ᠳᠠᠷᠢᠭᠠᠩᠭ᠎ᠠ ᠠᠶᠠᠯᠭᠤ - ᠸᠠᠴᠢᠷᠪᠠᠲᠤ ᠶ᠋ᠢᠨ ᠳᠠᠰᠢᠪᠠᠯᠪᠠᠷ Дарьганга аялгуу - Очирбатын Дашбалбар
ᠳᠠᠷᠢᠭᠠᠩᠭ᠎ᠠ ᠠᠶᠠᠯᠭᠤ
ᠠᠯᠢᠶ᠎ᠠ ᠪᠠᠭᠠᠬᠠᠨ ᠬᠦᠦ ᠲᠡᠢ ᠪᠡᠨ ᠡᠷᠲᠡᠬᠡᠨ ᠤᠴᠠᠷᠠᠬᠤ ᠨᠢ ᠶᠠᠭᠠᠬᠢᠪᠠ ᠳᠠ
ᠠᠯᠠᠭᠯᠠᠨ ᠠᠯᠠᠭᠯᠠᠨ ᠤᠷᠭᠤᠪᠠᠴᠤ᠂ ᠠᠮᠠᠷᠬᠠᠨ ᠭᠠᠩᠳᠠᠬᠤ ᠴᠡᠴᠡᠭᠡᠰ
ᠠᠮᠢᠲᠠᠨ ᠤ᠋ ᠵᠢᠭᠠᠬᠠᠨ ᠦᠷ᠎ᠡ ᠶ᠋ᠢ ᠪᠡᠨ ᠬᠡᠳᠦᠢ ᠪᠣᠯᠲᠠᠯ᠎ᠠ ᠤᠢᠮᠤᠷᠠᠬᠤ ᠪᠣᠢ
ᠡᠵᠢ ᠶ᠋ᠢᠨ ᠣᠶᠣᠭᠰᠠᠨ ᠳᠡᠪᠡᠯ ᠦ᠋ᠨ ᠡᠩᠭᠡᠷ ᠢ᠋ ᠨᠣᠷᠭᠠᠵᠤ ᠤᠬᠢᠯᠠᠭᠰᠠᠨ ᠴᠤ᠌
ᠡᠨᠡ ᠯᠡ ᠶᠠᠪᠤᠭ᠎ᠠ ᠨᠠᠰᠤᠨ ᠳ᠋ᠤ᠌ ᠣᠷᠣᠢᠲᠠᠭᠰᠠᠨ ᠬᠠᠢᠷ᠎ᠠ ᠮᠢᠨᠢ ᠳᠡ
ᠡᠭᠡᠴᠢ ᠶ᠋ᠢᠨ ᠬᠡᠯᠡᠭᠰᠡᠨ ᠦᠭᠡ ᠶ᠋ᠢᠨ ᠡᠷᠴᠢ ᠶ᠋ᠢ ᠰᠤᠯᠠᠷᠠᠭᠤᠯᠵᠤ ᠪᠣᠳᠣᠭᠰᠠᠨ ᠴᠤ᠌
ᠡᠷᠪᠡᠭᠡᠷ ᠪᠠᠭ᠎ᠠ ᠥᠬᠢᠨ ᠳ᠋ᠦ᠍ ᠳᠠᠰᠤᠭᠰᠠᠨ ᠰᠡᠳᠬᠢᠯ ᠮᠢᠨᠢ ᠳᠡ
ᠳᠣᠯᠣᠭᠠᠨ ᠪᠤᠷᠬᠠᠨ ᠢ᠋ ᠵᠢᠰᠦᠯᠡᠵᠦ ᠳᠣᠲᠣᠨᠣᠬᠠᠨ ᠲᠡᠭᠦᠨ ᠳ᠋ᠡᠭᠡᠨ ᠥᠭᠭᠦᠭᠡᠳ
ᠳᠣᠣᠷ᠎ᠠ ᠶ᠋ᠢᠨ ᠨᠠᠮᠤᠭᠤᠨ ᠰᠥᠨᠢ ᠪᠡᠷ ᠳᠣᠭᠳᠣᠯᠵᠤ ᠶᠠᠪᠤᠭᠰᠠᠨ ᠮᠢᠨᠢ ᠳᠡ
ᠨᠠᠮᠤᠷ ᠣᠷᠣᠢ ᠶ᠋ᠢᠨ ᠴᠢᠯᠥᠭᠡᠨ ᠳ᠋ᠦ᠍ ᠬᠡᠨ ᠬᠡᠨ ᠳ᠋ᠡᠭᠡᠨ ᠠᠭᠤᠰᠴᠤ
ᠨᠡᠷᠡᠲᠦ ᠶᠢᠷᠲᠢᠨᠴᠦ ᠶ᠋ᠢ ᠠᠷᠭᠠᠳᠠᠭᠠᠳ ᠨᠠᠭᠠᠳᠴᠤ ᠶᠠᠪᠤᠭᠰᠠᠨ ᠦᠶ᠎ᠡ ᠮᠢᠨᠢ
ᠳᠡᠭᠳᠡᠭᠡᠬᠡᠢ ᠪᠡᠨ ᠳᠠᠭᠠᠭᠤᠯᠤᠭᠠᠳ ᠬᠣᠣᠰ ᠢ᠋ᠶ᠋ᠠᠷ ᠨᠢᠰᠦᠭᠰᠡᠨ ᠠᠩᠭᠢᠷ ᠰᠢᠭ᠋
ᠳᠡᠯᠡᠬᠡᠢ ᠳᠡᠭᠡᠷ᠎ᠡ ᠪᠢ ᠴᠢᠮ᠎ᠠ ᠲᠠᠢ ᠪᠠᠨ ᠪᠠᠷᠳᠠᠮᠬᠠᠨ ᠴᠤ᠌ ᠶᠠᠪᠤᠳᠠᠭ ᠰᠠᠨ᠃
ᠰᠢᠪᠡᠷᠡᠭᠡ ᠨᠠᠮᠤᠭᠤᠨ ᠪᠣᠷᠣᠭ᠎ᠠ ᠨᠢ ᠡᠯᠢᠭᠡ ᠵᠢᠷᠦᠬᠡ ᠶ᠋ᠢ ᠳᠡᠪᠲᠦᠭᠡᠵᠦ
ᠰᠢᠪᠡᠨᠡᠵᠦ ᠶᠠᠷᠢᠭᠰᠠᠨ ᠦᠭᠡᠰ ᠢ᠋ ᠠᠭᠤᠯᠠᠰ ᠴᠢᠮᠡᠭᠡ ᠦᠭᠡᠢ ᠰᠣᠨᠣᠰᠳᠠᠭ ᠰᠠᠨ᠃
ᠬᠠᠯᠢᠭᠤᠨ ᠨᠠᠮᠤᠷ ᠤ᠋ᠨ ᠪᠤᠭᠤ ᠨᠢ ᠬᠠᠶᠠ ᠬᠠᠶᠠ ᠣᠷᠣᠮᠳᠠᠵᠤ
ᠬᠠᠯᠠᠭᠤᠨ ᠪᠦᠯᠢᠶᠡᠨ ᠨᠢᠯᠪᠤᠰᠤ᠂ ᠬᠠᠴᠠᠷ ᠳᠠᠭᠠᠭᠠᠳ ᠪᠥᠮᠪᠥᠷᠢᠨ᠎ᠡ᠃
ᠬᠠᠯᠬ᠎ᠠ ᠶ᠋ᠢᠨ ᠰᠠᠢᠬᠠᠨ ᠥᠬᠢᠨ ᠢ᠋ ᠬᠠᠢᠷᠠᠯᠠᠨ ᠬᠠᠢᠷᠠᠯᠠᠨ ᠠᠭᠤᠵᠢᠷᠠᠭᠠᠳ
ᠬᠠᠷᠠᠬᠠᠨ ᠨᠢᠳᠦᠨ ᠳ᠋ᠦ᠍ ᠤᠨᠠᠵᠤ᠂ ᠨᠢᠭᠦᠯ ᠪᠤᠶᠠᠨ ᠢ᠋ ᠮᠠᠷᠲᠠᠨ᠎ᠠ᠃
ᠪᠣᠭᠳᠠ ᠳᠥᠷᠪᠡᠨ ᠠᠭᠤᠯᠠ ᠶ᠋ᠢᠨ ᠬᠣᠷᠮᠣᠢ ᠶᠣ᠌ ᠶ᠋ᠢ ᠨᠢ ᠳᠡᠷᠡᠯᠡᠭᠡᠳ
ᠪᠣᠷᠣ ᠪᠣᠷᠣᠬᠠᠨ ᠵᠢᠷᠦᠬᠡ ᠪᠡᠨ ᠴᠢᠩᠨᠠᠵᠤ ᠬᠡᠪᠲᠡᠳᠡᠭ ᠶᠤᠮᠰᠠᠨ
ᠪᠣᠰᠤᠨ ᠰᠠᠭᠤᠨ ᠵᠢᠷᠭᠢᠬᠦ ᠬᠥᠭᠡᠷᠦᠬᠦᠨ ᠪᠣᠯᠵᠣᠮᠣᠷ ᠢ᠋ ᠨᠢ ᠥᠬᠥᠭᠡᠷᠳᠡᠭᠡᠳ
ᠪᠣᠷᠣᠭ ᠡᠪᠡᠰᠦᠨ ᠳᠤᠮᠳᠠ ᠨᠢ ᠬᠡᠨ ᠬᠡᠨ ᠢ᠋ᠶ᠋ᠡᠨ ᠡᠩᠬᠦᠷᠡᠢᠯᠡᠳᠡᠭ ᠰᠠᠨ᠃
ᠰᠠᠨᠠᠭ᠎ᠠ ᠠᠯᠳᠠᠬᠤ ᠲᠣᠭᠠᠯᠠᠩ ᠳ᠋ᠤ᠌ ᠨᠠᠮᠤᠷ ᠤ᠋ᠨ ᠨᠠᠪᠴᠢᠰ ᠤᠨᠠᠵᠤ
ᠰᠠᠷᠠᠨ ᠭᠡᠷᠡᠯᠲᠦᠭᠰᠡᠨ ᠡᠳᠦᠷ ᠢ᠋ᠶ᠋ᠡᠷ ᠰᠠᠨᠴᠢᠭ ᠢ᠋ ᠨᠢ ᠢᠯᠪᠢᠨ ᠡᠷᠬᠡᠯᠡᠳᠡᠭ ᠰᠠᠨ᠃
ᠡᠷᠳᠡᠨᠢᠲᠦ ᠬᠥᠮᠦᠨ ᠪᠣᠯᠵᠤ ᠡᠨᠡᠬᠡᠨ ᠳᠡᠯᠡᠬᠡᠢ ᠳ᠋ᠦ᠍ ᠲᠥᠷᠥᠭᠡᠳ
ᠡᠷᠲᠡᠨ ᠦ᠌ ᠰᠠᠢᠬᠠᠨ ᠢᠷᠦᠭᠡᠯ ᠢ᠋ᠶ᠋ᠡᠷ ᠴᠢᠮ᠎ᠠ ᠶ᠋ᠢ ᠪᠡᠨ ᠬᠦᠯᠢᠶᠡᠵᠦ ᠶᠠᠪᠤᠵᠤ ᠳᠠ ᠁
ᠲᠦᠮᠣᠩ ᠲᠦᠮᠣᠩ ᠤᠷᠤᠰᠬᠠᠯ ᠲᠠᠢ ᠨᠠᠮᠤᠷ ᠤ᠋ᠨ ᠭᠣᠣᠯ ᠤ᠋ᠨ ᠬᠥᠪᠡᠭᠡᠨ ᠳ᠋ᠦ᠍
ᠲᠥᠯᠥᠭᠡᠨ ᠲᠥᠯᠥᠭᠡᠨ ᠰᠢᠷᠳᠡᠯᠴᠡᠭᠰᠡᠨ ᠳᠥᠷᠪᠡᠨ ᠠᠯᠠᠭ ᠨᠢᠳᠦ ᠪᠡᠨ
ᠨᠠᠷᠠᠨ ᠰᠠᠷᠠᠨ ᠡᠭᠡᠯᠵᠢᠯᠡᠭᠰᠡᠨ ᠨᠠᠮᠤᠭᠤᠨ ᠡᠨᠡᠬᠡᠨ ᠬᠣᠷᠸ᠎ᠠ ᠳ᠋ᠤ᠌
ᠨᠠᠢᠭᠤᠯᠵᠠᠭᠰᠠᠨ ᠴᠡᠴᠡᠭ ᠦ᠋ᠨ ᠳᠤᠮᠳᠠ ᠨᠠᠢᠷᠠᠭᠰᠠᠨ ᠨᠡᠢᠯᠡᠭᠰᠡᠨ ᠬᠠᠢᠷ᠎ᠠ ᠠ᠋
ᠵᠢᠷᠭᠤᠭᠠᠨ ᠰᠠᠷ᠎ᠠ ᠶ᠋ᠢᠨ ᠨᠠᠰᠤᠲᠠᠢ ᠴᠡᠴᠡᠭ ᠦ᠋ᠳ ᠢ᠋ ᠥᠷᠥᠪᠳᠦᠭᠰᠡᠨ ᠶᠤᠮᠰᠠᠨ
ᠵᠠᠭᠤᠨ ᠵᠢᠯ ᠬᠠᠭᠠᠴᠠᠯ ᠦᠭᠡᠢ ᠵᠢᠷᠭᠠᠬᠤ ᠶ᠋ᠢ ᠮᠥᠷᠥᠭᠡᠳᠦᠭᠰᠡᠨ ᠶᠤᠮᠰᠠᠨ
ᠵᠠᠭᠤᠷᠠᠳᠤ ᠶ᠋ᠢᠨ ᠶᠢᠷᠲᠢᠨᠴᠦ ᠶ᠋ᠢ ᠮᠥᠩᠬᠡ ᠳ᠋ᠦ᠍ ᠰᠠᠨᠠᠨ ᠳᠠᠭᠤᠯᠠᠭᠰᠠᠨ ᠶᠤᠮᠰᠠᠨ
ᠵᠤᠷᠪᠤᠰᠬᠠᠨ ᠠᠮᠢᠳᠤᠷᠠᠯ ᠢ᠋ ᠡᠭᠦᠷᠢᠳᠡ ᠪᠡᠷ ᠪᠣᠳᠣᠨ ᠠᠮᠢᠳᠤᠷᠠᠭᠰᠠᠨ ᠶᠤᠮᠰᠠᠨ᠃
ᠠᠯᠲᠠᠨᠴᠡᠴᠡᠭ ᠠ᠋᠂ ᠨᠣᠬᠠᠢ ᠪᠠᠨ ᠬᠣᠷᠢᠭᠠᠷᠠᠢ! ᠭᠡᠵᠦ ᠳᠠᠭᠤᠳᠠᠵᠤ ᠶᠠᠪᠤᠭᠰᠠᠨ
ᠠᠯᠢᠶᠠᠬᠠᠨ ᠪᠠᠭ᠎ᠠ ᠨᠠᠰᠤ ᠮᠢᠨᠢ ᠠᠬᠢᠭᠠᠳ ᠨᠠᠳᠠ ᠳ᠋ᠠᠭᠠᠨ ᠢᠷᠡᠬᠦ ᠦᠭᠡᠢ ᠴᠦ᠍
ᠠᠮᠠᠷᠠᠭᠯᠠᠨ ᠬᠠᠢᠷᠠᠯᠠᠵᠤ ᠠᠷᠠᠳ ᠤ᠋ᠨ ᠳᠠᠭᠤᠨ ᠳ᠋ᠠᠭᠠᠨ ᠤᠶᠠᠷᠠᠭᠰᠠᠨ ᠮᠢᠨᠢ
ᠠᠶᠠᠯᠭᠤᠲᠤ ᠱᠠᠨᠵᠠᠨ ᠤ᠋ ᠦᠵᠦᠭᠦᠷ ᠡᠴᠡ ᠰᠠᠯᠬᠢᠨ ᠪᠣᠯᠵᠤ ᠭᠠᠷᠤᠨ᠎ᠠ !
ᠠᠯᠴᠢᠭᠤᠷ ᠠᠯᠴᠢᠭᠤᠷ ᠢ᠋ᠶ᠋ᠠᠷ ᠤᠬᠢᠯᠠᠪᠠᠴᠤ ᠠᠰᠬᠠᠷᠠᠵᠤ ᠪᠠᠷᠠᠬᠤ ᠦᠭᠡᠢ ᠨᠢᠯᠪᠤᠰᠤ
ᠠᠮᠠᠷᠠᠭ ᠴᠢᠮ᠎ᠠ ᠶ᠋ᠢ ᠪᠡᠨ ᠭᠡᠭᠰᠡᠭᠡᠷ ᠴᠦ᠍ ᠠᠮᠢᠳᠤᠷᠠᠵᠤ ᠴᠢᠳᠠᠭ᠎ᠠ ᠦᠭᠡᠢ ᠭᠠᠰᠠᠯᠠᠩ
ᠠᠨᠳᠠᠭᠤᠷᠠᠵᠤ ᠠᠨᠳᠠᠭᠤᠷᠠᠭᠰᠠᠭᠠᠷ ᠶᠠᠪᠤᠪᠠᠴᠤ ᠲᠠᠨᠢᠵᠤ ᠪᠠᠷᠠᠭᠠᠳᠤᠢ ᠬᠣᠷᠸ᠎ᠠ
ᠠᠬ᠎ᠠ ᠨᠢ᠂ ᠠᠬ᠎ᠠ ᠨᠢ ᠭᠡᠭᠰᠡᠭᠡᠷ ᠠᠯᠳᠠᠵᠤ ᠣᠷᠬᠢᠭᠰᠠᠨ ᠲᠠᠪᠢᠯᠠᠩ᠃
ᠲᠣᠭᠠᠯᠠᠰᠢ ᠦᠭᠡᠢ ᠵᠢᠯ ᠦ᠋ᠨ ᠴᠢᠨᠠᠳᠤ ᠠᠭᠤᠯᠠᠰ ᠪᠠᠢᠵᠤ ᠳᠠ
ᠲᠤᠯᠤᠭᠠᠳ ᠮᠢᠨᠢ ᠲᠣᠮᠣᠷᠠᠭᠰᠠᠭᠠᠷ ᠲᠣᠮᠣᠷᠠᠭᠰᠠᠭᠠᠷ ᠡᠷ᠎ᠡ ᠬᠥᠮᠦᠨ ᠪᠣᠯᠵᠤ ᠳᠠ ᠬᠡᠦᠬᠡᠳ ᠮᠢᠨᠢ
ᠨᠠᠮ ᠭᠦᠮᠬᠡᠨ ᠠᠮᠢᠳᠤᠷᠠᠭᠰᠠᠭᠠᠷ ᠨᠡᠷᠡᠲᠦ ᠶ᠋ᠢ ᠡᠯᠡᠭᠡᠬᠦ ᠶᠤᠮᠰᠠᠨ᠂ ᠡᠪᠦᠭᠡᠳ ᠮᠢᠨᠢ
ᠨᠠᠳᠠ ᠠ᠋ᠴᠠ ᠴᠢᠮ᠎ᠠ ᠶ᠋ᠢ ᠬᠠᠷᠠᠮᠯᠠᠭ᠎ᠠ ᠦᠭᠡᠢ ᠡᠨᠡᠬᠡᠨ ᠪᠤᠭᠤᠷᠤᠯ ᠬᠣᠷᠸ᠎ᠠ !
ᠠᠷᠰᠠᠭᠠᠷ ᠪᠠᠷᠰᠠᠭᠠᠷ ᠬᠠᠳᠠ ᠨᠢ ᠠᠷᠰᠯᠠᠨ᠂ ᠪᠠᠷᠰ ᠨᠣᠴᠣᠯᠳᠤᠬᠤ ᠰᠢᠭ᠋᠂
ᠠᠵᠢᠵᠤ ᠰᠠᠢᠨ ᠬᠠᠷᠠᠪᠠᠯ ᠡᠷᠲᠡᠨ ᠦ᠌ ᠨᠡᠭᠦᠳᠡᠯ ᠠᠢᠰᠤᠢ ᠰᠢᠭ᠋᠂
ᠠᠯᠴᠢᠭᠤᠷ ᠢ᠋ᠶ᠋ᠠᠨ ᠳᠡᠷᠪᠡᠭᠦᠯᠦᠭᠰᠡᠭᠡᠷ ᠴᠢ ᠮᠢᠨᠢ ᠬᠥᠰᠬᠡ ᠲᠡᠷᠭᠡ ᠬᠥᠲᠥᠯᠬᠦ ᠰᠢᠭ᠂
ᠠᠯᠪᠢᠨ ᠰᠢᠳᠢ ᠲᠡᠢ ᠶᠢᠷᠲᠢᠨᠴᠦ ᠳ᠋ᠦ᠍ ᠢᠷᠡᠬᠦ ᠯᠡ ᠶᠣᠰᠣᠲᠠᠢ ᠪᠠᠢᠵᠤ ᠳᠠ
ᠵᠠᠳᠠᠭᠠᠢ ᠴᠠᠭᠠᠨ ᠡᠭᠦᠯᠡ ᠨᠢ ᠬᠡᠰᠡᠭ ᠪᠤᠰᠠᠭ ᠢ᠋ᠶ᠋ᠠᠷ ᠨᠡᠭᠦᠨ᠎ᠡ
ᠵᠠᠯᠠᠭᠤ ᠪᠠᠭᠠᠬᠠᠨ ᠠᠨᠢᠮᠠ ᠮᠢᠨᠦᠬᠢ ᠪᠡᠨ ᠠᠶᠠᠰ ᠢ᠋ᠶ᠋ᠠᠷ ᠭᠡᠬᠢᠯᠵᠡᠨᠡ
ᠬᠡᠷᠡᠮᠡᠯ ᠴᠠᠭᠠᠨ ᠡᠭᠦᠯᠡ ᠨᠢ ᠡᠨᠳᠡ ᠲᠡᠨᠳᠡ ᠦᠭᠡᠢ ᠨᠡᠭᠦᠨ᠎ᠡ
ᠨᠡᠩ ᠪᠠᠭᠠᠬᠠᠨ ᠠᠨᠢᠮᠠ ᠮᠢᠨᠦᠬᠢ ᠪᠡᠨ ᠠᠶᠠᠰ ᠢ᠋ᠶ᠋ᠠᠷ ᠰᠠᠷᠪᠠᠯᠵᠠᠨ᠎ᠠ
ᠡᠪᠡᠰᠦ ᠨᠣᠭᠣᠭ᠎ᠠ ᠨᠡᠯᠦ ᠳ᠋ᠡᠭᠡᠨ ᠬᠥᠳᠡᠯᠭᠡᠭᠡᠨ ᠳ᠋ᠦ᠍ ᠣᠷᠣᠬᠤ ᠨᠠᠮᠤᠷ ᠢ᠋ᠶ᠋ᠠᠷ
ᠡᠮᠦᠨ᠎ᠡ ᠵᠦᠭ ᠦ᠋ᠨ ᠠᠭᠤᠯᠠᠰ ᠮᠢᠨᠢ ᠥᠨᠳᠡᠯᠵᠡᠨ ᠥᠨᠳᠡᠯᠵᠡᠨ ᠦᠵᠡᠭᠳᠡᠨ᠎ᠡ
ᠥᠪᠡᠷ ᠦ᠋ᠨ ᠭᠡᠭᠰᠡᠭᠡᠷ ᠶᠠᠪᠤᠭᠠᠳ ᠬᠥᠮᠦᠨ ᠦ᠌ ᠦᠷ᠎ᠡ ᠳ᠋ᠦ᠍ ᠠᠯᠳᠠᠬᠤ ᠦᠭᠡᠢ ᠠ᠋᠂ ᠪᠢ
ᠡᠪᠦᠷ ᠳᠦᠭᠦᠷᠡᠩ ᠨᠢᠯᠪᠤᠰᠤ ᠲᠠᠢ ᠴᠤ᠌᠂ ᠥᠩᠭᠡᠴᠡᠬᠡᠨ ᠬᠣᠷᠸ᠎ᠠ ᠳ᠋ᠤ᠌ ᠪᠦᠳᠦᠷᠢᠬᠦ ᠦᠭᠡᠢ ᠠ᠋!
ᠰᠠᠷᠠᠭᠤᠯ ᠨᠠᠮᠤᠷ ᠤ᠋ᠨ ᠲᠠᠯ᠎ᠠ ᠨᠢ ᠠᠯᠤᠰᠯᠠᠨ ᠠᠯᠤᠰᠯᠠᠨ ᠴᠠᠯᠠᠢᠨᠠ
ᠰᠠᠢᠨ ᠬᠥᠮᠦᠨ ᠦ᠌ ᠦᠷ᠎ᠡ ᠶ᠋ᠢ ᠰᠠᠯᠤᠭᠠᠳ ᠶᠠᠪᠤᠭᠰᠠᠨ ᠴᠤ᠌ ᠰᠠᠨᠠᠨ᠎ᠠ᠃
ᠡᠷᠡᠭᠦᠯ ᠰᠠᠯᠬᠢᠨ ᠪᠥᠵᠢᠵᠦ ᠤᠷᠤᠰᠬᠠᠯ ᠢ᠋ᠶ᠋ᠠᠷ ᠲᠠᠯ᠎ᠠ ᠮᠢᠨᠢ ᠳᠣᠯᠭᠢᠯᠠᠵᠤ
ᠡᠷ᠎ᠡ᠂ ᠡᠮ᠎ᠡ ᠬᠥᠮᠦᠨ ᠦ᠌ ᠰᠡᠳᠬᠢᠯ ᠢ᠋ ᠬᠥᠳᠡᠯᠭᠡᠨ ᠭᠡᠵᠢᠭᠡᠳᠡᠨ᠎ᠡ᠃
ᠬᠠᠶᠠᠭ᠎ᠠ ᠪᠠᠷ ᠰᠡᠪᠡᠯᠵᠡᠬᠦ ᠰᠠᠯᠬᠢ ᠨᠢ ᠬᠠᠷᠢᠬᠤ ᠶ᠋ᠢᠨ ᠤᠢᠳᠬᠠᠷ ᠲᠥᠷᠥᠭᠦᠯᠦᠨ᠎ᠡ
ᠬᠠᠢᠷᠠᠯᠠᠨ ᠬᠠᠢᠷᠠᠯᠠᠨ ᠳᠠᠰᠤᠭᠰᠠᠨ ᠴᠤ᠌᠂ ᠬᠠᠶᠠᠬᠠᠨ ᠪᠠᠰᠠ ᠭᠣᠮᠣᠳᠠᠨ᠎ᠠ᠃
ᠬᠠᠭᠠᠯᠭ᠎ᠠ ᠪᠠᠷ ᠰᠡᠪᠡᠯᠵᠡᠬᠦ ᠰᠠᠯᠬᠢ ᠨᠢ ᠬᠠᠯᠠᠭᠤᠨ ᠭᠤᠨᠢᠭ ᠢ᠋ ᠥᠳᠥᠭᠡᠨ᠎ᠡ᠃
ᠬᠠᠯᠠᠰᠢᠷᠠᠨ ᠬᠠᠯᠠᠰᠢᠷᠠᠨ ᠳᠠᠰᠤᠭᠠᠳ᠂ ᠬᠠᠷᠢᠵᠤ ᠪᠤᠴᠠᠬᠤ ᠵᠠᠮ ᠦᠭᠡᠢ ᠠ᠋ !
ᠲᠦᠮᠡᠨ ᠠᠭᠲᠠ ᠶ᠋ᠢᠨ ᠳᠤᠮᠳᠠ ᠠ᠋ᠴᠠ ᠭᠠᠭᠴᠠᠭᠠᠷ ᠢ᠋ᠶ᠋ᠠᠨ ᠰᠣᠳᠣᠨ ᠰᠢᠷᠭ᠎ᠠ ᠮᠢᠨᠢ
ᠲᠦᠮᠡᠨ ᠥᠬᠢᠳ ᠦ᠋ᠨ ᠳᠤᠮᠳᠠ ᠠ᠋ᠴᠠ ᠭᠠᠭᠴᠠᠭᠠᠷ ᠢ᠋ᠶ᠋ᠠᠨ ᠰᠠᠢᠬᠠᠨ ᠠᠨᠢᠮᠠ ᠮᠢᠨᠢ
ᠣᠭᠲᠠᠷᠭᠤᠢ ᠣᠯᠠᠨ ᠣᠳᠣᠳ ᠠ᠋ᠴᠠ ᠭᠠᠭᠴᠠᠭᠠᠷ ᠢ᠋ᠶ᠋ᠠᠨ ᠰᠣᠳᠣᠨ ᠨᠠᠷᠠᠨ ᠮᠢᠨᠢ
ᠣᠷᠴᠢᠯᠠᠩ ᠤ᠋ᠨ ᠣᠯᠠᠨ ᠪᠦᠰᠡᠭᠦᠢ ᠡᠴᠡ ᠭᠠᠭᠴᠠᠭᠠᠷ ᠢ᠋ᠶ᠋ᠠᠨ ᠰᠠᠢᠬᠠᠨ ᠠᠨᠢᠮᠠ ᠮᠢᠨᠢ
ᠡᠪᠦᠭᠡᠨ ᠪᠤᠭᠤᠷᠤᠯ ᠡᠴᠢᠭᠡ ᠡᠴᠡ ᠪᠡᠨ ᠠᠳᠢᠰ ᠨᠢᠭᠡ ᠠᠪᠬᠤ ᠦᠭᠡᠢ ᠪᠣᠯ
ᠥᠨᠢ ᠶ᠋ᠢᠨ ᠶᠣᠰᠣ ᠶ᠋ᠢ ᠵᠥᠷᠢᠴᠡᠵᠦ᠂ ᠠᠵᠠ ᠶ᠋ᠢᠨ ᠲᠠᠪᠢᠯᠠᠩ ᠬᠡᠯᠲᠡᠢᠨᠡ᠃
ᠡᠮᠡᠭᠡᠨ ᠪᠤᠭᠤᠷᠤᠯ ᠡᠵᠢ ᠡᠴᠡ ᠪᠡᠨ ᠢᠷᠦᠭᠡᠯ ᠨᠢᠭᠡᠨ ᠬᠦᠷᠲᠡᠬᠦ ᠦᠭᠡᠢ ᠪᠣᠯ
ᠡᠷᠲᠡᠨ ᠦ᠌ ᠵᠢᠮ᠎ᠡ ᠶ᠋ᠢ ᠵᠥᠷᠢᠴᠡᠵᠦ᠂ ᠡᠯᠳᠡᠪ ᠦ᠋ᠨ ᠬᠣᠪ ᠲᠤ᠌ ᠥᠷᠲᠥᠨ᠎ᠡ᠃
ᠠᠯᠲᠠᠢ ᠳᠡᠭᠡᠭᠦᠷ ᠭᠡᠢᠳᠡᠭ ᠠᠯᠲᠠᠨ ᠨᠠᠷᠠᠨ ᠳ᠋ᠤ᠌ ᠥᠰᠦᠭᠰᠡᠨ ᠶᠦᠮ
ᠠᠷᠪᠠᠭᠤᠯᠠ ᠶ᠋ᠢ ᠮᠢᠨᠢ ᠲᠥᠷᠥᠭᠦᠯᠦᠭᠰᠡᠨ ᠠᠪᠤ᠂ ᠡᠵᠢ ᠬᠣᠶᠠᠷ ᠲᠠᠢ ᠶᠤᠮ᠃
ᠪᠠᠭᠤᠵᠤ ᠮᠣᠷᠳᠠᠬᠤ ᠬᠣᠷᠸ᠎ᠠ ᠳ᠋ᠠᠭᠠᠨ ᠪᠤᠷᠤᠭᠤ ᠮᠥᠷ ᠦᠭᠡᠢ ᠶᠠᠪᠤᠶ᠎ᠠ
ᠪᠤᠶᠠᠨᠲᠤ ᠬᠠᠢᠷ᠎ᠠ ᠶ᠋ᠢᠨ ᠵᠠᠶᠠᠭᠠᠨ ᠳ᠋ᠤ᠌ ᠭᠬᠢᠷ ᠰᠠᠭᠤᠯᠭᠠᠯ ᠦᠭᠡᠢ ᠥᠲᠡᠯᠦᠶᠡ !
ᠦᠳᠡᠰᠢ ᠣᠷᠣᠢ ᠪᠣᠯᠲᠠᠯ᠎ᠠ ᠠᠨᠢᠮᠠ ᠲᠠᠢ ᠪᠠᠨ ᠬᠣᠶᠠᠭᠤᠯᠠ ᠬᠥᠲᠥᠯᠦᠯᠴᠡᠭᠡᠳ
ᠦᠷᠭᠡᠯᠡᠭᠰᠡᠨ ᠮᠣᠳᠣᠳ ᠢ᠋ ᠰᠦᠯᠵᠢᠨ᠂ ᠮᠥᠷ ᠢ᠋ᠶ᠋ᠡᠨ ᠭᠠᠷᠭᠠᠵᠤ ᠶᠠᠪᠤᠭᠰᠠᠨ ᠰᠠᠨ
ᠪᠤᠭᠤ ᠶ᠋ᠢᠨ ᠡᠪᠡᠷ ᠰᠢᠭ ᠮᠥᠴᠢᠷ ᠢ᠋ ᠪᠦᠯᠢᠶᠡᠨ ᠭᠠᠷ ᠢ᠋ᠶ᠋ᠠᠷ ᠢ᠋ᠶ᠋ᠠᠨ ᠢᠯᠪᠢᠬᠦ ᠳ᠋ᠦ᠍
ᠪᠤᠳᠠᠩ ᠨᠡᠪᠲᠡᠯᠦᠭᠴᠢ ᠰᠠᠷᠠᠨ᠂ ᠴᠠᠭᠠᠨ ᠭᠥᠷᠥᠭᠡᠰᠦ ᠰᠢᠭ ᠬᠠᠷᠠᠭᠳᠠᠨ᠎ᠠ
ᠴᠠᠭᠠᠬᠠᠨ ᠬᠤᠰᠤ ᠶ᠋ᠢ ᠨᠠᠷᠠᠰᠤ ᠮᠣᠳᠣ ᠬᠥᠲᠥᠯᠦᠭᠡᠳ ᠶᠠᠪᠤᠬᠤ ᠰᠢᠭ᠋
ᠴᠠᠭ ᠬᠤᠭᠤᠴᠠᠭ᠎ᠠ ᠶ᠋ᠢ ᠲᠤᠭᠠᠴᠢᠨ ᠣᠢ ᠶ᠋ᠢᠨ ᠳᠤᠮᠳᠠᠭᠤᠷ ᠠᠯᠬᠤᠯᠠᠭᠰᠠᠨ
ᠢᠨᠠᠭ ᠤ᠋ᠨ ᠮᠢᠨᠢ ᠮᠠᠩᠨᠠᠢ ᠳ᠋ᠤ᠌ ᠳᠣᠯᠣᠭᠠᠨ ᠪᠤᠷᠬᠠᠨ ᠬᠡᠷᠡᠯᠳᠦᠵᠦ
ᠶᠠᠭ ᠮᠢᠨᠦ ᠵᠤᠯᠠᠢ ᠳ᠋ᠤ᠌ ᠭᠤᠷᠪᠠᠨ ᠮᠠᠷᠠᠯ ᠰᠢᠬᠦᠷᠯᠡᠨᠡ
ᠬᠠᠰᠢᠶᠠᠨ ᠤ᠋ ᠨᠥᠮᠥᠷᠢ ᠳ᠋ᠦ᠍ ᠰᠠᠭᠤᠵᠤ ᠴᠡᠭᠡᠵᠢᠨ ᠳ᠋ᠦ᠍ ᠨᠢ ᠨᠢᠭᠤᠷ ᠢ᠋ᠶ᠋ᠠᠨ ᠨᠠᠭᠠᠨ᠎ᠠ
ᠬᠠᠪᠢᠷᠭᠠᠨ ᠰᠠᠷ᠎ᠠ ᠶ᠋ᠢ ᠦᠰᠦᠨ ᠦ᠌ ᠬᠢᠨᠢ ᠴᠢᠮᠡᠭ ᠪᠣᠯᠭᠠᠨ ᠲᠣᠭᠯᠠᠨ᠎ᠠ
ᠬᠠᠶᠠ ᠰᠠᠨᠠᠭ᠎ᠠ ᠠᠯᠳᠠᠬᠤ ᠳ᠋ᠤ᠌ ᠡᠪᠡᠰᠦ ᠨᠣᠭᠣᠭ᠎ᠠ ᠰᠠᠷᠪᠠᠯᠵᠠᠨ᠎ᠠ
ᠬᠢᠷᠠᠭᠤ ᠤᠨᠠᠭᠰᠠᠨ ᠰᠥᠨᠢ ᠯᠡ ᠴᠠᠭᠠᠨ ᠳᠠᠯᠠᠪᠴᠢ ᠪᠠᠨ ᠳᠡᠯᠭᠡᠨ᠎ᠡ
ᠬᠠᠷ᠎ᠠ ᠮᠠᠯᠠᠭᠠᠢ ᠲᠠᠢ᠂ ᠲᠠᠶᠠᠭ ᠲᠤᠯᠤᠭᠰᠠᠨ ᠬᠥᠮᠦᠨ ᠬᠠᠵᠠᠭᠤ ᠪᠠᠷ ᠥᠩᠭᠡᠷᠡᠨ᠎ᠡ
ᠬᠠᠢᠷᠠᠲᠤ ᠮᠢᠨᠢ ᠠᠶᠤᠰᠬᠢᠵᠤ᠂ ᠮᠢᠨᠦ ᠴᠡᠭᠡᠵᠢᠨ ᠳ᠋ᠦ᠍ ᠨᠠᠭᠠᠯᠳᠤᠨ᠎ᠠ
ᠵᠦᠭᠡᠷ᠂ ᠪᠤᠤ ᠠᠶᠤ᠂ ᠶᠠᠭᠤ ᠴᠤ᠌ ᠪᠣᠯᠤᠭ᠎ᠠ ᠦᠭᠡᠢ ᠁ ᠭᠡᠵᠦ ᠪᠢ ᠲᠠᠢᠪᠤᠰᠢᠷᠠᠭᠤᠯᠤᠨᠠ
ᠵᠠᠭᠤᠨ ᠠᠢᠯ ᠤ᠋ᠨ ᠲᠣᠭᠣᠨᠣ ᠪᠠᠷ ᠭᠠᠭᠴᠠ ᠨᠢᠭᠡ ᠣᠴᠢ ᠭᠢᠯᠠᠰᠬᠢᠨ ᠤᠨᠲᠠᠷᠠᠨ᠎ᠠ
ᠠᠯᠲᠠᠨ ᠰᠡᠦᠬᠡ ᠲᠡᠢ ᠲᠡᠷᠭᠡᠨ ᠳ᠋ᠦ᠍ ᠺᠷᠢᠰᠢᠨᠠ ᠲᠡᠭᠷᠢ ᠵᠠᠯᠠᠷᠠᠵᠤ
ᠠᠭᠠᠷ ᠰᠡᠩᠭᠢᠨᠡᠭᠦᠯᠦᠨ ᠥᠩᠭᠡᠷᠡᠬᠦ ᠳ᠋ᠦ᠍ ᠨᠠᠮᠤᠷ ᠤ᠋ᠨ ᠴᠡᠴᠡᠭᠡᠰ ᠦᠨᠦᠷᠳᠡᠨ᠎ᠡ
ᠥᠯᠵᠡᠢᠲᠦ ᠡᠨᠡ ᠦᠳᠡᠰᠢ᠂ ᠴᠢ ᠮᠢᠨᠢ ᠳᠣᠯᠣᠭᠠᠨ ᠪᠤᠷᠬᠠᠨ ᠤ᠋ ᠥᠬᠢᠨ !
ᠡᠪᠦᠳᠦᠭ ᠢ᠋ ᠴᠢᠨᠢ ᠳᠡᠷᠡᠯᠡᠭᠰᠡᠨ ᠪᠢ ᠭᠤᠷᠪᠠᠨ ᠮᠠᠷᠠᠯ ᠤ᠋ᠨ ᠬᠦᠦ !
ᠠᠮᠢᠳᠤᠷᠠᠵᠤ ᠶᠠᠪᠤᠭ᠎ᠠ ᠡᠳᠦᠷ ᠦ᠋ᠳ ᠦ᠋ᠨ ᠮᠢᠨᠢ ᠴᠣᠷ ᠤ᠋ᠨ ᠭᠠᠭᠴᠠ ᠴᠢᠮᠡᠭ
ᠠᠶᠠᠯᠠᠵᠤ ᠶᠠᠪᠤᠭ᠎ᠠ ᠳᠠᠭᠤᠨ ᠤ᠋ ᠮᠢᠨᠢ ᠶᠡᠷᠦ ᠶ᠋ᠢᠨ ᠪᠤᠰᠤ ᠡᠬᠡᠰᠢᠭ
ᠦᠯᠦ ᠮᠡᠳᠡᠭᠬᠡᠨ ᠰᠡᠪᠬᠡ ᠲᠡᠢ᠂ ᠤᠶᠠᠩᠭᠠᠯᠢᠭ ᠵᠢᠭᠠᠬᠠᠨ ᠠᠨᠢᠮᠠ
ᠦᠳᠡᠰᠢ ᠶ᠋ᠢᠨ ᠵᠡᠭᠦᠳᠦ ᠡᠵᠡᠩᠨᠡᠵᠦ᠂ ᠦᠦᠷ ᠦ᠋ᠨ ᠨᠣᠢᠷ ᠬᠤᠯᠵᠢᠭᠠᠨᠠ
ᠶᠢᠷᠲᠢᠨᠴᠦ ᠶ᠋ᠢᠨ ᠨᠠᠢᠷ ᠲᠤ᠌ ᠤᠷᠢᠭᠳᠠᠭᠠᠳ᠂ ᠴᠢᠮ᠎ᠠ ᠶ᠋ᠢ ᠪᠡᠨ ᠣᠯᠵᠤ ᠬᠠᠷᠠᠭᠰᠠᠨ ᠪᠢ
ᠢᠷᠦᠭᠡᠯ ᠲᠠᠪᠢᠯᠠᠩ ᠳ᠋ᠤ᠌ ᠮᠢᠨᠢ ᠡᠭᠦᠨ ᠡᠴᠡ ᠢᠯᠡᠭᠦᠦ ᠬᠤᠪᠢ ᠪᠣᠢ ᠭᠡᠵᠦ ᠤᠤ !
ᠵᠡᠭᠦᠳᠦ ᠰᠢᠭ ᠬᠣᠭᠣᠰᠣᠨ ᠢ᠋ ᠭᠠᠲᠤᠯᠤᠭᠠᠳ ᠡᠨᠡ ᠬᠣᠷᠸ᠎ᠠ ᠠ᠋ᠴᠠ ᠶᠠᠪᠤᠬᠤ ᠳ᠋ᠠᠭᠠᠨ ᠪᠢ
ᠵᠢᠷᠦᠬᠡ ᠪᠡᠨ ᠬᠠᠢᠷ᠎ᠠ ᠪᠠᠷ ᠳᠦᠭᠦᠷᠭᠡᠨ ᠠᠨᠢᠮᠠ ᠶ᠋ᠢ ᠪᠡᠨ ᠳᠠᠭᠠᠭᠤᠯᠤᠭᠠᠳ ᠪᠤᠴᠠᠨ᠎ᠠ !
ᠳᠡᠭᠡᠪᠦᠷ ᠳᠡᠪᠢᠭᠰᠡᠨ ᠰᠠᠯᠬᠢᠨ ᠳ᠋ᠤ᠌ ᠳᠡᠨᠵᠢ ᠶ᠋ᠢᠨ ᠨᠣᠭᠣᠭ᠎ᠠ ᠰᠢᠷᠠᠯᠠᠨ᠎ᠠ
ᠳᠡᠯᠡᠬᠡᠢ ᠳ᠋ᠦ᠍ ᠢᠷᠡᠭᠡᠳ ᠪᠤᠴᠠᠬᠤ ᠳ᠋ᠠᠭᠠᠨ ᠳᠡᠮᠡᠢ ᠪᠣᠳᠣᠯ ᠠ᠋ᠴᠠ ᠪᠠᠨ ᠰᠠᠯᠤᠨ᠎ᠠ
ᠡᠷᠦᠬᠡ ᠳᠡᠪᠢᠭᠰᠡᠨ ᠰᠠᠯᠬᠢᠨ ᠳ᠋ᠤ᠌ ᠡᠪᠡᠰᠦᠨ ᠦ᠌ ᠲᠣᠯᠣᠭᠠᠢ ᠭᠠᠩᠳᠠᠨ᠎ᠠ
ᠥᠪᠡᠷ ᠦ᠋ᠨ ᠪᠣᠯᠭᠠᠭᠠᠳ ᠠᠪᠤᠭᠰᠠᠨ ᠴᠤ᠌ ᠥᠨᠢᠳᠡ ᠵᠢᠷᠦᠬᠡ ᠮᠢᠨᠢ ᠰᠢᠮᠰᠢᠷᠡᠨ᠎ᠡ
ᠰᠡᠷᠢᠭᠦᠨ ᠨᠠᠮᠤᠷ ᠤ᠋ᠨ ᠣᠭᠲᠠᠷᠭᠤᠢ ᠳ᠋ᠤ᠌ ᠨᠠᠢ᠍ᠮᠠᠨ ᠲᠣᠭᠣᠷᠤᠤ ᠨᠢᠰᠦᠨ᠎ᠡ
ᠰᠡᠳᠬᠢᠯ ᠦ᠋ᠨ ᠬᠦᠢᠲᠡᠨ ᠢ᠋ ᠪᠦᠯᠢᠶᠡᠰᠬᠡᠵᠦ᠂ ᠨᠠᠮ᠎ᠠ ᠶ᠋ᠢ ᠳᠠᠭᠠᠭᠤᠯᠤᠨ ᠨᠢᠰᠦᠨ᠎ᠡ
ᠠᠭᠤᠯᠠ ᠠᠭᠤᠯᠠ ᠶ᠋ᠢ ᠳᠠᠪᠠᠭᠰᠠᠭᠠᠷ ᠣᠶᠤᠨ ᠰᠡᠳᠬᠢᠯ ᠮᠢᠨᠢ ᠨᠢᠰᠦᠨ᠎ᠡ
ᠤᠢᠳᠬᠠᠷ ᠬᠦᠢᠲᠡᠨ ᠵᠢᠪᠠᠷ ᠢ᠋ ᠠᠨᠢᠮᠠ ᠶ᠋ᠢᠨ ᠢᠯᠴᠢ ᠪᠡᠷ ᠳᠠᠪᠠᠨ᠎ᠠ᠃
ᠳᠤᠨᠢᠶᠠᠷᠲᠤᠭᠴᠢ ᠡᠨᠡᠬᠡᠨ ᠳᠡᠯᠡᠬᠡᠢ ᠳ᠋ᠡᠭᠡᠨ ᠮᠥᠩᠬᠡ ᠯᠡ ᠠᠮᠢᠳᠤᠷᠠᠬᠤ ᠦᠭᠡᠢ ᠬᠣᠢᠨ᠎ᠠ
ᠳᠠᠭᠤᠤ ᠪᠣᠯᠭᠠᠵᠤ ᠬᠤᠪᠢᠷᠠᠭᠠᠨ᠎ᠠ ᠠᠨᠢᠮᠠ ᠮᠢᠨᠢ᠂ ᠪᠢ ᠴᠢᠮ᠎ᠠ ᠶ᠋ᠢ ᠪᠡᠨ
ᠴᠠᠢᠪᠤᠷᠲᠤᠭᠴᠢ ᠡᠨᠡᠬᠡᠨ ᠳᠡᠯᠡᠬᠡᠢ ᠳ᠋ᠡᠭᠡᠨ ᠮᠥᠩᠬᠡ ᠯᠡ ᠦᠯᠡᠳᠡᠬᠦ ᠦᠭᠡᠢ ᠬᠣᠢᠨ᠎ᠠ
ᠴᠠᠭ ᠤ᠋ᠨ ᠴᠠᠭ ᠲᠤ᠌ ᠠᠮᠢᠳᠤᠷᠠᠬᠤ ᠬᠠᠢᠷ᠎ᠠ ᠪᠣᠯᠭᠠᠨ᠎ᠠ᠂ ᠪᠢ ᠴᠢᠮ᠎ᠠ ᠶ᠋ᠢ ᠪᠡᠨ
ᠨᠠᠢᠭᠤᠨ ᠨᠠᠢᠭᠤᠨ ᠨᠠᠢᠭᠤᠭᠠᠳ ᠯᠠ ᠨᠠᠮᠤᠷ ᠤ᠋ᠨ ᠬᠣᠷᠸ᠎ᠠ ᠰᠦᠮᠡᠯᠵᠡᠨ᠎ᠡ
ᠨᠠᠳᠠ ᠳ᠋ᠤ᠌ ᠵᠠᠶᠠᠭᠠᠭᠰᠠᠨ ᠬᠥᠮᠦᠨ ᠦ᠌ ᠦᠷ᠎ᠡ᠂ ᠡᠢᠮᠦ ᠯᠡ ᠨᠢᠭᠡᠨ ᠠᠨᠢᠮᠠ᠃
ᠨᠠᠢᠷᠠᠭᠰᠠᠨ ᠨᠠᠢᠷᠠᠭᠰᠠᠨ ᠨᠠᠢᠷᠰᠠᠳ ᠯᠠ ᠨᠠᠪᠴᠢᠰ ᠤ᠋ᠨ ᠰᠡᠷᠴᠢᠭᠢᠨᠡᠭᠡ ᠱᠠᠷᠬᠢᠨᠠ
ᠨᠠᠰᠤᠨ ᠳ᠋ᠠᠭᠠᠨ ᠮᠠᠷᠲᠠᠮ᠎ᠠ ᠦᠭᠡᠢ ᠬᠥᠮᠦᠨ ᠦ᠌ ᠦᠷ᠎ᠡ᠂ ᠮᠢᠨᠦ ᠯᠡ ᠨᠢᠭᠡᠨ ᠠᠨᠢᠮᠠ
ᠠᠭᠠᠰᠢ ᠵᠠᠩ ᠤ᠋ᠨ ᠬᠢᠨᠢ ᠢᠯᠳᠠᠮ ᠳ᠋ᠤᠨᠢ ᠠᠷᠰᠯᠠᠨ ᠪᠠᠷᠰ ᠴᠤ᠌ ᠨᠣᠮᠣᠬᠠᠷᠠᠮᠠᠷ
ᠠᠷᠠᠳ ᠤ᠋ᠨ ᠳᠠᠭᠤᠨ ᠤ᠋ ᠭᠦᠨ ᠡᠴᠡ ᠥᠪᠡᠷ ᠢ᠋ᠶ᠋ᠡᠨ ᠭᠠᠷᠤᠭᠠᠳ ᠢᠷᠡᠭᠰᠡᠨ ᠭᠡᠮᠡᠷ᠂
ᠣᠭᠲᠠᠷᠭᠤᠢ ᠶ᠋ᠢᠨ ᠳᠤᠮᠳᠠ ᠡᠷᠭᠢᠯᠳᠦᠭᠴᠢ ᠵᠤᠤᠪᠠᠩ ᠡᠨᠡ ᠳᠡᠯᠡᠬᠡᠢ ᠳᠡᠭᠡᠷ᠎ᠡ
ᠣᠯᠠᠨ ᠮᠢᠩᠭᠠᠨ ᠵᠢᠯ ᠳ᠋ᠦ᠍ ᠨᠢᠭᠡ ᠯᠡ ᠢᠷᠡᠭᠰᠡᠨ ᠠᠮᠠᠷᠠᠭ ᠮᠢᠨᠢ
ᠦᠯᠡᠮᠵᠢ ᠡᠷᠲᠡᠨ ᠦ᠌ ᠳᠡᠯᠡᠬᠡᠢ ᠮᠢᠨᠢ ᠣᠭᠲᠠᠷᠭᠤᠢ ᠶ᠋ᠢᠨ ᠠᠭᠤᠳᠠᠮ ᠳ᠋ᠤ᠌ ᠭᠠᠭᠴᠠᠭᠠᠷᠳᠠᠵᠤ
ᠡᠭᠦᠯᠡᠨ ᠵᠠᠷᠤᠳᠠᠰᠤ ᠢᠯᠡᠭᠡᠵᠦ᠂ ᠭᠠᠯᠢᠳᠠᠰᠤ ᠴᠢᠮ᠎ᠠ ᠶ᠋ᠢ ᠮᠢᠨᠢ ᠡᠷᠢᠵᠡᠢ᠃
ᠲᠣᠭᠠᠯᠠᠰᠢ ᠦᠭᠡᠢ ᠴᠠᠭ ᠤ᠋ᠨ ᠲᠡᠷᠲᠡᠭᠡ ᠮᠢᠨᠦ ᠯᠡ ᠭᠡᠷᠭᠡᠢ ᠪᠠᠢᠭᠰᠠᠨ ᠴᠢ
ᠲᠤᠯᠤᠭᠠᠳ᠂ ᠲᠡᠷᠡ ᠴᠠᠭ ᠲᠤ᠌ ᠰᠦᠷᠲᠦ ᠶᠡᠬᠡ ᠠᠭᠤᠯᠠᠰ ᠪᠠᠢᠭᠰᠠᠨ ᠶᠤᠮ ᠰᠢᠦ !
ᠳᠡᠯᠡᠬᠡᠢ ᠶ᠋ᠢᠨ ᠠᠭᠤᠯᠠ ᠲᠠᠯ᠎ᠠ ᠪᠠᠷ ᠳᠠᠭᠠᠭᠤᠯᠵᠤ ᠶᠠᠪᠤᠭᠰᠠᠨ ᠪᠢ᠂ ᠴᠢᠮ᠎ᠠ ᠶ᠋ᠢ ᠪᠡᠨ
ᠳᠡᠨᠵᠢ ᠨᠤᠭᠤ ᠶ᠋ᠢᠨ ᠰᠠᠶᠢ ᠰᠠᠶᠢ ᠴᠡᠴᠡᠭᠡᠰ ᠥᠯᠮᠡᠢ ᠶ᠋ᠢ ᠴᠢᠨᠢ ᠦᠨᠦᠰᠦᠭᠰᠡᠨ᠃
ᠶᠢᠰᠦᠨ ᠨᠠᠮᠤᠷ ᠤ᠋ᠨ ᠰᠦᠮᠡᠨ ᠡᠪᠡᠰᠦᠨ ᠦ᠌ ᠦᠨᠦᠷ ᠲᠦ᠍ ᠮᠠᠩᠰᠢᠭᠤᠷᠠᠨ ᠴᠡᠩᠭᠡᠵᠦ
ᠶᠢᠷᠲᠢᠨᠴᠦ ᠶ᠋ᠢᠨ ᠪᠦᠬᠦ ᠭᠣᠣᠯ ᠮᠥᠷᠡᠨ ᠦ᠌ ᠤᠰᠤᠨ ᠳ᠋ᠤ᠌ ᠭᠡᠵᠢᠭᠡ ᠶ᠋ᠢ ᠴᠢᠨᠢ ᠨᠣᠷᠭᠠᠭᠰᠠᠨ !
ᠪᠥᠭᠡᠮ ᠪᠥᠭᠡᠮ ᠢ᠋ᠶ᠋ᠡᠷ ᠴᠣᠭᠴᠠᠯᠠᠪᠠᠴᠤ᠂ ᠪᠦᠭᠦᠳᠡ ᠵᠠᠮᠬᠠᠷᠠᠬᠤ ᠡᠭᠦᠯᠡᠨ ᠠᠳᠠᠯᠢ
ᠪᠥᠭᠡᠷᠡᠩᠬᠡᠢ ᠣᠷᠴᠢᠯᠠᠩ ᠳ᠋ᠤ᠌ ᠴᠤᠭᠭᠠᠷ ᠢᠷᠡᠪᠡᠴᠦ᠂ ᠴᠤᠪᠤᠷᠠᠭᠰᠠᠭᠠᠷ ᠶᠠᠪᠤᠨ᠎ᠠ
ᠰᠠᠭᠯᠠᠭᠠᠷ ᠮᠣᠳᠣᠨ ᠤ᠋ ᠰᠡᠭᠦᠳᠡᠷ ᠲᠦ᠍ ᠰᠠᠢᠬᠠᠨ ᠴᠢᠮ᠎ᠠ ᠶ᠋ᠢ ᠪᠡᠨ ᠲᠡᠪᠡᠷᠢᠭᠰᠡᠨ ᠴᠦ᠍
ᠰᠠᠯᠤᠭᠠᠳ ᠣᠳᠬᠤ ᠶ᠋ᠢᠨ ᠴᠠᠭ ᠨᠢ ᠬᠣᠵᠢᠮ ᠤ᠋ᠨ ᠨᠢᠭᠡᠨ ᠡᠳᠦᠷ ᠲᠦ᠍ !
ᠡᠭᠦᠯᠡᠨ ᠴᠢᠯᠥᠭᠡᠨ ᠦ᠌ ᠨᠠᠷᠠ ᠰᠢᠭ᠋ ᠡᠨᠡ ᠯᠡ ᠶᠠᠪᠤᠭ᠎ᠠ ᠨᠠᠰᠤᠨ ᠳ᠋ᠠᠭᠠᠨ
ᠦᠢᠯᠡ ᠶ᠋ᠢᠨ ᠦᠷ᠎ᠡ ᠪᠡᠷ ᠤᠴᠠᠷᠠᠭᠰᠠᠨ ᠪᠢᠳᠡᠨ ᠬᠣᠶᠠᠷ ᠬᠥᠭᠡᠷᠦᠬᠦᠢ
ᠦᠳᠡ ᠶ᠋ᠢᠨ ᠨᠠᠷᠠᠨ ᠪᠦᠯᠢᠶᠡᠬᠡᠨ ᠴᠦ᠍᠂ ᠦᠳᠡᠰᠢ ᠶ᠋ᠢᠨ ᠰᠠᠷ᠎ᠠ ᠨᠢ ᠬᠦᠢᠲᠡᠨ
ᠦᠶᠡᠷ ᠦ᠋ᠨ ᠤᠰᠤ ᠰᠢᠭ᠋ ᠰᠡᠳᠬᠢᠯ ᠦ᠋ᠨ ᠠᠶᠠᠰ ᠢ᠋ ᠳᠠᠭᠠᠬᠤ ᠬᠡᠴᠡᠭᠦᠦ
ᠡᠷᠪᠡᠢᠵᠦ ᠰᠡᠷᠪᠡᠢᠭᠰᠡᠨ ᠬᠠᠢᠯᠠᠰᠤ᠂ ᠡᠨᠡᠦᠬᠡᠨ ᠮᠠᠢᠬᠠᠨ ᠳ᠋ᠤ᠌ ᠨᠠᠪᠴᠢᠯᠠᠵᠠᠢ
ᠡᠷᠳᠡᠨᠢ ᠶ᠋ᠢᠨ ᠴᠠᠭᠠᠨ ᠽᠠᠨᠳᠠᠨ᠂ ᠲᠡᠷᠲᠡᠭᠡ ᠠᠭᠤᠯᠠᠨ ᠳ᠋ᠤ᠌ ᠤᠷᠭᠤᠵᠠᠢ᠃
ᠡᠨᠡ ᠯᠡ ᠬᠣᠶᠠᠷ ᠢ᠋ ᠨᠡᠢᠯᠡᠭᠦᠯᠦᠭᠡᠳ ᠨᠢᠭᠡᠨ ᠳᠣᠣᠷ᠎ᠠ ᠰᠠᠭᠤᠯᠭᠠᠪᠠᠯ
ᠡᠷᠲᠡᠨ ᠦ᠌ ᠵᠢᠮ᠎ᠡ ᠪᠡᠷ ᠲᠥᠷᠥᠯᠰᠡᠭᠡᠳ ᠢᠵᠢᠯᠢᠳᠦᠨ ᠣᠯᠪᠠᠬᠤ ᠲᠠᠪᠢᠯᠠᠩ ᠲᠠᠢ᠃
ᠬᠣᠶᠠᠷ ᠥᠭᠡᠷ᠎ᠡ ᠠᠭᠤᠯᠠᠨ ᠳ᠋ᠤᠨᠢ ᠬᠣᠷᠸ᠎ᠠ ᠶ᠋ᠢᠨ ᠵᠢᠮ᠎ᠡ ᠶ᠋ᠢ ᠳᠠᠭᠠᠭᠤᠯᠪᠠᠯ
ᠬᠣᠯᠠ ᠠ᠋ᠴᠠ ᠪᠡᠶᠡᠰ ᠢ᠋ᠶ᠋ᠡᠨ ᠦᠭᠡᠢᠯᠡᠭᠰᠡᠭᠡᠷ᠂ ᠬᠣᠷᠴᠢᠢᠵᠤ ᠬᠠᠲᠠᠬᠤ ᠨᠢ ᠯᠠᠪᠲᠠᠢ
ᠳᠣᠯᠣᠭᠠᠨ ᠪᠤᠷᠬᠠᠨ ᠣᠳᠣᠳ ᠨᠢ ᠬᠠᠢᠯᠠᠰᠤᠨ ᠤ᠋ ᠮᠥᠴᠢᠷ ᠲᠡᠭᠡᠨ ᠠᠰᠠᠵᠤ
ᠳᠣᠭᠣᠯᠠᠩ ᠨᠢᠯᠪᠤᠰᠤ ᠲᠠᠢ ᠲᠡᠷᠡ ᠮᠢᠨᠢ ᠮᠢᠨᠦᠬᠢ ᠪᠡᠨ ᠴᠡᠭᠡᠵᠢ ᠶ᠋ᠢ ᠲᠦᠰᠢᠨ᠎ᠡ
ᠰᠠᠷᠠᠨ ᠬᠡᠭᠡᠷ᠎ᠡ ᠬᠣᠨᠣᠭᠰᠠᠨ ᠰᠠᠷᠠᠭᠤᠯ ᠨᠠᠮᠤᠷ ᠤ᠋ᠨ ᠥᠷᠯᠥᠭᠡ
ᠰᠠᠯᠬᠢ ᠪᠠᠷ ᠭᠠᠩᠬᠤᠬᠤ ᠡᠪᠡᠰᠦᠨ ᠳ᠋ᠦ᠍ ᠮᠥᠩᠭᠥᠨ ᠬᠢᠷᠠᠭᠤ ᠴᠡᠪᠴᠡᠢᠨᠡ
ᠰᠠᠨᠠᠭᠰᠠᠭᠠᠷ ᠶᠠᠪᠤᠭᠠᠳ ᠠᠭᠤᠯᠵᠠᠭᠰᠠᠨ ᠴᠤ᠌᠂ ᠰᠠᠨᠠᠭ᠎ᠠ ᠰᠡᠳᠬᠢᠯ ᠭᠡᠬᠢᠯᠵᠡᠨᠡ
ᠰᠠᠢᠬᠠᠨ ᠲᠥᠷᠥᠭᠰᠡᠨ ᠠᠨᠢᠮᠠ ᠮᠢᠨᠢ ᠱᠠᠨᠵᠠ ᠪᠠᠨ ᠲᠦᠰᠢᠭᠡᠳ ᠮᠡᠯᠮᠡᠷᠡᠨ᠎ᠡ᠃
《ᠡᠷᠳᠡᠨᠢ ᠵᠠᠰᠠᠭ ᠤ᠋ᠨ ᠤᠨᠠᠭ᠎ᠠ》ᠤᠶᠠᠭᠠᠨ ᠳᠡᠭᠡᠷ᠎ᠡ ᠪᠡᠨ ᠦᠦᠷᠰᠡᠨ᠎ᠡ
ᠡᠨᠡᠬᠡᠨ ᠽᠠᠮᠪᠤᠯᠢᠩ ᠤ᠋ᠨ ᠲᠣᠭᠣᠰᠣ ᠶ᠋ᠢ ᠡᠷ᠎ᠡ ᠶ᠋ᠢᠨ ᠶᠣᠰᠣᠭᠠᠷ ᠳᠣᠭᠣᠯᠤᠶ᠎ᠠ
《ᠡᠷ᠎ᠡ ᠪᠣᠷᠣ ᠬᠠᠷᠴᠠᠭᠠᠢ》ᠨᠢ ᠠᠶᠠᠯᠭᠤᠨ ᠳᠤᠮᠳᠠ ᠠ᠋ᠴᠠ ᠪᠠᠨ ᠴᠤᠢᠯᠠᠨᠠ
ᠡᠷᠪᠡᠭᠡᠷ ᠵᠢᠭᠠᠬᠠᠨ ᠲᠡᠭᠦᠨ ᠲᠡᠢ ᠪᠡᠨ ᠡᠷᠲᠡᠨ ᠦ᠌ ᠢᠷᠦᠭᠡᠯ ᠢ᠋ᠶ᠋ᠡᠷ ᠵᠣᠯᠭᠠᠶ᠎ᠠ᠃
