ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠶᠠᠷ〕 Цаг төрийн үймээн – Д ᠂ Намдаг - Цаг төрийн үймээн ᠂ гуравдугаар бүлэг -2
ᠠᠵᠢᠯ ᠤ᠋ᠨ ᠬᠥᠯᠥᠰᠥ
ᠳᠡ ᠯᠣᠣᠶᠧ ᠶ᠋ᠢᠨ ᠳ᠋ᠦ᠍ ᠠᠵᠢᠯᠯᠠᠬᠤ ᠳ᠋ᠤ᠌ ᠡᠳᠦᠷ ᠳᠤᠮᠳᠠ ᠨᠢᠭᠡ ᠬᠣᠭᠣᠯᠠ ᠢᠳᠡᠬᠦ ᠪᠡᠷ ᠵᠣᠭᠰᠣᠬᠤ ᠦᠭᠡᠢ᠂ ᠣᠷᠣᠢ ᠶ᠋ᠢᠨ ᠨᠠᠷᠠ ᠵᠢᠷᠭᠠᠨ ᠫᠧᠩ ᠦ᠋ᠨ ᠳᠣᠲᠣᠷ᠎ᠠ ᠬᠠᠷᠠᠩᠭᠤᠢ ᠪᠣᠯᠤᠨ ᠠᠵᠢᠯ ᠵᠣᠭᠰᠣᠬᠤ ᠳ᠋ᠤ᠌ ᠬᠣᠶᠠᠳᠠᠬᠢ ᠬᠣᠭᠣᠯᠠ ᠢᠳᠡᠨ᠎ᠡ᠃ ᠡᠨᠡ ᠬᠣᠶᠠᠷ ᠬᠣᠭᠣᠯᠠ ᠶ᠋ᠢᠨ ᠬᠡᠮᠵᠢᠶ᠎ᠡ ᠮᠠᠰᠢ ᠶᠡᠬᠡ᠂ ᠶᠣᠰᠣᠲᠠᠢ ᠭᠡᠳᠡᠰᠦ ᠮᠡᠳᠡᠨ ᠢᠳᠡᠬᠦ ᠪᠡᠷ ᠠᠷᠪᠢᠨ ᠠᠷᠪᠢᠨ ᠢᠷᠡᠳᠡᠭ ᠢ᠋ ᠳ᠋ᠠᠨᠽᠡᠨ ᠶᠡᠬᠡᠳᠡ ᠣᠯᠵᠠᠷᠬᠠᠨᠠ᠃ ᠵᠠᠷᠢᠮ ᠳ᠋ᠠᠭᠠᠨ ᠳ᠋ᠠᠨᠽᠡᠨ ᠬᠡᠮᠵᠢᠶᠡᠨ ᠡᠴᠡ ᠬᠡᠲᠦᠷᠡᠭᠦᠯᠵᠦ ᠣᠷᠬᠢᠭᠠᠳ ᠪᠤᠴᠠᠬᠤ ᠵᠠᠮ ᠳ᠋ᠠᠭᠠᠨ ᠠᠮᠢᠰᠬᠤᠭᠠᠳᠠᠨ ᠰᠠᠨᠳᠤᠷᠳᠠᠭ ᠪᠠᠢᠯ᠎ᠠ᠃
— ᠦᠭᠡᠢ ᠶᠠᠭᠤᠨ ᠳ᠋ᠤ᠌ ᠡᠢᠮᠦ ᠶᠡᠬᠡ ᠥᠭᠭᠦᠨ᠎ᠡ ᠪᠣᠢ? ᠭᠡᠵᠦ ᠠᠰᠠᠭᠤᠬᠤ ᠳ᠋ᠤ᠌ ᠯᠤᠤ ᠯᠢ ᠤᠷᠢᠳ ᠡᠮᠦᠨ᠎ᠡ ᠡᠢᠮᠦ ᠪᠠᠢᠭ᠎ᠠ ᠦᠭᠡᠢ ᠪᠣᠯᠪᠠᠴᠤ ᠳᠠ ᠯᠣᠣᠶᠧ ᠶ᠋ᠢᠨ ᠠᠷᠢᠭᠤᠨ ᠰᠢᠳᠤᠷᠭᠤ ᠪᠣᠯᠤᠭᠠᠳ ᠠᠵᠢᠯ ᠬᠢᠭᠰᠡᠨ ᠬᠥᠮᠦᠨ ᠢ᠋ ᠦᠷᠭᠦᠯᠵᠢ ᠠᠩᠬᠠᠷᠤᠨ ᠦᠵᠡᠳᠡᠭ ᠦ᠋ᠨ ᠬᠢ ᠪᠢᠵᠡ ᠠ᠋ ᠭᠡᠵᠦ ᠬᠠᠷᠢᠭᠤᠯᠤᠨ᠎ᠠ᠃
ᠦᠨᠡᠬᠡᠷ ᠴᠦ᠍ ᠳᠠ ᠯᠣᠣᠶᠧ ᠳ᠋ᠠᠨᠽᠡᠨ ᠢ᠋ ᠶᠡᠬᠡᠳᠡ ᠲᠠᠯᠠᠷᠬᠠᠬᠤ ᠮᠡᠲᠦ ᠥᠷᠯᠥᠭᠡ ᠪᠦᠷᠢ ᠠᠵᠢᠯ ᠤ᠋ᠨ ᠢᠳᠡ ᠶᠠᠪᠤᠴᠠ ᠳᠤᠮᠳᠠᠭᠤᠷ ᠠᠩᠬᠠᠨ ᠤ᠋ ᠪᠠᠨ ᠡᠳᠦᠷ ᠦ᠋ᠨ ᠬᠢ ᠰᠢᠭ ᠢ᠋ᠶ᠋ᠡᠨ ᠫᠧᠩ ᠦ᠋ᠨ ᠡᠭᠦᠳᠡᠨ ᠳ᠋ᠦ᠍ ᠢᠷᠡᠨ᠎ᠡ᠃ ᠴᠢᠬᠢᠷᠰᠦᠨ ᠡᠭᠦᠳᠡ ᠶ᠋ᠢ ᠬᠠᠭᠠᠰ ᠨᠥᠮᠥᠷᠦᠨ ᠵᠣᠭᠰᠣᠵᠤ ᠪᠠᠬᠠᠨ ᠠᠵᠢᠭᠯᠠᠨ᠎ᠠ᠃ ᠳᠠᠷᠠᠭ᠎ᠠ ᠨᠢ ᠪᠠᠷᠤᠭ ᠬᠣᠭᠣᠯᠠ ᠢᠳᠡᠬᠦ ᠪᠦᠷᠢ ᠳᠡᠭᠡᠷ᠎ᠡ ᠳᠠᠬᠢᠨ ᠢᠷᠡᠵᠦ᠂ ᠯᠠᠨᠲᠤᠭᠠᠷ ᠢᠰᠡᠭᠡᠢ ᠱᠠᠬᠠᠢ ᠪᠠᠷ ᠢ᠋ᠶ᠋ᠠᠨ ᠮᠤᠤᠷ ᠰᠢᠭ᠋ ᠭᠡᠲᠡᠨ ᠳᠥᠷᠪᠡ ᠲᠠᠪᠤᠨ ᠠᠯᠬᠤᠮ ᠤ᠋ᠨ ᠵᠠᠢ ᠲᠠᠢ ᠵᠣᠭᠰᠣᠵᠤ ᠪᠠᠰᠠ ᠯᠠ ᠪᠠᠬᠠᠨ ᠠᠵᠢᠭᠯᠠᠨ᠎ᠠ᠃ ᠤᠴᠢᠷ ᠨᠢ ᠳᠡ ᠯᠣᠣᠶᠧ ᠳ᠋ᠠᠨᠽᠡᠨ ᠦ᠌ ᠬᠦᠨᠳᠦ ᠲᠡᠭᠡᠷᠮ᠎ᠡ ᠳ᠋ᠦ᠍ ᠬᠡᠨᠡᠭ ᠦᠭᠡᠢ ᠵᠢᠳᠬᠦᠵᠦ ᠪᠠᠢᠭ᠎ᠠ ᠶ᠋ᠢ ᠬᠡᠴᠢᠨᠡᠭᠡᠨ ᠦᠵᠡᠪᠡᠴᠦ ᠪᠠᠬᠠᠷᠬᠠᠯ ᠡᠰᠡ ᠬᠠᠨᠤᠨ᠎ᠠ᠃ ᠪᠠᠰᠠ ᠢᠳᠡᠬᠦ ᠨᠢ ᠪᠤᠰᠤᠳ ᠠ᠋ᠴᠠ ᠣᠨᠴᠠᠭᠠᠢ ᠶ᠋ᠢ ᠬᠠᠴᠢᠷᠬᠠᠨ ᠰᠣᠨᠢᠷᠬᠠᠨ᠎ᠠ᠃ ᠭᠡᠲᠡᠯ᠎ᠡ ᠪᠠᠰᠠ ᠶᠠᠭᠤᠮ᠎ᠠ ᠵᠠᠵᠢᠯᠬᠤ ᠳ᠋ᠤᠨᠢ ᠰᠢᠨ᠎ᠠ ᠳ᠋ᠤᠨᠢ ᠵᠠᠩᠭᠢᠷᠠᠭᠰᠠᠨ ᠪᠤᠯᠴᠢᠩ ᠪᠣᠢ ᠪᠣᠯᠤᠨ ᠥᠪᠥᠰ ᠲᠥᠪᠥᠰ ᠬᠥᠳᠡᠯᠬᠦ ᠨᠢ ᠪᠦᠷ ᠴᠦ᠍ ᠬᠠᠴᠢᠨ ᠪᠠᠢᠳᠠᠭ ᠪᠠᠢᠵᠠᠢ᠃
ᠤᠷᠢᠳ ᠡᠮᠦᠨ᠎ᠡ ᠳᠡ ᠯᠣᠣᠶᠧ ᠡᠨᠡ ᠫᠧᠩ ᠳ᠋ᠦ᠍ ᠬᠣᠶᠠᠷ ᠰᠠᠢᠬᠠᠨ ᠡᠯᠵᠢᠭᠡ ᠪᠡᠨ ᠦᠵᠡᠨ ᠰᠡᠳᠬᠢᠯ ᠪᠠᠶᠠᠰᠬᠠᠬᠤ ᠪᠠᠷ ᠣᠷᠣᠵᠤ ᠢᠷᠡᠳᠡᠭ ᠪᠠᠢᠭᠰᠠᠨ ᠪᠣᠯ ᠣᠳᠣ ᠵᠥᠪᠬᠡᠨ ᠳ᠋ᠠᠨᠽᠡᠨ ᠢ᠋᠁ ᠡᠢᠮᠦ ᠬᠥᠮᠦᠨ ᠢ᠋ ᠡᠭᠦᠷᠢᠳᠡ ᠡᠵᠡᠮᠰᠢᠬᠦ ᠪᠣᠯᠪᠠᠯ ᠶᠠᠭᠤᠲᠠᠢ ᠰᠠᠢᠬᠠᠨ ᠪᠣᠢ? ᠲᠡᠭᠡᠷᠮ᠎ᠡ ᠳ᠋ᠦ᠍ ᠵᠢᠳᠬᠦᠭᠦᠯᠵᠦ ᠪᠠᠢᠬᠤ ᠠ᠋ᠴᠠ ᠭᠠᠳᠠᠨ᠎ᠠ᠂ ᠠᠮᠢ ᠪᠡᠶ᠎ᠡ᠂ ᠡᠳ᠋ ᠬᠣᠭᠰᠢᠯ ᠢ᠋ᠶ᠋ᠠᠨ ᠰᠡᠳᠬᠢᠯ ᠪᠠᠷᠳᠠᠮ ᠬᠠᠮᠠᠭᠠᠯᠠᠭᠤᠯᠬᠤ ᠪᠤᠰᠤ ᠤᠤ? ᠭᠡᠳᠡᠭ ᠪᠣᠳᠣᠯ ᠢ᠋ ᠴᠠᠭ ᠢᠮᠠᠭᠲᠠ ᠡᠪᠦᠷᠯᠡᠨ ᠰᠢᠨᠤᠬᠠᠢᠷᠠᠨᠠ᠃ ᠲᠡᠭᠡᠭᠡᠳ ᠶᠠᠭᠤᠨ ᠤ᠋ ᠤᠷᠢᠳ《ᠬᠣᠭᠣᠯᠠ ᠲᠠᠢ ᠭᠠᠵᠠᠷ ᠠ᠋ᠴᠠ ᠬᠥᠮᠦᠨ ᠵᠢᠭᠤᠲᠠᠬᠤ ᠦᠭᠡᠢ》 ᠭᠡᠭᠴᠢ ᠪᠡᠷ ᠬᠣᠶᠠᠷ ᠡᠯᠵᠢᠭᠡ ᠶ᠋ᠢᠨ ᠢ᠋ᠶ᠋ᠡᠨ ᠲᠡᠵᠢᠭᠡᠯ ᠦ᠋ᠨ ᠵᠠᠷᠤᠳᠠᠯ ᠢ᠋ ᠬᠠᠰᠤᠵᠤ ᠳ᠋ᠠᠨᠽᠡᠨ ᠦ᠌ ᠢᠳᠡᠬᠦ ᠳ᠋ᠦ᠍ ᠰᠢᠯᠵᠢᠭᠦᠯᠦᠭᠰᠡᠨ ᠪᠠᠢᠵᠠᠢ᠃
ᠢᠩᠭᠢᠵᠦ ᠠᠷᠪᠠᠭᠠᠳ ᠡᠳᠦᠷ ᠥᠩᠭᠡᠷᠡᠬᠦ ᠳ᠋ᠦ᠍ ᠬᠣᠶᠠᠷ ᠡᠯᠵᠢᠭᠡ ᠮᠡᠳᠡᠭᠳᠡᠬᠦᠢᠴᠡ ᠳᠣᠷᠣᠢᠲᠠᠪᠠ᠃ ᠠᠩᠬᠠᠨ ᠤ᠋ ᠡᠳᠦᠷ ᠦ᠋ᠳ ᠲᠦ᠍ ᠲᠡᠷᠡ ᠬᠣᠶᠠᠷ ᠳ᠋ᠠᠨᠽᠡᠨ ᠦ᠌ ᠲᠡᠭᠡᠷᠮ᠎ᠡ ᠵᠢᠳᠬᠦᠬᠦ ᠶ᠋ᠢ ᠳᠡᠭᠡᠷᠡᠩᠭᠦᠢᠯᠡᠬᠦ ᠪᠠᠢᠳᠠᠯ ᠢ᠋ᠶ᠋ᠠᠷ ᠰᠢᠷᠲᠡᠵᠦ ᠪᠠᠢᠭᠰᠠᠨ ᠢ᠋ᠶ᠋ᠠᠨ ᠪᠣᠯᠢᠭᠠᠳ ᠤᠷᠲᠤ ᠰᠠᠢᠬᠠᠨ ᠴᠢᠬᠢ ᠪᠡᠨ ᠰᠤᠯᠠ ᠬᠠᠶᠠᠨ ᠤᠷᠤᠭᠤ ᠴᠢᠷᠠᠢᠯᠠᠨ ᠭᠠᠵᠠᠷ ᠰᠢᠷᠲᠡᠬᠦ ᠪᠣᠯᠪᠠ᠃ ᠡᠳᠦᠷ ᠳᠤᠮᠳᠠ ᠪᠣᠯᠣᠮᠠᠭᠴᠠ ᠥᠨᠥᠬᠢ ᠲᠢᠪ ᠳᠡᠯᠡᠬᠡᠢ ᠶ᠋ᠢᠨ ᠬᠠᠮᠤᠭ ᠠᠮᠢᠲᠠᠳ ᠲᠤ ᠲᠠᠷᠭᠤᠨ ᠴᠠᠳᠬᠤᠯᠠᠩ ᠪᠠᠢᠭ᠎ᠠ ᠪᠠᠨ ᠭᠠᠢᠬᠠᠭᠤᠯᠬᠤ ᠰᠢᠭ᠋ ᠬᠦᠴᠦ ᠮᠡᠳᠡᠨ ᠪᠠᠷᠬᠢᠷᠠᠬᠤ ᠨᠢ ᠰᠤᠯᠠᠷᠠᠵᠤ ᠪᠡᠶ᠎ᠡ ᠪᠡᠶ᠎ᠡ ᠤᠷᠤᠭᠤ ᠪᠠᠨ ᠠᠭᠠᠬᠢᠯᠠᠨ ᠲᠡᠮᠡᠦᠯᠬᠦ ᠨᠢ ᠴᠦ᠍ ᠪᠦᠷ ᠵᠣᠭᠰᠣᠵᠠᠢ᠃ ᠭᠡᠲᠡᠯ᠎ᠡ ᠡᠳᠡᠨ ᠢ᠋ ᠠᠩᠬᠠᠷᠬᠤ ᠬᠥᠮᠦᠨ ᠠᠯᠠᠭ᠎ᠠ᠃ ᠭᠠᠭᠴᠠᠬᠠᠨ ᠳ᠋ᠠᠨᠽᠡᠨ ᠮᠠᠯ ᠳ᠋ᠤ᠌ ᠬᠠᠢᠷᠠᠲᠠᠢ ᠪᠠᠷ ᠢ᠋ᠶ᠋ᠠᠨ ᠠᠵᠢᠭᠯᠠᠨ ᠡᠳᠡᠨ ᠢ᠋ ᠡᠨᠳᠡ ᠢᠩᠭᠢᠵᠦ ᠳᠡᠮᠡᠢ ᠬᠣᠷᠢᠵᠤ ᠪᠠᠢᠬᠤ ᠶ᠋ᠢᠨ ᠣᠷᠣᠨ ᠳ᠋ᠤ᠌ ᠠᠭᠤᠯᠠᠨ ᠳ᠋ᠤ᠌ ᠭᠠᠷᠭᠠᠴᠢᠬᠠᠪᠠᠯ ᠰᠡᠷᠭᠦᠭᠰᠡᠨ ᠪᠠᠢᠭ᠎ᠠ ᠳᠠ ᠭᠡᠵᠦ ᠪᠣᠳᠣᠨ᠎ᠠ᠃
ᠨᠢᠭᠡ ᠮᠡᠳᠡᠬᠦ ᠳ᠋ᠦ᠍ ᠴᠠᠭᠠᠨ ᠰᠠᠷ᠎ᠠ ᠶ᠋ᠢᠨ ᠴᠤᠤᠷᠢᠶ᠎ᠠ ᠪᠦᠬᠦ ᠲᠣᠰᠬᠣᠨ ᠢ᠋ᠶ᠋ᠠᠷ ᠳᠡᠭᠳᠡᠪᠡ᠃ ᠬᠡᠦᠬᠡᠳ ᠪᠠᠭᠠᠴᠤᠳ ᠤ᠋ᠨ ᠬᠡᠴᠢᠨᠡᠭᠡᠨ ᠶᠡᠬᠡ ᠪᠠᠶᠠᠷ ᠬᠥᠷ ᠪᠣᠯᠤᠨ ᠬᠦᠯᠢᠶᠡᠵᠦ ᠪᠠᠢᠭ᠎ᠠ ᠶ᠋ᠢ ᠳ᠋ᠠᠨᠽᠡᠨ ᠯᠤᠤ ᠯᠢ ᠶ᠋ᠢᠨ ᠬᠡᠦᠬᠡᠳ ᠦ᠋ᠳ ᠦ᠋ᠨ ᠥᠷᠯᠥᠭᠡ ᠪᠦᠷᠢ ᠬᠤᠷᠤᠭᠤ ᠳᠠᠷᠤᠨ ᠬᠣᠨᠣᠭ ᠲᠣᠭᠠᠯᠠᠵᠤ ᠪᠠᠢᠭ᠎ᠠ ᠠ᠋ᠴᠠ ᠮᠡᠳᠡᠨ ᠮᠥᠨ ᠯᠡ ᠰᠡᠳᠬᠢᠯ ᠬᠥᠳᠡᠯᠦᠨ᠎ᠡ᠃ ᠯᠤᠤ ᠯᠢ᠂ ᠠᠪᠠᠭᠠᠢ ᠬᠣᠶᠠᠷ ᠴᠦ᠍ ᠭᠡᠰᠡᠨ ᠲᠠᠢᠪᠤᠩ ᠰᠠᠭᠤᠵᠤ ᠴᠢᠳᠠᠬᠤ ᠪᠠᠨ ᠪᠠᠢᠪᠠ᠃ ᠡᠢᠮᠦ ᠲᠡᠢᠮᠦ ᠶᠠᠭᠤᠮ᠎ᠠ ᠪᠡᠯᠡᠳᠬᠡᠨ᠎ᠡ ᠭᠡᠵᠦ ᠬᠡᠯᠡᠯᠴᠡᠬᠦ ᠵᠠᠭᠤᠷ᠎ᠠ ᠥᠪᠡᠷ ᠲᠦ᠍ ᠦᠭᠡᠢ ᠵᠦᠢᠯᠡᠰ ᠢ᠋ ᠬᠠᠮᠢᠭ᠎ᠠ ᠠ᠋ᠴᠠ ᠶᠠᠪᠤᠵᠤ ᠣᠯᠬᠤ ᠪᠣᠢ? ᠭᠡᠵᠦ ᠰᠡᠳᠬᠢᠯ ᠨᠢ ᠵᠣᠪᠠᠨᠢᠨ᠎ᠠ᠃
ᠮᠣᠩᠭᠣᠯ ᠳ᠋ᠤ᠌ ᠪᠣᠯ ᠴᠠᠭᠠᠨ ᠰᠠᠷ᠎ᠠ ᠪᠠᠷ ᠠᠢᠯ ᠪᠦᠷᠢ ᠳ᠋ᠦ᠍ ᠲᠠᠷᠭᠤᠨ ᠬᠣᠨᠢᠨ ᠤ᠋ ᠮᠢᠬ᠎ᠠ ᠭᠣᠣᠯ ᠪᠣᠯᠤᠨ ᠬᠡᠷᠡᠭᠯᠡᠭᠳᠡᠳᠡᠭ ᠪᠣᠯ ᠡᠨᠳᠡ ᠨᠠᠷᠢᠨ ᠴᠠᠭᠠᠨ ᠭᠤᠯᠢᠷ ᠠᠷᠪᠠ ᠬᠣᠷᠢᠨ ᠵᠢᠩ ᠬᠡᠷᠡᠭᠲᠡᠢ ᠪᠣᠯᠤᠨ᠎ᠠ᠃ ᠭᠡᠲᠡᠯ᠎ᠡ ᠲᠡᠢᠮᠦ ᠭᠤᠯᠢᠷ ᠯᠤᠤ ᠯᠢ ᠶ᠋ᠢᠨ ᠳ᠋ᠦ᠍ ᠪᠠᠢᠬᠤ ᠦᠭᠡᠢ ᠪᠣᠯᠬᠣᠷ᠂ ᠳᠠ ᠯᠣᠣᠶᠧ ᠶ᠋ᠢᠨ ᠳ᠋ᠦ᠍ ᠠᠵᠢᠯᠯᠠᠭᠰᠠᠨ ᠬᠥᠯᠥᠰᠥ ᠪᠡᠨ ᠪᠤᠳᠤᠭᠤᠯᠵᠤ ᠭᠤᠯᠢᠷ ᠣᠷᠣᠯᠴᠠᠭᠤᠯᠤᠨ ᠠᠪᠬᠤ ᠪᠠᠷ ᠰᠢᠢᠳᠪᠡ᠃ ᠯᠤᠤ ᠯᠢ ᠳᠡ ᠯᠣᠣᠶᠧ ᠶ᠋ᠢᠨ ᠳ᠋ᠠᠨᠽᠡᠨ ᠢ᠋ ᠴᠠᠭ ᠢᠮᠠᠭᠲᠠ ᠲᠠᠭᠠᠯᠠᠯᠲᠤ ᠨᠢᠳᠦ ᠪᠡᠷ ᠠᠵᠢᠳᠠᠭ ᠢ᠋ ᠰᠠᠢᠨ ᠮᠡᠳᠡᠬᠦ ᠲᠤᠯᠠ ᠳ᠋ᠠᠨᠽᠡᠨ ᠲᠡᠢ ᠣᠷᠣᠪᠠᠯ ᠡᠷᠬᠡ ᠦᠭᠡᠢ ᠰᠠᠢᠨ ᠪᠣᠯᠤᠨ᠎ᠠ ᠭᠡᠵᠦ ᠪᠣᠳᠣᠵᠠᠢ᠃ ᠲᠡᠭᠡᠭᠡᠳ ᠳᠡ ᠯᠣᠣᠶᠧ ᠶ᠋ᠢᠨ ᠳ᠋ᠦ᠍ ᠪᠠᠷᠠᠭᠠᠯᠠᠬᠠᠬᠤ ᠳ᠋ᠠᠭᠠᠨ ᠳ᠋ᠠᠨᠽᠡᠨ ᠢ᠋ ᠳᠠᠭᠠᠭᠤᠯᠪᠠ᠃ ᠲᠠᠰᠤᠯᠭᠠᠨ ᠳ᠋ᠤ᠌ ᠨᠢ ᠳᠥᠩᠭᠡᠵᠦ ᠣᠷᠣᠩᠭᠤᠲᠠ ᠪᠠᠨ ᠯᠤᠤ ᠯᠢ ᠪᠣᠱᠣᠭᠠᠨ ᠠ᠋ᠴᠠ ᠨᠢ ᠦᠯᠦ ᠬᠡᠲᠦᠷᠡᠨ ᠬᠡᠳᠦ ᠳᠠᠬᠢᠨ ᠮᠡᠬᠦᠯᠵᠡᠨ ᠮᠥᠷᠭᠥᠬᠦ ᠶ᠋ᠢ ᠳ᠋ᠠᠨᠽᠡᠨ ᠨᠢᠳᠦᠨ ᠦ᠌ ᠪᠡᠨ ᠪᠤᠯᠤᠩ ᠢ᠋ᠶ᠋ᠠᠷ ᠠᠵᠢᠭᠯᠠᠭᠠᠳ ᠲᠠᠭᠠᠨ ᠳᠠᠭᠤᠷᠢᠶᠠᠪᠠ᠃ ᠭᠡᠪᠡᠴᠦ ᠯᠤᠤ ᠯᠢ ᠶ᠋ᠢᠨ ᠡᠪᠦᠳᠦᠭ ᠴᠡᠴᠡᠷᠡᠨ᠂ ᠵᠢᠷᠦᠬᠡ ᠨᠢ ᠴᠣᠬᠢᠯᠠᠵᠤ ᠪᠠᠢᠭ᠎ᠠ ᠶ᠋ᠢ ᠳᠠᠭᠤᠷᠢᠶᠠᠵᠤ ᠦᠯᠦ ᠪᠣᠯᠬᠤ ᠠᠵᠢ᠃ ᠳ᠋ᠠ ᠯᠣᠣᠶᠧ ᠶ᠋ᠢ ᠠᠵᠢᠬᠤ ᠳ᠋ᠤ᠌ ᠬᠣᠶᠠᠷ ᠲᠠᠯ᠎ᠠ ᠳ᠋ᠠᠭᠠᠨ ᠲᠣᠬᠣᠢᠯᠳᠠᠬᠤ ᠲᠦᠰᠢᠭᠦᠷ ᠪᠦᠬᠦᠢ ᠶᠠᠩᠬᠢᠭᠠᠷ ᠬᠦᠷᠡᠩ ᠰᠠᠨᠳᠠᠯᠢ ᠳᠡᠭᠡᠷ᠎ᠡ ᠪᠠᠭᠲᠠᠵᠤ ᠶᠠᠳᠠᠨ ᠯᠠᠬᠠᠢᠯᠠᠵᠤ᠂ ᠠᠮᠢᠰᠬᠤᠯᠠᠬᠤ ᠪᠦᠷᠢ ᠳ᠋ᠡᠭᠡᠨ ᠢᠨᠴᠠᠭᠯᠠᠨᠠ᠃ ᠬᠠᠵᠠᠭᠤ ᠳ᠋ᠤᠨᠢ ᠮᠥᠰᠥ ᠰᠢᠭ ᠭᠥᠯᠢᠢᠭᠰᠡᠨ ᠬᠥᠬᠡ ᠴᠢᠷᠠᠢ ᠲᠠᠢ ᠣᠨᠣᠭᠣᠲᠠᠢ ᠤᠷᠲᠤ ᠳᠡᠪᠡᠯ ᠡᠮᠦᠰᠦᠭᠰᠡᠨ ᠥᠨᠳᠥᠷ ᠲᠤᠷᠠᠩᠬᠠᠢ ᠪᠡᠶ᠎ᠡ ᠲᠡᠢ᠂ ᠠᠬᠢᠮᠠᠭ ᠨᠠᠰᠤᠨ ᠤ᠋ ᠬᠥᠮᠦᠨ ᠨᠣᠢᠷᠮᠤᠭᠯᠠᠨ ᠵᠣᠭᠰᠣᠨ᠎ᠠ᠃ ᠡᠨᠡ ᠬᠥᠮᠦᠨ᠂ ᠳᠡ ᠯᠣᠣᠶᠧ ᠶ᠋ᠢᠨ ᠪᠦᠬᠦ ᠠᠵᠤ ᠠᠬᠤᠢ ᠶ᠋ᠢ ᠭᠠᠭᠴᠠᠭᠠᠷ ᠢ᠋ᠶ᠋ᠠᠨ ᠬᠠᠷᠢᠭᠤᠴᠠᠨ ᠮᠡᠳᠡᠳᠡᠭ ᠯᠢᠦ ᠰᠢᠨ ᠬᠠᠢ ᠭᠡᠳᠡᠭ ᠪᠠᠢᠵᠠᠢ᠃ ᠯᠤᠤ ᠯᠢ ᠶ᠋ᠢᠨ ᠤᠴᠢᠷ ᠶᠠᠪᠤᠳᠠᠯ ᠢ᠋ᠶ᠋ᠠᠨ ᠠᠮᠠ ᠠ᠋ᠴᠠ ᠪᠠᠨ ᠠᠷᠠᠢᠬᠠᠨ ᠭᠠᠷᠭᠠᠵᠤ ᠬᠡᠯᠡᠬᠦ ᠳ᠋ᠦ᠍ ᠨᠣᠢᠷᠮᠤᠭᠯᠠᠭᠰᠠᠨ ᠨᠢᠳᠦ ᠪᠡᠨ ᠥᠭᠡᠳᠡ ᠳᠠᠲᠠᠯᠭᠦᠢ ᠬᠠᠵᠠᠭᠤ ᠲᠠᠢᠰᠢ ᠡᠷᠭᠢᠨ ᠪᠢᠴᠢᠭ ᠦ᠋ᠨ ᠰᠢᠷᠡᠭᠡᠨ ᠳ᠋ᠦ᠍ ᠰᠠᠭᠤᠵᠤ᠂ ᠵᠤᠵᠠᠭᠠᠨ ᠭᠡᠭᠴᠢ ᠶ᠋ᠢᠨ ᠳᠠᠩᠰᠠ ᠳᠡᠪᠲᠡᠷ ᠠᠪᠤᠨ ᠰᠡᠬᠦᠵᠦ ᠬᠠᠭᠤᠳᠠᠰᠤ ᠱᠦᠭᠦᠷᠳᠡᠪᠡ᠃
— ᠡᠨᠡ ᠵᠢᠯ ᠶᠧᠪᠡᠩ ᠰᠠᠷ᠎ᠠ ᠮᠠ ᠶᠦᠦ ᠭᠤᠷᠪᠠᠨ ᠵᠢᠩ ᠭᠡᠵᠦ ᠵᠡᠭᠦᠳᠦᠯᠡᠵᠦ ᠪᠠᠢᠨ᠎ᠠ ᠤᠤ᠂ ᠭᠡᠮᠡᠷ ᠦᠭᠡ ᠪᠦᠷᠢ ᠳ᠋ᠦ᠍ ᠤᠨᠵᠢᠷᠠᠭᠤᠯᠤᠨ ᠪᠣᠪᠠᠳᠤᠨᠠᠭᠤᠯᠬᠤ ᠳ᠋ᠤᠨᠢ᠄
— ᠠᠢ ᠲᠡᠢᠮᠦ! ᠭᠡᠵᠦ ᠯᠤᠤ ᠯᠢ ᠬᠠᠭᠤᠷᠮᠠᠴᠢ ᠪᠠᠷ ᠢᠨᠢᠶᠡᠨ ᠲᠣᠩᠭᠣᠢᠪᠠ᠃
— ᠨᠢᠳᠤᠨᠤᠨ ᠴᠠᠭᠠᠨ ᠰᠠᠷ᠎ᠠ ᠳ᠋ᠧᠩ ᠼᠠᠢ ᠮᠢ ᠠᠷᠪᠠᠨ ᠲᠠᠪᠤᠨ ᠵᠢᠩ ᠭᠡᠳ ᠨᠢᠭᠡ ᠬᠡᠰᠡᠭ ᠲᠠᠭ ᠴᠢᠭ ᠪᠣᠯᠤᠭᠰᠠᠨ ᠢ᠋ᠶ᠋ᠠᠨ ᠴᠢᠨᠠᠳᠤ ᠵᠢᠯ ᠱᠠᠨ ᠶᠣᠣ ᠵᠢᠩ ᠢ᠋ᠶ᠋ᠡᠨ ᠭᠡᠬᠦ ᠳ᠋ᠦ᠍ᠨᠢ ᠯᠤᠤ ᠯᠢ᠄
— ᠠᠢ ᠰᠢᠶᠠᠨᠱᠧᠩ ᠠ᠋! ᠡᠳᠡᠭᠡᠷ ᠢ᠋ ᠨᠠᠮᠤᠷ ᠤ᠋ᠨ ᠠᠵᠢᠯ ᠤ᠋ᠨ ᠬᠥᠯᠥᠰᠥᠨ ᠡᠴᠡ ᠰᠠᠭᠤᠭᠳᠠᠭᠰᠠᠨ ᠪᠠᠢᠬ᠎ᠠ ᠠ᠋!
ᠯᠢᠦ ᠰᠢᠨ ᠬᠠᠢ ᠬᠠᠷᠢᠭᠤ ᠳᠤᠤᠭᠠᠷᠤᠭᠰᠠᠨ ᠦᠭᠡᠢ᠂ ᠳᠠᠩᠰᠠ ᠪᠠᠨ ᠰᠢᠷᠲᠡᠭᠰᠡᠨ ᠴᠢᠭ ᠢ᠋ᠶ᠋ᠡᠷ ᠤᠨᠲᠠᠴᠢᠬᠤ ᠰᠢᠭ᠋ ᠪᠠᠰᠠ ᠭᠥᠯᠢᠷᠡᠨ᠎ᠡ᠃ ᠲᠡᠭᠡᠭᠡᠳ ᠶᠣᠰᠣᠲᠠᠢ ᠤᠨᠲᠠᠬᠤ ᠰᠢᠭ᠋᠃ ᠡᠨᠡ ᠨᠢ《ᠣᠳᠣ ᠡᠨᠡ ᠴᠢᠳᠬᠥᠷ ᠪᠠᠰᠠ ᠶᠠᠮᠠᠷ ᠶᠠᠭᠤᠮ᠎ᠠ ᠶ᠋ᠢ ᠭᠠᠷᠭᠠᠵᠤ ᠢᠷᠡᠬᠦ ᠭᠡᠵᠦ ᠪᠠᠢᠭ᠎ᠠ ᠪᠣᠯ?》 ᠭᠡᠵᠦ ᠬᠦᠯᠢᠶᠡᠭᠰᠡᠨ ᠯᠤᠤ ᠯᠢ ᠳ᠋ᠦ᠍ ᠰᠦᠷᠡᠬᠡᠢ ᠠᠶᠤᠮᠰᠢᠭ ᠪᠠᠢᠯ᠎ᠠ᠃ ᠳ᠋ᠠᠨᠽᠡᠨ ᠳ᠋ᠦ᠍ ᠪᠣᠯ ᠪᠥᠭᠡᠮ ᠬᠠᠷ᠎ᠠ ᠤᠢᠳᠬᠠᠷ᠃ ᠲᠣᠮᠣ ᠰᠠᠨᠳᠠᠯᠢ ᠳ᠋ᠤ᠌ ᠵᠣᠭᠣᠭᠳᠠᠭᠰᠠᠨ ᠰᠢᠭ᠋ ᠰᠠᠭᠤᠭ᠎ᠠ ᠳᠠ ᠯᠣᠣᠶᠧ ᠶ᠋ᠢ ᠬᠥᠮᠦᠨ ᠰᠣᠨᠢᠷᠬᠠᠬᠤ ᠪᠠᠷ ᠦᠯᠦ ᠪᠠᠷᠠᠮ᠂ ᠦᠵᠡᠩᠭᠦᠲᠡ ᠢᠨᠢᠶᠡᠳᠦ ᠠᠯᠳᠠᠬᠤ ᠪᠣᠯᠬᠤᠢᠴᠠ ᠪᠠᠢᠪᠠᠴᠤ ᠡᠭᠦᠨ ᠦ᠌ ᠤᠷᠢᠳ ᠣᠯᠠᠨᠲᠠ ᠦᠵᠡᠨ ᠶᠠᠩᠵᠤ ᠶᠠᠩᠵᠤ ᠪᠠᠷ ᠳᠦᠷᠰᠦᠯᠡᠨ ᠪᠣᠳᠣᠵᠤ ᠭᠦᠢᠴᠡᠭᠰᠡᠨ ᠪᠣᠯᠬᠣᠷ ᠮᠥᠨ ᠯᠡ ᠬᠠᠷ᠎ᠠ ᠤᠢᠳᠬᠠᠷ ᠲᠥᠷᠥᠭᠦᠯᠬᠦ ᠠᠵᠢ᠃ ᠪᠡᠶ᠎ᠡ ᠴᠢᠯᠡᠭᠡᠷᠬᠡᠨ ᠪᠠᠢᠵᠤ ᠶᠠᠳᠠᠬᠤ ᠳ᠋ᠠᠭᠠᠨ ᠳ᠋ᠠᠨᠽᠡᠨ᠄《ᠪᠢ ᠭᠠᠷᠤᠶ᠎ᠠ》 ᠭᠡᠵᠦ ᠬᠡᠯᠡᠬᠦ ᠶ᠋ᠢ ᠵᠠᠪᠳᠤᠲᠠᠯ᠎ᠠ ᠯᠢᠦ ᠰᠢᠨ ᠬᠠᠢ᠄
— ᠳᠡᠭᠡᠷ᠎ᠡ ᠦᠶ᠎ᠡ ᠶ᠋ᠢᠨ ᠥᠷᠢ ᠶ᠋ᠢ ᠬᠡᠵᠢᠶ᠎ᠡ ᠲᠥᠯᠥᠬᠦ ᠪᠣᠢ? ᠭᠡᠬᠦ ᠰᠢᠭ᠃ ᠯᠤᠤ ᠯᠢ ᠰᠣᠴᠢᠨ᠄
— ᠠᠢ ᠳᠡᠭᠡᠷ᠎ᠡ ᠦᠶ᠎ᠡ ᠶ᠋ᠢᠨ ᠶᠠᠮᠠᠷ ᠥᠷᠢ ᠪᠣᠢ?
— ᠲᠠᠨ ᠤ᠋ ᠡᠴᠢᠭᠡ᠂ ᠪᠠᠰᠠ ᠡᠴᠢᠭᠡ ᠶ᠋ᠢᠨ ᠴᠢᠨᠢ ᠡᠴᠢᠭᠡ ᠥᠷᠢ ᠲᠡᠢ ᠪᠠᠢᠭᠰᠠᠨ ᠰᠢᠦ ᠳᠡ᠃
— ᠠᠢ ᠪᠢ ᠮᠡᠳᠡᠬᠦ ᠦᠭᠡᠢ ᠶᠦᠮ ᠳᠡ ᠭᠡᠵᠦ ᠯᠤᠤ ᠯᠢ ᠠᠮᠢᠰᠬᠤᠭᠠᠳᠠᠪᠠ᠃ ᠯᠢᠦ ᠰᠢᠨ ᠬᠠᠢ ᠲᠣᠯᠣᠭᠠᠢ ᠡᠷᠭᠢᠭᠦᠯᠦᠨ ᠯᠤᠤ ᠯᠢ ᠶ᠋ᠢ ᠭᠥᠯᠢᠷᠡᠨ ᠰᠢᠷᠳᠡᠵᠦ᠄
— ᠪᠢ ᠴᠦ᠍ ᠮᠡᠳᠡᠬᠦ ᠦᠭᠡᠢ ᠵᠥᠪᠬᠡᠨ ᠡᠨᠡ ᠳᠠᠩᠰᠠ!
ᠯᠤᠤ ᠯᠢ ᠭᠤᠨᠢᠭᠯᠠᠨ ᠳᠣᠷᠣᠭᠰᠢ ᠰᠢᠷᠳᠡᠭᠰᠡᠨ ᠢ᠋ᠶ᠋ᠡᠨ ᠳᠡ ᠯᠣᠣᠶᠧ ᠤᠷᠤᠭᠤ ᠬᠠᠨᠳᠤᠨ᠄
— ᠳᠠ ᠯᠣᠣᠶᠧ ᠡᠨᠡ ᠬᠢᠷᠢ ᠨᠠᠳᠠ ᠡᠪᠦᠭᠡᠳ ᠦ᠋ᠨ ᠥᠷᠢ ᠶ᠋ᠢ ᠲᠥᠯᠥᠬᠦ ᠴᠢᠳᠠᠯ ᠶᠠᠭᠠᠬᠢᠨ ᠪᠠᠢᠬᠤ ᠪᠣᠢ? ᠶᠠᠳᠠᠵᠤ ᠬᠦᠦ ᠴᠡᠷᠢᠭ ᠲᠦ᠍᠂ ᠲᠡᠭᠦᠨ ᠢ᠋ ᠢᠷᠡᠭᠰᠡᠨ ᠦ᠌ ᠬᠣᠢᠨ᠎ᠠ ᠪᠣᠳᠣᠬᠤ ᠪᠣᠯᠭᠠᠵᠤ ᠥᠭᠭᠦᠨ᠎ᠡ ᠤᠤ? ᠭᠡᠵᠦ ᠮᠡᠬᠦᠢᠪᠡ᠃
ᠳᠡ ᠯᠣᠣᠶᠧ᠄ ᠵᠧ ᠭᠧ ᠰᠢᠩ(ᠡᠨᠡ ᠪᠣᠯᠤᠨ᠎ᠠ) ᠭᠡᠳᠡᠭ ᠦᠭᠡ ᠶ᠋ᠢ ᠨᠢᠯᠤᠭᠤᠨ ᠢ᠋ᠶ᠋ᠠᠷ ᠰᠤᠩᠭᠠᠨ ᠤᠨᠵᠢᠷᠠᠭᠤᠯᠤᠭᠠᠳ᠂ ᠤᠭ ᠦᠭᠡ ᠪᠣᠯ ᠰᠢᠩ᠂ ᠭᠠᠭᠴᠠᠬᠠᠨ ᠳᠠ ᠯᠣᠣᠶᠧ ᠬᠡᠯᠡ ᠨᠢ ᠬᠦᠷᠲᠡᠯ᠎ᠡ ᠬᠡᠳᠦ ᠥᠭᠡᠬᠦᠯᠡᠭᠰᠡᠨ ᠳ᠋ᠡᠭᠡᠨ ᠲᠡᠢᠨᠭᠦ ᠨᠢᠯᠤᠭᠤᠨ ᠢ᠋ᠶ᠋ᠠᠷ ᠰᠤᠩᠭᠠᠳᠠᠭ ᠠᠵᠢ᠃ ᠯᠤᠤ ᠯᠢ ᠪᠠᠶᠠᠷᠯᠠᠨ᠄
— ᠣᠳᠣ ᠪᠢ ᠠᠵᠢᠯᠯᠠᠭᠰᠠᠨ ᠤ᠋ ᠪᠠᠨ ᠬᠥᠯᠥᠰᠥ ᠶ᠋ᠢ ᠪᠤᠳᠤᠭᠤᠯᠤᠨ ᠭᠤᠯᠢᠷ ᠠᠪᠬᠤ ᠶ᠋ᠢ ᠬᠦᠰᠡᠨ᠎ᠡ ᠭᠡᠬᠦ ᠳ᠋ᠦ᠍᠂
— ᠳᠡ ᠯᠣᠣᠶᠧ ᠳᠠᠬᠢᠨ《ᠰᠢᠩ》 ᠭᠡᠪᠡ᠃
ᠮᠥᠰᠥᠨ ᠭᠥᠯᠢᠭᠡᠷ ᠴᠢᠷᠠᠢᠲᠤ ᠯᠢᠦ ᠰᠢᠨ ᠬᠠᠢ ᠶ᠋ᠢᠨ ᠭᠠᠷ ᠰᠤᠸᠠᠮᠫᠠᠨ ᠤᠷᠤᠭᠤ ᠶᠠᠪᠤᠭᠰᠠᠨ ᠢ᠋ᠶ᠋ᠠᠨ ᠭᠡᠨᠡᠳᠲᠡ ᠭᠢᠯᠠᠯᠵᠠᠨ《ᠪᠠᠢ ᠼᠠᠢ᠂ ᠲᠥᠮᠥᠰᠥ᠂ ᠰᠣᠩᠭᠢᠨ᠎ᠠ᠂ ᠬᠤᠯᠤ᠂ ᠰᠢ ᠭᠤᠸ᠎ᠠ》 ᠭᠡᠬᠦᠴᠢᠯᠡᠯ ᠦ᠋ᠨ ᠦᠭᠡᠰ ᠢ᠋ ᠰᠤᠸᠠᠮᠫᠠᠨ ᠤ᠋ ᠡᠷᠢᠬᠡᠨ ᠦ᠌ ᠰᠢᠳ ᠹᠠᠳ ᠭᠡᠬᠦ ᠲᠡᠢ ᠤᠷᠤᠯᠳᠤᠭᠤᠯᠪᠠ᠃ ᠡᠨᠡ ᠨᠢ ᠯᠤᠤ ᠯᠢ ᠶ᠋ᠢᠨ ᠰᠡᠭᠦᠯ ᠦ᠋ᠨ ᠰᠠᠷ᠎ᠠ ᠨᠤᠭᠤᠳ ᠲᠤ ᠠᠵᠢᠯ ᠬᠢᠬᠦ ᠵᠠᠭᠤᠷ᠎ᠠ ᠪᠠᠨ ᠬᠡᠳᠦ ᠭᠤᠷᠪᠠᠨ ᠵᠢᠩ ᠢ᠋ᠶ᠋ᠡᠷ ᠠᠪᠤᠭᠰᠠᠨ ᠵᠦᠢᠯ ᠪᠠᠢᠬᠤ ᠪᠥᠭᠡᠳ ᠯᠤᠤ ᠯᠢ ᠡᠴᠦᠰ ᠲᠦ᠋ᠨᠢ ᠴᠣᠬᠣᠮ ᠶᠠᠭᠤ ᠦᠯᠡᠳᠡᠬᠦ ᠪᠣᠯ ᠭᠡᠬᠦ ᠳ᠋ᠡᠭᠡᠨ ᠨᠢᠳᠦ ᠴᠠᠪᠴᠢᠯ ᠦᠭᠡᠢ ᠭᠥᠯᠢᠷᠡᠨ ᠰᠢᠷᠳᠡᠨ᠎ᠡ᠃ ᠭᠱᠠᠨ ᠵᠠᠭᠤᠷ᠎ᠠ ᠶ᠋ᠢᠨ ᠳᠣᠲᠣᠷ᠎ᠠ ᠯᠢᠦ ᠰᠢᠨ ᠬᠠᠢ ᠲᠣᠭᠠᠴᠠᠭ᠎ᠠ ᠪᠣᠳᠣᠨ ᠳᠠᠭᠤᠰᠴᠤ᠄
— ᠼᠠᠢ ᠮᠢ ᠠᠷᠪᠠᠨ ᠲᠠᠪᠤᠨ ᠵᠢᠩ ᠭᠡᠪᠡ᠃
ᠯᠤᠤ ᠯᠢ᠄ ᠠᠢ ᠭᠡᠵᠦ ᠰᠠᠨᠠᠭ᠎ᠠ ᠠᠯᠲᠠᠨ ᠰᠢᠶᠠᠨᠱᠧᠩ ᠠ᠋ ᠰᠡᠭᠦᠯ ᠦ᠋ᠨ ᠦᠶ᠎ᠡ ᠳ᠋ᠦ᠍ ᠪᠢᠳᠡ ᠬᠣᠶᠠᠭᠤᠯᠠ ᠠᠵᠢᠯᠯᠠᠭᠰᠠᠨ ᠰᠢᠦ ᠭᠡᠬᠦ ᠳ᠋ᠦ᠍᠂ ᠳᠡ ᠯᠣᠣᠶᠧ᠄
— ᠬᠣᠷᠢᠨ ᠲᠠᠪᠤᠨ ᠵᠢᠩ ᠥᠭ! ᠭᠡᠵᠦ ᠨᠢᠯᠤᠭᠤᠨ ᠢ᠋ᠶ᠋ᠠᠷ ᠤᠶᠠᠩᠭᠠᠯᠠᠭᠤᠯᠬᠤ ᠨᠢ ᠶᠣᠰᠣᠲᠠᠢ ᠯᠠ ᠨᠢᠭᠡ ᠶᠠᠭᠤᠮᠠᠨ ᠤ᠋ ᠡᠵᠡᠨ ᠬᠥᠮᠦᠨ ᠦ᠌ ᠵᠠᠷᠯᠢᠭ ᠪᠠᠭᠤᠬᠤ ᠰᠢᠭ᠋᠃
ᠯᠤᠤ ᠯᠢ ᠪᠠᠶᠠᠷᠯᠠᠭᠰᠠᠨ ᠳ᠋ᠠᠭᠠᠨ ᠢᠨᠢᠶᠡᠮᠰᠦᠭᠯᠡᠨ ᠭᠤᠷᠪᠠᠨᠲᠠ ᠮᠡᠬᠦᠯᠵᠡᠪᠡ᠃ ᠬᠣᠷᠢᠨ ᠲᠠᠪᠤᠨ ᠵᠢᠩ ᠳ᠋ᠧᠩ ᠼᠠᠢ ᠮᠢ ᠨᠠᠷᠢᠨ ᠭᠤᠯᠢᠷ ᠢ᠋ᠶ᠋ᠠᠨ ᠵᠢᠩᠨᠡᠭᠦᠯᠵᠦ ᠠᠪᠤᠭᠠᠳ ᠯᠤᠤ ᠯᠢ ᠤᠯᠠᠮ ᠢ᠋ᠶ᠋ᠠᠷ ᠪᠠᠶᠠᠷᠯᠠᠨ᠄《ᠪᠢ᠂ ᠪᠢ》 ᠭᠡᠵᠦ ᠳ᠋ᠠᠨᠽᠡᠨ ᠡᠴᠡ ᠤᠷᠢᠳ ᠰᠢᠭᠦᠷᠡᠨ ᠠᠪᠴᠤ ᠡᠭᠦᠷᠪᠡ᠃ ᠭᠡᠷ ᠦ᠋ᠨ ᠵᠦᠭ ᠶᠠᠪᠤᠵᠤ ᠪᠠᠢᠬᠤ ᠳ᠋ᠠᠭᠠᠨ ᠳᠠ ᠯᠣᠣᠶᠧ ᠶ᠋ᠢ ᠡᠨᠡ ᠬᠠᠪᠢ ᠶ᠋ᠢᠨ ᠠᠯᠢ ᠬᠥᠷᠥᠰᠥ ᠰᠠᠢᠲᠠᠢ ᠭᠠᠵᠠᠷ ᠢ᠋ ᠮᠥᠩᠭᠥ ᠪᠡᠷ ᠵᠣᠳᠣᠨ ᠭᠠᠷ ᠲᠠᠭᠠᠨ ᠠᠪᠴᠤ ᠴᠢᠳᠠᠭᠰᠠᠨ ᠰᠢᠭ᠋ ᠠᠵᠢᠯ ᠰᠠᠢᠨ ᠬᠢᠭᠰᠡᠨ ᠳ᠋ᠦ᠍ ᠶᠡᠬᠡ ᠬᠥᠯᠥᠰᠥ ᠥᠭᠴᠦ ᠴᠢᠳᠠᠳᠠᠭ ᠰᠢᠳᠤᠷᠭᠤ ᠬᠥᠮᠦᠨ ᠭᠡᠵᠦ ᠮᠠᠭᠲᠠᠪᠠ᠃ ᠬᠠᠷᠢᠨ ᠥᠨᠥᠬᠢ ᠯᠢᠦ ᠰᠢᠨ ᠬᠠᠢ᠄《ᠲᠡᠷᠡ ᠪᠡᠶ᠎ᠡ ᠪᠡᠷ ᠢ᠋ᠶ᠋ᠡᠨ ᠴᠢᠳᠬᠥᠷ》 ᠭᠡᠳ ᠴᠠᠭᠠᠰᠢ ᠮᠠᠭᠤᠴᠢᠯᠠᠬᠤ ᠶ᠋ᠢ ᠨᠢ ᠰᠣᠨᠣᠰᠪᠠᠯ ᠲᠡᠷᠡ ᠬᠥᠮᠦᠨ ᠵᠢᠯ ᠪᠦᠷᠢ ᠯᠤᠤ ᠯᠢ ᠶ᠋ᠢᠨ ᠡᠮᠦᠨ᠎ᠡ ᠡᠴᠢᠭᠡ ᠡᠪᠦᠭᠡᠳ ᠦ᠋ᠨ ᠥᠷᠢ ᠭᠡᠭᠴᠢ ᠶ᠋ᠢ ᠳᠤᠷᠠᠰᠤᠨ ᠰᠡᠳᠬᠢᠯ ᠢ᠋ ᠨᠢ ᠵᠣᠪᠠᠭᠠᠳᠠᠭ ᠠᠵᠢ᠃ ᠴᠣᠬᠣᠮ ᠳ᠋ᠠᠭᠠᠨ ᠶᠠᠭᠤ ᠶᠠᠭᠤ ᠠᠪᠤᠭᠰᠠᠨ ᠶᠠᠮᠠᠷ ᠥᠷᠢ ᠪᠠᠢᠳᠠᠭ ᠢ᠋ ᠯᠤᠤ ᠯᠢ ᠦᠯᠦ ᠮᠡᠳᠡᠨ᠎ᠡ᠃ ᠠᠶ᠎ᠠ ᠦᠭᠡᠢ ᠪᠣᠯ ᠨᠣᠮ ᠪᠢᠴᠢᠭ ᠮᠡᠳᠡᠬᠦ ᠦᠭᠡᠢ ᠶ᠋ᠢ ᠨᠢ ᠳᠠᠯᠢᠮᠳᠠᠭᠤᠯᠤᠨ ᠣᠷᠣ ᠦᠨᠳᠦᠰᠦ ᠦᠭᠡᠢ ᠶᠠᠭᠤᠮ᠎ᠠ ᠶ᠋ᠢ ᠳᠤᠷᠠᠳᠤᠨ ᠠᠶᠤᠯᠭᠠᠨ ᠰᠦᠷᠳᠡᠭᠦᠯᠳᠡᠭ ᠴᠦ᠍ ᠪᠠᠢᠬᠤ ᠮᠠᠭᠠᠳ ᠦᠭᠡᠢ ᠰᠢᠭ᠃ ᠭᠡᠯᠡ ᠴᠦ᠍ ᠯᠤᠤ ᠯᠢ ᠶ᠋ᠢᠨ ᠳᠤᠷᠠᠰᠤᠮᠵᠢ ᠠ᠋ᠴᠠ ᠪᠣᠯᠤᠨ ᠳᠠ ᠯᠣᠣᠶᠧ ᠶ᠋ᠢᠨ ᠳ᠋ᠦ᠍ ᠬᠢᠮᠳᠠ ᠦᠨ᠎ᠡ ᠪᠡᠷ ᠠᠵᠢᠯᠯᠠᠵᠤ ᠪᠠᠢᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ ᠪᠠᠢᠬᠤ ᠪᠥᠭᠡᠳ ᠡᠭᠦᠨ ᠢ᠋ᠶ᠋ᠡᠨ ᠯᠤᠤ ᠯᠢ ᠭᠤᠨᠢᠭᠯᠠᠨ ᠶᠠᠷᠢᠭᠠᠳ ᠡᠴᠦᠰ ᠲᠦ᠋ᠨᠢ᠄
— ᠵᠠ ᠡᠨᠡ ᠶᠠᠭᠠᠬᠢᠬᠤᠪ᠃ ᠵᠦᠭᠡᠷ᠂ ᠣᠳᠣ ᠰᠠᠢᠨ ᠳᠡᠭᠦᠦ ᠴᠢᠨᠦ ᠠᠴᠢ ᠪᠠᠷ ᠪᠠᠭ᠎ᠠ ᠦᠭᠡᠢ ᠬᠥᠯᠥᠰᠥ ᠠᠪᠤᠭᠰᠠᠨ ᠳ᠋ᠠᠭᠠᠨ ᠪᠠᠶᠠᠷᠯᠠᠶ᠎ᠠ ᠭᠡᠵᠦ ᠢᠨᠢᠶᠡᠮᠰᠦᠭᠯᠡᠪᠡ᠃
ᠭᠡᠲᠡᠯ᠎ᠡ《ᠶᠡᠬᠡ ᠬᠥᠯᠥᠰᠥ》 ᠭᠡᠵᠦ ᠨᠡᠷᠡᠯᠡᠭᠳᠡᠬᠦ ᠬᠣᠷᠢᠨ ᠲᠠᠪᠤᠨ ᠵᠢᠩ ᠭᠤᠯᠢᠷ ᠮᠠᠨᠢ ᠶᠠᠭᠤ ᠪᠠᠢᠪᠠ? ᠲᠦᠷᠦᠭᠦᠨ ᠳ᠋ᠠᠨᠽᠡᠨ ᠵᠢᠩᠨᠡᠬᠦ ᠶ᠋ᠢ ᠨᠢ ᠬᠠᠷᠠᠭᠠᠳ ᠬᠤᠰᠤᠮ ᠢ᠋ᠶ᠋ᠠᠨ ᠴᠢᠮᠠᠯᠠᠭᠰᠠᠨ ᠬᠡᠦᠬᠡᠳ ᠰᠢᠭ ᠤᠷᠤᠭᠤ ᠴᠢᠷᠠᠢᠯᠠᠭᠰᠠᠨ ᠪᠣᠯ ᠣᠳᠣ《ᠳᠠ᠂ ᠬᠡ ᠬᠡ! ᠪᠢ ᠡᠭᠦᠷᠦᠶ᠎ᠡ》 ᠭᠡᠵᠦ ᠠᠪᠤᠨ ᠮᠥᠷᠦᠨ ᠳᠡᠭᠡᠷ᠎ᠡ ᠪᠡᠨ ᠬᠠᠶᠠᠬᠤ ᠳ᠋ᠠᠭᠠᠨ ᠬᠡᠴᠢᠨᠡᠭᠡᠨ ᠥᠴᠦᠬᠡᠨ ᠵᠦᠢᠯ ᠪᠣᠯᠬᠤ ᠶ᠋ᠢ ᠯᠠᠪᠲᠠᠢ ᠮᠡᠳᠡᠨ ᠰᠠᠨᠠᠭ᠎ᠠ ᠠᠯᠳᠠᠪᠠ᠃
ᠯᠤᠤ ᠯᠢ ᠭᠡᠷ ᠲᠡᠭᠡᠨ ᠳᠥᠩᠭᠡᠵᠦ ᠢᠷᠡᠩᠭᠦᠲᠡ ᠪᠡᠨ᠄《ᠠᠢ ᠯᠤᠤ ᠫᠦᠸᠧ!》 ᠭᠡᠵᠦ ᠠᠪᠠᠭᠠᠢ ᠪᠠᠨ ᠳᠠᠭᠤᠳᠠᠨ᠄ ᠳ᠋ᠧᠩ ᠼᠠᠢ ᠮᠢ ᠬᠣᠷᠢᠨ ᠲᠠᠪᠤᠨ ᠵᠢᠩ! ᠭᠡᠬᠦ ᠳ᠋ᠦ᠍ ᠠᠪᠠᠭᠠᠢ ᠪᠠᠶᠠᠷᠯᠠᠨ《ᠸᠠᠢ!》 ᠭᠡᠵᠦ ᠳᠠᠭᠤ ᠠᠯᠲᠠᠨ ᠤᠭᠲᠤᠵᠤ᠂ ᠤᠷᠢᠳ ᠡᠮᠦᠨ᠎ᠡ ᠬᠢᠭᠡ ᠦᠭᠡᠢ ᠶᠡᠬᠡ ᠮᠠᠨᠲᠠᠤ ᠬᠢᠨ᠎ᠡ ᠭᠡᠵᠦ ᠠᠮᠠᠯᠠᠪᠠ᠃ ᠡᠨᠡ ᠴᠢᠮᠡᠭᠡ ᠪᠡᠷ ᠬᠡᠦᠬᠡᠳ ᠦ᠋ᠳ ᠪᠠᠰᠠ ᠪᠠᠶᠠᠷ᠂《ᠳᠣᠲᠣᠷ᠎ᠠ ᠪᠠᠨ ᠰᠢᠬᠢᠷ ᠲᠡᠢ ᠬᠢᠬᠦ ᠤᠤ᠂ ᠪᠤᠷᠠᠮ ᠲᠠᠢ ᠬᠢᠬᠦ ᠤᠤ》 ᠭᠡᠵᠦ ᠱᠤᠤᠭᠢᠯᠳᠤᠨ ᠡᠬᠡ ᠪᠡᠨ ᠲᠣᠭᠣᠷᠢᠪᠠ᠃ ᠠᠪᠠᠭᠠᠢ ᠲᠡᠳᠡᠨ ᠢ᠋ ᠥᠬᠥᠭᠡᠷᠳᠡᠨ᠄ ᠬᠢᠯᠭᠦᠢ ᠶᠠᠭᠠᠬᠢᠬᠤᠪ᠂ ᠬᠣᠷᠢᠨ ᠲᠠᠪᠤᠨ ᠵᠢᠩ ᠳ᠋ᠧᠩ ᠼᠠᠢ ᠮᠢ ᠪᠠᠢᠨ᠎ᠠ᠂ ᠬᠣᠢᠨ᠎ᠠ ᠳᠠᠩᠵᠤᠤᠷ᠂ ᠶᠸᠪᠸᠩ ᠴᠦ᠍ ᠠᠷᠪᠢᠨ ᠢ᠋ᠶ᠋ᠠᠷ ᠬᠢᠨ᠎ᠡ ᠭᠡᠯᠡ᠃
ᠡᠢᠨᠬᠦ ᠯᠤᠤ ᠯᠢ ᠶ᠋ᠢᠨ ᠬᠢ ᠪᠦᠬᠦ ᠭᠡᠷ ᠪᠦᠯᠢ ᠪᠡᠷ ᠢ᠋ᠶ᠋ᠡᠨ ᠬᠥᠯ ᠠᠯᠲᠠᠨ ᠪᠠᠶᠠᠷᠯᠠᠬᠤ ᠲᠤᠯᠠ ᠳ᠋ᠠᠨᠽᠡᠨ ᠠᠪᠴᠢᠷᠠᠭᠰᠠᠨ ᠭᠤᠯᠢᠷ ᠢ᠋ᠶ᠋ᠠᠨ ᠴᠢᠮᠠᠯᠠᠬᠤ ᠪᠠᠨ ᠪᠣᠯᠢᠪᠠ᠃ ᠬᠡᠳᠦᠨ ᠬᠣᠨᠣᠭ ᠤ᠋ᠨ ᠳᠠᠷᠠᠭ᠎ᠠ ᠴᠠᠭᠠᠨ ᠰᠠᠷ᠎ᠠ ᠶ᠋ᠢ ᠤᠭᠲᠤᠭᠰᠠᠨ ᠪᠢᠲᠡᠭᠦᠨ ᠦ᠌ ᠣᠷᠣᠢ ᠪᠣᠯᠤᠯ᠎ᠠ᠃ ᠡᠨᠡ ᠵᠠᠭᠤᠷ᠎ᠠ ᠠᠪᠠᠭᠠᠢ ᠬᠡᠦᠬᠡᠳ ᠦ᠋ᠳ ᠲᠡᠭᠡᠨ ᠮᠥᠨ ᠠᠮᠠᠯᠠᠭᠰᠠᠨ ᠢ᠋ᠶ᠋ᠠᠨ ᠠᠮᠵᠢᠯᠲᠠ ᠲᠠᠢ ᠭᠦᠢᠴᠡᠳᠬᠡᠭᠰᠡᠨ ᠢ᠋ᠶ᠋ᠡᠷ ᠦᠯᠦ ᠪᠠᠷᠠᠮ᠂ ᠮᠠ ᠳᠠᠩ ᠪᠠ ᠰᠦᠯᠰᠢ ᠬᠡᠮᠡᠬᠦ ᠪᠤᠳᠠᠭᠠᠨ ᠤ᠋ ᠭᠤᠯᠢᠷ ᠢ᠋ᠶ᠋ᠠᠷ ᠵᠠ ᠭᠣᠣ ᠭᠡᠳᠡᠭ ᠪᠣᠭᠣᠷᠰᠣᠭ ᠢ᠋ ᠬᠠᠮᠤᠭ ᠤ᠋ᠨ ᠶᠡᠬᠡ ᠪᠡᠷ ᠬᠢᠪᠡ ᠪᠣᠯᠤᠯᠲᠠᠢ᠃
ᠣᠷᠣᠢ ᠬᠠᠨᠵᠤᠨ ᠳ᠋ᠠᠬᠢ ᠪᠠᠢᠰᠢᠩ ᠤ᠋ᠨ ᠲᠤᠭᠤᠷᠭ᠎ᠠ ᠶ᠋ᠢᠨ ᠭᠣᠣᠯ ᠳ᠋ᠤ᠌ ᠬᠠᠢᠷᠴᠠᠭᠯᠠᠨ ᠬᠠᠲᠠᠭᠰᠠᠨ ᠪᠢᠴᠢᠬᠠᠨ ᠱᠠᠵᠠᠩ ᠡᠪᠦᠭᠡᠨ ᠪᠤᠷᠬᠠᠨ ᠳ᠋ᠠᠭᠠᠨ ᠤᠯᠠᠭᠠᠨ ᠡᠩᠭᠡᠰᠬᠡᠲᠦ ᠵᠢᠵᠢᠭ ᠮᠠᠨᠲᠠᠤ ᠪᠠ ᠪᠠᠰᠠ ᠪᠤᠰᠤᠳ ᠢᠳᠡᠭᠡ ᠪᠡᠷ ᠲᠠᠬᠢᠯ ᠲᠠᠯᠪᠢᠨ ᠯᠠ ᠠᠰᠠᠭᠠᠨ ᠬᠦᠵᠢ ᠰᠢᠲᠠᠭᠠᠨ ᠴᠢᠮᠡᠭᠯᠡᠪᠡ᠃ ᠲᠡᠭᠦᠨ ᠦ᠌ ᠪᠡᠨ ᠳᠣᠣᠷ᠎ᠠ ᠠᠯᠲᠠᠨ ᠪᠢᠴᠢᠭᠲᠦ ᠤᠯᠠᠭᠠᠨ ᠬᠠᠭᠤᠳᠠᠰᠤ ᠭᠤᠷᠪᠠ ᠶ᠋ᠢ ᠵᠡᠷᠭᠡᠴᠡᠭᠦᠯᠦᠨ ᠨᠠᠭᠠᠪᠠ᠃ ᠯᠤᠤ ᠯᠢ ᠥᠪᠡᠷ ᠢ᠋ᠶ᠋ᠡᠨ ᠨᠣᠮ ᠪᠢᠴᠢᠭ ᠦ᠋ᠨ《ᠵᠠᠶᠠᠭ᠎ᠠ ᠪᠤᠶᠠᠨ ᠲᠩᠷᠢ ᠡᠴᠡ ᠪᠠᠭᠤᠨ᠎ᠠ》《ᠲᠠᠪᠤᠨ ᠵᠠᠶᠠᠭ᠎ᠠ ᠢᠷᠡᠯ᠎ᠡ》《ᠥᠯᠵᠡᠢ ᠬᠤᠲᠤᠭ ᠣᠷᠣᠰᠢᠬᠤ ᠨᠢ ᠥᠲᠡᠯᠦᠰᠢ ᠦᠭᠡᠢ ᠨᠠᠷᠠᠰᠤᠨ ᠮᠣᠳᠣᠨ ᠤ᠋ ᠠᠳᠠᠯᠢ》 ᠭᠡᠰᠡᠨ ᠢᠷᠦᠭᠡᠯᠲᠦ ᠦᠭᠡ ᠪᠣᠯᠬᠤ ᠶ᠋ᠢ ᠮᠠᠳᠠᠭ ᠦᠭᠡᠢ ᠮᠡᠳᠡᠳᠡᠭ ᠢ᠋ᠶ᠋ᠡᠨ ᠳ᠋ᠠᠨᠽᠡᠨ ᠳ᠋ᠦ᠍ ᠲᠠᠢᠯᠪᠤᠷᠢᠯᠠᠨ ᠲᠠᠨᠢᠭᠤᠯᠵᠤ ᠥᠭᠪᠡ᠃ ᠪᠠᠢᠰᠢᠩ ᠤ᠋ᠨ ᠢ᠋ᠶ᠋ᠠᠨ ᠭᠠᠳᠠᠨ᠎ᠠ ᠬᠡᠦᠬᠡᠳ ᠪᠠᠭᠠᠴᠤᠳ ᠤ᠋ᠨ ᠭᠠᠷ ᠠᠷᠠᠢ ᠬᠦᠷᠦᠮ᠎ᠡ ᠦᠭᠡᠢ ᠥᠨᠳᠥᠷ ᠰᠢᠷᠡᠭᠡ ᠮᠡᠲᠦ ᠶ᠋ᠢ ᠵᠠᠰᠠᠨ ᠳᠡᠭᠡᠷ᠎ᠡ ᠨᠢ ᠠᠯᠲᠠ ᠮᠥᠩᠭᠥᠨ ᠴᠠᠭᠠᠨ ᠶᠤᠸᠠᠮᠪᠤᠤ᠂ ᠡᠯᠳᠡᠪ ᠲᠥᠷᠥᠯ ᠦ᠋ᠨ ᠢᠳᠡᠭᠡ ᠪᠣᠣᠪᠣ ᠪᠠᠷ ᠴᠢᠮᠡᠭᠯᠡᠨ ᠭᠣᠣᠯ ᠳ᠋ᠤᠨᠢ ᠮᠥᠨ ᠯᠡ ᠬᠦᠵᠢ ᠠᠰᠠᠭᠠᠬᠤ ᠨᠢ ᠳᠡᠭᠡᠳᠦ ᠲᠩᠷᠢ ᠳ᠋ᠦ᠍ ᠲᠠᠬᠢᠯ ᠲᠠᠯᠪᠢᠨ ᠳᠡᠭᠡᠵᠢ ᠡᠷᠭᠦᠵᠦ ᠪᠠᠢᠭ᠎ᠠ ᠨᠢ ᠲᠡᠷᠡ ᠠᠵᠢ᠃
ᠦᠳᠡᠰᠢ ᠶ᠋ᠢᠨ ᠬᠠᠷᠠᠩᠭᠤᠢ ᠪᠣᠯᠣᠮᠠᠭᠴᠠ ᠪᠢᠲᠡᠭᠦᠯᠭᠡ ᠶ᠋ᠢᠨ ᠪᠠᠩᠰᠢ ᠴᠢᠨᠠᠪᠠ᠃ ᠭᠡᠷ ᠦ᠋ᠨ ᠳᠣᠲᠣᠷ᠎ᠠ ᠠᠪᠠᠭᠠᠢ ᠠ᠋ᠴᠠ ᠪᠤᠰᠤᠳ ᠨᠢ ᠬᠠᠨᠵᠤᠨ ᠳᠡᠭᠡᠷ᠎ᠡ ᠵᠠᠪᠢᠯᠠᠨ ᠳᠠᠪᠠᠯᠠᠵᠤ ᠲᠡᠷᠡᠬᠦ ᠪᠠᠩᠰᠢ ᠶ᠋ᠢ ᠬᠦᠯᠢᠶᠡᠨ᠎ᠡ᠃ ᠵᠢᠷ ᠦ᠋ᠨ ᠴᠠᠭ ᠲᠤ ᠬᠡᠵᠢᠶ᠎ᠡ ᠪᠣᠯ ᠬᠡᠵᠢᠶ᠎ᠡ ᠭᠡᠭᠡ ᠭᠡᠷᠡᠯ ᠦᠭᠡᠢᠬᠡᠨ ᠪᠠᠢᠳᠠᠭ ᠲᠠᠰᠤᠯᠭ᠎ᠠ ᠶ᠋ᠢ ᠪᠤᠷᠬᠠᠨ ᠤ᠋ ᠡᠮᠦᠨ᠎ᠡ ᠬᠣᠶᠠᠷ ᠲᠣᠮᠣ ᠤᠯᠠᠭᠠᠨ ᠯᠠ ᠨᠢᠭᠡ ᠵᠡᠷᠭᠡ ᠭᠡᠷᠡᠯᠲᠦᠭᠦᠯᠵᠦ ᠪᠠᠢᠭ᠎ᠠ ᠶ᠋ᠢ ᠬᠡᠯᠡᠬᠦ ᠤᠤ? ᠶᠠᠭᠤᠮ᠎ᠠ ᠪᠦᠬᠦᠨ ᠨᠢᠳᠦᠨ ᠦ᠌ ᠡᠮᠦᠨ᠎ᠡ ᠲᠣᠪ ᠲᠣᠳᠣᠬᠠᠨ ᠲᠤᠰᠬᠤ ᠶ᠋ᠢᠨ ᠳᠡᠭᠡᠷ᠎ᠡ ᠰᠠᠢᠬᠠᠨ ᠦᠨᠦᠷᠲᠡᠨ ᠬᠦᠵᠢᠰ ᠦ᠋ᠨ ᠤᠲᠤᠭ᠎ᠠ ᠰᠡᠳᠬᠢᠯ ᠠᠷᠢᠭᠤᠳᠬᠠᠨ ᠬᠠᠩᠬᠤᠯᠤᠨ᠎ᠠ᠃ ᠬᠡᠦᠬᠡᠳ ᠪᠠᠭᠠᠴᠤᠳ ᠤ᠋ᠨ ᠢ᠋ᠶ᠋ᠠᠨ ᠦᠨᠡᠬᠡᠷ ᠶᠡᠬᠡ ᠪᠠᠶᠠᠷ ᠬᠥᠷ ᠪᠣᠯᠤᠨ ᠱᠤᠤᠭᠢᠯᠳᠤᠬᠤ ᠳ᠋ᠤ᠌ ᠭᠡᠷ ᠦ᠋ᠨ ᠳᠠᠩᠵᠢᠶᠠᠳ ᠯᠤᠤ ᠯᠢ ᠠᠭᠤᠷᠯᠠᠨ ᠤᠴᠠᠭᠠᠷᠯᠠᠬᠤ ᠶ᠋ᠢᠨ ᠣᠷᠣᠨ ᠳ᠋ᠤ᠌《ᠠᠢ ᠬᠣᠣ》(ᠵᠠ ᠰᠠᠢᠨ) ᠭᠡᠵᠦ ᠬᠠᠮᠲᠤ ᠪᠠᠶᠠᠰᠤᠯᠴᠠᠨ᠎ᠠ᠃ ᠶᠡᠷᠦᠨᠢ ᠡᠨᠡ ᠦᠶ᠎ᠡ ᠡᠴᠡ ᠡᠬᠢᠯᠡᠨ ᠬᠥᠮᠦᠨ ᠪᠦᠷᠢ《ᠠᠢ᠂ ᠬᠣᠣ ᠬᠣᠣ᠁》 ᠭᠡᠬᠦ ᠪᠣᠯᠤᠭᠰᠠᠨ ᠨᠢ ᠨᠢᠭᠡᠨᠲᠡ ᠰᠠᠷ᠎ᠠ ᠰᠢᠨ᠎ᠡ ᠶ᠋ᠢ ᠤᠭᠲᠤᠬᠤ ᠳ᠋ᠠᠭᠠᠨ ᠮᠠᠭᠤ ᠮᠠᠭᠤᠬᠠᠢ ᠶ᠋ᠢ ᠬᠡᠯᠡᠬᠦ ᠶ᠋ᠢ ᠴᠡᠭᠡᠷᠯᠡᠬᠦ᠂ ᠬᠣᠶᠠᠷ ᠲᠤ ᠦᠨᠡᠬᠡᠷ ᠴᠦ᠍ ᠰᠠᠨᠠᠭ᠎ᠠ ᠰᠡᠳᠬᠢᠯ ᠥᠭᠡᠷᠡᠴᠢᠯᠡᠭᠳᠡᠨ ᠪᠠᠶᠠᠷ ᠪᠠᠶᠠᠰᠬᠤᠯᠠᠩ ᠪᠣᠯᠵᠤ ᠪᠠᠢᠭ᠎ᠠ ᠶ᠋ᠢᠨ ᠬᠢ ᠪᠠᠢᠵᠠᠢ᠃ ᠡᠨᠡ ᠳᠤᠮᠳᠠ ᠳ᠋ᠠᠨᠽᠡᠨ ᠮᠥᠨ ᠯᠡ ᠪᠠᠶᠠᠷ ᠬᠥᠷ《ᠠᠢ ᠬᠣᠣ》 ᠭᠡᠵᠦ ᠬᠠᠰᠬᠢᠷᠤᠨ ᠭᠤᠶ᠎ᠠ ᠠᠯᠠᠭᠠᠳᠠᠨ ᠬᠠ ᠬᠠ ᠢᠨᠢᠶᠡᠨ ᠰᠠᠭᠤᠨ᠎ᠠ᠃
ᠪᠢᠲᠡᠭᠦᠨ ᠦ᠌ ᠪᠡᠨ ᠪᠠᠩᠰᠢ ᠶ᠋ᠢ ᠢᠳᠡᠬᠦ ᠳ᠋ᠡᠭᠡᠨ ᠡᠯᠳᠡᠪ ᠲᠥᠷᠥᠯ ᠦ᠋ᠨ ᠳᠠᠪᠤᠰᠤ ᠲᠠᠢ ᠨᠣᠭᠣᠭ᠎ᠠ ᠰᠠᠪᠠᠭᠳᠠᠵᠤ᠂ ᠠᠭᠤᠷ ᠰᠠᠪᠰᠠᠲᠠᠯᠠ ᠬᠠᠯᠠᠭᠠᠭᠰᠠᠨ ᠱᠣᠣ ᠵᠢᠦ ᠭᠡᠳᠡᠭ ᠠᠷᠢᠬᠢ ᠶ᠋ᠢ ᠠᠮᠠᠰᠠᠷ ᠪᠢᠴᠢᠬᠠᠨ ᠵᠦᠩᠵᠡᠨ ᠳ᠋ᠦ᠍ ᠬᠢᠨ ᠪᠠᠢᠨ ᠪᠠᠢᠨ ᠤᠤᠭᠤᠨ᠎ᠠ᠃ ᠳ᠋ᠠᠨᠽᠡᠨ ᠨᠢᠭᠡ ᠪᠠᠩᠰᠢ ᠡᠮᠬᠦᠨ ᠵᠠᠵᠢᠯᠤᠭᠰᠠᠨ ᠢ᠋ᠶ᠋ᠠᠨ《ᠠᠶ᠎ᠠ》 ᠭᠡᠵᠦ ᠤᠤᠯᠭᠠᠯᠠᠨ ᠠᠮᠠᠨ ᠠ᠋ᠴᠠ ᠪᠠᠨ ᠠᠷᠪᠠᠲᠤ ᠶ᠋ᠢᠨ ᠴᠠᠭᠠᠨ ᠮᠥᠩᠭᠥᠨ ᠵᠣᠭᠣᠰ ᠭᠠᠷᠭᠠᠬᠤ ᠳ᠋ᠤ᠌ ᠪᠦᠬᠦ ᠭᠡᠷ ᠦ᠋ᠨ ᠬᠢᠨ《ᠳᠡ ᠰᠢ》(ᠪᠠᠶᠠᠷ ᠬᠦᠷᠭᠡᠶ᠎ᠡ) ᠭᠡᠵᠦ ᠬᠠᠰᠬᠢᠷᠤᠯᠳᠤᠪᠠ᠃ ᠲᠡᠷᠡ ᠨᠢ ᠠᠵᠠ ᠰᠢᠯᠭᠠᠬᠤ ᠭᠡᠵᠦ ᠬᠢᠭᠰᠡᠨ ᠮᠥᠩᠭᠥ ᠪᠠᠢᠭᠰᠠᠨ ᠪᠥᠭᠡᠳ ᠳ᠋ᠠᠨᠽᠡᠨ ᠳ᠋ᠦ᠍ ᠳᠠᠭᠠᠷᠢᠯᠳᠤᠭᠰᠠᠨ ᠤ᠋ ᠬᠤᠪᠢ ᠳ᠋ᠤ᠌ ᠠᠪᠠᠭᠠᠢ ᠯᠤᠤ ᠯᠢ ᠬᠣᠶᠠᠷ《ᠡᠨᠡ ᠵᠢᠯ ᠴᠢ ᠲᠤᠩ ᠶᠡᠬᠡ ᠣᠯᠵᠠ ᠣᠯᠤᠨ᠎ᠠ᠃ ᠴᠢ ᠶᠠᠭᠤ ᠴᠦ᠍ ᠪᠣᠯᠵᠤ ᠮᠠᠭᠠᠳ》 ᠭᠡᠵᠦ ᠬᠥᠭᠡᠷᠦᠯᠳᠦᠨ ᠪᠠᠶᠠᠷ ᠬᠦᠷᠭᠡᠯ᠎ᠡ᠃ ᠳ᠋ᠠᠨᠽᠡᠨ ᠴᠦ᠍ ᠪᠡᠯᠭᠡᠰᠢᠶᠡᠨ ᠪᠠᠶᠠᠷᠯᠠᠪᠠ᠃
ᠰᠢᠨ᠎ᠡ ᠶ᠋ᠢᠨ ᠨᠢᠭᠡᠨ ᠦ᠌ ᠥᠷᠯᠥᠭᠡ ᠪᠦᠬᠦ ᠭᠡᠷ ᠪᠦᠯᠢ ᠪᠡᠷ ᠢ᠋ᠶ᠋ᠡᠨ ᠦᠷ ᠦ᠋ᠨ ᠦᠨᠡᠭᠡᠨ ᠬᠠᠷᠠᠩᠭᠤᠢ ᠪᠠᠷ ᠪᠣᠰᠳᠠᠭ ᠪᠠᠢᠵᠠᠢ᠃ ᠯᠤᠤ ᠯᠢ ᠬᠡᠦᠬᠡᠳ ᠪᠠᠭᠠᠴᠤᠳ ᠢ᠋ᠶ᠋ᠠᠨ ᠳᠠᠭᠠᠭᠤᠯᠤᠨ ᠭᠠᠷᠴᠤ᠂ ᠥᠴᠥᠭᠡᠳᠦᠷ ᠡᠭᠦᠳᠡᠨ ᠦ᠌ ᠪᠡᠨ ᠡᠮᠦᠨ᠎ᠡ ᠭᠤᠷᠪᠠᠨ ᠲᠣᠮᠣ ᠴᠠᠰᠤ ᠪᠥᠭᠡᠷᠡᠩᠬᠡᠢᠯᠡᠨ ᠳᠠᠪᠬᠤᠷᠯᠠᠨ ᠲᠠᠯᠪᠢᠵᠤ ᠴᠠᠰᠤᠨ ᠣᠪᠣᠭ᠎ᠠ ᠪᠤᠰᠬᠠᠭᠰᠠᠨ ᠳᠡᠭᠡᠷ᠎ᠡ ᠪᠡᠨ ᠪᠠᠮᠪᠠᠷ ᠬᠠᠳᠬᠤᠨ ᠪᠣᠣᠪᠣ ᠮᠠᠨᠲᠠᠤ ᠪᠠᠷ ᠲᠠᠬᠢᠯ ᠴᠢᠮᠡᠭᠯᠡᠨ ᠦᠢᠯᠡᠳᠦᠭᠰᠡᠨ᠂ ᠡᠮᠦᠨ᠎ᠡ ᠨᠢ ᠣᠴᠢᠵᠤ ᠭᠠᠷ ᠵᠠᠩᠭᠢᠳᠤᠨ ᠴᠡᠭᠡᠵᠢᠨ ᠳ᠋ᠡᠭᠡᠨ ᠠᠪᠠᠴᠢᠨ ᠬᠠᠪᠰᠤᠷᠭᠠᠵᠤ ᠭᠤᠷᠪᠠᠨᠲᠠ ᠰᠥᠭᠥᠳᠦᠨ ᠮᠥᠷᠭᠥᠬᠦ ᠳ᠋ᠦ᠍ ᠳ᠋ᠠᠨᠽᠡᠨ《ᠤᠰᠤ ᠶ᠋ᠢ ᠨᠢ ᠤᠤᠭᠤᠪᠠᠯ᠂ ᠶᠣᠰᠣ ᠶ᠋ᠢ ᠨᠢ ᠳᠠᠭ᠎ᠠ》 ᠭᠡᠳᠡᠭ ᠦᠭᠡ ᠶ᠋ᠢ ᠪᠠᠷᠢᠮᠲᠠᠯᠠᠨ ᠶᠠᠭ ᠲᠠᠭ ᠳᠠᠭᠤᠷᠢᠶᠠᠪᠠ᠃ ᠡᠨᠡ ᠨᠢ 《ᠼᠠᠢ ᠱᠸᠨ ᠶᠧ》 ᠬᠡᠮᠡᠬᠦ ᠡᠳ᠋ ᠮᠥᠩᠭᠥᠨ ᠦ᠌ ᠪᠤᠷᠬᠠᠨ ᠢ᠋ ᠳᠠᠬᠢᠨ ᠮᠥᠷᠭᠥᠵᠦ ᠪᠠᠢᠭ᠎ᠠ ᠠᠵᠢ᠃ ᠲᠡᠨᠳᠡᠴᠡ ᠯᠤᠤ ᠯᠢ ᠪᠤᠴᠠᠵᠤ ᠣᠷᠣᠩᠭᠤᠲᠠ ᠪᠠᠨ ᠭᠡᠷ ᠪᠦᠯᠢ ᠶ᠋ᠢᠨ ᠬᠢᠨ ᠲᠡᠢ ᠮᠥᠨ ᠬᠣᠶᠠᠷ ᠭᠠᠷ ᠢ᠋ᠶ᠋ᠠᠨ ᠴᠡᠭᠡᠵᠢᠨ ᠳ᠋ᠡᠭᠡᠨ ᠠᠪᠠᠴᠢᠨ《ᠳᠠ ᠹᠠ ᠼᠠᠢ》 ᠭᠡᠵᠦ ᠮᠡᠬᠦᠯᠵᠡᠨ ᠶᠣᠰᠣᠯᠠᠨᠠ᠃
ᠨᠠᠷᠠ ᠭᠠᠷᠤᠨ ᠳᠡᠭᠡᠭᠰᠢ ᠬᠥᠭᠡᠷᠦᠮᠡᠭᠴᠡ ᠤᠷᠤᠭ ᠲᠥᠷᠥᠯ ᠪᠠ ᠲᠠᠨᠢᠯ ᠲᠠᠯ᠎ᠠ ᠶ᠋ᠢᠨ ᠬᠥᠮᠦᠰ ᠪᠡᠶ᠎ᠡ ᠪᠡᠶ᠎ᠡ ᠪᠡᠷ ᠢ᠋ᠶ᠋ᠡᠨ ᠠᠢᠯᠴᠢᠯᠠᠨ ᠬᠡᠰᠦᠬᠦ ᠠᠵᠢ᠃ ᠣᠷᠣᠵᠤ ᠢᠷᠡᠭᠰᠡᠨ ᠪᠦᠬᠦᠨ ᠢ᠋ᠶ᠋ᠡᠷ ᠢ᠋ᠶ᠋ᠡᠨ《ᠳᠡ ᠹᠠ ᠼᠠᠢ》 ᠭᠡᠵᠦ ᠥᠭᠦᠯᠡᠬᠦ ᠪᠡᠷ ᠡᠬᠢᠯᠡᠨ ᠮᠡᠨᠳᠦᠯᠡᠵᠦ ᠭᠠᠷ ᠢ᠋ᠶ᠋ᠠᠨ ᠴᠡᠭᠡᠵᠢᠨ ᠳ᠋ᠡᠭᠡᠨ ᠠᠪᠠᠴᠢᠨ ᠮᠡᠬᠦᠯᠵᠡᠨ ᠵᠣᠯᠭᠠᠬᠤ ᠶᠣᠰᠣ ᠭᠦᠢᠴᠡᠳᠬᠡᠨ᠎ᠡ᠃ ᠳᠠᠷᠠᠭ᠎ᠠ ᠨᠢ ᠰᠢᠨ᠎ᠡ ᠮᠠᠨᠲᠠᠤ᠂ ᠪᠠᠩᠰᠢ ᠪᠠᠷ ᠵᠣᠴᠢᠯᠠᠭᠤᠯᠬᠤ ᠳ᠋ᠠᠭᠠᠨ ᠪᠡᠶ᠎ᠡ᠂ ᠪᠡᠶ᠎ᠡ ᠪᠡᠨ ᠠᠪᠤ ᠡᠵᠢ᠂ ᠠᠴᠢ ᠨᠠᠭᠠᠴᠤ᠂ ᠡᠭᠡᠴᠢ ᠳᠡᠭᠦᠦ ᠡᠨᠡ ᠲᠡᠷᠡ ᠪᠣᠯᠤᠨ ᠳᠠᠭᠤᠳᠠᠯᠴᠠᠵᠤ ᠬᠠ ᠬᠠ ᠢᠨᠢᠶᠡᠯᠳᠦᠨ᠎ᠡ᠃ ᠡᠢᠮᠦ ᠳ᠋ᠦ᠍ ᠳ᠋ᠠᠨᠽᠡᠨ ᠬᠦᠷᠲᠡᠯ᠎ᠡ ᠥᠴᠢᠨᠡᠨ ᠲᠥᠴᠢᠨᠡᠨ ᠤᠷᠤᠭ ᠲᠥᠷᠥᠯ ᠠᠬ᠎ᠠ ᠳᠡᠭᠦᠦ ᠨᠠᠷ ᠲᠠᠢ ᠪᠣᠯᠵᠠᠢ᠃ ᠪᠦᠬᠦ ᠣᠷᠣᠵᠤ ᠢᠷᠡᠭᠰᠡᠳ ᠦ᠋ᠨ ᠳᠣᠲᠣᠷ᠎ᠠ ᠭᠣᠶᠣ ᠭᠠᠩᠭᠠᠩ ᠪᠤᠶᠤ ᠰᠢᠨ᠎ᠡ ᠬᠤᠪᠴᠠᠰᠤ ᠡᠮᠦᠰᠦᠭᠰᠡᠨ ᠬᠥᠮᠦᠨ ᠨᠢᠭᠡ ᠴᠦ᠍ ᠦᠭᠡᠢ᠃ ᠭᠡᠪᠡᠴᠦ ᠪᠦᠲᠦᠨ ᠬᠤᠪᠴᠠᠰᠤ ᠡᠮᠦᠰᠦᠭᠰᠡᠨ ᠨᠢ ᠲᠡᠭᠦᠨ ᠳ᠋ᠡᠭᠡᠨ ᠮᠠᠭᠠᠳᠠᠭᠠᠷ᠂ ᠡᠯᠡᠭᠳᠡᠨ ᠬᠠᠭᠤᠴᠢᠷᠠᠭᠰᠠᠨ ᠬᠤᠪᠴᠠᠰᠤ ᠡᠮᠦᠰᠦᠭᠰᠡᠨ ᠬᠡᠰᠡᠭ ᠨᠢ ᠲᠡᠭᠦᠨ ᠢ᠋ᠶ᠋ᠡᠨ ᠴᠠᠭᠠᠨ ᠰᠠᠷ᠎ᠠ ᠳ᠋ᠤ᠌ ᠵᠣᠷᠢᠭᠤᠯᠤᠨ ᠨᠥᠬᠥᠨ ᠰᠡᠯᠪᠢᠵᠦ ᠴᠢᠳᠠᠭᠰᠠᠨ ᠳ᠋ᠠᠭᠠᠨ ᠮᠥᠨ ᠯᠡ ᠮᠠᠭᠠᠳᠠᠭᠠᠷ᠃ ᠮᠠᠭᠠᠳᠠᠭᠠᠷ ᠢ᠋ᠶ᠋ᠠᠨ ᠢᠨᠢᠶᠡᠨ ᠮᠠᠭᠠᠳᠠᠭᠠᠷᠬᠠᠨ ᠢ᠋ᠶ᠋ᠠᠷ ᠭᠢᠰᠬᠢᠯᠡᠬᠦ ᠨᠢ ᠳ᠋ᠠᠨᠽᠡᠨ ᠦ᠌ ᠨᠢᠳᠦᠨ ᠳ᠋ᠦ᠍ ᠲᠤᠩ ᠬᠠᠭᠤᠷᠮᠠᠴᠢ᠂ ᠳ᠋ᠠᠨ ᠯᠠ ᠮᠠᠶᠢᠭᠯᠠᠭᠠᠳ ᠪᠠᠢᠬᠤ ᠰᠢᠭ᠋ ᠦᠵᠡᠭᠳᠡᠪᠡ᠃ ᠦᠨᠡᠨ ᠳ᠋ᠡᠭᠡᠨ ᠭᠡᠪᠡᠯ ᠲᠡᠢᠮᠦ ᠪᠢᠰᠢ᠂ ᠪᠦᠬᠦ ᠵᠢᠯ ᠦ᠋ᠨ ᠲᠤᠷᠰᠢ ᠳ᠋ᠠᠭᠠᠨ ᠠᠵᠢᠯ᠂ ᠠᠮᠢᠳᠤᠷᠠᠯ ᠤ᠋ᠨ ᠬᠦᠨᠳᠦ ᠬᠣᠶᠠᠷ ᠲᠤ ᠨᠢᠷᠤᠭᠤ ᠳᠣᠷᠣᠭᠣ ᠪᠠᠨ ᠡᠪᠳᠡᠷᠡᠲᠡᠯᠡ ᠵᠢᠳᠬᠦᠬᠦ ᠶ᠋ᠢᠨ ᠵᠡᠷᠭᠡᠴᠡᠭᠡ ᠪᠡᠷ ᠴᠠᠭ ᠢᠮᠠᠭᠲᠠ ᠳᠠᠷᠤᠯᠠᠭᠳᠠᠯ ᠮᠥᠯᠵᠢᠭᠳᠡᠯ ᠳ᠋ᠦ᠍ ᠬᠠᠪᠴᠢᠭᠳᠠᠬᠤ ᠤᠴᠢᠷ ᠥᠪᠡᠷ ᠦ᠋ᠨ ᠲᠠᠪᠠ ᠪᠠᠷ ᠢ᠋ᠶ᠋ᠠᠨ ᠢᠨᠢᠶᠡᠨ ᠪᠠᠶᠠᠰᠬᠤ ᠠ᠋ᠴᠠ ᠶᠡᠬᠡᠪᠴᠢᠯᠡᠨ ᠬᠥᠨᠳᠡᠢᠷᠡᠭᠰᠡᠨ ᠪᠠᠢᠬᠤ ᠪᠥᠭᠡᠳ ᠭᠠᠭᠴᠠᠬᠠᠨ ᠴᠠᠭᠠᠨ ᠰᠠᠷ᠎ᠠ ᠪᠣᠯᠵᠤ ᠠᠷᠠᠢ ᠭᠡᠵᠦ ᠠᠮᠠᠷᠠᠬᠤ ᠳ᠋ᠠᠭᠠᠨ ᠢᠨᠢᠶᠡᠨ ᠪᠠᠶᠠᠰᠬᠤ ᠪᠣᠯᠤᠭᠰᠠᠨ ᠳ᠋ᠠᠭᠠᠨ ᠲᠡᠢᠨᠬᠦ ᠮᠠᠭᠠᠳᠠᠭᠠᠷ ᠪᠣᠯᠤᠭᠰᠠᠨ ᠠᠵᠢ᠃
ᠢᠷᠡᠪᠡᠯ ᠵᠣᠬᠢᠬᠤ ᠴᠢᠬᠤᠯᠠ ᠬᠥᠮᠦᠰ ᠦ᠋ᠨ ᠢ᠋ᠶ᠋ᠡᠨ ᠢᠷᠡᠵᠦ ᠭᠦᠢᠴᠡᠮᠡᠭᠴᠡ ᠯᠤᠤ ᠯᠢ ᠳ᠋ᠠᠨᠽᠡᠨ ᠢ᠋ ᠳᠠᠭᠠᠭᠤᠯᠤᠨ ᠠᠢᠯ ᠬᠡᠰᠦᠬᠦ ᠪᠡᠷ ᠭᠠᠷᠪᠠ᠃ ᠳᠠᠭᠠᠷᠢᠯᠳᠤᠭᠰᠠᠨ ᠪᠦᠬᠦᠨ ᠲᠠᠢ ᠪᠠᠨ《ᠳᠠ ᠹᠠ ᠼᠠᠢ!》 ᠭᠡᠵᠦ ᠮᠡᠨᠳᠦᠯᠡᠨ ᠶᠠᠪᠤᠳᠠᠭ ᠶᠣᠰᠣᠲᠠᠢ ᠪᠠᠢᠯ᠎ᠠ᠃ ᠳ᠋ᠠᠨᠽᠡᠨ ᠬᠥᠮᠦᠨ ᠦ᠌ ᠶᠣᠰᠣ ᠶ᠋ᠢ ᠨᠠᠷᠢᠪᠴᠢᠯᠠᠨ ᠰᠠᠬᠢᠬᠤ ᠶ᠋ᠢ ᠬᠢᠴᠢᠶᠡᠩᠭᠦᠢᠯᠡᠨ ᠡᠨᠡ ᠲᠡᠷᠡ ᠶ᠋ᠢ ᠨᠠᠷᠢᠪᠴᠢᠯᠠᠨ ᠠᠵᠢᠨ ᠬᠥᠯ ᠢ᠋ᠶ᠋ᠡᠨ ᠬᠥᠨᠳᠡᠯᠡᠭᠳᠡᠭᠦᠦ ᠭᠢᠰᠬᠢᠯᠡᠨ ᠶᠣᠰᠣᠲᠠᠢ ᠯᠠ ᠮᠠᠶᠢᠭᠯᠠᠵᠤ ᠭᠠᠷᠪᠠ᠃ ᠠᠢᠯ ᠳ᠋ᠤ᠌ ᠣᠷᠣᠭᠠᠳ ᠪᠠᠰᠠ ᠱᠠᠯ ᠬᠠᠭᠤᠷᠮᠠᠴᠢ ᠪᠠᠷ ᠬᠠ ᠬᠠ ᠢᠨᠢᠶᠡᠨ᠎ᠡ᠃ ᠭᠡᠯᠡ ᠴᠦ᠍ ᠪᠠᠶᠠᠷ! ᠳ᠋ᠠᠨᠽᠡᠨ ᠨᠤᠲᠤᠭ ᠠ᠋ᠴᠠ ᠭᠠᠷᠤᠭᠰᠠᠨ ᠠ᠋ᠴᠠ ᠪᠠᠨ ᠬᠣᠢᠰᠢ ᠡᠨᠳᠡ ᠯᠡ ᠰᠠᠶᠢ ᠰᠡᠳᠬᠢᠯ ᠲᠡᠨᠢᠢᠨ ᠪᠠᠶᠠᠷᠯᠠᠪᠠ᠃
ᠰᠢᠨ᠎ᠡ ᠶ᠋ᠢᠨ ᠬᠣᠶᠠᠷ ᠤ᠋ᠨ ᠡᠳᠦᠷ ᠯᠤᠤ ᠯᠢ ᠰᠦᠮ᠎ᠡ ᠳ᠋ᠦ᠍ ᠣᠴᠢᠨ ᠭᠠᠵᠠᠷ ᠤ᠋ᠨ ᠪᠤᠷᠬᠠᠨ ᠲᠤ ᠳᠢ ᠶᠧ ᠶ᠋ᠢ ᠲᠠᠬᠢᠨ᠎ᠠ ᠭᠡᠵᠦ ᠶᠡᠬᠡᠬᠡᠨ ᠬᠥᠯ ᠬᠥᠳᠡᠯᠭᠡᠭᠡᠨ ᠪᠣᠯᠪᠠ᠃ ᠤᠯᠠᠭᠠᠨ ᠡᠩᠭᠡᠰᠬᠡᠲᠦ ᠮᠠᠨᠲᠠᠤ ᠨᠤᠭᠤᠳ ᠪᠠ ᠯᠠ ᠬᠦᠵᠢ ᠪᠠᠰᠠ ᠪᠤᠰᠤᠳ ᠢᠳᠡᠭᠡᠨ ᠦ᠌ ᠪᠡᠨ ᠳᠡᠭᠡᠵᠢ ᠶ᠋ᠢ ᠪᠠᠭᠲᠠᠭᠠᠨ ᠭᠡᠷ ᠪᠦᠯᠢ ᠪᠡᠷ ᠶᠠᠪᠤᠬᠤ ᠭᠡᠬᠦ ᠳ᠋ᠦ᠍ᠨᠢ ᠳ᠋ᠠᠨᠽᠡᠨ ᠠᠵᠠ ᠬᠡᠢ ᠮᠣᠷᠢ᠂ ᠠᠮᠢ ᠨᠠᠰᠤ ᠪᠠᠨ ᠳᠠᠭᠠᠳᠬᠠᠰᠤᠭᠠᠢ ᠭᠡᠵᠦ ᠮᠥᠨ ᠬᠠᠮᠲᠤ ᠶᠠᠪᠤᠯᠴᠠᠨ᠎ᠠ᠃
ᠬᠥᠷ ᠴᠠᠰᠤᠨ ᠳ᠋ᠤ᠌ ᠪᠢᠲᠡᠭᠦᠦ ᠬᠤᠴᠢᠭᠳᠠᠭᠰᠠᠨ ᠲᠠᠷᠢᠶᠠᠨ ᠤ᠋ ᠥᠷᠭᠡᠨ ᠲᠠᠯᠠᠪᠠᠢ ᠳᠡᠭᠡᠷ᠎ᠡ ᠬᠥᠮᠦᠰ ᠦ᠋ᠨ ᠶᠠᠪᠤᠭᠰᠠᠨ ᠰᠢᠨᠡᠬᠡᠨ ᠤᠯᠠ ᠮᠥᠷ ᠢ᠋ᠶ᠋ᠡᠷ ᠭᠠᠷᠤᠭᠰᠠᠨ ᠨᠠᠷᠢᠬᠠᠨ ᠵᠠᠮ ᠢ᠋ᠶ᠋ᠠᠷ ᠲᠡᠮᠡᠭᠡᠨ ᠵᠢᠩ ᠰᠢᠭ ᠴᠤᠪᠤᠷᠠᠨ ᠶᠠᠪᠤᠪᠠ᠃ ᠲᠡᠷᠡ ᠵᠠᠭᠤᠷ᠎ᠠ ᠳ᠋ᠠᠨᠽᠡᠨ ᠶᠠᠮᠠᠷ ᠨᠢᠭᠡ ᠲᠣᠮᠣ ᠰᠠᠢᠬᠠᠨ ᠳᠤᠭᠠᠩ ᠰᠦᠮ᠎ᠡ ᠳ᠋ᠦ᠍ ᠣᠴᠢᠬᠤ ᠭᠡᠵᠦ ᠶᠠᠪᠤᠭ᠎ᠠ ᠶᠤᠮ ᠰᠢᠭ᠋ ᠰᠠᠨᠠᠨ ᠰᠡᠳᠬᠢᠯ ᠪᠠᠬᠠᠨ ᠬᠥᠭᠵᠢᠵᠡᠢ᠃ ᠲᠡᠭᠡᠭᠡᠳ ᠯᠤᠤ ᠯᠢ ᠶ᠋ᠢᠨ ᠬᠠᠭᠠᠯᠭ᠎ᠠ ᠬᠠᠲᠠᠪᠴᠢ ᠦᠭᠡᠢ ᠪᠢᠴᠢᠬᠠᠨ ᠪᠤᠩᠬᠤᠨ ᠰᠢᠭ᠋ ᠶᠠᠭᠤᠮ᠎ᠠ ᠶ᠋ᠢᠨ ᠡᠮᠦᠨ᠎ᠡ ᠲᠤᠯᠤᠨ ᠣᠴᠢᠬᠤ ᠳ᠋ᠤᠨᠢ ᠭᠠᠢᠬᠠᠪᠠ᠃ ᠲᠡᠭᠡᠭᠰᠡᠨ ᠴᠢᠨᠢ ᠥᠨᠥᠬᠢ ᠲᠠᠬᠢᠬᠤ ᠭᠡᠰᠡᠨ ᠰᠦᠮ᠎ᠡ ᠨᠢ ᠲᠡᠷᠡ ᠪᠠᠢᠵᠠᠢ᠃
ᠯᠤᠤ ᠯᠢ ᠲᠥᠷᠥᠭᠦᠯᠦᠭᠰᠡᠨ ᠴᠢᠭ ᠢ᠋ᠶ᠋ᠡᠷ ᠨᠢ ᠳᠣᠷᠣᠭᠰᠢ ᠪᠥᠬᠥᠢᠨ ᠰᠢᠷᠭᠤᠨ ᠣᠷᠣᠵᠤ ᠲᠠᠬᠢᠯ ᠳᠡᠭᠡᠵᠢ ᠪᠡᠨ ᠡᠷᠭᠦᠪᠡ᠃ ᠠᠷᠤ ᠳ᠋ᠤᠨᠢ ᠠᠪᠠᠭᠠᠢ᠂ ᠲᠡᠭᠦᠨ ᠦ᠌ ᠠᠷᠤ ᠳ᠋ᠤ᠌ ᠬᠡᠦᠬᠡᠳ᠂ ᠲᠡᠳᠡᠨ ᠦ᠌ ᠬᠣᠢᠨ᠎ᠠ ᠳ᠋ᠠᠨᠽᠡᠨ ᠡᠪᠦᠳᠦᠭ ᠳᠡᠭᠡᠷ᠎ᠡ ᠪᠡᠨ ᠰᠠᠭᠤᠨ ᠮᠥᠷᠭᠥᠪᠡ᠃ ᠤᠭ ᠨᠢ ᠳ᠋ᠠᠨᠽᠡᠨ ᠡᠨᠳᠡ ᠠᠮᠢ ᠨᠠᠰᠤ ᠪᠠᠨ ᠳᠠᠭᠠᠳᠬᠠᠬᠤ ᠶ᠋ᠢ ᠪᠣᠳᠣᠵᠤ ᠢᠷᠡᠭᠰᠡᠨ ᠠᠲᠠᠯ᠎ᠠ ᠣᠳᠣ ᠰᠦᠰᠦᠭ ᠠᠯᠲᠠᠨ ᠳᠣᠲᠣᠷ᠎ᠠ ᠨᠢ ᠴᠣᠬᠣᠮ ᠶᠠᠭᠤ ᠪᠠᠢᠳᠠᠭ ᠢ᠋ ᠰᠣᠨᠢᠷᠬᠠᠨ ᠠᠵᠢᠭᠯᠠᠪᠠ᠃ ᠶᠠᠩᠵᠤ ᠪᠦᠷᠢ ᠶ᠋ᠢᠨ ᠬᠡᠯᠪᠡᠷᠢ ᠲᠡᠢ ᠶᠡᠬᠡ ᠪᠠᠭ᠎ᠠ ᠮᠠᠨᠲᠠᠤ᠂ ᠳᠣᠣᠷᠠᠲᠤ ᠱᠠᠯᠠ ᠠ᠋ᠴᠠ ᠳᠡᠭᠡᠭᠰᠢ ᠲᠣᠬᠣᠢ ᠢᠯᠡᠭᠦᠦ ᠲᠡᠢ ᠣᠪᠣᠭᠠᠯᠠᠭᠳᠠᠭᠰᠠᠨ ᠤ᠋ ᠳᠡᠭᠡᠷ᠎ᠡ ᠬᠡᠳᠦᠨ ᠠᠷᠪᠠᠨ ᠯᠠ ᠠᠰᠠᠭᠠᠰᠤᠲᠠᠢ ᠪᠠᠢᠭ᠎ᠠ ᠦᠵᠡᠭᠳᠡᠨ᠎ᠡ᠃ ᠭᠡᠪᠡᠴᠦ ᠡᠨᠳᠡ ᠲᠡᠨᠳᠡ ᠦᠭᠡᠢ ᠬᠦᠵᠢ ᠬᠠᠳᠬᠤᠨ ᠰᠢᠲᠠᠭᠠᠭᠰᠠᠨ ᠲᠤᠯᠠ ᠥᠳᠬᠡᠨ ᠬᠥᠬᠡ ᠤᠲᠤᠭ᠎ᠠ ᠰᠦᠮ᠎ᠡ ᠶ᠋ᠢᠨ ᠪᠢᠴᠢᠬᠠᠨ ᠵᠠᠢ ᠳ᠋ᠤ᠌ ᠪᠠᠭᠲᠠᠵᠤ ᠶᠠᠳᠠᠨ ᠠᠰᠠᠵᠤ ᠪᠠᠢᠭ᠎ᠠ ᠯᠠ ᠶ᠋ᠢᠨ ᠭᠡᠷᠡᠯ ᠢ᠋ ᠠᠷᠠᠢ ᠶᠠᠳᠠᠨ ᠰᠦᠮᠡᠯᠵᠡᠭᠦᠯᠦᠨᠡ᠃ ᠠᠭᠠᠵᠢᠮ ᠳ᠋ᠠᠭᠠᠨ ᠨᠢᠳᠦ ᠳᠠᠰᠤᠨ ᠠᠵᠢᠪᠠᠯ᠂ ᠠᠷᠤ ᠳ᠋ᠤᠨᠢ ᠴᠠᠭᠠᠨ ᠳᠡᠪᠡᠯ ᠲᠡᠢ᠂ ᠴᠠᠭᠠᠨ ᠰᠠᠬᠠᠯ ᠲᠠᠢ᠂ ᠴᠠᠭᠠᠨ ᠴᠢᠷᠠᠢ ᠲᠠᠢ᠂ ᠲᠠᠶᠠᠭ ᠲᠤᠯᠤᠨ ᠢᠨᠢᠶᠡᠮᠰᠦᠭᠯᠡᠭᠰᠡᠨ ᠳᠦᠷᠢ ᠲᠡᠢ ᠰᠢᠪᠡᠷ ᠡᠪᠦᠭᠡᠨ ᠪᠤᠷᠬᠠᠨ ᠪᠠᠢᠬᠤ ᠪᠥᠭᠡᠳ ᠲᠡᠷᠡᠭᠦᠷ ᠮᠠᠨᠠᠷᠠᠭᠰᠠᠨ ᠶᠡᠬᠡ ᠤᠲᠤᠭᠠᠨ ᠳ᠋ᠤ᠌ ᠠᠪᠲᠠᠭᠳᠠᠭᠰᠠᠨ ᠢ᠋ᠶ᠋ᠠᠷ ᠡᠭᠦᠯᠡ ᠭᠥᠯᠥᠭᠡᠯᠡᠨ ᠠᠢᠰᠤᠢ ᠰᠢᠭ᠋ ᠦᠵᠡᠭᠳᠡᠨ᠎ᠡ᠃ ᠭᠡᠯᠡ ᠴᠦ᠍ ᠳ᠋ᠠᠨᠽᠡᠨ ᠳ᠋ᠦ᠍ ᠰᠦᠰᠦᠭᠯᠡᠨ ᠪᠢᠰᠢᠷᠡᠬᠦ ᠰᠡᠳᠬᠢᠯ ᠲᠥᠷᠥᠭᠰᠡᠨ ᠦᠭᠡᠢ᠂ ᠪᠤᠷᠬᠠᠨ ᠤ᠋ ᠨᠢᠭᠡ ᠲᠠᠯ᠎ᠠ ᠳ᠋ᠤ᠌ ᠲᠣᠭᠣᠷᠤᠤ᠂ ᠨᠥᠭᠦᠭᠡ ᠲᠠᠯ᠎ᠠ ᠳ᠋ᠤ᠌ ᠪᠤᠭᠤ ᠪᠠᠢᠬᠤ ᠶ᠋ᠢ ᠣᠯᠵᠤ ᠬᠠᠷᠠᠭᠠᠳ《ᠡᠨᠡ ᠬᠣᠶᠠᠷ ᠪᠠᠰᠠ ᠶᠠᠭᠤ ᠪᠣᠢ? ᠶᠠᠭᠠᠬᠢᠭᠠᠳ ᠡᠨᠳᠡ ᠪᠤᠷᠬᠠᠨ ᠪᠣᠯᠤᠨ ᠲᠠᠬᠢᠭᠳᠠᠨ ᠰᠢᠲᠦᠭᠳᠡᠬᠦ ᠪᠣᠯᠪᠠ?》 ᠭᠡᠵᠦ ᠪᠣᠳᠣᠪᠠ᠃ ᠳ᠋ᠠᠨᠽᠡᠨ ᠦ᠌ ᠡᠮᠦᠨ᠎ᠡ ᠯᠤᠤ ᠯᠢ ᠠᠪᠠᠭᠠᠢ ᠲᠠᠢ ᠪᠠᠨ ᠭᠠᠵᠠᠷ ᠰᠥᠭᠥᠳᠦᠨ ᠳᠠᠭᠠᠳᠬᠠᠯ ᠳᠡᠭᠡᠳᠬᠡᠯ ᠢ᠋ᠶ᠋ᠡᠨ ᠤᠶᠠᠩᠭᠠᠯᠠᠭᠤᠯᠤᠨ ᠮᠥᠷᠭᠥᠵᠦ ᠪᠠᠢᠪᠠ᠃ ᠲᠡᠭᠦᠨ ᠡᠴᠡ ᠨᠢ ᠳ᠋ᠠᠨᠽᠡᠨ ᠳ᠋ᠦ᠍《ᠬᠠᠪᠤᠷ ᠤ᠋ᠨ ᠬᠦᠢᠲᠡᠨ ᠢ᠋ ᠬᠤᠷᠳᠤᠨ ᠵᠠᠢᠯᠠᠭᠤᠯᠵᠤ᠂ ᠭᠠᠵᠠᠷ ᠤ᠋ᠨ ᠬᠥᠷᠥᠰᠥ ᠶ᠋ᠢ ᠭᠡᠰᠬᠡᠵᠦ ᠬᠠᠢᠷᠠᠯᠠ᠃ ᠭᠠᠩ ᠭᠠᠴᠢᠭ ᠢ᠋ ᠦᠵᠡᠭᠦᠯᠦᠯ ᠦᠭᠡᠢ᠂ ᠭᠠᠵᠠᠷ ᠲᠠᠷᠢᠶ᠎ᠠ ᠶ᠋ᠢ ᠰᠠᠢᠬᠠᠨ ᠤᠷᠭᠤᠭᠤᠯᠵᠤ ᠬᠠᠢᠷᠠᠯᠠ!》 ᠭᠡᠳᠡᠭ ᠲᠣᠢᠮᠣᠲᠠᠢᠬᠠᠨ ᠦᠭᠡᠰ ᠰᠣᠨᠣᠰᠳᠠᠨ᠎ᠠ᠃
ᠬᠢᠲᠠᠳ ᠣᠷᠣᠨ ᠳ᠋ᠤ᠌ ᠠᠯᠠᠭ᠎ᠠ ᠶ᠋ᠢᠨ ᠴᠢᠨᠡᠭᠡᠨ ᠭᠠᠵᠠᠷ ᠲᠠᠢ ᠪᠣᠯᠪᠠᠴᠤ ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ ᠲᠤ ᠲᠠᠷᠢᠶᠠᠴᠢᠨ ᠪᠦᠬᠦᠨ ᠢ᠋ᠶ᠋ᠡᠷ ᠢ᠋ᠶ᠋ᠡᠨ ᠡᠢᠨᠬᠦ ᠭᠠᠵᠠᠷ ᠤ᠋ᠨ ᠪᠤᠷᠬᠠᠨ ᠲᠤ ᠳᠢ ᠶᠧ ᠳ᠋ᠦ᠍ ᠵᠠᠪᠠᠯ ᠮᠥᠷᠭᠥᠳᠡᠭ ᠪᠥᠭᠡᠳ ᠣᠷᠣ ᠲᠠᠰᠤ ᠭᠠᠵᠠᠷ ᠦᠭᠡᠢ ᠪᠣᠯᠵᠤ ᠶᠡᠬᠡ ᠪᠠᠶᠠᠨ ᠤ᠋ ᠳ᠋ᠤ᠌ ᠵᠥᠪᠬᠡᠨ ᠬᠣᠭᠣᠯᠠ᠂ ᠭᠡᠳᠡᠰᠦ ᠲᠡᠵᠢᠭᠡᠬᠦ ᠲᠡᠳᠦᠢ ᠵᠠᠷᠤᠭᠳᠠᠬᠤ ᠪᠣᠯᠤᠭᠰᠠᠨ ᠲᠠᠷᠢᠶᠠᠴᠢᠨ ᠴᠦ᠍ ᠭᠡᠰᠡᠨ ᠡᠰᠡ ᠮᠥᠷᠭᠥᠪᠡᠯ ᠢᠳᠡᠬᠦ ᠬᠣᠭᠣᠯᠠ ᠣᠯᠳᠠᠬᠤ ᠦᠭᠡᠢ ᠪᠣᠯᠤᠨ᠎ᠠ ᠭᠡᠵᠦ ᠠᠶᠤᠨ ᠮᠥᠷᠭᠥᠳᠡᠭ ᠪᠠᠢᠵᠠᠢ᠃
ᠰᠠᠯᠬᠢ ᠰᠠᠪᠠᠷ ᠥᠴᠦᠬᠡᠨ ᠴᠦ᠍ ᠦᠭᠡᠢ ᠨᠠᠯᠠᠭᠠᠷ ᠰᠠᠢᠬᠠᠨ ᠲᠡᠷᠡ ᠡᠳᠦᠷ ᠪᠤᠴᠠᠵᠤ ᠶᠠᠪᠤᠬᠤ ᠳ᠋ᠠᠭᠠᠨ ᠠᠪᠠᠭᠠᠢ ᠳ᠋ᠠᠨᠽᠡᠨ ᠡᠴᠡ᠄
— ᠦᠭᠡᠢ ᠴᠢ ᠲᠤ ᠳᠢ ᠶᠧ ᠳ᠋ᠦ᠍ ᠵᠠᠯᠪᠠᠷᠢᠭᠰᠠᠨ ᠤᠤ ᠭᠡᠵᠦ ᠰᠡᠵᠢᠭᠯᠡᠨ ᠠᠰᠠᠭᠤᠪᠠ᠃ ᠬᠠᠷᠢᠭᠤ ᠳ᠋ᠤᠨᠢ ᠳ᠋ᠠᠨᠽᠡᠨ᠄
— ᠠᠢ ᠡᠵᠢ ᠠ᠋᠂ ᠵᠠᠯᠪᠠᠷᠢᠯ ᠦᠭᠡᠢ ᠶᠠᠭᠠᠬᠢᠬᠤᠪ᠃
— ᠰᠠᠢᠨ᠃ ᠭᠡᠪᠡᠴᠦ ᠴᠣᠬᠣᠮ ᠶᠠᠭᠤ ᠭᠡᠵᠦ ᠵᠠᠯᠪᠠᠷᠢᠪᠠ?
— ᠭᠡᠷ ᠣᠷᠣᠨ ᠤᠷᠤᠭᠤ ᠮᠢᠨᠢ ᠪᠤᠴᠠᠬᠤ ᠬᠠᠪᠤᠷ ᠤ᠋ᠨ ᠰᠠᠢᠬᠠᠨ ᠤᠯᠠᠷᠢᠯ ᠢ᠋ ᠬᠤᠷᠳᠤᠨ ᠢᠷᠡᠭᠦᠯᠵᠦ ᠬᠠᠢᠷᠠᠯᠠ ᠭᠡᠵᠦ᠃
— ᠵᠥᠪ! ᠡᠨᠡ ᠳᠡᠯᠡᠬᠡᠢ ᠳ᠋ᠦ᠍ ᠨᠠᠮᠠᠶ᠋ᠢ ᠭᠠᠭᠴᠠᠬᠠᠨ ᠲᠤ ᠳᠢ ᠶᠧ ᠯᠡ ᠲᠡᠳᠬᠦᠨ᠎ᠡ᠃ ᠶᠡᠷᠦᠨᠢ ᠳᠡ ᠯᠣᠣᠶᠧ ᠶ᠋ᠢᠨ ᠴᠢᠮ᠎ᠠ ᠳ᠋ᠤ᠌ ᠰᠠᠢᠨ ᠪᠠᠢᠭ᠎ᠠ ᠶ᠋ᠢ ᠦᠵᠡᠪᠡᠯ ᠲᠤ ᠳᠢ ᠶᠧ ᠲᠡᠳᠬᠦᠭᠰᠡᠭᠡᠷ ᠪᠠᠢᠭ᠎ᠠ ᠪᠠᠢᠬ᠎ᠠ᠃ ᠡᠭᠦᠨᠴᠢᠯᠡᠨ ᠴᠢᠮ᠎ᠠ ᠳ᠋ᠤ᠌ ᠠᠵᠠ ᠶ᠋ᠢᠨ ᠪᠠᠩᠰᠢ ᠣᠴᠢᠭᠰᠠᠨ ᠢ᠋ ᠪᠠᠰᠠ ᠶᠠᠭᠠᠬᠢᠨ᠎ᠠ᠃ ᠦᠨᠡᠬᠡᠷ ᠴᠢ ᠠᠵᠠ ᠲᠠᠢ! ᠡᠨᠡ ᠵᠢᠯ ᠴᠢ ᠮᠠᠰᠢ ᠶᠡᠬᠡ ᠣᠯᠵᠠ ᠣᠯᠤᠨ᠎ᠠ ᠭᠡᠵᠦ ᠮᠡᠳᠡ! ᠭᠡᠬᠦ ᠳ᠋ᠦ᠍ᠨᠢ ᠳ᠋ᠠᠨᠽᠡᠨ ᠪᠡᠯᠭᠡᠰᠢᠶᠡᠨ ᠪᠠᠶᠠᠷᠯᠠᠭᠰᠠᠨ ᠢ᠋ᠶ᠋ᠠᠨ ᠰᠠᠶᠢ ᠲᠤ ᠳᠢ ᠶᠧ ᠪᠤᠷᠬᠠᠨ ᠳ᠋ᠤᠨᠢ ᠣᠭᠲᠣ ᠰᠦᠰᠦᠭᠯᠡᠭᠡ ᠦᠭᠡᠢ ᠪᠡᠨ ᠰᠠᠨᠠᠨ《ᠠᠢ ᠳᠠ ᠡᠭᠦᠨᠴᠡ ᠪᠣᠯᠤᠨ ᠬᠠᠮᠤᠭ ᠠᠵᠠ ᠮᠢᠨᠢ ᠬᠠᠷᠢᠴᠢᠬᠠᠬᠤ ᠦᠭᠡᠢ ᠪᠠᠢᠭ᠎ᠠ ᠳᠠ》 ᠭᠡᠵᠦ ᠪᠣᠳᠣᠬᠤ ᠳ᠋ᠤ᠌ ᠰᠡᠳᠬᠢᠯ ᠵᠣᠪᠠᠬᠤ ᠳ᠋ᠤ᠌ ᠬᠦᠷᠦᠯ᠎ᠡ᠃
