ᠳᠦᠭᠦᠷᠡᠩᠵᠠᠭᠠᠨ᠎ᠠ - ᠴᠠᠭᠠᠨᠪᠠᠷᠰDüürenzgana-TsagaanbarДүүрэнзгана-Цагаанбар ᠠᠷᠠᠳ ᠤᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠦᠭᠦᠷᠡᠩᠵᠠᠭᠠᠨ᠎ᠠ - ᠴᠠᠭᠠᠨᠪᠠᠷᠰDüürenzgana-TsagaanbarДүүрэнзгана-Цагаанбар

ᠳᠦᠭᠦᠷᠡᠩᠵᠠᠭᠠᠨ᠎ᠠ - ᠴᠠᠭᠠᠨᠪᠠᠷᠰDüürenzgana-TsagaanbarДүүрэнзгана-Цагаанбар

2025-12-22

10

ᠳᠦᠭᠦᠷᠡᠩᠵᠠᠭᠠᠨ᠎ᠠ


     ᠴᠠᠭᠠᠨᠪᠠᠷᠰ ᠳᠠᠭᠤᠯᠠᠪᠠ 
        ᠬᠣᠷᠴᠢᠨ ᠠᠷᠠᠳ ᠤ᠋ᠨ ᠳᠠᠭᠤᠤ 

ᠠᠯᠲᠠᠨ ᠲᠣᠪᠣᠷᠤᠤ ᠲᠠᠢ ᠵᠣᠳᠣᠭ ᠨᠢ ᠠ᠋ ᠬᠦ ᠬᠦᠢ 
ᠠᠭᠠᠷ ᠤ᠋ᠨ ᠨᠠᠷᠠᠨ ᠳ᠋ᠤ᠌ ᠪᠠᠨ ᠭᠢᠯᠪᠠᠯᠵᠠᠨ᠎ᠠ ᠬᠦᠢ 
ᠠᠷᠪᠠᠨ ᠨᠠᠢ᠍ᠮᠠ ᠲᠠᠢ ᠳᠦᠭᠦᠷᠡᠩᠵᠠᠭᠠᠨ᠎ᠠ ᠬᠦ ᠬᠦᠢ 
ᠠᠪᠤᠭᠠᠳ ᠯᠠ ᠠᠪᠤᠭᠠᠳ ᠪᠣᠯᠣᠭᠤᠳᠠᠵᠤ ᠯᠠ ᠪᠠᠢᠨ᠎ᠠ ᠬᠦᠢ 

ᠮᠥᠩᠭᠥᠨ ᠲᠣᠪᠣᠷᠤᠤ ᠲᠠᠢ ᠵᠣᠳᠣᠭ ᠨᠢ ᠠ᠋ ᠬᠦ ᠬᠦᠢ 
ᠮᠥᠩᠬᠡ ᠶ᠋ᠢᠨ ᠨᠠᠷᠠᠨ ᠳ᠋ᠤ᠌ ᠪᠠᠨ ᠭᠢᠯᠪᠠᠯᠵᠠᠨ᠎ᠠ ᠬᠦᠢ 
ᠮᠥᠷᠦᠨ ᠳ᠋ᠡᠭᠡᠨ ᠬᠦᠴᠦ ᠲᠡᠢ ᠳᠦᠭᠦᠷᠡᠩᠵᠠᠭᠠᠨ᠎ᠠ ᠬᠦ ᠬᠦᠢ 
ᠮᠥᠷᠥᠯᠡᠨ ᠮᠥᠷᠥᠯᠡᠨ ᠪᠣᠯᠣᠭᠤᠳᠠᠵᠤ ᠯᠠ ᠪᠠᠢᠨ᠎ᠠ ᠬᠦᠢ 

ᠪᠤᠯᠢᠭᠠᠷᠢᠨ ᠠᠷᠠᠰᠤᠨ ᠭᠤᠲᠤᠯ ᠢ᠋ ᠪᠡᠨ ᠬᠦ ᠬᠦᠢ
ᠪᠤᠯᠲᠠᠷᠠᠨ᠎ᠠ ᠭᠡᠵᠦ ᠬᠡᠨ ᠴᠢᠨᠢ ᠰᠠᠨᠠᠪᠠ ᠬᠦᠢ
ᠪᠣᠯᠤᠮᠠᠷ ᠪᠥᠬᠡᠴᠢᠨ ᠳᠦᠭᠦᠷᠡᠩᠵᠠᠭᠠᠨ᠎ᠠ ᠶ᠋ᠢ ᠬᠦ ᠬᠦᠢ
ᠪᠦᠳᠦᠷᠢᠨ᠎ᠡ ᠭᠡᠵᠦ ᠬᠡᠨ ᠴᠢᠨᠢ ᠪᠣᠳᠣᠪᠠ ᠬᠦᠢ

ᠰᠠᠭᠠᠷᠢᠨ ᠠᠷᠠᠰᠤᠨ ᠭᠤᠲᠤᠯ ᠢ᠋ ᠪᠡᠨ ᠬᠦ ᠬᠦᠢ
ᠰᠠᠯᠪᠠᠷᠠᠨ᠎ᠠ ᠭᠡᠵᠦ ᠬᠡᠨ ᠴᠢᠨᠢ ᠪᠣᠳᠣᠪᠠ ᠬᠦᠢ
ᠰᠠᠢᠨ ᠪᠥᠬᠡᠴᠢᠨ ᠳᠦᠭᠦᠷᠡᠩᠵᠠᠭᠠᠨ᠎ᠠ ᠶ᠋ᠢ ᠬᠦ ᠬᠦᠢ
ᠬᠠᠶᠠᠭᠳᠠᠨ᠎ᠠ ᠭᠡᠵᠦ ᠬᠡᠨ ᠴᠢᠨᠢ ᠪᠣᠳᠣᠪᠠ ᠬᠦᠢ

ᠠᠷᠤ ᠬᠣᠷᠴᠢᠨ ᠤ᠋ ᠮᠡᠰᠡ ᠴᠣᠬᠣᠷ ᠬᠦ ᠬᠦᠢ
ᠠᠳᠤᠭᠤ ᠨᠢ ᠲᠡᠷᠢᠭᠦᠯᠡᠭᠡᠳ ᠶᠢᠰᠦ ᠠ᠋ ᠶᠢᠰᠦ ᠬᠦ ᠬᠦᠢ
ᠠᠷᠪᠠᠨ ᠨᠠᠢ᠍ᠮᠠ ᠲᠠᠢ ᠳᠦᠭᠦᠷᠡᠩᠵᠠᠭᠠᠨ᠎ᠠ ᠶ᠋ᠢ ᠬᠦᠢ
ᠠᠷᠠᠯᠲᠤ ᠲᠡᠷᠭᠡᠨ ᠳ᠋ᠦ᠍ ᠲᠡᠭᠡᠭᠡᠳ ᠯᠡ ᠭᠠᠷᠤᠯ᠎ᠠ ᠬᠦᠢ

ᠬᠣᠢᠲᠤ ᠬᠤᠰᠢᠭᠤᠨ ᠤ᠋ ᠮᠡᠰᠡ ᠴᠣᠬᠣᠷ ᠬᠦ ᠬᠦᠢ
ᠬᠣᠨᠢ ᠶ᠋ᠢ ᠪᠡᠨ ᠲᠡᠷᠢᠭᠦᠯᠡᠭᠡᠳ ᠶᠢᠰᠦ ᠠ᠋ ᠶᠢᠰᠦ ᠠ᠋ ᠬᠦᠢ
ᠬᠠᠢᠷᠠᠯᠠᠮᠠᠷ ᠪᠥᠬᠡᠴᠢᠨ ᠳᠦᠭᠦᠷᠡᠩᠵᠠᠭᠠᠨ᠎ᠠ ᠶ᠋ᠢ ᠬᠦ ᠬᠦᠢ
ᠬᠦᠷᠳᠦ ᠲᠡᠷᠭᠡᠨ ᠳ᠋ᠦ᠍ ᠲᠡᠭᠡᠭᠡᠳ ᠯᠡ ᠭᠠᠷᠤᠯ᠎ᠠ ᠬᠦᠢ


ᠨᠠᠷᠠᠨ ᠤ᠋ ᠳᠣᠲᠣᠷ᠎ᠠ ᠨᠠᠷᠠᠰᠤᠨ ᠮᠣᠳᠣ ᠠ᠋ ᠬᠦ ᠬᠦᠢ
ᠨᠠᠮᠠᠭ᠎ᠠ ᠶ᠋ᠢ ᠨᠢ ᠲᠣᠭᠠᠯᠠᠪᠠᠯ ᠨᠠᠶᠠᠨ ᠲᠦᠮᠡ ᠬᠦᠢ
ᠨᠠᠮᠤᠬᠠᠨ ᠵᠠᠩ ᠲᠠᠢ ᠳᠦᠭᠦᠷᠡᠩᠵᠠᠭᠠᠨ᠎ᠠ ᠬᠦ ᠬᠦᠢ
ᠨᠠᠰᠤᠨ ᠤ᠋ ᠬᠡᠮᠵᠢᠶ᠎ᠡ ᠠᠷᠪᠠᠨ ᠨᠠᠢ᠍ᠮᠠ ᠬᠦᠢ

ᠰᠠᠷᠠᠨ ᠤ᠋ ᠳᠣᠲᠣᠷ᠎ᠠ ᠽᠠᠨᠳᠠᠨ ᠮᠣᠳᠣ ᠠ᠋ ᠬᠦ ᠬᠦᠢ
ᠰᠠᠯᠠᠭ᠎ᠠ ᠨᠢ ᠲᠣᠭᠠᠯᠠᠪᠠᠯ ᠰᠠᠶᠠᠨ ᠲᠦᠮᠡ ᠬᠦᠢ
ᠰᠠᠢᠨ ᠪᠥᠬᠡ ᠳᠦᠭᠦᠷᠡᠩᠵᠠᠭᠠᠨ᠎ᠠ ᠬᠦ ᠬᠦᠢ
ᠨᠠᠰᠤᠨ ᠤ᠋ ᠬᠡᠮᠵᠢᠶ᠎ᠡ ᠠᠷᠪᠠᠨ ᠨᠠᠢ᠍ᠮᠠ ᠬᠦᠢ


  ᠦᠰᠦᠭ ᠠᠮᠢᠯᠠᠭᠤᠯᠤᠭᠰᠠᠨ ᠨᠢ ᠄ ᠭᠠᠸᠠ
  ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
  ᠬᠢᠨᠠᠭᠴᠢ ᠄ ᠰᠡᠴᠡᠨ