ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠡᠷᠢᠭᠦᠨ ᠪᠦᠯᠦᠭ 1–3> Бүлжхэн хатан– [монгол] Дамбын Төрбат <тэргүүн бүлэг 1–3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠡᠷᠢᠭᠦᠨ ᠪᠦᠯᠦᠭ 1–3> Бүлжхэн хатан– [монгол] Дамбын Төрбат <тэргүүн бүлэг 1–3>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠡᠷᠢᠭᠦᠨ ᠪᠦᠯᠦᠭ 1–3> Бүлжхэн хатан– [монгол] Дамбын Төрбат <тэргүүн бүлэг 1–3>

ᠠᠩᠭᠢᠯᠠᠯ:ᠲᠤᠭᠤᠵᠢ ᠷᠣᠮᠠᠨ
2025-12-25

246

ᠲᠡᠷᠢᠭᠦᠨ ᠪᠦᠯᠦᠭ 1~3

       
                ᠲᠡᠷᠢᠭᠦᠨ ᠪᠦᠯᠦᠭ       
                  《ᠴᠢᠨ ᠲᠣᠯᠣᠭᠠᠢ ᠶ᠋ᠢ ᠬᠥᠮᠦᠨ ᠲᠣᠯᠣᠭᠠᠢ ᠪᠠᠷ ᠲᠠᠬᠢᠪᠠ》  

         ᠣᠳᠣ ᠲᠠᠢ ᠲᠩᠷᠢ ᠣᠷᠴᠢᠵᠤ 
         ᠣᠯᠠᠨ ᠤᠯᠤᠰ ᠪᠠᠢᠯᠳᠤᠵᠤ᠂ 
         ᠣᠷᠣᠨ ᠳ᠋ᠠᠭᠠᠨ ᠤᠨᠲᠠᠬᠤ ᠵᠠᠪ ᠦᠭᠡᠢ 
         ᠣᠯᠵᠠᠯᠠᠨ ᠪᠤᠯᠢᠶᠠᠯᠳᠤᠵᠤ ᠪᠠᠢᠪᠠ 
         ᠬᠥᠷᠥᠰᠥᠲᠦ ᠳᠡᠯᠡᠬᠡᠢ ᠬᠥᠷᠪᠡᠵᠦ 
         ᠬᠥᠪᠴᠢᠨ ᠤᠯᠤᠰ ᠬᠢᠮᠤᠷᠠᠯᠳᠤᠵᠤ 
         ᠬᠥᠨᠵᠢᠯᠡ ᠳ᠋ᠡᠭᠡᠨ ᠤᠨᠲᠠᠬᠤ ᠵᠠᠪ ᠦᠭᠡᠢ 
         ᠬᠥᠨᠥᠭᠡᠯᠳᠦᠨ ᠲᠡᠮᠡᠴᠡᠵᠦ ᠪᠠᠢᠪᠠ᠃  
              《ᠮᠣᠩᠭᠣᠯ ᠤ᠋ᠨ ᠨᠢᠭᠤᠴᠠ ᠲᠣᠪᠴᠢᠶᠠᠨ》  

                1
       ᠵᠡᠷᠭᠡᠯᠭᠡ ᠬᠥᠯᠯᠡᠨ ᠭᠦᠶᠦᠯᠳᠦᠬᠦ ᠴᠡᠩᠬᠡᠷ ᠠᠭᠤᠯᠠᠰ ᠤ᠋ᠨ ᠲᠡᠷᠲᠡᠭᠡ ᠡᠴᠡ ᠵᠡᠭᠦᠦ ᠶ᠋ᠢᠨ ᠰᠦᠪᠡᠭᠴᠢ ᠶ᠋ᠢᠨ ᠲᠡᠳᠦᠢ ᠪᠠᠷ᠎ᠠ ᠲᠣᠳᠣᠷᠠᠵᠤ ᠲᠥᠭᠡᠯᠡᠭᠦᠷ ᠬᠣᠷᠣᠬᠠᠢ ᠮᠡᠲᠦ ᠢᠮᠠᠬᠤ ᠢᠮᠠᠬᠤ ᠪᠠᠷ ᠨᠠᠭᠠᠰᠢᠯᠠᠨ᠂ ᠬᠣᠷᠣᠮ ᠬᠣᠷᠣᠮ ᠢ᠋ᠶ᠋ᠠᠷ ᠲᠣᠳᠣᠷᠠᠨ ᠪᠠᠢᠪᠠ᠃ ᠡᠯ᠎ᠡ ᠪᠠᠷ᠎ᠠ ᠶ᠋ᠢ ᠴᠢᠨ ᠲᠣᠯᠣᠭᠠᠢ ᠶ᠋ᠢᠨ ᠴᠢᠯᠠᠭᠤᠨ ᠤᠷᠲᠤ ᠲᠣᠭᠣᠷᠢᠵᠤ ᠪᠠᠭᠤᠭᠰᠠᠨ ᠶᠡᠬᠡᠰ ᠳᠡᠭᠡᠳᠦᠰ ᠠᠩᠵᠠᠭᠠᠷᠠᠵᠤ ᠬᠠᠷᠠᠬᠠᠨ ᠵᠠᠪᠳᠤᠭ᠎ᠠ ᠦᠭᠡᠢ ᠦᠶᠡᠰ ᠪᠦᠷᠢᠳᠦ ᠶ᠋ᠢᠨ ᠵᠠᠬ᠎ᠠ ᠳ᠋ᠤ᠌ ᠨᠠᠭᠠᠳᠤᠨ ᠠᠭᠰᠠᠨ ᠭᠤᠷᠪᠠᠨ ᠪᠠᠨᠳᠢ ᠡᠬᠢᠯᠡᠵᠦ ᠬᠠᠷᠠᠵᠠᠢ᠃ ᠲᠡᠳᠡ ᠬᠠᠯᠢᠭᠤᠷᠠᠭᠰᠠᠨ ᠨᠣᠭᠣᠭᠠᠨ ᠵᠥᠯᠭᠡᠨ᠎ᠡ ᠬᠠᠨᠠᠨ ᠬᠡ ᠪᠡᠷ ᠡᠮᠵᠢᠵᠦ ᠰᠢᠷᠢᠭᠰᠡᠨ ᠲᠣᠭᠯᠠᠭᠤᠷ ᠳᠡᠪᠢᠰᠴᠦ᠂ ᠴᠡᠪᠡᠷᠬᠡᠨ ᠮᠥᠯᠵᠢᠭᠰᠡᠨ ᠣᠯᠠᠨ ᠱᠠᠭᠠᠢ ᠥᠷᠥᠭᠡᠳ ᠮᠣᠷᠢ ᠤᠷᠤᠯᠳᠤᠭᠤᠯᠵᠤ ᠰᠠᠭᠤᠯ᠎ᠠ᠃ ᠥᠷᠥᠭᠡᠰᠦᠨ ᠱᠠᠭᠠᠢ ᠨᠢ ᠰᠡᠷᠡᠭᠡ ᠲᠡᠢ ᠴᠢᠨᠳᠠᠮᠤᠨᠢ ᠬᠢᠭᠡᠳ ᠰᠠᠷᠠ ᠲᠠᠢ ᠣᠩᠭᠢᠨ ᠲᠠᠮᠠᠭ᠎ᠠ ᠰᠡᠯᠲᠡ ᠶ᠋ᠢ ᠳᠣᠪᠣᠢᠯᠭᠠᠨ ᠰᠡᠢᠯᠦᠭᠰᠡᠨ ᠶᠠᠰᠤᠨ ᠱᠠᠭᠠᠢ᠃ ᠬᠠᠷᠢᠨ ᠤᠶᠠᠭᠰᠠᠨ ᠮᠣᠷᠢᠳ ᠨᠢ ᠠᠯᠲᠠᠨ ᠴᠢᠳᠬᠤᠮᠠᠯ ᠱᠠᠭᠠᠢ ᠠᠭᠠᠳ ᠪᠤᠯᠠᠭ᠎ᠠ ᠪᠠᠷ ᠡᠮᠵᠢᠵᠦ ᠬᠢᠭᠰᠡᠨ ᠲᠠᠰᠢᠭᠤ ᠵᠠᠬ᠎ᠠ ᠲᠠᠢ ᠲᠣᠷᠭᠠᠨ ᠳᠡᠪᠡᠯ ᠦ᠋ᠨ ᠳᠡᠭᠡᠷ᠎ᠡ ᠮᠥᠩᠭᠥᠨ ᠲᠣᠨᠣᠭ ᠲᠠᠢ ᠰᠣᠷᠣᠨ ᠪᠦᠰᠡ ᠬᠡᠪᠯᠡᠭᠦᠬᠡᠨ ᠪᠦᠰᠡᠯᠡᠭᠰᠡᠨ ᠵᠢᠭᠠᠯ ᠬᠦᠦ ᠶ᠋ᠢᠨ ᠰᠢᠪᠰᠢᠵᠦ ᠬᠠᠶᠠᠬᠤ ᠳᠥᠷᠪᠡᠨ ᠱᠠᠭᠠᠢ ᠬᠠᠷᠰᠢᠯᠳᠤᠨ ᠪᠠᠭᠤᠬᠤ ᠶ᠋ᠢ ᠦᠵᠡᠪᠡᠯ ᠬᠠᠰ ᠡᠷᠳᠡᠨᠢ ᠶ᠋ᠢᠨ ᠤᠷᠠᠯᠠᠯ ᠪᠠᠢᠬᠤ ᠪᠥᠯᠥᠭᠡ᠃ ᠬᠠᠮᠲᠤ ᠲᠣᠭᠯᠠᠭᠴᠢ ᠬᠣᠶᠠᠷ ᠬᠦᠦ ᠶᠡᠬᠡ ᠯᠡ ᠬᠥᠬᠢᠨ᠂  
       — ᠲᠤᠭᠤᠷᠢᠯ᠂ ᠴᠢᠨᠦ ᠤᠷᠤᠭ ᠰᠢᠩᠬᠤᠯ ᠴᠤ᠌ ᠰᠢᠨᠳᠠᠰᠤ ᠲᠠᠢ ᠪᠠᠢᠨ᠎ᠠ ᠠ᠋᠁ 
       — ᠰᠣᠢᠯᠠᠭ᠎ᠠ ᠨᠢ ᠲᠠᠭᠠᠷᠠᠵᠠᠢ᠁ ᠭᠡᠯᠴᠡᠨ ᠱᠠᠭᠰᠢᠬᠤ ᠳ᠋ᠤ᠌ ᠲᠤᠭᠤᠷᠢᠯ ᠬᠥᠪᠡᠭᠦᠨ ᠪᠠᠰᠠ ᠬᠦ᠌ ᠳ᠋ᠡᠭᠡᠨ ᠪᠡᠶᠡᠰᠴᠦ᠂ 
       — ᠬᠡᠷᠡᠢᠳ ᠪᠢᠳᠡ ᠬᠡᠵᠢᠶᠡᠨ ᠡᠴᠡ ᠬᠦᠯᠦᠭ ᠰᠠᠢᠲᠠᠢ ᠭᠡᠮᠡᠨ ᠠᠬᠢᠵᠤ ᠰᠢᠪᠰᠢᠨ ᠬᠠᠶᠠᠪᠠᠯ ᠬᠠᠷᠠᠬᠠᠨ ᠮᠣᠷᠢ ᠪᠠᠭᠤᠭᠰᠠᠨ ᠦᠭᠡᠢ᠃ ᠥᠪᠡᠷ ᠦ᠋ᠨ ᠡᠭᠡᠯᠵᠢᠨ ᠳ᠋ᠦ᠍ ᠳᠥᠷᠪᠡᠨ ᠬᠠᠰ ᠱᠠᠭᠠᠢ ᠶ᠋ᠢ ᠰᠢᠭᠦᠷᠡᠨ ᠠᠪᠬᠤ ᠵᠢᠭᠠᠯ ᠪᠠᠨᠳᠢ ᠶ᠋ᠢᠨ ᠭᠠᠷ ᠲᠤ᠌ ᠠᠯᠲᠠᠨ ᠪᠠᠭᠤᠪᠴᠢ ᠭᠢᠯᠠᠰ ᠬᠢᠵᠦ᠂ ᠬᠦᠢᠲᠡᠨ ᠴᠢᠯᠠᠭᠤᠨ ᠱᠠᠭᠠᠢ ᠶ᠋ᠢ ᠬᠥᠯᠥᠷᠡᠲᠡᠯ᠎ᠡ ᠠᠳᠬᠤᠨ ᠰᠢᠪᠰᠢᠵᠦ ᠰᠢᠪᠰᠢᠵᠦ ᠣᠷᠬᠢᠭᠰᠠᠨ ᠪᠣᠯᠪᠠᠴᠤ ᠮᠣᠷᠢ ᠠᠯᠠᠭ᠎ᠠ᠃ ᠮᠥᠨᠥᠬᠡᠨ ᠵᠢᠭᠠᠯ ᠮᠥᠩᠭᠥᠨ ᠤᠨᠵᠢᠯᠭ᠎ᠠ᠂ ᠰᠤᠪᠤᠳᠤᠨ ᠴᠢᠮᠡᠭ ᠢ᠋ᠶ᠋ᠡᠷ ᠡᠷᠭᠢᠭᠦᠯᠦᠭᠰᠡᠨ ᠭᠦᠷᠦᠮᠡᠯ ᠭᠡᠵᠢᠭᠡ ᠪᠡᠨ ᠮᠥᠷᠥ ᠳᠠᠪᠠᠭᠤᠯᠵᠤ ᠰᠢᠳᠡᠭᠰᠡᠨ ᠢ᠋ᠶ᠋ᠡᠨ᠂ 
       一 ᠨᠠᠢ᠍ᠮᠠᠨ ᠤ᠋ ᠮᠣᠷᠢᠳ ᠨᠠᠢᠷ ᠲᠤ᠌ ᠳᠠᠪᠬᠢᠳᠠᠭ ᠦᠭᠡᠢ᠂ ᠲᠡᠢᠨ ᠳ᠋ᠦ᠍ ᠳᠠᠪᠬᠢᠳᠠᠭ ᠮᠣᠷᠢ ᠠ᠋ ᠭᠡᠳ ᠪᠣᠰᠤᠨ ᠵᠠᠪᠳᠤᠬᠤ ᠳ᠋ᠤ᠌ ᠬᠠᠰ ᠱᠠᠭᠠᠢ ᠶ᠋ᠢ ᠬᠠᠮᠤᠨ ᠠᠪᠴᠤ ᠠᠭᠰᠠᠨ ᠬᠦᠦ᠄ 
       - ᠪᠡᠢᠪᠥ᠋ᠬᠡ ᠲᠢᠶᠠᠨ ᠴᠢ ᠰᠠᠭᠤ ᠯᠠ ᠳᠠ᠃ ᠣᠳᠣ ᠮᠢᠨᠦ ᠬᠠᠶᠠᠬᠤ ᠡᠭᠡᠯᠵᠢ ᠭᠡᠪᠡ᠃ ᠬᠡᠪᠯᠡᠭᠦᠦ ᠬᠦᠦ ᠰᠠᠭᠤᠭᠰᠠᠨ ᠦᠭᠡᠢ᠂ ᠬᠠᠷᠢᠨ ᠴᠤ᠌ ᠬᠣᠷᠭᠣᠢ ᠳᠡᠪᠡᠯ ᠦ᠋ᠨ ᠬᠣᠷᠮᠣᠢ ᠭᠦᠪᠢᠨ ᠪᠣᠰᠴᠤ᠂ 
       一 ᠭᠤᠷᠪᠠᠨ ᠮᠡᠷᠭᠢᠳ ᠬᠤᠷᠳᠤᠨ ᠮᠣᠷᠢ ᠲᠠᠢ ᠭᠡᠵᠦ ᠪᠢ ᠲᠣᠭᠣᠯᠤᠭ᠎ᠠ ᠦᠭᠡᠢ ᠶᠦᠮ ᠪᠠᠢᠨ᠎ᠠ᠃ ᠣᠳᠦᠢᠳ ᠮᠡᠷᠭᠢᠳ ᠨᠢ ᠤᠰᠤ ᠱᠦᠭᠦᠷᠳᠡᠵᠦ᠂ ᠣᠪᠠᠰ ᠮᠡᠷᠭᠢᠳ ᠨᠢ ᠠᠭᠤᠯᠠ ᠭᠡᠲᠦᠷᠴᠦ᠂ ᠬᠠᠭᠠᠳ ᠮᠡᠷᠭᠢᠳ ᠨᠢ ᠬᠠᠷ᠎ᠠ ᠰᠢᠷᠣᠢ ᠬᠦᠳᠦᠷᠴᠦ ᠠᠮᠢ ᠵᠢᠭᠤᠳᠠᠭ ᠶᠤᠮ ᠪᠢᠰᠢ ᠤᠤ ᠭᠡᠬᠦ ᠳ᠋ᠦ᠍ ᠬᠠᠰ ᠱᠠᠭᠠᠢ ᠠᠳᠬᠤᠨ ᠰᠢᠪᠰᠢᠵᠦ ᠰᠠᠭᠤᠭᠰᠠᠨ ᠲᠣᠪᠢ ᠮᠠᠯᠠᠭᠠᠢ᠂ ᠲᠣᠷᠭᠠᠨ ᠬᠠᠨᠲᠠᠭᠠᠰᠤ ᠲᠠᠢ ᠬᠦᠦ ᠤᠬᠤᠰᠬᠢᠨ ᠪᠣᠰᠴᠤ᠂ 
       一 ᠲᠣᠭᠯᠠᠭᠠᠮ ᠢ᠋ ᠱᠣᠭᠯᠠᠭᠠᠮ ᠪᠣᠯᠭᠠᠵᠤ ᠲᠣᠮᠣᠴᠤᠤᠯ ᠤ᠋ᠨ ᠦᠭᠡ ᠶᠠᠭᠤᠨ ᠳ᠋ᠤ᠌ ᠶᠠᠷᠢᠨ᠎ᠠ ᠴᠢ᠃ ᠪᠡᠢᠪᠥ᠋ᠬᠡ ᠴᠢᠨᠦ ᠡᠴᠢᠭᠡ ᠢᠨᠠᠨᠴᠢ ᠪᠢᠯᠭᠡ ᠨᠣᠶᠠᠨ ᠴᠠᠭ ᠤ᠋ᠨ ᠴᠠᠭ ᠲᠤ᠌ ᠨᠡᠷᠺᠢᠰᠢ ᠳᠠᠶᠠᠨ ᠤ᠋ ᠰᠠᠭᠤᠳᠠᠯ ᠤᠷᠤᠭᠤ ᠦᠨᠡᠭᠡ ᠮᠡᠲᠦ ᠭᠡᠲᠡᠵᠦ᠂ ᠴᠢᠨᠣ᠎ᠠ ᠮᠡᠲᠦ ᠣᠯᠢᠵᠤ ᠪᠠᠢᠳᠠᠭ ᠢ᠋ ᠪᠢᠳᠡ ᠮᠡᠳᠡᠬᠦ ᠪᠢᠯᠡ᠃ ᠮᠥᠨᠥᠬᠢ ᠶᠡᠬᠡ ᠥᠭᠡᠲᠦ ᠭᠠᠩᠭᠠᠩ ᠵᠢᠭᠠᠯ ᠡᠯ᠎ᠡ ᠦᠭᠡ ᠶ᠋ᠢ ᠭᠦᠢᠴᠡᠳ ᠰᠣᠨᠣᠰᠤᠯ ᠦᠭᠡᠢ᠄ 
       一 ᠲᠣᠭᠲᠤᠭ᠎ᠠ ᠴᠢ ᠪᠠᠭ᠎ᠠ ᠳᠣᠩᠭᠣᠳ! ᠭᠡᠮᠡᠨ ᠵᠠᠭᠠᠮᠠᠳᠠᠨ ᠠᠪᠬᠤ ᠳ᠋ᠤ᠌ ᠬᠡᠷᠡᠭ ᠪᠢᠰᠢᠳᠡᠭᠰᠡᠨ ᠢ᠋ ᠤᠬᠠᠭᠠᠷᠠᠭᠰᠠᠨ ᠪᠢᠴᠢᠬᠠᠨ ᠲᠣᠭᠣᠷᠢᠯ ᠬᠣᠶᠠᠷ ᠨᠥᠬᠥᠷ ᠦ᠋ᠨ ᠳᠤᠮᠳᠠ ᠬᠡᠢ ᠯᠡ ᠪᠥᠨᠲᠥᠭᠡᠨᠡᠵᠦ ᠵᠠᠭᠠᠮᠠᠳᠠᠯᠴᠠᠭᠰᠠᠨ ᠭᠠᠷ ᠢ᠋ ᠨᠢ ᠲᠠᠯᠪᠢᠭᠤᠯᠬᠤ ᠭᠡᠵᠦ ᠨᠣᠴᠣᠯᠳᠤᠵᠤ ᠶᠠᠳᠠᠭᠰᠠᠨ ᠢ᠋ᠶ᠋ᠠᠨ ᠬᠠᠷᠠᠭ᠎ᠠ ᠨᠢ ᠨᠢᠭᠡᠨ ᠵᠦᠭ ᠲᠦ᠍ ᠴᠢᠭᠯᠡᠨ ᠴᠢᠮᠡᠭᠡ ᠲᠠᠰᠤᠷᠠᠪᠠ᠃ ᠠᠨᠳᠠ ᠶ᠋ᠢ ᠬᠣᠷᠢᠬᠤ ᠲᠣᠰᠤᠮ ᠤᠯᠠᠮ ᠳᠦᠷᠡᠯᠵᠡᠨ ᠠᠭᠰᠠᠨ ᠠᠭᠤᠷ ᠬᠢᠯᠢᠩ ᠨᠢ ᠬᠡᠢᠰᠦᠨ ᠠᠷᠢᠯᠤᠭᠰᠠᠨ ᠬᠣᠶᠠᠷ ᠵᠢᠭᠠᠯ ᠵᠢᠭᠠᠬᠤ ᠵᠦᠭ ᠲᠦ᠋ᠨᠢ ᠬᠠᠷᠠᠴᠠ ᠪᠡᠯᠴᠢᠭᠡᠪᠡᠯ ᠲᠣᠭᠣᠷᠢᠯ᠄ 
       一 ᠠᠢᠰᠤᠢ! ᠭᠡᠯ᠎ᠡ᠃ ᠬᠡᠦᠬᠡᠳ ᠦ᠋ᠨ ᠨᠢᠳᠦ ᠥᠯᠥᠨ ᠬᠣᠢᠨ᠎ᠠ ᠳᠣᠣᠷ᠎ᠠ ᠨᠢ ᠣᠯᠵᠤ ᠬᠠᠷᠠᠵᠠᠢ᠃ ᠡᠮᠬᠡᠷᠢᠳᠦᠭᠰᠡᠨ ᠬᠠᠷ᠎ᠠ ᠤᠲᠠᠰᠤᠨ ᠤ᠋ ᠦᠵᠦᠭᠦᠷ ᠲᠡᠳᠦᠢ ᠪᠠᠷ᠎ᠠ ᠲᠩᠷᠢ ᠶ᠋ᠢᠨ ᠰᠠᠪᠰᠠᠯᠭ᠎ᠠ ᠰᠦᠪᠡᠯᠡᠨ ᠣᠷᠣᠵᠤ ᠢᠷᠡᠬᠦ ᠶ᠋ᠢ ᠭᠤᠷᠪᠠᠨ ᠵᠢᠭᠠᠯ ᠠᠯᠮᠠᠢᠷᠠᠨ ᠬᠠᠷᠠᠵᠤ ᠵᠣᠭᠰᠣᠲᠠᠯ᠎ᠠ᠂ 
       — ᠵᠠ ᠭᠤᠷᠪᠠᠨ ᠨᠣᠶᠠᠬᠠᠢ ᠲᠣᠷᠭᠠᠨ ᠰᠦᠷᠦᠭ ᠢ᠋ᠶ᠋ᠡᠨ ᠶᠠᠭᠠᠬᠢᠭᠠᠳ ᠲᠠᠯ᠎ᠠ ᠪᠠᠷ ᠨᠢᠭᠡ ᠲᠠᠷᠠᠭᠠᠴᠢᠬᠠᠭ᠎ᠠ ᠪᠣᠢ? ᠭᠡᠬᠦ ᠴᠡᠭᠡᠯᠬᠡᠨ ᠳᠠᠭᠤ ᠰᠣᠨᠣᠰᠳᠠᠪᠠ᠃ ᠲᠠᠵᠢᠭᠢᠨᠠᠵᠤ ᠴᠠᠭᠠᠰᠢᠯᠠᠭᠤᠯᠤᠭᠰᠠᠨ ᠥᠩᠭᠡ ᠲᠡᠢ ᠦᠭᠡ ᠥᠭᠦᠯᠡᠭᠰᠡᠨ ᠴᠦ᠍ ᠴᠡᠭᠡᠵᠢᠨ ᠦ᠌ ᠭᠦᠨ ᠡᠴᠡ ᠭᠠᠷᠤᠭᠰᠠᠨ ᠡᠯ᠎ᠡ ᠳᠠᠭᠤ ᠳᠣᠯᠣᠭᠠᠨ ᠣᠢ ᠥᠩᠭᠡᠷᠡᠵᠦ ᠨᠠᠢ᠍ᠮᠠ ᠱᠦᠷᠭᠦᠭᠡᠵᠦ ᠶᠠᠪᠤᠭ᠎ᠠ ᠬᠥᠪᠡᠭᠦᠳ ᠦ᠋ᠨ ᠴᠢᠩᠭᠢᠨᠠᠭᠰᠠᠨ ᠳᠠᠭᠤ ᠶ᠋ᠢ ᠪᠣᠳᠣᠪᠠᠯ ᠶᠡᠬᠡ ᠯᠡ ᠨᠠᠮᠪᠠᠭᠠᠯᠢᠭ᠂ ᠪᠠᠰᠠ ᠬᠦ ᠲᠤᠩᠭᠠᠯᠠᠭ ᠰᠣᠨᠣᠰᠳᠠᠭᠰᠠᠨ ᠲᠤᠯᠠ ᠥᠪᠡᠷ ᠦ᠋ᠨ ᠡᠷᠬᠡ ᠦᠭᠡᠢ ᠪᠢᠰᠢᠷᠡᠨ ᠬᠠᠷᠠᠯ᠎ᠠ᠃ ᠬᠡᠦᠬᠡᠳ ᠦ᠋ᠨ ᠭᠡᠨᠡᠨ ᠴᠠᠢᠯᠭᠠᠨ ᠬᠠᠷᠠᠴᠠᠨ ᠳ᠋ᠤ᠌ ᠳᠤᠷᠳᠤᠩ ᠴᠡᠩᠬᠡᠷ ᠪᠤᠯᠠᠭ ᠤ᠋ᠨ ᠬᠢᠯᠢᠩ ᠨᠣᠭᠣᠭᠠᠨ ᠣᠮᠤᠷᠤ ᠶ᠋ᠢᠨ ᠳᠡᠭᠡᠷ᠎ᠡ ᠨᠢᠷᠤᠭᠤ ᠡᠭᠦᠷᠦᠨ ᠵᠣᠭᠰᠣᠭᠠᠳ ᠳᠣᠭᠣᠭᠢᠲᠠᠢᠬᠠᠨ ᠮᠤᠰᠢᠯᠵᠠᠬᠤ ᠵᠠᠯᠠᠭᠤ ᠡᠷ᠎ᠡ ᠶᠡᠬᠡ ᠯᠡ ᠬᠡᠢᠮᠣᠷᠢᠯᠢᠭ᠂ ᠶᠡᠬᠡ ᠯᠡ ᠵᠣᠯᠪᠣᠭᠠᠯᠢᠭ ᠦᠵᠡᠭᠳᠡᠬᠦ ᠠᠪᠠᠢ᠃ ᠲᠡᠷᠡ ᠪᠡᠷ ᠡᠯᠳᠡᠪ ᠴᠠᠮᠢᠨ ᠵᠡᠭᠦᠯᠲᠡ ᠴᠢᠮᠡᠭ ᠦᠭᠡᠢ ᠴᠢᠨᠰᠠᠭᠠᠯᠢᠭ ᠡᠳ᠋ ᠢ᠋ᠶ᠋ᠡᠷ ᠬᠢᠭᠰᠡᠨ ᠪᠣᠷᠣ ᠪᠠᠭᠠᠵᠠᠳᠠᠭᠤ ᠳᠡᠪᠡᠯ ᠡᠮᠦᠰᠴᠦ᠂ ᠳᠠᠩ ᠶᠡᠦᠳᠡᠨ ᠮᠠᠯᠠᠭᠠᠢ ᠬᠠᠰᠢ ᠶᠠᠰᠢᠬᠠᠨ ᠬᠠᠶᠠᠭᠰᠠᠨ ᠨᠢ ᠵᠠᠳᠠᠭᠠᠢ᠂ ᠪᠠᠰᠠ ᠬᠦ᠌ ᠲᠠᠩᠬᠠᠢᠳᠠᠭᠤ ᠪᠣᠯᠭᠠᠬᠤ ᠠᠭᠠᠳ ᠰᠣᠯᠣᠭᠠᠢ ᠲᠠᠰᠢᠶᠠᠨ ᠳ᠋ᠤᠨᠢ ᠬᠥᠨᠳᠡᠯᠢᠳᠬᠦ ᠮᠥᠩᠭᠥᠨ ᠲᠣᠨᠣᠭ ᠲᠠᠢ ᠭᠠᠩ ᠰᠡᠯᠡᠮ᠎ᠡ ᠯᠡ ᠭᠠᠭᠴᠠ ᠬᠢᠯᠠᠢᠬᠤ ᠶᠠᠭᠤᠮ᠎ᠠ ᠨᠢ ᠪᠠᠢᠪᠠᠴᠤ ᠡᠯᠳᠡᠪ ᠴᠢᠮᠡᠭ ᠦᠭᠡᠢᠯᠡᠭᠳᠡᠬᠦ ᠨᠢ ᠦᠭᠡᠢ ᠪᠠᠢᠭ᠎ᠠ ᠶ᠋ᠢ ᠪᠢᠴᠢᠬᠠᠨ ᠨᠣᠶᠠᠬᠠᠢ ᠨᠠᠷ ᠠᠩᠵᠠᠭᠠᠷᠠᠵᠤ ᠰᠦᠷ ᠶᠡᠬᠡ ᠯᠡ ᠳᠠᠷᠤᠭᠳᠠᠨ᠂ ᠪᠠᠬᠠᠨ ᠬᠤᠯᠴᠢᠢᠵᠤ ᠠᠮᠠ ᠠᠮᠠᠨ ᠳ᠋ᠠᠭᠠᠨ᠂ 
       — ᠠᠢᠰᠤᠢ᠁ ᠭᠡᠵᠦ ᠱᠤᠯᠤᠭᠠᠨᠠᠯᠳᠤᠪᠠ᠃ 
       ᠮᠥᠨᠥᠬᠢ ᠡᠷ᠎ᠡ ᠵᠠᠯᠠᠭᠤ ᠪᠦᠷᠭᠦᠳ ᠦ᠋ᠨ ᠬᠤᠷᠴᠠ ᠬᠠᠷᠠᠴᠠ ᠪᠠᠷ ᠠᠯᠤᠰ ᠤ᠋ᠨ ᠬᠥᠬᠡ ᠠᠭᠤᠯᠠᠰ ᠢ᠋ ᠨᠢᠭᠡᠨᠲᠡ ᠨᠡᠪᠲᠡ ᠰᠢᠪᠲᠤ ᠰᠢᠷᠲᠡᠭᠰᠡᠨ ᠢ᠋ᠶ᠋ᠡᠨ᠂ 
       — ᠲᠡᠢᠮᠦ ᠪᠠᠢᠨ᠎ᠠ᠂ ᠪᠦᠷᠢᠶ᠎ᠡ ᠲᠠᠲᠠᠭᠤᠯᠤᠶ᠎ᠠ ᠭᠡᠵᠦ ᠬᠥᠪᠡᠭᠦᠳ ᠲᠦ᠍ ᠪᠤᠰᠤ ᠥᠪᠡᠷ ᠲᠡᠭᠡᠨ ᠬᠡᠯᠡᠭᠡᠳ ᠡᠷᠭᠢᠨ ᠠᠯᠬᠤᠬᠤ ᠳ᠋ᠤ᠌ ᠳᠠᠯᠤ ᠮᠥᠷᠥ ᠪᠡᠨ ᠳᠠᠭᠠᠵᠤ ᠤᠨᠵᠢᠭᠰᠠᠨ ᠪᠦᠳᠦᠭᠦᠨ ᠬᠠᠷ᠎ᠠ ᠭᠡᠵᠢᠭᠡᠨ ᠦ᠌ ᠦᠵᠦᠭᠦᠷ ᠲᠡᠬᠢ ᠲᠣᠰᠣ ᠳᠠᠭᠠᠭᠠᠭᠰᠠᠨ ᠲᠥᠭᠡ ᠬᠠᠷ᠎ᠠ ᠰᠤᠷ ᠰᠤᠭᠰᠤᠷᠤᠨ ᠰᠤᠭᠰᠤᠷᠤᠨ ᠣᠳᠪᠠᠢ᠃ ᠡᠨᠡ ᠬᠢᠷᠢ ᠠᠯᠮᠠᠢᠷᠠᠨ ᠦᠯᠡᠳᠡᠭᠰᠡᠨ ᠨᠠᠢ᠍ᠮᠠᠨ ᠤ᠋ ᠢᠨᠠᠨᠴᠢ ᠪᠢᠯᠭᠡ ᠬᠠᠨ ᠤ᠋ ᠨᠤᠭᠤᠨ ᠦᠷ᠎ᠡ ᠪᠠᠢᠪᠣᠺᠠ ᠳᠠᠶᠠᠨ ᠤ᠋ ᠬᠢᠮᠡᠯ ᠢᠨᠢᠶᠡᠮᠰᠦᠭᠯᠡᠯ᠂ ᠭᠤᠷᠪᠠᠨ ᠮᠡᠷᠭᠢᠳ ᠦ᠋ᠨ ᠳᠣᠲᠣᠷ᠎ᠠ ᠪᠢᠯᠭᠡ ᠴᠢᠬᠢᠨ(Tudur—bilge chigin) ᠤ ᠬᠦᠦ ᠲᠣᠭᠲᠤᠭ᠎ᠠ ᠪᠡᠬᠢ ᠶ᠋ᠢᠨ ᠮᠥᠴᠡᠭᠡ ᠪᠡᠨ ᠥᠭᠬᠦ ᠦᠭᠡᠢ ᠬᠡᠪᠯᠡᠭᠦᠦ ᠵᠠᠩ᠂ ᠥᠨᠥᠴᠢᠨ ᠬᠡᠷᠡᠢᠳ ᠦ᠋ᠨ ᠦᠶ᠎ᠡ ᠵᠠᠯᠭᠠᠬᠤ ᠪᠣᠶᠣᠭ ᠬᠤᠷᠵᠠᠬᠤᠰ ᠤ᠋ᠨ ᠲᠣᠭᠣᠷᠢᠯ ᠬᠥᠪᠡᠭᠦᠨ ᠦ᠌ ᠵᠣᠪᠠᠨᠢᠯ ᠲᠦᠭᠰᠢᠯ ᠪᠦᠭᠦᠳᠡ ᠠᠷᠢᠯᠵᠤ᠂ ᠶᠠᠭᠠᠬᠢᠰᠬᠢᠵᠤ ᠡᠨᠡ ᠮᠡᠲᠦ ᠨᠢᠳᠦ ᠳᠦᠭᠦᠷᠡᠩ ᠰᠠᠢᠬᠠᠨ ᠡᠷ᠎ᠡ ᠪᠣᠯᠤᠶ᠎ᠠ ᠳᠠ ᠭᠡᠮᠡᠨ ᠲᠩᠷᠢᠯᠢᠭ ᠨᠢᠭᠡᠨ ᠬᠦᠰᠡᠯ ᠳ᠋ᠦ᠍ ᠵᠡᠷᠭᠡ ᠠᠪᠲᠠᠨ ᠦᠯᠡᠳᠡᠪᠡᠢ᠃ 
       — ᠬᠡᠨ ᠭᠡᠳᠡᠭ ᠨᠣᠶᠠᠨ ᠪᠣᠢ? 
       — ᠬᠠᠪᠤᠯ ᠬᠠᠭᠠᠨ ᠤ᠋ ᠵᠢᠭᠡ ᠭᠡᠯᠴᠡᠳᠡᠭ ᠪᠢᠯᠡ᠃ 
       — ᠬᠡᠨ ᠦ᠌ ᠬᠢᠨᠢ ᠬᠦᠦ ᠬᠡᠨ ᠭᠡᠳᠡᠭ ᠨᠢ ᠶᠦᠮ ᠪᠣᠯ? 
       — ᠪᠠᠷᠠᠳᠠᠨᠪᠠᠭᠠᠲᠤᠷ ᠤ᠋ᠨ ᠬᠥᠪᠡᠭᠦᠨ ᠶᠢᠰᠦᠭᠡᠢ ᠭᠡᠳᠡᠭ ᠴᠢᠨᠢ ᠪᠢᠰᠢ ᠤᠤ? 
       — ᠬᠠᠷᠪᠤᠬᠤ ᠨᠠᠮᠨᠠᠬᠤ ᠳ᠋ᠠᠭᠠᠨ ᠬᠡᠴᠡᠭᠦᠦ ᠭᠡᠯᠴᠡᠭᠰᠡᠨ᠁ ᠭᠡᠮᠡᠨ ᠪᠡᠶ᠎ᠡ ᠪᠡᠶ᠎ᠡ ᠡᠴᠡ ᠪᠡᠨ ᠢᠯᠡᠭᠦᠦ ᠮᠡᠳᠡᠳᠡᠭ᠂ ᠲᠠᠨᠢᠳᠠᠭ ᠢ᠋ᠶ᠋ᠠᠨ ᠦᠵᠡᠭᠦᠯᠬᠦ ᠭᠡᠵᠦ ᠠᠮᠠ ᠪᠤᠯᠢᠶᠠᠯᠳᠤᠨ ᠱᠤᠯᠤᠭᠠᠨᠠᠯᠳᠤᠭᠰᠠᠭᠠᠷ ᠬᠣᠴᠣᠷᠴᠤ ᠠᠪᠠᠢ᠃ 

                
       ᠪᠦᠷᠢᠳᠦ ᠶ᠋ᠢᠨ ᠵᠠᠬ᠎ᠠ ᠳ᠋ᠤ᠌ ᠪᠥᠷᠲᠥᠯᠵᠡᠨ ᠲᠣᠭᠯᠠᠭᠴᠢ ᠨᠢᠯᠬᠠᠰ ᠢ᠋ ᠪᠢᠰᠢᠷᠡᠭᠦᠯᠦᠭᠰᠡᠨ ᠮᠥᠨᠥᠬᠢ ᠡᠷ᠎ᠡ ᠴᠢᠨᠢ ᠲᠣᠯᠣᠭᠠᠢ ᠶ᠋ᠢᠨ ᠬᠠᠷᠰᠢ ᠤᠷᠤᠭᠤ ᠶᠠᠭᠠᠷᠠᠤ ᠠᠯᠬᠤᠵᠤ ᠶᠠᠪᠤᠯ᠎ᠠ᠃ ᠶᠢᠰᠦᠭᠡᠢ ᠡᠨᠡ ᠬᠢᠷᠢ ᠨᠠᠰᠤ ᠠᠷᠪᠠᠨ ᠭᠤᠷᠪᠠ᠂ ᠳᠥᠷᠪᠡ ᠣᠷᠴᠢᠮ ᠴᠤ᠌ ᠨᠢᠷᠤᠭᠤ ᠥᠨᠳᠥᠷ᠂ ᠮᠥᠷᠥ ᠬᠠᠩᠬᠠᠷ ᠲᠤᠯᠠ ᠲᠣᠮᠣ ᠡᠷ᠎ᠡ ᠮᠡᠲᠦ ᠬᠠᠷᠠᠭᠳᠠᠨ᠎ᠠ᠃ ᠡᠨᠡ ᠴᠠᠭ ᠤ᠋ᠨ ᠦᠢᠮᠡᠭᠡᠨ ᠰᠠᠮᠠᠭᠤᠨ ᠲᠡᠭᠦᠨ ᠡᠴᠡ ᠲᠣᠭᠯᠠᠵᠤ ᠨᠠᠭᠠᠳᠬᠤ ᠨᠠᠰᠤ ᠶ᠋ᠢ ᠨᠢ ᠬᠠᠷᠠᠮᠨᠠᠨ ᠬᠠᠰᠤᠵᠤ ᠡᠷᠲᠡ ᠬᠡᠷᠰᠡᠦᠵᠢᠨ᠂ ᠤᠬᠠᠭᠠᠨ ᠵᠠᠳᠠᠷᠠᠵᠤ ᠪᠢᠯᠡ᠃ ᠶᠡᠷᠦ ᠡᠭᠦᠨ ᠳ᠋ᠦ᠍ ᠮᠠᠭᠤ ᠶᠠᠭᠤᠮ᠎ᠠ ᠪᠠᠢᠭᠰᠠᠨ ᠦᠭᠡᠢ᠃ 
       ᠬᠠᠭᠤᠴᠢᠨ ᠰᠠᠮᠪᠠᠢ ᠮᠡᠲᠦ ᠰᠡᠮᠡᠷᠡᠨ ᠬᠡᠢᠰᠬᠦ ᠵᠡᠷᠭᠡᠯᠭᠡ ᠲᠤᠭᠤᠯᠤᠨ ᠶᠡᠬᠡ ᠬᠥᠰᠬᠡ ᠶ᠋ᠢᠨ ᠪᠠᠷ᠎ᠠ ᠪᠦᠷ ᠨᠠᠭᠠᠰᠢᠯᠠᠵᠠᠢ᠃ ᠠᠯᠤᠰ ᠤ᠋ᠨ ᠲᠡᠢᠨ ᠳ᠋ᠦ᠍ ᠮᠣᠷᠳᠠᠭᠰᠠᠨ ᠬᠦᠦ ᠪᠡᠨ ᠲᠤᠰᠬᠤ ᠭᠡᠵᠦ ᠠᠮᠲᠠ ᠲᠠᠢ ᠰᠢᠮ᠎ᠡ ᠲᠡᠢ ᠪᠦᠭᠦᠳᠡ ᠪᠡᠨ ᠬᠠᠮᠤᠵᠤ ᠰᠢᠮᠡᠵᠦ ᠭᠠᠨᠵᠤᠭᠠᠯᠠᠭᠰᠠᠨ ᠡᠪᠦᠭᠡᠳ ᠡᠮᠡᠭᠡᠳ ᠦ᠋ᠨ ᠤᠰᠤ ᠭᠦᠶᠦᠯᠭᠡᠨᠡᠭᠰᠡᠨ ᠨᠢᠳᠦᠨ ᠳ᠋ᠦ᠍ ᠬᠦᠷᠲᠡᠯ᠎ᠡ ᠲᠣᠳᠣᠷᠠᠪᠠ ᠪᠣᠯᠤᠯᠲᠠᠢ᠂ ᠰᠠᠭᠤᠳᠠᠯ ᠳᠡᠭᠡᠷ᠎ᠡ ᠪᠡᠨ ᠥᠨᠳᠡᠯᠵᠡᠪᠡ᠃ ᠶᠡᠷᠦ ᠪᠦᠷᠢᠳᠦᠨ ᠦ᠌ ᠬᠥᠯ᠂ ᠳᠡᠷᠡᠰᠦᠨ ᠦ᠌ ᠬᠣᠷᠮᠣᠢ ᠪᠠᠷᠠᠳᠠᠨ ᠪᠠᠭᠠᠷᠴᠤᠭᠯᠠᠵᠤ᠂ ᠨᠠᠮᠬᠠᠨ ᠲᠤᠯᠤᠭᠠᠳ ᠤ᠋ᠨ ᠡᠩᠭᠡᠷ ᠪᠦᠷᠬᠦᠨ ᠪᠠᠭᠤᠭᠰᠠᠨ ᠬᠠᠮᠤᠭ ᠮᠣᠩᠭᠣᠯ ᠤ᠋ᠨ ᠪᠣᠭᠣᠯ ᠶᠠᠳᠠᠭᠤᠰ ᠤ᠋ᠨ ᠬᠦᠷᠢᠶ᠎ᠡ ᠬᠥᠳᠡᠯᠭᠡᠭᠡᠨ ᠣᠷᠣᠵᠠᠢ᠃ 
       ᠬᠠᠪᠤᠯ ᠬᠠᠭᠠᠨ ᠤ᠋ ᠠᠯᠪᠠᠲᠤ ᠨᠤᠭᠤᠳ ᠡᠢᠨ ᠴᠤᠭᠯᠠᠳᠠᠭ ᠨᠢ ᠴᠦ᠍ ᠪᠠᠰᠠ ᠠᠷᠭ᠎ᠠ ᠦᠭᠡᠢ ᠰᠠᠨᠵᠠᠢ᠃ ᠶᠡᠬᠡ ᠺᠢᠳᠠᠨ ᠭᠦᠷᠦᠨ ᠦ᠌ ᠵᠣᠪᠬᠢ ᠨᠢ ᠥᠭᠡᠳᠡ ᠪᠡᠨ ᠶᠠᠪᠤᠭᠰᠠᠨ ᠣᠨ ᠵᠢᠯ ᠦ᠋ᠳ ᠳᠣᠮᠣᠭ ᠪᠣᠯᠪᠠ᠃ ᠨᠢᠭᠡ ᠲᠠᠯ᠎ᠠ ᠠ᠋ᠴᠠ ᠠᠯᠲᠠᠨ ᠤᠯᠤᠰ᠂ ᠨᠥᠭᠦᠭᠡ ᠲᠠᠯ᠎ᠠ ᠠ᠋ᠴᠠ ᠬᠢᠲᠠᠳ ᠤ᠋ᠨ ᠰᠥᠩ ᠤᠯᠤᠰ ᠨᠣᠴᠣᠵᠤ ᠨᠣᠣᠯᠠᠨ ᠶᠡᠬᠡ ᠭᠦᠷᠦᠨ ᠢ᠋ ᠲᠠᠮᠢᠷᠳᠠᠭᠤᠯᠤᠭᠰᠠᠨ ᠪᠢᠯᠡ᠃ ᠨᠢᠳᠤᠨᠤᠨ ᠡᠪᠦᠯ ᠲᠢᠶᠠᠨᠴᠣᠣ ᠬᠠᠭᠠᠨ ᠤ᠋ ᠵᠠᠷᠯᠢᠭ ᠳᠠᠭᠠᠵᠤ ᠬᠠᠪᠤᠯ ᠬᠠᠭᠠᠨ ᠲᠠᠪᠢᠨ ᠮᠢᠩᠭᠠᠲᠤ ᠭᠠᠷᠭᠠᠨ ᠢᠯᠡᠭᠡᠵᠦ ᠲᠤᠰᠠ ᠶ᠋ᠢ ᠦᠵᠡᠭᠦᠯᠦᠭᠰᠡᠨ ᠨᠢ ᠪᠣᠢ᠃ ᠶᠧᠯᠢᠦᠢ ᠣᠪᠣᠭᠲᠠᠨ ᠰᠡᠨᠳᠡᠢ ᠡᠵᠡᠩᠨᠡᠭᠰᠡᠨ ᠲᠡᠷᠲᠡᠭᠡ ᠣᠨ ᠵᠢᠯ ᠦ᠋ᠳ ᠡᠴᠡ ᠨᠠᠭᠠᠰᠢ ᠵᠦ᠋ᠪᠦ᠋ ᠠᠷᠪᠠᠨ ᠨᠠᠢ᠍ᠮᠠᠨ ᠠᠢᠮᠠᠭ ᠭᠡᠭᠳᠡᠨ ᠺᠢᠳᠠᠨ ᠭᠦᠷᠦᠨ ᠳ᠋ᠦ᠍ ᠠᠯᠪᠠ ᠲᠠᠲᠠᠪᠤᠷᠢ ᠡᠷᠭᠦᠭᠰᠡᠭᠡᠷ ᠡᠳᠦᠢ ᠬᠦᠷᠦᠭᠰᠡᠨ ᠠᠪᠠᠢ᠃ ᠡᠭᠦᠨ ᠳ᠋ᠡᠭᠡᠨ ᠦᠰ ᠰᠠᠨᠠᠵᠤ ᠰᠢᠳᠦ ᠵᠠᠭᠤᠨ ᠬᠡᠷᠡᠢᠳ ᠮᠡᠲᠦ ᠭᠡᠳᠡᠢᠵᠦ᠂ ᠨᠠᠢ᠍ᠮᠠᠨ ᠮᠡᠲᠦ ᠴᠠᠩᠬᠠᠢᠵᠤ ᠲᠢᠶᠠᠨᠴᠣᠣ ᠬᠠᠭᠠᠨ ᠤ᠋ ᠵᠠᠷᠯᠢᠭ ᠢ᠋ ᠦᠯᠦ ᠬᠡᠷᠡᠭᠰᠡᠵᠦ ᠪᠣᠯᠬᠤ ᠪᠠᠢᠪᠠ᠃ ᠭᠡᠪᠡᠴᠦ ᠤᠯᠤᠰ ᠬᠡᠮᠡᠭᠴᠢ ᠬᠥᠮᠦᠨ ᠲᠠᠢ ᠯᠠ ᠠᠳᠠᠯᠢ ᠮᠠᠨᠳᠤᠬᠤ ᠪᠠᠭᠤᠷᠠᠬᠤ ᠶ᠋ᠢᠨ ᠣᠷᠴᠢᠯ ᠳ᠋ᠤ᠌ ᠡᠷᠭᠢᠬᠦ ᠲᠤᠯᠠ ᠶᠠᠳᠠᠷᠠᠭᠰᠠᠨ ᠴᠠᠭ ᠲᠤᠨᠢ ᠨᠠᠷᠮᠠᠨ ᠢᠰᠬᠦᠯᠦᠭᠡᠳ ᠶᠠᠭᠠᠬᠢᠬᠤ ᠪᠣᠢ ᠭᠡᠮᠡᠨ ᠰᠠᠨᠠᠵᠤ ᠬᠠᠮᠤᠭ ᠮᠣᠩᠭᠣᠯ ᠢ᠋ ᠵᠠᠬᠢᠷᠤᠨ ᠰᠠᠭᠤᠭᠴᠢ ᠬᠠᠪᠤᠯ ᠬᠠᠭᠠᠨ ᠥᠪᠡᠷ ᠦ᠋ᠨ ᠬᠠᠷᠢᠶᠠᠲᠤ ᠠ᠋ᠴᠠ ᠴᠡᠴᠡᠭ ᠴᠥᠪᠥᠷᠢᠭᠦᠦ ᠰᠢᠭ ᠲᠠᠪᠢᠨ ᠲᠡᠭᠰᠢ ᠮᠢᠩᠭᠠᠲᠤ ᠪᠦᠷᠢᠳᠦᠭᠦᠯᠵᠦ᠂ ᠲᠦᠮᠡᠲᠦ ᠪᠦᠷᠢ ᠶ᠋ᠢᠨ ᠨᠣᠶᠠᠳ ᠢ᠋ᠶ᠋ᠠᠷ ᠥᠪᠡᠷ ᠦ᠋ᠨ ᠠᠮᠢᠨ ᠰᠦᠨᠡᠰᠦ ᠬᠥᠪᠡᠭᠦᠳ ᠢ᠋ᠶ᠋ᠡᠨ ᠢᠯᠡᠭᠡᠭᠰᠡᠨ ᠨᠢ ᠪᠣᠢ᠃ ᠲᠡᠷᠡ ᠪᠡᠷ ᠬᠦᠦ ᠪᠡᠨ ᠠᠯᠳᠠᠭᠰᠠᠨ ᠡᠴᠢᠭᠡ ᠶ᠋ᠢᠨ ᠰᠡᠳᠬᠢᠯ ᠢ᠋ ᠬᠣᠢᠰᠢ ᠨᠢ ᠲᠠᠯᠪᠢᠵᠤ᠂ ᠠᠯᠤᠰ ᠢ᠋ ᠪᠣᠳᠣᠭᠰᠠᠨ ᠬᠠᠭᠠᠨ ᠤ᠋ ᠤᠬᠠᠭᠠᠨ ᠵᠢᠭᠠᠨ᠂  
       — ᠬᠠᠲᠠᠭᠠᠨ ᠬᠦᠦ ᠳ᠋ᠡᠭᠡᠨ ᠬᠠᠷᠠᠮᠰᠠᠪᠠᠴᠤ ᠪᠠᠷᠠᠰᠢ ᠦᠭᠡᠢ ᠪᠢᠯᠡ᠃ ᠭᠡᠪᠡᠴᠦ ᠥᠰᠢᠶ᠎ᠡ ᠶ᠋ᠢ ᠥᠰᠢᠶ᠎ᠡ ᠪᠡᠷ ᠲᠠᠢᠯᠳᠠᠭ ᠦᠭᠡᠢ ᠶᠦᠮ᠃ ᠲᠠᠲ᠋ᠠᠷ ᠲᠠᠢ ᠪᠤᠤ ᠥᠰᠢᠷᠬᠡ! ᠵᠦᠭᠡᠷ ᠯᠡ ᠺᠢᠳᠠᠨ ᠳ᠋ᠤ᠌ ᠲᠤᠰᠠᠯᠠ! ᠭᠡᠮᠡᠨ ᠮᠣᠷᠳᠠᠭᠤᠯᠵᠠᠢ᠃ ᠥᠬᠢᠨᠪᠠᠷᠠᠬᠠᠭ ᠲᠡᠷᠢᠭᠦᠯᠡᠵᠦ᠂ ᠪᠠᠷᠠᠳᠠᠨᠪᠠᠭᠠᠲᠤᠷ ᠤᠳᠠᠭᠠᠯᠠᠵᠤ᠂ ᠬᠤᠲᠤᠭᠲᠤ ᠮᠣᠩᠬᠣᠷ ᠳᠠᠷᠠᠭᠠᠯᠠᠵᠤ᠂ ᠬᠣᠲᠠᠯᠠ᠂ ᠬᠤᠯᠠᠨ ᠬᠣᠶᠠᠷ ᠣᠳᠬᠣᠯᠠᠵᠤ(ᠤᠳᠬᠤᠨ) ᠶᠡᠬᠡ ᠴᠡᠷᠢᠭ ᠢ᠋ᠶ᠋ᠡᠨ ᠵᠠᠰᠠᠨ᠂ ᠲᠤᠭ ᠰᠦᠯᠳᠡ ᠪᠡᠨ ᠡᠷᠭᠦᠨ ᠵᠠᠮ ᠳ᠋ᠤ᠌ ᠭᠠᠷᠤᠭᠰᠠᠨ ᠠ᠋ᠴᠠ ᠬᠣᠢᠰᠢ ᠵᠢᠯ ᠭᠠᠷᠤᠢ ᠪᠣᠯᠵᠠᠢ᠃ ᠲᠡᠢᠨ ᠬᠠᠷᠠᠴᠤ ᠶᠠᠳᠠᠭᠤᠰ ᠤ᠋ᠨ ᠠᠳᠠᠯᠢ ᠴᠡᠷᠢᠭ ᠲᠦ᠍ ᠮᠣᠷᠳᠠᠭᠰᠠᠨ ᠦᠷ᠎ᠡ ᠳ᠋ᠡᠭᠡᠨ ᠰᠠᠨᠠᠭ᠎ᠠ ᠵᠣᠪᠠᠨᠢᠨ᠂ ᠬᠠᠪᠤᠯ ᠬᠠᠭᠠᠨ ᠴᠢᠨ ᠲᠣᠯᠣᠭᠠᠢ ᠶ᠋ᠢᠨ ᠶᠡᠬᠡ ᠬᠠᠷᠰᠢ ᠶ᠋ᠢᠨ ᠰᠠᠯᠬᠢᠨ ᠳᠡᠭᠡᠷ᠎ᠡ ᠪᠠᠷᠢᠭᠰᠠᠨ ᠬᠥᠯᠭᠡᠨ ᠠᠰᠠᠷ ᠤ᠋ᠨ ᠭᠠᠳᠠᠭ᠎ᠠ ᠡᠰᠦᠭ ᠰᠢᠮᠡᠵᠦ ᠰᠠᠭᠤᠪᠠ᠃ 
       — ᠬᠠᠭᠠᠨ ᠡᠪᠦᠭᠡ ᠳ᠋ᠦ᠍ ᠠᠢᠯᠠᠳᠬᠠᠯ ᠪᠠᠢᠨ᠎ᠠ᠁  
       ᠬᠠᠪᠤᠯ ᠠᠷᠠᠮᠠᠭ ᠲᠠᠷᠠᠮᠠᠭ ᠪᠤᠭᠤᠷᠤᠯ ᠰᠤᠷ ᠨᠢ ᠶᠡᠬᠡᠳᠡ ᠰᠦᠷ ᠨᠡᠮᠡᠭᠰᠡᠨ ᠥᠳᠬᠡᠨ ᠬᠥᠮᠥᠰᠬᠡ ᠪᠡᠨ ᠡᠷᠭᠦᠨ ᠬᠠᠷᠠᠵᠤ᠂ 
       — ᠶᠢᠰᠦᠭᠡᠢ ᠬᠦᠦ᠂ ᠴᠢ ᠶᠠᠭᠤ ᠦᠵᠡᠪᠡ? ᠭᠡᠬᠦ ᠳ᠋ᠦ᠍᠂  
       — ᠶᠧᠯᠢᠦᠢ ᠲᠡᠰᠢ ᠶ᠋ᠢᠨ ᠴᠡᠷᠢᠭ ᠠᠢᠰᠤᠢ ᠶ᠋ᠢ ᠦᠵᠡᠪᠡ ᠭᠡᠳ ᠴᠡᠭᠡᠵᠢ ᠳᠠᠷᠤᠨ ᠮᠡᠬᠦᠢᠬᠦ ᠳ᠋ᠦ᠍ ᠭᠦᠷᠦᠮᠡᠯ ᠭᠡᠵᠢᠭᠡ ᠰᠤᠨᠤᠢᠬᠰᠠᠨ ᠴᠢᠯᠡᠬᠡᠷ ᠨᠢᠷᠤᠭᠤ ᠶ᠋ᠢ ᠨᠢ ᠪᠠᠬᠠᠳᠤᠨ ᠬᠠᠷᠠᠵᠤ᠂ ᠡᠰᠦᠭ ᠢ᠋ᠶ᠋ᠡᠨ ᠲᠠᠯᠪᠢᠭᠠᠳ ᠨᠠᠮᠤᠷ ᠤ᠋ᠨ ᠭᠡᠭᠦᠨ ᠦ᠌ ᠲᠣᠰᠣ ᠨᠠᠭᠠᠯᠳᠤᠭᠰᠠᠨ ᠴᠠᠭᠠᠨ ᠰᠠᠬᠠᠯ ᠢ᠋ᠶ᠋ᠠᠨ ᠲᠠᠭᠠᠲᠠᠢᠶ᠎ᠠ ᠰᠢᠪᠲᠤᠷᠠᠭᠰᠠᠨ ᠢ᠋ᠶ᠋ᠠᠨ᠂  
       — ᠶᠧᠯᠢᠦᠢ ᠳᠠᠰᠢ ᠶ᠋ᠢᠨ ᠴᠡᠷᠢᠭ ᠭᠡᠵᠦ ᠳᠡ᠂ ᠥᠬᠢᠨᠪᠠᠷᠬᠠᠭ ᠠᠪᠠᠭ᠎ᠠ ᠶ᠋ᠢᠨ ᠴᠢᠨᠢ ᠠᠬᠠᠯᠠᠵᠤ ᠮᠣᠷᠳᠠᠭᠰᠠᠨ ᠴᠡᠷᠢᠭ ᠪᠢᠰᠢ ᠤᠤ᠃ ᠲᠡᠨᠳᠡ ᠴᠢᠨᠢ(ᠴᠢᠨᠦ)  ᠡᠴᠢᠭᠡ ᠪᠠᠷᠠᠳᠠᠨᠪᠠᠭᠠᠲᠤᠷ ᠪᠠᠰᠠ ᠶᠠᠪᠤᠭ᠎ᠠ ᠪᠢᠯᠡ ᠭᠡᠮᠡᠨ ᠰᠢᠷᠦᠭᠦᠯᠡᠬᠦ ᠳ᠋ᠦ᠍᠂ 
       — ᠬᠠᠭᠠᠨ ᠡᠪᠦᠭᠡ ᠮᠢᠨᠢ᠂ ᠢᠯᠠᠭᠳᠠᠭᠰᠠᠨ ᠴᠡᠷᠢᠭ ᠰᠢᠦ ᠳᠡ ᠭᠡᠯ᠎ᠡ᠃ ᠬᠠᠪᠤᠯ ᠳ᠋ᠤ᠌ ᠬᠡᠯᠡᠬᠦ ᠦᠭᠡ ᠣᠯᠳᠠᠭᠰᠠᠨ ᠦᠭᠡᠢ᠃ ᠳᠡᠮᠡᠢ ᠯᠡ ᠬᠣᠭᠣᠯᠠᠢ ᠵᠠᠰᠠᠨ᠂ ᠬᠦᠦ ᠶ᠋ᠢᠨ ᠲᠣᠯᠣᠭᠠᠢ ᠳᠡᠭᠡᠭᠦᠷ ᠠᠯᠤᠰ ᠢ᠋ ᠬᠠᠷᠠᠭᠰᠠᠨ ᠢ᠋ᠶ᠋ᠠᠨ᠂ 
       — ᠪᠦᠷᠢᠶ᠎ᠡ ᠲᠡᠳᠡ! ᠭᠡᠮᠡᠨ ᠵᠠᠷᠯᠢᠭ ᠪᠣᠯᠵᠠᠢ᠃  
       ᠴᠢᠨ ᠲᠣᠯᠣᠭᠠᠢ ᠶ᠋ᠢᠨ ᠡᠷᠭᠢᠨ ᠲᠣᠭᠣᠷᠢᠨ ᠳ᠋ᠤ᠌ ᠠᠢᠮᠠᠭ ᠠᠢᠮᠠᠭ ᠢ᠋ᠶ᠋ᠠᠷ ᠢ᠋ᠶ᠋ᠠᠨ ᠬᠦᠷᠢᠶ᠎ᠡ ᠡᠭᠦᠰᠬᠡᠨ ᠪᠠᠭᠤᠵᠤ ᠳᠣᠣᠷ᠎ᠠ ᠳᠣᠣᠷ᠎ᠠ ᠪᠠᠨ ᠭᠠᠯ ᠠᠰᠠᠭᠠᠨ ᠤᠲᠤᠭ᠎ᠠ ᠮᠠᠢ ᠪᠣᠯᠤᠨ ᠭᠦᠶᠦᠯᠳᠦᠪᠡᠴᠦ ᠲᠡᠳᠦᠢ ᠯᠡ ᠠᠨᠢᠷ ᠴᠢᠮᠡᠭᠡ ᠦᠭᠡᠢ ᠪᠠᠢᠭᠰᠠᠨ ᠶᠡᠬᠡ ᠲᠠᠯ᠎ᠠ ᠶ᠋ᠢᠨ ᠳᠡᠭᠡᠭᠦᠷ ᠬᠠᠭᠠᠨ ᠪᠦᠷᠢᠶᠡᠨ ᠦ᠌ ᠳᠠᠭᠤᠨ ᠴᠠᠷᠭᠢᠵᠤ᠂ ᠶᠡᠬᠡ ᠬᠡᠩᠭᠡᠷᠭᠡ ᠶ᠋ᠢᠨ ᠨᠢᠭᠡᠨ ᠭᠡᠮ ᠦ᠋ᠨ ᠨᠦᠷᠭᠢᠭᠡᠨ ᠬᠦᠩᠭᠢᠨᠡᠨ ᠪᠦᠭᠦᠳᠡ ᠶ᠋ᠢ ᠪᠤᠰᠬᠠᠪᠠ᠃ ᠬᠠᠮᠤᠭ ᠮᠣᠩᠭᠣᠯ ᠤ᠋ᠨ ᠬᠠᠰᠪᠤᠤ ᠰᠦᠯᠳᠡ ᠴᠢᠨ ᠲᠣᠯᠣᠭᠠᠢ ᠶ᠋ᠢᠨ ᠨᠠᠷᠠ ᠲᠤᠰᠬᠤ ᠡᠩᠭᠡᠷ ᠲᠦ᠍ ᠬᠡᠢ ᠮᠣᠷᠢ ᠶ᠋ᠢ ᠳᠡᠷᠪᠡᠭᠡᠬᠦ ᠳ᠋ᠦ᠍ ᠵᠡᠭᠦᠨ ᠬᠣᠩᠭᠢᠷᠠᠳ ᠤ᠋ᠨ ᠴᠠᠭᠠᠨ ᠱᠣᠩᠬᠣᠷᠲᠤ ᠲᠠᠲ᠋ᠠᠷ ᠳᠡᠷᠪᠡᠵᠦ᠂ ᠪᠠᠷᠠᠭᠤᠨ᠎ᠠ ᠭᠤᠷᠪᠠᠨ ᠮᠡᠷᠭᠢᠳ ᠦ᠋ᠨ ᠠᠷᠰᠯᠠᠨ ᠬᠦᠷᠬᠢᠷᠡᠵᠦ᠂ ᠲᠡᠭᠦᠨ ᠦ᠌ ᠴᠠᠭᠠᠳᠤ ᠡᠩᠭᠡᠷ ᠡᠴᠡ ᠬᠡᠷᠡᠢᠳ ᠦ᠋ᠨ ᠰᠦᠯᠳᠡ ᠴᠠᠭᠠᠨ ᠠᠵᠢᠷᠭ᠎ᠠ ᠢᠨᠴᠠᠭᠠᠬᠤ ᠰᠢᠭ᠋ ᠪᠣᠯᠵᠤ᠂ ᠵᠦ᠋ᠪᠦ᠋ ᠠᠷᠪᠠᠨ ᠨᠠᠢ᠍ᠮᠠᠨ ᠠᠢᠮᠠᠭ ᠤ᠋ᠨ ᠶᠡᠬᠡ ᠬᠦᠷᠢᠶ᠎ᠡ ᠬᠥᠯ ᠳᠡᠭᠡᠷ᠎ᠡ ᠪᠡᠨ ᠬᠣᠷᠣᠮᠬᠠᠨ ᠪᠣᠰᠤᠯ᠎ᠠ᠃  
       ᠡᠨᠡ ᠬᠢᠷᠢ ᠵᠡᠷᠭᠡᠯᠭᠡ ᠰᠡᠮᠡᠯᠦᠨ ᠨᠠᠭᠠᠰᠢᠯᠠᠵᠤ ᠠᠭᠰᠠᠨ ᠲᠠᠤᠯᠠᠢ ᠶ᠋ᠢᠨ ᠴᠢᠨᠡᠭᠡᠨ ᠬᠠᠷ᠎ᠠ ᠪᠠᠷ᠎ᠠ ᠠᠭᠤᠯᠠ ᠶ᠋ᠢ ᠪᠦᠷᠬᠦᠨ ᠠᠰᠬᠠᠷᠠᠵᠤ᠂ ᠲᠠᠯ᠎ᠠ ᠶ᠋ᠢᠨ ᠡᠩ ᠢ᠋ᠶ᠋ᠡᠷ ᠨᠢᠭᠡ ᠴᠢᠳᠬᠤᠨ ᠣᠷᠣᠵᠤ ᠢᠷᠡᠬᠦ ᠳ᠋ᠦ᠍ ᠬᠡᠯᠲᠦᠷᠢᠨ ᠲᠣᠭᠣᠰᠣ ᠨᠢ ᠲᠩᠷᠢ ᠬᠤᠷᠮᠤᠰᠲᠠ ᠶ᠋ᠢ ᠪᠦᠷᠬᠦᠵᠦ ᠮᠠᠨᠠᠷᠠᠬᠤ ᠠᠪᠠᠢ᠃ ᠡᠨᠡ ᠶᠡᠬᠡ ᠬᠥᠯ ᠬᠥᠳᠡᠯᠭᠡᠭᠡᠨ ᠮᠥᠨᠥᠬᠢ ᠪᠢᠴᠢᠬᠠᠨ ᠨᠣᠶᠠᠳ ᠤ᠋ᠨ ᠳᠡᠭᠳᠡᠯᠡᠵᠦ ᠳᠡᠪᠡᠯᠵᠡᠭᠰᠡᠨ ᠰᠡᠳᠬᠢᠯ ᠢ᠋ ᠪᠦᠷ ᠴᠦ᠍ ᠬᠥᠭᠡᠷᠭᠡᠳᠡᠵᠦ ᠪᠤᠰᠢᠭᠤᠬᠠᠨ ᠲᠣᠮᠣ ᠪᠣᠯᠬᠤ ᠶ᠋ᠢᠨ ᠬᠦᠰᠡᠯ ᠢ᠋ ᠪᠠᠳᠠᠷᠠᠭᠠᠭᠰᠠᠨ ᠨᠢ ᠪᠣᠢ᠃ ᠲᠣᠭᠲᠣᠭ᠎ᠠ ᠪᠡᠬᠢ ᠶ᠋ᠢᠨ ᠨᠢᠳᠦᠨ ᠳ᠋ᠦ᠍ ᠣᠴᠢ ᠦᠰᠦᠷᠴᠦ᠂ 
       一 ᠢᠩᠭᠢᠭᠡᠳ ᠪᠠᠢᠯᠳᠤᠳᠠᠭ ᠪᠣᠯ ᠮᠥᠨ ᠭᠣᠶᠣ ᠠ᠋ ᠭᠡᠪᠡᠯ ᠲᠣᠭᠣᠷᠢᠯ ᠮᠥᠷᠥ ᠤᠷᠤᠭᠤ ᠨᠢ ᠠᠶᠠᠷᠬᠠᠨ ᠨᠢᠳᠤᠷᠴᠤ᠂ 
       一 ᠶᠠᠭᠤ ᠶᠠᠷᠢᠨ᠎ᠠ᠂ ᠪᠡᠬᠢ! ᠡᠨᠡ ᠲᠡᠢᠨ ᠡᠴᠡ ᠬᠡᠳᠦ ᠨᠢ ᠡᠷᠭᠢᠵᠦ ᠢᠷᠡᠭᠰᠡᠨ ᠢ᠋ ᠬᠡᠨ ᠮᠡᠳᠡᠨ᠎ᠡ ᠭᠡᠮᠡᠨ ᠵᠢᠮᠡᠯᠡᠭᠰᠡᠨ ᠨᠢ ᠶᠠᠭᠠᠬᠢᠪᠠᠴᠤ ᠥᠪᠡᠷ ᠦ᠋ᠨ ᠬᠢᠨᠢ ᠦᠭᠡ ᠪᠢᠰᠢ ᠠᠭᠠᠳ ᠬᠣᠷᠴᠠᠬᠤᠰ ᠪᠣᠶᠣᠷᠤᠭ ᠤ᠋ᠨ ᠶᠡᠬᠡ ᠬᠠᠲᠤᠨ ᠢᠯᠮ᠎ᠠ ᠢᠵᠢᠢ ᠶ᠋ᠢᠨ ᠦᠭᠡ ᠪᠢᠵᠡ᠃  
       ᠶᠡᠷᠦ ᠡᠷᠲᠡ ᠶ᠋ᠢᠨ ᠢᠵᠠᠭᠤᠷᠲᠠᠨ ᠳᠡᠭᠡᠳᠦᠰ ᠤᠳᠤᠮ ᠵᠠᠯᠭᠠᠬᠤ ᠨᠤᠭᠤᠨ ᠦᠷ᠎ᠡ ᠪᠡᠨ ᠡᠨᠡ ᠮᠡᠲᠦ ᠪᠠᠭ᠎ᠠ ᠠ᠋ᠴᠠ ᠨᠢ ᠬᠡᠷᠰᠡᠦ ᠤᠬᠠᠭᠠᠨ ᠰᠠᠭᠤᠯᠭᠠᠭᠰᠠᠨ ᠨᠢ ᠲᠣᠭᠯᠠᠬᠤ ᠵᠠᠪ᠂ ᠭᠡᠨᠡᠨ ᠰᠡᠳᠬᠢᠯ ᠦ᠋ᠨ ᠤᠯᠠᠷᠢᠯ ᠪᠠᠭ᠎ᠠ ᠦᠵᠡᠭᠦᠯᠵᠦ ᠪᠢᠯᠡ᠃ 
       ᠶᠡᠬᠡ ᠳᠦᠢᠷᠡᠨ ᠳᠠᠭᠠᠭᠤᠯᠤᠭᠰᠠᠨ ᠬᠥᠮᠦᠨ ᠦ᠌ ᠤᠷᠤᠰᠬᠠᠯ ᠶᠠᠭᠤ ᠶᠠᠭᠤ ᠦᠭᠡᠢ ᠬᠥᠮᠥᠷᠢᠨ ᠣᠷᠣᠵᠤ ᠢᠷᠡᠵᠦ᠂ ᠠᠶᠠᠨᠰᠢᠭᠰᠠᠨ ᠮᠣᠷᠢᠳ ᠤ᠋ᠨ ᠬᠥᠯᠥᠰᠥᠨ ᠦ᠌ ᠦᠨᠦᠷ ᠰᠠᠯᠬᠢᠨ ᠤ᠋ ᠦᠵᠦᠭᠦᠷ ᠲᠦ᠍ ᠬᠠᠩᠬᠤᠯᠬᠤ ᠶ᠋ᠢ ᠲᠠᠭᠠᠲᠠᠢᠶ᠎ᠠ ᠮᠡᠳᠡᠷᠡᠨ ᠪᠠᠢᠲᠠᠯ᠎ᠠ᠂ 
       一 ᠵᠢᠭᠠᠯ ᠲᠠᠨ ᠢ᠋ ᠢᠯᠢᠵᠡᠨ ᠢᠷ᠎ᠡ ᠬᠡᠮᠡᠪᠡ ᠭᠡᠬᠦ ᠰᠣᠨᠣᠰᠳᠠᠵᠤ ᠮᠡᠷᠭᠢᠳ ᠦ᠋ᠨ ᠲᠣᠭᠲᠣᠭ᠎ᠠ ᠪᠡᠬᠢ ᠶ᠋ᠢ ᠬᠡᠰᠢᠭᠲᠡᠨ ᠪᠠᠭᠠᠲᠤᠷ ᠳᠡᠭᠦᠷᠦᠭᠡᠳ ᠳᠠᠪᠬᠢᠵᠤ ᠣᠳᠪᠠ᠃ ᠳᠠᠷᠠᠭ᠎ᠠ ᠬᠠᠮᠢᠭ᠎ᠠ᠂ ᠬᠡᠷᠬᠢᠨ ᠠᠭᠤᠯᠵᠠᠬᠤ ᠶ᠋ᠢ ᠪᠤᠷᠬᠠᠨ ᠯᠠ ᠮᠡᠳᠡᠬᠦ ᠠᠵᠤᠭᠤ᠃  
       ᠬᠣᠶᠠᠷ ᠬᠦᠦ ᠮᠣᠷᠢᠳ ᠤ᠋ᠨ ᠬᠥᠯ ᠦ᠋ᠨ ᠲᠣᠭᠣᠰᠣᠨ ᠳ᠋ᠤ᠌ ᠳᠠᠷᠤᠭᠳᠠᠨ᠂ ᠣᠯᠠᠨ ᠤ᠋ ᠱᠤᠤᠭᠢᠶᠠᠨ ᠳ᠋ᠤ᠌ ᠳᠥᠵᠢᠷᠡᠨ ᠪᠠᠢᠲᠠᠯ᠎ᠠ ᠡᠭᠦᠷ ᠢ᠋ᠶ᠋ᠡᠨ ᠡᠪᠳᠡᠭᠦᠯᠦᠭᠰᠡᠨ ᠰᠢᠷᠭᠤᠯᠵᠢ ᠰᠢᠭ᠋ ᠪᠤᠵᠢᠭᠢᠨᠠᠭᠰᠠᠨ ᠲᠦᠮᠡᠨ ᠢ᠋ ᠬᠠᠭ᠎ᠠ ᠢᠷᠡᠨ ᠬᠢᠯᠢᠩ ᠬᠠᠷ᠎ᠠ ᠮᠣᠷᠢᠲᠠᠢ᠂ ᠪᠠᠷᠰ ᠤ᠋ᠨ ᠠᠷᠠᠰᠤᠨ ᠬᠡᠪᠡᠨᠡᠭ ᠲᠡᠢ ᠡᠷ᠎ᠡ ᠳᠤᠮᠳᠠ ᠶ᠋ᠢᠨ ᠨᠠᠰᠤᠨ ᠤ᠋ ᠵᠠᠩᠵᠤᠨ ᠭᠠᠷᠴᠤ ᠢᠷᠡᠭᠰᠡᠨ ᠨᠢ ᠪᠦᠬᠦᠨ ᠢ᠋ ᠮᠠᠷᠲᠠᠭᠤᠯᠪᠠ᠃ ᠠᠯᠮᠠᠩ ᠰᠦᠬᠡ ᠮᠡᠲᠦ ᠵᠤᠤᠪᠠᠩ ᠤᠯᠠᠭᠠᠨ ᠨᠢᠭᠤᠷ ᠲᠠᠢ᠂ ᠲᠣᠮᠣ ᠬᠢᠩᠭᠠᠨ ᠬᠠᠮᠠᠷ ᠤ᠋ᠨ ᠭᠦᠨ ᠳ᠋ᠦ᠍ ᠰᠢᠭᠢᠳᠦᠭᠰᠡᠨ ᠲᠣᠭᠰᠢᠨ ᠨᠣᠭᠣᠭᠠᠨ ᠨᠢᠳᠦ ᠲᠡᠢ ᠲᠡᠷᠡ ᠪᠡᠷ ᠴᠢᠰᠤ ᠪᠣᠯᠤᠭᠰᠠᠨ ᠬᠤᠢ ᠦᠭᠡᠢ ᠢᠯᠳᠦ ᠲᠠᠰᠢᠶᠠᠨ ᠳ᠋ᠠᠭᠠᠨ ᠰᠤᠯᠠ ᠤᠨᠵᠢᠭᠤᠯᠵᠤ᠂ ᠮᠥᠩᠭᠥᠨ ᠭᠡᠷ ᠲᠡᠢ᠂ ᠠᠯᠲᠠᠨ ᠡᠰᠢ ᠲᠡᠢ ᠪᠠᠯᠢᠤᠰᠤ ᠪᠥᠰᠡᠨ ᠳ᠋ᠡᠭᠡᠨ ᠬᠠᠪᠴᠢᠭᠤᠯᠵᠤ᠂ ᠪᠠᠷᠰ ᠤ᠋ᠨ ᠳᠦᠷᠰᠦ ᠳᠣᠪᠣᠢᠯᠭᠠᠨ ᠤᠷᠠᠯᠠᠭᠰᠠᠨ ᠲᠣᠬᠣᠢᠪᠴᠢ ᠪᠦᠬᠦᠢ ᠪᠠᠳᠠᠷᠢᠭᠤᠨ ᠭᠠᠷ ᠲᠠᠭᠠᠨ ᠡᠷ᠎ᠡ ᠰᠣᠷᠣᠨ ᠵᠢᠯᠣᠭᠣ ᠪᠠᠨ ᠲᠠᠰᠤ ᠠᠳᠬᠤᠵᠠᠢ᠃ ᠦᠯᠢᠭᠡᠷ ᠳᠣᠮᠣᠭ ᠠ᠋ᠴᠠ ᠭᠠᠷᠴᠤ ᠢᠷᠡᠭᠰᠡᠨ ᠮᠡᠲᠦ ᠰᠦᠷᠯᠢᠭ ᠪᠠᠭᠠᠲᠤᠷ ᠤ᠋ᠨ ᠬᠡᠢᠮᠣᠷᠢ ᠵᠣᠯᠪᠣᠭ᠎ᠠ ᠬᠣᠶᠠᠷ ᠨᠣᠶᠠᠬᠠᠢ ᠶ᠋ᠢ ᠰᠥᠭᠦᠳᠦᠭᠦᠯᠵᠦ ᠠᠯᠳᠠᠬᠤ ᠦᠶᠡᠰ ᠣᠷᠳᠣᠨ ᠤ᠋ ᠲᠣᠷᠭᠠᠨ ᠴᠡᠷᠢᠭ ᠢᠷᠡᠵᠦ᠂  
       — ᠨᠣᠶᠠᠨᠲᠠᠨ ᠠ᠋᠂ ᠡᠵᠡᠨ ᠳᠡᠭᠡᠳᠦᠰ ᠲᠠᠨ ᠢ᠋ ᠢᠷ᠎ᠡ ᠭᠡᠵᠦ ᠪᠠᠢᠨ᠎ᠠ ᠭᠡᠮᠡᠨ ᠥᠭᠦᠯᠡᠵᠦ ᠬᠣᠶᠠᠷ ᠠᠨᠳᠠ ᠶ᠋ᠢ ᠰᠠᠯᠭᠠᠵᠤ ᠪᠢᠯᠡ᠃ ᠪᠠᠢᠪᠣᠺᠠ ᠳᠠᠶᠠᠨ ᠶᠡᠬᠡ ᠯᠡ ᠬᠡᠪᠯᠡᠭᠦᠬᠡᠨ ᠲᠤᠭᠤᠷᠢᠯ ᠤ᠋ᠨ ᠵᠤᠯᠠᠢ ᠶ᠋ᠢ ᠦᠨᠦᠷᠯᠡᠵᠦ᠂  
       — ᠡᠷ᠎ᠡ ᠬᠥᠮᠦᠨ ᠦ᠌ ᠵᠠᠮ ᠤ᠋ᠨ ᠬᠦᠵᠦᠭᠦᠦ ᠤᠷᠲᠤ ᠳᠠ ᠭᠡᠰᠡᠨ ᠢ᠋ᠶ᠋ᠡᠨ ᠮᠥᠨᠥᠬᠢ ᠬᠥᠲᠥᠴᠢ ᠴᠡᠷᠢᠭ ᠲᠦ᠍ ᠬᠠᠨᠳᠤᠨ᠂ 
       — ᠡᠨᠡ ᠬᠡᠨ ᠭᠡᠳᠡᠭ ᠵᠠᠩᠵᠤᠨ ᠪᠣᠢ? ᠭᠡᠬᠦ ᠳ᠋ᠦ᠍ ᠬᠣᠯᠴᠣᠷᠠᠤᠲᠤᠭᠰᠠᠨ ᠬᠠᠴᠠᠷ ᠲᠠᠢ ᠨᠠᠷᠠᠨ ᠳ᠋ᠤ᠌ ᠣᠮᠣᠭᠣᠯᠲᠤᠭᠰᠠᠨ ᠤᠷᠤᠭᠤᠯ ᠲᠠᠢ ᠬᠥᠳᠡᠭᠡᠬᠢ ᠡᠷ᠎ᠡ᠂ 
       — ᠶᠧᠯᠢᠦᠢ ᠲᠡᠰᠢ ᠭᠡᠮᠡᠨ ᠠᠶᠠᠷᠬᠠᠨ ᠰᠢᠪᠡᠨᠡᠪᠡ᠃ ᠠᠯᠲᠠᠨ ᠤᠯᠤᠰ ᠤ᠋ᠨ ᠵᠢᠷᠦᠬᠡ ᠶ᠋ᠢ ᠦᠬᠦᠭᠦᠯᠵᠦ ᠶᠠᠪᠤᠭᠰᠠᠨ ᠳᠣᠮᠣᠭᠲᠤ ᠡᠷ᠎ᠡ ᠮᠥᠨ ᠠᠵᠢ᠃ ᠬᠣᠶᠠᠷ ᠬᠦᠦ ᠬᠢᠯᠢᠩ ᠬᠠᠷ᠎ᠠ ᠮᠣᠷᠢᠲᠤ ᠶ᠋ᠢ ᠬᠠᠷᠠᠴᠠ ᠪᠠᠷ ᠢ᠋ᠶ᠋ᠠᠨ ᠡᠷᠢᠭᠡᠳ ᠣᠯᠤᠭᠰᠠᠨ ᠦᠭᠡᠢ᠃ ᠲᠡᠷᠡ ᠪᠡᠷ ᠴᠢᠮᠡᠭᠡ ᠦᠭᠡᠢ ᠵᠠᠯᠪᠠᠷᠢᠨ ᠤᠭᠲᠤᠬᠤ ᠲᠦᠮᠡᠨ ᠦ᠌ ᠭᠦᠨ ᠳ᠋ᠦ᠍ ᠠᠯᠢ ᠬᠡᠳᠦᠢᠨ ᠵᠢᠪᠦᠭᠰᠡᠨ ᠪᠠᠢᠯ᠎ᠠ᠃ ᠬᠠᠷᠢᠨ ᠪᠠᠭ᠎ᠠ ᠦᠳᠡ ᠳ᠋ᠦ᠍ ᠪᠠᠭᠠᠴᠤᠳ ᠲᠠᠢ ᠲᠠᠭᠠᠷᠠᠭᠰᠠᠨ ᠶᠢᠰᠦᠭᠡᠢ ᠬᠥᠪᠡᠭᠦᠨ ᠶᠡᠬᠡ ᠳᠡᠯ ᠲᠡᠢ ᠲᠣᠭᠲᠠᠵᠤ ᠶᠠᠳᠠᠭᠰᠠᠨ ᠵᠢᠭᠠᠯ ᠠᠵᠢᠷᠭ᠎ᠠ ᠤᠨᠤᠵᠤ᠂ ᠪᠠᠰᠠ ᠬᠦ᠌ ᠣᠯᠠᠨ ᠤ᠋ ᠬᠥᠯ ᠢ᠋ᠶ᠋ᠡᠷ ᠲᠠᠷᠪᠢᠵᠤ ᠬᠥᠭᠡᠷᠦᠭᠰᠡᠨ ᠶᠠᠩᠵᠤ ᠲᠠᠢ ᠨᠤᠮᠤ ᠰᠤᠮᠤ ᠪᠠᠨ ᠠᠭᠰᠠᠭᠰᠠᠨ ᠬᠡᠳᠦᠢ ᠴᠦ᠍ ᠮᠥᠨᠥᠬᠡᠨ ᠶᠧᠯᠢᠦᠢ ᠳᠠᠰᠢ ᠶ᠋ᠢᠨ ᠳᠡᠷᠭᠡᠳᠡ ᠪᠠᠬᠠᠨ ᠱᠠᠪᠢᠯ ᠰᠠᠨᠠᠭᠳᠠᠵᠠᠢ᠃ ᠶᠡᠷᠦ ᠲᠡᠷᠡ ᠬᠦᠦ ᠶ᠋ᠢᠨ ᠰᠡᠳᠬᠢᠯ ᠢ᠋ ᠬᠦᠷᠲᠡᠯ᠎ᠡ ᠠᠮᠢᠳᠤ ᠳᠣᠮᠣᠭ ᠶᠧᠯᠢᠦᠢ ᠳᠠᠰᠢ ᠡᠵᠡᠮᠳᠡᠭᠰᠡᠨ ᠲᠥᠷᠬᠦ ᠨᠢᠭᠤᠷᠤᠨ ᠳᠡᠭᠡᠷ᠎ᠡ ᠨᠢ ᠪᠢᠴᠢᠭᠡᠰᠦᠲᠡᠢ ᠪᠠᠢᠪᠠ᠃ 
       — ᠴᠦ!  
       ᠪᠠᠢᠪᠤᠺᠠ ᠳᠠᠶᠠᠨ ᠴᠢᠨ ᠲᠣᠯᠣᠭᠠᠢ ᠶ᠋ᠢ ᠨᠠᠷᠠ ᠵᠥᠪ ᠣᠷᠢᠶᠠᠨ ᠶᠠᠪᠤᠵᠤ ᠣᠳᠬᠤ ᠳ᠋ᠤ᠌ ᠲᠤᠭᠤᠷᠢᠯ ᠴᠤ᠌ ᠥᠪᠡᠷ ᠦ᠋ᠨ ᠪᠠᠷ᠎ᠠ ᠪᠣᠯᠤᠭᠠᠴᠢ ᠪᠠᠨ ᠳᠠᠭᠠᠭᠤᠯᠤᠨ ᠰᠦᠯᠳᠡ ᠴᠠᠭᠠᠨ ᠠᠵᠢᠷᠭ᠎ᠠ ᠨᠢ ᠢᠨᠴᠠᠭᠠᠨ ᠳᠠᠭᠤᠳᠠᠬᠤ ᠬᠡᠷᠡᠢᠳ ᠦ᠋ᠨ ᠬᠦᠷᠢᠶ᠎ᠡ ᠲᠡᠢᠰᠢ ᠡᠷᠭᠢᠯ᠎ᠡ᠃ 

                3
       ᠬᠦᠦ ᠨᠦ᠍ᠭᠦᠳ ᠦ᠋ᠨ ᠬᠦᠰᠡᠯᠡᠩ ᠪᠣᠯᠤᠭᠰᠠᠨ ᠵᠠᠩᠵᠤᠨ ᠡᠨᠡ ᠬᠢᠷᠢ  ᠵᠦ᠋ᠪᠦ᠋ ᠠᠷᠪᠠᠨ ᠨᠠᠢ᠍ᠮᠠᠨ ᠠᠢᠮᠠᠭ ᠤ᠋ᠨ ᠲᠡᠷᠢᠭᠦᠨ ᠨᠠᠷ ᠵᠢᠨᠳᠠᠭ᠎ᠠ ᠳᠠᠭᠠᠵᠤ ᠵᠣᠭᠰᠣᠭᠰᠠᠨ ᠴᠢᠨ ᠲᠣᠯᠣᠭᠠᠢ ᠶ᠋ᠢᠨ ᠴᠢᠯᠠᠭᠤᠨ ᠬᠠᠷᠰᠢ ᠡᠮᠦᠨ᠎ᠡ ᠵᠢᠯᠣᠭᠣ ᠲᠠᠲᠠᠵᠤ ᠪᠠᠢᠯ᠎ᠠ᠃ ᠤᠨᠠᠭᠠᠨ ᠬᠢᠳᠠᠨ ᠡᠷᠡᠰ ᠡᠴᠡ ᠪᠦᠷᠢᠳᠦᠭᠰᠡᠨ ᠲᠣᠷᠭᠠᠨ ᠮᠢᠩᠭᠠᠲᠤ ᠶ᠋ᠢᠨ ᠰᠢᠷᠭ᠎ᠠ ᠮᠣᠷᠢᠲᠠᠨ ᠨᠤᠭᠤᠳ ᠴᠤᠭᠯᠠᠭᠰᠠᠨ ᠣᠯᠠᠨ ᠢ᠋ ᠤᠬᠤᠷᠢᠭᠠᠨ ᠰᠢᠬᠠᠵᠤ ᠬᠣᠲᠠ ᠠᠢᠯ ᠤ᠋ᠨ ᠳᠡᠢᠲᠡᠢ ᠬᠦᠷᠢᠶ᠎ᠡ ᠡᠭᠦᠰᠬᠡᠭᠰᠡᠨ ᠬᠣᠢᠨ᠎ᠠ ᠶᠸᠯᠢᠣᠢ ᠲᠡᠰᠢ ᠠᠶᠠᠭᠠᠨ ᠳ᠋ᠠᠭᠠᠨ ᠪᠠᠭᠲᠠᠵᠤ ᠶᠠᠳᠠᠨ ᠡᠷᠭᠢᠯᠳᠦᠭᠰᠡᠨ ᠬᠤᠷᠴᠠ ᠨᠣᠭᠣᠭᠠᠨ ᠨᠢᠳᠦ ᠪᠡᠷ ᠪᠦᠭᠦᠳᠡ ᠶ᠋ᠢ ᠲᠣᠭᠣᠷᠢᠭᠤᠯᠵᠤ ᠬᠠᠷᠠᠭᠠᠳ ᠰᠠᠶᠢ ᠳᠥᠷᠥᠭᠡ ᠮᠤᠯᠲᠤᠯᠤᠨ ᠪᠠᠭᠤᠯ᠎ᠠ᠃ ᠲᠡᠭᠦᠨ ᠳ᠋ᠦ᠍ ᠡᠢᠨ ᠰᠡᠷᠡᠮᠵᠢᠯᠡᠬᠦ ᠤᠴᠢᠷ ᠪᠠᠰᠠ ᠪᠣᠢ ᠶᠤᠮ᠃ ᠬᠦᠴᠦᠷᠬᠡᠭ ᠳᠡᠭᠡᠳᠦᠰ ᠦ᠋ᠨ ᠪᠤᠶᠠᠨ ᠳ᠋ᠤ᠌ ᠶᠧᠯᠢᠦᠢ ᠣᠪᠣᠭ ᠤ᠋ᠨ ᠬᠢᠨ ᠵᠣᠩᠬᠢᠯᠠᠭᠰᠠᠨ ᠺᠢᠲᠠᠨ ᠤᠯᠤᠰ ᠳᠣᠷᠣᠨᠠᠲᠤ ᠶᠡᠬᠡ ᠳᠠᠯᠠᠢ ᠠ᠋ᠴᠠ ᠠᠯᠲᠠᠢ ᠶ᠋ᠢᠨ ᠠᠭᠤᠯᠠᠰ ᠬᠦᠷᠲᠡᠯ᠎ᠡ ᠬᠥᠯ ᠵᠢᠭᠢᠵᠦ᠂ ᠬᠡᠷᠦᠯᠦᠨ ᠲᠤᠩᠭᠠᠯᠠᠭ ᠮᠥᠷᠡᠨ ᠡᠴᠡ ᠲᠦᠮᠡᠨ ᠭᠠᠵᠠᠷ ᠤ᠋ᠨ ᠴᠠᠭᠠᠨ ᠬᠡᠷᠡᠮ ᠬᠦᠷᠲᠡᠯ᠎ᠡ ᠭᠠᠷ ᠢ᠋ᠶ᠋ᠠᠨ ᠠᠯᠳᠠᠯᠠᠨ ᠬᠥᠨᠳᠡᠯᠢᠳᠦᠭᠰᠡᠨ ᠶᠡᠬᠡ ᠭᠦᠷᠦᠨ ᠪᠣᠯᠵᠤ ᠬᠣᠩᠭᠢᠷᠠᠳ ᠠ᠋ᠴᠠ ᠬᠣᠨᠢ ᠶ᠋ᠢ ᠨᠢ ᠲᠠᠭᠤᠵᠤ᠂ ᠬᠡᠷᠡᠢᠳ ᠡᠴᠡ ᠬᠡᠴᠡᠭᠦᠦ ᠲᠦᠷᠭᠡᠨ ᠮᠣᠷᠢᠳ ᠢ᠋ ᠨᠢ ᠬᠤᠷᠢᠶᠠᠵᠤ᠂ ᠪᠠᠶᠠᠭᠤᠳ ᠣᠪᠣᠭ ᠠ᠋ᠴᠠ ᠦᠬᠡᠷ ᠰᠦᠷᠦᠭ ᠢ᠋ ᠨᠢ ᠵᠡᠯᠡᠯᠡᠵᠦ᠂ ᠣᠢ ᠶ᠋ᠢᠨ ᠣᠷᠢᠶᠠᠩᠬᠠᠢᠳ᠂ ᠪᠠᠷᠭᠤᠵᠢᠨ ᠳᠥᠭᠥᠮ ᠡᠴᠡ ᠪᠠᠷᠢᠭᠰᠠᠨ ᠵᠢᠭᠠᠰᠤ᠂ ᠠᠯᠠᠭᠰᠠᠨ ᠭᠠᠬᠠᠢ ᠶ᠋ᠢ ᠨᠢ ᠠᠴᠢᠭᠤᠯᠵᠤ᠂ ᠣᠢᠷᠠᠳ᠂ ᠣᠯᠬᠣᠨᠤᠳ ᠣᠯᠠᠨ ᠠ᠋ᠴᠠ ᠪᠤᠯᠠᠭ᠎ᠠ᠂ ᠰᠤᠤᠰᠠᠷ ᠤ᠋ᠨ ᠠᠷᠠᠰᠤ ᠶ᠋ᠢ ᠨᠢ ᠬᠠᠭᠠᠨ ᠤ᠋ ᠠᠯᠪᠠᠨ ᠳ᠋ᠤ᠌ ᠬᠠᠮᠤᠵᠤ ᠠᠪᠳᠠᠭ ᠪᠠᠢᠯ᠎ᠠ᠃ ᠡᠢᠨ ᠣᠯᠠᠨ ᠠᠢᠮᠠᠭ ᠤ᠋ᠨ ᠲᠦᠮᠡᠨ ᠠᠷᠠᠳ ᠤ᠋ᠨ ᠲᠣᠯᠣᠭᠠᠢ ᠳᠡᠭᠡᠷ᠎ᠡ ᠵᠠᠪᠢᠯᠠᠭᠰᠠᠨ ᠬᠣᠶᠠᠷ ᠵᠠᠭᠤᠨ ᠵᠢᠯ ᠦ᠋ᠨ ᠴᠡᠩᠭᠡᠯ ᠵᠢᠷᠭᠠᠯ ᠺᠢᠳᠠᠨ ᠤᠭᠰᠠᠭᠠᠲᠤ ᠢᠯᠢᠵᠡᠨ ᠬᠢᠭᠡᠳ ᠶᠣᠢᠪᠠᠢ ᠲᠦᠰᠢᠮᠡᠯ᠂ ᠳᠡᠮᠡᠵᠦᠢ ᠬᠢᠭᠡᠳ ᠰᠠᠯᠢ ᠬᠡᠮᠡᠬᠦ ᠢᠵᠠᠭᠤᠷᠲᠤ ᠨᠣᠶᠠᠳ ᠤ᠋ᠨ ᠭᠠᠷ ᠢ᠋ ᠮᠤᠬᠤᠷᠯᠠᠵᠤ᠂ ᠤᠬᠠᠭᠠᠨ ᠢ᠋ ᠮᠤᠩᠬᠠᠷᠠᠭᠤᠯᠤᠭᠰᠠᠨ ᠪᠠᠢᠵᠤ ᠮᠡᠳᠡᠬᠦ ᠶᠦᠮ᠃ ᠶᠡᠷᠦ ᠨᠢ ᠴᠦ᠍ ᠲᠡᠦᠬᠡᠨ ᠳ᠋ᠦ᠍᠂ ᠶᠠᠮᠠᠷ ᠴᠤ᠌ ᠤᠯᠤᠰ ᠢ᠋ ᠵᠣᠪᠠᠯᠠᠩ ᠪᠤᠰᠤ ᠵᠢᠷᠭᠠᠯ ᠮᠣᠬᠣᠭᠠᠵᠤ ᠢᠷᠡᠭᠰᠡᠨ ᠦᠨᠡᠨ ᠪᠣᠢ᠃ ᠴᠡᠴᠡᠨ ᠶᠸᠯᠢᠣᠢ ᠣᠪᠣᠭ ᠤ᠋ᠨ ᠶᠡᠬᠡ ᠤᠬᠠᠭᠠᠨ᠂ ᠴᠡᠩᠭᠡᠯ ᠦ᠋ᠨ ᠳᠠᠯᠠᠢ ᠳ᠋ᠤ᠌ ᠵᠢᠪᠦᠭᠰᠡᠨ ᠪᠠᠢᠵᠤ ᠮᠡᠳᠡᠨ᠎ᠡ᠃ ᠶᠠᠭᠤ ᠲᠠᠢ ᠴᠤ᠌ ᠳᠠᠶᠠᠨᠴᠤᠤ ᠬᠠᠭᠠᠨ ᠲᠠᠮᠠᠭ᠎ᠠ ᠪᠠᠷᠢᠵᠤ ᠰᠡᠨᠳᠡᠢ ᠡᠵᠡᠩᠨᠡᠭᠰᠡᠨ ᠰᠡᠭᠦᠯ ᠦ᠋ᠨ ᠠᠷᠪᠠᠭᠠᠳ ᠵᠢᠯ ᠢᠯᠳᠦ ᠬᠠᠷᠰᠢᠬᠤ ᠦᠭᠡᠢ ᠡᠳᠦᠷ᠂ ᠵᠢᠳᠠ ᠰᠦᠷᠦᠯᠵᠡᠬᠦ ᠦᠭᠡᠢ ᠴᠠᠭ ᠪᠠᠢᠭᠰᠠᠨ ᠦᠭᠡᠢ ᠪᠢᠯᠡ᠃ ᠨᠢᠳᠤᠨᠤᠨ ᠮᠥᠨ ᠡᠳᠦᠢ ᠳ᠋ᠦ᠍ ᠶᠡᠬᠡ ᠤᠷᠲᠤ ᠦᠷᠭᠦᠭᠡᠨ ᠳ᠋ᠡᠭᠡᠨ ᠵᠠᠯᠠᠷᠠᠵᠤ᠂ ᠥᠲᠥᠨ ᠳᠡᠪᠢᠭᠦᠷ ᠦ᠋ᠨ ᠲᠠᠩᠰᠤᠭ ᠰᠢᠪᠰᠢᠭᠡᠨ ᠳᠣᠣᠷ᠎ᠠ ᠶᠸᠯᠢᠦᠢ ᠶᠠᠨ ᠤ᠋《ᠬᠠᠭᠠᠨ ᠲᠥᠷᠥ ᠶ᠋ᠢᠨ ᠲᠡᠮᠳᠡᠭᠯᠡᠯ》 ᠦ᠋ᠨ ᠳᠠᠯᠠᠨ ᠳᠡᠪᠲᠡᠷ ᠢ᠋ ᠳᠠᠪᠬᠤᠷᠯᠠᠨ ᠲᠠᠯᠪᠢᠭᠠᠳ ᠤᠩᠰᠢᠵᠤ ᠰᠠᠭᠤᠭᠰᠠᠨ ᠶᠡᠬᠡ ᠬᠠᠭᠠᠨ ᠠᠯᠠᠭ᠎ᠠ᠃ ᠮᠥᠨ ᠡᠳᠦᠢ ᠳ᠋ᠦ᠍ ᠴᠡᠴᠡᠭ ᠦ᠋ᠨ ᠦᠨᠦᠷᠲᠦ ᠰᠡᠷᠢᠭᠦᠨ ᠯᠠᠪᠷᠢ ᠳ᠋ᠠᠭᠠᠨ ᠬᠠᠰ ᠤ᠋ᠨ ᠬᠥᠨᠳᠡᠯᠡᠨ ᠪᠢᠰᠬᠢᠭᠦᠷ ᠦ᠋ᠨ ᠠᠶᠠᠨ᠎ᠠ ᠤᠶᠠᠷᠠᠨ ᠰᠠᠭᠤᠵᠤ᠂ ᠥᠪᠡᠷ ᠦ᠋ᠨ ᠬᠥᠷᠥᠭ ᠢ᠋ ᠵᠢᠷᠤᠭᠤᠯᠤᠨ ᠠᠭᠰᠠᠨ ᠶᠡᠬᠡ ᠬᠠᠲᠤᠨ ᠠᠯᠠᠭ᠎ᠠ᠃ ᠪᠦᠷ ᠺᠢᠳᠡᠨ ᠭᠦᠷᠦᠨ ᠠᠯᠠᠭ᠎ᠠ᠃ ᠠᠯᠲᠠᠨ ᠤᠯᠤᠰ ᠤ᠋ᠨ ᠴᠡᠷᠢᠭ ᠦ᠋ᠳ ᠬᠥᠮᠦᠨ ᠣᠯᠠᠨ ᠢ᠋ᠶ᠋ᠠᠷ ᠠᠭᠠᠬᠢᠯᠠᠨ ᠲᠦᠷᠢᠵᠦ᠂ ᠰᠥᠩ ᠤᠯᠤᠰ ᠤ᠋ᠨ ᠶᠠᠪᠠᠭᠠᠨ ᠬᠥᠮᠦᠨ ᠦ᠌ ᠦᠶᠡᠷ ᠲᠡᠢ ᠬᠦᠴᠦ ᠬᠠᠪᠰᠤᠷᠤᠨ ᠳᠣᠪᠲᠣᠯᠵᠤ ᠬᠠᠭᠠᠨ ᠤᠷᠲᠤ ᠶ᠋ᠢ ᠡᠵᠡᠯᠡᠵᠦ᠂ ᠳᠠᠶᠠᠨᠴᠤᠤ ᠬᠠᠭᠠᠨ ᠢ᠋ ᠪᠠᠷᠢᠨ ᠣᠳᠤᠭᠰᠠᠨ ᠨᠢ ᠪᠣᠢ᠃ ᠡᠳᠦᠭᠡ ᠤᠳᠤᠮᠲᠤ ᠬᠠᠭᠠᠨᠲᠠᠨ ᠦᠬᠦᠭᠰᠡᠨ ᠠᠮᠢᠳᠤ ᠶ᠋ᠢ ᠬᠡᠨ ᠮᠡᠳᠡᠨ᠎ᠡ᠃ 
       ᠲᠡᠳᠡ ᠬᠡᠷᠡᠢᠳ ᠦ᠋ᠨ ᠭᠤᠸ᠎ᠠ ᠪᠣᠶᠣᠷᠤᠭ ᠮᠠᠷᠬᠤᠰ ᠯᠤᠭ᠎ᠠ ᠮᠣᠳᠣᠨ ᠡᠯᠵᠢᠭᠡᠨ᠎ᠡ ᠦᠬᠡᠷ ᠬᠠᠳᠠᠭᠠᠰᠤ ᠪᠠᠷ ᠬᠠᠲᠠᠵᠤ ᠦᠬᠦᠭᠦᠯᠦᠭᠰᠡᠨ ᠪᠠᠢᠵᠤ ᠴᠤ᠌ ᠪᠣᠯᠤᠨ᠎ᠠ᠃ 
       ᠵᠦ᠋ᠪᠦ᠋ ᠠᠷᠪᠠᠨ ᠨᠠᠢ᠍ᠮᠠᠨ ᠠᠢᠮᠠᠭ ᠭᠡᠮᠡᠨ ᠨᠡᠷᠡᠢᠳᠴᠦ ᠠᠭᠰᠠᠨ ᠡᠨᠡ ᠬᠡᠭᠡᠷ᠎ᠡ ᠶ᠋ᠢᠨ ᠣᠪᠣᠭ ᠤ᠋ᠨ ᠬᠢᠨ ᠶᠸᠯᠢᠦᠶ ᠣᠪᠣᠭᠲᠤ ᠳᠠᠰᠢ ᠵᠠᠩᠵᠤᠨ ᠢ᠋ ᠬᠠᠳᠠᠭ ᠪᠠᠷᠢᠨ ᠤᠭᠲᠤᠵᠤ ᠮᠡᠳᠡᠨ᠎ᠡ᠃ ᠬᠢᠲᠤᠭ᠎ᠠ ᠪᠠᠷᠢᠨ ᠳᠠᠭᠠᠷᠢᠵᠤ ᠴᠤ᠌ ᠮᠡᠳᠡᠨ᠎ᠡ᠃ ᠡᠢᠨ ᠰᠡᠷᠡᠮᠵᠢᠯᠡᠵᠦ ᠳᠡᠯ ᠰᠡᠭᠦᠯ ᠨᠢ ᠱᠠᠰᠢᠷᠯᠠᠭᠰᠠᠨ ᠣᠮᠣᠭᠯᠠᠩ ᠰᠢᠷᠭ᠎ᠠ ᠬᠦᠯᠦᠭ ᠲᠡᠢ ᠲᠣᠷᠭᠠᠨ ᠮᠢᠩᠭᠠᠲᠤ ᠲᠣᠭᠣᠷᠢᠨ ᠬᠠᠮᠠᠭᠠᠯᠠᠭᠰᠠᠨ  ᠴᠤ᠌ ᠡᠰᠡ ᠲᠠᠢᠪᠤᠰᠢᠷᠠᠵᠠᠢ᠃ ᠮᠣᠷᠢᠨ ᠤ᠋ ᠣᠮᠤᠷᠤᠨ(ᠣᠮᠣᠷᠤᠤ) ᠳᠣᠣᠷ᠎ᠠ ᠠ᠋ᠴᠠ᠂ ᠬᠤᠷ ᠳᠡᠯ ᠢ᠋ᠶ᠋ᠡᠨ ᠰᠢᠯᠭᠡᠭᠡᠬᠦ ᠴᠢᠯᠥᠭᠡ ᠪᠡᠷ ᠦᠬᠦᠯ ᠦ᠋ᠨ ᠰᠤᠮᠤ ᠱᠤᠩᠭᠢᠨᠠᠨ ᠢᠷᠡᠬᠦ ᠶ᠋ᠢ ᠦᠭᠡᠢ ᠭᠡᠬᠦ ᠭᠠᠵᠠᠷ ᠦᠭᠡᠢ ᠪᠢᠯᠡ᠃ ᠲᠡᠷᠡ ᠪᠡᠷ ᠲᠣᠭᠲᠠᠵᠤ ᠶᠠᠳᠠᠭᠰᠠᠨ ᠬᠤᠷᠴᠠ ᠬᠠᠷᠠᠴᠠ ᠪᠠᠷ ᠨᠣᠶᠠᠳ ᠢ᠋ ᠨᠡᠪᠲᠡ ᠰᠢᠪᠲᠤ ᠰᠢᠷᠲᠡᠨ ᠪᠠᠭᠤᠭᠰᠠᠨ ᠢ᠋ᠶ᠋ᠠᠨ ᠬᠥᠲᠥᠴᠢ ᠴᠡᠷᠢᠭ ᠲᠦ᠍ ᠴᠤᠯᠪᠤᠭᠤᠷ ᠢ᠋ᠶ᠋ᠠᠨ ᠰᠢᠲᠠᠵᠤ ᠥᠭᠭᠦᠭᠡᠳ᠂ 
       — ᠵᠦ᠋ᠪᠦ᠋ ᠠᠷᠪᠠᠨ ᠨᠠᠢ᠍ᠮᠠᠨ ᠠᠢᠮᠠᠭ ᠤ᠋ᠨ ᠶᠡᠬᠡᠰ ᠳᠡᠭᠡᠳᠦᠰ ᠲᠠ ᠪᠦᠭᠦᠳᠡ ᠠᠮᠤᠭᠤᠯᠠᠩ ᠤᠤ? ᠭᠡᠬᠦ ᠳ᠋ᠦ᠍ ᠲᠠᠯ᠎ᠠ ᠬᠡᠭᠡᠷ᠎ᠡ ᠶ᠋ᠢᠨ ᠰᠠᠯᠬᠢᠨ ᠦᠨᠦᠷᠲᠦᠭᠦᠯᠵᠦ ᠪᠦᠭᠦᠳᠡ ᠴᠢᠮᠡᠭᠡ ᠦᠭᠡᠢ ᠮᠡᠬᠦᠰᠬᠢᠪᠡ᠃ ᠶᠸᠯᠢᠦᠢ ᠳᠠᠰᠢ ᠴᠡᠭᠡᠵᠢ ᠪᠡᠨ ᠳᠠᠷᠤᠨ ᠦᠯᠦ ᠮᠡᠳᠡᠭ ᠲᠣᠯᠣᠭᠠᠢ ᠳᠣᠬᠢᠭᠠᠳ ᠴᠢᠯᠠᠭᠤᠨ ᠬᠠᠷᠰᠢ ᠵᠦᠭᠯᠡᠬᠦ ᠳ᠋ᠦ᠍ ᠲᠥᠷᠥᠭᠰᠡᠨ ᠨᠤᠲᠤᠭ ᠠ᠋ᠴᠠ ᠲᠡᠭᠦᠨ ᠢ᠋ ᠯᠡ ᠳᠠᠭᠠᠵᠤ ᠭᠠᠷᠤᠭᠰᠠᠨ ᠠᠷᠪᠠᠨ ᠭᠤᠷᠪᠠᠨ ᠰᠢᠳᠠᠷ ᠵᠠᠩᠵᠤᠳ ᠰᠢᠯᠢ ᠳᠠᠷᠤᠨ ᠳᠠᠭᠠᠯᠳᠤᠵᠤ᠂ ᠲᠡᠳᠡᠨ ᠦ᠌ ᠠᠷᠤ ᠠ᠋ᠴᠠ ᠬᠡᠭᠡᠷ᠎ᠡ ᠶ᠋ᠢᠨ ᠨᠣᠶᠠᠳ ᠤᠪᠤᠨ ᠴᠤᠪᠤᠨ ᠪᠣᠱᠣᠭ᠎ᠠ ᠠᠯᠬᠤᠯ᠎ᠠ᠃ ᠠᠷᠰᠯᠠᠨ ᠵᠠᠭᠤᠯᠭᠠᠵᠤ ᠬᠢᠭᠰᠡᠨ ᠬᠦᠷᠡᠯ ᠪᠠᠷᠢᠭᠤᠯ ᠲᠠᠢ ᠵᠡᠰ ᠲᠣᠨᠣᠭ ᠲᠠᠢ ᠲᠣᠮᠣ ᠬᠠᠭᠠᠯᠭ᠎ᠠ ᠬᠠᠷ ᠶᠠᠷ ᠬᠢᠨ ᠠᠷᠤ ᠳ᠋ᠤᠨᠢ ᠬᠠᠭᠠᠭᠳᠠᠬᠤ ᠳ᠋ᠤ᠌ ᠯᠠ ᠶᠸᠯᠢᠦᠢ ᠣᠪᠣᠭᠲᠤ ᠡᠪᠦᠭᠡ ᠳᠡᠭᠡᠳᠦᠰ ᠦ᠋ᠨ ᠢ᠋ᠶ᠋ᠡᠨ ᠣᠪᠣᠭ  ᠲᠤ᠌ ᠣᠷᠣᠭᠰᠠᠨ ᠮᠡᠲᠦ ᠰᠠᠶᠢ ᠰᠡᠳᠬᠢᠯ ᠲᠠᠯᠪᠢᠭᠤᠷᠠᠪᠠ᠃ ᠶᠡᠷᠦ ᠴᠢᠨ ᠲᠣᠯᠣᠭᠠᠢ ᠶ᠋ᠢᠨ ᠡᠨᠡ ᠬᠠᠷᠰᠢ ᠬᠢᠭᠡᠳ ᠬᠡᠷᠦᠯᠦᠨ ᠪᠠᠷᠰ ᠤ᠋ᠨ ᠰᠤᠪᠤᠷᠭᠠᠨ ᠣᠷᠳᠣᠨ ᠳ᠋ᠤ᠌ ᠠᠭᠤᠤ ᠶᠡᠬᠡᠰ ᠳᠡᠭᠡᠳᠦᠰ ᠦ᠋ᠨ ᠬᠢᠨᠢ ᠰᠦᠷ ᠬᠦᠴᠦ ᠰᠢᠩᠭᠡᠵᠦ ᠦᠯᠡᠳᠡᠭᠰᠡᠨ ᠲᠤᠯᠠ ᠡᠨᠡᠭᠰᠢᠭᠦᠦ ᠡᠶᠡᠪᠡᠷᠭᠦᠦ ᠰᠠᠨᠠᠭᠳᠠᠬᠤ ᠨᠢ ᠪᠣᠢ᠃ ᠲᠡᠭᠡᠭᠡᠳ ᠴᠦ᠍ ᠬᠡᠭᠡᠷ᠎ᠡ ᠶ᠋ᠢᠨ ᠶᠡᠬᠡᠰ ᠦ᠋ᠨ ᠤᠷᠢᠬᠤ ᠵᠠᠯᠠᠬᠤ ᠶ᠋ᠢ ᠬᠦᠯᠢᠶᠡᠯ ᠦᠭᠡᠢ ᠠᠭᠤᠵᠢᠮ ᠲᠣᠭᠣᠷᠢᠭ ᠲᠠᠩᠬᠢᠮ ᠤ᠋ᠨ ᠬᠣᠢᠮᠣᠷ ᠡᠵᠡᠯᠡᠨ ᠬᠠᠩᠬᠠᠢᠬᠤ ᠠᠷᠰᠯᠠᠨᠲᠤ ᠰᠡᠨᠳᠡᠢ ᠳ᠋ᠦ᠍ ᠵᠠᠯᠠᠷᠠᠭᠠᠳ ᠥᠪᠡᠷ ᠥᠪᠡᠷ ᠦ᠋ᠨ ᠰᠠᠭᠤᠳᠠᠯ ᠳ᠋ᠤ᠌ ᠵᠠᠪᠢᠯᠠᠬᠤ ᠨᠣᠶᠠᠳ ᠢ᠋ ᠲᠤᠬᠠᠢᠨ ᠰᠢᠷᠪᠢᠬᠦ ᠳ᠋ᠦ᠍ ᠮᠣᠩᠬᠣᠷ ᠬᠠᠮᠠᠷ ᠨᠢ ᠰᠡᠯᠡᠮᠡᠨ ᠦ᠌ ᠢᠷ ᠮᠡᠲᠦ ᠰᠡᠭᠦᠳᠡᠷᠲᠦᠵᠦ᠂ ᠤᠷᠲᠤ ᠡᠷᠡᠦ ᠨᠢ ᠬᠣᠪᠢᠯᠳᠦᠵᠦ ᠶᠡᠬᠡ ᠯᠡ ᠰᠦᠷᠯᠢᠭ ᠲᠣᠭᠰᠢᠨ ᠬᠠᠷᠠᠭᠳᠠᠬᠤ ᠪᠥᠯᠥᠭᠡ᠃ 
       一 ᠬᠢᠳᠠᠨ ᠭᠦᠷᠦᠨ ᠭᠡᠮᠡᠨ ᠦᠭᠡ ᠪᠡᠨ ᠬᠡᠯᠡᠭᠰᠡᠨ ᠢ᠋ᠶ᠋ᠡᠨ ᠬᠣᠭᠣᠯᠠᠢ ᠶ᠋ᠢᠨ ᠳᠤᠮᠳᠠ ᠶᠠᠮᠠᠷ ᠨᠢᠭᠡᠨ ᠭᠣᠮᠣᠳᠠᠯ ᠬᠣᠷᠣᠰᠤᠯ ᠪᠥᠩᠵᠢᠭᠡᠨᠡᠨ ᠴᠡᠴᠡᠷᠬᠢᠯᠡᠭᠡᠳ ᠪᠠᠢᠬᠤ ᠶ᠋ᠢ ᠮᠡᠳᠡᠷᠡᠵᠦ ᠶᠡᠬᠡ ᠯᠡ ᠡᠷᠡᠮᠡᠬᠡᠢ ᠬᠣᠭᠣᠯᠠᠢ ᠵᠠᠰᠠᠭᠰᠠᠨ ᠢ᠋ᠶ᠋ᠠᠨ᠂ 
       一 ᠨᠡᠭᠦᠳᠡᠯᠯᠡᠵᠦ ᠪᠠᠢᠨ᠎ᠠ ᠭᠡᠪᠡ᠃ ᠤᠭ ᠨᠢ ᠲᠡᠷᠡ ᠪᠡᠷ《ᠺᠢᠲᠠᠨ ᠭᠦᠷᠦᠨ ᠨᠤᠷᠠᠵᠤ ᠪᠠᠢᠨ᠎ᠠ》 ᠭᠡᠮᠡᠨ ᠪᠣᠳᠣᠵᠤ ᠡᠬᠢᠯᠡᠭᠰᠡᠨ ᠴᠦ᠍ ᠬᠡᠭᠡᠷ᠎ᠡ ᠶ᠋ᠢᠨ ᠨᠣᠶᠠᠳ ᠤ᠋ᠨ ᠬᠥᠷᠵᠡᠭᠡᠷ ᠴᠢᠷᠠᠢ ᠶ᠋ᠢ ᠬᠠᠷᠠᠵᠤ ᠡᠢᠨ ᠦᠭᠡ ᠪᠡᠨ ᠵᠥᠭᠡᠯᠡᠯᠡᠭᠰᠡᠨ ᠪᠣᠯᠠᠢ᠃ ᠬᠡᠨ ᠴᠦ᠍᠂ ᠶᠠᠭᠤ ᠴᠤ᠌ ᠡᠰᠡ ᠳᠤᠤᠭᠠᠷᠪᠠ᠃ ᠶᠡᠷᠦ ᠲᠠᠯ᠎ᠠ ᠶ᠋ᠢᠨ ᠶᠡᠬᠡᠰ ᠳᠣᠣᠷ᠎ᠠ ᠳᠣᠣᠷ᠎ᠠ ᠪᠠᠨ ᠥᠭᠡᠷ᠎ᠡ ᠥᠭᠡᠷ᠎ᠡ ᠪᠣᠳᠣᠯ ᠲᠠᠢ ᠪᠠᠢᠪᠠ᠃ ᠲᠡᠭᠦᠨ ᠦ᠌ ᠪᠠᠷᠠᠭᠤᠨ ᠭᠠᠷ ᠲᠠᠯ᠎ᠠ ᠳ᠋ᠤ᠌ ᠬᠠᠳᠠᠨ ᠳᠡᠭᠡᠷ᠎ᠡ ᠡᠴᠡ ᠥᠩᠭᠡᠢᠭᠰᠡᠨ ᠬᠠᠷ᠎ᠠ ᠪᠦᠷᠭᠦᠳ ᠮᠡᠲᠦ ᠤᠷᠲᠤ ᠤᠷᠭᠤᠭᠰᠠᠨ ᠥᠳᠬᠡᠨ ᠰᠣᠷᠮᠤᠤᠰᠤ ᠲᠠᠢ᠂ ᠨᠠᠯᠮᠠᠢᠨ ᠤᠷᠭᠤᠭᠰᠠᠨ ᠪᠤᠭᠤᠷᠤᠯ ᠰᠠᠬᠠᠯ ᠲᠠᠢ ᠬᠠᠪᠤᠯ ᠬᠠᠭᠠᠨ ᠬᠦᠭᠯᠦᠢᠨ ᠪᠠᠭᠤᠬᠤ ᠠᠵᠢ᠃ ᠲᠡᠷᠡ ᠶᠡᠷᠦ ᠲᠠᠯ᠎ᠠ ᠶ᠋ᠢᠨ ᠨᠠᠮᠬᠠᠨ ᠠᠭᠤᠯᠠ ᠮᠡᠲᠦ ᠨᠣᠮᠣᠬᠠᠨ ᠳᠥᠯᠭᠡᠨ ᠵᠠᠩ ᠲᠠᠢ ᠬᠡᠳᠦᠢ ᠴᠦ᠍ ᠡᠢᠮᠦ ᠯᠡ ᠠᠭᠤᠯᠠᠰ ᠬᠣᠯᠠ ᠠ᠋ᠴᠠ ᠥᠭᠰᠥᠭᠦᠷ ᠪᠠᠢᠳᠠᠭ ᠶᠤᠮ᠃《ᠨᠡᠭᠦᠳᠡᠯᠯᠡᠵᠦ ᠶᠠᠪᠤᠭ᠎ᠠ ᠶ᠋ᠢ ᠮᠡᠳᠡᠵᠦ ᠯᠠ ᠪᠠᠢᠨ᠎ᠠ᠃ ᠬᠠᠷᠢᠨ ᠪᠠᠭᠤᠳᠠᠯᠯᠠᠬᠤ ᠭᠠᠵᠠᠷ ᠬᠠᠮᠢᠭ᠎ᠠ ᠪᠣᠯ! ᠾᠦᠩᠨᠦ ᠣᠪᠣᠭ ᠤ᠋ᠨ ᠬᠥᠮᠦᠨ ᠴᠢᠯᠠᠭᠤ ᠰᠠᠬᠢᠵᠤ ᠰᠠᠭᠤᠭ᠎ᠠ ᠪᠢᠳᠡ ᠠᠮᠢᠳᠤ ᠠᠷᠵᠠᠢᠵᠤ᠂ ᠮᠡᠨᠳᠦ ᠮᠡᠯᠲᠡᠢᠵᠦ ᠪᠠᠢᠬᠤ ᠳ᠋ᠤ᠌ ᠠᠷᠠᠢ ᠠᠢᠯᠰᠠᠶ᠎ᠠ ᠭᠡᠬᠦ ᠦᠭᠡᠢ ᠪᠢᠵᠡ᠃ ᠲᠡᠭᠡᠵᠦ ᠬᠡᠮᠡᠨ᠎ᠡ ᠡᠪ ᠡᠪᠳᠡᠷᠡᠵᠦ᠂ ᠢᠯᠳᠦ ᠲᠡᠮᠲᠡᠷᠢᠬᠦ ᠡᠴᠡ ᠥᠭᠡᠷ᠎ᠡ ᠠᠷᠭ᠎ᠠ ᠦᠭᠡᠢ ᠳ᠋ᠦ᠍ ᠬᠦᠷᠦᠨ᠎ᠡ᠃ ᠮᠢᠨᠦ ᠲᠠᠪᠤᠨ ᠲᠦᠮᠡᠲᠦ ᠶ᠋ᠢᠨ ᠮᠣᠷᠢᠨ ᠤ᠋ ᠬᠢᠨᠢ ᠬᠥᠯᠥᠰᠥ ᠡᠪᠡᠷᠡᠭᠡ ᠦᠭᠡᠢ᠂ ᠨᠣᠮᠣᠨ ᠤ᠋ ᠬᠢᠨᠢ ᠡᠪᠰᠢᠶᠡᠯᠲᠡ ᠲᠠᠯᠪᠢᠷᠠᠭ᠎ᠠ ᠦᠭᠡᠢ ᠪᠠᠢᠬᠤ ᠳ᠋ᠤ᠌ ᠵᠢᠷᠦᠬᠡᠯᠡᠬᠦ ᠦᠭᠡᠢ ᠨᠢ ᠯᠠᠪ᠃ ᠲᠠᠪᠢᠨ ᠮᠢᠩᠭᠠᠲᠤ ᠪᠠᠭᠴᠠᠯᠠᠭᠰᠠᠨ ᠬᠠᠭᠠᠨ ᠭᠡᠵᠦ ᠭᠡᠳᠡᠢᠯ ᠦᠭᠡᠢ ᠬᠥᠯ ᠳ᠋ᠦ᠍ᠨᠢ ᠰᠠᠭᠤᠵᠤ ᠪᠠᠢᠭᠠᠳ ᠰᠢᠯᠢ ᠶ᠋ᠢ ᠨᠢ ᠬᠠᠷᠠᠬᠤ ᠶᠤᠮᠰᠠᠨ》 ᠭᠡᠮᠡᠨ ᠪᠣᠳᠣᠵᠤ ᠰᠠᠭᠤᠯ᠎ᠠ᠃ ᠵᠠᠯᠠᠭᠤ ᠶᠸᠯᠢᠤᠢ ᠵᠠᠩᠵᠤᠨ ᠤ᠋ ᠳᠣᠲᠣᠷ᠎ᠠ ᠲᠡᠭᠡᠭᠯᠡᠭᠡᠳ ᠪᠠᠢᠭᠰᠠᠨ᠂ ᠪᠠᠭᠲᠠᠷᠠᠭᠠᠳ ᠪᠠᠢᠭᠰᠠᠨ ᠪᠣᠳᠣᠯ ᠰᠠᠨᠠᠭ᠎ᠠ ᠳᠠᠯᠠᠩ ᠢ᠋ᠶ᠋ᠠᠨ ᠵᠠᠳᠠ ᠲᠠᠲᠠᠭᠰᠠᠨ ᠤᠰᠤ ᠮᠡᠲᠦ ᠤᠷᠤᠰᠤᠭᠰᠠᠭᠠᠷ ᠠᠭᠠᠳ ᠲᠡᠭᠦᠨ ᠦ᠌ ᠬᠣᠶᠠᠷ ᠨᠣᠭᠣᠭᠠᠨ ᠨᠢᠳᠦ ᠭᠢᠯᠠᠯᠵᠠᠵᠤ᠂ 
       — ᠺᠢᠳᠠᠨ ᠪᠠᠶᠠᠨ ᠭᠦᠷᠦᠨ ᠪᠠᠢᠭᠰᠠᠨ᠁ ᠶᠡᠬᠡ ᠬᠠᠭᠠᠨ ᠠᠮᠢᠳᠤ ᠳ᠋ᠠᠭᠠᠨ ᠲᠥᠷᠥ ᠶ᠋ᠢᠨ ᠰᠠᠢᠳ ᠯᠢ ᠴᠤᠤ ᠸᠠᠩ ᠢ᠋ ᠬᠡᠷᠡᠭ ᠦ᠋ᠨ ᠤᠴᠢᠷ ᠴᠠᠭᠠᠵᠠ ᠪᠠᠷ ᠬᠣᠷᠣᠭᠠᠵᠤ᠁ ᠭᠡᠰᠡᠨ ᠢ᠋ᠶ᠋ᠡᠨ ᠲᠠᠯ᠎ᠠ ᠶ᠋ᠢᠨ ᠶᠡᠬᠡᠰ ᠢ᠋ ᠴᠦ᠍ ᠡᠢᠨ ᠭᠡᠰᠬᠡᠵᠦ ᠪᠣᠯᠤᠨ᠎ᠠ ᠭᠡᠮᠡᠨ ᠦᠭᠡ ᠪᠡᠷ ᠡᠰᠡ᠂ ᠬᠠᠷᠠᠴᠠ ᠪᠠᠷ ᠬᠡᠯᠡᠵᠦ᠂《ᠬᠥᠷᠥᠩᠭᠡ ᠶ᠋ᠢ ᠨᠢ ᠠᠯᠪᠠᠨ᠎ᠠ ᠬᠤᠷᠢᠶᠠᠬᠤ ᠳ᠋ᠤ᠌ ᠳᠠᠯᠠᠨ ᠮᠢᠩᠭᠠᠨ ᠬᠡᠯᠬᠢᠶ᠎ᠡ ᠵᠣᠭᠣᠰ ᠭᠠᠷᠤᠭᠰᠠᠨ᠃ ᠬᠡᠯᠬᠢᠶ᠎ᠡ ᠲᠡᠢ ᠵᠣᠭᠣᠰ ᠰᠢᠦ᠃ ᠨᠢᠭᠡᠨ ᠵᠣᠭᠣᠰᠤᠨ ᠡᠷᠢᠬᠡᠨ ᠳ᠋ᠦ᠍999 ᠠᠯᠲᠠᠨ ᠵᠣᠭᠣᠰ ᠪᠠᠢᠳᠠᠭ ᠶᠤᠮ᠃ ᠲᠡᠭᠡᠭᠡᠳ ᠪᠣᠳᠣ᠃ ᠠᠯᠲᠠ᠂ ᠲᠠᠨ᠎ᠠ᠂ ᠬᠠᠰ ᠡᠷᠳᠡᠨᠢ ᠰᠠᠪᠠ ᠰᠠᠭᠤᠯᠠᠭ᠎ᠠ ᠭᠡᠬᠦ ᠳ᠋ᠦ᠍ ᠶᠡᠷᠡᠨ ᠮᠢᠩᠭ᠎ᠠ ᠭᠠᠷᠤᠢ ᠪᠠᠢᠭᠰᠠᠨ᠁》 ᠭᠡᠪᠡᠯ᠂ 
       — ᠲᠡᠢᠨ ᠪᠠᠶᠠᠨ ᠪᠣᠯᠭᠠᠬᠤ ᠳ᠋ᠤ᠌ ᠪᠢᠳᠡ ᠴᠦ᠍ ᠪᠠᠰᠠ ᠬᠦᠴᠦᠨ ᠵᠢᠳᠬᠦᠵᠦ ᠪᠢᠯᠡ ᠭᠡᠵᠦ ᠨᠠᠷᠺᠢᠰᠢ ᠳᠠᠶᠠᠨ ᠨᠠᠢ᠍ᠮᠠᠨ ᠬᠥᠮᠦᠨ ᠦ᠌ ᠣᠮᠣᠷᠬᠠᠬᠤ ᠵᠠᠩ ᠢ᠋ᠶ᠋ᠠᠷ ᠠᠮᠠ ᠪᠠᠷᠳᠠᠮ ᠬᠡᠯᠡᠪᠡ᠃ 
       — ᠺᠢᠳᠠᠨ ᠨᠣᠶᠠᠳ ᠪᠢᠳᠡ ᠬᠥᠮᠦᠨ ᠦ᠌ ᠲᠤᠰᠠ ᠶ᠋ᠢ ᠮᠠᠷᠲᠠᠳᠠᠭ ᠦᠭᠡᠢ ᠤᠯᠤᠰ! 
       — ᠪᠢᠳᠡ ᠬᠠᠷᠢᠭᠤ ᠲᠤᠰᠠ ᠨᠡᠬᠡᠬᠦ ᠦᠭᠡᠢ ᠭᠡᠬᠦ ᠨᠠᠷᠺᠢᠰᠢ ᠬᠠᠭᠠᠨ ᠤ᠋ ᠳᠠᠭᠤᠨ ᠳ᠋ᠤ᠌《ᠲᠠ ᠨᠠᠷ ᠤ᠋ᠨ ᠲᠤᠰᠠᠯᠠᠳᠠᠭ ᠬᠥᠭ ᠥᠩᠭᠡᠷᠡᠭᠰᠡᠨ》 ᠭᠡᠰᠡᠨ ᠨᠢᠭᠡᠨ ᠶᠡᠬᠡᠷᠬᠡᠦ ᠥᠩᠭᠡ ᠠᠶᠠᠰ ᠢᠯᠡᠷᠬᠡᠢ ᠰᠣᠨᠣᠰᠳᠠᠵᠤ ᠠᠪᠠᠢ᠃ ᠡᠯ᠎ᠡ ᠬᠥᠭ ᠢ᠋ ᠢᠨᠠᠨᠴᠢ ᠪᠢᠯᠬᠡ ᠨᠣᠶᠠᠨ ᠬᠢᠭᠡᠳ ᠣᠩᠭᠣᠳ ᠤ᠋ᠨ ᠪᠢᠨᠤᠢ ᠬᠠᠨ ᠮᠡᠲᠦ ᠵᠠᠯᠠᠭᠤ ᠨᠣᠶᠠᠳ ᠶᠡᠬᠡ ᠯᠡ ᠲᠠᠭᠠᠰᠢᠶᠠᠨ ᠳᠡᠮᠵᠢᠵᠦ᠂ ᠬᠠᠷᠢᠨ ᠲᠠᠢᠴᠢᠭᠤᠳ ᠤ᠋ᠨ ᠠᠮᠪᠠᠭᠠᠢ ᠬᠠᠭᠠᠨ ᠬᠠᠷ᠎ᠠ ᠴᠠᠭᠠᠨ ᠳᠤᠤᠭᠠᠷᠤᠭᠰᠠᠨ ᠦᠭᠡᠢ᠃ ᠲᠡᠷᠡ ᠪᠡᠷ ᠨᠠᠰᠤ ᠪᠠᠭ᠎ᠠ᠂ ᠴᠢᠰᠤ ᠰᠢᠩᠭᠡᠨ ᠬᠡᠳᠦᠢ ᠴᠦ᠍ ᠪᠠᠭᠤᠷᠢ ᠲᠠᠢ ᠪᠣᠳᠣᠵᠤ᠂ ᠰᠠᠭᠤᠷᠢ ᠲᠠᠢ ᠬᠥᠳᠡᠯᠳᠡᠭ ᠨᠢᠭᠡᠨ ᠶᠦᠮ᠃ ᠬᠠᠪᠤᠯ ᠬᠠᠭᠠᠨ ᠰᠡᠮᠬᠡᠨ ᠠᠵᠢᠭᠯᠠᠵᠤ ᠮᠡᠳᠡᠨ ᠳᠣᠲᠣᠷ᠎ᠠ ᠪᠠᠨ ᠲᠣᠭᠣᠭᠰᠠᠨ ᠨᠢ ᠪᠣᠢ᠃ ᠭᠡᠪᠡᠴᠦ ᠡᠪᠦᠭᠡ ᠡᠴᠢᠭᠡ ᠪᠠᠢᠰᠢᠩᠬᠣᠷ ᠳᠣᠭᠰᠢᠨ ᠤ᠋ ᠵᠤᠯᠠᠢ ᠭᠢᠰᠬᠢᠵᠦ ᠲᠥᠷᠥᠭᠰᠡᠨ ᠳᠡᠭᠦᠦ ᠴᠢᠷᠬᠠᠢᠯᠢᠩᠬᠤ᠎ᠠ ᠶ᠋ᠢᠨ ᠠᠴᠢ ᠬᠥᠪᠡᠭᠦᠨ ᠳ᠋ᠦ᠍ ᠡᠨᠡ ᠰᠡᠳᠬᠢᠯ ᠢ᠋ᠶ᠋ᠡᠨ ᠢᠯᠡᠴᠢᠯᠡᠵᠦ ᠢᠯᠡ ᠴᠠᠭᠠᠨ ᠮᠠᠭᠲᠠᠭᠰᠠᠨ ᠨᠢ ᠦᠭᠡᠢ᠃ ᠶᠡᠷᠦ ᠨᠢᠳᠦᠨ ᠡᠴᠡ ᠨᠢ ᠳᠠᠯᠳᠠ ᠮᠠᠭᠲᠠᠵᠤ᠂ ᠨᠢᠭᠤᠷᠤᠨ ᠳᠡᠭᠡᠷ᠎ᠡ ᠨᠢ ᠪᠣᠯ ᠴᠢᠷᠠᠢ ᠥᠭᠬᠦ ᠦᠭᠡᠢ ᠶᠠᠪᠤᠬᠤ ᠪᠥᠯᠥᠭᠡ᠃ ᠬᠡᠭᠡᠷ᠎ᠡ ᠶ᠋ᠢᠨ ᠵᠠᠯᠠᠭᠤ ᠨᠣᠶᠠᠳ ᠤ᠋ᠨ ᠬᠢ ᠮᠡᠲᠦ ᠡᠢᠮᠦ ᠵᠠᠩ ᠳ᠋ᠤ᠌ ᠲᠡᠳᠦᠢ ᠯᠡ ᠲᠣᠯᠣᠭᠠᠢ ᠪᠥᠬᠥᠢᠵᠦ ᠰᠤᠷᠤᠭ᠎ᠠ ᠦᠭᠡᠢ ᠢᠳᠡᠷᠮᠡᠭ ᠶᠸᠯᠢᠤᠢ ᠲᠡᠰᠢ ᠶ᠋ᠢᠨ ᠴᠣᠴᠢᠮᠠᠭ ᠠᠭᠤᠷ ᠳᠦᠷᠡᠰᠬᠢᠵᠦ ᠴᠢᠰᠤ ᠨᠢ ᠬᠠᠲᠠᠭ᠎ᠠ ᠦᠭᠡᠢ ᠢᠯᠳᠦ ᠪᠡᠨ ᠰᠢᠭᠦᠷᠡᠨ ᠪᠣᠰᠳᠠᠭ ᠶᠤᠮ ᠭᠡᠬᠦ ᠳ᠋ᠦ᠍ ᠠᠮᠠ ᠪᠠᠷᠳᠠᠮ ᠵᠠᠯᠠᠭᠤ ᠶᠡᠬᠡᠰ ᠴᠢᠨ ᠲᠣᠯᠣᠭᠠᠢ ᠶ᠋ᠢᠨ ᠬᠠᠪᠢ ᠳ᠋ᠤ᠌ ᠪᠣᠯ ᠭᠤᠶ᠎ᠠ ᠱᠠᠯᠳᠠᠩ ᠰᠠᠭᠤᠭ᠎ᠠ ᠶ᠋ᠢ ᠬᠠᠪᠤᠯ ᠭᠠᠳᠠᠷᠯᠠᠬᠤ ᠪᠢᠯᠡ᠃ ᠲᠡᠳᠡ ᠬᠡᠰᠢᠭᠲᠡᠨ ᠵᠠᠭᠤᠲᠤ ᠠ᠋ᠴᠠ ᠬᠡᠲᠦᠷᠡᠬᠦ ᠦᠭᠡᠢ ᠴᠡᠷᠢᠭ ᠲᠡᠢ ᠪᠠᠢᠵᠤ ᠭᠦᠷᠦᠨ ᠨᠡᠭᠦᠯᠭᠡᠵᠦ ᠶᠠᠪᠤᠭ᠎ᠠ ᠬᠥᠮᠦᠨ ᠲᠡᠢ ᠡᠢᠨ ᠱᠦᠷᠭᠦᠭᠡᠴᠠᠯᠲᠦᠬᠦ ᠨᠢ ᠶᠠᠭᠠᠬᠢᠪᠠᠴᠤ ᠰᠠᠢᠨ ᠢᠷᠣ᠎ᠠ ᠪᠢᠰᠢ ᠠᠪᠠᠢ᠃ ᠶᠸᠯᠢᠦᠢ ᠳᠠᠰᠢ ᠶ᠋ᠢᠨ ᠭᠠᠩ ᠪᠠᠭᠤᠢᠪᠴᠢ ᠲᠠᠢ ᠭᠠᠷ ᠤ᠋ᠨ ᠬᠥᠬᠡ ᠰᠤᠳᠠᠰᠤ ᠨᠤᠭᠤᠳ ᠭᠦᠷᠡᠯᠵᠡᠨ ᠴᠡᠴᠡᠷᠡᠵᠦ ᠢᠷᠡᠬᠦ ᠳ᠋ᠦ᠍ ᠴᠢᠯᠠᠭᠤ ᠪᠠᠵᠠᠪᠠᠯ ᠤᠰᠤ ᠱᠦᠭᠦᠷᠡᠮ᠎ᠡ ᠴᠢᠩᠭ᠎ᠠ ᠠᠳᠬᠤᠭᠰᠠᠨ ᠢ᠋ᠶ᠋ᠠᠨ᠂ 
       一 ᠬᠡᠵᠢᠶᠡᠨ ᠡᠴᠡ ᠪᠢᠳᠡ ᠨᠢᠭᠡ ᠲᠥᠷᠥ ᠶ᠋ᠢᠨ ᠳᠣᠣᠷ᠎ᠠ᠂ ᠨᠢᠭᠡ ᠭᠠᠯ ᠤ᠋ᠨ ᠳᠡᠷᠭᠡᠳᠡ ᠶᠠᠪᠤᠭᠰᠠᠨ᠃ ᠬᠡᠨ ᠨᠢ ᠬᠡᠨ ᠡᠴᠡ ᠪᠡᠨ ᠲᠤᠰᠠ ᠭᠤᠶᠤᠪᠠ᠁ ᠭᠡᠮᠡᠨ ᠡᠬᠢᠯᠡᠲᠡᠯ᠎ᠡ ᠥᠨᠥᠴᠢᠨ ᠬᠡᠷᠡᠢᠳ ᠦ᠋ᠨ ᠬᠣᠷᠵᠠᠬᠤᠰ ᠪᠣᠶᠣᠷᠤᠭ᠂ 
       一 ᠣᠳᠣ ᠲᠡᠭᠡᠪᠡᠯ ᠨᠢᠭᠡ ᠲᠤᠭ ᠤ᠋ᠨ ᠳᠣᠣᠷ᠎ᠠ ᠨᠢᠭᠡᠳᠴᠦ ᠠᠯᠲᠠᠨ ᠤᠯᠤᠰ ᠢ᠋᠂ ᠭᠠᠷ ᠨᠢ ᠪᠣᠯᠵᠤ ᠭᠠᠩᠳᠠᠭᠰᠠᠨ᠂ ᠬᠥᠯ ᠨᠢ ᠪᠣᠯᠵᠤ ᠬᠥᠬᠡᠷᠡᠭᠰᠡᠨ ᠤᠷᠪᠠᠭᠴᠢ ᠮᠠᠭᠤ ᠰᠠᠢᠨ ᠲᠠᠲ᠋ᠠᠷ ᠤ᠋ᠳ ᠲᠠᠢ ᠨᠢ ᠰᠥᠨᠥᠭᠡᠰᠦ! ᠭᠡᠰᠡᠨ ᠢ᠋ᠶ᠋ᠡᠨ ᠶᠠᠭᠤ ᠶᠠᠭᠤ ᠦᠭᠡᠢ ᠣᠳᠣ ᠯᠠ ᠲᠡᠢᠨ ᠳ᠋ᠦ᠍ ᠮᠣᠷᠳᠠᠬᠤ ᠭᠡᠵᠦ ᠪᠠᠢᠭ᠎ᠠ ᠮᠡᠲᠦ ᠬᠠᠩᠬᠠᠷ ᠴᠡᠭᠡᠵᠢ ᠨᠢ ᠲᠦᠬᠦᠭᠡᠯᠵᠡᠨ ᠬᠠᠮᠠᠷ ᠤ᠋ᠨ ᠰᠠᠮᠰᠠ ᠨᠢ ᠰᠡᠷᠲᠡᠯᠵᠡᠨ ᠥᠨᠳᠡᠯᠵᠡᠪᠡ᠃ ᠲᠡᠭᠦᠨ ᠦ᠌ ᠳᠣᠲᠣᠷ᠎ᠠ ᠶᠢᠰᠦᠨ ᠲᠠᠲ᠋ᠠᠷ ᠠ᠋ᠴᠠ ᠶᠠᠯ᠎ᠠ ᠠᠰᠠᠭᠤᠵᠤ᠂ ᠡᠴᠢᠭᠡ ᠪᠣᠶᠣᠷᠤᠭ ᠬᠠᠨ ᠮᠠᠷᠬᠤᠰ ᠤ᠋ᠨ ᠥᠰᠢᠶ᠎ᠡ ᠶ᠋ᠢ ᠠᠪᠬᠤ ᠶᠡᠬᠡ ᠬᠦᠰᠡᠯ ᠣᠪᠣᠯᠵᠠᠨ ᠪᠠᠢᠪᠠ᠃ ᠨᠠᠮ ᠭᠦᠮ ᠪᠣᠯᠤᠯ᠎ᠠ᠃ ᠬᠡᠭᠡᠷ᠎ᠡ ᠶ᠋ᠢᠨ ᠨᠣᠶᠠᠳ ᠬᠡᠷᠡᠢᠳ ᠦ᠋ᠨ ᠵᠠᠯᠠᠭᠤ ᠪᠣᠶᠣᠷᠤᠭ ᠤ᠋ᠨ ᠦᠭᠡ ᠶ᠋ᠢ ᠰᠣᠨᠣᠰᠤᠭᠠᠳ ᠠᠷᠠᠢ ᠬᠢᠵᠦ ᠲᠣᠯᠣᠭᠠᠢ ᠶ᠋ᠢᠨ ᠳᠦᠢᠷᠡᠨ ᠨᠠᠮᠵᠢᠨ ᠭᠠᠷ ᠭᠠᠵᠠᠷ᠂ ᠬᠥᠯ ᠬᠥᠰᠡᠷ ᠠᠮᠤᠰᠬᠢᠶ᠎ᠡ ᠭᠡᠲᠡᠯ᠎ᠡ ᠡᠢᠨ ᠣᠪᠣᠯᠵᠠᠪᠠ ᠭᠡᠵᠦ ᠶᠡᠬᠡ ᠯᠡ ᠲᠦᠪᠡᠭᠰᠢᠶᠡᠪᠡ᠃ ᠭᠡᠪᠡᠴᠦ ᠡᠴᠢᠭᠡ ᠬᠠᠨ ᠢ᠋ ᠨᠢ ᠡᠯᠵᠢᠭᠡ ᠪᠣᠯᠭᠠᠵᠤ ᠦᠬᠦᠭᠦᠯᠦᠭᠰᠡᠨ ᠲᠠᠲ᠋ᠠᠷ ᠤ᠋ᠨ ᠬᠢᠰᠠᠯ ᠢ᠋ ᠨᠢ ᠬᠢᠰᠠᠵᠤ᠂ ᠥᠰᠢᠯ ᠢ᠋ ᠨᠢ ᠥᠰᠢᠬᠦ ᠬᠠᠲᠠᠭᠤ ᠬᠦᠰᠡᠯ ᠢ᠋ ᠨᠢ ᠪᠤᠷᠤᠭᠤᠳᠬᠠᠵᠤ ᠡᠰᠡ ᠵᠢᠷᠦᠬᠡᠯᠡᠪᠡ᠃ ᠶᠸᠯᠢᠦᠢ ᠳᠠᠰᠢ ᠥᠪᠡᠷ ᠢ᠋ᠶ᠋ᠡᠨ ᠢᠳᠡᠷᠮᠡᠭ ᠬᠥᠮᠦᠨ ᠬᠡᠳᠦᠢ ᠴᠦ᠍ ᠨᠠᠰᠤ ᠰᠠᠴᠠᠭᠤ ᠰᠢᠬᠠᠮ ᠵᠣᠷᠢᠮᠠᠭ ᠪᠣᠶᠣᠷᠤᠭ ᠤ᠋ᠨ ᠡᠴᠢᠭᠡ ᠶ᠋ᠢᠨ ᠬᠠᠷᠠᠴᠠ ᠪᠠᠷ ᠲᠠᠯᠠᠷᠬᠠᠨ ᠱᠠᠩᠨᠠᠭᠠᠳ᠂ 
       一 ᠬᠡᠭᠡᠷ᠎ᠡ ᠲᠠᠯ᠎ᠠ ᠶ᠋ᠢᠨ ᠡᠵᠡᠨ ᠡᠷᠬᠢᠮᠰᠦᠭ ᠨᠣᠶᠠᠨ ᠲᠠ ᠨᠠᠷ ᠲᠤ᠌ ᠪᠢ ᠶᠠᠭᠠᠬᠢᠨ ᠭᠠᠷ ᠬᠣᠭᠣᠰᠣᠨ᠂ ᠭᠠᠨᠵᠤᠭ᠎ᠠ ᠰᠤᠯᠠ ᠢᠷᠡᠬᠦ ᠪᠢᠯᠡ ᠭᠡᠬᠦ ᠳ᠋ᠦ᠍ ᠲᠣᠭᠣᠷᠢᠨ ᠰᠠᠭᠤᠭᠰᠠᠨ ᠨᠣᠶᠠᠳ ᠡᠨᠡ ᠶᠡᠷᠦ ᠶᠠᠭᠤ ᠬᠡᠯᠡᠪᠡ ᠭᠡᠰᠡᠨ ᠰᠢᠭ ᠰᠡᠷᠲᠡᠰᠬᠢᠵᠡᠢ᠃ ᠶᠸᠯᠢᠦᠢ ᠳᠠᠰᠢ ᠢᠨᠢᠶᠡᠮᠰᠦᠭᠯᠡᠵᠦ ᠪᠠᠢᠪᠠᠴᠤ ᠰᠢᠵᠠᠭᠤᠷ ᠵᠠᠭᠤᠭᠰᠠᠨ ᠰᠢᠨᠡᠨ ᠦ᠌ ᠬᠢᠨᠢ ᠰᠤᠳᠠᠰᠤ ᠭᠦᠷᠡᠯᠵᠡᠨ᠂ ᠥᠷᠭᠡᠨ ᠲᠦᠭᠦᠰᠢᠩ ᠦ᠋ᠨ ᠬᠢᠨᠢ ᠪᠤᠯᠴᠢᠩ ᠵᠠᠩᠭᠢᠷᠠᠨ ᠪᠠᠢᠯ᠎ᠠ᠃ ᠲᠡᠷᠡ ᠶᠡᠷᠦ ᠴᠠᠭ ᠢᠮᠠᠭᠲᠠ ᠰᠢᠳᠦ ᠵᠠᠭᠤᠵᠤ ᠶᠠᠷᠢᠳᠠᠭ ᠬᠥᠮᠦᠨ ᠪᠥᠯᠥᠭᠡ᠃ 
       — ᠭᠤᠸ᠎ᠠ ᠪᠣᠶᠣᠷᠤᠭ ᠬᠠᠨ ᠮᠠᠷᠬᠤᠰ ᠤ᠋ᠨ ᠭᠣᠣᠯ ᠢ᠋ ᠲᠠᠰᠤᠯᠠᠭᠰᠠᠨ ᠬᠠᠷ᠎ᠠ ᠨᠢᠭᠦᠯᠲᠡᠨ ᠶᠢᠰᠦᠨ ᠲᠠᠲ᠋ᠠᠷ ᠤ᠋ᠨ ᠭᠣᠯᠣᠮᠲᠠ ᠶ᠋ᠢ ᠰᠠᠮᠤᠷᠴᠤ᠂ ᠬᠠᠭᠠᠨ ᠳ᠋ᠤᠨᠢ ᠬᠠᠪᠲᠠᠰᠤᠨ ᠳᠥᠩᠭᠡ ᠵᠡᠭᠦᠭᠡᠳ᠂ ᠬᠠᠲᠤᠨ ᠳ᠋ᠤᠨᠢ ᠬᠢᠯᠭᠠᠰᠤᠨ ᠬᠦᠯᠢᠭ ᠬᠢᠭᠡᠳ ᠢᠷᠡᠭᠰᠡᠨ ᠭᠡᠪᠡᠯ ᠬᠤᠷᠵᠠᠬᠣᠰ ᠤ᠋ᠨ ᠲᠣᠭᠰᠢᠨ ᠴᠢᠷᠠᠢ ᠬᠡᠷᠡᠯᠳᠦᠵᠦ᠂   
       — ᠴᠠᠷᠭᠢᠯ ᠨᠣᠲᠣᠢ ᠶ᠋ᠢ ᠨᠠᠳᠠ ᠥᠭ! ᠬᠡᠮᠡᠬᠦ ᠳ᠋ᠦ᠍ ᠭᠦᠷᠡᠭᠡᠨ ᠦ᠌ ᠰᠤᠳᠠᠯ ᠭᠦᠷᠡᠯᠵᠡᠵᠦ᠂ ᠭᠦᠶᠦᠯᠭᠡᠨᠡᠭᠰᠡᠨ ᠨᠢᠳᠦ ᠨᠢ ᠤᠯᠠᠭᠠᠨ ᠢ᠋ᠶ᠋ᠠᠷ ᠡᠷᠭᠢᠯᠳᠦᠨ ᠪᠠᠢᠪᠠ᠃  
       — ᠴᠢ ᠠᠪ! ᠴᠢᠨ ᠲᠣᠯᠣᠭᠠᠢ ᠶ᠋ᠢ ᠬᠥᠮᠦᠨ ᠲᠣᠯᠣᠭᠠᠢ ᠪᠠᠷ ᠳᠠᠬᠢ!  
       — ᠴᠠᠪᠴᠢᠨ ᠠᠯᠠᠬᠤ ᠶᠠᠭᠤᠲᠠᠢ ᠬᠠᠷᠠᠮᠰᠠᠯᠲᠠᠢ ᠪᠣᠢ? ᠭᠡᠯ᠎ᠡ᠃ ᠶᠧᠯᠢᠦᠢ ᠳᠠᠰᠢ ᠡᠯ᠎ᠡ ᠣᠮᠣᠭᠷᠠᠬᠤ ᠶᠠᠷᠢᠶ᠎ᠠ ᠶ᠋ᠢ ᠬᠠᠷᠠᠴᠠ ᠪᠠᠷ ᠢ᠋ᠶ᠋ᠠᠨ ᠲᠠᠰᠤᠯᠤᠨ ᠳᠠᠭᠤ ᠦᠭᠡᠢ ᠲᠢᠩᠬᠢᠮ ᠢ᠋ ᠲᠣᠭᠣᠷᠢᠭᠤᠯᠤᠨ ᠬᠠᠷᠠᠭᠰᠠᠨ ᠢ᠋ᠶ᠋ᠠᠨ ᠬᠠᠪᠤᠯ ᠬᠠᠭᠠᠨ ᠳᠡᠭᠡᠷ᠎ᠡ ᠬᠠᠷᠠᠴᠠ ᠲᠣᠭᠲᠠᠭᠠᠵᠤ᠂  
       — ᠬᠠᠭᠠᠨ ᠲᠠᠨ ᠢ᠋ ᠤᠳᠠᠭᠠᠨ ᠠᠵᠢᠪᠠ᠃ ᠬᠡᠭᠡᠷ᠎ᠡ ᠶ᠋ᠢᠨ ᠨᠣᠶᠠᠳ ᠪᠦᠬᠦᠨ ᠦ᠌ ᠠᠬ᠎ᠠ ᠠᠲᠠᠯ᠎ᠠ ᠲᠠ ᠠᠮᠠ ᠨᠡᠭᠡᠭᠡᠵᠦ ᠡᠰᠡ ᠳᠤᠤᠭᠠᠷᠪᠠ᠃ ᠴᠢᠪᠢᠯᠲᠦ ᠲᠠᠲ᠋ᠠᠷ ᠤ᠋ᠳ ᠮᠢᠬ᠎ᠠ ᠴᠢᠰᠤᠨ ᠤ᠋ ᠲᠠᠰᠤᠷᠬᠠᠢ ᠬᠠᠲᠠᠭᠠᠨ ᠪᠠᠭᠠᠲᠤᠷ ᠢ᠋ ᠡᠯᠵᠢᠭᠡ ᠤᠨᠤᠭᠤᠯᠤᠭᠰᠠᠨ ᠠᠲᠠᠯ᠎ᠠ ᠲᠠ ᠶᠠᠭᠤᠨ ᠳ᠋ᠤ᠌ ᠡᠰᠡ ᠬᠣᠷᠣᠰᠤᠨ᠎ᠠ᠃ ᠪᠠᠰᠠ ᠬᠦ᠌ ᠲᠠᠪᠤᠨ ᠬᠦᠦ ᠴᠢᠨᠢ ᠬᠠᠷᠢ ᠶ᠋ᠢᠨ ᠲᠡᠢᠨ ᠳ᠋ᠦ᠍ ᠮᠣᠷᠳᠠᠭᠠᠳ ᠵᠢᠯ ᠢᠯᠡᠭᠦᠦ ᠪᠣᠯᠪᠠ᠃ ᠬᠡᠨ ᠨᠢ ᠦᠬᠦᠭᠰᠡᠨ᠂ ᠬᠡᠨ ᠨᠢ ᠠᠮᠢᠳᠤ ᠶ᠋ᠢ ᠮᠡᠳᠡᠬᠦ ᠦᠭᠡᠢ ᠴᠦ᠍ ᠰᠤᠷᠠᠭ ᠲᠠᠯᠪᠢᠬᠤ ᠦᠭᠡᠢ ᠲᠡᠰᠴᠦ ᠰᠠᠭᠤᠭ᠎ᠠ ᠶ᠋ᠢ ᠴᠢᠨᠢ ᠭᠠᠢᠬᠠᠵᠤ ᠪᠠᠢᠨ᠎ᠠ ᠭᠡᠯ᠎ᠡ᠃ ᠬᠠᠪᠤᠯ ᠬᠠᠭᠠᠨ ᠮᠠᠭᠲᠠᠪᠠ ᠭᠡᠵᠦ ᠣᠮᠳᠤᠭᠠᠢᠷᠠᠭᠰᠨ ᠦᠭᠡᠢ᠂ ᠬᠦᠦ ᠨᠦ᠍ᠭᠦᠳ ᠶᠠᠭᠤ ᠪᠢᠯᠡ ᠭᠡᠵᠦ ᠵᠣᠪᠠᠨᠢᠭᠰᠠᠨ ᠦᠭᠡᠢ᠃ 
       — ᠲᠥᠷᠥᠭᠰᠡᠨ ᠦᠷ᠎ᠡ ᠡᠴᠡ ᠲᠥᠷᠥ ᠢᠯᠡᠭᠦᠦ ᠡᠷᠬᠢᠮ ᠪᠢᠯᠡ᠃ ᠦᠷ᠎ᠡ ᠶ᠋ᠢ ᠲᠥᠷᠥᠭᠦᠯᠵᠦ ᠪᠣᠯᠤᠨ᠎ᠠ᠃ ᠨᠠᠳᠠ ᠳ᠋ᠤ᠌ ᠭᠤᠷᠪᠠᠨ ᠬᠠᠲᠤᠨ ᠪᠣᠢ! ᠲᠥᠷᠥ ᠶ᠋ᠢ ᠬᠠᠷᠢᠨ ᠲᠥᠷᠥᠭᠦᠯᠵᠦ ᠪᠣᠯᠬᠤ ᠦᠭᠡᠢ᠃ ᠨᠠᠳᠠ ᠳ᠋ᠤ᠌ ᠭᠤᠴᠢᠨ ᠲᠦᠮᠡᠨ ᠠᠯᠪᠠᠲᠤ ᠪᠣᠢ! ᠶᠧᠯᠢᠦᠢ ᠲᠠᠰᠢ ᠶ᠋ᠢᠨ ᠢᠷᠯᠡᠭᠰᠡᠨ ᠠᠯᠮᠠᠩ ᠰᠦᠬᠡ ᠰᠢᠭ ᠭᠣᠨᠵᠣᠭᠣᠢ ᠤᠯᠠᠭᠠᠨ ᠴᠢᠷᠠᠢ ᠬᠡᠷᠡᠯᠳᠦᠵᠦ᠂  
       — ᠮᠢᠨᠦ ᠺᠢᠳᠠᠨ ᠳ᠋ᠤ᠌ ᠡᠢᠮᠦ ᠯᠡ ᠨᠣᠶᠠᠳ ᠳᠤᠲᠠᠭᠰᠠᠨ ᠶᠤᠮ ᠭᠡᠳ ᠰᠢᠳᠦ ᠪᠡᠨ ᠬᠢᠬᠤᠲᠤᠨᠠᠭᠤᠯᠤᠨ ᠬᠠᠪᠢᠷᠬᠤ ᠳ᠋ᠤ᠌ ᠲᠦᠭᠦᠰᠢ ᠶ᠋ᠢᠨ ᠬᠢᠨᠢ ᠪᠤᠯᠴᠢᠩ ᠭᠦᠷᠪᠡᠯᠵᠡᠨ᠂ ᠪᠤᠶᠠᠨ ᠤ᠋ ᠣᠮᠣᠭ ᠲᠠᠢ ᠲᠣᠮᠣ ᠴᠢᠬᠢ ᠨᠢ ᠬᠤᠯᠮᠠᠯᠵᠠᠭᠰᠠᠨ ᠢ᠋ᠶ᠋ᠠᠨ ᠭᠡᠨᠡᠳᠲᠡ ᠳᠡᠰ ᠳᠡᠰ ᠢᠨᠢᠶᠡᠵᠦ᠂ 
       — ᠬᠠᠮᠤᠭ ᠮᠣᠩᠭᠣᠯ ᠢ᠋ ᠵᠠᠬᠢᠷᠤᠨ ᠰᠠᠭᠤᠭᠴᠢ ᠬᠠᠪᠤᠯ ᠬᠠᠭᠠᠨ ᠲᠠᠨ ᠢ᠋ ᠳᠥᠷᠪᠡᠨ ᠬᠠᠲᠤᠨ ᠲᠠᠢ ᠪᠣᠯᠭᠠᠶ᠎ᠠ᠃ ᠳᠥᠴᠢᠨ ᠲᠦᠮᠡᠨ ᠠᠯᠪᠠᠲᠤ ᠲᠠᠢ ᠪᠣᠯᠤᠭᠠᠷᠠᠢ ᠭᠡᠪᠡ᠃ ᠬᠡᠵᠢᠶᠡᠨ ᠦ᠌ ᠬᠠᠷᠠᠴᠠ ᠭᠤᠸ᠎ᠠ ᠥᠬᠢᠳ ᠲᠦ᠍ ᠲᠠᠭᠠᠯᠠᠯ ᠲᠠᠢ ᠪᠠᠷ ᠢ᠋ᠶ᠋ᠠᠨ ᠨᠡᠷ᠎ᠡ ᠳ᠋ᠦ᠍ ᠭᠠᠷᠤᠭᠰᠠᠨ ᠬᠣᠷᠵᠠᠬᠤᠰ ᠪᠣᠶᠣᠷᠤᠭ ᠤ᠋ᠨ ᠨᠢᠳᠦ ᠰᠡᠷᠭᠦᠵᠦ᠂ 
       — ᠮᠢᠨᠦ ᠪᠣᠳᠣᠯ ᠦᠨᠡᠨ ᠪᠣᠯ ᠶᠢᠰᠦᠨ ᠲᠠᠲ᠋ᠠᠷ ᠤ᠋ᠨ ᠴᠠᠷᠭᠢᠯ ᠨᠣᠳᠣᠢ ᠬᠠᠨ ᠳ᠋ᠤ᠌ ᠬᠤᠨ ᠬᠤᠭᠤᠷ ᠰᠢᠭ᠋ ᠳᠠᠭᠤ ᠲᠠᠢ᠂ ᠬᠤᠯᠠᠨ ᠰᠤᠭᠤ ᠰᠢᠭ᠋ ᠳᠦᠷᠢ ᠲᠡᠢ ᠪᠦᠯᠵᠢᠭᠡᠨ ᠭᠤᠸ᠎ᠠ ᠬᠠᠲᠤᠨ ᠭᠡᠵᠦ ᠪᠠᠢᠳᠠᠭ ᠶᠤᠮ ᠭᠡᠨ᠎ᠡ ᠯᠠᠢ ᠬᠡᠮᠡᠬᠦ ᠳ᠋ᠦ᠍ ᠶᠧᠯᠢᠦᠢ ᠳᠠᠰᠢ᠂ 
       — ᠵᠠᠯᠠᠭᠤ ᠬᠥᠮᠦᠨ ᠦ᠌ ᠬᠡᠢ ᠮᠣᠷᠢ ᠥᠭᠡᠷ᠎ᠡ ᠶᠦ᠍ᠮ᠃ ᠡᠷᠬᠢᠮ ᠪᠣᠶᠣᠷᠤᠭ ᠲᠠ ᠦᠨᠡᠨ ᠳᠠᠭᠠᠯ᠎ᠠ ᠭᠡᠪᠡᠯ᠂ ᠶᠡᠷᠦ ᠯᠡ ᠳᠤᠭᠤᠢ ᠲᠠᠩᠬᠢᠮ ᠳ᠋ᠤ᠌ ᠣᠷᠣᠵᠤ ᠢᠷᠡᠭᠰᠡᠨ ᠡᠴᠡ ᠬᠣᠢᠰᠢ ᠠᠮᠠ ᠨᠡᠭᠡᠭᠡᠭᠡ ᠦᠭᠡᠢ ᠰᠡᠷᠢᠺ ᠬᠠᠨ᠂ 
       — ᠬᠠᠭᠠᠨ ᠤ᠋ ᠬᠢᠨᠢ ᠲᠣᠯᠣᠭᠠᠢ ᠶ᠋ᠢ ᠠᠪᠴᠢᠬᠠᠭᠠᠳ᠂ ᠬᠠᠲᠤᠨ ᠲᠠᠢ ᠨᠢ ᠳᠡᠷ᠎ᠡ ᠨᠢᠭᠡᠳᠬᠦ ᠭᠡᠳᠡᠭ ᠬᠢᠲᠤᠭ᠎ᠠ ᠡᠪᠦᠷᠲᠦᠯᠡᠵᠦ ᠬᠡᠪᠲᠡᠭᠰᠡᠨ ᠡᠴᠡ ᠢᠯᠭᠠᠭ᠎ᠠ ᠦᠭᠡᠢ ᠭᠡᠵᠦ ᠳᠤᠷ᠎ᠠ ᠦᠭᠡᠢᠴᠡᠯ᠎ᠡ᠃ ᠲᠡᠭᠦᠨ ᠦ᠌ ᠭᠦᠩᠵᠦ ᠢᠯᠮ᠎ᠠ ᠬᠠᠲᠤᠨ ᠬᠣᠷᠵᠠᠬᠤᠰ ᠤ᠋ᠨ ᠠᠪᠠᠭᠠᠯᠢ ᠭᠡᠷᠭᠡᠢ ᠪᠣᠯᠵᠤ᠂ ᠲᠣᠷᠯᠣᠭ ᠲᠣᠭᠣᠷᠢᠯ ᠨᠡᠷᠡᠲᠦ ᠬᠥᠪᠡᠭᠦᠨ ᠲᠥᠷᠥᠭᠦᠯᠵᠦ ᠦᠭᠭᠦᠭᠰᠡᠨ ᠪᠥᠯᠥᠭᠡ᠃ ᠵᠠᠯᠠᠭᠤ ᠪᠣᠶᠣᠷᠤᠭ ᠬᠦᠴᠦᠷᠬᠡᠭ ᠬᠡᠷᠡᠢᠳ ᠣᠪᠣᠭ ᠤ᠋ᠨ ᠲᠣᠯᠣᠭᠠᠢ ᠳ᠋ᠤ᠌ ᠰᠠᠭᠤᠭᠰᠠᠨ ᠤᠳᠤᠮᠲᠤ ᠮᠠᠷᠬᠤᠰ ᠤ᠋ᠨ ᠤᠤᠭᠠᠨ ᠬᠦᠦ ᠮᠥᠨ ᠬᠡᠳᠦᠢ ᠴᠦ᠍᠂ ᠭᠤᠸ᠎ᠠ ᠭᠦᠩᠵᠣᠰ ᠭᠣᠶᠣ ᠪᠠᠨ ᠭᠠᠷᠭᠠᠵᠤ ᠮᠥᠷᠭᠥᠮᠡᠷ ᠰᠠᠢᠬᠠᠨ ᠡᠷ᠎ᠡ ᠪᠠᠰᠠ ᠮᠥᠨ ᠬᠡᠳᠦᠢ ᠴᠦ᠍ ᠭᠠᠭᠴᠠ ᠥᠬᠢᠨ ᠢ᠋ᠶ᠋ᠡᠨ ᠥᠭᠴᠢᠯᠭᠡᠭᠰᠡᠨ ᠬᠠᠳᠠᠮ ᠤ᠋ᠨ ᠳᠡᠷᠭᠡᠳᠡ ᠡᠢᠨ ᠳᠣᠬᠢ ᠦᠭᠡᠢ ᠵᠠᠩᠨᠠᠬᠤ ᠨᠢ ᠰᠡᠷᠢᠺ ᠬᠠᠨ ᠳ᠋ᠤ᠌ ᠲᠡᠳᠦᠢ ᠯᠡ ᠳᠠᠭ᠎ᠠ ᠲᠠᠢ ᠰᠠᠨᠠᠭᠳᠠᠭᠰᠠᠨ ᠦᠭᠡᠢ ᠠᠵᠢ᠃ ᠶᠡᠷᠦ ᠡᠨᠡ ᠬᠢᠷᠢ ᠬᠡᠷᠡᠢᠳ ᠦ᠋ᠨ ᠣᠪᠣᠭ ᠤ᠋ᠨ ᠵᠢᠯᠣᠭᠣ ᠬᠡᠵᠢᠶᠡᠯ ᠬᠠᠨ ᠤ᠋ ᠭᠠᠷ ᠲᠤ᠌ ᠪᠠᠢᠪᠠ᠃ ᠬᠠᠳᠠᠮ ᠬᠠᠨ ᠡᠢᠨ ᠬᠤᠢᠰᠠᠭᠠᠨᠠᠬᠤ ᠳ᠋ᠤ᠌ ᠳᠠᠯᠳᠠ ᠤᠴᠢᠷ ᠢ᠋ ᠰᠠᠢᠲᠤᠷ ᠮᠡᠳᠡᠬᠦ ᠬᠠᠪᠤᠯ ᠬᠠᠭᠠᠨ᠂ 
       — ᠭᠤᠸ᠎ᠠ ᠲᠥᠷᠬᠦ ᠨᠢ ᠭᠣᠯᠣᠭᠳᠠᠵᠤ ᠪᠣᠯᠬᠤ ᠴᠤ᠌ ᠬᠦᠦ ᠲᠥᠷᠥᠭᠦᠯᠦᠭᠰᠡᠨ ᠢ᠋ᠶ᠋ᠡᠷ ᠢ᠋ᠶ᠋ᠡᠨ ᠰᠢᠯᠢᠭᠳᠡᠵᠦ ᠮᠡᠳᠡᠬᠦ ᠭᠤᠷᠪᠠᠨ ᠬᠠᠲᠤᠨ ᠭᠣᠯᠣᠮᠲᠠ ᠪᠠᠨ ᠰᠠᠬᠢᠵᠤ ᠰᠠᠭᠤᠳᠠᠭ ᠶᠤᠮ᠃ ᠴᠥᠭᠡᠨ ᠬᠡᠳᠦᠢ ᠴᠦ᠍ ᠣᠯᠠᠨ ᠲᠠᠢ ᠲᠡᠩᠴᠡᠬᠦ ᠰᠢᠳᠤᠷᠭᠤ ᠠᠯᠪᠠᠲᠤ ᠮᠢᠨᠢ ᠨᠠᠮᠠᠶ᠋ᠢ ᠲᠠᠬᠢᠵᠤ ᠪᠠᠢᠳᠠᠭ ᠶᠤᠮ᠃ ᠬᠥᠭᠰᠢᠨ ᠬᠠᠭᠠᠨ ᠨᠠᠳᠠ ᠳ᠋ᠤ᠌ ᠢᠯᠡᠭᠦᠦ ᠶᠠᠭᠤᠮ᠎ᠠ ᠬᠡᠷᠡᠭ ᠦᠭᠡᠢ ᠠ᠋ ᠭᠡᠳ ᠲᠣᠭᠣᠷᠢᠵᠤ ᠰᠠᠭᠤᠭᠰᠠᠨ ᠶᠡᠬᠡᠰ ᠢ᠋ ᠭᠦᠶᠦᠯᠭᠡᠨ ᠬᠠᠷᠠᠬᠤ ᠳ᠋ᠤ᠌ ᠰᠤᠭᠤ ᠶ᠋ᠢᠨ ᠳᠠᠭᠤᠳᠠᠯᠭ᠎ᠠ ᠰᠣᠨᠣᠰᠤᠭᠰᠠᠨ ᠵᠠᠯᠠᠭᠤ ᠪᠤᠭᠤ ᠰᠢᠭ᠋ ᠮᠡᠷᠭᠢᠳ ᠦ᠋ᠨ ᠳᠣᠲᠣᠷ ᠪᠢᠯᠭᠡ ᠴᠢᠬᠢᠨ ᠥᠨᠳᠡᠯᠵᠡᠵᠦ᠂ ᠨᠠᠢ᠍ᠮᠠᠨ ᠤ᠋ ᠢᠨᠠᠨᠴᠢ ᠪᠢᠯᠭᠡ ᠰᠣᠷᠲᠣᠯᠵᠠᠵᠤ᠂ ᠬᠠᠳᠠᠮ ᠢ᠋ᠶ᠋ᠠᠷ ᠬᠢᠩᠭᠠᠷᠳᠠᠭᠤᠯᠤᠭᠰᠠᠨ ᠴᠤ᠌ ᠬᠠᠰᠢᠷᠠᠭ᠎ᠠ ᠦᠭᠡᠢ ᠬᠣᠷᠵᠠᠬᠤᠰ ᠪᠣᠶᠤᠷᠤᠭ ᠬᠤᠯᠮᠠᠯᠵᠠᠨ᠂ ᠬᠠᠷᠢᠨ ᠬᠥᠮᠦᠨ ᠴᠥᠭᠡᠨ ᠪᠠᠭ᠎ᠠ ᠣᠪᠣᠭ ᠪᠣᠯᠬᠤ ᠬᠣᠩᠭᠢᠷᠠᠳ ᠣᠩᠭᠣᠳ ᠤ᠋ᠳ ᠨᠠᠮ ᠭᠦᠮ ᠠᠵᠢ᠃ ᠠᠮᠪᠠᠭᠠᠢ ᠰᠡᠴᠡᠨ ᠡᠯ᠎ᠡ ᠶᠠᠷᠢᠶ᠎ᠠ ᠬᠥᠭᠡᠷᠦᠭᠡ ᠥᠪᠡᠷ ᠲᠤᠨᠢ ᠣᠭᠲᠣ ᠬᠠᠮᠢᠶ᠎ᠠ ᠦᠭᠡᠢ ᠮᠡᠲᠦ ᠬᠠᠰ ᠴᠢᠯᠠᠭᠤ ᠪᠠᠷ ᠳᠣᠲᠣᠷᠯᠠᠵᠤ᠂ ᠪᠣᠷᠵᠢᠨ ᠴᠢᠯᠠᠭᠤ ᠪᠠᠷ ᠪᠠᠭᠠᠨ᠎ᠠ ᠬᠢᠭᠰᠡᠨ ᠳᠤᠭᠤᠢ ᠲᠠᠩᠬᠢᠮ ᠢ᠋ ᠲᠣᠭᠣᠷᠢᠭᠤᠯᠤᠨ ᠪᠣᠯᠭᠣᠭᠠᠵᠤ ᠰᠠᠭᠤᠪᠠ᠃ ᠬᠠᠪᠤᠯ ᠬᠠᠭᠠᠨ ᠨᠢᠭᠡᠨ ᠵᠢᠭᠳᠡ ᠳᠠᠭᠤ ᠪᠠᠷ᠂ 
       — ᠭᠡᠪᠡᠴᠦ ᠳᠡᠭᠡᠷ᠎ᠡ ᠮᠢᠨᠢ ᠰᠠᠭᠤᠵᠤ ᠳᠡᠭᠡᠪᠦᠷ ᠮᠢᠨᠢ ᠪᠣᠯᠵᠤ ᠪᠠᠢᠭᠰᠠᠨ᠂ ᠬᠠᠵᠠᠭᠤ ᠳ᠋ᠤ᠌ ᠮᠢᠨᠢ ᠬᠠᠯᠬᠠᠪᠴᠢ ᠮᠢᠨᠢ ᠪᠣᠯᠵᠤ ᠶᠠᠪᠤᠭᠰᠠᠨ ᠺᠢᠳᠠᠨ ᠭᠦᠷᠦᠨ ᠦ᠌ ᠰᠤᠷᠪᠤᠯᠵᠢᠲᠤ ᠨᠣᠶᠠᠳ ᠨᠠᠳᠠ ᠬᠡᠰᠢᠭ ᠬᠦᠷᠲᠡᠭᠡᠵᠦ ᠪᠠᠢᠬᠤ ᠳ᠋ᠤ᠌ ᠪᠢ ᠶᠠᠭᠤᠨ᠎ᠠ ᠲᠠᠲᠠᠭᠠᠯᠵᠠᠬᠤ ᠪᠢᠯᠡ᠃ ᠬᠠᠮᠤᠭ ᠮᠣᠩᠭᠣᠯ ᠤ᠋ᠨ 
         ᠲᠣᠭᠣᠨᠣᠲᠤ ᠪᠦᠬᠦᠨ ᠦ᠌ ᠲᠣᠲᠣᠭᠣᠨ ᠳ᠋ᠤ᠌ ᠮᠥᠷᠭᠥᠭᠦᠯᠦᠶ᠎ᠡ 
         ᠲᠣᠭᠤᠭᠠᠲᠤ ᠪᠦᠬᠦᠨ ᠦ᠌ ᠲᠣᠰᠣ ᠶ᠋ᠢ ᠳᠣᠯᠢᠶᠠᠯᠭᠠᠶ᠎ᠠ 
         ᠲᠣᠯᠣᠭᠠᠢ ᠨᠢ ᠡᠪᠦᠳᠦᠭ ᠬᠠᠪᠢᠴᠠᠭ᠎ᠠ ᠪᠠᠢᠭ 
         ᠲᠣᠬᠣᠢ ᠨᠢ ᠰᠢᠷᠢᠳᠡᠭ ᠬᠠᠪᠢᠴᠠᠭ᠎ᠠ ᠶᠠᠪᠤᠭ! ᠭᠡᠯ᠎ᠡ᠃  
       ᠶᠧᠯᠢᠦᠢ ᠲᠡᠰᠢ ᠴᠢᠮᠡᠭᠡ ᠦᠭᠡᠢ ᠲᠣᠯᠣᠭᠠᠢ ᠳᠣᠬᠢᠵᠤ ᠤᠳᠠᠭᠠᠨ ᠳᠠᠭᠤ ᠦᠭᠡᠢ ᠰᠠᠭᠤᠭᠰᠠᠨ ᠢ᠋ᠶ᠋ᠠᠨ᠂ 
       — ᠬᠠᠭᠠᠨ ᠠᠬ᠎ᠠ ᠲᠠ ᠲᠤᠩ ᠵᠥᠪ ᠰᠢᠢᠳᠪᠡ ᠬᠡᠮᠡᠪᠡᠯ ᠥᠪᠡᠷ ᠦ᠋ᠨ ᠳᠣᠲᠣᠷ᠎ᠠ ᠰᠠᠨᠠᠭ᠎ᠠ ᠶ᠋ᠢ ᠣᠳᠣ ᠯᠠ ᠬᠡᠯᠡᠬᠦ ᠴᠠᠭ ᠪᠣᠯᠤᠭᠰᠠᠨ ᠢ᠋ ᠮᠡᠳᠡᠷᠡᠵᠦ ᠬᠠᠪᠤᠯ ᠬᠠᠭᠠᠨ᠂ 
       — ᠬᠣᠯᠠ ᠭᠠᠵᠠᠷ ᠢ᠋ ᠵᠣᠷᠢᠬᠤ ᠳ᠋ᠤ᠌ ᠪᠤᠷᠤᠭᠤ ᠡᠯᠢᠭᠡᠳᠡᠨ ᠪᠠᠢᠲᠤᠭᠠᠢ ᠬᠠᠯᠠᠭᠤᠨ ᠲᠥᠷᠥᠯᠲᠡᠨ ᠯᠡ ᠬᠠᠯᠠᠰᠢᠷᠠᠵᠤ᠂ ᠪᠡᠶ᠎ᠡ ᠪᠡᠶ᠎ᠡ ᠳ᠋ᠡᠭᠡᠨ ᠮᠡᠰᠡ ᠡᠷᠭᠦᠳᠡᠭ ᠶᠦᠮ ᠭᠡᠳᠡᠭ᠃ ᠥᠰᠲᠦ ᠲᠠᠲ᠋ᠠᠷ ᠠ᠋ᠴᠠ ᠬᠤᠷᠢᠶᠠᠵᠤ ᠠᠪᠤᠭᠰᠠᠨ ᠥᠩᠭᠡ ᠲᠡᠢ ᠥᠭᠡᠳᠡ ᠲᠡᠢ ᠪᠡᠨ ᠪᠣᠯ ᠠᠴᠢᠭᠠᠳ ᠨᠡᠭᠦᠬᠦ ᠨᠢ ᠥᠯᠵᠡᠢ ᠪᠢᠵᠡ! ᠠᠯᠤᠰ ᠭᠠᠵᠠᠷ ᠠᠮᠢᠨ ᠳ᠋ᠤ᠌ ᠣᠷᠣᠬᠤ ᠨᠢ ᠠᠯᠲᠠ ᠯᠠ ᠪᠠᠢᠳᠠᠭ ᠭᠡᠳᠡᠭ᠃ ᠬᠠᠷᠢᠨ ᠤᠷᠲᠤ ᠵᠠᠮ ᠳ᠋ᠤ᠌ ᠤᠷᠰᠢᠭ ᠲᠠᠷᠢᠬᠤ᠂ ᠤᠷᠪᠠᠵᠤ ᠲᠡᠷᠰᠯᠡᠨ ᠤᠰᠠᠳᠬᠠᠵᠤ ᠮᠡᠳᠡᠬᠦ ᠡᠯᠢᠭᠡ ᠪᠤᠷᠤᠭᠤ ᠪᠦᠬᠦᠨ ᠢ᠋ ᠡᠨᠳᠡ ᠦᠯᠡᠳᠡᠭᠡᠭᠡᠳ ᠶᠠᠪᠤ ᠳᠠ! ᠠᠶᠠᠨ ᠵᠠᠮ ᠳ᠋ᠤ᠌ ᠰᠡᠳᠬᠢᠯ ᠦ᠋ᠨ ᠴᠥᠪ ᠦᠭᠡᠢ ᠶᠠᠪᠤᠬᠤ ᠨᠢ ᠠᠮᠤᠷ ᠪᠠᠢᠳᠠᠭ ᠭᠡᠯ᠎ᠡ᠃ ᠡᠪᠦᠭᠡᠨ ᠬᠠᠪᠤᠯ ᠴᠣᠬᠣᠮ ᠭᠠᠵᠠᠷ ᠳᠡᠭᠡᠷ᠎ᠡ ᠪᠡᠨ ᠰᠠᠭᠤᠭ᠎ᠠ ᠬᠠᠭᠠᠨ ᠬᠥᠮᠦᠨ ᠮᠡᠲᠦ ᠪᠠᠭᠤᠷᠢᠯᠠᠬᠠᠭ ᠪᠠᠢᠵᠤ᠂ ᠭᠠᠭᠴᠠ ᠬᠦᠦ ᠪᠡᠨ ᠰᠤᠷᠭᠠᠵᠤ ᠰᠠᠭᠤᠭ᠎ᠠ ᠡᠴᠢᠭᠡ ᠮᠡᠲᠦ ᠡᠯᠢᠭᠡᠮᠰᠦᠭ ᠠᠢᠯᠠᠳᠬᠠᠪᠠ᠃ ᠶᠸᠯᠢᠦᠢ ᠳᠠᠰᠢ ᠶ᠋ᠢᠨ ᠦᠨᠡᠨ ᠰᠠᠨᠠᠭ᠎ᠠ ᠴᠤᠬᠤᠯᠵᠠᠬᠤ ᠠ᠋ᠴᠠ ᠡᠮᠦᠨ᠎ᠡ ᠬᠦᠰᠡᠯ ᠢ᠋ ᠨᠢ ᠬᠢᠰᠠᠵᠤ᠂ ᠦᠭᠡ ᠶ᠋ᠢ ᠨᠢ ᠬᠠᠰᠢᠵᠤ ᠠᠪᠤᠪᠠ᠃ ᠺᠢᠳᠠᠨ ᠵᠠᠩᠵᠤᠨ ᠪᠣᠳᠣᠯ ᠤ᠋ᠨ ᠨᠡᠭᠦᠳᠡᠯ ᠮᠤᠬᠤᠷᠳᠠᠭᠰᠠᠨ ᠢ᠋ᠶ᠋ᠠᠨ ᠪᠦᠦᠷ ᠲᠦᠦᠷᠬᠡᠨ ᠤᠬᠠᠭᠠᠷᠠᠵᠤ ᠠᠪᠠᠢ᠃ ᠺᠢᠳᠠᠨ ᠭᠦᠷᠦᠨ ᠦ᠌ ᠵᠠᠬ᠎ᠠ ᠬᠢᠵᠠᠭᠠᠷ ᠬᠡᠭᠡᠷ᠎ᠡ ᠶ᠋ᠢᠨ ᠠᠷᠪᠠᠨ ᠨᠠᠢ᠍ᠮᠠᠨ ᠠᠢᠮᠠᠭ ᠢ᠋ ᠥᠪᠡᠷ ᠦ᠋ᠨ ᠨᠤᠲᠤᠭ ᠮᠡᠲᠦ ᠪᠣᠳᠣᠵᠤ ᠭᠡᠷ ᠢ᠋ᠶ᠋ᠡᠨ ᠪᠠᠭᠤᠯᠭᠠᠵᠤ᠂ ᠲᠥᠷᠥ ᠪᠡᠨ ᠲᠥᠪᠬᠢᠨᠡᠭᠦᠯᠦᠭᠡᠳ ᠠᠯᠲᠠᠨ ᠤᠯᠤᠰ ᠲᠠᠢ ᠡᠭᠡᠨ ᠪᠠᠢᠯᠳᠤᠵᠤ ᠴᠤ᠌ ᠪᠣᠯᠬᠤ ᠭᠠᠵᠠᠷ ᠰᠢᠷᠣᠢ ᠭᠡᠵᠦ ᠶᠸᠯᠢᠦᠢ ᠳᠠᠰᠢ ᠪᠣᠳᠣᠵᠤ ᠶᠠᠪᠤᠭᠰᠠᠨ ᠨᠢ ᠬᠣᠯᠠ ᠵᠥᠷᠢᠵᠡᠢ᠃ ᠲᠡᠷᠡ ᠥᠪᠡᠷ ᠦ᠋ᠨ ᠡᠷᠬᠡ ᠦᠭᠡᠢ ᠰᠠᠨᠠᠭ᠎ᠠ ᠠᠯᠳᠠᠪᠠ᠃ ᠴᠢᠩᠭᠢᠭᠰᠡᠨ ᠳ᠋ᠡᠭᠡᠨ ᠪᠠᠰᠠ ᠬᠦ ᠵᠣᠪᠠᠨᠢᠵᠤ ᠦᠨᠡᠨᠴᠢ ᠳᠠᠭᠠᠭᠤᠯ ᠠᠷᠪᠠᠨ ᠭᠤᠷᠪᠠᠨ ᠰᠢᠳᠠᠷ ᠢ᠋ᠶ᠋ᠠᠨ ᠬᠤᠯᠠᠭᠠᠢ ᠨᠢᠳᠦ ᠪᠡᠷ ᠬᠠᠷᠠᠪᠠᠯ ᠡᠬᠡ ᠪᠡᠨ ᠠᠯᠳᠠᠭᠰᠠᠨ ᠬᠡᠦᠬᠡᠳ ᠡᠯᠢᠭᠡ ᠪᠡᠨ ᠲᠡᠪᠡᠷᠢᠨ ᠵᠣᠭᠰᠣᠬᠤ ᠮᠡᠲᠦ ᠰᠠᠨᠠᠭ᠎ᠠ ᠰᠡᠳᠬᠢᠯ ᠰᠦᠷᠡᠬᠡᠢ ᠠᠯᠳᠠᠭᠳᠠᠵᠤ᠂ ᠴᠢᠷᠠᠢ ᠳᠠᠷᠤᠭᠰᠠᠨ ᠬᠠᠷᠠᠭᠳᠠᠨ᠎ᠠ᠃ ᠶᠠᠭᠤ ᠲᠠᠢ ᠴᠣ ᠡᠪᠦᠭᠡᠨ ᠬᠠᠪᠤᠯ ᠬᠠᠭᠠᠨ ᠢᠯᠳᠦ ᠮᠡᠰᠡ ᠪᠡᠷ ᠪᠤᠰᠤ ᠶᠡᠬᠡ ᠤᠬᠠᠭᠠᠨ ᠢ᠋ᠶ᠋ᠠᠷ ᠥᠪᠡᠷ ᠦ᠋ᠨ ᠨᠤᠲᠤᠭ ᠢ᠋ ᠲᠡᠳᠦᠢ ᠦᠭᠡᠢ᠂ ᠥᠷᠥᠭᠡᠯ ᠵᠡᠷᠭᠡᠯᠡᠳᠡᠭᠡ ᠠᠢᠮᠠᠭ ᠤ᠋ᠨ ᠨᠤᠲᠤᠭ ᠢ᠋ ᠴᠦ᠍ ᠺᠢᠳᠠᠨ ᠲᠥᠷᠥ ᠶ᠋ᠢᠨ ᠰᠠᠪᠠᠷ ᠠ᠋ᠴᠠ ᠴᠢᠯᠥᠭᠡᠯᠡᠭᠡᠳ ᠠᠪᠤᠪᠠ ᠪᠣᠯᠤᠯᠲᠠᠢ᠃ ᠲᠡᠭᠡᠭᠡᠳ ᠴᠦ᠍ ᠲᠠᠪᠤᠨ ᠲᠦᠮᠡᠲᠦ ᠪᠡᠨ ᠵᠢᠭᠰᠠᠭᠠᠵᠤ ᠲᠤᠰᠠᠯᠠᠭᠰᠠᠨ᠂ ᠲᠠᠪᠤᠨ ᠬᠦᠦ ᠪᠡᠨ ᠢᠯᠡᠭᠡᠵᠦ ᠲᠡᠳᠬᠦᠭᠰᠡᠨ ᠪᠤᠭᠤᠷᠤᠯ ᠬᠠᠪᠤᠯ ᠬᠠᠭᠠᠨ ᠶᠧᠯᠢᠦᠢ ᠳᠠᠰᠢ ᠳ᠋ᠤ᠌ ᠭᠠᠷ ᠰᠤᠩᠭᠠᠭ᠎ᠠ ᠦᠭᠡᠢ ᠭᠡᠬᠦ ᠶ᠋ᠢᠨ ᠠᠷᠭ᠎ᠠ ᠦᠭᠡᠢ ᠲᠤᠯᠠ ᠳᠡᠮᠡᠢ ᠯᠡ ᠰᠠᠭᠤᠳᠠᠯ ᠵᠠᠰᠠᠵᠤ᠂ 
       — ᠭᠡᠷ ᠠᠴᠢᠶᠠᠯᠠᠵᠤ ᠨᠤᠲᠤᠭ ᠰᠡᠯᠭᠦᠳᠡᠭ ᠵᠠᠩᠰᠢᠯ ᠪᠠᠢᠬᠤ ᠳ᠋ᠤ᠌ ᠲᠥᠷᠥ ᠠᠴᠢᠶᠠᠯᠠᠵᠤ ᠭᠠᠵᠠᠷ ᠰᠡᠯᠭᠦᠳᠡᠭ ᠵᠠᠩᠰᠢᠯ ᠪᠠᠰᠠ ᠪᠠᠢᠳᠠᠭ ᠭᠡᠵᠦ ᠥᠭᠦᠯᠡᠪᠡ᠃ ᠢᠯᠠᠭᠳᠠᠭᠰᠠᠨ ᠲᠥᠷᠥ ᠶ᠋ᠢᠨ ᠶᠡᠬᠡ ᠪᠣᠭᠣᠯᠭᠠᠨ ᠠ᠋ᠴᠠ ᠬᠠᠪᠤᠯ ᠬᠠᠭᠠᠨ ᠤ᠋ ᠤᠷᠠᠨ ᠨᠡᠭᠦᠳᠡᠯ ᠢ᠋ᠶ᠋ᠡᠷ ᠮᠤᠯᠲᠤᠷᠠᠵᠤ ᠭᠠᠷᠤᠭᠰᠠᠨ ᠳ᠋ᠠᠭᠠᠨ ᠪᠠᠶᠠᠰᠤᠭᠰᠠᠨ ᠨᠣᠶᠠᠳ ᠰᠠᠶᠢ ᠯᠠ ᠴᠡᠭᠡᠵᠢ ᠲᠡᠨᠢᠭᠡᠷ ᠠᠮᠢᠰᠬᠤᠭ᠎ᠠ ᠠᠪᠴᠤ᠂ ᠬᠠᠷᠢᠨ ᠴᠤ᠌ ᠣᠯᠵᠠᠨ ᠤ᠋ ᠲᠠᠲ᠋ᠠᠷ ᠪᠣᠭᠣᠯ ᠤ᠋ᠳ ᠠ᠋ᠴᠠ ᠡᠪᠡᠳᠴᠢᠨ ᠰᠢᠷᠬ᠎ᠠ ᠦᠭᠡᠢ ᠡᠷ᠎ᠡ᠂ ᠥᠩᠭᠡ ᠵᠢᠰᠦ ᠲᠡᠢ ᠡᠮ᠎ᠡ ᠶ᠋ᠢ ᠠᠬᠢᠭᠤᠬᠠᠨ ᠬᠦᠷᠲᠡᠬᠦ ᠲᠤᠬᠠᠢ ᠳ᠋ᠤ᠌ ᠪᠣᠳᠣᠯᠬᠢᠯᠠᠵᠤ ᠰᠠᠭᠤᠪᠠᠢ᠃ 
       — ᠲᠡᠢᠮᠦ ᠠ᠋᠂ ᠡᠷᠬᠢᠮ ᠠ᠋! ᠾᠦᠨ ᠣᠪᠣᠭ ᠤ᠋ᠨ ᠦᠶ᠎ᠡ ᠳ᠋ᠦ᠍ ᠵᠢᠵᠢ ᠴᠡᠨ ᠢᠦᠢ ᠠᠮᠢ ᠠᠯᠳᠠᠬᠤ ᠳ᠋ᠤ᠌ ᠲᠡᠬᠦᠴᠡᠭᠡ ᠨᠡᠭᠦᠳᠡᠯ ᠥᠷᠥᠨ᠎ᠡ ᠶ᠋ᠢ ᠵᠣᠷᠢᠭᠰᠠᠨ ᠭᠡᠳᠡᠭ ᠪᠢᠯᠡ᠃ ᠶᠡᠬᠡ ᠨᠡᠭᠦᠳᠡᠯ ᠦ᠋ᠨ ᠲᠦᠷᠦᠭᠦᠴᠢ ᠲᠡᠳᠡ ᠪᠠᠢᠭᠰᠠᠨ ᠪᠢᠵᠡ᠃ ᠮᠣᠷᠢᠨ ᠲᠤᠭᠤᠷᠠᠢ ᠶ᠋ᠢᠨ ᠮᠥᠷ ᠨᠢ ᠪᠦᠳᠡᠭᠢᠷᠡᠵᠦ ᠪᠣᠢ ᠠᠯᠤᠰ  ᠲᠤ᠌ ᠣᠪᠣᠭ ᠤ᠋ᠨ ᠰᠤᠷᠠᠭ ᠢ᠋ ᠠᠬᠢᠨ ᠭᠠᠷᠭᠠᠬᠤ ᠶᠡᠬᠡ ᠬᠤᠪᠢ ᠵᠠᠶᠠᠭ᠎ᠠ ᠲᠠᠨ ᠳ᠋ᠤ᠌ ᠣᠨᠣᠭᠠᠵᠠᠢ ᠭᠡᠳ ᠬᠠᠪᠤᠯ ᠬᠠᠭᠠᠨ ᠪᠣᠰᠴᠤ᠂ ᠪᠠᠳᠮᠠᠷᠠᠭ᠎ᠠ ᠰᠢᠭᠢᠳᠭᠡ ᠲᠡᠢ ᠮᠥᠩᠭᠥᠨ ᠬᠤᠢ ᠲᠠᠢ ᠠᠯᠲᠠᠨ ᠰᠡᠯᠡᠮ᠎ᠡ ᠪᠠᠷᠢᠵᠤ᠂ 
       — ᠠᠯᠲᠠᠨ ᠰᠡᠯᠡᠮ᠎ᠡ ᠦᠭᠭᠦᠭᠰᠡᠨ ᠬᠥᠮᠦᠨ ᠢ᠋ ᠠᠯᠠᠵᠤ ᠪᠣᠯᠳᠠᠭ ᠦᠭᠡᠢ ᠭᠡᠳᠡᠭ ᠪᠢᠯᠡ ᠭᠡᠵᠦ ᠲᠣᠭᠯᠠᠭᠠᠮ ᠮᠡᠲᠦ ᠥᠭᠦᠯᠡᠭᠰᠡᠨ ᠴᠣ ᠭᠠᠨᠵᠤᠭᠠᠯᠠᠭ᠎ᠠ ᠰᠠᠨᠠᠭ᠎ᠠ ᠶ᠋ᠢ ᠶᠸᠯᠢᠣᠢ ᠳᠠᠰᠢ ᠰᠠᠢᠲᠤᠷ ᠤᠬᠠᠭᠠᠷᠠᠵᠤ᠂ 
       — ᠬᠠᠭᠠᠨ ᠠᠬ᠎ᠠ ᠶ᠋ᠢᠨ ᠬᠡᠰᠢᠭ ᠲᠦ᠍ ᠮᠥᠷᠭᠥᠶ᠎ᠡ ᠭᠡᠮᠡᠨ ᠳᠤᠬᠤᠨ ᠳ᠋ᠠᠭᠠᠨ ᠬᠦᠷᠭᠡᠭᠡᠳ ᠪᠥᠰᠡᠨ ᠳ᠋ᠡᠭᠡᠨ ᠬᠠᠪᠴᠢᠭᠤᠯᠤᠭᠰᠠᠨ ᠢ᠋ᠶ᠋ᠠᠨ ᠡᠨᠡᠬᠡᠨ ᠬᠣᠷᠣᠮ ᠳ᠋ᠤ᠌ ᠪᠠᠢᠳᠠᠯ ᠢ᠋ ᠴᠡᠩᠨᠡᠵᠦ ᠨᠢᠭᠡᠨ ᠲᠡᠢᠰᠢ ᠪᠣᠯᠭᠠᠭᠰᠠᠨ ᠰᠢᠳᠮᠡᠭ ᠬᠠᠷᠠᠴᠠ ᠪᠠᠷ ᠪᠦᠭᠦᠳᠡ ᠶ᠋ᠢ ᠲᠣᠭᠣᠷᠢᠭᠤᠯᠤᠨ ᠬᠠᠷᠠᠵᠤ᠂ 
       — ᠭᠠᠯ ᠢ᠋ᠶ᠋ᠠᠨ ᠥᠷᠲᠡᠭᠡᠯᠡᠵᠦ᠂ ᠭᠠᠵᠠᠷ ᠢ᠋ᠶ᠋ᠠᠨ ᠲᠥᠭᠡᠯᠡᠵᠦ ᠶᠠᠪᠤᠭ᠎ᠠ ᠪᠢᠳᠡᠨ ᠳ᠋ᠦ᠍ ᠳᠠᠢᠰᠤᠨ ᠢ᠋ᠶ᠋ᠠᠨ ᠳᠠᠭᠠᠭᠤᠯᠵᠤ ᠶᠠᠪᠤᠬᠤ ᠰᠠᠨᠠᠭ᠎ᠠ ᠠᠯᠠᠭ᠎ᠠ! ᠲᠦᠮᠡ ᠭᠠᠷᠤᠢ ᠲᠠᠲ᠋ᠠᠷ ᠢ᠋ ᠲᠡᠮᠦᠷ ᠭᠠᠪᠠ ᠪᠠᠷ ᠭᠠᠪᠠᠯᠠᠵᠤ ᠲᠠᠭᠤᠭᠰᠠᠨ ᠪᠢᠯᠡ᠃ ᠬᠠᠪᠤᠯ ᠬᠠᠭᠠᠨ ᠤ᠋ ᠨᠠᠰᠤ᠂ ᠤᠬᠠᠭᠠᠨ ᠬᠣᠶᠠᠷ ᠢ᠋ ᠬᠦᠨᠳᠦᠯᠡᠵᠦ ᠭᠤᠸ᠎ᠠ ᠬᠠᠲᠤᠨ ᠪᠦᠯᠵᠢᠭᠡᠨ ᠢ᠋᠂ᠲᠡᠮᠦᠵᠢᠨ ᠦᠭᠡ ᠬᠦᠦ ᠶ᠋ᠢᠨ ᠬᠠᠮᠲᠤ ᠭᠤᠷᠪᠠᠨ ᠮᠢᠩᠭᠠᠨ ᠴᠠᠭᠠᠨ ᠲᠠᠲ᠋ᠠᠷ ᠲᠠᠢ ᠥᠭᠭᠦᠶ᠎ᠡ! 
       ᠬᠠᠪᠤᠯ ᠬᠠᠭᠠᠨ ᠶᠡᠬᠡ ᠯᠡ ᠡᠷᠬᠢᠮᠰᠦᠭ ᠢ᠋ᠶ᠋ᠡᠷ ᠴᠡᠭᠡᠵᠢ ᠪᠡᠨ ᠳᠠᠷᠤᠵᠤ᠂ ᠶᠡᠬᠡᠮᠰᠦᠭ ᠮᠢᠰᠢᠶᠡᠵᠦ ᠮᠡᠬᠦᠢᠰᠬᠢᠪᠡ᠃ ᠶᠠᠭᠤ ᠲᠠᠢ ᠴᠤ᠌ ᠣᠶᠤᠨ ᠤᠬᠠᠭᠠᠨ ᠤ᠋ ᠡᠪᠡᠰᠦ ᠦᠭᠡᠢ ᠲᠠᠯ᠎ᠠ ᠳ᠋ᠠᠬᠢ ᠴᠢᠰᠤ ᠦᠭᠡᠢ ᠲᠡᠢᠨ ᠳ᠋ᠦ᠍ ᠲᠡᠷᠡ ᠢᠯᠠᠵᠠᠢ᠃ ᠲᠥᠷᠥ ᠪᠡᠨ᠂ ᠲᠦᠮᠡᠨ ᠲᠡᠢ ᠪᠡᠨ ᠨᠡᠭᠦᠯᠭᠡᠵᠦ ᠶᠠᠪᠤᠭ᠎ᠠ ᠶᠸᠯᠢᠣᠢ ᠲᠡᠰᠢ ᠬᠦᠷᠢᠶ᠎ᠡ ᠬᠦᠷᠢᠶ᠎ᠡ ᠴᠡᠷᠢᠭ ᠲᠡᠢ ᠬᠡᠳᠦᠢ ᠴᠦ᠍ ᠬᠥᠮᠦᠨ ᠦ᠌ ᠨᠤᠲᠤᠭ  ᠲᠤ᠌ ᠪᠠᠢᠭ᠎ᠠ ᠪᠠᠨ ᠶᠠᠰᠤ ᠮᠢᠬᠠᠨ ᠳ᠋ᠠᠭᠠᠨ ᠲᠤᠯᠲᠠᠯ᠎ᠠ ᠮᠡᠳᠡᠷᠡᠯ᠎ᠡ᠃ ᠲᠡᠷᠡ ᠭᠡᠮ ᠢ᠋ᠶ᠋ᠡᠷ ᠪᠠᠶᠠᠷ ᠪᠠᠶᠠᠰᠬᠤᠯᠠᠩ ᠲᠠᠢ ᠬᠠᠷᠠᠭᠳᠠᠵᠤ᠂ ᠡᠯᠪᠡᠭ ᠥᠭᠭᠢᠶᠡᠮᠦᠷ ᠵᠠᠩᠨᠠᠬᠤ ᠶ᠋ᠢ ᠯᠡ ᠬᠢᠴᠢᠶᠡᠵᠦ ᠦᠯᠡᠳᠡᠵᠡᠢ᠃ ᠡᠭᠦᠨ ᠡᠴᠡ ᠥᠭᠡᠷ᠎ᠡ ᠨᠡᠭᠦᠳᠡᠯ ᠲᠡᠭᠦᠨ ᠳ᠋ᠦ᠍ ᠦᠯᠡᠳᠡᠭᠰᠡᠨ ᠦᠭᠡᠢ᠃ 
       — ᠥᠨᠥᠴᠢᠨ ᠬᠡᠷᠡᠢᠳ ᠦ᠋ᠨ ᠵᠠᠯᠠᠭᠤ ᠪᠣᠶᠣᠷᠤᠭ ᠲᠤ᠌ ᠨᠢᠭᠦᠯᠲᠦ ᠴᠠᠷᠺᠢᠯ ᠨᠣᠳᠤᠢ ᠶ᠋ᠢ ᠴᠠᠭᠠᠵᠠᠯᠠᠬᠤ ᠡᠷᠬᠡ᠂ ᠴᠠᠭᠠᠨ ᠲᠠᠲ᠋ᠠᠷ ᠠ᠋ᠴᠠ ᠦᠯᠡᠳᠡᠭᠰᠡᠨ ᠮᠢᠩᠭᠠᠨ ᠪᠣᠭᠣᠯ ᠢ᠋ ᠥᠭᠲᠦᠭᠡᠢ᠂ ᠨᠠᠢ᠍ᠮᠠᠨ ᠣᠪᠣᠭ ᠤ᠋ᠨ ᠨᠠᠷᠺᠢᠰᠢ ᠳᠠᠶᠠᠨ ᠲᠠᠨ ᠳ᠋ᠤ᠌ ᠠᠯᠴᠢ ᠲᠠᠲ᠋ᠠᠷ ᠢ᠋᠂ ᠮᠡᠷᠭᠢᠳ ᠦ᠋ᠨ ᠵᠠᠯᠠᠭᠤ ᠴᠢᠬᠢᠨ ᠳ᠋ᠦ᠍ ᠲᠠᠲᠠᠭᠤᠳ ᠲᠠᠲ᠋ᠠᠷ᠂ ᠲᠠᠢᠴᠢᠭᠤᠳ ᠤ᠋ᠨ ᠠᠮᠪᠠᠭᠠᠢ ᠬᠠᠭᠠᠨ ᠳ᠋ᠤ᠌ ᠠᠯᠤᠬᠠᠢ ᠲᠠᠲ᠋ᠠᠷ ᠣᠨᠣᠭᠳᠠᠨ᠎ᠠ᠃ ᠠᠪᠲᠤᠭᠠᠢ! ᠵᠠᠷᠤᠲᠤᠭᠠᠢ! ᠬᠡᠮᠡᠭᠰᠡᠨ ᠢ᠋ᠶ᠋ᠡᠨ ᠬᠡᠰᠢᠭ ᠲᠦᠭᠡᠭᠡᠯ ᠳᠠᠭᠤᠰᠤᠭᠰᠠᠨ ᠢ᠋ ᠮᠡᠳᠡᠭᠦᠯᠵᠦ ᠲᠦᠰᠢᠯᠭᠡᠲᠦ ᠰᠡᠲᠡᠢᠨ ᠡᠴᠡ ᠪᠣᠰᠴᠤ ᠡᠭᠦᠳᠡ ᠵᠦᠭᠯᠡᠪᠡ᠃ ᠴᠢᠩᠭᠢᠬᠦ ᠳ᠋ᠦ᠍ ᠠᠮᠪᠠᠭᠠᠢ ᠬᠣᠭᠣᠯᠠᠢ ᠵᠠᠰᠠᠨ ᠥᠷᠥᠰᠢᠶᠡᠯ ᠡᠷᠢᠵᠦ᠂ 
       — ᠡᠷᠬᠢᠮ ᠲᠠᠨ ᠤ᠋ ᠥᠭᠭᠢᠶᠡᠮᠦᠷ  ᠲᠦ᠍ ᠪᠢ ᠭᠦᠨ᠎ᠡ ᠪᠡᠶᠡᠰᠴᠦ ᠪᠠᠢᠨ᠎ᠠ᠃ ᠮᠢᠨᠦ ᠲᠠᠢᠴᠢᠭᠤᠳ ᠬᠡᠳᠦᠢᠨ ᠡᠴᠡ ᠶᠡᠬᠡ ᠭᠡᠷ ᠬᠠᠮᠤᠭ ᠮᠣᠩᠭᠣᠯ ᠤ᠋ᠨ ᠬᠠᠶᠠᠭᠠᠨ ᠳ᠋ᠤ᠌ ᠢᠯᠡᠭᠦᠦ ᠭᠡᠷ ᠮᠡᠲᠦ ᠶᠠᠪᠤᠵᠤ ᠡᠳᠦᠢ ᠶ᠋ᠢ ᠬᠦᠷᠦᠭᠰᠡᠨ ᠪᠢᠯᠡ᠃ ᠨᠠᠳᠠ ᠳ᠋ᠤ᠌ ᠡᠷᠭᠦᠬᠦ ᠠᠯᠤᠬᠠᠢ ᠲᠠᠲ᠋ᠠᠷ ᠢ᠋ ᠬᠠᠭᠠᠨ ᠠᠬ᠎ᠠ ᠶ᠋ᠢᠨ ᠠᠯᠪᠠᠲᠤ ᠳ᠋ᠤ᠌ ᠣᠷᠣᠭᠤᠯᠵᠤ ᠲᠣᠭᠠᠯᠠᠨ᠎ᠠ ᠤᠤ᠃ ᠮᠢᠨᠦ ᠠᠯᠪᠠᠲᠤ ᠴᠥᠭᠡᠨ᠂ ᠨᠤᠲᠤᠭ ᠪᠠᠭ᠎ᠠ ᠪᠢᠯᠡ ᠭᠡᠳ ᠮᠡᠬᠦᠢᠬᠦ ᠳ᠋ᠦ᠍ ᠶᠧᠯᠢᠦᠢ ᠳᠠᠰᠢ᠂  
       — ᠲᠠᠨ ᠤ᠋ ᠲᠠᠭᠠᠯᠠᠯ ᠢ᠋ᠶ᠋ᠠᠷ ᠪᠣᠯᠤᠭ! ᠭᠡᠵᠡᠢ᠃ ᠲᠠᠯ᠎ᠠ ᠶ᠋ᠢᠨ ᠨᠣᠶᠠᠳ ᠬᠠᠪᠤᠯ ᠬᠠᠭᠠᠨ ᠢ᠋ ᠳᠠᠭᠠᠨ ᠬᠣᠰᠢᠭᠤᠷᠠᠵᠤ ᠪᠣᠰᠤᠯ᠎ᠠ᠃

            ᠦᠰᠦᠭ ᠠᠮᠢᠯᠠᠭᠤᠯᠤᠭᠴᠢ᠄ ᠣᠶᠤᠨᠪᠢᠯᠢᠭ᠌᠂ ᠨᠠᠷᠠᠨᠲᠤᠶᠠᠭ᠎ᠠ᠂ ᠭᠡᠷᠡᠯ᠂ 
                         ᠬᠡᠯᠡᠰᠣᠶᠣᠯ( ᠪᠤᠤ ᠸᠧᠨ ᠬᠤᠸᠠ)᠂ ᠮᠥᠩᠭᠥᠨ᠂ ᠤᠷᠠᠨᠴᠢᠮᠡᠭ᠂ 
                         ᠡᠭᠦᠯᠡᠩᠬᠤᠸᠠᠷ᠂ ᠪᠠᠶᠠᠨᠴᠡᠴᠡᠭ᠂ ᠪᠠᠢ᠂ ᠰᠠᠷᠠᠨ᠎ᠠ᠂ 
                         ᠬᠡᠷᠡᠢᠳ ᠮᠥᠩᠬᠡᠨᠠᠰᠤᠨ᠂ ᠠᠯᠲᠠᠨᠴᠢᠮᠡᠭ᠂ ᠣᠶᠤᠨᠴᠢᠮᠡᠭ᠂ 
                         ᠡᠷᠳᠡᠨᠢᠭᠤᠸ᠎ᠠ᠂ ᠰᠣᠶᠣᠯᠲᠤ 
                 ᠬᠢᠨᠠᠭᠴᠢ᠄ ᠣᠳᠬᠠᠨᠰᠣ᠎ᠠ᠂ ᠭᠠᠷᠮ᠎ᠠ᠂ ᠨᠠᠷᠠᠨ᠂ ᠪᠠᠯ᠂ ᠪᠠᠶᠠᠨᠴᠡᠴᠡᠭ᠂ 
                          ᠮᠣᠩᠭᠣᠯ ᠰᠦᠨᠡᠰᠦ᠂ ᠬᠡᠯᠡᠰᠣᠶᠣᠯ(ᠪᠦᠦ ᠸᠧᠨ ᠬᠤᠸᠠ) ᠡᠭᠦᠯᠡᠩᠬᠤᠸᠠᠷ