ᠪᠤᠤ ᠬᠣᠣᠰᠨᠠᠷᠠᠨ ᠤ᠋ ᠤᠷᠠᠨ ᠪᠢᠴᠢᠯᠭᠡ
ᠤᠷᠠᠨ ᠪᠢᠴᠢᠯᠭᠡᠲᠡᠨ ᠦ᠌ ᠳᠥᠭᠥᠮ ᠨᠠᠮᠲᠠᠷ
ᠪᠤᠤ ᠬᠣᠣᠰᠨᠠᠷᠠᠨ᠂ ᠡᠷᠡᠭᠲᠡᠢ᠂ ᠮᠣᠩᠭᠣᠯ ᠦᠨᠳᠦᠰᠦᠲᠡᠨ᠂1957 ᠣᠨ ᠤ᠋1 ᠰᠠᠷ᠎ᠠ ᠶ᠋ᠢᠨ26 ᠤ᠋ ᠡᠳᠦᠷ ᠲᠥᠷᠥᠪᠡ᠃
ᠥᠪᠥᠷ ᠮᠣᠩᠭᠣᠯ ᠤ᠋ᠨ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠬᠥᠮᠦᠨ᠂ ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠳᠡᠭᠡᠳᠦ ᠰᠤᠷᠭᠠᠭᠤᠯᠢ ᠶ᠋ᠢᠨ ᠲᠣᠭᠠᠨ ᠤ᠋ ᠤᠬᠠᠭᠠᠨ ᠤ᠋ ᠰᠠᠯᠪᠤᠷᠢ ᠠ᠋ᠴᠠ ᠲᠡᠭᠦᠰᠪᠡ᠃ ᠪᠠᠭᠰᠢ ᠶ᠋ᠢᠨ ᠠᠵᠢᠯ ᠠ᠋ᠴᠠ ᠪᠠᠨ ᠠᠮᠠᠷᠠᠯᠲᠠ ᠪᠠᠨ ᠠᠪᠴᠠᠢ᠂ ᠮᠣᠩᠭᠣᠯ ᠤᠷᠠᠨ ᠪᠢᠴᠢᠯᠭᠡ ᠶ᠋ᠢᠨ ᠲᠥᠪ ᠪᠢᠴᠢᠯᠭᠡ᠂ ᠭᠦᠶᠦᠯᠭᠡᠨ ᠪᠢᠴᠢᠯᠭᠡ᠂ ᠳᠣᠪᠲᠣᠯᠭᠠᠨ ᠪᠢᠴᠢᠯᠭᠡ᠂ ᠡᠪᠬᠡᠮᠡᠯ ᠪᠢᠴᠢᠯᠭᠡ᠂ ᠬᠤᠯᠤᠰᠤᠨ ᠦᠵᠦᠭ ᠦ᠋ᠨ ᠪᠢᠴᠢᠯᠭᠡ ᠵᠡᠷᠭᠡ ᠬᠡᠳᠦᠨ ᠵᠦᠢᠯ ᠦ᠋ᠨ ᠪᠢᠴᠢᠯᠭᠡ ᠶ᠋ᠢᠨ ᠦᠨᠳᠦᠰᠦᠨ ᠮᠡᠳᠡᠯᠭᠡ ᠶ᠋ᠢ ᠴᠢᠳᠠᠮᠠᠭᠠᠢ ᠡᠵᠡᠮᠰᠢᠬᠦ ᠶ᠋ᠢᠨ ᠬᠠᠮᠲᠤ ᠬᠤᠯᠤᠰᠤᠨ ᠦᠵᠦᠭ ᠪᠣᠯᠤᠨ ᠡᠪᠬᠡᠮᠡᠯ ᠦᠰᠦᠭ ᠲᠦ᠍ ᠭᠠᠷᠮᠠᠭᠠᠢ ᠪᠣᠯᠵᠤ᠂ ᠰᠤᠳᠤᠯᠤᠨ ᠰᠢᠨᠵᠢᠯᠡᠭᠡᠳ ᠥᠪᠡᠷ ᠦ᠋ᠨ ᠬᠡᠪ ᠨᠠᠮᠪᠠ ᠲᠠᠢ ᠪᠣᠯᠵᠠᠢ᠃ ᠣᠳᠣ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠮᠣᠩᠭᠣᠯ ᠤᠷᠠᠨ ᠪᠢᠴᠢᠯᠭᠡᠲᠡᠨ ᠦ᠌ ᠨᠡᠢᠭᠡᠮᠯᠢᠭ ᠦ᠋ᠨ ᠭᠡᠰᠢᠭᠦᠨ᠂ ᠲᠦᠩᠯᠢᠶᠣᠣ ᠬᠣᠲᠠ ᠶ᠋ᠢᠨ ᠮᠣᠩᠭᠣᠯ ᠤᠷᠠᠨ ᠪᠢᠴᠢᠯᠭᠡᠲᠡᠨ ᠦ᠌ ᠨᠡᠢᠭᠡᠮᠯᠢᠭ ᠦ᠋ᠨ ᠬᠡᠷᠡᠭ ᠡᠷᠬᠢᠯᠡᠭᠴᠢ᠂ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠮᠣᠩᠭᠣᠯ ᠤᠷᠠᠨ ᠪᠢᠴᠢᠯᠭᠡᠲᠡᠨ ᠦ᠌ ᠨᠡᠢᠭᠡᠮᠯᠢᠭ ᠦ᠋ᠨ ᠨᠡᠷ᠎ᠡ ᠬᠦᠨᠳᠦᠲᠦ ᠲᠡᠷᠢᠭᠦᠯᠡᠭᠴᠢ ᠵᠡᠷᠭᠡ ᠨᠡᠢᠭᠡᠮ ᠦ᠋ᠨ ᠡᠭᠦᠷᠭᠡ ᠲᠤᠰᠢᠶᠠᠯ ᠲᠠᠢ᠃ ᠲᠡᠭᠦᠨ ᠦ᠌ ᠪᠦᠲᠦᠭᠡᠯ ᠨᠢ ᠤᠷᠢᠳ ᠬᠣᠵᠢᠳ《ᠮᠣᠩᠭᠣᠯ ᠬᠡᠯᠡ ᠪᠢᠴᠢᠭ》《ᠥᠨᠢᠷ ᠴᠡᠴᠡᠭ》᠂《ᠵᠢᠷᠢᠮ ᠦ᠋ᠨ ᠤᠷᠠᠨ ᠵᠣᠬᠢᠶᠠᠯ》᠂《ᠥᠪᠥᠷ ᠮᠣᠩᠭᠣᠯ ᠤ᠋ᠨ ᠵᠠᠯᠠᠭᠤᠴᠤᠳ》᠂《ᠲᠣᠷᠭᠠᠨ ᠵᠢᠯᠣᠭᠣ》᠂《ᠲᠦᠩᠯᠢᠶᠣᠣ ᠶ᠋ᠢᠨ ᠡᠳᠦᠷ ᠦ᠋ᠨ ᠰᠣᠨᠢᠨ》᠂《ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠵᠡᠷᠭᠡ ᠰᠡᠳᠬᠦᠯ ᠪᠠ ᠰᠣᠨᠢᠨ ᠳ᠋ᠤ᠌ ᠨᠡᠢᠲᠡᠯᠡᠭᠳᠡᠵᠦ᠂《ᠯᠤᠤ》 ᠭᠡᠳᠡᠭ ᠦᠰᠦᠭ ᠢ᠋2008 ᠶᠠᠩᠵᠤ ᠶ᠋ᠢᠨ ᠬᠤᠪᠢᠷᠠᠯ ᠲᠠᠢ ᠪᠢᠴᠢᠭᠰᠡᠨ ᠤᠷᠲᠤ ᠪᠦᠲᠦᠭᠡᠯ ᠨᠢ ᠪᠤᠭᠤᠲᠤ ᠬᠣᠲᠠ ᠶ᠋ᠢᠨ ᠵᠢᠦ ᠶᠤᠸᠠᠨ ᠲᠣᠭᠣᠷᠢᠭ ᠲᠤ᠌ ᠶᠠᠪᠤᠭᠳᠠᠭᠰᠠᠨ ᠠᠩᠬᠠᠳᠤᠭᠠᠷ ᠤᠳᠠᠭᠠᠨ ᠤ᠋《ᠡᠬᠡ ᠬᠡᠯᠡ》 ᠬᠤᠨᠳᠠᠭᠠᠲᠤ ᠮᠣᠩᠭᠣᠯ ᠤᠷᠠᠨ ᠪᠢᠴᠢᠯᠭᠡ ᠶ᠋ᠢᠨ ᠤᠷᠤᠯᠳᠤᠭᠠᠨ ᠳ᠋ᠤ᠌ ᠣᠷᠣᠯᠴᠠᠭᠠᠳ ᠪᠤᠰᠤᠳ ᠬᠥᠮᠦᠨ ᠥᠨᠳᠥᠷ ᠦᠨ᠎ᠡ ᠪᠡᠷ ᠬᠤᠳᠠᠯᠳᠤᠨ ᠠᠪᠴᠤ ᠬᠠᠳᠠᠭᠠᠯᠠᠵᠠᠢ᠃ ᠲᠦᠩᠯᠢᠶᠣᠣ ᠬᠣᠲᠠ ᠶ᠋ᠢᠨ ᠠᠩᠬᠠᠳᠤᠭᠠᠷ ᠤᠳᠠᠭᠠᠨ ᠤ᠋《ᠦᠨᠳᠦᠰᠦᠨ ᠦ᠌ ᠪᠦᠯᠬᠦᠮᠳᠡᠯ》 ᠬᠤᠨᠳᠠᠭᠠᠲᠤ ᠮᠣᠩᠭᠣᠯ ᠤᠷᠠᠨ ᠪᠢᠴᠢᠯᠭᠡ ᠶ᠋ᠢᠨ ᠤᠷᠤᠯᠳᠤᠭᠠᠨ ᠳ᠋ᠤ᠌ ᠨᠢᠭᠡᠳᠦᠭᠡᠷ ᠳᠡᠰ ᠦ᠋ᠨ ᠱᠠᠩᠨᠠᠯ ᠬᠦᠷᠲᠡᠪᠡ᠃2014 ᠣᠨ ᠤ᠋9 ᠰᠠᠷ᠎ᠠ ᠶ᠋ᠢᠨ29 ᠦ᠌ ᠡᠳᠦᠷ ᠶᠠᠪᠤᠭᠳᠠᠭᠰᠠᠨ ᠪᠦᠬᠦ ᠣᠷᠣᠨ ᠤ᠋ ᠲᠠᠪᠤᠳᠤᠭᠠᠷ ᠤᠳᠠᠭᠠᠨ ᠤ᠋《ᠡᠬᠡ ᠬᠡᠯᠡ》 ᠬᠤᠨᠳᠠᠭᠠᠲᠤ ᠮᠣᠩᠭᠣᠯ ᠤᠷᠠᠨ ᠪᠢᠴᠢᠯᠭᠡ ᠶ᠋ᠢᠨ ᠤᠷᠤᠯᠳᠤᠭᠠᠨ ᠳ᠋ᠤ᠌ ᠭᠤᠷᠪᠠᠳᠤᠭᠠᠷ ᠳᠡᠰ ᠦ᠋ᠨ ᠱᠠᠩᠨᠠᠯ ᠬᠦᠷᠲᠡᠪᠡ᠃ ᠪᠠᠰᠠ《ᠴᠢᠩᠭᠢᠰ ᠵᠣᠷᠢᠭ ᠤ᠋ᠨ ᠨᠢᠭᠤᠴᠠ ᠲᠣᠪᠴᠢᠶᠠᠨ》 ᠭᠡᠳᠡᠭ ᠨᠠᠢᠷᠠᠭᠤᠯᠤᠯ ᠢ᠋ ᠬᠤᠯᠤᠰᠤᠨ ᠦᠵᠦᠭ ᠢ᠋ᠶ᠋ᠡᠷ ᠪᠢᠴᠢᠭᠰᠡᠨ ᠤᠷᠲᠤ ᠪᠦᠲᠦᠭᠡᠯ ᠪᠠ 《ᠮᠣᠷᠢ》 ᠭᠡᠳᠡᠭ ᠨᠢᠭᠡ ᠯᠡ ᠦᠰᠦᠭ ᠢ᠋ ᠲᠦᠮᠡ ᠢᠯᠡᠭᠦᠦ ᠬᠤᠪᠢᠷᠠᠭᠠᠨ ᠪᠢᠴᠢᠭᠰᠡᠨ ᠤᠷᠲᠤ ᠪᠦᠲᠦᠭᠡᠯ ᠲᠡᠢ ᠂《ᠮᠣᠩᠭᠣᠯ ᠤᠷᠠᠨ ᠪᠢᠴᠢᠯᠭᠡ ᠶ᠋ᠢᠨ ᠤᠳᠤᠷᠢᠳᠤᠮᠵᠢ》 ᠭᠡᠬᠦ ᠨᠣᠮ ᠲᠠᠢ᠃
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ᠂ ᠪᠤᠯᠠᠭ
