᠢ ᠴᠦ᠍ ᠪᠦᠲᠦᠭᠡᠵᠦ ᠥᠭᠳᠡᠭ ᠨᠢ
ᠠᠲᠠᠭ᠎ᠠ ᠦᠭᠡᠢ ᠴᠠᠭᠠᠨ ᠰᠡᠳᠬᠢᠯ᠂
ᠠᠯᠢᠶᠠᠷᠬᠠᠭ ᠵᠥᠭᠡᠯᠡᠨ ᠬᠠᠷᠠᠴᠠ ᠨᠢ
ᠠᠷᠭ᠎ᠠ ᠦᠭᠡᠢ ᠪᠠᠬᠠᠷᠬᠠᠭᠰᠠᠨ ᠴᠠᠭᠠᠨ ᠬᠡᠢᠷᠬᠡᠯ᠃
ᠮᠣᠩᠭᠣᠯ ᠬᠥᠮᠦᠨ ᠦ᠌ ᠰᠡᠳᠬᠢᠬᠦᠢ ᠨᠢ
ᠮᠥᠳᠳᠥ ᠣᠯᠳᠠᠳᠠᠭ ᠦᠭᠡᠢ ᠴᠠᠭᠠᠨ ᠤᠬᠠᠭᠠᠨ᠂
ᠮᠥᠨ ᠶᠣᠰᠣᠭᠠᠷ ᠨᠢ ᠬᠢᠳᠡᠭ ᠶᠦᠮ ᠪᠣᠯ
ᠮᠥᠩᠬᠡ ᠶ᠋ᠢᠨ ᠴᠠᠭᠠᠨ ᠮᠥᠷ ᠲᠡᠢ᠃
ᠪᠥᠬᠡᠴᠦᠳ ᠮᠢᠨᠢ ᠪᠡᠶᠡᠰᠴᠦ ᠢᠨᠢᠶᠡᠬᠦ ᠳ᠋ᠦ᠍
ᠪᠣᠢᠯᠠᠨ ᠳ᠋ᠤ᠌ ᠰᠢᠩᠭᠡᠭᠰᠡᠨ ᠰᠢᠳᠦ ᠨᠢ ᠴᠠᠭᠠᠨ᠂
ᠪᠦᠪᠡᠢᠯᠡᠵᠦ ᠥᠭᠰᠭᠡᠭᠰᠡᠨ ᠡᠵᠢ ᠶ᠋ᠢᠨ ᠮᠢᠨᠢ
ᠪᠤᠮᠠᠨ ᠳᠤᠰᠤᠯ ᠰᠦ ᠨᠢ ᠴᠠᠭᠠᠨ᠃
ᠪᠤᠷᠬᠠᠨ ᠰᠡᠳᠬᠢᠯᠲᠦ ᠡᠪᠦᠭᠡᠳ ᠦ᠋ᠨ ᠮᠢᠨᠢ
ᠪᠤᠶᠠᠨᠰᠠᠭ ᠰᠡᠳᠬᠢᠯ ᠦ᠋ᠨ ᠰᠤᠷᠭᠠᠯ ᠨᠢ ᠴᠠᠭᠠᠨ᠂
ᠪᠤᠤᠷᠠᠵᠤ ᠭᠦᠶᠦᠭᠰᠡᠨ ᠢᠩᠭᠢᠨ ᠦ᠌ ᠬᠢᠨᠢ
ᠪᠤᠢᠯᠠᠨ ᠠ᠋ᠴᠠ ᠠᠰᠬᠠᠷᠠᠭᠰᠠᠨ ᠬᠥᠭᠡᠰᠦ ᠨᠢ ᠴᠠᠭᠠᠨ᠃
