ᠰᠢᠯᠢᠨ ᠭᠠᠯᠵᠠᠭᠤ ᠪᠠᠭᠠᠲᠤᠷ – ᠬᠦᠳᠡᠷ ᠠᠯᠲᠠᠢ ᠬᠠᠨ (2) Шилэн галзуу баатар – Хүдэр алтай хан (2)
ᠬᠦᠳᠡᠷ ᠠᠯᠲᠠᠢ ᠬᠠᠨ - 2
ᠳᠠᠬᠢᠨ ᠠᠷᠪᠠᠨ ᠨᠠᠢ᠍ᠮᠠᠨ ᠵᠢᠯ ᠭᠦᠶᠦᠯᠭᠡᠵᠦ
ᠨᠢᠭᠡᠨ ᠬᠥᠬᠡ ᠮᠥᠩᠭᠥᠨ ᠰᠢᠯᠢ ᠳ᠋ᠦ᠍ ᠭᠠᠷᠬᠤ ᠳ᠋ᠤ᠌
ᠪᠠᠳᠮ᠎ᠠ ᠭᠡᠷᠡᠯ ᠬᠠᠨ ᠤ᠋ ᠪᠠᠢᠰᠢᠩ ᠤ᠋ᠨ
ᠳᠡᠭᠡᠪᠦᠷ ᠨᠢ ᠦᠵᠡᠭᠳᠡᠪᠡ᠃
ᠴᠠᠰᠢ ᠮᠣᠷᠳᠠᠭᠠᠳ ᠪᠠᠢᠲᠠᠯ᠎ᠠ
ᠵᠤᠯᠵᠠᠭ᠎ᠠ ᠮᠣᠳᠣᠨ ᠤᠷᠭ᠎ᠠ ᠨᠠᠬᠢᠯᠵᠠᠭᠤᠯᠤᠭᠰᠠᠨ
ᠵᠢᠭᠠᠯ ᠬᠦᠦ ᠲᠡᠢ ᠵᠣᠯᠭᠠᠪᠠ᠃
ᠬᠣᠨᠢᠴᠢᠨ ᠬᠦᠦ ᠲᠡᠳᠡᠨ ᠡᠴᠡ᠄
《ᠠᠬ᠎ᠠ ᠮᠢᠨᠢ ᠠᠮᠠᠷᠬᠠᠨ ᠰᠠᠢᠨ!
ᠣᠷᠣᠨ ᠨᠤᠲᠤᠭ ᠲᠠᠨᠢ ᠬᠠᠮᠢᠭ᠎ᠠ ᠪᠣᠢ?
ᠨᠢᠭᠤᠷ ᠲᠠᠭᠠᠨ ᠭᠠᠯ ᠲᠠᠢ
ᠨᠢᠳᠦᠨ ᠳ᠋ᠡᠭᠡᠨ ᠴᠣᠭ ᠲᠠᠢ ᠬᠣᠶᠠᠷ ᠬᠦᠦ
ᠲᠠᠨᠠᠷ ᠬᠠᠮᠢᠭ᠎ᠠ ᠶᠠᠪᠤᠵᠤ ᠪᠠᠢᠨ᠎ᠠ ᠪᠣᠢ》ᠭᠡᠬᠦ ᠳ᠋ᠦ᠍
ᠴᠡᠩᠭᠡᠯ ᠲᠡᠭᠦᠨ ᠳ᠋ᠦ᠍ ᠬᠠᠷᠢᠭᠤᠯᠤᠭᠰᠠᠨ ᠨᠢ᠄
《ᠪᠠᠶᠠᠨ ᠬᠦᠳᠡᠷ ᠠᠯᠲᠠᠢ ᠶ᠋ᠢᠨ
ᠪᠠᠷᠠᠭᠤᠨ ᠰᠤᠭᠤ ᠪᠠᠷ ᠨᠤᠲᠤᠭᠯᠠᠭᠰᠠᠨ
ᠬᠦᠳᠡᠷ ᠠᠯᠲᠠᠢ ᠬᠠᠨ ᠤ᠋
ᠬᠦᠦ ᠴᠡᠩᠭᠡᠯ ᠭᠡᠳᠡᠭ ᠪᠢ ᠮᠥᠨ᠃
ᠮᠠᠨ ᠤ᠋ ᠡᠴᠢᠭᠡ ᠵᠠᠯᠠᠭᠤ ᠦᠶ᠎ᠡ ᠳ᠋ᠡᠭᠡᠨ
ᠪᠠᠬ᠎ᠠ ᠲᠠᠢ ᠲᠠᠪᠠ ᠲᠠᠢ ᠶᠠᠪᠤᠬᠤ ᠴᠠᠭ ᠲᠤ᠌
ᠪᠠᠳᠮ᠎ᠠ ᠭᠡᠷᠡᠯ ᠬᠠᠨ ᠲᠠᠢ ᠬᠣᠶᠠᠭᠤᠯᠠ
ᠨᠠᠷᠠᠨ ᠽᠠᠨᠳᠠᠨ ᠠᠪᠠᠬᠠᠢ ᠶ᠋ᠢ ᠨᠢ
ᠪᠠᠭᠤᠯᠭᠠᠵᠤ ᠠᠪᠬᠤ ᠪᠠᠷ ᠢᠷᠡᠪᠡ! 》ᠭᠡᠪᠡ᠃
ᠬᠣᠨᠢᠴᠢᠨ ᠬᠦᠦ ᠬᠡᠯᠡᠭᠰᠡᠨ ᠨᠢ᠄
《ᠲᠠ ᠶᠠᠭᠠᠬᠢᠭᠰᠠᠨ ᠵᠠᠶᠠᠭ᠎ᠠ ᠲᠠᠢ ᠬᠥᠮᠦᠨ ᠪᠣᠢ?
ᠨᠠᠷᠠᠨ ᠽᠠᠨᠳᠠᠨ ᠠᠪᠠᠬᠠᠢ ᠶ᠋ᠢ ᠠᠪᠬᠤ ᠪᠠᠷ
ᠲᠩᠷᠢ ᠶ᠋ᠢᠨ ᠬᠠᠢᠷᠠᠲᠤ ᠪᠥᠬᠡ
ᠬᠠᠷ᠎ᠠ ᠬᠥᠬᠥᠯ ᠬᠦᠷᠴᠦ ᠢᠷᠡᠭᠡᠳ
ᠠᠷᠪᠠᠨ ᠵᠦᠭ ᠦ᠋ᠨ ᠡᠷᠡᠴᠦᠳ ᠡᠴᠡ
ᠠᠲᠠᠭ᠎ᠠ ᠮᠠᠷᠭᠤᠭ᠎ᠠ ᠪᠠᠨ ᠠᠪᠴᠤ
ᠬᠣᠷᠢᠨ ᠵᠦᠭ ᠦ᠋ᠨ ᠵᠠᠯᠠᠭᠤᠴᠤᠳ ᠠ᠋ᠴᠠ
ᠬᠣᠨᠵᠢᠶ᠎ᠠ ᠮᠠᠷᠭᠤᠭ᠎ᠠ ᠪᠠᠨ ᠠᠪᠴᠤ
ᠨᠠᠢᠷ ᠬᠤᠷᠢᠮ ᠲᠠᠯᠪᠢᠵᠤ
ᠨᠠᠷᠠᠨ ᠽᠠᠨᠳᠠᠨ ᠠᠪᠠᠬᠠᠢ ᠶ᠋ᠢ
ᠪᠠᠭᠤᠯᠭᠠᠵᠤ ᠠᠪᠬᠤ ᠪᠠᠷ ᠰᠢᠢᠳᠴᠦ ᠪᠠᠢᠨ᠎ᠠ
ᠨᠠᠷᠠᠨ ᠽᠠᠨᠳᠠᠨ ᠠᠪᠠᠬᠠᠢ ᠪᠣᠯ
ᠰᠦᠮᠪᠦᠷ ᠠᠭᠤᠯᠠ ᠶ᠋ᠢᠨ ᠣᠷᠣᠢ ᠳ᠋ᠤ᠌ ᠨᠣᠢᠷᠰᠤᠬᠤ ᠳ᠋ᠤ᠌
ᠪᠠᠷᠠᠭᠤᠨ ᠳᠠᠰᠢ ᠬᠠᠷᠠᠵᠤ ᠤᠨᠲᠠᠬᠤᠯᠠ
ᠪᠠᠷᠠᠭᠤᠨ ᠲᠢᠪ ᠦ᠋ᠨ ᠠᠮᠢᠲᠠᠨ
ᠠᠬᠤᠢ ᠶᠠᠪᠤᠳᠠᠯ ᠢ᠋ᠶ᠋ᠠᠨ ᠬᠢᠵᠦ
ᠠᠮᠢᠳᠤᠷᠠᠯ ᠮᠠᠯ ᠢ᠋ᠶ᠋ᠠᠨ ᠥᠰᠬᠡᠵᠦ ᠪᠠᠢᠳᠠᠭ᠃
ᠵᠡᠭᠦᠨ ᠳᠠᠰᠢ ᠬᠠᠷᠠᠵᠤ ᠤᠨᠲᠠᠬᠤᠯᠠ
ᠵᠡᠭᠦᠨ ᠲᠢᠪ ᠦ᠋ᠨ ᠠᠮᠢᠲᠠᠳ
ᠠᠬᠤᠢ ᠶᠠᠪᠤᠳᠠᠯ ᠢ᠋ᠶ᠋ᠠᠨ ᠬᠢᠵᠦ
ᠠᠮᠢᠳᠤᠷᠠᠯ ᠮᠠᠯ ᠢ᠋ᠶ᠋ᠠᠨ ᠥᠰᠬᠡᠵᠦ ᠪᠠᠢᠳᠠᠭ》ᠭᠡᠪᠡ᠃
ᠲᠡᠭᠡᠭᠡᠳ ᠬᠣᠶᠠᠭᠤᠯᠠ ᠲᠦᠷᠭᠡᠨ ᠳᠠᠪᠬᠢᠭᠤᠯᠪᠠ᠃
* * *
ᠪᠠᠳᠮ᠎ᠠ ᠭᠡᠷᠡᠯ ᠬᠠᠨ ᠤ᠋ ᠬᠡᠯᠡᠭᠰᠡᠨ ᠨᠢ᠄
《ᠬᠦᠨᠳᠦ ᠬᠥᠯᠲᠦ ᠬᠦᠯᠦᠭ ᠦ᠋ᠳ ᠦ᠋ᠨ
ᠠᠨᠢᠷ ᠭᠠᠷᠤᠭᠰᠠᠨ ᠰᠢᠭ᠋ ᠪᠣᠯᠵᠤ ᠪᠠᠢᠨ᠎ᠠ
ᠬᠦᠴᠦ ᠶᠡᠬᠡᠲᠦ ᠪᠣᠳᠣᠩ ᠤᠳ ᠤᠨ ①
ᠳᠠᠭᠤ ᠭᠠᠷᠤᠭᠰᠠᠨ ᠰᠢᠭ᠋ ᠪᠣᠯᠵᠤ ᠪᠠᠢᠨ᠎ᠠ!》ᠭᠡᠪᠡ᠃
ᠰᠢᠪᠡᠭᠴᠢᠨ ᠮᠤᠬᠤᠯᠠᠢ ᠭᠠᠷᠴᠤ ᠬᠠᠷᠠᠭᠠᠳ
《ᠬᠣᠶᠠᠷ ᠤᠯᠠᠭᠠᠨ ᠠᠭᠤᠯᠠ ᠰᠢᠭ᠋ ᠶᠠᠭᠤᠮ᠎ᠠ
ᠬᠣᠯᠠ ᠠ᠋ᠴᠠ ᠬᠦᠷᠴᠦ ᠢᠷᠡᠵᠦ ᠪᠠᠢᠨ᠎ᠠ!》ᠭᠡᠪᠡ᠃
ᠬᠠᠨ ᠲᠡᠭᠡᠭᠡᠳ ᠬᠡᠯᠡᠭᠰᠡᠨ ᠨᠢ᠄
《ᠨᠢᠭᠡ ᠬᠦᠴᠦ ᠪᠠᠭ᠎ᠠ ᠲᠠᠢ
ᠨᠢᠰᠤᠬᠠᠢ ᠬᠡᠦᠬᠡᠳ ᠢᠷᠡᠵᠦ ᠪᠠᠢᠬᠤ ᠪᠢᠵᠡ!》ᠭᠡᠪᠡ᠃
* * *
ᠬᠣᠶᠠᠷ ᠪᠠᠭᠠᠲᠤᠷ ᠬᠦᠷᠴᠦ ᠣᠴᠢᠭᠠᠳ
ᠬᠥᠭᠰᠢᠨ ᠽᠠᠨᠳᠠᠨ ᠢ᠋ ᠬᠢᠨᠢ ᠰᠡᠭᠦᠳᠡᠷᠯᠡᠭᠦᠯᠦᠨ
ᠵᠠᠯᠠᠭᠤ ᠽᠠᠨᠳᠠᠨ ᠮᠣᠳᠣᠨ ᠠ᠋ᠴᠠ ᠨᠢ
ᠬᠦᠨᠳᠦ ᠬᠥᠯᠲᠦ ᠬᠦᠯᠦᠭ ᠦ᠋ᠳ ᠢ᠋ᠶ᠋ᠡᠨ ᠤᠶᠠᠵᠤ
ᠥᠷᠭᠥᠭᠡ ᠭᠡᠷ ᠲᠦ᠋ᠨᠢ ᠣᠷᠣᠭᠠᠳ᠄
《ᠬᠠᠨ ᠪᠤᠭᠤᠷᠤᠯ ᠠᠪᠤ ᠠᠮᠠᠷᠬᠠᠨ ᠰᠠᠢᠨ!
ᠬᠠᠲᠤᠨ ᠪᠤᠭᠤᠷᠤᠯ ᠡᠵᠢ ᠠᠮᠠᠷᠬᠠᠨ ᠰᠠᠢᠨ!》ᠭᠡᠬᠦ ᠳ᠋ᠦ᠍
ᠪᠠᠳᠮ᠎ᠠ ᠭᠡᠷᠡᠯ ᠬᠠᠨ᠄
《ᠨᠢᠳᠦᠨ ᠳ᠋ᠡᠭᠡᠨ ᠭᠠᠯ ᠲᠠᠢ
ᠨᠢᠭᠤᠷ ᠲᠠᠭᠠᠨ ᠴᠣᠭ ᠲᠠᠢ
ᠬᠣᠶᠠᠷ ᠵᠢᠭᠠᠯ ᠬᠦᠦ
ᠬᠠᠮᠢᠭ᠎ᠠ ᠠ᠋ᠴᠠ ᠶᠠᠪᠤᠵᠤ ᠪᠠᠢᠬᠤ ᠪᠣᠢ?》ᠭᠡᠬᠦ ᠳ᠋ᠦ᠍
ᠴᠡᠩᠭᠡᠯ ᠥᠭᠡᠳᠡ ᠡᠴᠡ ᠨᠢ᠄
《ᠪᠠᠶᠠᠨ ᠬᠦᠳᠡᠷ ᠠᠯᠲᠠᠢ ᠶ᠋ᠢᠨ
ᠪᠠᠷᠠᠭᠤᠨ ᠰᠤᠭᠤ ᠪᠠᠷ ᠨᠤᠲᠤᠭᠯᠠᠭᠰᠠᠨ
ᠬᠦᠳᠡᠷ ᠠᠯᠲᠠᠢ ᠬᠠᠨ ᠤ᠋
ᠬᠦᠦ ᠴᠡᠩᠭᠡᠯ ᠭᠡᠳᠡᠭ ᠪᠢ ᠪᠢᠯᠡ᠃
ᠮᠠᠨ ᠤ᠋ ᠡᠴᠢᠭᠡ ᠪᠠᠭ᠎ᠠ ᠦᠶ᠎ᠡ ᠳ᠋ᠡᠭᠡᠨ
ᠪᠠᠬ᠎ᠠ ᠲᠠᠢ ᠲᠠᠪᠠ ᠲᠠᠢ ᠶᠠᠪᠤᠬᠤ ᠳ᠋ᠠᠭᠠᠨ
ᠪᠠᠲᠤᠲᠠᠢᠬᠠᠨ ᠭᠤᠷᠪᠠᠨ ᠦᠭᠡ ᠪᠡᠨ
ᠲᠠᠨ ᠲᠠᠢ ᠬᠡᠯᠡᠯᠴᠡᠵᠦ ᠬᠥᠭᠡᠷᠦᠯᠳᠦᠭᠰᠡᠨ ᠭᠡᠨ᠎ᠡ᠃
ᠨᠠᠷᠠᠨ ᠽᠠᠨᠳᠠᠨ ᠠᠪᠠᠬᠠᠢ ᠶ᠋ᠢ ᠴᠢᠨᠢ
ᠵᠠᠯᠠᠵᠤ ᠪᠠᠭᠤᠯᠭᠠᠬᠤ ᠭᠡᠵᠦ ᠢᠷᠡᠪᠡ》 ᠭᠡᠬᠦ ᠳ᠋ᠦ᠍
ᠪᠠᠳᠮ᠎ᠠ ᠭᠡᠷᠡᠯ ᠬᠠᠨ ᠬᠡᠯᠡᠭᠰᠡᠨ ᠨᠢ᠄
《ᠲᠡᠷᠡ ᠴᠠᠭ ᠠ᠋ᠴᠠ ᠨᠠᠰᠢ
ᠠᠨᠢᠷ ᠦᠭᠡᠢ ᠪᠠᠢᠭᠠᠳ ᠪᠠᠢᠬᠤᠯᠠᠷ
ᠦᠷ᠎ᠡ ᠦᠨᠳᠦᠰᠦ ᠦᠭᠡᠢ ᠶᠠᠭᠤᠮ᠎ᠠ ᠪᠣᠯᠭᠤᠵᠠᠢ ᠭᠡᠰᠡᠨ ᠶᠦᠮ
ᠬᠠᠨ ᠬᠥᠮᠦᠨ ᠦ᠌ ᠬᠡᠯᠡᠭᠰᠡᠨ ᠦᠭᠡ
ᠬᠠᠳᠠᠨ ᠳ᠋ᠤ᠌ ᠰᠡᠢᠯᠦᠭᠰᠡᠨ ᠪᠢᠴᠢᠭ ᠠᠳᠠᠯᠢ ! 》 ᠭᠡᠳ
ᠪᠠᠷᠠᠭᠤᠨ ᠡᠪᠦᠳᠦᠭ ᠳᠡᠭᠡᠷ᠎ᠡ ᠪᠡᠨ ᠳᠠᠪᠰᠢᠭᠠᠳ
ᠪᠠᠬ᠎ᠠ ᠲᠠᠢ ᠲᠠᠪᠠ ᠲᠠᠢ ᠢᠨᠢᠶᠡᠭᠡᠳ᠄
《ᠠᠷᠪᠠᠨ ᠵᠦᠭ ᠦ᠋ᠨ ᠵᠠᠯᠠᠭᠤᠴᠤᠳ ᠠ᠋ᠴᠠ
ᠠᠲᠠᠭ᠎ᠠ ᠮᠠᠷᠭᠤᠭ᠎ᠠ ᠪᠠᠨ ᠠᠪᠴᠤ
ᠨᠠᠷᠠᠨ ᠽᠠᠨᠳᠠᠨ ᠠᠪᠬᠠᠢ ᠲᠠᠢ
ᠨᠠᠢᠷ ᠬᠤᠷᠢᠮ ᠢ᠋ᠶ᠋ᠠᠨ ᠬᠢᠭᠡᠷᠡᠢ !》 ᠭᠡᠪᠡ᠃
ᠠᠲᠠᠭ᠎ᠠ ᠮᠠᠷᠭᠤᠭ᠎ᠠ ᠶᠠᠭᠤ ᠪᠠᠢᠳᠠᠭ ᠭᠡᠵᠦ
ᠠᠰᠠᠭᠤᠵᠤ ᠰᠤᠷᠠᠵᠤ ᠬᠡᠯᠡᠬᠦ ᠳ᠋ᠦ᠍
《ᠭᠤᠷᠪᠠᠨ ᠵᠢᠯ ᠣᠨ ᠭᠠᠵᠠᠷ ᠲᠤ᠌
ᠤᠷᠤᠯᠳᠤᠭᠠᠨ ᠣᠷᠣᠯᠳᠣᠳᠠᠭ ᠮᠠᠷᠭᠤᠭ᠎ᠠ ᠪᠣᠢ
ᠭᠤᠷᠪᠠᠨ ᠵᠢᠯ ᠦ᠋ᠨ ᠭᠠᠵᠠᠷ ᠲᠤ᠌
ᠬᠠᠷᠪᠤᠭ᠎ᠠ ᠬᠠᠷᠪᠤᠳᠠᠭ ᠮᠠᠷᠭᠤᠭ᠎ᠠ ᠪᠣᠢ
ᠡᠬᠡ ᠡᠴᠢᠭᠡ ᠶ᠋ᠢᠨ ᠦᠭᠭᠦᠭᠰᠡᠨ
ᠡᠭᠡᠮ ᠳᠠᠯᠤ ᠠ᠋ᠴᠠ ᠪᠣᠯᠤᠭᠰᠠᠨ ᠮᠠᠷᠭᠤᠭ᠎ᠠ ᠪᠣᠢ》 ᠭᠡᠵᠦ
ᠪᠠᠳᠮ᠎ᠠ ᠭᠡᠷᠡᠯ ᠬᠠᠨ ᠬᠡᠯᠡᠪᠡ᠃
* * *
ᠭᠤᠷᠪᠠᠨ ᠵᠢᠯ ᠦ᠋ᠨ ᠭᠠᠵᠠᠷ ᠲᠤ᠌
ᠤᠷᠤᠯᠳᠤᠭᠠᠨ ᠬᠢᠬᠦ ᠪᠡᠷ ᠰᠢᠢᠳᠪᠡ᠃
ᠠᠷᠪᠠᠨ ᠵᠦᠭ ᠦ᠋ᠨ ᠠᠳᠤᠭᠤᠴᠢᠨ ᠬᠥᠪᠡᠭᠦᠳ
ᠬᠣᠷᠢᠨ ᠵᠦᠭ ᠦ᠋ᠨ ᠬᠣᠨᠢᠴᠢᠨ ᠬᠥᠪᠡᠭᠦᠳ
ᠲᠩᠷᠢ ᠶ᠋ᠢᠨ ᠬᠠᠢᠷᠠᠲᠤ ᠪᠥᠬᠡ
ᠬᠠᠷ᠎ᠠ ᠬᠥᠬᠥᠯ ᠦ᠋ᠨ ᠲᠡᠷᠡ ᠮᠠᠭᠤ
ᠬᠦᠨᠳᠦ ᠬᠥᠯᠲᠦ ᠬᠦᠯᠦᠭ ᠢ᠋
ᠪᠢᠳᠡ ᠤᠨᠤᠬᠤ ᠦᠭᠡᠢ ᠭᠡᠯᠴᠡᠪᠡ᠃
ᠴᠡᠩᠭᠡᠯ᠂ ᠮᠢᠯ ᠤᠯᠠᠭᠠᠨ ᠬᠣᠶᠠᠷ ᠬᠦᠯᠦᠭ ᠢ᠋
ᠴᠢ ᠤᠨᠤᠨ᠎ᠠ ᠤᠤ? ᠪᠢ ᠤᠨᠤᠨ᠎ᠠ ᠤᠤ? ᠭᠡᠵᠦ
ᠪᠤᠯᠢᠶᠠᠯᠳᠤᠭᠠᠳ ᠬᠦᠷᠦᠭᠡᠳ ᠢᠷᠡᠪᠡ ᠭᠡᠨ᠎ᠡ᠃
ᠨᠢᠭᠡᠨ ᠵᠡᠭᠡᠷ᠎ᠡ ᠶ᠋ᠢᠨ ᠰᠢᠯᠪᠢ ᠲᠡᠢ
ᠵᠡᠰ ᠬᠣᠩᠰᠢᠶᠠᠷᠲᠤ᠄
《ᠲᠩᠷᠢ ᠶ᠋ᠢᠨ ᠬᠠᠢᠷᠠᠲᠤ ᠬᠠᠷ᠎ᠠ ᠬᠥᠬᠥᠯ ᠦ᠋ᠨ
ᠵᠡᠭᠳᠡᠯ ᠴᠠᠭᠠᠨ ᠮᠣᠷᠢ ᠶ᠋ᠢ ᠨᠢ ᠤᠨᠤᠶ᠎ᠠ ᠭᠡᠵᠦ
ᠦᠰᠦᠷᠦᠨ ᠬᠠᠷᠠᠢᠵᠤ ᠢᠷᠡᠭᠡᠳ
ᠲᠡᠷᠡ ᠤᠨᠤᠬᠤ ᠪᠠᠷ ᠪᠣᠯᠪᠠ᠃
ᠠᠷᠪᠠᠨ ᠵᠦᠭ ᠦ᠋ᠨ ᠡᠷᠡᠴᠦᠳ ᠢᠷᠡᠵᠦ
ᠠᠭᠲᠠ ᠬᠦᠯᠦᠭ ᠢ᠋ ᠨᠢ ᠤᠨᠤᠭᠠᠳ
ᠣᠷᠣᠯᠳᠣᠬᠤ ᠪᠠᠷ ᠶᠠᠪᠤᠬᠤ ᠦᠶ᠎ᠡ ᠳ᠋ᠦ᠍
ᠮᠢᠯ ᠤᠯᠠᠭᠠᠨ ᠬᠦᠦ᠄
《ᠮᠠᠨ ᠤ᠋ ᠬᠣᠶᠠᠷ ᠬᠦᠯᠦᠭ ᠦ᠋ᠨ ᠨᠢᠷᠤᠭᠤᠨ ᠳ᠋ᠤ᠌
ᠭᠤᠷᠪᠠ ᠭᠤᠷᠪᠠᠨ ᠲᠠᠭᠠᠷ ᠡᠯᠡᠰᠦ ᠲᠡᠩᠨᠡᠭᠡᠳ ᠶᠠᠪᠤ》 ᠭᠡᠬᠦ ᠳ᠋ᠦ᠍᠂
ᠬᠡᠯᠡᠭᠰᠡᠨ ᠶᠣᠰᠣᠭᠠᠷ ᠨᠢ ᠲᠡᠩᠨᠡᠭᠡᠳ
ᠤᠬᠤᠰᠬᠢᠨ ᠳᠠᠪᠬᠢᠯᠴᠠᠵᠠᠭᠠᠪᠠ᠃
ᠠᠷᠪᠠᠨ ᠵᠦᠭ ᠦ᠋ᠨ ᠡᠷᠡᠴᠦᠳ
ᠭᠤᠷᠪᠠᠨ ᠵᠢᠯ ᠦ᠋ᠨ ᠴᠢᠨᠠᠳᠤ ᠳ᠋ᠤ᠌ ᠬᠦᠷᠬᠦ ᠳ᠋ᠦ᠍
ᠵᠡᠭᠡᠷ᠎ᠡ ᠶ᠋ᠢᠨ ᠰᠢᠯᠪᠢ ᠲᠡᠢ
ᠵᠡᠰ ᠬᠣᠩᠰᠢᠶᠠᠷᠲᠤ ᠨᠢ
ᠵᠡᠭᠳᠡᠯ ᠴᠠᠭᠠᠨ ᠮᠣᠷᠢ ᠶ᠋ᠢ ᠤᠨᠤᠵᠤ ᠣᠴᠢᠭᠠᠳ᠂
《ᠲᠠᠨ ᠤ᠋ ᠮᠣᠷᠢ ᠡᠢᠮᠦ ᠤᠳᠠᠭᠠᠨ ᠤᠤ?
ᠪᠢ ᠢᠷᠡᠭᠡᠳ ᠭᠤᠷᠪᠠᠨ ᠰᠠᠷ᠎ᠠ ᠪᠣᠯᠵᠤ ᠪᠠᠢᠨ᠎ᠠ!》 ᠭᠡᠵᠦ
ᠮᠣᠷᠢ ᠪᠠᠨ ᠲᠣᠭᠲᠠᠭᠠᠵᠤ ᠶᠠᠳᠠᠨ ᠪᠠᠢᠵᠤ
ᠨᠠᠷᠠ ᠶ᠋ᠢ ᠨᠢᠭᠡ ᠪᠤᠷᠤᠭᠤ ᠡᠷᠭᠢᠭᠡᠳ
ᠴᠠᠭᠠᠨ ᠬᠤᠢ ᠪᠣᠯᠤᠨ ᠣᠳᠪᠠ᠃
ᠭᠤᠷᠪᠠᠨ ᠰᠠᠷ᠎ᠠ ᠶ᠋ᠢᠨ ᠬᠣᠢᠨ᠎ᠠ ᠭᠠᠷᠤᠭᠠᠳ
ᠴᠡᠩᠭᠡᠯ᠂ ᠮᠢᠯ ᠤᠯᠠᠭᠠᠨ ᠬᠣᠶᠠᠷ ᠬᠦᠯᠦᠭ
ᠵᠡᠭᠳᠡᠯ ᠴᠠᠭᠠᠨ ᠮᠣᠷᠢ ᠶ᠋ᠢ ᠭᠦᠢᠴᠡᠨ ᠬᠦᠷᠬᠦ ᠳ᠋ᠦ᠍
ᠠᠷᠪᠠᠨ ᠵᠦᠭ ᠦ᠋ᠨ ᠡᠷᠡᠴᠦᠳ
ᠡᠮᠦᠨᠡᠭᠦᠷ ᠨᠢ ᠭᠠᠷᠤᠭᠠᠳ
ᠭᠤᠷᠪᠠ ᠭᠤᠷᠪᠠᠨ ᠲᠠᠭᠠᠷ ᠡᠯᠡᠰᠦ ᠪᠡᠨ
ᠠᠰᠬᠠᠴᠢᠬᠠᠭᠠᠳ ᠳᠠᠪᠬᠢᠭᠤᠯᠪᠠ᠃
ᠴᠡᠩᠭᠡᠯ᠂ ᠮᠢᠯ ᠤᠯᠠᠭᠠᠨ ᠬᠣᠶᠠᠷ
ᠡᠮᠦᠨᠡᠰᠢ ᠭᠤᠷᠪᠠ ᠭᠤᠷᠪᠠ ᠠᠯᠬᠤᠭᠠᠳ ᠵᠣᠭᠰᠣᠪᠠ᠃
ᠲᠩᠷᠢ ᠶ᠋ᠢᠨ ᠬᠠᠢᠷᠠᠲᠤ ᠪᠥᠬᠡ ᠬᠠᠷ᠎ᠠ ᠬᠥᠬᠥᠯ ᠪᠠᠭᠠᠲᠤᠷ ᠨᠢ᠄
《ᠮᠢᠨᠦ ᠬᠦᠨᠳᠦ ᠬᠥᠯᠲᠦ ᠬᠦᠯᠦᠭ ᠦ᠋ᠨ ᠠᠨᠢᠷ ᠮᠥᠨ ᠪᠠᠢᠨ᠎ᠠ!
ᠮᠢᠨᠦ ᠬᠦᠨᠳᠦ ᠬᠥᠯᠲᠦ ᠬᠦᠯᠦᠭ ᠦ᠋ᠨ ᠲᠣᠭᠣᠰᠣ ᠮᠥᠨ ᠪᠠᠢᠨ᠎ᠠ》 ᠭᠡᠵᠦ ᠬᠡᠯᠡᠭᠡᠳ
ᠡᠮᠦᠨᠡᠰᠢ ᠭᠤᠷᠪᠠ ᠠᠯᠬᠤᠭᠠᠳ ᠵᠣᠭᠰᠣᠪᠠ᠃
ᠴᠡᠩᠭᠡᠯ᠂ ᠮᠢᠯ ᠤᠯᠠᠭᠠᠨ ᠬᠣᠶᠠᠷ ᠤ᠋ᠨ
ᠬᠦᠨᠳᠦ ᠬᠥᠯᠲᠦ ᠬᠦᠯᠦᠭ ᠤᠳ ᠨᠢ
ᠨᠢᠰᠦᠭᠡᠳ ᠬᠦᠷᠦᠭᠡᠳ ᠢᠷᠡᠪᠡ᠃
ᠠᠯᠲᠠᠨ ᠪᠤᠭᠤ ᠶ᠋ᠢᠨ ᠠᠷᠠᠰᠤᠨ ᠳᠡᠭᠡᠰᠦ ᠶ᠋ᠢ
ᠠᠩᠭᠠᠯᠵᠠᠭᠴᠢ ᠠᠮᠠᠨ ᠬᠦᠵᠦᠭᠦᠨ ᠳ᠋ᠦ᠋ᠨᠢ
ᠴᠢᠪᠬᠢᠲᠡᠯ᠎ᠡ ᠬᠢᠭᠡᠳ ᠪᠠᠷᠢᠭᠠᠳ ᠠᠪᠤᠪᠠ᠃
ᠲᠩᠷᠢ ᠶ᠋ᠢᠨ ᠬᠠᠢᠷᠠᠲᠤ ᠪᠥᠬᠡ
ᠬᠠᠷ᠎ᠠ ᠬᠥᠬᠥᠯ ᠪᠠᠭᠠᠲᠤᠷ ᠤ᠋ᠨ
ᠬᠦᠨᠳᠦ ᠬᠥᠯᠲᠦ ᠬᠦᠯᠦᠭ ᠨᠢ ᠵᠣᠭᠰᠣᠴᠢᠭᠠᠳ
ᠵᠡᠭᠡᠷ᠎ᠡ ᠶ᠋ᠢᠨ ᠰᠢᠯᠪᠢ ᠲᠡᠢ
ᠵᠡᠰ ᠬᠣᠩᠰᠢᠶᠠᠷᠲᠤ ᠨᠢ
ᠵᠡᠭᠳᠡᠯ ᠴᠠᠭᠠᠨ ᠮᠣᠷᠢᠨ ᠤ᠋ ᠲᠣᠯᠣᠭᠠᠢ ᠶ᠋ᠢ
ᠡᠬᠢ ᠦᠭᠡᠢ ᠰᠢᠪᠬᠠᠳᠠᠭᠠᠳ
ᠨᠢᠯᠪᠤᠰᠤ ᠨᠢ ᠭᠣᠭᠣᠵᠢᠭᠠᠳ
ᠨᠢᠰᠦ ᠲᠡᠢ ᠪᠡᠨ ᠨᠡᠢᠯᠡᠭᠡᠳ
ᠨᠢᠰᠦ ᠨᠢ ᠭᠣᠭᠣᠵᠢᠵᠤ
ᠰᠢᠯᠦᠰᠦ ᠲᠡᠢ ᠪᠡᠨ ᠨᠡᠢᠯᠡᠭᠡᠳ
ᠣᠷᠢᠯᠠᠵᠤ ᠪᠠᠷᠬᠢᠷᠠᠵᠤ ᠬᠦᠷᠴᠦ ᠢᠷᠡᠪᠡ᠃
ᠨᠢᠭᠡ ᠠᠲᠠᠭ᠎ᠠ ᠮᠠᠷᠭᠤᠭ᠎ᠠ ᠶ᠋ᠢ
ᠴᠡᠩᠭᠡᠯ ᠬᠦᠦ ᠠᠪᠤᠪᠠ ᠭᠡᠨ᠎ᠡ᠃
* * *
ᠭᠤᠷᠪᠠᠨ ᠵᠢᠯ ᠦ᠋ᠨ ᠭᠠᠵᠠᠷ ᠲᠤ᠌
ᠥᠨᠥᠴᠢᠨ ᠰᠡᠭᠦᠵᠢ ᠶ᠋ᠢᠨ ᠶᠠᠰᠤ ᠲᠠᠯᠪᠢᠭᠠᠳ
ᠰᠡᠭᠦᠵᠢ ᠶ᠋ᠢᠨ ᠨᠦᠬᠡ ᠪᠡᠷ ᠨᠡᠪᠲᠡ ᠬᠠᠷᠪᠤᠬᠤ ᠪᠣᠯᠵᠤ
ᠲᠩᠷᠢ ᠶ᠋ᠢᠨ ᠬᠠᠢᠷᠠᠲᠤ ᠪᠥᠬᠡ
ᠬᠠᠷ᠎ᠠ ᠬᠥᠬᠥᠯ ᠪᠠᠭᠠᠲᠤᠷ ᠢᠷᠡᠵᠦ
ᠬᠠᠷᠪᠤᠭ᠎ᠠ ᠬᠠᠷᠪᠤᠬᠤ ᠳ᠋ᠤ᠌
ᠰᠤᠮᠤ ᠨᠢ ᠭᠤᠷᠪᠠᠨ ᠰᠠᠷ᠎ᠠ ᠶ᠋ᠢᠨ ᠭᠠᠵᠠᠷ ᠬᠦᠷᠦᠭᠡᠳ
ᠰᠤᠯᠠᠷᠠᠵᠤ ᠳᠣᠷᠣᠭᠰᠢ ᠤᠨᠠᠪᠠ ᠭᠡᠨ᠎ᠡ᠃
《ᠴᠡᠩᠭᠡᠯ ᠳᠡᠭᠦᠦ ᠮᠢᠨᠢ ᠴᠢ
ᠰᠠᠢᠨ ᠬᠠᠷᠠᠵᠤ ᠪᠠᠢᠭᠠᠷᠠᠢ
ᠠᠯᠤᠰ ᠲᠤ᠌ ᠪᠤᠰᠬᠠᠭᠰᠠᠨ ᠰᠡᠭᠦᠵᠢ ᠶ᠋ᠢ
ᠠᠬ᠎ᠠ ᠨᠢ ᠪᠢ ᠬᠠᠷᠪᠤᠶ᠎ᠠ!》 ᠭᠡᠵᠦ ᠬᠡᠯᠡᠭᠡᠳ
ᠮᠢᠯ ᠤᠯᠠᠭᠠᠨ ᠪᠣᠰᠴᠤ ᠢᠷᠡᠭᠡᠳ
ᠬᠠᠷᠪᠤᠭ᠎ᠠ ᠬᠠᠷᠪᠤᠬᠤ ᠳ᠋ᠤ᠌ ᠰᠤᠮᠤ ᠨᠢ
ᠭᠤᠷᠪᠠᠨ ᠵᠢᠯ ᠦ᠋ᠨ ᠭᠠᠵᠠᠷ ᠲᠤ᠌ ᠪᠠᠢᠭ᠎ᠠ
ᠥᠨᠥᠴᠢᠨ ᠰᠡᠭᠦᠵᠢᠨ ᠶᠠᠰᠤᠨ ᠤ᠋
ᠥᠴᠦᠬᠡᠨ ᠨᠦᠬᠡᠨ ᠦ᠌ ᠳᠤᠮᠳᠠᠭᠤᠷ ᠭᠠᠷᠤᠭᠠᠳ
ᠲᠦᠮᠡᠨ ᠲᠡᠮᠡᠭᠡᠨ ᠦ᠌ ᠳᠤᠮᠳᠠ
ᠲᠦᠢᠮᠡᠷ ᠪᠤᠲᠠᠷᠠᠨ ᠲᠣᠰᠴᠢᠬᠠᠪᠠ ᠭᠡᠨ᠎ᠡ᠃
ᠬᠣᠶᠠᠳᠠᠬᠢ ᠮᠠᠷᠭᠤᠭ᠎ᠠ ᠶ᠋ᠢ ᠪᠠᠰᠠ ᠯᠠ
ᠴᠡᠩᠭᠡᠯ ᠬᠦᠦ ᠣᠯᠪᠠ᠃
* * *
— — — —
① ᠪᠤᠲᠤᠩ – ᠡᠷ᠎ᠡ ᠵᠡᠷᠯᠢᠭ ᠭᠠᠬᠠᠢ
ᠡᠴᠢᠭᠡ ᠡᠬᠡ ᠶ᠋ᠢᠨ ᠥᠭᠭᠦᠭᠰᠡᠨ
ᠡᠭᠡᠮ ᠳᠠᠯᠤ ᠪᠠᠷ ᠪᠣᠯᠤᠯᠴᠠᠳᠠᠭ
ᠡᠴᠦᠰ ᠦ᠋ᠨ ᠨᠢᠭᠡᠨ ᠮᠠᠷᠭᠤᠭ᠎ᠠ ᠡᠬᠢᠯᠡᠬᠦ ᠳ᠋ᠦ᠍᠄
《ᠴᠡᠩᠭᠡᠯ ᠳᠡᠭᠦᠦ ᠮᠢᠨᠢ ᠴᠢ
ᠡᠨᠳᠡ ᠠᠮᠠᠷᠠᠵᠤ ᠪᠠᠢᠭᠠᠷᠠᠢ
ᠲᠩᠷᠢ ᠶ᠋ᠢᠨ ᠬᠠᠢᠷᠠᠲᠤ ᠪᠥᠬᠡ ᠲᠡᠢ
ᠠᠬ᠎ᠠ ᠨᠢ ᠡᠨᠳᠡ ᠠᠪᠤᠯᠴᠠᠶᠠ!》 ᠭᠡᠵᠦ
ᠮᠢᠯ ᠤᠯᠠᠭᠠᠨ ᠬᠡᠯᠡᠭᠡᠳ
ᠮᠠᠭᠰᠢᠵᠤ ᠬᠦᠷᠵᠦ ᠣᠴᠢᠭᠠᠳ
ᠲᠩᠷᠢ ᠶ᠋ᠢᠨ ᠬᠠᠢᠷᠠᠲᠤ ᠪᠥᠬᠡ ᠶ᠋ᠢ
ᠲᠡᠪᠡᠷᠢᠨ ᠪᠠᠷᠢᠵᠤ ᠠᠪᠤᠭᠠᠳ
ᠲᠩᠷᠢ ᠶ᠋ᠢᠨ ᠣᠳᠣ ᠲᠣᠭᠠᠯᠠᠨ ᠡᠷᠭᠢᠭᠦᠯᠵᠦ
ᠭᠠᠵᠠᠷ ᠤ᠋ᠨ ᠦᠨᠳᠦᠰᠦ ᠲᠣᠭᠠᠯᠠᠨ ᠡᠷᠭᠢᠭᠦᠯᠵᠦ
ᠡᠷᠭᠢᠭᠦᠯᠵᠦ ᠡᠷᠭᠢᠭᠦᠯᠵᠦ ᠡᠷᠡᠬᠡᠢ ᠶ᠋ᠢᠨ ᠴᠢᠨᠡᠭᠡ ᠪᠣᠯᠭᠠᠵᠤ
ᠬᠤᠮᠢᠵᠤ ᠬᠤᠮᠢᠵᠤ ᠬᠤᠷᠤᠭᠤᠪᠴᠢ ᠶ᠋ᠢᠨ ᠴᠢᠨᠡᠭᠡ ᠪᠣᠯᠭᠠᠵᠤ ᠬᠠᠶᠠᠭᠠᠳ
ᠴᠡᠭᠡᠵᠢᠨ ᠳᠡᠭᠡᠷ᠎ᠡ ᠨᠢ ᠰᠠᠭᠤᠵᠤ
ᠰᠢᠩᠭᠡᠨ ᠳᠠᠭᠤ ᠶ᠋ᠢ ᠨᠢ ᠭᠠᠷᠭᠠᠭᠠᠳ
ᠬᠠᠷ᠎ᠠ ᠲᠣᠩᠭᠣᠷᠠᠭ ᠢ᠋ᠶ᠋ᠠᠨ ᠭᠠᠷᠭᠠᠵᠤ
ᠬᠦᠵᠦᠭᠦᠨ ᠳᠡᠭᠡᠷ᠎ᠡ ᠨᠢ ᠬᠦᠷᠭᠡᠲᠡᠯᠡ
ᠠᠭᠤᠯᠠ ᠶ᠋ᠢᠨ ᠴᠢᠨᠡᠭᠡ ᠴᠣᠬᠣᠷ ᠮᠣᠷᠢ ᠨᠢ
ᠨᠢᠰᠦᠨ ᠭᠦᠶᠦᠵᠦ ᠬᠦᠷᠴᠦ ᠢᠷᠡᠭᠡᠳ᠄
《ᠡᠭᠦᠨ ᠢ᠋ ᠠᠯᠠᠭᠠᠳ ᠶᠠᠭᠤ ᠬᠢᠨ᠎ᠡ?
ᠨᠠᠢᠷ ᠬᠤᠷᠢᠮ ᠲᠠᠯᠪᠢᠬᠤ ᠪᠠᠨ ᠶᠠᠭᠠᠬᠢᠯ᠎ᠠ
ᠨᠠᠷᠠᠨ ᠽᠠᠨᠳᠠᠨ ᠠᠪᠠᠬᠠᠢ ᠪᠠᠨ ᠵᠠᠯᠠᠬᠤ ᠪᠠᠨ ᠶᠠᠭᠠᠬᠢᠯ᠎ᠠ!
ᠳᠡᠭᠦᠦ ᠪᠡᠨ ᠬᠢᠵᠦ ᠠᠪᠤᠭᠠᠳ
ᠮᠣᠷᠢ ᠪᠠᠨ ᠤᠶᠠᠭᠤᠯᠵᠤ
ᠮᠣᠳᠣ ᠪᠠᠨ ᠬᠤᠭᠤᠯᠤᠭᠤᠯᠬᠤ ᠪᠠᠨ ᠶᠠᠭᠠᠬᠢᠯ᠎ᠠ!》ᠭᠡᠵᠦ ᠬᠡᠯᠡᠬᠦ ᠳ᠋ᠦ᠍᠄
《ᠡᠪᠡᠰᠦᠨ ᠢᠳᠡᠭᠡᠲᠦ ᠮᠠᠯ ᠢᠩᠭᠢᠵᠦ ᠪᠠᠢᠬᠤ ᠳ᠋ᠤ᠌
ᠡᠷ᠎ᠡ ᠲᠥᠷᠥᠭᠰᠡᠨ ᠪᠢᠳᠡ ᠬᠣᠶᠠᠷ ᠶᠠᠭᠠᠬᠢᠯ᠎ᠠ ᠳᠠ!》 ᠭᠡᠵᠦ
ᠠᠷᠤ ᠶ᠋ᠢᠨ ᠰᠢᠷᠣᠢ ᠪᠠᠨ ᠭᠦᠪᠢᠭᠡᠳ
ᠠᠬ᠎ᠠ ᠳᠡᠭᠦᠦ ᠭᠤᠷᠪᠠ ᠪᠣᠯᠪᠠ᠃
* * *
ᠴᠢᠩ ᠵᠣᠷᠢᠭᠲᠤ ᠬᠦᠦ
ᠡᠷ᠎ᠡ ᠶ᠋ᠢᠨ ᠭᠤᠷᠪᠠᠨ ᠮᠠᠷᠭᠤᠭ᠎ᠠ ᠣᠯᠵᠤ
ᠨᠠᠢᠷ ᠬᠤᠷᠢᠮ ᠢ᠋ᠶ᠋ᠠᠨ ᠬᠢᠵᠦ
ᠨᠠᠷᠠᠨ ᠽᠠᠨᠳᠠᠨ ᠠᠪᠠᠬᠠᠢ ᠪᠠᠨ ᠵᠠᠯᠠᠪᠠ᠃
ᠬᠠᠨ ᠪᠤᠭᠤᠷᠤᠯ ᠠᠪᠤ ᠨᠢ ᠬᠡᠯᠡᠪᠡ᠄
《ᠬᠡᠦᠬᠡᠨ ᠮᠢᠨᠢ ᠴᠢ ᠳᠤᠷᠠᠲᠠᠢ ᠪᠠᠨ ᠬᠡᠯᠡ
ᠠᠯᠪᠠᠲᠤ ᠬᠣᠰᠢᠭᠤᠨ ᠠ᠋ᠴᠠ ᠪᠠᠨ ᠶᠠᠭᠤ ᠠᠪᠤᠨ᠎ᠠ ᠪᠣᠢ?
ᠠᠳᠤᠭᠤ ᠮᠠᠯ ᠠ᠋ᠴᠠ ᠪᠠᠨ ᠶᠠᠭᠤ ᠠᠪᠤᠨ᠎ᠠ ᠪᠣᠢ?
ᠨᠠᠷᠠᠨ ᠽᠠᠨᠳᠠᠨ ᠠᠪᠠᠬᠠᠢ ᠬᠡᠯᠡᠪᠡ ᠄
《ᠠᠯᠪᠠᠲᠤ ᠬᠣᠰᠢᠭᠤᠨ ᠤ᠋ ᠪᠠᠨ ᠳᠣᠲᠣᠷ᠎ᠠ ᠠ᠋ᠴᠠ
ᠬᠡᠦᠬᠡᠳ ᠢ᠋ ᠨᠢ ᠴᠤᠭᠯᠠᠭᠤᠯᠵᠤ ᠥᠭ!
ᠠᠳᠤᠭᠤ ᠮᠠᠯ ᠤ᠋ᠨ ᠢ᠋ᠶ᠋ᠠᠨ ᠳᠣᠲᠣᠷ᠎ᠠ ᠠ᠋ᠴᠠ
ᠲᠥᠯ ᠢ᠋ ᠨᠢ ᠴᠤᠭᠯᠠᠭᠤᠯᠵᠤ ᠥᠭ!》
ᠠᠯᠪᠠᠲᠤ ᠶ᠋ᠢᠨ ᠢ᠋ᠶ᠋ᠡᠨ ᠳᠣᠲᠣᠷ᠎ᠠ ᠠ᠋ᠴᠠ
ᠬᠡᠦᠬᠡᠳ ᠢ᠋ ᠴᠤᠭᠯᠠᠭᠤᠯᠵᠤ ᠥᠭᠪᠡ᠂
ᠠᠳᠤᠭᠤ ᠮᠠᠯ ᠤ᠋ᠨ ᠢ᠋ᠶ᠋ᠠᠨ ᠳᠣᠲᠣᠷ᠎ᠠ ᠠ᠋ᠴᠠ
ᠲᠥᠯ ᠢ᠋ ᠨᠢ ᠴᠤᠭᠯᠠᠭᠤᠯᠵᠤ ᠥᠭᠪᠡ᠃
ᠬᠡᠦᠬᠡᠳ ᠢ᠋ ᠨᠢ ᠠᠪᠤᠭᠠᠳ ᠶᠠᠪᠤᠬᠤ ᠳ᠋ᠤ᠌
ᠠᠯᠪᠠᠲᠤ ᠨᠢ ᠤᠬᠢᠯᠠᠨ ᠳᠠᠭᠠᠭᠠᠳ ᠶᠠᠪᠤᠪᠠ᠃
ᠲᠥᠯ ᠢ᠋ ᠨᠢ ᠬᠥᠭᠡᠭᠡᠳ ᠶᠠᠪᠤᠬᠤ ᠳ᠋ᠤ᠌
ᠠᠳᠤᠭᠤ ᠮᠠᠯ ᠨᠢ ᠳᠠᠭᠠᠭᠠᠳ ᠶᠠᠪᠤᠪᠠ᠃
ᠠᠯᠪᠠᠲᠤ ᠬᠥᠮᠦᠨ ᠦᠷ᠎ᠡ ᠶ᠋ᠢᠨ ᠢ᠋ᠶ᠋ᠡᠨ
ᠠᠷᠤ ᠠ᠋ᠴᠠ ᠳᠠᠭᠠᠳᠠᠭ ᠪᠠᠢᠲᠠᠯ᠎ᠠ
ᠠᠳᠠᠭ ᠤ᠋ᠨ ᠡᠪᠡᠰᠦᠨ ᠲᠡᠵᠢᠭᠡᠯᠲᠦ ᠮᠠᠯ
ᠲᠥᠯ ᠦ᠋ᠨ ᠢ᠋ᠶ᠋ᠡᠨ ᠬᠣᠢᠨ᠎ᠠ ᠠ᠋ᠴᠠ ᠳᠠᠭᠠᠳᠠᠭ ᠪᠠᠢᠲᠠᠯ᠎ᠠ
ᠨᠠᠰᠤᠲᠠᠢ ᠪᠢᠳᠡ ᠬᠣᠶᠠᠷ
ᠨᠠᠷᠠᠨ ᠽᠠᠨᠳᠠᠨ ᠠᠪᠠᠬᠠᠢ ᠪᠠᠨ
ᠶᠡᠷᠡ ᠶᠢᠰᠦᠨ ᠵᠢᠯ ᠦ᠋ᠨ ᠭᠠᠵᠠᠷ ᠶᠠᠪᠤᠭᠤᠯᠤᠭᠠᠳ
ᠠᠳᠠ ᠶᠠᠭᠠᠬᠢᠵᠤ ᠰᠠᠭᠤᠬᠤ ᠪᠣᠢ ᠭᠡᠳ
ᠪᠠᠳᠮ᠎ᠠ ᠭᠡᠷᠡᠯ ᠬᠠᠨ ᠤ᠋ ᠬᠢᠨ
ᠪᠦᠭᠦᠳᠡᠭᠡᠷ ᠢ᠋ᠶ᠋ᠡᠨ ᠳᠠᠭᠠᠵᠤ ᠨᠡᠭᠦᠭᠡᠳ ᠶᠠᠪᠤᠪᠠ᠃
* * *
ᠠᠬ᠎ᠠ ᠳᠡᠭᠦᠦ ᠭᠤᠷᠪᠠᠭᠤᠯᠠ
ᠪᠠᠳᠮ᠎ᠠ ᠭᠡᠷᠡᠯ ᠬᠠᠨ ᠢ᠋ ᠨᠡᠭᠦᠯᠭᠡᠵᠦ ᠶᠠᠪᠤᠭᠠᠳ
ᠬᠤᠤᠷᠠᠨ ᠱᠣᠣ ᠳᠠᠯᠠᠢ ᠶ᠋ᠢ ᠭᠡᠲᠦᠯᠦᠨ
ᠬᠣᠣᠷᠲᠠᠨ ᠶᠡᠬᠡ ᠳᠠᠢᠰᠤᠨ ᠠ᠋ᠴᠠ ᠭᠠᠷᠭᠠᠴᠢᠬᠠᠭᠠᠳ
ᠮᠢᠯ ᠤᠯᠠᠭᠠᠨ ᠬᠡᠯᠡᠪᠡ ᠄
《ᠴᠡᠩᠭᠡᠯ ᠪᠡᠳᠡ ᠬᠣᠶᠠᠷ
ᠠᠯᠲᠠᠨ ᠡᠭᠡᠮᠦᠭ ᠢ᠋ᠶ᠋ᠡᠨ ᠰᠣᠯᠢᠵᠤ ᠶᠠᠪᠤᠶ᠎ᠠ!
ᠴᠢ ᠰᠠᠢᠨ ᠶᠠᠪᠤᠵᠤ ᠪᠠᠢᠪᠠᠯ
ᠴᠢᠨᠦ ᠠᠯᠲᠠᠨ ᠡᠭᠡᠮᠦᠭ
ᠮᠢᠨᠦ ᠴᠢᠬᠢᠨ ᠳ᠋ᠦ᠍ ᠰᠠᠢᠨ ᠥᠩᠭᠡ ᠭᠠᠷᠤᠨ᠎ᠠ᠃
ᠴᠢ ᠮᠠᠭᠤ ᠶᠠᠪᠤᠵᠤ ᠪᠠᠢᠪᠠᠯ
ᠴᠢᠨᠦ ᠠᠯᠲᠠᠨ ᠡᠭᠡᠮᠦᠭ
ᠮᠢᠨᠦ ᠴᠢᠬᠢᠨ ᠳ᠋ᠦ᠍ ᠮᠠᠭᠤ ᠥᠩᠭᠡ ᠭᠠᠷᠤᠨ᠎ᠠ᠃
ᠪᠢ ᠰᠠᠢᠨ ᠶᠠᠪᠤᠵᠤ ᠪᠠᠢᠪᠠᠯ
ᠮᠢᠨᠦ ᠠᠯᠲᠠᠨ ᠡᠭᠡᠮᠦᠭ
ᠴᠢᠨᠦ ᠴᠢᠬᠢᠨ ᠳ᠋ᠦ᠍ ᠰᠠᠢᠨ ᠥᠩᠭᠡ ᠭᠠᠷᠤᠨ᠎ᠠ᠃
ᠪᠢ ᠮᠠᠭᠤ ᠶᠠᠪᠤᠵᠤ ᠪᠠᠢᠪᠠᠯ
ᠮᠢᠨᠦ ᠠᠯᠲᠠᠨ ᠡᠭᠡᠮᠦᠭ
ᠴᠢᠨᠦ ᠴᠢᠬᠢᠨ ᠳ᠋ᠦ᠍ ᠮᠠᠭᠤ ᠥᠩᠭᠡ ᠭᠠᠷᠤᠨ᠎ᠠ᠃
ᠴᠢ ᠪᠢᠳᠡ ᠬᠣᠶᠠᠷ
ᠰᠠᠢᠨ ᠮᠠᠭᠤ ᠶᠠᠪᠤᠵᠤ ᠪᠠᠢᠬᠤ ᠪᠠᠨ
ᠠᠯᠲᠠᠨ ᠡᠭᠡᠮᠦᠭ ᠢ᠋ᠶ᠋ᠡᠷ ᠢ᠋ᠶ᠋ᠡᠨ ᠮᠡᠳᠡᠯᠴᠡᠶᠡ!》 ᠭᠡᠵᠦ ᠬᠡᠯᠡᠭᠡᠳ
ᠡᠭᠡᠮᠦᠭ ᠢ᠋ᠶ᠋ᠡᠨ ᠰᠣᠯᠢᠵᠤ ᠵᠡᠭᠦᠭᠡᠳ
ᠮᠢᠯ ᠤᠯᠠᠭᠠᠨ ᠨᠤᠲᠤᠭ ᠲᠠᠭᠠᠨ ᠪᠤᠴᠠᠪᠠ᠃
ᠲᠡᠭᠡᠭᠡᠳ ᠴᠡᠩᠭᠡᠯ ᠬᠡᠯᠡᠪᠡ ᠄
《ᠲᠡᠭᠷᠢ ᠶ᠋ᠢᠨ ᠬᠠᠢᠷᠠᠲᠤ ᠪᠥᠬᠡ
ᠬᠠᠷ᠎ᠠ ᠬᠥᠬᠥᠯ ᠪᠠᠭᠠᠲᠤᠷ ᠴᠢ
ᠪᠠᠳᠮ᠎ᠠ ᠭᠡᠷᠡᠯ ᠬᠠᠨ ᠢ᠋ ᠨᠡᠭᠦᠯᠭᠡᠵᠦ
ᠳᠠᠭᠠᠭᠠᠳ ᠶᠠᠪᠤᠵᠤ ᠪᠠᠢᠭᠠᠷᠠᠢ!
ᠪᠢ ᠤᠷᠢᠳᠠ ᠪᠠᠷ ᠣᠷᠣᠨ ᠨᠤᠲᠤᠭ ᠲᠠᠭᠠᠨ ᠣᠴᠢᠭᠠᠳ
ᠨᠠᠢᠷ ᠬᠤᠷᠢᠮ ᠢ᠋ᠶ᠋ᠠᠨ ᠲᠥᠬᠥᠭᠡᠷᠦᠶᠡ 》 ᠭᠡᠳ
ᠲᠦᠷᠦᠭᠦᠯᠡᠨ ᠭᠦᠶᠦᠯᠭᠡᠵᠦ ᠶᠠᠪᠤᠪᠠ ᠃
* * *
ᠴᠢᠩ ᠵᠣᠷᠢᠭᠲᠤ ᠪᠠᠭᠠᠲᠤᠷ
ᠴᠡᠩᠭᠡᠯ ᠬᠦᠦ ᠶ᠋ᠢᠨ ᠬᠠᠷᠢᠬᠤ ᠳ᠋ᠤ᠌
ᠪᠣᠮᠪᠣᠯᠠᠢ ᠴᠠᠭᠠᠨ ᠥᠷᠭᠥᠭᠡ ᠨᠢ
ᠪᠦᠭᠦᠳᠡ ᠲᠠᠭ ᠴᠢᠭ ᠨᠣᠷᠠᠴᠢᠬᠠᠭᠠᠳ
ᠥᠷᠭᠥᠭᠡ ᠶ᠋ᠢᠨ ᠰᠠᠭᠤᠷᠢ ᠳᠡᠭᠡᠷ᠎ᠡ ᠨᠢ
ᠥᠨᠳᠥᠷ ᠡᠪᠡᠰᠦ ᠤᠷᠭᠤᠵᠠᠢ᠃
ᠬᠠᠷᠠᠵᠤ ᠠᠵᠢᠭᠯᠠᠭᠠᠳ ᠦᠵᠡᠬᠦ ᠳ᠋ᠦ᠍
ᠬᠠᠷᠠᠭᠳᠠᠬᠤ ᠶᠠᠭᠤᠮ᠎ᠠ ᠠᠯᠠᠭ᠎ᠠ ᠪᠠᠢᠪᠠ᠃
ᠬᠥᠬᠡ ᠮᠥᠩᠭᠥᠨ ᠰᠢᠯᠢ ᠳ᠋ᠦ᠍ ᠭᠠᠷᠴᠤ ᠬᠠᠷᠠᠬᠤ ᠳ᠋ᠤ᠌
ᠬᠤᠤᠷᠠᠨ ᠱᠣᠣ ᠳᠠᠯᠠᠢ ᠶ᠋ᠢᠨ ᠬᠥᠪᠡᠭᠡᠨ ᠳ᠋ᠦ᠍
ᠡᠪᠦᠭᠡᠨ ᠡᠮᠡᠭᠡᠨ ᠬᠣᠶᠠᠷ ᠵᠢᠭᠠᠰᠤ ᠱᠦᠭᠦᠵᠦ ᠪᠠᠢᠪᠠ᠃
ᠬᠦᠦ ᠭᠦᠶᠦᠯᠭᠡᠵᠦ ᠶᠠᠪᠤᠭᠠᠳ
ᠬᠦᠷᠴᠦ ᠲᠡᠨᠳᠡ ᠣᠴᠢᠭᠠᠳ
ᠠᠮᠤᠷ ᠮᠡᠨᠳᠦ ᠪᠡᠨ ᠮᠡᠳᠡᠯᠴᠡᠭᠡᠳ
ᠠᠰᠠᠭᠤᠨ ᠰᠤᠷᠠᠵᠤ ᠬᠡᠯᠡᠭᠰᠡᠨ ᠨᠢ᠄
《ᠠᠪᠤ ᠡᠵᠢ ᠶᠠᠭᠠᠬᠢᠴᠢᠬᠠᠪᠠ?
ᠠᠯᠪᠠᠲᠤ ᠬᠣᠰᠢᠭᠤ ᠬᠠᠮᠢᠭ᠎ᠠ ᠶᠠᠪᠤᠪᠠ? 》 ᠭᠡᠬᠦ ᠳ᠋ᠦ᠍
ᠡᠪᠦᠭᠡᠨ ᠡᠮᠡᠭᠡᠨ ᠬᠣᠶᠠᠷ᠄
ᠵᠡᠭᠦᠨ ᠡᠮᠦᠨ᠎ᠡ ᠵᠦᠭ ᠲᠦ᠍
ᠠᠷᠪᠠᠨ ᠬᠣᠶᠠᠷ ᠲᠣᠯᠣᠭᠠᠢ ᠲᠠᠢ
ᠠᠲᠤᠭᠠᠷ ᠬᠠᠷ᠎ᠠ ᠮᠤᠤᠰ ①
ᠠᠪᠤᠭᠠᠳ ᠶᠠᠪᠤᠵᠤ ᠣᠳᠪᠠ 》 ᠭᠡᠵᠦ ᠬᠡᠯᠡᠵᠡᠢ᠃
ᠴᠡᠩᠭᠡᠯ ᠬᠦᠦ ᠲᠡᠳᠡᠨ ᠳ᠋ᠦ᠍
ᠪᠢᠲᠡᠭᠦᠦ ᠲᠤᠭᠤᠷᠠᠢᠲᠤ ᠬᠤᠯᠠᠨ
ᠪᠣᠰᠤᠭ᠎ᠠ ᠰᠤᠷ ᠲᠠᠢ ᠰᠢᠯᠦᠭᠦᠰᠦ
ᠬᠠᠷᠪᠤᠵᠤ ᠠᠯᠠᠵᠤ ᠥᠭᠭᠦᠭᠡᠳ
《ᠨᠤᠲᠤᠭ ᠳᠡᠭᠡᠷ᠎ᠡ ᠮᠢᠨᠢ ᠣᠴᠢᠭᠠᠳ
ᠨᠠᠰᠤᠲᠠᠢ ᠲᠠ ᠬᠣᠶᠠᠷ
ᠪᠣᠮᠪᠣᠯᠠᠢ ᠴᠠᠭᠠᠨ ᠭᠡᠷ ᠦ᠋ᠨ ᠮᠢᠨᠢ
ᠡᠪᠡᠰᠦ ᠶ᠋ᠢ ᠠᠷᠢᠯᠭᠠᠭᠠᠳ ᠰᠠᠭᠤᠵᠤ ᠪᠠᠢᠭᠠᠷᠠᠢ 》 ᠭᠡᠪᠡ᠃
* * *
ᠴᠢᠩ ᠵᠣᠷᠢᠭᠲᠤ ᠪᠠᠭᠠᠲᠤᠷ
ᠴᠡᠩᠭᠡᠯ ᠬᠦᠦ ᠶ᠋ᠢᠨ ᠬᠣᠯᠠ ᠶᠠᠪᠤᠬᠤ ᠭᠡᠲᠡᠯ᠎ᠡ
ᠬᠠᠰᠠᠭ ᠲᠣᠳᠬᠠᠢ ᠰᠢᠷᠭ᠎ᠠ ᠮᠣᠷᠢ ᠨᠢ ᠮᠠᠭᠤᠳᠠᠭᠠᠳ
ᠶᠠᠪᠤᠵᠤ ᠴᠢᠳᠠᠬᠤ ᠦᠭᠡᠢ ᠪᠠᠢᠪᠠ᠃
ᠨᠢᠭᠡ ᠲᠠᠲᠠᠭᠠᠳ ᠠᠪᠬᠤ ᠳ᠋ᠤ᠌
ᠨᠢᠭᠡᠨ ᠠᠯᠬᠤᠮ ᠶᠠᠪᠤᠵᠤ
ᠭᠤᠷᠪᠠ ᠲᠠᠲᠠᠭᠠᠳ ᠠᠪᠬᠤ ᠳ᠋ᠤ᠌
ᠮᠣᠷᠢ ᠨᠢ ᠲᠠᠭ ᠵᠣᠭᠰᠣᠪᠠ᠃
ᠴᠡᠩᠭᠡᠯ ᠬᠦᠦ ᠬᠠᠷᠠᠢᠵᠤ ᠪᠠᠭᠤᠭᠠᠳ᠄
《ᠴᠢ ᠶᠠᠭᠤᠨ ᠳ᠋ᠤ᠌ ᠶᠠᠪᠤᠬᠤ ᠦᠭᠡᠢ ᠪᠣᠢ? 》 ᠭᠡᠵᠦ
ᠮᠣᠷᠢ ᠠ᠋ᠴᠠ ᠪᠠᠨ ᠠᠰᠠᠭᠤᠬᠤ ᠳ᠋ᠤ᠌
《ᠴᠢ ᠬᠥᠮᠦᠨ ᠪᠣᠯᠤᠭᠰᠠᠨ ᠠ᠋ᠴᠠ ᠨᠡᠰᠢ
ᠶᠠᠪᠤᠭᠰᠠᠨ ᠭᠠᠵᠠᠷ ᠴᠢᠨᠢ ᠬᠡᠳᠦᠢ ᠪᠣᠢ
ᠪᠢ ᠬᠦᠯᠦᠭ ᠪᠣᠯᠤᠭᠰᠠᠨ ᠠ᠋ᠴᠠ ᠨᠠᠰᠢ
ᠢᠳᠡᠭᠰᠡᠨ ᠡᠪᠡᠰᠦ ᠮᠢᠨᠢ ᠬᠡᠳᠦᠢ ᠪᠣᠢ? 》 ᠭᠡᠪᠡ᠃
ᠬᠥᠳᠡᠭᠡ ᠶ᠋ᠢᠨ ᠴᠢᠨᠡᠭᠡ
ᠬᠥᠬᠡ ᠮᠥᠩᠭᠥᠨ ᠬᠡᠪᠢᠰ ᠢ᠋ᠶ᠋ᠡᠨ ᠠᠪᠴᠤ ᠳᠡᠪᠢᠰᠦᠭᠡᠳ
ᠬᠥᠲᠥᠯ ᠦ᠋ᠨ ᠴᠢᠨᠡᠭᠡ
ᠬᠥᠬᠡ ᠮᠥᠩᠭᠥᠨ ᠡᠮᠡᠭᠡᠯ ᠢ᠋ᠶ᠋ᠡᠨ ᠠᠪᠴᠤ ᠳᠡᠷᠡᠯᠡᠭᠡᠳ
ᠬᠠᠰᠠᠭ ᠲᠣᠳᠬᠠᠢ ᠮᠣᠷᠢ ᠪᠠᠨ
ᠬᠤᠯᠠᠨ ᠲᠠᠢ ᠨᠡᠢᠯᠡᠭᠦᠯᠦᠨ ᠬᠥᠭᠡᠭᠡᠳ
ᠰᠡᠷᠢᠳᠡᠭ ᠦᠭᠡᠢ ᠤᠨᠲᠠᠯᠲᠠ ᠪᠠᠷ ᠤᠨᠲᠠᠪᠠ ᠃
* * *
ᠮᠢᠯ ᠤᠯᠠᠭᠠᠨ ᠬᠦᠦ
ᠣᠷᠣᠨ ᠨᠤᠲᠤᠭ ᠲᠤ᠌ ᠪᠠᠨ ᠣᠴᠢᠭᠠᠳ ᠪᠠᠢᠬᠤ ᠳ᠋ᠤ᠌
ᠴᠡᠩᠭᠡᠯ ᠦ᠋ᠨ ᠠᠯᠲᠠᠨ ᠡᠭᠡᠮᠦᠭ
ᠵᠢᠭᠲᠡᠢ ᠮᠠᠭᠤ ᠥᠩᠭᠡ ᠭᠠᠷᠴᠤ ᠬᠠᠷᠠᠯᠠᠪᠠ᠃
ᠴᠡᠩᠭᠡᠯ ᠳᠡᠭᠦᠦ ᠪᠡᠨ ᠬᠠᠢᠭᠠᠳ②
ᠮᠢᠯ ᠤᠯᠠᠭᠠᠨ ᠢ᠋ ᠢᠷᠡᠬᠦ ᠳ᠋ᠦ᠍
ᠪᠣᠮᠪᠤᠯᠠᠢ ᠴᠠᠭᠠᠨ ᠥᠷᠭᠥᠭᠡ ᠳᠣᠲᠣᠷ᠎ᠠ ᠠ᠋ᠴᠠ
ᠲᠣᠬᠣᠢ ᠳ᠋ᠠᠭᠠᠨ ᠬᠦᠷᠲᠡᠯ᠎ᠡ ᠤᠯᠠᠢᠭᠰᠠᠨ ᠭᠠᠷ ᠲᠠᠢ
ᠡᠪᠦᠭᠡᠨ ᠡᠮᠡᠭᠡᠨ ᠬᠣᠶᠠᠷ ᠭᠠᠷᠴᠤ ᠢᠷᠡᠪᠡ᠃
ᠲᠡᠳᠡᠨ ᠡᠴᠡ ᠴᠡᠩᠭᠡᠯ ᠢ᠋ ᠠᠰᠠᠭᠤᠬᠤ ᠳ᠋ᠤ᠌᠄
《ᠵᠡᠭᠦᠨ ᠡᠮᠦᠨᠡᠲᠦ ᠵᠦᠭ ᠲᠦ᠍
ᠠᠪᠤ ᠡᠵᠢ ᠶ᠋ᠢ ᠨᠢ ᠪᠠᠷᠢᠵᠤ ᠠᠪᠠᠴᠢᠭᠰᠠᠨ
ᠠᠲᠤᠭᠠᠷ ᠬᠠᠷ᠎ᠠ ᠮᠣᠣᠰ ᠤ᠋ᠨ
ᠠᠷᠤ ᠠ᠋ᠴᠠ ᠨᠢ ᠨᠡᠬᠡᠭᠡᠳ ᠶᠠᠪᠤᠪᠠ!》 ᠭᠡᠪᠡ᠃
ᠮᠢᠯ ᠤᠯᠠᠭᠠᠨ ᠳ᠋ᠠᠭᠠᠨ ᠮᠣᠷᠳᠠᠵᠤ
ᠮᠠᠩᠭᠤᠰ ᠤ᠋ᠨ ᠨᠤᠲᠤᠭ ᠲᠡᠰᠢ ᠭᠦᠶᠦᠯᠭᠡᠵᠦ ᠶᠠᠪᠤᠲᠠᠯ᠎ᠠ
ᠬᠥᠳᠡᠭᠡ ᠶᠡᠬᠡ ᠰᠢᠯᠢ ᠳᠡᠭᠡᠷ᠎ᠡ
ᠬᠥᠨᠳᠡᠯᠢᠳᠦᠨ ᠨᠢᠭᠡᠨ ᠡᠷ᠎ᠡ ᠬᠡᠪᠲᠡᠵᠦ
ᠰᠤᠷ ᠰᠢᠭ᠋ ᠰᠤᠨᠤᠭᠠᠳ
ᠰᠤᠬᠠᠢ ᠰᠢᠭ᠋ ᠤᠯᠠᠢᠵᠤ ᠪᠠᠢᠪᠠ᠃
ᠡᠮᠡᠭᠡᠯ ᠬᠠᠵᠠᠭᠠᠷ ᠢ᠋ ᠨᠢ ᠦᠵᠡᠵᠦ ᠲᠠᠨᠢᠭᠠᠳ
ᠬᠠᠢᠷᠠᠨ ᠰᠠᠢᠨ ᠳᠡᠭᠦᠦ ᠶ᠋ᠢ ᠮᠢᠨᠢ
ᠬᠣᠷᠣᠭᠠᠭᠠᠳ ᠡᠨᠳᠡ ᠣᠷᠬᠢᠵᠠᠢ! ᠭᠡᠵᠦ ᠪᠣᠳᠣᠭᠠᠳ
ᠪᠠᠷᠬᠢᠷᠠᠨ ᠬᠠᠰᠬᠢᠷᠣᠨ ᠣᠴᠢᠬᠤ ᠳ᠋ᠤ᠌
ᠪᠠᠭ᠎ᠠ ᠳᠡᠭᠦᠦ ᠴᠡᠩᠭᠡᠯ ᠨᠢ ᠰᠡᠷᠢᠭᠡᠳ
ᠪᠠᠶᠠᠷᠯᠠᠵᠤ ᠬᠣᠶᠠᠭᠤᠯᠠ ᠬᠥᠭᠡᠷᠦᠯᠳᠦᠵᠦ ᠪᠠᠢᠲᠠᠯ᠎ᠠ
ᠬᠠᠰᠠᠭ ᠲᠤᠤᠬᠠᠢ ᠮᠣᠷᠢ ᠨᠢ ᠨᠢᠰᠦᠭᠡᠳ ᠢᠷᠡᠪᠡ᠃
ᠬᠣᠶᠠᠭᠤᠯᠠ ᠪᠠᠨ ᠮᠣᠷᠢᠨ ᠳ᠋ᠠᠭᠠᠨ ᠮᠣᠷᠳᠠᠭᠠᠳ
ᠬᠣᠣᠷᠲᠤ ᠮᠠᠩᠭᠤᠰ ᠤ᠋ᠨ ᠨᠤᠲᠤᠭ ᠲᠤ᠌ ᠣᠷᠣᠬᠤ ᠳ᠋ᠤ᠌
ᠬᠠᠨ ᠪᠤᠭᠤᠷᠤᠯ ᠠᠪᠤ ᠡᠵᠢ ᠨᠢ
ᠮᠣᠣᠰ ᠤ᠋ᠨ ᠦᠬᠡᠷ ᠬᠠᠷᠢᠭᠤᠯᠣᠨ ᠶᠠᠪᠤᠵᠤ ᠪᠠᠢᠪᠠ᠃
ᠲᠠᠨᠢᠳᠠᠭ ᠦᠭᠡᠢ ᠬᠥᠮᠦᠨ ᠶᠠᠩᠵᠤ ᠲᠠᠢ
ᠲᠥᠷᠥᠭᠰᠡᠨ ᠪᠡᠶ᠎ᠡ ᠪᠡᠨ ᠬᠤᠪᠢᠯᠭᠠᠵᠤ ᠣᠴᠢᠭᠠᠳ᠄
《ᠬᠣᠯᠠ ᠠ᠋ᠴᠠ ᠶᠠᠪᠤᠭ᠎ᠠ ᠪᠢᠳᠡ ᠬᠣᠶᠠᠷ
ᠬᠣᠭᠣᠯᠠ ᠤᠮᠳᠠ ᠪᠠᠷ ᠳᠤᠲᠠᠵᠤ ᠪᠠᠢᠨ᠎ᠠ
ᠦᠬᠡᠷ ᠡᠴᠡ ᠪᠡᠨ ᠨᠢᠭᠡ ᠶ᠋ᠢ ᠥᠭᠴᠦ
ᠥᠯᠥᠨ ᠬᠣᠳᠣᠭᠣᠳᠣ ᠶ᠋ᠢ ᠮᠢᠨᠢ ᠳᠦᠭᠦᠷᠭᠡᠵᠦ ᠥᠭᠭᠦᠨ᠎ᠡ ᠤᠤ?》ᠭᠡᠵᠦ
ᠴᠡᠩᠭᠡᠯ ᠦ᠋ᠨ ᠬᠡᠯᠡᠬᠦ ᠳ᠋ᠦ᠍
ᠬᠠᠨ ᠪᠤᠭᠤᠷᠤᠯ ᠠᠪᠤ ᠨᠢ ᠬᠠᠷᠢᠭᠤ ᠬᠡᠯᠡᠪᠡ᠄
《ᠬᠠᠢᠨᠤᠭ ᠤ᠋ᠨ ᠲᠥᠷᠥ③ ᠲᠠᠰᠤᠷᠠᠬᠤᠯᠠ
ᠲᠤᠭᠤᠯ ᠤ᠋ᠨ ᠰᠢᠭᠢᠷ᠎ᠡ ᠬᠣᠯᠳᠠᠷᠠᠬᠤᠯᠡ
ᠬᠠᠷᠠᠲᠤ ᠮᠠᠭᠤ ᠮᠣᠣᠰ ᠮᠠᠨ ᠢ᠋
ᠬᠠᠷᠭᠠᠢ ᠮᠣᠳᠣ ᠶ᠋ᠢ ᠬᠤᠭᠤᠷᠠᠲᠠᠯ᠎ᠠ
ᠰᠤᠬᠠᠢ ᠮᠣᠳᠣ ᠶ᠋ᠢ ᠰᠤᠨᠳᠠᠯ᠎ᠠ ᠴᠣᠬᠢᠳᠠᠭ ᠪᠢᠯᠡ!》ᠭᠡᠬᠦ ᠳ᠋ᠦ᠍
ᠴᠡᠩᠭᠡᠯ᠄
《ᠲᠠ ᠶᠠᠪᠤᠭᠠᠳ ᠦᠬᠡᠷ ᠢ᠋ᠶ᠋ᠡᠨ ᠡᠷᠭᠢᠭᠦᠯᠦᠭᠡᠳ ᠢᠷ᠎ᠡ
ᠪᠢᠳᠡ ᠬᠣᠶᠠᠷ ᠴᠠᠢ ᠴᠢᠨᠠᠵᠤ ᠪᠠᠢᠶ᠎ᠠ᠃ ᠴᠠᠢ ᠤᠤᠭᠤᠭᠠᠷᠠᠢ!》 ᠭᠡᠪᠡ᠃
— — — —
① ᠮᠣᠣᠰ— ᠮᠠᠩᠭᠤᠰ ᠭᠡᠰᠡᠨ ᠤᠳᠬ᠎ᠠ ᠲᠠᠢ᠃
② ᠬᠠᠢᠭᠠᠳ— ᠡᠷᠢᠭᠡᠳ
③ ᠲᠥᠷᠥ— ᠬᠠᠮᠠᠷ ᠠ᠋ᠴᠠ ᠬᠡᠯᠬᠢᠭᠰᠡᠨ ᠳᠡᠭᠡᠰᠦ
ᠦᠬᠡᠷ ᠢ᠋ᠶ᠋ᠡᠨ ᠡᠷᠭᠢᠭᠦᠯᠦᠭᠡᠳ ᠢᠷᠡᠬᠦ ᠳ᠋ᠦ᠍ᠨᠢ
ᠦᠬᠡᠷ ᠡᠴᠡ ᠨᠢ ᠨᠢᠭᠡ ᠶ᠋ᠢ ᠦᠬᠦᠭᠦᠯᠴᠢᠬᠡᠳ
ᠮᠢᠬ᠎ᠠ ᠴᠢᠨᠠᠵᠤ ᠰᠠᠭᠤᠵᠤ ᠪᠠᠢᠪᠠ᠃
ᠡᠪᠦᠭᠡᠨ ᠪᠤᠭᠤᠷᠤᠯ ᠠᠪᠤ ᠨᠢ ᠢᠷᠡᠭᠡᠳ᠄
《ᠲᠠ ᠬᠣᠶᠠᠷ ᠬᠦᠦ ᠴᠢᠨᠢ
ᠢᠩᠭᠢᠵᠦ ᠨᠠᠮᠠᠶ᠋ᠢ ᠠᠯᠠᠭᠤᠯᠬᠤ ᠪᠢᠯᠡ ᠤᠤ?》ᠭᠡᠵᠦ
ᠶᠡᠬᠡᠳᠡ ᠤᠬᠢᠯᠠᠬᠤ ᠳ᠋ᠤ᠌
ᠦᠬᠡᠷ ᠦ᠋ᠨ ᠠᠷᠠᠰᠤᠨ ᠳᠣᠲᠣᠷ᠎ᠠ ᠨᠢ
ᠡᠪᠡᠰᠦ ᠲᠣᠭᠣᠰᠣ ᠴᠢᠬᠢᠵᠦ ᠭᠥᠪᠳᠡᠭᠡᠳ①
ᠤᠭ ᠤ᠋ᠨ ᠠᠳᠠᠯᠢ ᠦᠬᠡᠷ ᠪᠣᠯᠭᠠᠨ ᠬᠥᠭᠡᠭᠡᠪᠡ᠃
ᠮᠢᠬ᠎ᠠ ᠰᠢᠷᠠᠵᠤ ᠢᠳᠡᠵᠦ ᠪᠠᠢᠭᠠᠳ
ᠬᠢᠲᠤᠭ᠎ᠠ ᠪᠠᠨ ᠠᠪᠤ ᠳ᠋ᠠᠭᠠᠨ ᠥᠭᠪᠡ᠃
ᠬᠢᠲᠤᠭ᠎ᠠ ᠶ᠋ᠢ ᠨᠢ ᠦᠵᠡᠭᠡᠳ ᠰᠠᠭᠤᠭᠠᠳ ᠯᠠ ᠪᠠᠢᠪᠠ᠃
《ᠪᠢᠳᠡ ᠶᠠᠭᠠᠷᠠᠵᠤ ᠪᠠᠢᠨ᠎ᠠ᠂ ᠶᠠᠪᠤᠨ᠎ᠠ
ᠬᠢᠲᠤᠭ᠎ᠠ ᠶ᠋ᠢ ᠲᠦᠷᠭᠡᠨ ᠰᠤᠯᠠ ᠪᠣᠯᠭᠠᠵᠤ ᠥᠭ!》 ᠭᠡᠬᠦ ᠳ᠋ᠦ᠍
《ᠮᠢᠨᠦ ᠬᠦᠦ ᠶ᠋ᠢᠨ ᠬᠢᠲᠤᠭ᠎ᠠ ᠲᠠᠢ
ᠶᠠᠭ ᠠᠳᠠᠯᠢ ᠶᠤᠮ ᠪᠠᠢᠨ᠎ᠠ!》 ᠭᠡᠵᠦ ᠬᠡᠯᠡᠪᠡ᠃
《ᠲᠠᠨ ᠤ᠋ ᠬᠦᠦ ᠶ᠋ᠢᠨ ᠬᠢᠲᠤᠭ᠎ᠠ ᠪᠣᠯ
ᠲᠠᠨ ᠤ᠋ ᠬᠦᠦ ᠶ᠋ᠢᠨ ᠬᠢᠲᠤᠭ᠎ᠠ ᠪᠢᠵᠡ᠂
ᠬᠣᠣᠷᠲᠠᠨ ᠶᠡᠬᠡ ᠳᠠᠢᠰᠦᠨ ᠲᠠᠢ
ᠬᠤᠳᠬᠤᠯᠳᠤᠨ ᠪᠠᠢᠯᠳᠤᠭᠰᠠᠨ ᠨᠤᠲᠤᠭ ᠳᠡᠭᠡᠷ᠎ᠡ ᠡᠴᠡ
ᠬᠠᠷᠠᠭᠳᠠᠵᠤ ᠪᠠᠢᠬᠤ ᠳ᠋ᠤ᠌ ᠨᠢ ᠠᠪᠤᠭᠰᠠᠨ ᠶᠤᠮ!》ᠭᠡᠵᠦ
ᠥᠭᠡᠳᠡ ᠡᠴᠡ ᠨᠢ ᠬᠡᠯᠡᠬᠦ ᠳ᠋ᠦ᠍᠄
《ᠮᠢᠨᠦ ᠬᠦᠦ ᠶ᠋ᠢᠨ ᠬᠢᠲᠤᠭ᠎ᠠ ᠮᠥᠨ ᠪᠠᠢᠨ᠎ᠠ》ᠭᠡᠵᠦ
ᠡᠮᠦᠨᠡᠰᠢ ᠪᠡᠨ ᠤᠨᠠᠵᠤ ᠮᠠᠩᠨᠠᠢ ᠪᠠᠨ ᠴᠥᠮᠥᠯᠦᠭᠡᠳ
ᠬᠣᠢᠰᠢ ᠪᠠᠨ ᠤᠨᠠᠵᠤ ᠳᠤᠬᠤ ᠪᠠᠨ ᠴᠥᠮᠥᠯᠦᠭᠡᠳ ᠤᠬᠢᠯᠠᠪᠠ᠃
ᠡᠴᠢᠭᠡ ᠬᠥᠮᠦᠨ ᠦ᠌ ᠰᠠᠨᠠᠭ᠎ᠠ ᠶ᠋ᠢ ᠵᠣᠪᠠᠭᠠᠵᠤ
ᠡᠨᠳᠡᠭᠦᠦ ᠮᠠᠭᠤ ᠪᠣᠯᠤᠭᠰᠠᠨ ᠳ᠋ᠠᠭᠠᠨ
ᠪᠤᠲᠠ ᠪᠡᠶ᠎ᠡ ᠪᠡᠷ ᠢ᠋ᠶ᠋ᠡᠨ ᠪᠣᠯᠵᠤ ᠦᠵᠡᠭᠳᠡᠭᠡᠳ᠄
《ᠪᠢᠳᠡᠨ ᠢ᠋ ᠢᠷᠡᠵᠦ ᠪᠠᠢᠨ᠎ᠠ ᠭᠡᠵᠦ
ᠪᠢᠲᠡᠭᠡᠢ ᠮᠣᠣᠰ ᠲᠤ᠌ ᠬᠡᠯᠡ!》ᠭᠡᠪᠡ᠃
* * *
ᠴᠠᠭᠠᠰᠢ ᠮᠣᠷᠳᠠᠭᠠᠳ ᠭᠦᠶᠦᠯᠭᠡᠵᠦ ᠪᠠᠢᠲᠠᠯ᠎ᠠ ᠬᠠᠳᠠ ᠶ᠋ᠢᠨ ᠪᠤᠭᠤᠷᠤᠯ ᠡᠵᠢ ᠨᠢ
ᠮᠣᠣᠰ ᠤ᠋ᠨ ᠬᠣᠨᠢ ᠬᠠᠷᠢᠭᠤᠯᠤᠭᠠᠳ ᠶᠠᠪᠤᠵᠤ ᠪᠠᠢᠪᠠ᠃
ᠲᠠᠨᠢᠳᠠᠭ ᠦᠭᠡᠢ ᠬᠥᠮᠦᠨ ᠶᠠᠩᠵᠤ ᠲᠠᠢ
ᠲᠥᠷᠥᠭᠰᠡᠨ ᠪᠡᠶ᠎ᠡ ᠪᠡᠨ ᠬᠤᠪᠢᠯᠭᠠᠵᠤ ᠣᠴᠢᠭᠠᠳ᠄
《ᠬᠣᠭᠣᠯᠠ ᠤᠮᠳᠠ ᠳᠤᠲᠠᠵᠤ ᠪᠠᠢᠨ᠎ᠠ
ᠬᠣᠨᠢᠨ ᠠ᠋ᠴᠠ ᠪᠠᠨ ᠨᠢᠭᠡ ᠶ᠋ᠢ ᠥᠭ》 ᠭᠡᠬᠦ ᠳ᠋ᠦ᠍
ᠬᠠᠲᠤᠨ ᠪᠤᠭᠤᠷᠤᠯ ᠡᠵᠢ ᠨᠢ ᠬᠡᠯᠡᠪᠡ᠄
《ᠬᠤᠷᠠᠭᠠᠨ ᠤ᠋ ᠬᠥᠯ ᠬᠤᠭᠤᠷᠠᠬᠤᠯᠠ
ᠢᠰᠢᠭᠡᠨ ᠦ᠌ ᠰᠢᠭᠢᠷ᠎ᠡ ᠬᠣᠯᠲᠣᠷᠠᠬᠤᠯᠠ
ᠬᠠᠷᠭᠠᠢ ᠮᠣᠳᠣ ᠶ᠋ᠢ ᠬᠤᠭᠤᠷᠠᠲᠠᠯ᠎ᠠ
ᠰᠤᠬᠠᠢ ᠮᠣᠳᠣ ᠶ᠋ᠢ ᠰᠤᠨᠲᠠᠯ᠎ᠠ ᠴᠣᠬᠢᠳᠠᠭ᠂
ᠲᠠᠨ ᠳ᠋ᠤ᠌ ᠥᠭᠴᠦ ᠪᠣᠯᠬᠤ ᠦᠭᠡᠢ》 ᠭᠡᠪᠡ᠃
ᠴᠡᠩᠭᠡᠯ ᠥᠭᠡᠳᠡ ᠡᠴᠡ ᠨᠢ᠄
《ᠲᠠ ᠶᠠᠪᠤᠭᠠᠳ ᠬᠣᠨᠢ ᠪᠠᠨ ᠡᠷᠭᠢᠭᠦᠯᠦᠭᠡᠳ ᠢᠷ᠎ᠡ
ᠪᠢᠳᠡ ᠴᠠᠢ ᠴᠢᠨᠠᠵᠤ ᠪᠠᠢᠶ᠎ᠠ᠂
ᠢᠷᠡᠭᠡᠳ ᠴᠠᠢ ᠤᠤᠭᠤᠭᠠᠷᠠᠢ》 ᠭᠡᠪᠡ᠃
ᠬᠣᠨᠢ ᠪᠠᠨ ᠡᠷᠭᠢᠭᠦᠯᠦᠭᠡᠳ ᠢᠷᠡᠬᠦ ᠳ᠋ᠦ᠍ᠨᠢ
ᠨᠢᠭᠡᠨ ᠬᠣᠨᠢ ᠦᠬᠦᠭᠦᠯᠴᠢᠬᠡᠳ
ᠮᠢᠬ᠎ᠠ ᠶ᠋ᠢ ᠨᠢ ᠴᠢᠨᠠᠵᠤ ᠰᠠᠭᠤᠵᠤ ᠪᠠᠢᠬᠤ ᠳ᠋ᠤ᠌᠄
《ᠲᠠ ᠬᠣᠶᠠᠷ ᠬᠦᠦ ᠨᠠᠮᠠᠶ᠋ᠢ
ᠢᠩᠭᠢᠵᠦ ᠠᠯᠠᠭᠤᠯᠬᠤ ᠪᠢᠯᠡ ᠤᠤ?》 ᠭᠡᠳ
ᠡᠵᠢ ᠨᠢ ᠤᠬᠢᠯᠠᠪᠠ᠃
ᠬᠣᠨᠢᠨ ᠤ᠋ ᠬᠢᠨᠢ ᠠᠷᠠᠰᠤᠨ ᠤ᠋ ᠳᠣᠲᠣᠷ᠎ᠠ
ᠬᠣᠭ ᠡᠪᠡᠰᠦ ᠬᠢᠵᠦ ᠭᠥᠪᠳᠡᠭᠡᠳ
ᠤᠭ ᠤ᠋ᠨ ᠠᠳᠠᠯᠢ ᠬᠣᠨᠢ ᠪᠣᠯᠭᠠᠨ ᠬᠥᠭᠡᠭᠡᠪᠡ᠃
ᠮᠢᠬ᠎ᠠ ᠢᠳᠡᠵᠦ ᠪᠠᠢᠭᠠᠳ
ᠡᠵᠢ ᠳ᠋ᠡᠭᠡᠨ ᠠᠶᠠᠭᠠᠨ ᠳ᠋ᠠᠭᠠᠨ ᠱᠥᠯᠥ ᠬᠢᠭᠡᠳ ᠥᠭᠬᠦ ᠳ᠋ᠦ᠍
ᠠᠶᠠᠭ᠎ᠠ ᠲᠠᠢ ᠱᠥᠯᠥ ᠶ᠋ᠢ ᠨᠢ
ᠠᠵᠢᠭᠯᠠᠨ ᠰᠠᠭᠤᠭᠠᠳ ᠪᠠᠢᠪᠠ᠃
《ᠪᠢᠳᠡ ᠶᠠᠭᠠᠷᠠᠵᠤ ᠪᠠᠢᠨ᠎ᠠ᠂ ᠶᠠᠪᠤᠨ᠎ᠠ
ᠠᠶᠠᠭ᠎ᠠ ᠶ᠋ᠢ ᠮᠢᠨᠢ ᠲᠦᠷᠭᠡᠨ ᠰᠤᠯᠠᠯᠵᠤ ᠥᠭ ! 》ᠭᠡᠵᠦ
ᠴᠡᠩᠭᠡᠯ ᠦ᠋ᠨ ᠬᠡᠯᠡᠬᠦ ᠳ᠋ᠦ᠍
《ᠮᠢᠨᠦ ᠬᠦᠦ ᠶ᠋ᠢᠨ ᠠᠶᠠᠭ᠎ᠠ ᠲᠠᠢ
ᠶᠠᠭ ᠠᠳᠠᠯᠢ ᠪᠠᠢᠨ᠎ᠠ !》 ᠭᠡᠪᠡ ᠃
《ᠲᠠᠨ ᠤ᠋ ᠬᠦᠦ ᠶ᠋ᠢᠨ ᠠᠶᠠᠭ᠎ᠠ ᠪᠣᠯ
ᠲᠠᠨ ᠤ᠋ ᠬᠦᠦ ᠶ᠋ᠢᠨ ᠠᠶᠠᠭ᠎ᠠ ᠪᠢᠵᠡ
ᠬᠣᠣᠷᠲᠠᠨ ᠶᠡᠬᠡ ᠳᠠᠢᠰᠦᠨ ᠲᠠᠢ
ᠬᠤᠳᠬᠤᠯᠳᠤᠨ ᠪᠠᠢᠯᠳᠤᠵᠤ ᠪᠠᠢᠭᠰᠠᠨ ᠭᠠᠵᠠᠷ ᠠ᠋ᠴᠠ
ᠪᠢᠳᠡ ᠣᠯᠵᠤ ᠠᠪᠤᠭᠰᠠᠨ ᠶᠤᠮ ᠠ᠋》 ᠭᠡᠪᠡ᠃
《ᠬᠠᠢᠷᠠᠨ ᠬᠦᠦ ᠶ᠋ᠢ ᠮᠢᠨᠢ
ᠲᠡᠨᠳᠡ ᠬᠣᠷᠣᠭᠠᠭᠰᠠᠨ ᠶᠤᠮ ᠪᠠᠢᠨ᠎ᠠ》 ᠭᠡᠵᠦ
ᠡᠮᠦᠨᠡᠰᠢ ᠤᠨᠠᠵᠤ ᠮᠠᠩᠨᠠᠢ ᠪᠠᠨ ᠴᠥᠮᠥᠯᠵᠦ
ᠬᠣᠢᠰᠢ ᠢᠶᠠᠨ ᠤᠨᠠᠵᠤ ᠳᠤᠬᠤ ᠪᠠᠨ ᠴᠥᠮᠥᠯᠵᠦ ᠤᠬᠢᠯᠠᠪᠠ᠃
ᠡᠬᠡ ᠬᠥᠮᠦᠨ ᠢ᠋ ᠵᠣᠪᠠᠭᠠᠭᠰᠠᠨ
ᠡᠨᠳᠡᠭᠦᠦ ᠮᠠᠭᠤ ᠪᠣᠯᠤᠭᠰᠠᠨ ᠳ᠋ᠠᠭᠠᠨ
ᠪᠤᠲᠠ ᠪᠡᠶ᠎ᠡ ᠳ᠋ᠡᠭᠡᠨ ᠪᠣᠯᠵᠤ ᠦᠵᠡᠭᠳᠡᠭᠡᠳ
《ᠮᠠᠨ ᠢ᠋ ᠢᠷᠡᠵᠦ ᠪᠠᠢᠨ᠎ᠠ ᠭᠡᠵᠦ
ᠮᠤᠤᠰ ᠲᠤ᠌ ᠪᠤᠤ ᠬᠡᠯᠡ ! 》 ᠭᠡᠪᠡ ᠃
* * *
ᠦᠳᠡ ᠶ᠋ᠢᠨ ᠳᠡᠭᠡᠷ᠎ᠡ ᠨᠠᠷᠠ ᠲᠠᠢ ᠳ᠋ᠤ᠌
ᠦᠬᠡᠷ ᠬᠣᠨᠢ ᠶ᠋ᠢ ᠨᠢ ᠬᠥᠭᠡᠭᠡᠳ
ᠡᠪᠦᠭᠡᠨ ᠡᠮᠡᠭᠡᠨ ᠬᠣᠶᠠᠷ ᠬᠦᠷᠴᠦ ᠣᠴᠢᠭᠠᠳ᠄
《ᠮᠤᠤᠰ ᠴᠢᠨᠦ ᠵᠠᠶᠠᠭ᠎ᠠ ᠴᠢᠨᠢ ᠮᠠᠭᠤᠳᠠᠪᠠ
ᠮᠢᠨᠦ ᠵᠠᠶᠠᠭ᠎ᠠ ᠰᠠᠢᠨ ᠪᠣᠯᠪᠠ 》 ᠭᠡᠵᠦ ᠬᠡᠯᠡᠪᠡ ᠃
ᠮᠤᠣᠰ᠄《ᠬᠡᠳᠦ ᠴᠠᠳᠬᠠᠪᠠᠯ ᠢᠩᠭᠢᠳᠡᠭ ᠶᠦᠮ》 ᠭᠡᠵᠦ
ᠰᠢᠪᠡᠭᠴᠢᠨ ᠮᠤᠬᠤᠯᠠᠢ ᠪᠠᠷ ᠢ᠋ᠶ᠋ᠠᠨ
ᠬᠠᠷᠭᠠᠢ ᠮᠣᠳᠣ ᠶ᠋ᠢ ᠬᠤᠭᠤᠷᠠᠲᠠᠯ᠎ᠠ
ᠰᠤᠬᠠᠢ ᠮᠣᠳᠣ ᠶ᠋ᠢ ᠰᠤᠨᠲᠠᠯ᠎ᠠ
ᠡᠪᠦᠭᠡᠨ ᠡᠮᠡᠭᠡᠨ ᠬᠣᠶᠠᠷ ᠢ᠋ ᠴᠣᠬᠢᠭᠤᠯᠪᠠ᠃
* * *
ᠮᠠᠷᠭᠠᠰᠢ ᠥᠷᠯᠥᠭᠡ ᠨᠢ
ᠨᠠᠷᠠ ᠭᠠᠷᠴᠤ ᠪᠠᠢᠬᠤ ᠶ᠋ᠢᠨ ᠦᠶ᠎ᠡ ᠳ᠋ᠦ᠍
ᠮᠢᠯ ᠤᠯᠠᠭᠠᠨ᠂ ᠴᠡᠩᠭᠡᠯ ᠬᠣᠶᠠᠷ
ᠮᠤᠤᠰ ᠤ᠋ᠨ ᠳ᠋ᠤ᠌ ᠬᠦᠷᠴᠦ ᠢᠷᠡᠬᠦ ᠳ᠋ᠦ᠍
ᠬᠠᠨ ᠪᠤᠭᠤᠷᠤᠯ ᠠᠪᠤ ᠨᠢ
ᠬᠠᠲᠤᠨ ᠪᠤᠭᠤᠷᠤᠯ ᠡᠵᠢ ᠨᠢ
《ᠮᠤᠤᠰ ᠴᠢᠨᠦ ᠨᠠᠷᠠᠨ ᠨᠢᠭᠤᠨ᠎ᠠ ᠭᠡᠭᠴᠢ ᠡᠨᠡ !
ᠮᠢᠨᠦ ᠨᠠᠷᠠᠨ ᠭᠠᠷᠤᠨ᠎ᠠ ᠭᠡᠭᠴᠢ ᠡᠨᠡ 》 ᠭᠡᠵᠦ ᠬᠡᠯᠡᠬᠦ ᠳ᠋ᠦ᠍
ᠳᠠᠯᠠᠨ ᠤᠳᠠᠭ᠎ᠠ ᠳᠠᠪᠲᠠᠭᠰᠠᠨ
ᠳᠠᠮᠵᠢᠭᠤᠷ ᠬᠠᠷ᠎ᠠ ᠬᠢᠲᠤᠭ᠎ᠠ ᠪᠠᠨ ᠪᠠᠷᠢᠵᠤ
ᠮᠤᠤᠰ ᠦᠰᠦᠷᠦᠨ ᠭᠠᠷᠴᠤ ᠢᠷᠡᠭᠡᠳ ᠭᠡᠨᠡᠳᠲᠡ
ᠴᠢᠩ ᠵᠣᠷᠢᠭᠲᠤ ᠴᠡᠩᠭᠡᠯ ᠦ᠋ᠨ
ᠵᠠᠭᠤᠨ ᠬᠥᠮᠦᠨ ᠦ᠌ ᠰᠦᠷ ᠢ᠋ ᠳᠠᠷᠤᠳᠠᠭ
ᠵᠤᠳ ᠤᠯᠠᠭᠠᠨ ᠴᠢᠷᠠᠢ ᠶ᠋ᠢ ᠨᠢ ᠦᠵᠡᠭᠡᠳ
ᠲᠦᠮᠡᠨ ᠬᠥᠮᠦᠨ ᠦ᠌ ᠰᠦᠷ ᠢ᠋ ᠳᠠᠷᠤᠳᠠᠭ
ᠲᠦᠭᠦᠬᠡᠢ ᠤᠯᠠᠭᠠᠨ ᠴᠢᠷᠠᠢ ᠶ᠋ᠢ ᠨᠢ ᠦᠵᠡᠭᠡᠳ
ᠦᠩᠬᠦᠯᠴᠡᠭ ᠨᠢ ᠬᠠᠭ᠎ᠠ ᠲᠠᠰᠤᠷᠠᠭᠠᠳ ᠦᠬᠦᠪᠡ᠃
ᠴᠡᠩᠭᠡᠯ ᠮᠢᠯ ᠤᠯᠠᠭᠠᠨ ᠬᠣᠶᠠᠭᠤᠯᠠ
ᠠᠪᠤ ᠡᠵᠢ ᠪᠡᠨ ᠠᠪᠤᠷᠠᠭᠠᠳ
ᠠᠯᠪᠠᠲᠤ ᠬᠣᠰᠢᠭᠤ ᠪᠠᠨ ᠴᠤᠭᠯᠠᠭᠤᠯᠤᠭᠠᠳ
ᠠᠩᠬᠠᠨ ᠤ᠋ ᠨᠤᠲᠤᠭ ᠲᠠᠭᠠᠨ ᠪᠤᠴᠠᠵᠤ ᠣᠴᠢᠪᠠ᠃
ᠪᠠᠳᠮ᠎ᠠ ᠭᠡᠷᠡᠯ ᠬᠠᠨ
ᠪᠠᠢᠳᠠᠭ ᠤᠯᠤᠰ ᠢ᠋ᠶ᠋ᠠᠨ ᠳᠠᠭᠠᠭᠤᠯᠤᠨ ᠢᠷᠡᠪᠡ᠃
ᠨᠠᠷᠠᠨ ᠽᠠᠨᠳᠠᠨ ᠠᠪᠠᠬᠠᠢ ᠪᠠᠨ
ᠨᠠᠰᠤᠲᠠᠢ ᠠᠪᠤ ᠡᠵᠢ ᠳ᠋ᠡᠭᠡᠨ ᠵᠣᠯᠭᠠᠭᠤᠯᠤᠭᠠᠳ
ᠪᠠᠬ᠎ᠠ ᠲᠠᠢ ᠶᠡᠬᠡ ᠬᠤᠷᠢᠮ ᠢ᠋ᠶ᠋ᠠᠨ ᠬᠢᠵᠦ
ᠪᠠᠳᠤᠷ ᠶᠡᠬᠡ ᠨᠠᠢᠷ ᠢ᠋ᠶ᠋ᠠᠨ ᠨᠠᠢᠷᠯᠠᠵᠤ
ᠷᠠᠰᠢᠶᠠᠨ ᠪᠣᠯᠤᠭᠰᠠᠨ ᠴᠠᠢ ᠪᠠᠨ ᠴᠢᠨᠠᠵᠤ
ᠠᠶᠤᠩᠭ᠎ᠠ ᠮᠡᠲᠦ ᠬᠡᠩᠭᠡᠷᠭᠡ ᠪᠡᠨ ᠳᠡᠯᠡᠳᠴᠦ
ᠠᠮᠤᠷ ᠰᠠᠢᠬᠠᠨ ᠵᠢᠷᠭᠠᠵᠠᠢ᠃
— — — —
① ᠭᠥᠪᠳᠡᠭᠡᠳ— ᠰᠢᠪᠰᠢᠭᠡᠳ

ᠦᠰᠦᠭ ᠠᠮᠢᠯᠠᠭᠤᠯᠤᠭᠰᠠᠨ ᠨᠢ᠄ ᠬᠥᠬᠡ ᠮᠣᠩᠭᠣᠯ
ᠬᠢᠨᠠᠭᠴᠢ᠄ ᠨᠠᠷᠠᠨ
