ᠳᠡᠭᠡᠵᠢ – ᠬᠠᠳᠠᠨᠪᠠᠭᠠᠲᠤᠷ Дээж – Хаданбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠭᠡᠵᠢ – ᠬᠠᠳᠠᠨᠪᠠᠭᠠᠲᠤᠷ Дээж – Хаданбаатар

ᠳᠡᠭᠡᠵᠢ – ᠬᠠᠳᠠᠨᠪᠠᠭᠠᠲᠤᠷ Дээж – Хаданбаатар

2025-12-23

432

ᠳᠡᠭᠡᠵᠢ

 
                            ᠬᠠᠲᠠᠨᠪᠠᠭᠠᠲᠤᠷ 

 ᠠᠮᠤᠷ ᠰᠠᠢᠨ ᠪᠠᠢᠨ᠎ᠠ ᠤᠤ ᠭᠡᠵᠦ ᠮᠡᠨᠳᠦᠴᠢᠯᠡᠨ ᠵᠣᠯᠭᠠᠬᠤ ᠳ᠋ᠤ᠌ 
 ᠠᠬᠠᠮᠠᠳ ᠳᠡᠭᠡᠳᠦᠰ ᠡᠴᠡ ᠤᠯᠠᠮᠵᠢᠯᠠᠵᠤ ᠰᠤᠷᠤᠭᠰᠠᠨ ᠮᠡᠨᠳᠦᠴᠢᠯᠡᠭᠡᠨ ᠦ ᠳᠡᠭᠡᠵᠢ ᠲᠡᠷᠡ 
 ᠠᠶᠠᠭ᠎ᠠ ᠲᠠᠢ ᠴᠠᠢ ᠪᠠᠨ ᠠᠶᠠᠭᠠᠯᠠᠵᠤ ᠥᠷᠥᠮ᠎ᠡ ᠰᠢᠭᠦᠮᠡᠯ ᠢᠶᠡᠨ ᠲᠠᠯᠪᠢᠬᠤ
 ᠠᠢᠯᠴᠢᠨ ᠭᠡᠢᠴᠢᠨ ᠢᠶᠡᠨ ᠬᠦᠨᠳᠦᠯᠡᠬᠦ ᠢᠳᠡᠭᠡᠨ ᠦ ᠳᠡᠭᠡᠵᠢ ᠲᠡᠷᠡ
 ᠠᠷᠢᠬᠢ ᠰᠠᠷᠬᠤᠳ ᠢᠶᠠᠨ ᠪᠠᠷᠢᠵᠤ ᠬᠦᠨᠳᠦ ᠶᠢᠨ ᠶᠣᠰᠣᠭᠠᠷ ᠵᠣᠴᠢᠯᠠᠬᠤ
 ᠠᠬᠠᠰ ᠵᠠᠬᠠᠰ ᠠᠴᠠ ᠰᠣᠷᠣᠭᠰᠠᠨ ᠤᠮᠳᠠᠭᠠᠨ ᠤ ᠳᠡᠭᠡᠵᠢ ᠲᠡᠷᠡ
 ᠠᠯᠠᠭ ᠦᠷ᠎ᠡ ᠪᠡᠨ ᠠᠷᠠᠳ ᠤᠨ ᠰᠤᠷᠭᠠᠭᠤᠯᠢ ᠳᠤ ᠬᠦᠷᠭᠡᠵᠦ
 ᠠᠯᠲᠠᠨ ᠰᠤᠷᠭᠠᠯ ᠢ ᠬᠦᠷᠲᠡᠭᠡᠬᠦ ᠠᠪᠤ ᠡᠵᠢ ᠶᠢᠨ ᠰᠡᠳᠬᠢᠯ ᠦᠨ ᠳᠡᠭᠡᠵᠢ ᠲᠡᠷᠡ
 ᠥᠳᠬᠡ ᠰᠢᠭᠦᠰᠦ ᠪᠡᠨ ᠲᠠᠯᠪᠢᠵᠤ ᠢᠷᠦᠭᠡᠵᠦ ᠳᠡᠭᠡᠵᠢᠯᠡᠬᠦ ᠨᠢ
 ᠦᠶ᠎ᠡ ᠳᠠᠮᠵᠢᠨ ᠤᠯᠠᠮᠵᠢᠯᠠᠭᠳᠠᠭᠰᠠᠨ ᠬᠦᠨᠳᠦ ᠶᠢᠨ ᠳᠡᠭᠡᠵᠢ ᠲᠡᠷᠡ 
 ᠦᠭᠡ ᠶᠢᠨ ᠲᠣᠬᠢᠯᠢᠭ ᠢᠶᠠᠷ ᠰᠤᠷᠭᠠᠵᠤ ᠦᠨᠡᠨ ᠢᠶᠡᠷ ᠬᠥᠮᠥᠵᠢᠭᠦᠯᠬᠦ ᠨᠢ 
 ᠦᠷ᠎ᠡ ᠠᠴᠢᠷ ᠲᠠᠭᠠᠨ ᠦᠯᠡᠳᠡᠭᠡᠬᠦ ᠰᠤᠷᠭᠠᠯ ᠤᠨ ᠳᠡᠭᠡᠵᠢ ᠲᠡᠷᠡ
 ᠥᠮᠴᠢᠷᠬᠡᠨ ᠤᠩᠰᠢᠵᠤ ᠰᠤᠷᠬᠤ 《ᠮᠣᠩᠭᠣᠯ ᠤᠨ ᠨᠢᠭᠤᠴᠠ ᠳᠣᠪᠴᠢᠶᠠᠨ》
 ᠤᠭᠰᠠᠭ᠎ᠠ ᠲᠦᠮᠡᠨ ᠦ ᠮᠡᠳᠡᠭᠦᠰᠢᠲᠡᠢ ᠥᠪ ᠰᠣᠶᠣᠯ ᠤᠨ ᠳᠡᠭᠡᠵᠢ ᠲᠡᠷᠡ
 ᠤᠳᠤᠮ ᠤᠨ ᠤᠳᠤᠮ ᠢᠶᠠᠷ ᠤᠯᠠᠮᠵᠢᠯᠠᠵᠤ ᠬᠦᠢᠴᠡᠳᠬᠡᠵᠦ ᠢᠷᠡᠭᠰᠡᠨ ᠵᠠᠩ ᠦᠢᠯᠡ
 ᠦᠨᠳᠦᠰᠦᠲᠡᠨ ᠶᠠᠰᠤᠲᠠᠨ ᠤ ᠠᠷᠢᠭᠤᠨ ᠳᠡᠭᠡᠳᠦ ᠵᠠᠩᠰᠢᠯ ᠤᠨ ᠳᠡᠭᠡᠵᠢ ᠲᠡᠷᠡ
 ᠦᠵᠡᠬᠦ ᠬᠣᠶᠠᠷ ᠨᠢᠳᠦ ᠪᠡᠷ ᠢᠶᠡᠨ ᠡᠩᠬᠦᠷᠡᠢᠯᠡᠨ ᠬᠠᠷᠠᠬᠤ ᠨᠢ 
 ᠦᠨᠡᠨ ᠵᠢᠷᠦᠬᠡᠨ ᠡᠴᠡ ᠭᠠᠷᠤᠭᠰᠠᠨ ᠬᠠᠷᠠᠴᠠᠨ ᠤ ᠳᠡᠭᠡᠵᠢ ᠲᠡᠷᠡ
 ᠤᠷᠲᠤ ᠲᠣᠷᠭᠠᠨ ᠬᠠᠳᠠᠭ ᠢᠶᠠᠨ ᠳᠡᠯᠭᠡᠵᠦ ᠮᠥᠷᠭᠥᠨ ᠵᠣᠯᠭᠠᠬᠤ ᠨᠢ
 ᠥᠨᠳᠥᠷ ᠨᠠᠰᠤᠲᠠᠢ ᠬᠥᠮᠥᠨ ᠢᠶᠡᠨ ᠪᠠᠶᠠᠰᠬᠠᠬᠤ ᠬᠦᠨᠳᠦᠯᠡᠬᠦ ᠶᠢᠨ ᠳᠡᠭᠡᠵᠢ ᠲᠡᠷᠡ᠃

                 2022᠂ 6᠂15
                  ᠳᠡᠭᠡᠵᠢ ᠶᠣᠰᠣᠨ ᠢᠶᠠᠨ ᠮᠡᠳᠡᠷᠡᠵᠦ
             ᠶᠣᠰᠣᠴᠢᠯᠠᠨ ᠪᠡᠶᠡᠯᠡᠭᠦᠯᠬᠦ ᠪᠢᠳᠠᠨ ᠤ ᠵᠠᠮ