ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠦᠷ᠎ᠡ ᠪᠦᠯᠦᠭ> Бүлжхэн хатан– [монгол] Дамбын Төрбат <үр бүлэг> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠦᠷ᠎ᠡ ᠪᠦᠯᠦᠭ> Бүлжхэн хатан– [монгол] Дамбын Төрбат <үр бүлэг>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠦᠷ᠎ᠡ ᠪᠦᠯᠦᠭ> Бүлжхэн хатан– [монгол] Дамбын Төрбат <үр бүлэг>

ᠠᠩᠭᠢᠯᠠᠯ:ᠲᠤᠭᠤᠵᠢ ᠷᠣᠮᠠᠨ
2025-12-22

113

ᠦᠷ᠎ᠡ ᠪᠦᠯᠦᠭ


       121. ᠬᠣᠷᠴᠢ ᠢᠷᠡᠵᠦ ᠥᠭᠦᠯᠡᠷᠦᠨ᠄  
       ᠁ ᠵᠠᠭᠠᠷᠢᠨ ᠲᠩᠷᠢ ᠢᠷᠡᠵᠦ ᠨᠢᠳᠦᠨ ᠳ᠋ᠦ᠍ ᠮᠢᠨᠢ ᠵᠢᠭᠠᠵᠤ ᠦᠵᠡᠭᠦᠯᠦᠭᠰᠡᠨ ᠨᠢ᠂ ᠬᠤᠸᠠᠭᠴᠢᠨ ᠦᠨᠢᠶ᠎ᠡ ᠢᠷᠡᠵᠦ ᠵᠠᠮᠤᠬ᠎ᠠ ᠶ᠋ᠢ ᠲᠣᠭᠣᠷᠢᠨ ᠶᠠᠪᠤᠵᠤ᠂ ᠵᠠᠮᠤᠬ᠎ᠠ ᠶ᠋ᠢᠨ ᠭᠡᠷ ᠲᠡᠷᠭᠡ ᠶ᠋ᠢ ᠮᠥᠷᠭᠥᠭᠰᠡᠭᠡᠷ ᠥᠷᠥᠭᠡᠰᠦᠨ ᠡᠪᠡᠷ ᠢ᠋ᠶ᠋ᠡᠨ ᠬᠤᠭᠤᠯᠵᠤ ᠰᠣᠯᠵᠢᠷ ᠡᠪᠡᠷᠳᠡᠢ ᠪᠣᠯᠤᠭᠠᠳ(ᠡᠪᠡᠷ ᠢ᠋ ᠮᠢᠨᠢ ᠥᠭ) ᠭᠡᠵᠦ ᠵᠠᠮᠤᠬ᠎ᠠ ᠶ᠋ᠢᠨ ᠵᠦᠭ ᠮᠥᠭᠡᠷᠡᠵᠦ ᠰᠢᠷᠣᠢ ᠰᠠᠴᠤᠯᠠᠨ ᠪᠠᠢᠨ᠎ᠠ᠃ ᠪᠠᠰᠠ ᠨᠢᠭᠡ ᠮᠤᠬᠤᠷ ᠬᠤᠸᠠ ᠦᠬᠡᠷ ᠢ᠋ ᠶᠡᠬᠡ ᠭᠡᠷᠲᠦ ᠲᠡᠷᠭᠡᠨ ᠳ᠋ᠦ᠍ ᠬᠥᠯᠯᠡᠵᠡᠢ᠃ ᠲᠡᠷᠡ ᠦᠬᠡᠷ ᠶᠡᠬᠡ ᠲᠡᠷᠭᠡ ᠨᠦ᠍ᠭᠦᠳ ᠢ᠋ᠶ᠋ᠡᠷ ᠲᠡᠮᠦᠵᠢᠨ ᠦ᠌ ᠬᠣᠢᠨ᠎ᠠ ᠠ᠋ᠴᠠ ᠵᠢᠳᠬᠦᠨ ᠶᠠᠪᠤᠵᠤ ᠮᠥᠭᠡᠷᠡᠨ ᠬᠡᠯᠡᠬᠦ ᠨᠢ᠄ 
     〈ᠲᠩᠷᠢ ᠭᠠᠵᠠᠷ ᠡᠶᠡᠯᠳᠦᠵᠦ 
       ᠲᠡᠮᠦᠵᠢᠨ ᠢ᠋ ᠤᠯᠤᠰ ᠤ᠋ᠨ ᠡᠵᠡᠨ ᠪᠣᠯᠲᠤᠭᠠᠢ ᠭᠡᠵᠦ 
       ᠲᠡᠭᠡᠭᠡᠵᠦ ᠬᠦᠷᠭᠡᠵᠦ ᠶᠠᠪᠤᠨ᠎ᠠ〉 ᠭᠡᠵᠦ ᠮᠥᠭᠡᠷᠡᠨ᠎ᠡ᠃ 
       ᠡᠢᠨ ᠬᠦ᠌ ᠮᠢᠨᠦ ᠨᠢᠳᠦᠨ ᠳ᠋ᠦ᠍ ᠵᠠᠭᠠᠷᠢᠨ ᠲᠩᠷᠢ ᠢᠷᠡᠵᠦ ᠵᠢᠭᠠᠵᠤ ᠦᠵᠡᠭᠦᠯᠪᠡ᠃  
                              《ᠮᠣᠩᠭᠣᠯ ᠤ᠋ᠨ ᠨᠢᠭᠤᠴᠠ ᠲᠣᠪᠴᠢᠶᠠᠨ》 ᠠ᠋ᠴᠠ  

ᠦᠬᠡᠷ ᠤᠨᠤᠭᠰᠠᠨ ᠪᠤᠷᠬᠠᠳ ᠎——  
       ᠭᠠᠵᠠᠷ ᠲᠩᠷᠢ ᠶ᠋ᠢᠨ ᠰᠠᠪᠰᠠᠯᠭ᠎ᠠ ᠪᠠᠷ ᠦᠷ ᠦ᠋ᠨ ᠰᠢᠷᠭᠠᠯ ᠲᠤᠶᠠᠭ᠎ᠠ ᠬᠤᠭᠤᠷ ᠤ᠋ᠨ ᠠᠶᠠᠯᠭᠤ ᠮᠡᠲᠦ ᠨᠠᠮᠤᠭᠤᠬᠠᠨ ᠢ᠋ᠶ᠋ᠠᠷ ᠠᠭᠤᠰᠤᠨ ᠣᠷᠣᠵᠤ ᠢᠷᠡᠬᠦ ᠳ᠋ᠦ᠍ ᠦᠨᠡᠭᠡᠨ ᠬᠠᠷᠠᠩᠭᠤᠢ ᠦᠷᠭᠦᠨ ᠰᠢᠷᠪᠠᠵᠤ ᠠᠨᠢᠷ ᠭᠦᠮ ᠠᠯᠤᠰ ᠲᠡᠢᠰᠢ ᠱᠣᠭᠰᠢᠨ ᠣᠳᠪᠠ᠃ ᠡᠯ᠎ᠡ ᠰᠥᠨᠢ ᠶ᠋ᠢᠨ ᠦᠨᠡᠭᠡᠨ ᠴᠠᠭ ᠤ᠋ᠨ ᠰᠠᠯᠬᠢᠨ ᠰᠡᠭᠦᠯᠦᠨ ᠳ᠋ᠦ᠍ ᠰᠢᠷᠪᠢᠭᠦᠯᠪᠡ ᠤᠤ ᠭᠡᠯᠲᠡᠢ ᠪᠣᠲᠣᠭᠣᠨ ᠮᠠᠩᠬᠠᠨ ᠤ᠋ ᠲᠠᠩᠨᠠᠢᠯᠠᠵᠤ ᠲᠣᠭᠲᠠᠭᠰᠠᠨ ᠲᠣᠷᠭᠠᠨ ᠡᠯᠡᠰᠦ ᠬᠣᠷᠮᠣᠢ ᠠ᠋ᠴᠠ ᠪᠠᠨ ᠰᠡᠮᠡᠷᠡᠨ ᠠᠶᠠᠷᠬᠠᠨ ᠨᠤᠷᠠᠵᠠᠢ᠃ ᠡᠨᠡ ᠨᠢ ᠡᠮ᠎ᠡ ᠢᠵᠢᠯᠢ ᠪᠡᠨ ᠡᠷᠢᠵᠦ ᠶᠠᠪᠤᠭᠰᠠᠨ ᠳ᠋ᠢᠭᠪᠠᠷᠠᠨᠵᠠ ᠶ᠋ᠢᠨ ᠬᠢᠯᠢᠩ ᠢ᠋ ᠶᠡᠬᠡᠳᠡ ᠬᠥᠳᠡᠯᠭᠡᠵᠦ᠂ ᠪᠦᠬᠦ ᠲᠡᠮᠲᠡᠷᠢᠭᠦᠯ ᠢ᠋ᠶ᠋ᠡᠨ ᠬᠤᠮᠢᠵᠤ ᠨᠢᠭᠡᠨ ᠠᠭᠱᠠᠨ᠎ᠠ ᠪᠦᠪ ᠪᠥᠭᠡᠷᠡᠩᠬᠡᠢ ᠪᠣᠯᠤᠨ᠎ᠠ᠃ ᠲᠡᠢᠨ ᠠᠮᠢ ᠪᠠᠨ ᠪᠥᠭᠡᠴᠡᠢᠯᠡᠵᠦ ᠴᠢᠮᠡᠭᠡ ᠴᠢᠩᠨᠠᠬᠤ ᠪᠢᠴᠢᠬᠠᠨ ᠰᠢᠪᠠᠵᠢ ᠠᠪᠠᠭᠠᠢ ᠳ᠋ᠤ᠌᠂ ᠮᠣᠯᠴᠣᠭ ᠲᠤᠯᠤᠭᠠᠳ ᠤ᠋ᠨ ᠬᠣᠶᠠᠷ ᠨᠢᠭᠡᠨ ᠦᠶᠡᠯᠡᠭᠡ ᠨᠤᠷᠠᠨ ᠤᠷᠤᠰᠬᠤ ᠨᠢ ᠭᠠᠵᠠᠷ ᠬᠥᠳᠡᠯᠬᠦ᠂ ᠭᠠᠯᠪᠠ ᠶᠡᠭᠦᠷᠡᠬᠦ ᠶ᠋ᠢᠨ ᠲᠠᠷᠢᠳᠠᠢ ᠲᠤᠯᠠ ᠥᠪᠡᠷ ᠦ᠋ᠨ ᠲᠥᠷᠥᠯ ᠨᠢᠭᠡᠲᠡᠨ ᠬᠢᠭᠡᠳ ᠭᠠᠷᠪᠠᠯᠢ ᠣᠢᠷ᠎ᠠ ᠠᠮᠢᠲᠠᠰ ᠤ᠋ᠨ ᠪᠠᠷ᠎ᠠ ᠬᠦᠰᠡᠮᠵᠢᠯᠡᠨ ᠬᠣᠷᠣᠮ ᠬᠢᠷᠢ ᠬᠡᠪᠲᠡᠪᠡ᠃ ᠶᠡᠷᠦ ᠤᠳᠠᠭᠠᠨ ᠬᠦᠯᠢᠶᠡᠬᠦ ᠬᠡᠷᠡᠭ ᠭᠠᠷᠤᠭᠰᠠᠨ ᠦᠭᠡᠢ ᠠᠭᠠᠳ ᠶᠡᠬᠡᠰ ᠢ᠋ ᠲᠠᠯᠪᠢᠭᠰᠠᠨ ᠭᠠᠵᠠᠷ᠂ ᠲᠠᠬᠢᠯᠭ᠎ᠠ ᠳᠠᠢᠯᠭ᠎ᠠ ᠶ᠋ᠢᠨ ᠡᠩᠭᠡᠷ ᠪᠠᠯ ᠳ᠋ᠤ᠌ ᠯᠠ ᠤᠴᠠᠷᠠᠵᠤ ᠪᠣᠯᠬᠤ ᠣᠯᠣᠭᠠᠢ ᠬᠣᠷᠣᠬᠠᠢ ᠡᠯᠡᠰᠦ ᠮᠠᠷᠠᠨ ᠲᠥᠭᠡᠯᠡᠨ ᠪᠡᠳᠡᠷᠢᠵᠦ᠂ ᠴᠣᠬᠣᠷ ᠵᠠᠩᠲᠤ ᠲᠡᠷᠢᠭᠦᠲᠡᠨ ᠰᠢᠩᠰᠢᠯᠡᠨ ᠨᠡᠭᠦᠳᠡᠯᠯᠡᠵᠦ ᠠᠢᠰᠤᠢ᠃ ᠴᠣᠬᠣᠮ ᠶᠠᠭ ᠲᠡᠷᠡ ᠵᠦᠭ ᠡᠴᠡ ᠰᠢᠨᠡᠬᠡᠨ ᠦᠨᠦᠷ ᠬᠠᠩᠬᠤ ᠲᠠᠯᠪᠢᠬᠤ ᠠᠪᠠᠢ᠃ ᠳ᠋ᠢᠭᠪᠠᠷᠠᠨᠵᠠ ᠠᠪᠠᠭᠠᠢ ᠬᠠᠨᠢᠰᠢᠶᠠᠨ ᠪᠡᠶ᠎ᠡ ᠲᠠᠯᠪᠢᠷᠠᠵᠤ ᠦᠰᠦᠷᠬᠡᠭ ᠲᠡᠮᠲᠡᠷᠢᠭᠦᠯ ᠢ᠋ᠶ᠋ᠡᠷ ᠢ᠋ᠶ᠋ᠡᠨ ᠲᠡᠮᠲᠡᠴᠢᠨ ᠵᠠᠪᠳᠤᠲᠠᠯ᠎ᠠ ᠡᠯᠡᠰᠦᠨ ᠳᠠᠪᠠᠯᠭ᠎ᠠ ᠰᠢᠷᠦᠭᠦᠰᠪᠡ᠃ ᠶᠡᠬᠡ ᠳᠡᠯ ᠲᠡᠢ ᠬᠣᠩᠭᠣᠷ ᠠᠵᠢᠷᠭ᠎ᠠ ᠰᠢᠯᠭᠡᠭᠡᠬᠦ ᠰᠢᠭ ᠲᠣᠷᠭᠠᠨ ᠡᠯᠡᠰᠦ ᠨᠤᠷᠠᠭᠰᠠᠨ ᠨᠢ ᠮᠠᠩᠬᠠᠨ ᠤ᠋ ᠣᠷᠣᠢ ᠳᠡᠭᠡᠷ᠎ᠡ ᠠᠯᠤᠰ ᠢ᠋ ᠰᠠᠷᠠᠪᠴᠢᠯᠠᠭᠰᠠᠭᠠᠷ ᠨᠢᠭᠡᠨ ᠬᠥᠮᠦᠨ ᠭᠠᠷᠴᠤ ᠢᠷᠡᠭᠰᠡᠨ ᠬᠡᠷᠡᠭ ᠪᠠᠢᠯ᠎ᠠ᠃ 
       ᠠᠷᠭᠠᠯ ᠠᠶᠠᠨ ᠳ᠋ᠠᠭᠠᠨ ᠤᠭᠤᠭᠢᠮ᠎ᠠ ᠬᠠᠯᠠᠭᠤᠨ ᠨᠠᠷᠠ ᠲᠠᠢ ᠴᠦᠯ ᠳ᠋ᠦ᠍ ᠲᠡᠷᠡ ᠪᠦᠷᠢ ᠵᠠᠶᠠᠭᠠᠮ᠎ᠠ ᠦᠭᠡᠢ ᠰᠢᠩᠭᠡᠨ ᠴᠠᠭᠠᠨ ᠴᠢᠷᠠᠢ ᠲᠠᠢ ᠪᠦᠰᠡᠭᠦᠢ ᠠᠵᠢ᠃ ᠲᠡᠭᠦᠨ ᠦ᠌ ᠰᠡᠳᠬᠢᠯ ᠦ᠋ᠨ ᠵᠣᠪᠠᠨᠢᠯ ᠨᠢ ᠤᠰᠤᠨ ᠳ᠋ᠤ᠌ ᠲᠤᠰᠤᠭᠰᠠᠨ ᠳᠦᠷᠰᠦ ᠮᠡᠲᠦ ᠤᠰᠬᠠᠯ ᠬᠠᠷ᠎ᠠ ᠨᠢᠳᠦᠨ ᠳ᠋ᠦ᠍ᠨᠢ ᠲᠣᠳᠣᠷᠠᠬᠤ ᠪᠥᠯᠥᠭᠡ᠃ ᠬᠠᠶᠠᠭ᠎ᠠ ᠬᠢᠷᠬᠠᠭ ᠦᠭᠡᠢ ᠶᠡᠬᠡ ᠭᠣᠪᠢ ᠶ᠋ᠢ ᠰᠠᠢᠬᠠᠨ ᠨᠢᠳᠦ ᠪᠡᠨ ᠰᠦᠮᠡᠢᠯᠭᠡᠨ ᠬᠠᠷᠠᠴᠠ ᠪᠠᠷ ᠢ᠋ᠶ᠋ᠠᠨ ᠨᠡᠩᠵᠢᠪᠡ᠃ ᠴᠢᠩᠭᠢᠭᠡᠳ ᠬᠥᠲᠥᠯᠵᠦ ᠶᠠᠪᠤᠭᠰᠠᠨ ᠬᠡᠨ ᠨᠢᠭᠡ ᠶ᠋ᠢ ᠪᠡᠨ ᠳᠠᠭᠤᠳᠠᠵᠤ ᠭᠠᠷ ᠰᠤᠩᠭᠠᠬᠤ ᠳ᠋ᠤ᠌ ᠡᠯᠡᠰᠦᠨ ᠳᠠᠯᠠᠢ ᠳ᠋ᠤ᠌ ᠳᠠᠷᠤᠭᠳᠠᠭᠰᠠᠨ ᠠᠶᠠᠯᠭᠤ ᠨᠣᠢᠷ ᠠ᠋ᠴᠠ ᠰᠡᠷᠡᠬᠦ ᠮᠡᠲᠦ ᠬᠦᠷᠡᠯ ᠬᠣᠩᠬᠣᠨ ᠤ᠋ ᠢᠷᠠᠭᠤ ᠳᠠᠭᠤᠨ ᠪᠦᠳᠡᠭᠢ ᠵᠢᠩᠭᠢᠨᠡᠨ᠎ᠡ᠃ ᠲᠦᠳᠡᠬᠡᠨ ᠲᠠᠪᠤ ᠬᠢᠷᠢ ᠶ᠋ᠢᠨ ᠨᠠᠰᠤᠨ ᠤ᠋ ᠵᠢᠭᠠᠯ ᠬᠦᠦ ᠮᠠᠩᠬᠠᠨ ᠤ᠋ ᠣᠷᠣᠢ ᠳ᠋ᠤ᠌ ᠭᠠᠷᠴᠤ ᠢᠷᠡᠨ ᠥᠵᠢᠨ ᠢᠵᠢᠢ ᠶ᠋ᠢᠨ ᠬᠠᠯᠠᠭᠤᠨ ᠡᠷᠡᠬᠡᠢ ᠶ᠋ᠢ ᠠᠳᠬᠤᠪᠠ᠃ 
       一 ᠪᠢᠳᠡ ᠬᠣᠶᠠᠷ ᠬᠣᠵᠢᠮᠳᠠᠵᠠᠢ᠁ ᠬᠠᠲᠤᠨ ᠢᠵᠢᠢ ᠶ᠋ᠢᠨ ᠦᠭᠡᠨ ᠳ᠋ᠦ᠍ ᠬᠠᠷᠢᠭᠤ ᠡᠰᠡ ᠳᠤᠤᠭᠠᠷᠤᠨ ᠡᠯᠴᠢᠯ ᠦᠭᠡᠢ ᠴᠦᠯ ᠢ᠋ ᠪᠢᠰᠢᠷᠡᠩᠭᠦᠢ ᠰᠢᠷᠳᠡᠬᠦ ᠵᠢᠭᠠᠯ ᠬᠦᠦ ᠶ᠋ᠢᠨ ᠡᠮᠦᠰᠦᠭᠰᠡᠨ ᠵᠡᠭᠦᠭᠰᠡᠨ ᠨᠢ ᠥᠳᠥᠭ ᠪᠣᠭᠣᠯ ᠬᠢ ᠡᠴᠡ ᠴᠦ᠍ ᠬᠡᠲᠦᠢᠳᠴᠡᠢ᠃ ᠶᠠᠭᠠᠬᠢᠪᠠᠴᠤ ᠵᠢᠷ ᠦ᠋ᠨ ᠠᠯᠪᠠᠲᠤ ᠶ᠋ᠢᠨ ᠦᠷ᠎ᠡ ᠰᠡᠳᠦ ᠪᠢᠰᠢ ᠠᠵᠢ᠃ ᠢᠵᠠᠭᠤᠷ ᠳᠡᠭᠡᠳᠦ ᠬᠠᠲᠤᠨ ᠠᠪᠠᠬᠠᠢ ᠵᠢᠭᠠᠯ ᠨᠣᠶᠠᠬᠠᠢ ᠪᠠᠨ ᠬᠥᠲᠥᠯᠦᠨ ᠬᠠᠯᠵᠠᠨ ᠮᠠᠩᠬᠠᠨ ᠤ᠋ ᠬᠣᠷᠭᠣᠢ ᠬᠡ ᠶ᠋ᠢ ᠰᠡᠮᠡᠯᠦᠨ ᠤᠷᠤᠭᠤᠳᠠᠭᠰᠠᠨ ᠢ᠋ᠶ᠋ᠠᠨ ᠵᠣᠭ ᠲᠣᠰᠣᠨ ᠭᠠᠵᠠᠷ ᠱᠠᠭᠠᠢᠵᠤ᠂  
       — ᠬᠣᠷᠣᠬᠠᠢ ᠰᠢᠪᠠᠵᠢ ᠶ᠋ᠢᠨ ᠬᠣᠭᠣᠯᠠ ᠪᠣᠯᠵᠠᠢ᠁ ᠭᠡᠪᠡ᠃  
       ᠪᠢᠴᠢᠬᠠᠨ ᠨᠣᠶᠠᠨ ᠬᠥᠯ ᠦ᠋ᠨ ᠬᠢᠨᠢ ᠣᠯᠠᠨ ᠳᠣᠣᠷ᠎ᠠ ᠠ᠋ᠴᠠ ᠤᠰᠤ ᠰᠢᠭ᠋ ᠤᠨᠳᠤᠷᠬᠤ ᠡᠯᠡᠰᠦᠨ ᠳ᠋ᠦ᠍ ᠨᠢᠭᠡ ᠳᠠᠯᠳᠠ ᠣᠷᠣᠵᠤ᠂ ᠨᠢᠭᠡ ᠢᠯᠡ ᠭᠠᠷᠴᠤ ᠦᠬᠦᠯᠳᠦᠨ ᠲᠡᠮᠡᠴᠡᠯᠳᠦᠬᠦ ᠳ᠋ᠢᠭᠪᠠᠷᠠᠨᠵᠠ ᠠᠪᠤᠭᠠᠢ ᠶ᠋ᠢ ᠱᠣᠬᠣᠭᠣᠷᠬᠠᠨ ᠬᠠᠷᠠᠵᠤ᠂ 
       — ᠦᠵᠡᠭᠡ ᠦᠭᠡᠢ ᠬᠣᠷᠣᠬᠠᠢ ᠪᠠᠢᠨ᠎ᠠ ᠭᠡᠬᠦ ᠳ᠋ᠦ᠍ ᠥᠵᠢᠨ ᠢᠵᠢᠢ ᠬᠣᠷᠭᠣᠢ ᠳᠡᠪᠡᠯ ᠦ᠋ᠨ ᠨᠢᠳᠤᠷᠭ᠎ᠠ ᠰᠡᠭᠰᠦᠷᠦᠨ ᠢᠷᠪᠠᠢᠵᠤ᠂  
       — ᠦᠵᠡᠬᠦ ᠭᠡᠵᠦ ᠬᠦᠰᠡᠬᠦ ᠶᠠᠭᠤᠮ᠎ᠠ ᠪᠢᠰᠢ ᠬᠡᠮᠡᠪᠡ᠃ 
       —  ᠶᠠᠭᠤ ᠭᠡᠳᠡᠭ ᠬᠣᠷᠣᠬᠠᠢ ᠪᠣᠢ᠂ ᠬᠠᠲᠤᠨ ᠢᠵᠢᠢ ᠠ᠋? 
       —  ᠳ᠋ᠢᠭᠪᠠᠷᠠᠨᠵᠠ!  
       — ᠦᠯᠢᠭᠡᠷ ᠲᠦ᠍ ᠯᠡ ᠦᠯᠡᠳᠡᠭᠡᠰᠡᠢ ᠪᠢᠯᠡ! ᠡᠢᠨ ᠥᠭᠦᠯᠡᠭᠡᠳ ᠲᠩᠷᠢ ᠬᠠᠷᠠᠵᠤ ᠠᠷᠪᠠᠯᠵᠠᠨ ᠲᠡᠯᠴᠢᠯᠡᠬᠦ ᠳ᠋ᠢᠭᠪᠠᠷᠠᠨᠵᠠ ᠲᠡᠷᠢᠭᠦᠲᠡᠨ ᠦ᠌ ᠳᠡᠷᠭᠡᠳᠡ ᠡᠴᠡ ᠵᠢᠭᠤᠲᠠᠵᠤ ᠪᠤᠰᠢᠭᠤᠬᠠᠨ ᠬᠣᠯᠠᠳᠬᠤ ᠳ᠋ᠤ᠌ ᠶᠡᠬᠡ ᠡᠯᠡᠰᠦ ᠡᠵᠢ ᠪᠡᠨ ᠳᠠᠭᠠᠬᠤ ᠬᠡᠦᠬᠡᠳ ᠮᠡᠲᠦ ᠰᠡᠭᠦᠳᠡᠷ ᠢ᠋ ᠨᠢ ᠪᠠᠷᠠᠳᠠᠨ ᠨᠡᠭᠦᠬᠦ ᠠᠵᠢ᠃ ᠴᠢᠩᠭᠢᠭᠰᠡᠨ ᠢ᠋ᠶ᠋ᠡᠨ ᠭᠡᠨᠡᠳᠲᠡ ᠵᠣᠭᠰᠣᠪᠠ᠃ ᠤᠰᠤ ᠯᠤᠭ᠎ᠠ ᠤᠷᠤᠰᠤᠨ ᠪᠠᠢᠭᠰᠠᠨ ᠡᠯᠡᠰᠦ ᠴᠦ᠍ ᠠᠢᠳᠠᠰ ᠨᠥᠮᠥᠷᠴᠦ᠂ ᠨᠠᠮ ᠭᠦᠮ ᠳ᠋ᠦ᠍ ᠠᠪᠲᠠᠪᠠ᠃ ᠬᠠᠲᠤᠨ ᠠᠪᠠᠬᠠᠢ ᠥᠷᠯᠥᠭᠡᠨ ᠦ᠌ ᠨᠠᠷᠠᠨ ᠰᠥᠷᠬᠦ ᠰᠠᠷᠠᠪᠴᠢᠯᠠᠨ ᠬᠠᠷᠠᠭᠰᠠᠨ ᠢ᠋ᠶ᠋ᠠᠨ᠂ 
       —  ᠲᠩᠷᠢ ᠶ᠋ᠢᠨ ᠳ᠋ᠢᠭᠪᠠᠷᠠᠨᠵᠠ ᠨᠤᠭᠤᠳ᠁ ᠭᠡᠮᠡᠨ ᠰᠡᠭᠦᠷᠡᠰᠦ ᠠᠯᠳᠠᠬᠤ ᠳ᠋ᠤ᠌ ᠵᠢᠭᠠᠯ ᠨᠣᠶᠠᠨ ᠮᠥᠨᠥᠬᠡᠨ ᠡᠯᠡᠰᠦᠨ ᠳᠣᠣᠷᠠᠬᠢ ᠪᠢᠴᠢᠬᠠᠨ ᠰᠢᠪᠡᠵᠢ ᠵᠢᠭᠦᠷᠯᠡᠨ ᠨᠢᠰᠪᠡ ᠭᠡᠵᠦ ᠰᠠᠨᠠᠨ᠂ 
       —  ᠪᠠᠰᠠ ᠳᠠᠯᠠᠪᠴᠢ ᠲᠠᠢ ᠬᠣᠷᠣᠬᠠᠢ ᠤᠤ? ᠭᠡᠯ᠎ᠡ᠃ 
       — ᠳ᠋ᠢᠭᠪᠠᠷᠠᠨᠵᠠ ᠶᠠᠭᠠᠬᠢᠵᠤ ᠴᠤ᠌ ᠬᠤᠪᠢᠯᠵᠤ ᠮᠡᠳᠡᠨ᠎ᠡ ᠠ᠋᠁ ᠢᠷᠣ᠎ᠠ ᠶ᠋ᠢᠨ ᠠᠮᠢᠲᠠᠨ! ᠭᠡᠳ ᠭᠤᠸ᠎ᠠ ᠠᠪᠠᠬᠠᠢ ᠰᠠᠨᠠᠭ᠎ᠠ ᠠᠯᠲᠠᠨ ᠵᠣᠭᠰᠣᠭᠰᠠᠨ ᠢ᠋ᠶ᠋ᠠᠨ᠂ ᠤᠯᠠᠢ ᠦᠵᠡᠭᠰᠡᠨ ᠡᠯᠢᠶᠡᠨ ᠦ᠌ ᠬᠦᠢᠲᠡᠨ ᠰᠡᠭᠦᠳᠡᠷ ᠳᠠᠭᠠᠷᠢᠨ ᠥᠩᠭᠡᠷᠡᠬᠦ ᠳ᠋ᠦ᠍ ᠭᠣᠣᠯ ᠬᠦᠢᠲᠡ ᠳᠠᠭᠠᠭᠠᠵᠤ ᠵᠢᠬᠡᠭᠦᠳᠡᠰᠦ ᠬᠦᠷᠬᠦ ᠰᠢᠭ ᠰᠠᠨᠳᠤᠷᠤᠤᠬᠠᠨ ᠠᠯᠬᠤᠵᠠᠢ᠃ ᠠᠯᠲᠠᠨ ᠴᠢᠮᠡᠭ ᠵᠡᠭᠦᠭᠰᠡᠨ ᠵᠢᠭᠠᠯ ᠨᠣᠶᠠᠨ ᠥᠵᠢᠨ ᠢᠵᠢᠢ ᠶ᠋ᠢᠨ ᠢ᠋ᠶ᠋ᠡᠨ ᠪᠥᠭᠡᠷᠡᠨ ᠳ᠋ᠦ᠍ ᠪᠠᠰᠠ ᠨᠢᠭᠡᠨ ᠬᠠᠪᠲᠠᠭ᠎ᠠ ᠮᠡᠲᠦ ᠪᠥᠨᠲᠥᠭᠡᠨᠡᠨ᠂ ᠬᠣᠶᠠᠷ ᠨᠢᠭᠡᠨ ᠬᠥᠪᠡᠭᠡ ᠭᠦᠶᠦᠬᠦ ᠲᠣᠭᠠᠨ ᠤ᠋ ᠳᠠᠪᠠᠪᠠ᠃ ᠠᠯᠵᠢᠶᠠᠵᠤ ᠶᠠᠳᠠᠷᠠᠨ ᠠᠨᠢᠯᠳᠤᠵᠤ ᠪᠠᠢᠭᠰᠠᠨ ᠨᠢᠳᠦ ᠨᠢ ᠥᠪᠡᠷ ᠦ᠋ᠨ ᠡᠷᠬᠡ ᠦᠭᠡᠢ ᠰᠡᠷᠲᠡᠢᠭᠡᠳ ᠢᠷᠡᠯ᠎ᠡ᠃ ᠵᠢᠭᠠᠯ ᠨᠣᠶᠠᠨ ᠤ᠋ ᠡᠮᠦᠨ᠎ᠡ ᠦᠬᠡᠷ ᠭᠡᠬᠦ ᠳ᠋ᠦ᠍ ᠦᠬᠡᠷ ᠪᠢᠰᠢ᠂ ᠡᠯᠵᠢᠭᠡ ᠭᠡᠬᠦ ᠳ᠋ᠦ᠍ ᠡᠯᠵᠢᠭᠡ ᠪᠢᠰᠢ ᠵᠢᠭᠲᠡᠢ ᠠᠮᠢᠲᠠᠨ ᠡᠯᠡᠰᠦᠨ ᠳᠣᠪᠣᠴᠠᠭ ᠤ᠋ᠨ ᠳᠤᠮᠳᠠ ᠡᠯᠢᠶ᠎ᠡ ᠰᠢᠪᠠᠭᠤᠨ ᠳ᠋ᠤ᠌ ᠨᠣᠯᠤᠭᠤᠯᠤᠨ ᠵᠣᠭᠰᠣᠬᠤ ᠠᠵᠠᠢ᠃ 
       — ᠬᠠᠲᠤᠨ ᠢᠵᠢᠢ ᠠ᠋᠂ ᠡᠨᠡ ᠶᠠᠭᠤ ᠪᠣᠢ? 
       — ᠠᠶᠠᠷ ᠭᠡᠮ᠁ 
       ᠬᠦᠦ ᠭᠠᠢᠬᠠᠨ ᠬᠠᠷ᠎ᠠ ᠨᠢᠯᠬ᠎ᠠ ᠠ᠋ᠴᠠ ᠪᠦᠪᠡᠢ ᠶ᠋ᠢᠨ ᠠᠶᠠᠯᠭᠤ ᠪᠠᠷ ᠰᠢᠩᠭᠡᠨ ᠳᠠᠭᠤ ᠨᠢ ᠰᠡᠳᠬᠢᠯ ᠳ᠋ᠦ᠍ ᠡᠶᠡᠪᠡᠷᠭᠦᠦ ᠬᠣᠨᠣᠭᠰᠢᠭᠰᠠᠨ ᠠᠲᠠᠯ᠎ᠠ ᠡᠨᠡ ᠤᠳᠠᠭ᠎ᠠ ᠨᠢᠭᠡ ᠯᠡ ᠬᠠᠬᠢᠷᠭᠠᠨ᠂ ᠨᠢᠭᠡ ᠯᠡ ᠴᠢᠴᠢᠷᠡᠭᠡᠨ ᠰᠣᠨᠣᠰᠳᠠᠭᠰᠠᠨ ᠳ᠋ᠤ᠌ ᠠᠬᠢᠭᠤᠯᠤᠨ ᠬᠠᠷᠠᠪᠠᠯ ᠰᠠᠢᠬᠠᠨ ᠢᠵᠢᠢ ᠶ᠋ᠢᠨ ᠶᠠᠭ᠎ᠠ ᠪᠤᠲᠠᠷᠠᠭᠰᠠᠨ ᠬᠠᠴᠠᠷ ᠡᠰᠬᠡᠨ ᠰᠤᠪᠤᠳ ᠤ᠋ᠨ ᠨᠢᠯᠪᠤᠰᠤ ᠴᠢᠮᠡᠭᠡ ᠦᠭᠡᠢ ᠤᠷᠤᠰᠴᠤ ᠪᠠᠢᠪᠠᠴᠤ᠂ ᠠᠶᠠᠷ᠁ ᠭᠡᠵᠦ ᠪᠦᠷ ᠨᠠᠮᠤᠭᠤᠬᠠᠨ ᠰᠢᠪᠡᠨᠡᠯ᠎ᠡ᠃ ᠬᠦᠦ ᠦᠬᠡᠷ ᠭᠡᠵᠦ ᠪᠣᠳᠣᠭᠰᠠᠨ ᠶᠤᠮ ᠰᠠᠨᠵᠠᠢ᠃ ᠮᠥᠨᠥᠬᠡᠨ ᠳ᠋ᠢᠭᠪᠠᠷᠠᠨᠵᠠ ᠰᠡᠯᠲᠡ ᠭᠠᠷᠳᠠᠭ ᠦᠳᠡᠰᠢ ᠶ᠋ᠢᠨ ᠦᠯᠢᠭᠡᠷ ᠲᠦ᠍ ᠲᠩᠷᠢ ᠶ᠋ᠢᠨ ᠪᠤᠷᠬᠠᠳ ᠦᠬᠡᠷ ᠤᠨᠤᠵᠤ ᠢᠷᠡᠳᠡᠭ ᠭᠡᠮᠡᠨ ᠥᠭᠦᠯᠡᠭᠰᠡᠨ ᠨᠢ ᠪᠣᠢ᠃ 
       — ᠦᠬᠡᠷ ᠪᠤᠰᠤ ᠤᠤ᠂ ᠬᠠᠲᠤᠨ ᠢᠵᠢᠢ ᠠ᠋᠃ 
       — ᠴᠢᠮᠡᠭᠡ ᠦᠭᠡᠢ! 
       — ᠬᠤᠷᠮᠤᠰᠲᠠ ᠶ᠋ᠢᠨ ᠪᠤᠷᠬᠠᠳ ᠦᠬᠡᠷ ᠤᠨᠤᠵᠤ ᠢᠷᠡᠳᠡᠭ ᠭᠡᠳᠡᠭ ᠰᠠᠨ᠁ ᠦᠵᠢᠨ ᠢᠵᠢᠢ ᠬᠦᠦ ᠪᠡᠨ ᠨᠢᠭᠡ ᠶᠡᠬᠡ ᠲᠣᠮᠣ ᠬᠠᠷᠠᠭᠰᠠᠨ ᠢ᠋ᠶ᠋ᠠᠨ ᠦᠯᠦ ᠳᠤᠤᠭᠠᠷᠴᠠᠢ᠃ ᠬᠠᠯᠠᠭᠤᠨ ᠠᠯᠠᠭᠠᠨ ᠳ᠋ᠠᠭᠠᠨ ᠬᠥᠪᠡᠭᠦᠨ ᠦ᠌ ᠪᠤᠷᠵᠢᠭᠠᠷ ᠪᠣᠷᠣ ᠭᠠᠷ ᠢ᠋ ᠬᠥᠭᠡᠷᠭᠡ(ᠬᠦᠬᠦᠷ) ᠰᠢᠭ ᠠᠳᠬᠤᠯᠠᠨ ᠠᠯᠬᠤᠪᠠ᠃ ᠬᠠᠴᠠᠷ ᠢ᠋ ᠨᠢ ᠬᠦᠢᠲᠡᠨ ᠰᠡᠭᠦᠳᠡᠷ ᠢ᠋ᠶ᠋ᠡᠷ ᠬᠠᠭᠠᠷᠢᠨ ᠡᠯᠢᠶ᠎ᠡ ᠰᠢᠪᠠᠭᠤ ᠲᠠᠷ ᠬᠢᠨ ᠨᠢᠰᠬᠦ ᠳ᠋ᠦ᠍ ᠯᠡ ᠵᠢᠭᠠᠯ ᠨᠣᠶᠠᠨ ᠮᠥᠨᠥᠬᠡᠨ ᠡᠨᠳᠡ ᠮᠥᠷ ᠦ᠋ᠨ ᠶᠠᠭᠤᠮᠠᠨ ᠤ᠋ ᠬᠠᠵᠠᠭᠤᠳᠠ ᠢᠷᠡᠭᠰᠡᠨ ᠢ᠋ᠶ᠋ᠡᠨ ᠮᠡᠳᠡᠵᠦ ᠰᠡᠵᠢᠭᠯᠡᠨ ᠵᠣᠭ ᠲᠣᠰᠤᠯ᠎ᠠ᠃ ᠲᠡᠭᠦᠨ ᠦ᠌ ᠡᠮᠦᠨ᠎ᠡ ᠳᠥᠷᠪᠡᠨ ᠬᠥᠯ ᠲᠡᠢ ᠲᠣᠮᠣ ᠮᠣᠳᠣᠨ ᠡᠯᠵᠢᠭᠡ ᠲᠡᠪᠡᠷᠢᠨ ᠨᠥᠭᠴᠢᠭᠰᠡᠨ ᠴᠢᠷᠠᠮᠠᠨ ᠨᠢᠴᠦᠭᠦᠨ ᠬᠥᠮᠦᠨ ᠦ᠌ ᠬᠡᠭᠦᠷ ᠪᠠᠢᠯ᠎ᠠ᠃ ᠰᠢᠪᠠᠭᠤ ᠳᠤᠩᠰᠢᠵᠤ ᠠᠭᠰᠠᠨ ᠰᠢᠷᠬᠠᠨ ᠠ᠋ᠴᠠ ᠨᠢ ᠬᠣᠨᠳᠣᠨ ᠶᠠᠭᠠᠨ ᠴᠢᠰᠤ ᠨᠢᠯᠪᠤᠰᠤ ᠮᠡᠲᠦ ᠤᠷᠤᠰᠤᠨ ᠪᠣᠢ ᠶ᠋ᠢ ᠦᠵᠡᠬᠦᠯ᠎ᠡ ᠠᠮᠢᠰᠬᠤᠭ᠎ᠠ ᠬᠤᠷᠢᠶᠠᠭᠠᠳ ᠤᠳᠠᠭ᠎ᠠ ᠦᠭᠡᠢ ᠠᠵᠢ᠃ ᠲᠡᠷᠡ ᠬᠦ᠌ ᠮᠣᠳᠣᠨ ᠡᠯᠵᠢᠭᠡ ᠰᠡᠭᠦᠯ ᠲᠡᠢ ᠠᠲᠠᠯ᠎ᠠ ᠲᠣᠯᠣᠭᠠᠢ ᠦᠭᠡᠢ ᠠᠭᠠᠳ ᠬᠠᠷᠢᠨ ᠮᠥᠨᠥᠬᠢ ᠬᠥᠮᠦᠨ ᠦ᠌ ᠦᠰᠦ ᠰᠠᠬᠠᠯ ᠳ᠋ᠠᠭᠠᠨ ᠪᠠᠷᠢᠭᠳᠠᠵᠤ ᠭᠦᠢᠴᠡᠭᠰᠡᠨ ᠵᠠᠩᠬᠠᠭᠠᠷ ᠲᠡᠷᠢᠭᠦᠨ ᠲᠡᠭᠦᠨ ᠢ᠋ ᠣᠷᠣᠯᠠᠨ ᠬᠠᠷᠠᠭᠳᠠᠬᠤ ᠨᠢ ᠦᠬᠦᠭᠰᠡᠨ ᠬᠣᠢᠨ᠎ᠠ ᠨᠢ ᠴᠦ᠍ ᠶᠡᠬᠡ ᠳᠣᠷᠣᠮᠵᠢᠯᠠᠯ ᠦᠷᠭᠦᠯᠵᠢᠯᠡᠭᠰᠡᠭᠡᠷ ᠪᠠᠢᠬᠤ ᠮᠡᠲᠦ᠃ 
       — ᠪᠣᠶᠣᠷᠤᠭ ᠬᠠᠨ ᠮᠠᠷᠬᠤᠰ ᠥᠷᠥᠰᠢᠶᠡ! 
       — ᠬᠡᠨ ᠭᠡᠨ᠎ᠡ ᠠ᠋᠂ ᠬᠠᠲᠤᠨ ᠢᠵᠢᠢ? 
       — ᠠᠶᠠᠷ᠂ ᠮᠢᠨᠦ ᠬᠦᠦ! ᠢᠵᠢᠢ ᠨᠢ ᠬᠦᠦ ᠪᠡᠨ ᠪᠤᠰᠤ᠂ ᠦᠬᠦᠯ ᠢ᠋ ᠠᠷᠭᠠᠳᠠᠬᠤ ᠮᠡᠲᠦ ᠡᠢᠨ ᠨᠠᠮᠤᠭᠤᠬᠠᠨ ᠥᠭᠦᠯᠡᠭᠡᠳ᠂ ᠵᠢᠭᠠᠯ ᠨᠣᠶᠠᠨ ᠤ᠋ ᠮᠥᠷᠥᠪᠴᠢᠯᠡᠵᠦ ᠶᠠᠪᠤᠭᠰᠠᠨ ᠠᠯᠲᠠᠨ ᠴᠢᠮᠡᠭ ᠲᠡᠢ ᠰᠢᠷᠢᠨ ᠪᠣᠷᠲᠣᠭᠣ ᠠᠪᠴᠤ ᠱᠠᠷᠢᠯ ᠳᠡᠭᠡᠭᠦᠷ ᠰᠦ ᠰᠠᠴᠤᠨ᠂ 
       — ᠠᠮᠢᠳᠤ ᠳ᠋ᠤ᠌ ᠴᠢᠨᠢ ᠤᠭ ᠨᠢ ᠠᠮᠰᠠᠭᠤᠯᠤᠶ᠎ᠠ ᠭᠡᠵᠦ ᠪᠣᠳᠣᠭᠰᠠᠨ ᠶᠤᠮ᠃ ᠠᠮᠵᠢᠭᠰᠠᠨ ᠦᠭᠡᠢ! ᠭᠡᠯ᠎ᠡ᠃ ᠰᠢᠪᠠᠭᠤ ᠳᠤᠩᠰᠢᠭᠰᠠᠨ ᠰᠢᠷᠬᠠᠨ ᠤ᠋ ᠤᠯᠠᠭᠠᠨ ᠴᠢᠰᠤ ᠴᠠᠭᠠᠨ ᠰᠦ ᠲᠡᠢ ᠬᠣᠯᠢᠯᠳᠤᠨ ᠤᠷᠤᠰᠴᠤ ᠭᠣᠣᠯ ᠳ᠋ᠤ᠌ ᠪᠠᠨ ᠣᠷᠣᠲᠠᠯ᠎ᠠ ᠬᠠᠲᠠᠭᠰᠠᠨ ᠭᠣᠪᠢ ᠶ᠋ᠢᠨ ᠬᠥᠷᠥᠰᠥᠨ ᠳ᠋ᠦ᠍ ᠰᠢᠩᠭᠡᠨ ᠪᠠᠢᠯ᠎ᠠ᠃ ᠮᠠᠭᠤ ᠦᠢᠯᠡ ᠶ᠋ᠢ ᠰᠦ ᠪᠡᠷ ᠠᠷᠢᠭᠤᠯᠠᠭᠠᠳ ᠬᠠᠲᠤᠨ ᠢᠵᠢᠢ ᠨᠢ ᠳᠣᠲᠣᠷ᠎ᠠ ᠣᠩᠭᠣᠢᠬᠤ ᠮᠡᠲᠦ ᠠᠶᠠᠷᠬᠠᠨ ᠰᠠᠨᠠᠭ᠎ᠠ ᠠᠯᠳᠠᠬᠤ ᠳ᠋ᠤ᠌ ᠵᠢᠭᠠᠯ ᠨᠣᠶᠠᠨ᠄ 
       — ᠬᠡᠨ ᠭᠡᠳᠡᠭ ᠬᠥᠮᠦᠨ ᠪᠣᠢ? ᠭᠡᠯ᠎ᠡ᠃ 
       — ᠬᠡᠷᠡᠢᠳ ᠦ᠋ᠨ ᠪᠣᠶᠣᠷᠤᠭ ᠬᠠᠨ ᠮᠠᠷᠬᠤᠰ ᠪᠢᠯᠡ᠃ 
       — ᠬᠡᠷᠡᠢᠳ᠁ ᠬᠡᠷᠡᠢᠳ ᠴᠢᠨᠢ ᠬᠡᠵᠢᠶᠡᠨ ᠡᠴᠡ ᠮᠠᠨ ᠤ᠋ ᠳᠠᠢᠰᠤᠨ ᠪᠤᠰᠤ ᠤᠤ᠂ ᠬᠠᠲᠤᠨ ᠢᠵᠢᠢ ᠠ᠋! 
       — ᠦᠭᠡᠢ ᠳᠡ᠂ ᠮᠠᠭᠤ ᠳ᠋ᠠᠭᠠᠨ ᠲᠠᠲ᠋ᠠᠷ ᠬᠥᠮᠦᠨ ᠪᠢᠳᠡ ᠯᠠ ᠵᠦ᠋ᠪᠦ᠋ ᠠᠷᠪᠠᠨ ᠨᠠᠢ᠍ᠮᠠᠨ ᠠᠢᠮᠠᠭ ᠲᠠᠢ ᠳᠠᠢᠰᠤᠨ ᠪᠣᠯᠤᠯ᠎ᠠ᠃
       一 ᠮᠢᠨᠦ ᠬᠠᠨ ᠡᠴᠢᠭᠡ ᠴᠠᠷᠭᠢᠯ ᠨᠣᠳᠣᠢ ᠪᠤᠷᠤᠭᠤ ᠲᠠᠢ ᠭᠡᠵᠦ ᠤᠤ?  ᠭᠤᠸ᠎ᠠ ᠬᠠᠲᠤᠨ ᠳᠤᠤᠭᠠᠷᠤᠭᠰᠠᠨ ᠦᠭᠡᠢ᠃ ᠲᠡᠭᠦᠨ ᠦ᠌ ᠭᠠᠷ ᠠ᠋ᠴᠠ ᠬᠥᠲᠥᠯᠵᠦ ᠬᠠᠵᠠᠭᠤ ᠳ᠋ᠤᠨᠢ ᠪᠠᠷ᠎ᠠ ᠪᠣᠯᠵᠤ ᠶᠠᠪᠤᠭ᠎ᠠ ᠠᠯᠠᠭ ᠦᠷ᠎ᠡ ᠨᠢ ᠴᠠᠷᠭᠢᠯ ᠨᠤᠳᠤᠢ ᠶ᠋ᠢᠨ ᠬᠦᠦ ᠶᠦᠮ᠃ ᠲᠡᠭᠦᠨ ᠢ᠋ ᠬᠠᠷᠠᠨ ᠬᠠᠮᠠᠭᠠᠯᠠᠵᠤ ᠬᠠᠨᠠᠨ ᠬᠦᠷᠢᠶ᠎ᠡ ᠮᠡᠲᠦ ᠲᠣᠭᠣᠷᠢᠨ ᠨᠢᠭᠲᠠᠷᠠᠭᠰᠠᠨ ᠬᠦᠯᠦᠭ ᠪᠠᠭᠠᠲᠤᠷ ᠤ᠋ᠳ ᠴᠠᠷᠭᠢᠯ ᠨᠤᠳᠤᠢ ᠶ᠋ᠢᠨ ᠨᠥᠬᠥᠳ ᠶᠦᠮ᠃ ᠳᠡᠭᠡᠷ᠎ᠡ ᠲᠩᠷᠢ ᠬᠣᠯᠠ᠂ ᠳᠣᠣᠷ᠎ᠠ ᠭᠠᠵᠠᠷ ᠬᠠᠲᠠᠭᠤ᠂ ᠬᠡᠨ ᠳ᠋ᠡᠭᠡᠨ ᠬᠡᠯᠡᠬᠦ ᠪᠢᠯᠡ᠃ ᠥᠵᠢᠨ ᠭᠤᠸ᠎ᠠ ᠬᠠᠲᠠᠭᠤ ᠦᠭᠡ ᠪᠡᠨ ᠨᠢᠯᠪᠤᠰᠤ ᠪᠠᠷ ᠢ᠋ᠶ᠋ᠠᠨ ᠳᠡᠪᠲᠦᠭᠡᠨ ᠪᠤᠴᠠᠭᠠᠵᠤ ᠵᠠᠯᠭᠢᠪᠠ᠃ ᠡᠷ᠎ᠡ ᠳᠤᠮᠳᠠ ᠶ᠋ᠢᠨ ᠨᠠᠰᠤᠨ ᠤ᠋ ᠬᠡᠢᠮᠣᠷᠢᠯᠢᠭ ᠬᠠᠨ ᠢ᠋ ᠦᠭᠡ ᠶ᠋ᠢᠨ ᠬᠤᠳᠠᠯ ᠢ᠋ᠶ᠋ᠠᠷ ᠬᠠᠭᠤᠷᠴᠤ᠂ ᠦᠢᠯᠡ ᠶ᠋ᠢᠨ ᠮᠠᠭᠤ ᠪᠠᠷ ᠪᠠᠷᠢᠵᠤ ᠠᠪᠤᠭᠰᠠᠨ ᠳ᠋ᠠᠭᠠᠨ ᠲᠡᠭᠦᠨ ᠦ᠌ ᠡᠷ᠎ᠡ ᠴᠠᠷᠭᠢᠯ ᠨᠤᠳᠤᠢ ᠲᠡᠷᠢᠭᠦᠲᠦ ᠶᠢᠰᠦᠨ ᠲᠠᠲ᠋ᠠᠷ ᠤ᠋ᠳ ᠪᠡᠶᠡᠰᠦᠨ ᠬᠥᠬᠢᠵᠦ᠂ ᠣᠪᠣᠭ ᠤ᠋ᠨ ᠡᠪᠦᠭᠡ ᠭᠠᠯ ᠢ᠋ᠶ᠋ᠠᠨ ᠲᠠᠬᠢᠵᠤ ᠰᠠᠭᠳᠠᠨ ᠵᠠᠢᠷᠠᠩ ᠤ᠋ᠨ ᠬᠡᠩᠭᠡᠷᠭᠡ ᠰᠥᠨᠢᠵᠢᠨ ᠳᠦᠩᠭᠢᠨᠡᠵᠦ ᠪᠢᠯᠡ᠃ ᠬᠠᠪᠤᠯ ᠬᠠᠭᠠᠨ ᠤ᠋ ᠬᠠᠲᠠᠭᠠᠨ ᠬᠥᠪᠡᠭᠦᠨ ᠢ᠋ ᠪᠠᠰᠠ ᠢᠩᠭᠢᠵᠦ ᠠᠯᠠᠭᠰᠠᠨ ᠶᠤᠮ᠃ ᠶᠡᠬᠡᠰ ᠳᠡᠭᠡᠳᠦᠰ ᠪᠦᠭᠦᠳᠡ ᠯᠡ ᠬᠦᠴᠦ ᠲᠡᠭᠦᠰ ᠠᠯᠲᠠᠨ ᠤᠯᠤᠰ ᠲᠤ᠌ ᠠᠭᠲᠠᠨ ᠤ᠋ ᠣᠷᠣᠨ ᠳ᠋ᠤ᠌ ᠪᠠᠷᠢᠵᠤ ᠪᠠᠶᠠᠷᠯᠠᠭᠤᠯᠬᠤ ᠠᠮᠢ ᠲᠠᠢ ᠪᠣᠯᠪᠠ ᠭᠡᠵᠦ᠂ ᠠᠯᠪᠠ ᠮᠡᠳᠡᠭᠦᠯᠵᠦ ᠠᠮᠠ ᠳᠠᠪᠤᠤ᠂ ᠠᠮᠤ ᠪᠤᠳᠠᠭ᠎ᠠ ᠠᠬᠢᠭᠤ ᠠᠪᠬᠤ ᠬᠡᠷᠡᠭᠲᠡᠢ ᠪᠣᠯᠪᠠ ᠭᠡᠵᠦ ᠬᠥᠭᠵᠢᠭᠰᠡᠨ ᠪᠥᠯᠥᠭᠡ᠃ ᠬᠠᠲᠠᠭᠠᠨ ᠪᠠᠭᠠᠲᠤᠷ ᠬᠢᠭᠡᠳ ᠮᠠᠷᠬᠤᠰ ᠪᠣᠶᠣᠷᠤᠭ ᠤ᠋ᠨ ᠦᠬᠦᠯ ᠢ᠋ᠶ᠋ᠡᠷ ᠮᠠᠢᠮᠠᠢᠯᠠᠴᠠᠭᠠᠵᠤ ᠪᠣᠢ ᠬᠡᠷᠡᠭ ᠶᠦᠮ᠃ ᠴᠢᠩᠭᠢᠭᠡᠳ ᠭᠠᠯ ᠤ᠋ᠨ ᠢ᠋ᠶ᠋ᠠᠨ ᠦᠨᠡᠰᠦᠨ ᠳᠣᠣᠷ᠎ᠠ ᠨᠣᠷᠮ᠎ᠠ ᠨᠢ ᠪᠦᠯᠢᠶᠡᠨ ᠪᠠᠢᠭᠰᠠᠨ ᠦᠷ ᠴᠦᠷ ᠢ᠋ᠶ᠋ᠡᠷ ᠴᠠᠷᠭᠢᠯ ᠨᠤᠲᠤᠢ ᠴᠡᠷᠢᠭᠯᠡᠨ ᠮᠣᠷᠳᠠᠵᠤ᠂ ᠪᠣᠶᠣᠷᠤᠭ ᠬᠠᠨ ᠮᠠᠷᠬᠤᠰ ᠢ᠋ ᠡᠯᠵᠢᠭᠡ ᠤᠨᠤᠭᠤᠯᠤᠨ ᠬᠥᠲᠥᠯᠵᠦ ᠣᠳᠬᠤ ᠳ᠋ᠠᠭᠠᠨ᠂ 
       一 ᠥᠨᠥ ᠠᠮᠢᠳᠤ ᠡᠯᠵᠢᠭᠡ ᠤᠨᠤᠵᠤ ᠪᠠᠢᠨ᠎ᠠ᠃ ᠮᠥᠳᠳᠥᠬᠡᠨ ᠮᠣᠳᠣᠨ ᠡᠯᠵᠢᠭᠡ ᠣᠨᠣᠮᠤᠢ ᠊ᠶ᠎ᠠ⁈ ᠭᠡᠮᠡᠨ ᠲᠠᠪᠠᠯᠠᠬᠤ ᠳ᠋ᠤ᠌ ᠨᠣᠭᠲᠤᠨ ᠬᠠᠷ᠎ᠠ ᠰᠠᠬᠠᠯ ᠢ᠋ᠶ᠋ᠠᠷ ᠡᠮᠵᠢᠭᠰᠡᠨ ᠳᠤᠭᠤᠢ ᠴᠠᠭᠠᠨ ᠴᠢᠷᠠᠢ ᠳ᠋ᠤᠨᠢ ᠶᠣᠵᠣ ᠲᠠᠢ ᠢᠨᠢᠶᠡᠳᠦ ᠲᠣᠳᠣᠷᠠᠵᠤ᠄  
       一 ᠤᠷᠪᠠᠵᠤ ᠠᠯᠠᠭᠰᠠᠨ ᠢ᠋ᠶ᠋ᠠᠨ ᠢᠳᠡᠳᠡᠭ ᠪᠣᠯ ᠴᠢ ᠴᠠᠳᠬᠤ ᠪᠠᠷ ᠪᠣᠯᠤᠯ᠎ᠠ! ᠭᠡᠵᠡᠢ᠃ ᠬᠠᠲᠤᠨ ᠤ᠋ ᠨᠢᠭᠤᠷ ᠤᠷᠤᠭᠤ ᠤᠬᠢᠶᠠᠳᠠᠰᠤ ᠰᠠᠴᠤᠬᠤ ᠰᠢᠭ᠋ ᠯᠡ ᠪᠣᠯᠵᠠᠢ᠃ ᠭᠡᠲᠡᠯ᠎ᠡ ᠡᠷ᠎ᠡ ᠨᠢ ᠡᠰᠡ ᠰᠣᠨᠣᠰᠤᠭᠴᠢ ᠪᠣᠯᠵᠤ ᠳᠡᠰ ᠳᠡᠰ ᠢᠨᠢᠶᠡᠨ ᠮᠣᠷᠢ ᠪᠠᠨ ᠲᠠᠰᠢᠭᠤᠷᠳᠠᠵᠤ᠂ ᠠᠯᠲᠠᠨ ᠤᠯᠤᠰ ᠤ᠋ᠨ ᠶᠡᠬᠡ ᠬᠠᠭᠠᠨ ᠳ᠋ᠤ᠌ ᠡᠷᠭᠦᠬᠦ ᠲᠦᠮᠡᠨ ᠠᠭᠲᠠᠨ ᠳᠤᠮᠳᠠ ᠪᠠᠨ ᠡᠯᠵᠢᠭᠡ ᠪᠡᠨ ᠰᠤᠯᠠ ᠲᠠᠯᠪᠢᠨ ᠲᠠᠭᠤᠵᠤ ᠣᠳᠤᠭᠰᠠᠨ ᠶᠤᠮ᠃ ᠣᠳᠣ ᠡᠨᠡ ᠪᠣᠯᠵᠠᠢ᠃ ᠠᠯᠲᠠᠨ ᠤᠯᠤᠰ ᠤ᠋ᠨ ᠦᠵᠢᠮᠡᠢ ᠬᠠᠭᠠᠨ ᠤ᠋ ᠶᠡᠬᠡ ᠰᠡᠨᠳᠡᠢ ᠶ᠋ᠢᠨ ᠡᠮᠦᠨ᠎ᠡ ᠴᠦ᠍  ᠪᠣᠶᠣᠷᠤᠭ ᠬᠠᠨ ᠮᠠᠷᠬᠤᠰ ᠪᠠᠷᠳᠠᠮ ᠲᠡᠷᠢᠭᠦᠨ ᠢ᠋ᠶ᠋ᠡᠨ ᠭᠠᠨᠵᠤᠭᠠᠯᠠᠭ᠎ᠠ ᠦᠭᠡᠢ ᠭᠡᠳᠡᠭ ᠶᠦᠮ᠃ ᠭᠡᠲᠡᠯ᠎ᠡ ᠡᠷᠪᠡᠬᠡᠢ ᠬᠠᠲᠤᠳ ᠰᠠᠯᠬᠢ ᠲᠠᠲᠠᠭᠤᠯᠤᠨ ᠵᠣᠭᠤᠷᠭᠤᠨᠠᠭᠰᠠᠨ ᠲᠠᠩᠰᠤᠭ ᠰᠢᠯᠲᠦᠭᠡᠨ ᠦ᠌ ᠭᠣᠶᠣᠮᠰᠣᠭ ᠱᠠᠯᠠ ᠶ᠋ᠢ ᠥᠪᠡᠷ ᠦ᠋ᠨ ᠬᠢᠨᠢ ᠡᠷ᠎ᠡ ᠳᠣᠯᠢᠶᠠᠬᠤ ᠠᠯᠳᠠᠳᠠᠭ ᠢ᠋ ᠮᠡᠳᠡᠬᠦ ᠪᠢᠯᠡ᠃ ᠭᠡᠲᠡᠯ᠎ᠡ ᠮᠠᠷᠬᠤᠰ ᠨᠤᠭᠤᠷᠠᠵᠤ ᠰᠥᠭᠥᠳᠬᠦ ᠡᠪᠦᠳᠦᠭ ᠦᠭᠡᠢ ᠶᠦᠮ ᠰᠢᠭ᠂ ᠨᠢᠯᠪᠤᠰᠤ ᠭᠠᠷᠬᠤ ᠨᠢᠳᠦ ᠦᠭᠡᠢ ᠶᠦᠮ ᠰᠢᠭ ᠪᠠᠢᠭᠰᠠᠨ ᠭᠡᠳᠡᠭ᠃  
       — ᠮᠠᠷᠬᠤᠰ ᠭᠡᠵᠦ ᠬᠡᠨ ᠪᠠᠢᠳᠠᠭ ᠶᠤᠮ ᠪᠣᠢ? 
       — ᠰᠣᠷᠮᠤᠤᠰᠤᠨ ᠳ᠋ᠤ᠌ ᠴᠢᠨᠢ ᠲᠣᠷᠴᠤ ᠦᠯᠡᠳᠡᠭᠡᠳ᠂ ᠰᠣᠭᠲᠣᠭᠤ ᠳ᠋ᠤ᠌ ᠴᠢᠨᠢ ᠬᠣᠶᠠᠷ ᠪᠣᠯᠵᠤ ᠬᠠᠷᠠᠭᠳᠠᠬᠤ ᠲᠡᠷᠡ ᠬᠥᠮᠦᠨ ᠢ᠋ ᠬᠡᠯᠡᠳᠡᠭ ᠶᠦᠮ᠃ 
       — ᠬᠡᠷᠡᠢᠳ ᠭᠡᠵᠦ ᠬᠠᠮᠢᠭ᠎ᠠ ᠪᠠᠢᠳᠠᠭ ᠶᠤᠮ ᠪᠣᠢ? 
       — ᠡᠯᠵᠢᠭᠡ ᠤᠨᠤᠭᠰᠠᠨ ᠨᠢ ᠨᠠᠰᠤ ᠪᠠᠷ ᠢ᠋ᠶ᠋ᠠᠨ ᠱᠣᠭᠰᠢᠭᠠᠳ ᠳᠠᠪᠠᠬᠤ ᠦᠭᠡᠢ ᠳᠠᠪᠠᠭᠠᠨ ᠤ᠋ ᠠᠷᠤ ᠳ᠋ᠤ᠌᠂ ᠤᠢᠰᠤᠨ ᠵᠠᠪᠢ ᠲᠠᠢ ᠨᠢ ᠨᠠᠰᠤ ᠪᠠᠷ ᠢ᠋ᠶ᠋ᠠᠨ ᠰᠡᠯᠢᠭᠡᠳ ᠲᠤᠭᠤᠯᠬᠤ ᠦᠭᠡᠢ ᠳᠠᠯᠠᠢ ᠶ᠋ᠢᠨ ᠴᠢᠨᠠᠳᠤ ᠡᠷᠲᠡᠨ ᠦ᠌ ᠲᠡᠦᠬᠡᠲᠦ ᠬᠡᠷᠡᠢᠳ ᠤᠯᠤᠰ ᠪᠣᠢ! 
       — ᠪᠣᠶᠣᠷᠤᠭ ᠬᠠᠨ ᠲᠠ ᠶᠠᠮᠠᠷ ᠵᠢᠯ ᠲᠡᠢ ᠪᠣᠢ? 
       — ᠦᠬᠡᠷ! ᠭᠡᠬᠦ ᠳ᠋ᠦ᠍ ᠦᠵᠢᠮᠡᠢ ᠬᠠᠭᠠᠨ ᠤᠴᠢᠷ ᠦᠭᠡᠢ ᠢᠨᠢᠶᠡᠳᠦ ᠠᠯᠲᠠᠨ᠂ 
       — ᠵᠠ ᠲᠡᠢᠮᠦ ᠴᠦ᠍ ᠪᠣᠯᠪᠠ ᠤᠤ ᠭᠡᠵᠦ ᠪᠣᠳᠣᠭᠰᠠᠨ ᠶᠤᠮ᠁ ᠬᠡᠮᠡᠭᠰᠡᠨ ᠭᠡᠳᠡᠭ ᠶᠦᠮ᠃ ᠣᠳᠣ ᠡᠨᠡ ᠪᠣᠯᠵᠠᠢ᠃ ᠡᠯ᠎ᠡ ᠭᠤᠨᠢᠭ ᠦᠨᠦᠷᠲᠦᠭᠰᠡᠨ ᠲᠡᠦᠬᠡ ᠶ᠋ᠢ ᠴᠠᠷᠭᠢᠯ ᠨᠣᠳᠣᠢ ᠬᠥᠷ ᠪᠣᠯᠤᠨ ᠥᠭᠦᠯᠡᠭᠰᠡᠨ ᠨᠢ ᠪᠣᠢ᠃ ᠦᠵᠢᠮᠡᠢ ᠬᠠᠭᠠᠨ ᠤ᠋ ᠬᠡᠰᠢᠭ ᠭᠡᠮᠡᠨ ᠲᠦᠮᠡᠨ ᠬᠤᠢ ᠲᠣᠷᠭ᠎ᠠ᠂ ᠮᠢᠩᠭᠠᠨ ᠫᠦ ᠠᠮᠤ ᠲᠠᠷᠢᠶ᠎ᠠ ᠶ᠋ᠢ ᠵᠠᠭᠤ ᠭᠠᠷᠤᠢ ᠬᠥᠰᠬᠡ ᠬᠥᠳᠡᠯᠭᠡᠨ ᠠᠴᠢᠵᠤ ᠢᠷᠡᠭᠰᠡᠨ ᠰᠢᠪᠰᠢᠭᠲᠦ ᠦᠳᠡᠰᠢ ᠪᠡᠨ ᠬᠥᠷ ᠪᠣᠯᠭᠠᠨ ᠶᠠᠷᠢᠭᠰᠠᠨ ᠶᠤᠮ ᠰᠠᠨᠵᠠᠢ᠃ ᠬᠠᠲᠤᠨ ᠣᠢ ᠭᠤᠲᠤᠭᠰᠠᠨ ᠠᠪᠠᠢ᠃ ᠭᠡᠲᠡᠯ᠎ᠡ ᠬᠠᠷ᠎ᠠ ᠲᠡᠷᠭᠡᠲᠦ ᠪᠣᠯᠤᠭᠠᠳ ᠴᠠᠭᠠᠨ ᠲᠠᠲ᠋ᠠᠷ ᠤ᠋ᠳ᠂ ᠥᠷᠥᠨᠡᠲᠦ ᠪᠣᠯᠤᠭᠠᠳ ᠳᠣᠷᠣᠨᠠᠲᠤ ᠲᠠᠲ᠋ᠠᠷ ᠤ᠋ᠳ ᠮᠥᠨᠥᠬᠢ ᠰᠠᠭᠳᠠᠨ ᠵᠠᠢᠷᠠᠩ ᠤ᠋ᠨ ᠬᠡᠩᠭᠡᠷᠭᠡ ᠶ᠋ᠢᠨ ᠠᠶ᠎ᠠ ᠪᠠᠷ ᠬᠠᠵᠠᠭᠠᠢ ᠭᠠᠵᠠᠷ ᠢ᠋ ᠬᠠᠯᠴᠠᠷᠠᠲᠠᠯ᠎ᠠ ᠪᠥᠵᠢᠵᠦ ᠪᠥᠯᠥᠭᠡ᠃ ᠬᠠᠷᠢᠨ ᠦᠵᠢᠨ ᠢᠵᠢᠢ ᠶ᠋ᠢᠨ ᠬᠣᠭᠣᠯᠠᠢ ᠳᠠᠪᠠᠭᠰᠠᠨ ᠦᠭᠡᠢ᠃《ᠰᠣᠷᠮᠤᠤᠰᠤᠨ ᠳ᠋ᠤ᠌ ᠴᠢᠨᠢ ᠲᠣᠷᠴᠤ ᠦᠯᠡᠳᠡᠭᠡᠳ᠂ ᠰᠣᠭᠲᠣᠭᠤ ᠳ᠋ᠤ᠌ ᠴᠢᠨᠢ ᠬᠣᠶᠠᠷ ᠪᠣᠯᠵᠤ ᠬᠠᠷᠠᠭᠳᠠᠨ᠎ᠠ》 ᠭᠡᠰᠡᠨ ᠦᠭᠡ ᠴᠢᠬᠢᠨ ᠳ᠋ᠦ᠍ᠨᠢ ᠰᠣᠨᠣᠰᠳᠠᠨ᠂ ᠵᠡᠭᠦᠳᠦ ᠨᠣᠢᠷ ᠲᠤᠨᠢ ᠨᠣᠢᠲᠠᠨ ᠰᠠᠬᠠᠯ ᠲᠠᠢ ᠪᠣᠶᠤᠷᠤᠭ ᠬᠠᠨ ᠡᠯᠵᠢᠭᠡ ᠤᠨᠤᠨ ᠢᠷᠡᠬᠦ ᠪᠣᠯᠤᠭᠰᠠᠭᠠᠷ ᠤᠳᠠᠵᠠᠢ᠃ ᠪᠤᠷᠬᠠᠳ ᠪᠣᠯ ᠦᠬᠡᠷ ᠤᠨᠤᠵᠤ ᠮᠣᠷᠢᠯᠠᠬᠤ ᠰᠠᠨ ᠪᠢᠵᠡ᠃ ᠪᠤᠭ ᠪᠣᠯᠤᠭᠠᠳ ᠯᠠ ᠡᠯᠵᠢᠭᠡ ᠤᠨᠤᠨ ᠵᠡᠭᠦᠳᠦ ᠡᠷᠭᠢᠪᠡ ᠭᠡᠮᠡᠨ ᠰᠡᠵᠢᠭᠯᠡᠵᠦ ᠬᠦᠦ ᠪᠡᠨ ᠳᠠᠭᠠᠭᠤᠯᠤᠨ ᠠᠷᠭᠠᠳᠠᠬᠤ ᠪᠠᠷ ᠮᠣᠷᠳᠠᠭᠰᠠᠨ ᠨᠢ ᠡᠨᠡ ᠶᠦᠮ᠃ ᠲᠡᠢᠨ ᠬᠠᠷ᠎ᠠ ᠦᠢᠯᠡ ᠪᠡᠨ ᠴᠠᠭᠠᠨ ᠰᠦ ᠪᠡᠷ ᠠᠷᠢᠭᠤᠯᠠᠬᠤ ᠭᠡᠵᠦ ᠢᠷᠡᠭᠰᠡᠨ ᠪᠣᠯᠪᠠᠴᠤ ᠵᠠᠶᠠᠭ᠎ᠠ ᠳᠤᠲᠠᠪᠠ᠃ ᠰᠦ ᠠᠮᠰᠠᠬᠤ ᠬᠠᠨ ᠤ᠋ ᠵᠠᠶᠠᠭ᠎ᠠ ᠪᠢᠰᠢ᠂ ᠠᠮᠰᠠᠭᠤᠯᠬᠤ ᠦᠵᠢᠨ ᠢᠵᠢᠢ ᠶ᠋ᠢᠨ ᠵᠠᠶᠠᠭ᠎ᠠ ᠯᠠ ᠳᠤᠲᠠᠭᠰᠠᠨ ᠬᠡᠷᠡᠭ᠃ ᠬᠠᠲᠠᠭᠠᠨ ᠪᠠᠭᠠᠲᠤᠷ ᠢ᠋ ᠮᠣᠳᠣᠨ ᠡᠯᠵᠢᠭᠡ ᠣᠨᠣᠭᠤᠯᠬᠤ ᠳ᠋ᠤ᠌ ᠪᠦᠯᠵᠢᠭᠡᠨ ᠬᠠᠲᠤᠨ ᠦᠨᠡᠬᠡᠷ ᠨᠢᠭᠦᠯᠲᠡᠨ ᠰᠠᠨᠵᠠᠢ ᠭᠡᠵᠦ ᠪᠣᠳᠣᠭᠰᠠᠨ ᠨᠢ ᠪᠣᠢ᠃ ᠲᠡᠭᠡᠬᠦ ᠳ᠋ᠦ᠍ ᠰᠢᠨᠡᠬᠡᠨ ᠴᠦ᠍ ᠪᠡᠷᠢ ᠪᠠᠢᠵᠠᠢ ᠳᠠ᠃ ᠭᠡᠲᠡᠯ᠎ᠡ ᠮᠠᠷᠬᠤᠰ ᠪᠣᠶᠣᠷᠤᠭ ᠢ᠋ ᠬᠠᠭᠤᠷᠤᠨ ᠠᠪᠴᠢᠷᠠᠵᠤ ᠳᠠᠭᠠᠷᠢᠨ ᠪᠠᠷᠢᠪᠠ᠃ ᠲᠠᠲ᠋ᠠᠷ ᠢᠷᠭᠡᠳ᠂ ᠬᠠᠶᠠᠭ᠎ᠠ ᠵᠠᠯᠭᠠᠭᠰᠠᠨ ᠬᠡᠭᠡᠷ᠎ᠡ ᠶ᠋ᠢᠨ ᠠᠢᠮᠠᠭ ᠤ᠋ᠨ ᠨᠣᠶᠠᠳ ᠤ᠋ᠨ ᠠᠮᠢ ᠶ᠋ᠢ ᠬᠤᠳᠠᠯᠳᠤᠨ ᠠᠮᠢ ᠵᠢᠭᠤᠵᠤ ᠪᠣᠢ ᠶ᠋ᠢ ᠤᠬᠠᠭᠠᠷᠠᠵᠠᠢ᠃ ᠲᠡᠭᠡᠭᠡᠳ ᠯᠡ ᠨᠢᠭᠦᠯ ᠴᠠᠢᠷᠠᠭᠤᠯᠬᠤ ᠭᠡᠵᠦ ᠭᠦᠶᠦᠭᠰᠡᠨ ᠬᠡᠷᠡᠭ᠂ ᠵᠠᠶᠠᠭ᠎ᠠ ᠳᠤᠲᠠᠵᠠᠢ᠃     
       ᠬᠠᠨ ᠤᠳᠤᠮ ᠤ᠋ᠨ ᠬᠥᠮᠦᠨ ᠦ᠌ ᠴᠢᠰᠤ ᠦᠵᠡᠬᠦ ᠦᠭᠡᠢ ᠭᠡᠮᠡᠨ ᠮᠣᠳᠣᠨ ᠡᠯᠵᠢᠭᠡ ᠤᠨᠤᠭᠤᠯᠵᠤ᠂ ᠳᠥᠷᠪᠡᠨ ᠮᠥᠴᠢ ᠶ᠋ᠢ ᠨᠢ ᠳᠥᠷᠪᠡᠨ ᠬᠥᠯ ᠳ᠋ᠦ᠍ᠨᠢ ᠦᠬᠡᠷ ᠬᠠᠳᠠᠭᠠᠰᠤ ᠪᠠᠷ ᠲᠣᠷᠭᠣᠭᠠᠵᠠᠢ᠃ ᠬᠠᠳᠠᠨ ᠬᠣᠴᠢᠢᠬᠰᠠᠨ ᠭᠠᠷ ᠤ᠋ᠨ ᠪᠠᠭᠤᠤ ᠶ᠋ᠢ ᠨᠢ ᠮᠣᠳᠣᠨ ᠡᠯᠵᠢᠭᠡᠨ ᠦ᠌ ᠬᠤᠰᠤᠨ ᠬᠥᠯ ᠲᠡᠢ ᠶᠠᠰᠤ ᠪᠠᠷᠢᠭᠰᠠᠨ ᠬᠠᠳᠠᠭᠠᠰᠤ ᠨᠢ ᠲᠣᠮᠣ ᠡᠪᠡᠷ ᠲᠡᠢ ᠦᠬᠡᠷ ᠦ᠋ᠨ ᠲᠣᠯᠣᠭᠠᠢ ᠬᠡᠯᠪᠡᠷᠢ ᠲᠡᠢ ᠶ᠋ᠢ ᠰᠠᠶᠢ ᠯᠠ ᠠᠩᠵᠠᠭᠠᠷᠠᠵᠤ᠂ 
       — ᠦᠬᠡᠷ ᠵᠢᠯ ᠲᠡᠢ ᠭᠡᠰᠡᠨ ᠰᠢᠦ᠁ ᠭᠡᠰᠡᠨ ᠴᠠᠷᠭᠢᠯ ᠨᠣᠳᠣᠢ ᠶ᠋ᠢᠨ ᠢᠨᠢᠶᠡᠵᠦ ᠪᠠᠢᠭᠰᠠᠨ ᠨᠢ ᠰᠣᠨᠣᠰᠳᠠᠬᠤ ᠰᠢᠭ᠋ ᠪᠣᠯᠤᠨ᠎ᠠ᠃ ᠬᠣᠶᠠᠷ ᠬᠥᠯ ᠦ᠋ᠨ ᠬᠢᠨᠢ ᠱᠠᠭᠠᠢ ᠶ᠋ᠢᠨ ᠳᠡᠭᠡᠭᠦᠷ ᠲᠡᠢᠨ ᠬᠠᠲᠠᠵᠤ᠂ ᠬᠤᠷᠤᠭᠤ ᠴᠤ᠌ ᠬᠥᠳᠡᠯᠬᠦ ᠠᠷᠭ᠎ᠠ ᠦᠭᠡᠢ ᠪᠡᠬᠢᠯᠡᠭᠰᠡᠨ ᠠᠵᠢ᠃ ᠦᠵᠢᠨ ᠢᠵᠢᠢ ᠨᠢᠯᠪᠤᠰᠤ ᠪᠠᠨ ᠴᠢᠮᠡᠭᠡ ᠦᠭᠡᠢ ᠠᠷᠴᠢᠭᠠᠳ᠄ 
       — ᠨᠣᠶᠠᠨ ᠲᠠ ᠡᠨᠡ ᠮᠡᠲᠦ ᠡᠴᠡ ᠬᠣᠯᠠ ᠶᠠᠪᠤᠭᠠᠷᠠᠢ ᠭᠡᠬᠦ ᠳ᠋ᠦ᠍ ᠵᠢᠭᠠᠯ ᠬᠦᠦ ᠨᠢᠳᠦ ᠪᠦᠯᠲᠡᠢᠯᠭᠡᠨ ᠬᠠᠷᠠᠭᠰᠠᠨ ᠢ᠋ᠶ᠋ᠠᠨ᠄ 
       — ᠬᠠᠲᠤᠨ ᠢᠵᠢᠢ ᠶᠠᠭᠤ ᠠᠢᠯᠠᠳᠤᠨ᠎ᠠ ᠪᠣᠢ? ᠲᠠ ᠬᠥᠲᠥᠯᠵᠦ ᠢᠷᠡᠭᠰᠡᠨ ᠡᠴᠡ᠂ ᠪᠢ ᠢᠷᠡᠭᠡ ᠦᠭᠡᠢ ᠪᠢᠯᠡ! ᠬᠡᠮᠡᠪᠡ᠃ ᠥᠵᠢᠨ ᠢᠵᠢᠢ ᠲᠣᠯᠣᠭᠠᠢ ᠳᠣᠬᠢᠭᠰᠠᠨ ᠢ᠋ᠶ᠋ᠠᠨ᠄ 
       — ᠵᠢᠭᠠᠯ ᠨᠣᠶᠠᠨᠲᠠᠨ ᠠ᠋᠂ ᠪᠢ ᠦᠬᠦᠭᠰᠡᠨ ᠬᠥᠮᠦᠨ ᠦ᠌ ᠱᠠᠷᠢᠯ ᠤ᠋ᠨ ᠲᠤᠬᠠᠢ ᠪᠢᠰᠢ᠂ ᠠᠮᠢᠳᠤ ᠬᠥᠮᠦᠨ ᠦ᠌ ᠰᠢᠪᠰᠢᠭ ᠦ᠋ᠨ ᠲᠤᠬᠠᠢ ᠠᠢᠯᠠᠳᠴᠤ ᠪᠠᠢᠨ᠎ᠠ ᠭᠡᠬᠦ ᠳ᠋ᠦ᠍ ᠬᠦᠦ ᠨᠢ ᠣᠢᠯᠠᠭᠠᠭᠰᠠᠨ᠂ ᠡᠰᠡ ᠣᠢᠯᠠᠭᠠᠭᠰᠠᠨ ᠢ᠋ ᠪᠦᠦ ᠮᠡᠳᠡ᠂ ᠶᠠᠭᠤᠲᠠᠢ ᠴᠤ᠌ ᠬᠠᠲᠤᠨ ᠢᠵᠢᠢ ᠪᠡᠨ ᠬᠥᠲᠥᠯᠦᠨ ᠶᠠᠪᠤᠬᠤ ᠪᠠᠷ ᠵᠠᠪᠳᠤᠪᠠ᠃  ᠴᠢᠩᠭᠢᠲᠡᠯ᠎ᠡ ᠡᠬᠡ ᠬᠦᠦ ᠬᠣᠶᠠᠷ ᠤ᠋ᠨ ᠢᠷᠡᠭᠰᠡᠨ ᠵᠦᠭ ᠦ᠋ᠨ ᠡᠰᠡᠷᠭᠦ ᠡᠴᠡ ᠲᠡᠷᠡ ᠭᠡᠬᠦ ᠶ᠋ᠢᠨ ᠲᠡᠮᠳᠡᠭ ᠦᠭᠡᠢ ᠲᠣᠮᠣ ᠬᠠᠷ᠎ᠠ ᠶᠠᠭᠤᠮ᠎ᠠ ᠶᠡᠬᠡ ᠰᠢᠷᠭᠠᠯ ᠡᠯᠡᠰᠦ ᠲᠠᠢ ᠨᠤᠷᠠᠨ ᠢᠷᠡᠵᠦ᠂ ᠨᠢᠭᠤᠷ ᠤ᠋ᠨ ᠳᠡᠭᠡᠷ᠎ᠡ ᠤᠨᠠᠴᠢᠬᠠᠬᠤ ᠰᠢᠭ᠋ ᠪᠣᠯᠵᠠᠢ᠃ 
       — ᠠ᠋ ᠪᠤᠷᠬᠠᠨ ᠮᠢᠨᠢ! 
       — ᠠᠶᠤᠯᠲᠠ ᠦᠭᠡᠢ ᠠ᠋᠂ ᠠᠬᠠᠢᠲᠠᠨ ᠮᠢᠨᠢ! 
         ᠬᠥᠬᠡᠷᠡᠭᠴᠢ ᠲᠩᠷᠢ ᠳ᠋ᠦ᠍ ᠭᠡᠷ ᠲᠡᠢ 
         ᠬᠥᠷᠥᠰᠥᠲᠦ ᠳᠡᠯᠡᠬᠡᠢ ᠳ᠋ᠦ᠍ ᠨᠡᠷ᠎ᠡ ᠲᠡᠢ 
         ᠬᠥᠯᠭᠡᠨ ᠰᠤᠳᠤᠷ ᠲᠤ᠌ ᠮᠥᠷ ᠲᠡᠢ 
         ᠬᠥᠩᠬᠥᠷ ᠬᠣᠷᠴᠢ ᠠᠬᠠᠢ ᠨᠢ ᠪᠠᠢᠨ᠎ᠠ ᠠ᠋ ᠭᠡᠵᠦ ᠡᠯᠡᠰᠦᠨ ᠳᠤᠮᠳᠠ ᠬᠥᠯᠪᠡᠷᠢᠨ ᠪᠠᠢᠬᠤ ᠬᠢᠷᠢ ᠨᠢ ᠰᠢᠯᠦᠭᠯᠡᠨ ᠥᠭᠦᠯᠡᠵᠦ ᠠᠪᠠᠢ᠃ ᠲᠡᠷᠡ ᠪᠡᠷ ᠡᠯᠡᠰᠦᠨ ᠨᠤᠷᠠᠯᠭ᠎ᠠ ᠳ᠋ᠤ᠌ ᠬᠥᠯ ᠠᠯᠳᠠᠵᠤ ᠤᠨᠠᠭᠰᠠᠨ ᠦᠬᠡᠷ ᠲᠡᠭᠡᠨ ᠳᠠᠷᠤᠭᠳᠠᠨ ᠪᠣᠰᠴᠤ ᠴᠢᠳᠠᠬᠤ ᠦᠭᠡᠢ ᠪᠠᠢᠭ᠎ᠠ ᠠᠲᠠᠯ᠎ᠠ᠄ 
         ᠬᠡᠢ ᠮᠣᠷᠢᠲᠠᠢ ᠲᠥᠷᠥᠭᠰᠡᠨ ᠡᠪᠦᠭᠡ 
         ᠬᠢᠶᠠᠳ ᠣᠪᠣᠭᠲᠠᠨ ᠤ᠋ ᠬᠦᠦ ᠪᠢᠯᠡ᠂ ᠪᠢ 
         ᠨᠢᠷᠤᠭᠤ ᠲᠠᠢ ᠶᠠᠪᠤᠭᠰᠠᠨ ᠤ᠋ ᠣᠪᠣᠭ 
         ᠨᠣᠺᠣᠵᠠ ᠤᠳᠤᠮᠲᠤ ᠶ᠋ᠢᠨ ᠬᠤᠭᠤᠷ ᠪᠢᠯᠡ᠂ ᠡᠨᠡ ᠭᠡᠵᠦ ᠰᠢᠯᠦᠭᠯᠡᠨ ᠠᠵᠢ᠃ 
       ᠪᠢᠴᠢᠬᠠᠨ ᠨᠣᠶᠠᠨ ᠶᠡᠬᠡ ᠡᠯᠡᠰᠦᠨ ᠳ᠋ᠦ᠍ ᠬᠥᠯ ᠠᠯᠳᠠᠵᠤ ᠤᠨᠠᠭᠰᠠᠨ ᠦᠬᠡᠷ ᠦ᠋ᠨ ᠲᠥᠷᠥᠨ ᠡᠴᠡ ᠨᠢ ᠲᠡᠳᠡᠨ ᠪᠤᠰᠬᠠᠬᠤ ᠳ᠋ᠤ᠌ ᠳᠣᠣᠷ᠎ᠠ ᠨᠢ ᠳᠠᠷᠤᠭᠳᠠᠭᠰᠠᠨ ᠬᠥᠯ ᠢ᠋ᠶ᠋ᠡᠨ ᠰᠤᠭᠤᠯᠵᠤ ᠠᠪᠬᠤ ᠭᠡᠵᠦ ᠨᠣᠴᠣᠯᠳᠤᠨ ᠠᠭᠰᠠᠨ ᠬᠥᠩᠬᠥᠷ ᠬᠣᠷᠴᠢ ᠪᠣᠰᠴᠤ ᠢᠷᠡᠯ᠎ᠡ᠃ ᠲᠡᠷᠡ ᠪᠡᠷ ᠬᠠᠷ᠎ᠠ ᠮᠣᠳᠣᠨ ᠤ᠋ ᠬᠣᠵᠤᠤᠯ᠎ᠠ ᠰᠢᠭ᠋ ᠳᠠᠯᠵᠢᠢᠭᠰᠠᠨ ᠪᠣᠷᠣ ᠡᠪᠦᠭᠡᠨ ᠠᠵᠢ᠃ ᠬᠥᠩᠬᠥᠷ ᠬᠣᠷᠴᠢ ᠬᠠᠯᠠᠭᠤᠨ ᠵᠤᠨ ᠢ᠋ᠶ᠋ᠠᠷ ᠵᠤᠪᠴᠠᠭ᠎ᠠ ᠳᠡᠪᠡᠯ ᠡᠮᠦᠰᠴᠦ᠂ ᠦᠨᠡᠭᠡᠨ ᠯᠣᠪᠤᠤᠵᠠ ᠲᠠᠯᠪᠢᠭᠰᠠᠨ ᠨᠢ ᠶᠠᠭᠠᠬᠢᠪᠠᠴᠤ ᠡᠷᠡᠭᠦᠯ ᠬᠥᠮᠦᠨ ᠪᠢᠰᠢ ᠪᠣᠯᠤᠯᠲᠠᠢ᠃ ᠭᠡᠲᠡᠯ᠎ᠡ ᠡᠯ᠎ᠡ ᠢᠰᠢᠭᠡᠨ ᠴᠡᠭᠡᠵᠢ᠂ ᠱᠠᠪᠢᠯᠬᠠᠨ ᠪᠡᠶ᠎ᠡ ᠶ᠋ᠢᠨ ᠬᠠᠮᠢᠭ᠎ᠠ ᠠ᠋ᠴᠠ ᠭᠠᠷᠪᠠ ᠭᠡᠮᠡᠷ ᠴᠡᠴᠡᠨ ᠴᠡᠯᠮᠡᠭ ᠨᠢᠭᠡᠨ ᠠᠪᠠᠢ᠃ 
       ᠦᠵᠢᠨ ᠢᠵᠢᠢ ᠪᠢᠴᠢᠬᠠᠨ ᠨᠣᠶᠠᠨ ᠬᠣᠶᠠᠷ ᠢ᠋ ᠬᠥᠮᠦᠨ ᠴᠢᠨᠡᠭᠡ ᠡᠰᠡ ᠰᠠᠨᠠᠵᠤ᠂ ᠮᠥᠨᠥᠬᠡᠨ ᠮᠣᠳᠣᠨ ᠡᠯᠵᠢᠭᠡᠨ ᠳ᠋ᠦ᠍ ᠬᠠᠳᠠᠭᠤᠯᠤᠨ ᠨᠥᠭᠴᠢᠭᠰᠡᠨ ᠲᠡᠭᠦᠰ ᠵᠣᠷᠢᠭᠲᠠᠨ ᠤ᠋ ᠱᠠᠷᠢᠯ ᠤ᠋ᠨ ᠡᠮᠦᠨ᠎ᠡ ᠰᠥᠭᠥᠳᠦᠨ ᠨᠠᠮᠠᠨᠴᠢᠯᠠᠵᠤ᠄  
         ᠬᠠᠭᠠᠨ ᠲᠩᠷᠢ ᠬᠠᠷᠠᠭ᠎ᠠ ᠦᠭᠡᠢ ᠪᠠᠢᠬᠤ ᠳ᠋ᠤ᠌ 
         ᠬᠠᠲᠤᠨ ᠳᠡᠯᠡᠬᠡᠢ ᠦᠵᠡᠭᠡ ᠦᠭᠡᠢ ᠪᠠᠢᠬᠤ ᠳ᠋ᠤ᠌ 
         ᠠᠮᠢᠨ ᠭᠣᠣᠯ ᠢ᠋ ᠲᠠᠨᠢ ᠲᠠᠰᠤᠯᠵᠠᠢ   
         ᠠᠯᠲᠠᠨ ᠪᠡᠶ᠎ᠡ ᠶ᠋ᠢ ᠲᠠᠨᠢ ᠬᠥᠨᠥᠭᠡᠵᠡᠢ 
         ᠥᠷᠥᠰᠢᠶᠡᠨ ᠰᠣᠶᠣᠷᠬ᠎ᠠ᠂ ᠥᠷᠥᠰᠢᠶᠡᠨ ᠰᠣᠶᠣᠷᠬ᠎ᠠ! ᠭᠡᠰᠡᠨ ᠢ᠋ᠶ᠋ᠡᠨ᠂ ᠦᠬᠡᠷ ᠦ᠋ᠨ ᠢ᠋ᠶ᠋ᠡᠨ ᠥᠷᠥᠭᠡᠰᠦᠨ ᠡᠪᠡᠷ ᠡᠴᠡ ᠳᠡᠭᠦᠵᠢᠯᠡᠭᠰᠡᠨ ᠬᠠᠷ᠎ᠠ ᠤᠭᠤᠲᠠ ᠪᠠᠨ ᠠᠪᠴᠤ ᠠᠮᠠᠨ ᠤ᠋ ᠬᠢᠨᠢ ᠦᠬᠦᠯᠦᠭᠦᠲᠡ ᠵᠠᠩᠭᠢᠯᠠᠭ᠎ᠠ ᠶ᠋ᠢ ᠲᠠᠢᠯᠬᠤ ᠭᠡᠵᠦ ᠬᠢᠷᠢ ᠳ᠋ᠡᠭᠡᠨ ᠪᠤᠳᠤᠯᠢᠪᠠ᠃ ᠥᠵᠢᠨ ᠢᠵᠢᠢ ᠨᠢ ᠲᠡᠰᠴᠦ ᠡᠰᠡ ᠴᠢᠳᠠᠪᠠ ᠪᠣᠯᠤᠯᠲᠠᠢ᠄ 
       — ᠪᠢ ᠲᠠᠢᠯᠤᠭᠠᠳ ᠥᠭᠬᠦ ᠤᠤ? ᠭᠡᠬᠦ ᠳ᠋ᠦ᠍ ᠬᠥᠩᠬᠥᠷ ᠬᠣᠷᠴᠢ ᠰᠦᠷᠡᠬᠡᠢ ᠲᠣᠮᠣ ᠬᠠᠷᠠᠭᠰᠠᠨ ᠢ᠋ᠶ᠋ᠠᠨ᠄ 
       —  ᠪᠤᠶᠠᠨ ᠴᠢᠨᠢ ᠳᠡᠯᠭᠡᠷᠡ! ᠭᠡᠯ᠎ᠡ᠃ ᠴᠢᠩᠭᠢᠭᠡᠳ ᠰᠡᠵᠢᠭ ᠲᠥᠷᠥᠮ᠎ᠡ ᠬᠠᠷ᠎ᠠ ᠬᠡᠦᠳᠡᠢ ᠪᠡᠨ ᠥᠭᠴᠢᠯᠭᠡᠵᠦ ᠣᠷᠬᠢᠭᠠᠳ ᠮᠥᠨᠥᠬᠡᠨ ᠦᠬᠦᠳᠡᠯ ᠬᠡᠭᠦᠷ ᠲᠡᠢ ᠠᠮᠢᠳᠤ ᠮᠡᠲᠦ ᠶᠠᠷᠢᠵᠤ ᠭᠠᠷᠴᠠᠢ᠃ 
         ᠡᠪᠦᠭᠡᠨ᠃ ᠦᠵᠢᠮᠡᠢ ᠦᠰ ᠵᠠᠩᠭᠢᠳᠴᠤ  
         ᠦᠰᠲᠡᠨ ᠲᠠᠲ᠋ᠠᠷ ᠦᠷᠦ ᠵᠢᠷᠤᠪᠠ   
         ᠦᠦᠬᠡ ᠲᠡᠦᠬᠡ ᠳ᠋ᠡᠭᠡᠨ ᠦᠯᠡᠳᠡᠭᠡᠨ᠎ᠡ᠂ ᠪᠢ 
         ᠦᠶ᠎ᠡ ᠶ᠋ᠢᠨ ᠦᠶ᠎ᠡ ᠳ᠋ᠡᠭᠡᠨ ᠵᠠᠬᠢᠨ᠎ᠠ᠂ ᠪᠢ! 
         ᠥᠷᠥᠰᠢᠶᠡᠨ ᠰᠣᠶᠣᠷᠬ᠎ᠠ! ᠥᠷᠥᠰᠢᠶᠡᠨ ᠰᠣᠶᠣᠷᠬ᠎ᠠ! ᠭᠡᠮᠡᠨ ᠬᠠᠯᠠᠭᠤᠨ ᠡᠯᠡᠰᠦᠨ ᠳ᠋ᠦ᠍ ᠳᠤᠬᠤ ᠪᠠᠨ ᠨᠠᠭᠠᠨ ᠮᠥᠷᠭᠥᠵᠦ ᠠᠪᠠᠢ᠃ ᠦᠬᠦᠯᠦᠭᠦᠲᠡ ᠵᠠᠩᠭᠢᠳᠤᠭᠰᠠᠨ ᠰᠣᠷᠣᠨ ᠤᠶᠠᠭ᠎ᠠ ᠶ᠋ᠢ ᠨᠢ ᠠᠷᠠᠢᠬᠢᠨ ᠲᠠᠢᠯᠤᠭᠰᠠᠨ ᠭᠤᠸ᠎ᠠ ᠬᠠᠲᠤᠨ᠄ 
       — ᠬᠥᠩᠬᠥᠷ ᠬᠣᠷᠴᠢ ᠭᠤᠸᠠᠢ᠁ ᠭᠡᠮᠡᠨ ᠥᠭᠬᠦ ᠳ᠋ᠦ᠍᠂ ᠭᠬᠢᠷ ᠲᠠᠭ ᠪᠣᠯᠤᠭᠰᠠᠨ ᠭᠠᠷ ᠢ᠋ᠶ᠋ᠠᠷ ᠰᠢᠭᠦᠷᠡᠨ ᠠᠪᠤᠪᠠ᠃ ᠴᠢᠩᠭᠢᠭᠡᠳ ᠰᠠᠯᠭᠠᠨᠠᠨ ᠤᠬᠤᠵᠤ ᠤᠬᠤᠵᠤ ᠲᠤᠩ ᠴᠤ᠌ ᠤᠷᠠᠨ ᠰᠡᠢᠯᠦᠭᠰᠡᠨ ᠲᠣᠮᠣ ᠮᠣᠷᠢᠨ ᠲᠣᠯᠣᠭᠠᠢ ᠭᠠᠷᠭᠠᠵᠤ ᠳᠡᠭᠡᠷ᠎ᠡ ᠡᠷᠭᠦᠨ ᠬᠠᠷᠠᠭᠰᠠᠨ ᠢ᠋ᠶ᠋ᠠᠨ᠄
       — ᠮᠣᠳᠣᠨ ᠡᠯᠵᠢᠭᠡᠨ ᠦ᠌ ᠶᠡᠬᠡ ᠪᠠᠶᠠᠨ ᠳ᠋ᠤ᠌ 
         ᠮᠣᠩᠭᠣᠯ ᠲᠣᠯᠣᠭᠠᠢ ᠵᠠᠯᠭᠠᠪᠠ ᠭᠡᠰᠡᠨ 
         ᠠᠯᠲᠠᠨ ᠤᠯᠤᠰ ᠤ᠋ᠨ ᠶᠣᠵᠣ ᠰᠠᠨᠠᠭ᠎ᠠ ᠶ᠋ᠢ 
         ᠠᠯᠤᠰ ᠲᠠᠭᠠᠨ ᠬᠠᠯᠠ ᠲᠠᠢ ᠤᠵᠢ ᠪᠣᠳᠣᠯ ᠢ᠋ 
         ᠲᠠᠰᠤ ᠴᠣᠬᠢᠶ᠎ᠠ ᠭᠡᠵᠦ ᠵᠣᠷᠢᠭᠰᠠᠨ ᠪᠢᠯᠡ 
         ᠲᠠᠨ ᠳ᠋ᠤ᠌ ᠦᠵᠡᠭᠦᠯᠦᠶ᠎ᠡ ᠭᠡᠵᠦ ᠬᠦᠰᠡᠭᠰᠡᠨ ᠪᠢᠯᠡ 
         ᠠᠯᠠᠭ ᠨᠢᠳᠦ ᠪᠡᠨ ᠠᠨᠢᠭ᠎ᠠ ᠦᠭᠡᠢ ᠳ᠋ᠦ᠍ ᠴᠢᠨᠢ 
         ᠠᠮᠢᠰᠬᠤᠯ ᠶᠠᠭᠤ ᠪᠠᠨ ᠲᠠᠲᠠᠭ᠎ᠠ ᠦᠭᠡᠢ ᠳ᠋ᠦ᠍ ᠴᠢᠨᠢ 
         ᠠᠮᠵᠢᠵᠤ ᠡᠰᠡ ᠢᠷᠡᠪᠡ᠂ ᠥᠷᠥᠰᠢᠶᠡ ᠠᠵᠠ ᠪᠠᠰᠠ ᠳᠤᠲᠠᠪᠠ᠂ ᠥᠷᠥᠰᠢᠶᠡ!ᠬᠡᠮᠡᠪᠡ᠃ 
      ᠴᠢᠩᠭᠢᠭᠡᠳ ᠤᠬᠤᠰᠬᠢᠨ ᠪᠣᠰᠴᠤ᠂ ᠵᠣᠷᠴᠤ ᠬᠢᠭᠰᠡᠨ ᠮᠣᠷᠢᠨ ᠲᠣᠯᠣᠭᠠᠢ ᠶ᠋ᠢ ᠰᠤᠭᠤᠨ ᠳ᠋ᠠᠭᠠᠨ ᠬᠠᠪᠴᠢᠭᠤᠯᠤᠭᠰᠠᠨ ᠢ᠋ᠶ᠋ᠠᠨ ᠦᠬᠦᠵᠦ ᠥᠳᠥ ᠬᠣᠷᠣᠬᠠᠢ ᠶ᠋ᠢᠨ ᠢᠳᠡᠰᠢ ᠪᠣᠯᠤᠭᠰᠠᠨ ᠪᠤᠶᠤᠷᠣᠭ᠋ ᠤ᠋ᠨ ᠲᠣᠯᠣᠭᠠᠢ ᠶ᠋ᠢ ᠪᠠᠷᠢᠵᠤ ᠦᠵᠡᠪᠡ᠃ ᠡᠢᠨ ᠬᠠᠲᠤᠨ ᠥᠭᠡᠳᠡ ᠠᠰᠠᠭᠤᠬᠤ ᠮᠡᠲᠦ ᠬᠠᠷᠠᠭᠰᠠᠨ ᠢ᠋ᠶ᠋ᠠᠨ ᠬᠥᠮᠥᠭᠡᠢ ᠶ᠋ᠢ ᠵᠠᠭᠤᠨ ᠬᠦᠴᠦᠲᠡᠢ ᠮᠤᠰᠬᠢᠬᠤ ᠳ᠋ᠤ᠌ ᠶᠠᠰᠤ ᠱᠠᠷᠵᠢᠭᠢᠨᠠᠬᠤ ᠰᠣᠨᠣᠰᠳᠠᠨ ᠶᠡᠬᠡ ᠪᠠᠶᠠᠨ ᠠ᠋ᠴᠠ ᠪᠠᠨ ᠰᠠᠯᠵᠤ ᠠᠪᠠᠢ᠃ ᠲᠡᠷᠡ ᠪᠡᠷ ᠮᠠᠭᠤᠳᠠᠵᠤ ᠬᠣᠷᠴᠢᠢᠭᠰᠠᠨ ᠦᠰᠦ ᠲᠡᠢ ᠲᠣᠯᠣᠭᠠᠢ ᠶ᠋ᠢ ᠶᠡᠬᠡ ᠯᠡ ᠬᠦᠨᠳᠦᠯᠡᠨ ᠬᠠᠷ᠎ᠠ ᠤᠭᠤᠲᠠᠨ ᠳ᠋ᠠᠭᠠᠨ ᠬᠢᠵᠦ ᠰᠠᠷᠯᠤᠭ ᠤ᠋ᠨ ᠢ᠋ᠶ᠋ᠠᠨ ᠰᠣᠯᠵᠢᠷ ᠡᠪᠡᠷ ᠡᠴᠡ ᠡᠯᠭᠦᠪᠡ᠃ ᠴᠢᠩᠭᠢᠭᠡᠳ ᠵᠣᠷᠴᠤ ᠬᠢᠭᠰᠡᠨ ᠮᠣᠷᠢᠨ ᠲᠣᠯᠣᠭᠠᠢ ᠪᠠᠨ ᠮᠣᠳᠣᠨ ᠡᠯᠵᠢᠭᠡᠨ᠎ᠡ ᠵᠠᠯᠭᠠᠨ ᠬᠠᠲᠠᠯ᠎ᠠ᠃ ᠣᠳᠣ ᠬᠠᠷᠠᠬᠤᠯ᠎ᠠ ᠲᠣᠯᠣᠭᠠᠢ ᠦᠭᠡᠢ ᠪᠣᠶᠤᠷᠣᠭ᠋ ᠮᠣᠷᠢ ᠤᠨᠤᠭᠰᠠᠨ ᠬᠥᠰᠢᠶ᠎ᠡ ᠮᠡᠲᠦ ᠪᠣᠯᠪᠠᠢ᠃ ᠥᠪᠡᠷ ᠦ᠋ᠨ ᠡᠷᠬᠡ ᠦᠭᠡᠢ ᠨᠢᠳᠦ ᠳᠠᠯᠳᠢᠷᠠᠭᠰᠠᠨ ᠥᠵᠢᠨ ᠬᠠᠲᠤᠨ ᠠᠮᠠ ᠪᠠᠨ ᠠᠩᠭᠠᠢᠨ ᠮᠡᠯᠡᠷᠡᠬᠦ ᠪᠢᠴᠢᠬᠠᠨ ᠨᠣᠶᠠᠨ ᠤ᠋ ᠭᠠᠷ ᠠ᠋ᠴᠠ ᠲᠡᠳᠡᠨ᠄ 
       — ᠨᠣᠶᠠᠨᠲᠠᠨ ᠠ᠋᠂ ᠶᠠᠪᠤᠶ᠎ᠠ ᠭᠡᠵᠦ ᠰᠢᠪᠡᠨᠡᠨ ᠮᠥᠨᠥᠬᠡᠨ ᠦᠬᠡᠷ ᠤᠨᠤᠭᠰᠠᠨ ᠱᠠᠪᠢᠯᠬᠠᠨ ᠡᠷ᠎ᠡ ᠡᠴᠡ ᠪᠤᠰᠢᠭᠤᠬᠠᠨ ᠬᠣᠯᠠᠳᠬᠤ ᠶ᠋ᠢᠨ ᠮᠥᠨ ᠪᠣᠯᠪᠠ᠃ ᠨᠤᠷᠠᠨ ᠨᠤᠷᠠᠬᠤ ᠡᠯᠡᠰᠦᠨ ᠬᠣᠩᠬᠣᠷ ᠬᠥᠯ ᠡᠴᠡ ᠨᠢ ᠴᠢᠩᠭᠠᠭᠠᠬᠤ ᠲᠤᠯᠠ ᠪᠥᠬᠥᠢᠰᠬᠢᠨ ᠠᠪᠠᠷᠢᠵᠤ ᠵᠢᠳᠬᠦᠬᠦ ᠳ᠋ᠦ᠍ ᠡᠯᠡᠰᠦᠨ ᠦ᠌ ᠨᠡᠭᠦᠳᠡᠯ ᠳᠠᠭᠠᠵᠤ ᠪᠤᠰᠤ ᠰᠥᠷᠴᠦ ᠤᠷᠤᠰᠤᠨ᠂ ᠮᠥᠨ ᠬᠦ᠌ ᠲᠡᠭᠦᠨ ᠢ᠋ ᠳᠠᠪᠠᠬᠤ ᠭᠡᠵᠦ ᠬᠥᠯ ᠳᠣᠣᠭᠤᠷ ᠳ᠋ᠢᠭᠪᠠᠷᠠᠨᠵᠠ ᠠᠷᠪᠠᠯᠵᠠᠨ᠂ ᠵᠠᠩᠲᠤ ᠱᠥᠪᠥᠯᠵᠡᠨ᠂ ᠣᠯᠣᠭᠠᠢ ᠬᠣᠷᠣᠬᠠᠢ ᠮᠤᠷᠤᠯᠵᠠᠨ ᠪᠥᠯᠥᠭᠡ᠃ ᠢᠵᠢᠢ ᠬᠠᠲᠤᠨ《ᠬᠣᠯᠠ ᠠ᠋ᠴᠠ ᠬᠠᠷᠠᠪᠠᠯ ᠬᠦᠦ ᠪᠢᠳᠡ ᠬᠣᠶᠠᠷ ᠴᠤ᠌ ᠬᠣᠷᠣᠬᠠᠢ ᠮᠡᠲᠦ ᠯᠡ ᠥᠴᠦᠬᠡᠨ ᠠᠮᠢᠲᠠᠨ ᠬᠠᠷᠠᠭᠳᠠᠵᠤ ᠪᠠᠢᠭ᠎ᠠ ᠪᠣᠢ》 ᠭᠡᠮᠡᠨ ᠭᠤᠨᠢᠭᠯᠠᠩᠭᠤᠢ ᠪᠣᠳᠣᠵᠤ᠂ ᠰᠢᠪᠠᠵᠢ ᠲᠣᠭᠠᠯᠠᠬᠤ ᠮᠡᠲᠦ ᠡᠯᠢᠭᠡ ᠪᠡᠨ ᠲᠡᠪᠡᠷᠢᠨ ᠭᠡᠯᠳᠦᠷᠢᠭᠰᠡᠭᠡᠷ ᠠᠮᠠᠭᠠᠢ ᠶ᠋ᠢᠨ ᠰᠢᠪᠰᠢᠷᠡᠭᠡ ᠰᠣᠨᠣᠰᠳᠠᠬᠤ ᠭᠠᠵᠠᠷ ᠢᠷᠡᠵᠦ ᠪᠡᠶ᠎ᠡ ᠪᠡᠨ ᠴᠡᠭᠴᠡᠯᠡᠨ᠂ ᠰᠡᠳᠬᠢᠯ ᠢ᠋ᠶ᠋ᠡᠨ ᠴᠢᠩᠭᠠᠯᠠᠪᠠ᠃  ᠡᠨᠡ ᠦᠶᠡᠰ ᠡᠯᠡᠰᠦᠨ ᠬᠥᠪᠡᠭᠡᠨ ᠦ᠌ ᠴᠢᠨᠠᠳᠤ ᠠ᠋ᠴᠠ ᠬᠤᠨ ᠬᠤᠭᠤᠷ ᠡᠭᠡᠰᠢᠭᠯᠡᠬᠦ ᠳᠤᠭᠤᠯᠳᠠᠵᠤ ᠮᠥᠨᠥᠬᠡᠨ ᠬᠥᠩᠬᠥᠷ ᠬᠣᠷᠴᠢ ᠶ᠋ᠢᠨ ᠨᠢᠭᠡᠨ ᠠᠶᠠᠯᠭᠤ ᠪᠠᠷ ᠬᠦᠩᠭᠢᠨᠡᠨ ᠤᠩᠰᠢᠬᠤ ᠢᠷᠦᠭᠡᠯ ᠰᠣᠨᠣᠰᠳᠠᠪᠠ᠃ 
       — ᠥᠨᠥ ᠬᠥᠮᠦᠨ ᠢᠷᠦᠭᠡᠯ ᠤᠩᠰᠢᠵᠤ ᠪᠠᠢᠨ᠎ᠠ᠃ 
       — ᠵᠤᠪᠤ ᠠᠷᠪᠠᠨ ᠨᠠᠢ᠍ᠮᠠ ᠶ᠋ᠢᠨ ᠬᠣᠷᠴᠢ ᠬᠥᠮᠦᠨ ᠶᠦᠮ ᠪᠠᠢᠯᠭᠦᠢ ᠳᠡ᠃ 
       — ᠲᠦᠮᠡᠨ ᠦᠶ᠎ᠡ ᠶ᠋ᠢᠨ ᠲᠡᠦᠬᠡ ᠪᠡᠨ ᠤᠬᠠᠭᠠᠨ ᠰᠣᠯᠢᠶ᠎ᠠ ᠬᠥᠮᠦᠨ ᠦ᠌ ᠴᠡᠭᠡᠵᠢᠨ ᠳ᠋ᠦ᠍ ᠪᠠᠷᠢᠨᠲᠠᠭᠯᠠᠪᠠ ᠭᠡᠵᠦ ᠤᠤ? 
       — ᠬᠠᠷᠢᠨ ᠯᠠ ᠳᠠ᠁  ᠥᠵᠢᠨ ᠬᠠᠲᠤᠨ ᠶᠠᠷᠢᠬᠤ ᠳᠤᠷ᠎ᠠ ᠦᠭᠡᠢ ᠪᠠᠢᠪᠠ᠃ ᠲᠡᠷᠡ ᠡᠮᠡᠭᠡᠯᠲᠦ ᠮᠣᠷᠢᠨ ᠳ᠋ᠠᠭᠠᠨ ᠪᠤᠰᠢᠭᠤᠬᠠᠨ ᠬᠦᠷᠬᠦ ᠶ᠋ᠢ ᠯᠡ ᠬᠦᠰᠡᠵᠡᠢ᠃ ᠴᠢᠩᠭᠢᠲᠡᠯ᠎ᠡ ᠬᠣᠢᠨ᠎ᠠ ᠬᠣᠴᠣᠷᠤᠭᠰᠠᠨ ᠡᠯᠡᠰᠦᠨ ᠲᠤᠯᠤᠭᠠᠳ ᠤ᠋ᠨ ᠲᠡᠷᠲᠡᠭᠡ ᠡᠴᠡ ᠠᠳᠤᠭᠤ ᠢᠨᠴᠠᠭᠠᠬᠤ ᠰᠢᠭ᠋ ᠰᠣᠨᠣᠰᠳᠠᠪᠠ᠃ ᠪᠦᠯᠵᠢᠭᠡᠨ ᠭᠤᠸ᠎ᠠ《ᠬᠥᠮᠦᠨ ᠢᠷᠡᠪᠡ ᠤᠤ》 ᠭᠡᠮᠡᠨ ᠳᠥᠷᠥᠭᠡ ᠠᠪᠤᠨ ᠴᠢᠩᠨᠠᠭᠠᠷᠬᠠᠪᠠᠯ᠂ ᠮᠥᠨᠥᠬᠢ ᠢᠨᠴᠠᠭᠠᠯᠲᠠ ᠶ᠋ᠢ ᠬᠤᠨ ᠬᠤᠭᠤᠷ ᠤ᠋ᠨ ᠬᠡᠭᠡᠯᠭᠡᠨ ᠠᠶᠠᠯᠭᠤ ᠵᠠᠯᠭᠠᠨ ᠡᠭᠡᠰᠢᠭᠯᠡᠵᠡᠢ᠃《᠁ ᠬᠤᠭᠤᠷ ᠢᠨᠴᠠᠭᠠᠯᠭᠠᠳᠠᠭ ᠬᠣᠭᠣᠰᠣᠨ ᠦᠭᠡᠢ ᠯᠡ ᠬᠥᠮᠦᠨ ᠶᠦᠮ ᠳᠡ》 ᠭᠡᠮᠡᠨ ᠪᠣᠳᠣᠵᠤ ᠠᠪᠠᠢ᠃ 


                 ᠦᠰᠦᠭ ᠠᠮᠢᠯᠠᠭᠤᠯᠤᠭᠴᠢ᠄ ᠣᠶᠤᠨᠪᠢᠯᠢᠭ᠌᠂ ᠨᠠᠷᠠᠨᠲᠤᠶᠠᠭ᠎ᠠ᠂ ᠭᠡᠷᠡᠯ᠂ 
                         ᠬᠡᠯᠡᠰᠣᠶᠣᠯ( ᠪᠤᠤ ᠸᠧᠨ ᠬᠤᠸᠠ)᠂ ᠮᠥᠩᠭᠥᠨ᠂ ᠤᠷᠠᠨᠴᠢᠮᠡᠭ᠂ 
                         ᠡᠭᠦᠯᠡᠩᠬᠤᠸᠠᠷ᠂ ᠪᠠᠶᠠᠨᠴᠡᠴᠡᠭ᠂ ᠪᠠᠢ᠂ ᠰᠠᠷᠠᠨ᠎ᠠ᠂ 
                         ᠬᠡᠷᠡᠢᠳ ᠮᠥᠩᠬᠡᠨᠠᠰᠤᠨ᠂ ᠠᠯᠲᠠᠨᠴᠢᠮᠡᠭ᠂ ᠣᠶᠤᠨᠴᠢᠮᠡᠭ᠂ 
                         ᠡᠷᠳᠡᠨᠢᠭᠤᠸ᠎ᠠ᠂ ᠰᠣᠶᠣᠯᠲᠤ 
                 ᠬᠢᠨᠠᠭᠴᠢ᠄ ᠣᠳᠬᠠᠨᠰᠣ᠎ᠠ᠂ ᠭᠠᠷᠮ᠎ᠠ᠂ ᠨᠠᠷᠠᠨ᠂ ᠪᠠᠯ᠂ ᠪᠠᠶᠠᠨᠴᠡᠴᠡᠭ᠂ 
                          ᠮᠣᠩᠭᠣᠯ ᠰᠦᠨᠡᠰᠦ᠂ ᠬᠡᠯᠡᠰᠣᠶᠣᠯ(ᠪᠦᠦ ᠸᠧᠨ ᠬᠤᠸᠠ) ᠡᠭᠦᠯᠡᠩᠬᠤᠸᠠᠷ