ᠥᠨᠥᠴᠢᠨ ᠰᠢᠷᠭᠠᠯ ᠪᠦᠷᠦᠢ -ᠲᠦᠮᠡᠳ·  ᠬᠡᠰᠢᠭᠪᠥᠷᠢᠨӨнчин шаргал бүрий-Түмд·Хишигвүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠥᠴᠢᠨ ᠰᠢᠷᠭᠠᠯ ᠪᠦᠷᠦᠢ -ᠲᠦᠮᠡᠳ·  ᠬᠡᠰᠢᠭᠪᠥᠷᠢᠨӨнчин шаргал бүрий-Түмд·Хишигвүрэн

ᠥᠨᠥᠴᠢᠨ ᠰᠢᠷᠭᠠᠯ ᠪᠦᠷᠦᠢ -ᠲᠦᠮᠡᠳ·  ᠬᠡᠰᠢᠭᠪᠥᠷᠢᠨӨнчин шаргал бүрий-Түмд·Хишигвүрэн

2025-12-21

889

ᠥᠨᠥᠴᠢᠨ ᠰᠢᠷᠭᠠᠯ ᠪᠦᠷᠦᠢ


    ᠵᠣᠬᠢᠶᠠᠭᠴᠢ᠄ ᠬᠠᠳᠠᠴᠢᠨ · ᠪᠠᠲᠤᠪᠠᠭᠠᠨ᠎ᠠ 
    ᠤᠶᠠᠩᠭᠠᠯᠠᠭᠴᠢ᠄ ᠲᠦᠮᠡᠳ·  ᠬᠡᠰᠢᠭᠪᠥᠷᠢᠨ  

ᠡᠯᠡᠰᠦᠨ ᠭᠣᠪᠢ ᠳ᠋ᠤ᠌ ᠦᠳᠡᠰᠢ ᠶ᠋ᠢᠨ ᠪᠦᠷᠦᠢ ᠰᠠᠭᠠᠲᠠᠪᠠ 
ᠡᠪᠡᠰᠦᠨ ᠦ᠌᠂ ᠦᠵᠦᠭᠦᠷ ᠢᠩᠭᠡᠨ ᠤᠭᠤᠷᠠᠭ ᠲᠤ᠌ ᠰᠢᠷᠭᠠᠯᠲᠤᠪᠠ 
ᠡᠵᠢ ᠪᠡᠨ ᠦᠭᠡᠢᠯᠡᠭᠰᠡᠨ ᠪᠣᠲᠣᠭᠣ ᠪᠣᠢᠯᠠᠨ ᠪᠤᠢᠯᠠᠬᠤ ᠳ᠋ᠤ᠌ 
ᠡᠷᠬᠡᠰ ᠲᠡᠭᠷᠢ ᠶ᠋ᠢᠨ ᠬᠠᠶᠠᠭ᠎ᠠ ᠴᠡᠴᠡᠷᠡᠵᠦ ᠰᠠᠨᠠᠭᠳᠠᠨ᠎ᠠ ᠳᠠ᠂ ᠶᠠᠭᠠᠬᠢᠬᠤ ᠪᠣᠢ 

ᠭᠠᠵᠠᠷ ᠤ᠋ᠨ ᠮᠠᠩᠨᠠᠢ ᠪᠤᠭᠤᠷᠤᠯᠲᠤᠵᠤ ᠦᠳᠡᠰᠢ ᠶ᠋ᠢᠨ ᠪᠦᠷᠦᠢ ᠰᠠᠭᠠᠳᠠᠪᠠ 
ᠭᠠᠩᠭᠠᠩ  ᠨᠤᠲᠤᠭ ᠭᠠᠬᠠᠢ ᠶ᠋ᠢᠨ ᠬᠤᠰᠢᠭᠤᠨ ᠳ᠋ᠤ᠌ ᠰᠢᠷᠭᠠᠯᠲᠤᠪᠠ 
ᠭᠠᠩ ᠵᠢᠷᠦᠬᠡ ᠪᠡᠷ ᠭᠠᠭᠴᠠᠬᠠᠨ ᠪᠦᠮᠪᠦᠷᠴᠢᠭ ᠢ᠋ᠶ᠋ᠡᠨ ᠲᠣᠭᠲᠠᠭᠠᠬᠤ ᠳ᠋ᠤ᠌ 
ᠭᠠᠯᠠᠪ ᠳᠡᠯᠡᠬᠡᠢ ᠶ᠋ᠢᠨ ᠪᠤᠶᠠᠨ ᠨᠢᠮᠭᠡᠷᠡᠵᠦ ᠣᠴᠢᠨ᠎ᠠ ᠳᠠ᠂ ᠶᠠᠭᠠᠬᠢᠬᠤ ᠪᠣᠢ 


ᠨᠠᠷᠠ ᠵᠢᠷᠭᠠᠵᠤ ᠦᠳᠡᠰᠢ ᠶ᠋ᠢᠨ ᠪᠦᠷᠦᠢ ᠰᠠᠭᠠᠳᠠᠪᠠ
ᠨᠠᠮᠤᠷ ᠤ᠋ᠨ ᠬᠤᠨ ᠤ᠋ ᠨᠤᠷᠭᠢᠯᠭᠠᠨ ᠤᠷᠲᠤ ᠶ᠋ᠢᠨ ᠳᠠᠭᠤᠤ ᠳ᠋ᠤ᠌ ᠰᠢᠷᠭᠠᠯᠲᠤᠪᠠ
ᠨᠡᠭᠦᠳᠡᠯ ᠦ᠋ᠨ ᠲᠦᠮᠡᠨ ᠬᠡᠰᠢᠭ ᠢ᠋ᠶ᠋ᠡᠨ ᠬᠤᠷᠤᠢᠯᠠᠨ ᠬᠤᠷᠤᠢᠯᠠᠵᠤ
ᠨᠥᠭᠡᠴᠡᠯᠡᠵᠦ ᠣᠷᠣᠰᠢᠬᠤ ᠨᠤᠲᠤᠭ  ᠳᠠᠭᠠᠨ ᠬᠣᠷᠭᠣᠳᠠᠨ᠎ᠠ ᠳᠠ᠂ ᠶᠠᠭᠠᠬᠢᠬᠤ ᠪᠣᠢ

ᠠᠭᠠᠷ ᠤ᠋ᠨ ᠲᠠᠩᠨᠠᠢ ᠪᠤᠳᠤᠭᠯᠠᠵᠤ ᠦᠳᠡᠰᠢ ᠶ᠋ᠢᠨ ᠪᠦᠷᠦᠢ  ᠰᠠᠭᠠᠲᠠᠪᠠ
ᠠᠳᠤᠭᠤᠳ ᠤ᠋ᠨ ᠲᠣᠷᠭᠠᠨ ᠦᠦᠷᠰᠡᠯ  ᠨᠣᠮ ᠤ᠋ᠨ ᠬᠠᠭᠤᠳᠠᠰᠤᠨ ᠳ᠋ᠤ᠌ ᠰᠢᠷᠭᠠᠯᠲᠤᠪᠠ
 ᠠᠭᠲᠠ ᠶ᠋ᠢᠨ ᠲᠤᠭᠤᠷᠠᠢ ᠪᠠᠷ ᠠᠼᠢᠢ᠎ᠠ  ᠰᠤᠨᠳᠠᠯᠠᠭᠰᠠᠳ  ᠤ᠋ᠨ ᠬᠣᠢᠴᠢᠰ
ᠠᠭᠰᠤᠮ ᠬᠦᠯᠦᠭ ᠦ᠋ᠨ ᠨᠢᠷᠤᠭᠤᠨ ᠳᠡᠭᠡᠷ᠎ᠡ ᠲᠣᠭᠲᠠᠬᠤ ᠯᠠ ᠪᠠᠢᠬᠤ ᠳᠠ᠂ ᠶᠠᠭᠠᠬᠢᠬᠤ ᠪᠣᠢ

ᠰᠦᠮᠡᠨ  ᠰᠦᠮᠡᠨ ᠰᠢᠷᠭᠠᠯ ᠦᠳᠡᠰᠢ ᠶ᠋ᠢᠨ ᠪᠦᠷᠦᠢ ᠰᠠᠭᠠᠲᠠᠪᠠ
ᠰᠡᠭᠦᠳᠡᠭᠡᠨᠡᠵᠦ ᠰᠢᠩᠭᠡᠬᠦ ᠨᠠᠷᠠᠨ ᠲᠦᠯᠡᠰᠢᠨ ᠭᠠᠯ ᠰᠢᠭ᠋ ᠰᠢᠷᠭᠠᠯᠲᠤᠪᠠ
ᠰᠦᠨᠡᠰᠦ ᠳᠠᠢᠪᠠ ᠬᠡᠮᠡᠭᠴᠢ ᠠᠮᠢᠳᠤ ᠠᠯᠪᠢᠨ ᠢ᠋ ᠬᠣᠯᠪᠣᠬᠤ ᠬᠥᠭᠥᠷᠭᠡ ᠪᠠᠢᠪᠠ?
ᠰᠥᠨᠢ ᠤᠴᠠᠷᠠᠳᠠᠭ ᠡᠵᠢ ᠪᠡᠨ ᠰᠠᠨᠠᠬᠤ ᠪᠠᠷ ᠤᠬᠢᠯᠠᠭᠠᠳ ᠠᠪᠤᠶ᠎ᠠ ᠳᠠ᠂ ᠶᠠᠭᠠᠬᠢᠬᠤ ᠪᠣᠢ!

        ᠵᠣᠬᠢᠶᠠᠭᠴᠢ ᠶ᠋ᠢᠨ ᠳᠥᠭᠥᠮ   ᠨᠠᠮᠲᠠᠷ᠄ ᠣᠷᠳᠣᠰ   ᠨᠤᠲᠤᠭ ᠲᠠᠢ ᠮᠠᠯᠴᠢᠨ ᠢᠷᠠᠭᠤ ᠨᠠᠢᠷᠠᠭᠴᠢ᠂《ᠪᠤᠷᠬᠠᠨ ᠬᠠᠢᠷ᠎ᠠ ᠶ᠋ᠢᠨ ᠡᠬᠡ ᠣᠷᠣᠨ》

 ᠬᠡᠮᠡᠬᠦ ᠰᠢᠯᠦᠭ  ᠨᠢ ᠠᠩᠬ᠎ᠠ ᠳᠤᠮᠳᠠᠳᠤ ᠶ᠋ᠢᠨ ᠬᠡᠴᠢᠶᠡᠯ ᠦ᠋ᠨ ᠪᠢᠴᠢᠭ ᠲᠦ᠍ ᠰᠣᠩᠭᠣᠭᠳᠠᠪᠠ᠂ 《ᠠᠢᠷᠠᠭ ᠨᠠᠢᠷᠠᠭ》 ᠪᠠ 《ᠲᠣᠯᠣᠩ ᠲᠠᠢᠯᠤᠨ》 ᠬᠡᠮᠡᠬᠦ ᠬᠣᠶᠠᠷ ᠰᠢᠯᠦᠭ ᠦ᠋ᠨ ᠨᠣᠮ ᠲᠠᠢ᠃

ᠤᠶᠠᠩᠭᠠᠯᠠᠭᠴᠢ ᠶ᠋ᠢᠨ ᠳᠥᠭᠥᠮ ᠲᠠᠨᠢᠯᠴᠠᠭᠤᠯᠭ᠎ᠠ᠄ ᠣᠷᠳᠣᠰ ᠬᠣᠲᠠ ᠶ᠋ᠢᠨ ᠮᠣᠩᠭᠣᠯ ᠲᠧᠯᠸᠢᠰ ᠬᠣᠷᠢᠶ᠎ᠠ ᠶ᠋ᠢᠨ ᠬᠥᠲᠥᠯᠦᠭᠴᠢ᠃

  ᠦᠰᠦᠭ ᠬᠠᠲᠠᠭᠰᠠᠨ ᠨᠢ᠄ ᠡᠩᠬᠡᠨᠠᠰᠤᠨ  
  ᠦᠰᠦᠭ ᠠᠮᠢᠯᠠᠭᠰᠠᠨ ᠨᠢ᠄ ᠪᠤᠯᠠᠭ
  ᠬᠢᠨᠠᠭᠴᠢ᠄ ᠪᠠᠢ᠂ ᠰᠠᠷᠠᠨ᠎ᠠ