ᠠᠪᠤ ᠬᠥᠮᠦᠨ -ᠭᠣᠢᠵᠢᠳᠨᠤᠷᠪᠤAav khün-GoijdnorovАав хүн-Гойждноров
ᠠᠪᠤ ᠬᠥᠮᠦᠨ
ᠭᠣᠢᠵᠢᠳᠨᠤᠷᠪᠤ ᠵᠣᠬᠢᠶᠠᠵᠤ
ᠭᠣᠢᠵᠢᠳᠨᠤᠷᠪᠤ ᠬᠤᠭᠤᠷᠳᠠᠪᠠ
ᠬᠦᠷᠡᠩ ᠽᠠᠨᠳᠠᠨ ᠬᠤᠭᠤᠷ ᠢ᠋ᠶ᠋ᠠᠨ ᠲᠠᠲᠠᠬᠤ ᠳ᠋ᠤ᠌
ᠬᠦᠩᠭᠢᠨᠡᠬᠦ ᠠᠶᠠᠰ ᠨᠢ ᠤᠶᠠᠷᠠᠭᠤᠨ ᠪᠠᠢᠨ᠎ᠠ
ᠬᠦᠨᠳᠦᠲᠦ ᠠᠪᠤ ᠪᠠᠨ ᠮᠠᠭᠲᠠᠨ ᠳᠠᠭᠤᠯᠠᠬᠤ ᠳ᠋ᠤ᠌
ᠬᠡᠬᠦᠳᠡᠭ ᠴᠡᠭᠡᠵᠢ ᠮᠢᠨᠢ ᠳᠣᠭᠳᠣᠯᠤᠨ ᠪᠠᠢᠨ᠎ᠠ
ᠬᠤᠭᠤᠷ ᠤ᠋ᠨ ᠰᠠᠢᠬᠠᠨ ᠡᠭᠡᠰᠢᠭ ᠮᠢᠨᠢ ᠳ᠋ᠠ
ᠬᠣᠷᠸ᠎ᠠ ᠳᠡᠯᠡᠬᠡᠢ ᠳ᠋ᠦ᠍ ᠴᠤᠤᠷᠢᠶᠠᠲᠤᠬᠤ ᠶᠤᠮ
ᠬᠡᠦᠬᠡᠳ ᠨᠢ ᠠᠪᠤ ᠪᠠᠨ ᠮᠠᠭᠲᠠᠨ ᠳᠠᠭᠤᠯᠠᠬᠤ ᠳ᠋ᠤ᠌
ᠬᠤᠷᠮᠤᠰᠲᠠ ᠲᠩᠷᠢ ᠮᠦᠰᠢᠶᠡᠬᠦ ᠯᠡ ᠶᠤᠮ
ᠰᠦᠮᠪᠦᠷ ᠨᠡᠷ᠎ᠡ ᠲᠡᠢ ᠰᠦᠷᠯᠢᠭ ᠠᠭᠤᠯᠠ
ᠰᠦᠮᠡᠢᠬᠦ ᠪᠠᠷ᠎ᠠ ᠨᠢ ᠲᠩᠷᠢ ᠲᠤᠯᠪᠠᠴᠤ
ᠰᠦᠵᠢᠭ ᠦ᠋ᠨ ᠲᠩᠷᠢ ᠠᠪᠤ ᠬᠥᠮᠦᠨ ᠦ᠌
ᠰᠣᠶᠣᠷᠬᠠᠯ ᠬᠠᠢᠷ᠎ᠠ ᠶ᠋ᠢ ᠨᠢ ᠭᠦᠢᠴᠡᠨ᠎ᠡ ᠤᠤ ᠳ᠋ᠠ
ᠭᠠᠯᠪᠠ ᠶ᠋ᠢᠨ ᠨᠣᠭᠣᠭᠠᠨ ᠳᠡᠨᠵᠢᠨ ᠳᠡᠭᠡᠷ᠎ᠡ
ᠭᠠᠯ ᠪᠣᠯᠵᠤ ᠳᠦᠷᠡᠯᠵᠡᠳᠡᠭ ᠠᠪᠤ ᠬᠥᠮᠦᠨ
ᠭᠠᠢᠬᠠᠮᠰᠢᠭᠲᠤ ᠲᠠᠩᠰᠤᠭ ᠠᠮᠢᠳᠤᠷᠠᠯ ᠢ᠋ᠶ᠋ᠠᠨ
ᠭᠠᠪᠰᠢᠭᠠᠢᠯᠠᠵᠤ ᠪᠠᠢᠭᠤᠯᠳᠠᠭ ᠠᠪᠤ ᠬᠥᠮᠦᠨ
ᠥᠷᠥᠰᠢᠶᠡᠯ ᠬᠠᠢᠷ᠎ᠠ ᠶ᠋ᠢᠨ ᠥᠷᠭᠡᠨ ᠬᠠᠷᠭᠤᠢ ᠳ᠋ᠤ᠌
ᠥᠪᠡᠷ ᠢ᠋ ᠪᠡᠨ ᠵᠣᠷᠢᠭᠤᠯᠳᠠᠭ ᠠᠪᠤ ᠬᠥᠮᠦᠨ
ᠥᠷᠥᠭᠡ ᠭᠡᠷ ᠲᠡᠭᠡᠨ ᠲᠤᠯᠭᠠᠭᠤᠷᠢ ᠪᠣᠯᠤᠭᠰᠠᠨ
ᠡᠭᠦᠷᠭᠡ ᠨᠢ ᠬᠦᠨᠳᠦ ᠠᠪᠤ ᠬᠥᠮᠦᠨ
ᠠᠭᠰᠢᠷᠠᠭ᠎ᠠ ᠪᠤᠭᠤᠷᠤᠯ ᠠᠪᠤ ᠡᠵᠢ ᠳ᠋ᠡᠭᠡᠨ
ᠠᠴᠢᠯᠠᠯ ᠵᠢᠷᠤᠮᠲᠠᠢ ᠠᠪᠤ ᠬᠥᠮᠦᠨ
ᠠᠪᠠᠭᠠᠢ ᠬᠣᠩᠭᠣᠷ᠂ ᠬᠡᠦᠬᠡᠳ ᠨᠢᠯᠬ᠎ᠠ ᠳ᠋ᠠᠭᠠᠨ
ᠠᠷᠤ ᠶ᠋ᠢᠨ ᠲᠦᠰᠢᠯᠭᠡ ᠠᠪᠤ ᠬᠥᠮᠦᠨ
ᠡᠷᠦᠬᠡ ᠭᠡᠷ ᠢ᠋ᠶ᠋ᠡᠨ ᠥᠭᠡᠳᠡᠯᠡᠭᠦᠯᠬᠦ ᠪᠡᠷ
ᠡᠷ᠎ᠡ ᠬᠦᠴᠦ ᠪᠡᠨ ᠰᠢᠪᠬᠠᠳᠠᠭ ᠠᠪᠤ ᠬᠥᠮᠦᠨ
ᠡᠯᠪᠡᠭ ᠠᠮᠢᠳᠤᠷᠠᠯ ᠢ᠋ ᠡᠳ᠋ᠯᠡᠭᠦᠯᠬᠦ ᠪᠡᠷ
ᠡᠷᠲᠡᠯᠡᠵᠦ ᠣᠷᠣᠢᠯᠠᠳᠠᠭ ᠠᠪᠤ ᠬᠥᠮᠦᠨ
ᠦᠷ᠎ᠡ ᠬᠡᠦᠬᠡᠳ ᠢ᠋ᠶ᠋ᠡᠨ ᠬᠠᠷᠠᠭᠠᠳ ᠦᠵᠡᠪᠡᠯ
ᠥᠷᠥᠴᠡᠨ ᠳ᠋ᠡᠭᠡᠨ ᠪᠠᠶᠠᠷᠯᠠᠳᠠᠭ ᠠᠪᠤ ᠬᠥᠮᠦᠨ
ᠤᠬᠠᠭᠠᠨ ᠰᠠᠨᠠᠭ᠎ᠠ ᠲᠠᠢ ᠬᠥᠮᠦᠵᠢᠭᠦᠯᠬᠦ ᠪᠡᠷ
ᠣᠶᠤᠨ ᠢ᠋ᠶ᠋ᠠᠨ ᠵᠦᠳᠡᠭᠡᠳᠡᠭ ᠠᠪᠤ ᠬᠥᠮᠦᠨ
ᠬᠥᠯ ᠢ᠋ ᠳᠥᠷᠦᠭᠡᠨ ᠳ᠋ᠦ᠍ ᠬᠦᠷᠭᠡᠬᠦ ᠪᠡᠷ
ᠬᠦᠰᠡᠵᠦ ᠶᠠᠭᠠᠷᠠᠳᠠᠭ ᠠᠪᠤ ᠬᠥᠮᠦᠨ
ᠬᠦᠰᠡᠯᠡᠩ ᠢᠷᠡᠭᠡᠳᠦᠢ ᠲᠡᠢ ᠪᠣᠯᠭᠠᠬᠤ ᠪᠠᠷ
ᠬᠦᠴᠦᠯᠡᠨ ᠴᠢᠷᠮᠠᠢᠳᠠᠭ ᠠᠪᠤ ᠬᠥᠮᠦᠨ
ᠠᠷᠠᠰᠤᠨ ᠳᠡᠪᠡᠯ ᠢ᠋ ᠴᠦ᠍ ᠬᠦᠰᠡᠳᠡᠭ ᠦᠭᠡᠢ ᠶᠤᠮ ᠰᠢᠦ
ᠠᠴᠢᠯᠠᠯ ᠤ᠋ᠨ ᠲᠩᠷᠢ ᠠᠪᠤ ᠬᠥᠮᠦᠨ
ᠠᠮᠢᠳᠤᠷᠠᠯ ᠤ᠋ᠨ ᠠᠶᠠᠨ ᠳ᠋ᠠᠭᠠᠨ ᠶᠠᠳᠠᠷᠠᠭᠰᠠᠨ ᠴᠤ᠌
ᠠᠶᠤᠤᠯᠢᠬᠠᠢ ᠳ᠋ᠠᠭᠠᠨ ᠪᠠᠶᠠᠷᠲᠠᠢ ᠠᠪᠤ ᠬᠥᠮᠦᠨ
ᠡᠷᠳᠡᠮ ᠰᠣᠶᠣᠯ ᠢ᠋ ᠡᠵᠡᠮᠰᠢᠵᠦ ᠶᠠᠪᠤᠬᠤ ᠳ᠋ᠤ᠌ ᠨᠢ
ᠡᠷᠴᠢ ᠵᠣᠷᠢᠭ ᠨᠡᠮᠡᠳᠡᠭ ᠠᠪᠤ ᠬᠥᠮᠦᠨ
ᠡᠩᠬᠦᠷᠡᠢ ᠦᠷ᠎ᠡ ᠶ᠋ᠢᠨ ᠢ᠋ᠶ᠋ᠡᠨ ᠲᠥᠯᠥᠭᠡ
ᠡᠷ᠎ᠡ ᠪᠡᠶ᠎ᠡ ᠪᠡᠨ ᠴᠦᠯᠡᠳᠡᠭ ᠠᠪᠤ ᠬᠥᠮᠦᠨ
ᠶᠢᠷᠲᠢᠨᠴᠦ ᠳᠡᠯᠡᠬᠡᠢ ᠶ᠋ᠢᠨ ᠭᠠᠵᠠᠷ ᠳᠡᠭᠡᠷ᠎ᠡ
ᠡᠴᠢᠭᠡ ᠬᠥᠮᠦᠨ ᠦᠨᠡᠬᠡᠷ ᠬᠦᠨᠳᠦᠳᠬᠡᠯᠲᠡᠢ ᠶᠤᠮ ᠰᠢᠦ
ᠦᠷ᠎ᠡ ᠨᠢ ᠪᠣᠯᠤᠭᠰᠠᠨ ᠬᠥᠮᠦᠨ ᠪᠦᠬᠦᠨ
ᠥᠷᠥᠰᠢᠶᠡᠯ ᠬᠠᠢᠷ᠎ᠠ ᠶ᠋ᠢ ᠨᠢ ᠣᠮᠲᠣᠭᠠᠢᠯᠠᠵᠤ ᠪᠣᠯᠬᠤ ᠦᠭᠡᠢ
ᠠᠪᠤ ᠬᠥᠮᠦᠨ ᠦ᠌ ᠠᠴᠢ ᠭᠠᠪᠢᠶ᠎ᠠ ᠶ᠋ᠢ
ᠠᠯᠲᠠ ᠮᠥᠩᠭᠥ ᠪᠡᠷ ᠰᠣᠯᠢᠭᠠᠳ ᠣᠯᠬᠤ ᠦᠭᠡᠢ ᠶᠤᠮ ᠰᠢᠦ
ᠠᠴᠢᠯᠠᠯ ᠰᠢᠳᠤᠷᠭᠤ ᠶ᠋ᠢ ᠭᠦᠢᠴᠡᠳᠬᠡᠵᠦ ᠴᠢᠳᠠᠪᠠᠯ
ᠠᠪᠤ ᠬᠥᠮᠦᠨ ᠠᠮᠤᠭᠤᠯᠠᠩ ᠪᠠᠶᠠᠰᠬᠤ ᠶᠤᠮ ᠠ᠋!
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
