ᠰᠢᠯᠢᠨ ᠭᠠᠯᠵᠠᠭᠤ ᠪᠠᠭᠠᠲᠤᠷ – ᠬᠦᠳᠡᠷ ᠠᠯᠲᠠᠢ ᠬᠠᠨ (1) Шилэн галзуу баатар – Хүдэр алтай хан (1)
ᠬᠦᠳᠡᠷ ᠠᠯᠲᠠᠢ ᠬᠠᠨ (1)

ᠭᠠᠵᠠᠷ ᠢ᠋ ᠭᠠᠯ ᠭᠣᠯᠣᠮᠲᠠ ᠶ᠋ᠢᠨ ᠴᠢᠨᠡᠭᠡ ᠪᠠᠢᠬᠤ ᠳ᠋ᠤ᠌
ᠳᠡᠭᠡᠷ᠎ᠡ ᠪᠡᠨ ᠨᠣᠶᠠᠨ ᠦᠭᠡᠢ
ᠳᠡᠷᠭᠡᠳᠡ ᠪᠡᠨ ᠳᠠᠢᠰᠤᠨ ᠦᠭᠡᠢ
ᠪᠠᠶᠠᠨ ᠥᠨᠳᠥᠷ ᠠᠯᠲᠠᠢ ᠶ᠋ᠢᠨ
ᠪᠠᠷᠠᠭᠤᠨ ᠰᠤᠭᠤ ᠪᠠᠷ ᠨᠤᠲᠤᠭᠯᠠᠭᠰᠠᠨ
ᠬᠦᠳᠡᠷ ᠠᠯᠲᠠᠢ ᠬᠠᠨ ᠭᠡᠵᠦ
ᠬᠦᠴᠦᠲᠦ ᠨᠢᠭᠡᠨ ᠡᠷ᠎ᠡ ᠪᠠᠢᠵᠠᠢ᠃
ᠬᠦᠳᠡᠷ ᠠᠯᠲᠠᠢ ᠬᠠᠨ ᠤ᠋ ᠰᠠᠭᠤᠳᠠᠭ
ᠪᠤᠮᠪᠤᠯᠠᠢ ᠴᠠᠭᠠᠨ ᠭᠡᠷ ᠨᠢ ᠭᠡᠪᠡᠯ᠄
ᠵᠠᠭᠤᠨ ᠨᠠᠢ᠍ᠮᠠᠨ ᠬᠠᠨ᠎ᠠ ᠲᠠᠢ
ᠵᠢᠷᠭᠤᠭᠠᠨ ᠮᠢᠩᠭᠠᠨ ᠣᠨᠢ ᠲᠠᠢ
ᠳᠠᠭ᠎ᠠ ᠪᠠᠷ ᠣᠷᠣᠯᠳᠣᠳᠠᠭ ᠭᠠᠵᠠᠷ ᠢ᠋
ᠲᠥᠭᠡᠯᠡᠨ ᠪᠠᠢᠵᠤ ᠪᠠᠷᠢᠭᠠᠳ
ᠣᠷᠣᠢ ᠶ᠋ᠢᠨ ᠬᠢᠨᠢ ᠥᠨᠳᠥᠷ ᠢ᠋
ᠤᠷᠤᠭ ᠰᠢᠷᠭᠠᠯ ᠡᠭᠦᠯᠡᠨ ᠳ᠋ᠦ᠍ ᠲᠤᠯᠭᠠᠭᠰᠠᠨ ᠭᠡᠨ᠎ᠡ᠃
* * *
ᠬᠣᠢᠭᠤᠷ ᠢ᠋ᠶ᠋ᠠᠨ ᠪᠡᠯᠴᠢᠨ ᠭᠠᠷᠳᠠᠭ
ᠬᠤᠸᠠ ᠤᠯᠠᠭᠠᠨ ᠪᠠᠯᠢᠶᠠᠮ① ᠲᠠᠢ
ᠡᠮᠦᠨᠡᠭᠦᠷ ᠢ᠋ᠶ᠋ᠡᠨ ᠪᠡᠯᠴᠢᠨ ᠭᠠᠷᠳᠠᠭ
ᠦᠯᠦ② ᠮᠠᠩᠬᠠᠨ ᠲᠡᠮᠡᠭᠡ ᠲᠡᠢ
ᠬᠣᠲᠣᠩ ᠤ᠋ᠨ ᠭᠣᠣᠯ ᠢ᠋ᠶ᠋ᠠᠷ ᠳᠦᠭᠦᠷᠦᠭᠰᠡᠨ
ᠬᠣᠶᠠᠷ ᠪᠤᠮ ᠬᠣᠨᠢ ᠲᠠᠢ
ᠨᠠᠷᠠᠨ ᠤ᠋ ᠬᠥᠯ ᠳᠣᠣᠷ᠎ᠠ ᠮᠠᠨᠠᠷᠠᠭᠠᠳ ᠪᠠᠢᠳᠠᠭ
ᠨᠠᠶᠠᠨ ᠪᠤᠮ ᠬᠣᠩᠭᠣᠷ ᠠᠳᠤᠭᠤ ᠲᠠᠢ ᠭᠡᠨ᠎ᠡ᠃
* * *
ᠬᠦᠳᠡᠷ ᠠᠯᠲᠠᠢ ᠬᠠᠨ ᠳ᠋ᠤ᠌
ᠬᠠᠰᠠᠭ ᠲᠤᠤᠬᠠᠢ ᠭᠡᠳᠡᠭ
ᠬᠠᠢᠷᠠᠲᠤ ᠰᠢᠷᠭ᠎ᠠ ᠮᠣᠷᠢ ᠲᠠᠢ
ᠡᠨᠡ ᠮᠣᠷᠢ ᠶ᠋ᠢ ᠬᠡᠯᠡᠪᠡᠯ᠄
ᠵᠠᠭᠤᠨ ᠠᠯᠲᠠ ᠬᠦᠵᠦᠭᠦᠦ ᠲᠡᠢ
ᠵᠠᠭᠤᠷ᠎ᠠ ᠬᠣᠨᠣᠵᠤ ᠬᠦᠷᠬᠦ ᠶ᠋ᠢᠨ ᠨᠢᠷᠤᠭᠤ ᠲᠠᠢ
ᠨᠠᠶᠠᠨ ᠨᠢᠭᠡᠨ ᠠᠯᠲᠠ ᠰᠡᠭᠦᠯ ᠲᠡᠢ
ᠨᠠᠴᠢᠨ ᠱᠣᠩᠬᠣᠷ ᠤ᠋ᠨ ᠨᠢᠳᠦ ᠲᠡᠢ
ᠲᠤᠩ ᠪᠦᠷᠢᠶ᠎ᠡ ᠬᠠᠮᠠᠷ ᠲᠠᠢ
ᠳᠤᠷᠠᠨ ᠰᠠᠢᠬᠠᠨ ᠨᠢᠳᠦ ᠲᠡᠢ
ᠰᠤᠮᠤᠨ ᠬᠣᠶᠠᠷ ᠴᠢᠬᠢ ᠲᠡᠢ
ᠱᠣᠪᠣᠭᠣᠷ ᠰᠠᠢᠬᠠᠨ ᠬᠣᠩᠰᠢᠶᠠᠷ ᠲᠠᠢ
ᠮᠣᠯᠣᠷ ᠡᠷᠳᠡᠨᠢ ᠶ᠋ᠢᠨ ᠲᠣᠯᠣᠭᠠᠢ ᠲᠠᠢ
ᠮᠣᠨᠴᠣᠭ ᠵᠢᠯᠠᠭ᠎ᠠ ᠶ᠋ᠢᠨ ᠳᠡᠯ ᠲᠡᠢ
ᠪᠣᠭᠣᠨᠢ ᠬᠠᠪᠢᠷᠭ᠎ᠠ ᠨᠢ ᠬᠥᠲᠥᠬᠡᠷ
ᠪᠣᠭᠳᠤᠭᠤᠰᠣ ᠴᠢᠮᠥᠭᠡ ᠨᠢ ᠮᠠᠲᠠᠭᠠᠷ
ᠲᠡᠢᠮᠦ ᠨᠢᠭᠡᠨ ᠰᠠᠢᠬᠠᠨ ᠬᠦᠯᠦᠭ ᠭᠡᠨ᠎ᠡ᠃
* * *
ᠨᠢᠭᠡᠨ ᠡᠳᠦᠷ ᠪᠣᠯᠬᠤ ᠳ᠋ᠤ᠌
ᠨᠢᠭᠡᠨ ᠰᠠᠢᠨ ᠬᠦᠦ ᠭᠡᠢᠪᠡ③ ᠭᠡᠨ᠎ᠡ᠃
ᠵᠠᠭᠤᠨ ᠡᠷᠭᠢ ᠶ᠋ᠢᠨ ᠡᠯᠡᠰᠦ ᠶ᠋ᠢ
ᠵᠥᠭᠡᠭᠡᠵᠦ ᠨᠡᠢᠯᠡᠭᠦᠯᠵᠦ ᠮᠠᠨᠴᠤᠢᠯᠠᠭᠠᠳ
ᠥᠨᠳᠥᠷ ᠠᠭᠤᠯᠠ ᠶ᠋ᠢ ᠲᠦᠰᠢᠭᠦᠯᠦᠨ
ᠢᠰᠬᠦᠯᠡᠬᠦᠷ ᠲᠠᠯᠪᠢᠵᠤ ᠠᠪᠤᠭᠠᠳ
ᠴᠢᠩ ᠵᠣᠷᠢᠭᠲᠤ ᠪᠠᠭᠠᠲᠤᠷ
ᠴᠡᠩᠭᠡᠯ ᠬᠦᠦ ᠭᠡᠵᠦ ᠨᠡᠷᠡᠯᠡᠵᠡᠢ᠃
ᠡᠨᠡ ᠴᠡᠩᠭᠡᠯ ᠬᠦᠦ ᠪᠣᠯ
ᠭᠤᠨ᠎ᠠ ᠲᠠᠢ ᠳ᠋ᠠᠭᠠᠨ ᠮᠣᠷᠳᠠᠵᠤ
ᠭᠤᠷᠪᠠᠨ ᠪᠠᠢᠷᠢ④ ᠡᠪᠳᠡᠵᠦ ᠪᠠᠭᠤᠪᠠ ᠭᠡᠨ᠎ᠡ᠃
ᠳᠥᠨ᠎ᠡ ᠲᠡᠢ ᠳ᠋ᠡᠭᠡᠨ ᠮᠣᠷᠳᠠᠵᠤ
ᠳᠥᠷᠪᠡᠨ ᠪᠠᠢᠷᠢ ᠡᠪᠳᠡᠨ ᠪᠠᠭᠤᠪᠠ ᠭᠡᠨ᠎ᠡ᠃
* * *
ᠨᠢᠭᠡᠨ ᠡᠳᠦᠷ ᠪᠣᠯᠪᠠ ᠭᠡᠨ᠎ᠡ
ᠴᠢᠩ ᠵᠣᠷᠢᠭᠲᠤ ᠴᠡᠩᠭᠡᠯ ᠬᠦᠦ
ᠨᠠᠢ᠍ᠮᠠᠨ ᠬᠥᠯ ᠲᠡᠢ
ᠨᠠᠢᠭᠤᠭ᠎ᠠ ᠠᠯᠲᠠᠨ ᠰᠢᠷᠡᠭᠡᠨ ᠡᠴᠡ ᠪᠡᠨ
ᠬᠠᠷᠭᠠᠢ ᠶ᠋ᠢᠨ ᠣᠴᠢ ᠮᠡᠲᠦ
ᠴᠢᠪᠬᠢᠲᠡᠯ᠎ᠡ ᠦᠰᠦᠷᠦᠨ ᠪᠠᠭᠤᠴᠢᠭᠠᠳ
ᠪᠤᠯᠲᠠᠭᠠᠷ ᠰᠠᠢᠬᠠᠨ ᠲᠣᠯᠣᠭᠠᠢ ᠪᠠᠨ
ᠪᠥᠬᠥᠢᠨ ᠮᠡᠬᠦᠰᠬᠢᠵᠦ ᠮᠡᠨᠳᠦᠯᠡᠭᠡᠳ
ᠪᠣᠯᠣᠳ ᠮᠡᠲᠦ ᠡᠪᠦᠳᠦᠭ ᠢ᠋ᠶ᠋ᠡᠨ
ᠳᠠᠷᠤᠨ ᠮᠡᠨᠳᠦᠯᠡᠭᠡᠳ ᠠᠢᠯᠠᠳᠬᠠᠵᠤ
《ᠬᠠᠨ ᠪᠤᠭᠤᠷᠤᠯ ᠠᠪᠤ ᠮᠢᠨᠢ
ᠬᠠᠲᠤᠨ ᠪᠤᠭᠤᠷᠤᠯ ᠡᠵᠢ ᠮᠢᠨᠢ
ᠡᠷ᠎ᠡ ᠬᠥᠮᠦᠨ ᠪᠣᠯᠪᠠᠯ
ᠭᠡᠷ ᠲᠦ᠍ ᠲᠥᠷᠥᠳᠡᠭ ᠶᠣᠰᠣᠲᠠᠢ
ᠬᠡᠭᠡᠷ᠎ᠡ ᠦᠬᠦᠳᠡᠭ ᠵᠢᠷᠤᠮ ᠲᠠᠢ
ᠮᠢᠨᠦ ᠶᠠᠪᠤᠳᠠᠭ ᠭᠠᠵᠠᠷ ᠬᠠᠮᠢᠭ᠎ᠠ ᠪᠣᠢ?
ᠵᠣᠷᠢᠳᠠᠭ ᠵᠣᠷᠢᠭ ᠮᠢᠨᠢ ᠶᠠᠭᠤᠨ ᠳ᠋ᠤ᠌ ᠪᠣᠢ?》
ᠠᠪᠤ ᠡᠵᠢ ᠡᠴᠡ ᠪᠡᠨ ᠠᠰᠠᠭᠤᠬᠤ ᠳ᠋ᠤ᠌
ᠬᠠᠨ ᠪᠤᠭᠤᠷᠤᠯ ᠠᠪᠤ ᠨᠢ᠄
《ᠪᠠᠭ᠎ᠠ ᠪᠠᠢᠬᠤ ᠦᠶ᠎ᠡ ᠳ᠋ᠡᠭᠡᠨ ᠪᠢ
ᠪᠠᠬ᠎ᠠ ᠲᠠᠢ ᠲᠠᠪᠠ ᠲᠠᠢ ᠶᠠᠪᠤᠬᠤ ᠴᠠᠭ ᠲᠤ᠌
ᠪᠠᠷᠠᠭᠤᠨ ᠬᠣᠢᠲᠤ ᠵᠦᠭ ᠲᠦ᠍ ᠪᠠᠢᠳᠠᠭ
ᠪᠠᠳᠮ᠎ᠠ ᠭᠡᠷᠡᠯ ᠬᠠᠨ ᠲᠠᠢ ᠬᠣᠶᠠᠭᠤᠯᠠ
ᠪᠠᠲᠤᠲᠠᠢᠬᠠᠨ ᠭᠤᠷᠪᠠᠨ ᠦᠭᠡ ᠪᠡᠨ ᠬᠡᠯᠡᠯᠴᠡᠭᠰᠡᠨ ᠪᠢᠯᠡ᠃
ᠨᠠᠷᠠᠨ ᠽᠠᠨᠳᠠᠨ ᠠᠪᠠᠬᠠᠢ ᠶ᠋ᠢ ᠨᠢ
ᠵᠠᠯᠠᠬᠤ ᠪᠠᠷ ᠰᠢᠢᠳᠦᠭᠰᠡᠨ ᠶᠦᠮ ᠠ᠋!》 ᠭᠡᠵᠦ ᠬᠡᠯᠡᠭᠡᠳ᠄
《ᠬᠦᠦ ᠮᠢᠨᠢ ᠴᠢᠨᠦ
ᠮᠢᠬ᠎ᠠ ᠴᠢᠨᠢ ᠮᠢᠬᠠᠵᠢᠭᠠᠳᠤᠢ ᠪᠢᠰᠢᠦ?
ᠱᠥᠯᠥ ᠴᠢᠨᠢ ᠱᠦᠯᠦᠵᠢᠭᠡᠳᠦᠢ ᠪᠢᠰᠢᠦ?
ᠡᠬᠡ ᠡᠴᠡ ᠪᠡᠨ ᠪᠢᠰᠢ ᠶ᠋ᠢ ᠦᠵᠡᠭᠡᠳᠦᠢ ᠪᠢᠰᠢᠦ?
ᠡᠷᠭᠢ ᠡᠴᠡ ᠪᠢᠰᠢ ᠶ᠋ᠢ ᠳᠠᠪᠠᠭᠠᠳᠤᠢ ᠪᠢᠰᠢᠦ?
ᠠᠯᠪᠠᠲᠤ ᠶ᠋ᠢᠨ ᠲᠣᠭ᠎ᠠ ᠲᠠᠰᠤᠷᠠᠵᠤ
ᠠᠷᠪᠠᠨ ᠭᠤᠷᠪᠠᠨ ᠣᠨ ᠪᠣᠯᠤᠭᠰᠠᠨ ᠪᠢᠰᠢᠦ?
ᠠᠳᠠᠯ ᠮᠠᠯ ᠤ᠋ᠨ ᠲᠣᠭ᠎ᠠ ᠲᠠᠰᠤᠷᠠᠵᠤ
ᠭᠤᠴᠢᠨ ᠭᠤᠷᠪᠠᠨ ᠣᠨ ᠪᠣᠯᠤᠭᠰᠠᠨ ᠪᠢᠰᠢᠦ?
ᠠᠯᠪᠠᠲᠤ ᠬᠣᠰᠢᠭᠤ ᠪᠠᠨ ᠴᠤᠭᠯᠠᠭᠤᠯᠵᠤ
ᠨᠠᠢᠷ ᠬᠤᠷᠢᠮ ᠢ᠋ᠶ᠋ᠠᠨ ᠲᠠᠯᠪᠢᠭᠠᠴᠢ!》 ᠭᠡᠪᠡ᠃
* * *
ᠠᠷᠪᠠᠨ ᠲᠠᠰᠢ ᠪᠠᠨ
ᠠᠷᠪᠠᠨ ᠰᠠᠢᠨ ᠡᠷ᠎ᠡ ᠮᠣᠷᠳᠠᠭᠤᠯᠵᠤ
ᠨᠠᠢ᠍ᠮᠠᠨ ᠨᠡᠰᠤᠨ ᠡᠴᠡ ᠥᠭᠰᠦᠭᠦᠯᠦᠨ᠋⑤
ᠨᠠᠶᠠᠨ ᠨᠠᠰᠤᠲᠠᠢ ᠠ᠋ᠴᠠ ᠤᠷᠤᠭᠤᠳᠠᠭᠤᠯᠤᠨ⑥
ᠴᠡᠩᠭᠡᠯ ᠦ᠋ᠨ ᠨᠠᠢᠷ ᠬᠤᠷᠢᠮ ᠠ᠋ᠴᠠ
ᠳᠤᠲᠠᠭᠰᠠᠨ ᠬᠥᠮᠦᠨ ᠪᠠᠢᠭᠤᠵᠠᠢ ᠭᠡᠵᠦ ᠵᠠᠷᠯᠠᠪᠠ᠃
* * *
ᠠᠷᠪᠠᠨ ᠵᠦᠭ ᠦ᠋ᠨ ᠡᠷᠡᠴᠦᠳ
ᠠᠷᠠᠵᠠ ᠶ᠋ᠢᠨ ᠠᠮᠲᠠ ᠲᠠᠢ ᠶ᠋ᠢ
ᠬᠣᠣᠷᠠᠵᠠ ᠶ᠋ᠢᠨ ᠬᠤᠷᠰᠢᠭᠤᠨ ᠢ᠋
ᠬᠣᠷᠢᠶᠠᠨ ᠴᠤᠭᠯᠠᠭᠤᠯᠵᠤ ᠢᠷᠡᠪᠡ᠃
ᠪᠠᠢᠳᠠᠰ ᠤ᠋ᠨ ᠭᠡᠭᠦᠦ ᠡᠬᠢᠯᠡᠭᠦᠯᠦᠨ
ᠪᠤᠭ ᠪᠤᠲᠠ ᠮᠠᠯ ᠠᠯᠠᠵᠤ
ᠳᠣᠯᠣᠭᠠᠨ ᠠᠭᠤᠯᠠ ᠶ᠋ᠢᠨ ᠴᠢᠨᠡᠭᠡ
ᠲᠠᠷᠭᠤᠨ ᠮᠢᠬ᠎ᠠ ᠣᠪᠣᠭᠠᠯᠠᠪᠠ᠃
ᠪᠠᠷᠠᠭᠤᠨ ᠪᠡᠶ᠎ᠡ ᠥᠭᠡᠳᠡ ᠨᠢ
ᠪᠠᠷᠰ ᠪᠣᠯᠤᠭᠰᠠᠨ ᠡᠷᠡᠴᠦᠳ
ᠪᠠᠭᠲᠠᠵᠤ ᠶᠠᠳᠠᠨ ᠰᠠᠭᠤᠪᠠ᠃
ᠪᠠᠷᠠᠭᠤᠨ ᠪᠡᠶ᠎ᠡ ᠪᠡᠷ ᠰᠠᠭᠤᠭᠰᠠᠨ ᠡᠷᠡᠴᠦᠳ
ᠪᠠᠭᠲᠠᠵᠤ ᠶᠠᠳᠠᠨ ᠪᠣᠰᠴᠤ ᠢᠷᠡᠭᠡᠳ
ᠪᠠᠭᠠᠬᠠᠨ ᠴᠡᠩᠭᠡᠯ ᠬᠦᠦ ᠳ᠋ᠦ᠍
ᠨᠠᠢ᠍ᠮᠠᠨ ᠬᠥᠮᠦᠨ ᠳᠠᠮᠨᠠᠨ ᠡᠷᠭᠦᠳᠡᠭ
ᠨᠠᠶᠠᠨ ᠬᠥᠮᠦᠨ ᠳᠠᠮᠵᠢᠭᠤᠯᠵᠤ ᠲᠠᠯᠪᠢᠳᠠᠭ
ᠳᠠᠯᠪᠠᠭᠠᠷ ᠴᠠᠭᠠᠨ ᠱᠠᠭᠠᠵᠠᠩ ᠢ᠋ᠶ᠋ᠠᠷ
ᠠᠷᠠᠵᠠ ᠶ᠋ᠢᠨ ᠠᠮᠲᠠ ᠲᠠᠢ ᠠ᠋ᠴᠠ
ᠬᠣᠣᠷᠠᠵᠠ ᠶ᠋ᠢᠨ ᠬᠤᠷᠰᠢᠭᠤᠨ ᠠ᠋ᠴᠠ
ᠳᠠᠪ ᠬᠢᠬᠦ ᠶ᠋ᠢᠨ ᠵᠠᠭᠤᠷ᠎ᠠ
ᠳᠠᠯᠠᠨ ᠨᠢᠭᠡ ᠵᠣᠭᠣᠭᠯᠠᠭᠤᠯᠪᠠ᠃
ᠵᠡᠭᠦᠨ ᠪᠡᠶ᠎ᠡ ᠥᠭᠡᠳᠡ ᠨᠢ
ᠵᠣᠷᠢᠭᠲᠤ ᠠᠷᠰᠯᠠᠨ ᠪᠣᠯᠤᠭᠰᠠᠨ ᠡᠷᠡᠴᠦᠳ
ᠵᠡᠷᠭᠡᠯᠡᠲᠡᠨ ᠰᠢᠬᠠᠯᠳᠤᠨ ᠰᠠᠭᠤᠪᠠ᠃
ᠵᠡᠭᠦᠨ ᠪᠡᠶ᠎ᠡ ᠪᠡᠷ ᠰᠠᠭᠤᠭᠰᠠᠨ ᠡᠷᠡᠴᠦᠳ
ᠵᠡᠷᠭᠡᠯᠡᠳᠡᠨ ᠰᠢᠬᠠᠯᠳᠤᠨ ᠪᠣᠰᠴᠤ ᠢᠷᠡᠭᠡᠳ
ᠵᠢᠭᠠᠯ ᠬᠦᠦ ᠴᠡᠩᠭᠡᠯ ᠳ᠋ᠦ᠍
ᠨᠠᠢ᠍ᠮᠠᠨ ᠬᠥᠮᠦᠨ ᠳᠠᠮᠨᠠᠨ ᠡᠷᠭᠦᠳᠡᠭ
ᠨᠠᠶᠠᠨ ᠬᠥᠮᠦᠨ ᠳᠠᠮᠵᠢᠭᠤᠯᠵᠤ ᠲᠠᠯᠪᠢᠳᠠᠭ
ᠳᠠᠯᠪᠠᠭᠠᠷ ᠴᠠᠭᠠᠨ ᠱᠠᠭᠠᠵᠠᠩ ᠢ᠋ᠶ᠋ᠠᠷ
ᠠᠷᠠᠵᠠ ᠶ᠋ᠢᠨ ᠠᠮᠲᠠ ᠲᠠᠢ ᠠ᠋ᠴᠠ
ᠬᠣᠣᠷᠠᠵᠠ ᠶ᠋ᠢᠨ ᠬᠤᠷᠰᠢᠭᠤᠨ ᠠ᠋ᠴᠠ
ᠳᠠᠪ ᠬᠢᠬᠦ ᠶ᠋ᠢᠨ ᠵᠠᠭᠤᠷ᠎ᠠ
ᠳᠠᠯᠠᠨ ᠨᠢᠭᠡ ᠵᠣᠭᠣᠭᠯᠠᠭᠤᠯᠪᠠ᠃
ᠰᠣᠷᠭᠣᠭ ᠲᠥᠷᠥᠭᠰᠡᠨ ᠴᠡᠩᠭᠡᠯ ᠬᠦᠦ
ᠰᠣᠭᠲᠣᠬᠤ ᠶ᠋ᠢᠨ ᠳᠦᠷᠢ ᠭᠠᠷᠤᠭᠠᠳ
ᠵᠠᠭᠤᠨ ᠬᠥᠮᠦᠨ ᠦ᠌ ᠰᠦᠷ ᠢ᠋ ᠳᠠᠷᠤᠳᠠᠭ
ᠵᠤᠳ ᠤᠯᠠᠭᠠᠨ ᠴᠢᠷᠠᠢ ᠭᠠᠷᠤᠭᠠᠳ
ᠲᠦᠮᠡᠨ ᠬᠥᠮᠦᠨ ᠦ᠌ ᠰᠦᠷ ᠢ᠋ ᠳᠠᠷᠤᠳᠠᠭ
ᠲᠦᠭᠦᠬᠡᠢ ᠤᠯᠠᠭᠠᠨ ᠴᠢᠷᠠᠢ ᠭᠠᠷᠤᠭᠠᠳ
ᠪᠤᠤᠷ᠎ᠠ ᠶ᠋ᠢᠨ ᠰᠣᠶᠣᠭ᠎ᠠ ᠰᠢᠭ᠋ ᠰᠣᠶᠣᠭ᠎ᠠ ᠨᠢ
ᠢᠷᠠᠯᠵᠠᠭᠠᠳ ᠢᠷᠡᠪᠡ ᠭᠡᠨ᠎ᠡ᠃
ᠪᠤᠬ᠎ᠠ ᠶ᠋ᠢᠨ ᠮᠠᠩᠨᠠᠢ ᠰᠢᠭ᠋ ᠮᠠᠩᠨᠠᠢ ᠨᠢ
ᠠᠲᠤᠷᠢᠭᠠᠳ ᠢᠷᠡᠪᠡ ᠭᠡᠨ᠎ᠡ᠂
ᠪᠣᠳᠣᠵᠤ ᠰᠠᠨᠠᠭᠰᠠᠨ ᠢ᠋ᠶ᠋ᠠᠨ ᠪᠦᠲᠦᠭᠡᠬᠦ ᠪᠡᠷ
ᠮᠣᠷᠳᠠᠬᠤ ᠪᠠᠷ ᠲᠣᠭᠲᠠᠪᠠ ᠭᠡᠨ᠎ᠡ᠃
* * *
ᠠᠳᠤᠭᠤᠴᠢ ᠠᠭᠰᠠᠬᠠᠯ ᠡᠪᠦᠭᠡᠨ ᠢ᠋
ᠬᠤᠰᠠᠷᠠᠩ ᠭᠡᠭᠦᠦ ᠶ᠋ᠢᠨ ᠤᠨᠠᠬ᠎ᠠ
ᠬᠣᠯᠠ ᠬᠣᠩᠭᠣᠷ ᠠᠵᠢᠷᠭᠠᠨ ᠳ᠋ᠤ᠌ ᠮᠤᠷᠳᠠᠭᠤᠯᠤᠨ
ᠬᠠᠰᠠᠭ ᠲᠤᠤᠬᠠᠢ ᠭᠡᠳᠡᠭ
ᠬᠠᠢᠷᠠᠲᠤ ᠰᠢᠷᠭ᠎ᠠ ᠮᠣᠷᠢᠨ ᠳ᠋ᠤ᠌ ᠶᠠᠪᠤᠭᠤᠯᠪᠠ᠃
ᠠᠳᠤᠭᠤᠴᠢ ᠠᠭᠰᠠᠬᠠᠯ ᠡᠪᠦᠭᠡᠨ
ᠠᠯᠲᠠᠢ ᠶ᠋ᠢ ᠠᠷᠪᠠᠨ ᠭᠤᠷᠪᠠ ᠡᠷᠭᠢᠵᠦ
ᠬᠠᠩᠭᠠᠢ ᠶ᠋ᠢ ᠬᠣᠷᠢᠨ ᠭᠤᠷᠪᠠ ᠡᠷᠭᠢᠭᠡᠳ
ᠬᠠᠷᠠᠵᠤ ᠣᠯᠤᠭᠰᠠᠨ ᠦᠭᠡᠢ ᠪᠣᠯᠬᠣᠷ
ᠬᠥᠬᠡ ᠮᠥᠩᠭᠥᠨ ᠰᠢᠯᠢ ᠳ᠋ᠦ᠍ ᠭᠠᠷᠴᠤ
ᠬᠦᠯᠦᠭ ᠮᠣᠷᠢ ᠶ᠋ᠢ ᠬᠠᠷᠠᠬᠤ ᠳ᠋ᠠᠭᠠᠨ
ᠡᠪᠦᠷ ᠡᠴᠡ ᠪᠡᠨ ᠳᠤᠷᠳᠤᠩ ᠠᠯᠴᠢᠭᠤᠷ ᠭᠠᠷᠭᠠᠵᠤ
ᠦᠵᠡᠬᠦ ᠨᠢᠳᠦᠨ ᠦ᠌ ᠪᠡᠨ ᠴᠡᠴᠡᠭᠡᠢ ᠶ᠋ᠢ ᠠᠷᠴᠢᠭᠠᠳ
ᠳᠥᠷᠪᠡᠨ ᠵᠦᠭ ᠨᠠᠢ᠍ᠮᠠᠨ ᠵᠣᠪᠬᠢᠰ ᠲᠤ᠌
ᠳᠤᠷᠠᠨ ᠰᠢᠭ᠋ ᠨᠢᠳᠦ ᠪᠡᠷ ᠢ᠋ᠶ᠋ᠡᠨ ᠬᠠᠷᠠᠬᠤ ᠳ᠋ᠤ᠌
ᠬᠣᠣᠷᠠᠨ ᠱᠣᠣ ᠳᠠᠯᠠᠢ⑦ ᠶ᠋ᠢᠨ ᠬᠥᠪᠡᠭᠡᠨ ᠳ᠋ᠦ᠍
ᠬᠠᠰᠠᠭ ᠲᠤᠤᠬᠠᠢ ᠭᠡᠳᠡᠭ ᠰᠢᠷᠭ᠎ᠠ ᠮᠣᠷᠢ ᠨᠢ
ᠪᠠᠷᠠᠭᠤᠨ ᠬᠥᠯ ᠢ᠋ᠶ᠋ᠡᠨ ᠰᠣᠢᠯᠤᠭᠠᠳ⑧
ᠪᠠᠷᠠᠭᠤᠨ ᠴᠢᠬᠢ ᠪᠡᠨ ᠳᠡᠪᠢᠰᠦᠭᠡᠳ
ᠵᠡᠭᠦᠨ ᠬᠥᠯ ᠢ᠋ᠶ᠋ᠡᠨ ᠰᠣᠢᠯᠤᠭᠠᠳ
ᠵᠡᠭᠦᠨ ᠴᠢᠬᠢ ᠪᠡᠨ ᠳᠡᠪᠢᠰᠦᠭᠡᠳ
ᠵᠣᠭᠰᠣᠵᠤ ᠪᠠᠢᠪᠠ ᠭᠡᠨ᠎ᠡ᠃
ᠠᠭᠰᠠᠬᠠᠯ ᠡᠪᠦᠭᠡᠨ
ᠲᠠᠲᠠᠵᠤ ᠲᠠᠯᠪᠢᠵᠤ ᠬᠦᠷᠦᠭᠡᠳ
ᠠᠩᠭᠠᠯᠵᠠᠭᠴᠢ ᠠᠮᠠᠨ ᠬᠦᠵᠦᠭᠦᠨ ᠳ᠋ᠦ᠍ᠨᠢ
ᠠᠯᠳᠠᠯ ᠦᠭᠡᠢ ᠤᠷᠭ᠎ᠠ ᠪᠠᠨ ᠬᠠᠶᠠᠬᠤ ᠳ᠋ᠤ᠌
ᠠᠭᠲᠠ ᠬᠦᠯᠦᠭ ᠮᠣᠷᠢ ᠠᠪᠴᠤ ᠬᠠᠷᠠᠢᠭᠠᠳ
ᠲᠩᠷᠢ ᠶ᠋ᠢᠨ ᠣᠳᠣ ᠲᠣᠭᠠᠯᠠᠨ ᠪᠤᠯᠭᠢᠪᠠ
ᠲᠡᠩᠬᠡᠭᠡ ᠰᠠᠢᠨ ᠳ᠋ᠠᠭᠠᠨ ᠡᠰᠡ ᠲᠠᠯᠪᠢᠪᠠ
ᠭᠠᠵᠠᠷ ᠤ᠋ᠨ ᠦᠨᠳᠦᠰᠦ ᠲᠣᠭᠠᠯᠠᠨ ᠪᠤᠯᠭᠢᠪᠠ
ᠲᠡᠩᠬᠡᠭᠡ ᠰᠠᠢᠨ ᠳ᠋ᠠᠭᠠᠨ ᠡᠰᠡ ᠲᠠᠯᠪᠢᠪᠠ
ᠲᠠᠲᠠᠵᠤ ᠲᠠᠯᠪᠢᠵᠤ ᠪᠠᠭᠤᠵᠤ ᠣᠴᠢᠭᠠᠳ
ᠬᠠᠰ ᠡᠷᠳᠡᠨᠢ ᠶ᠋ᠢᠨ ᠰᠢᠲᠦᠨ ᠳ᠋ᠦ᠍ᠨᠢ
ᠬᠥᠬᠡ ᠮᠥᠩᠭᠥᠨ ᠬᠠᠵᠠᠭᠠᠷ ᠢ᠋ ᠬᠠᠪᠴᠢᠭᠤᠯᠤᠨ
ᠰᠤᠷ ᠠᠯᠲᠠᠨ ᠵᠢᠯᠣᠭᠣ ᠶ᠋ᠢ ᠨᠢ
ᠰᠠᠪᠰᠠᠬᠠᠷ ᠰᠠᠢᠬᠠᠨ ᠳᠡᠯ ᠳ᠋ᠦ᠍ᠨᠢ
ᠠᠷᠠᠢ ᠬᠦᠷᠭᠡᠵᠦ ᠵᠠᠩᠭᠢᠳᠤᠨ ᠠᠪᠤᠭᠠᠳ
ᠴᠤᠯᠤ ᠮᠥᠩᠭᠥᠨ ᠴᠤᠯᠪᠤᠭᠤᠷ ᠢ᠋ᠶ᠋ᠠᠷ ᠬᠥᠲᠥᠯᠵᠦ ᠬᠠᠷᠢᠭᠠᠳ
ᠴᠢᠳᠬᠤᠮᠠᠯ ᠠᠯᠲᠠᠨ ᠭᠠᠳᠠᠰᠤᠨ ᠳ᠋ᠤ᠌
ᠠᠷᠠᠢ ᠬᠦᠷᠭᠡᠵᠦ ᠤᠶᠠᠪᠠ᠃
ᠬᠥᠳᠡᠭᠡ ᠶ᠋ᠢᠨ ᠴᠢᠨᠡᠭᠡ
ᠬᠥᠬᠡ ᠮᠥᠩᠭᠥᠨ ᠬᠡᠪᠢᠰ ᠢ᠋ ᠲᠣᠬᠣᠪᠠ
ᠬᠥᠲᠥᠯ ᠦ᠋ᠨ ᠴᠢᠨᠡᠭᠡ
ᠬᠥᠬᠡ ᠮᠥᠩᠭᠥᠨ ᠡᠮᠡᠭᠡᠯ ᠢ᠋ ᠳᠤᠬᠤᠪᠠ᠃
ᠬᠣᠢᠰᠢ ᠶᠠᠪᠤᠵᠤ ᠬᠣᠨᠣᠵᠤ ᠥᠨᠵᠢᠵᠦ ᠬᠦᠷᠦᠭᠡᠳ
ᠬᠦᠳᠡᠷ ᠠᠯᠲᠠᠨ ᠬᠤᠳᠠᠷᠭ᠎ᠠ ᠶ᠋ᠢ
ᠠᠷᠠᠢ ᠬᠦᠷᠭᠡᠵᠦ ᠬᠤᠳᠠᠷᠭᠠᠯᠠᠪᠠ᠂
ᠡᠮᠦᠨᠡᠰᠢ ᠶᠠᠪᠤᠵᠤ ᠬᠦᠷᠦᠭᠡᠳ
ᠬᠦᠳᠡᠷ ᠠᠯᠲᠠᠨ ᠬᠥᠮᠥᠯᠳᠥᠷᠭᠡ ᠶ᠋ᠢ
ᠠᠷᠠᠢ ᠬᠦᠷᠭᠡᠵᠦ ᠬᠥᠮᠥᠯᠳᠥᠷᠭᠡᠯᠡᠪᠡ᠃
* * *
— — — —
① ᠪᠤᠯᠢᠶᠠᠮ— ᠤᠷᠲᠤᠳ ᠠ᠋ᠴᠠ ᠲᠥᠷᠥᠭᠰᠡᠨ ᠦᠬᠡᠷ
② ᠦᠯᠦ— ᠮᠠᠯ ᠤ᠋ᠨ ᠵᠢᠰᠦ
③ ᠭᠡᠢᠪᠡ— ᠲᠥᠷᠥᠪᠡ
④ ᠪᠠᠢᠷᠢ— ᠪᠠᠢᠯᠳᠤᠭᠠᠨ ᠤ᠋ ᠵᠢᠭᠰᠠᠭᠠᠯ ᠤ᠋ᠨ ᠭᠠᠵᠠᠷ
⑤ ᠥᠭᠰᠦᠭᠦᠯᠦᠨ — ᠳᠡᠭᠡᠭᠰᠢ
⑥ ᠳᠣᠷᠣᠭᠰᠢ
⑦ ᠬᠣᠣᠷᠠᠨ ᠱᠣᠣ ᠳᠠᠯᠠᠢ— ᠬᠣᠣᠷᠠᠲᠤ ᠭᠠᠰᠢᠭ ᠤ᠋ᠨ ᠳᠠᠯᠠᠢ
⑧ ᠰᠣᠢᠯᠤᠭᠠᠳ— ᠲᠦᠷᠭᠡᠨ ᠳᠡᠭᠡᠭᠰᠢ ᠡᠷᠭᠦᠬᠦ
ᠴᠢᠩ ᠵᠣᠷᠢᠭᠲᠤ ᠪᠠᠭᠠᠲᠤᠷ
ᠴᠡᠩᠭᠡᠯ ᠬᠦᠦ ᠮᠣᠷᠳᠠᠬᠤ ᠪᠠᠷ ᠰᠢᠳᠪᠡ᠂
ᠪᠠᠷᠠᠭᠤᠨ ᠪᠡᠶ᠎ᠡ ᠥᠭᠡᠳᠡ ᠨᠢ
ᠪᠠᠭᠲᠠᠨ ᠶᠠᠳᠠᠨ ᠰᠠᠭᠤᠭᠰᠠᠨ ᠡᠷᠡᠴᠦᠳ ᠪᠣᠰᠴᠤ
ᠪᠠᠷᠠᠭᠤᠨ ᠪᠡᠶ᠎ᠡ ᠶ᠋ᠢᠨ ᠪᠠᠷᠠᠭ᠎ᠠ① ᠶ᠋ᠢ ᠠᠭᠤᠳᠠᠯᠵᠤ
ᠦᠢ ᠲᠦᠮᠡᠨ ᠲᠣᠪᠴᠢ ᠲᠠᠢ
ᠦᠬᠡᠷ ᠬᠥᠬᠡ ᠬᠤᠶᠠᠭ ᠢ᠋ ᠨᠢ ᠡᠮᠦᠰᠦᠭᠦᠯᠪᠡ᠂
ᠵᠡᠭᠦᠨ ᠪᠡᠶ᠎ᠡ ᠥᠭᠡᠳᠡ ᠨᠢ
ᠵᠡᠷᠭᠡ ᠮᠡᠳᠡᠨ ᠰᠢᠬᠠᠯᠳᠤᠨ ᠰᠠᠭᠤᠭᠰᠠᠨ ᠡᠷᠡᠴᠦᠳ ᠪᠣᠰᠴᠤ
ᠵᠡᠭᠦᠨ ᠪᠡᠶ᠎ᠡ ᠶ᠋ᠢᠨ ᠪᠠᠷᠠᠭ᠎ᠠ ᠶ᠋ᠢ ᠠᠭᠤᠳᠠᠯᠵᠤ
ᠴᠠᠰᠤᠨ ᠠ᠋ᠴᠠ ᠴᠠᠭᠠᠨ
ᠴᠠᠭᠠᠰᠤᠨ ᠠ᠋ᠴᠠ ᠨᠢᠮᠭᠡᠨ
ᠴᠠᠷ ᠮᠥᠩᠭᠥᠨ ᠳᠤᠭᠤᠯᠠᠭ᠎ᠠ ᠶ᠋ᠢ ᠨᠢ ᠡᠮᠦᠰᠦᠭᠦᠯᠪᠡ᠃
ᠬᠠᠨ ᠪᠤᠭᠤᠷᠤᠯ ᠠᠪᠤ ᠨᠢ
ᠪᠠᠷᠠᠭᠤᠨ ᠭᠠᠷ ᠢ᠋ ᠨᠢ ᠪᠠᠷᠢᠭᠠᠳ
ᠪᠠᠷᠠᠭᠤᠨ ᠬᠠᠴᠠᠷ ᠢ᠋ ᠨᠢ ᠲᠠᠭᠠᠯᠠᠭᠠᠳ᠄
《ᠶᠠᠪᠤᠭᠰᠠᠨ ᠬᠦᠦ ᠮᠢᠨᠢ
ᠠᠮᠤᠷ ᠮᠡᠨᠳᠦ ᠪᠠᠭᠤᠳᠠᠭ ᠪᠢᠯᠡ ᠤᠤ⁈》 ᠭᠡᠳ
ᠮᠣᠢᠯ ᠬᠠᠷ᠎ᠠ ᠴᠡᠴᠡᠭᠡᠢ ᠡᠴᠡ ᠪᠡᠨ
ᠨᠢᠯᠪᠤᠰᠤ ᠠᠰᠬᠠᠷᠠᠭᠤᠯᠵᠤ ᠢᠷᠡᠪᠡ᠃
ᠬᠠᠲᠤᠨ ᠪᠤᠭᠤᠷᠤᠯ ᠡᠵᠢ ᠨᠢ
ᠵᠡᠭᠦᠨ ᠭᠠᠷ ᠠ᠋ᠴᠠ ᠨᠢ ᠪᠠᠷᠢᠭᠠᠳ
ᠵᠡᠭᠦᠨ ᠬᠠᠴᠠᠷ ᠢ᠋ ᠨᠢ ᠲᠠᠭᠠᠯᠠᠭᠠᠳ᠄
《ᠶᠠᠪᠤᠭᠰᠠᠨ ᠬᠦᠦ ᠮᠢᠨᠢ
ᠠᠮᠤᠷ ᠮᠡᠨᠳᠦ ᠪᠠᠭᠤᠳᠠᠭ ᠪᠢᠯᠡ ᠤᠤ⁈》 ᠭᠡᠳ
ᠮᠣᠢᠯ ᠬᠠᠷ᠎ᠠ ᠴᠡᠴᠡᠭᠡᠢ ᠡᠴᠡ ᠪᠡᠨ
ᠨᠢᠯᠪᠤᠰᠤ ᠠᠰᠬᠠᠷᠠᠭᠤᠯᠪᠠ ᠭᠡᠨ᠎ᠡ᠃
ᠬᠤᠷᠠᠭᠰᠠᠨ ᠣᠯᠠᠨ ᠢ᠋ᠶ᠋ᠠᠷ ᠢ᠋ᠶ᠋ᠠᠨ
ᠬᠤᠯᠠᠨ ᠵᠡᠭᠡᠷ᠎ᠡ ᠰᠢᠭ
ᠵᠢᠰᠦ ᠵᠢᠰᠦ ᠪᠡᠨ ᠨᠡᠢᠯᠡᠭᠦᠯᠵᠦ
ᠬᠤᠨ ᠭᠠᠯᠠᠭᠤ ᠰᠢᠭ᠋
ᠳᠠᠭᠤ ᠳᠠᠭᠤ ᠪᠠᠨ ᠨᠡᠢᠯᠡᠭᠦᠯᠦᠨ᠄
《ᠶᠠᠪᠤᠭᠰᠠᠨ ᠬᠦᠦ ᠴᠡᠩᠭᠡᠯ
ᠠᠮᠤᠷ ᠮᠡᠨᠳᠦ ᠪᠠᠭᠤᠳᠠᠭ ᠦᠭᠡᠢ ᠶᠠᠭᠠᠬᠢᠬᠤ ᠪᠣᠢ!
ᠰᠠᠭᠤᠭᠰᠠᠨ ᠬᠣᠲᠠ ᠬᠣᠰᠢᠭᠤ ᠮᠢᠨᠢ
ᠠᠮᠤᠷ ᠮᠡᠨᠳᠦ ᠪᠠᠢᠳᠠᠭ ᠦᠭᠡᠢ ᠶᠠᠭᠠᠬᠢᠬᠤ ᠪᠣᠢ!》 ᠭᠡᠳ
ᠨᠢᠯᠪᠤᠰᠤ ᠠᠰᠬᠠᠷᠠᠭᠤᠯᠪᠠ ᠭᠡᠨ᠎ᠡ᠃
* * *
ᠬᠠᠳᠠᠨ ᠵᠣᠷᠢᠭᠲᠤ ᠴᠡᠩᠭᠡᠯ ᠬᠦᠦ
ᠬᠠᠰᠠᠭ ᠲᠤᠤᠬᠠᠢ ᠳ᠋ᠠᠭᠠᠨ ᠮᠣᠷᠳᠠᠭᠠᠳ
ᠬᠦᠨᠳᠦ ᠰᠠᠢᠬᠠᠨ ᠰᠠᠭᠤᠳᠠᠯ ᠢ᠋ᠶ᠋ᠠᠷ ᠢ᠋ᠶ᠋ᠠᠨ
ᠰᠠᠭᠤᠭᠠᠳ ᠠᠪᠤᠪᠠ ᠭᠡᠨ᠎ᠡ
ᠬᠦᠷᠡᠩ ᠮᠥᠩᠭᠥᠨ ᠳᠥᠷᠥᠭᠡ ᠪᠡᠨ
ᠬᠦᠨᠳᠡᠷᠲᠡᠯᠡ ᠳᠥᠷᠥᠭᠡᠯᠡᠭᠡᠳ ᠠᠪᠤᠪᠠ ᠭᠡᠨ᠎ᠡ᠃
ᠪᠠᠷᠠᠭᠤᠨ ᠬᠣᠢᠲᠤ ᠵᠦᠭ ᠲᠦ᠍ ᠲᠡᠮᠡᠴᠡᠨ
ᠲᠡᠰᠢᠭᠦᠯᠦᠨ ᠴᠣᠭᠭᠢᠭᠤᠯᠤᠭᠰᠠᠭᠠᠷ ᠶᠠᠪᠤᠵᠤ
ᠥᠨᠳᠥᠷ ᠡᠪᠡᠰᠦᠨ ᠦ᠌ ᠲᠣᠯᠣᠭᠠᠢ ᠶ᠋ᠢ ᠪᠥᠬᠥᠯᠵᠡᠭᠥᠯᠥᠯ ᠦᠭᠡᠢ
ᠨᠠᠷᠢᠨ ᠡᠪᠡᠰᠦᠨ ᠦ᠌ ᠲᠣᠯᠣᠭᠠᠢ ᠶ᠋ᠢ ᠨᠠᠬᠢᠯᠵᠠᠭᠤᠯᠤᠯ ᠦᠭᠡᠢ
ᠵᠣᠪᠠᠯᠠᠩ ᠤ᠋ᠨ ᠵᠢᠷᠠᠨ ᠭᠤᠷᠪᠠᠨ ᠠᠶᠤᠩᠭ᠎ᠠ ᠶ᠋ᠢ
ᠪᠠᠷᠠᠭᠤᠨ ᠠᠳᠠᠭ ᠠᠷᠠᠭᠠᠨ ᠳ᠋ᠠᠭᠠᠨ
ᠢᠰᠬᠢᠷᠦᠨ ᠳᠡᠪᠰᠢᠭᠦᠯᠪᠡ ᠭᠡᠨ᠎ᠡ
ᠵᠢᠷᠭᠠᠯᠠᠩ ᠤ᠋ᠨ ᠵᠢᠷᠠᠨ ᠵᠢᠷᠭᠤᠭᠠᠨ ᠠᠶᠤᠩᠭ᠎ᠠ ᠶ᠋ᠢ
ᠵᠡᠭᠦᠨ ᠠᠳᠠᠭ ᠠᠷᠠᠭᠠᠨ ᠳ᠋ᠠᠭᠠᠨ
ᠢᠰᠬᠢᠷᠦᠨ ᠳᠡᠪᠰᠢᠭᠦᠯᠪᠡ ᠭᠡᠨ᠎ᠡ᠃
ᠴᠠᠰᠤ ᠣᠷᠣᠵᠤ ᠪᠠᠢᠬᠤᠯᠠ
ᠡᠪᠦᠯ ᠪᠣᠯᠵᠤ ᠪᠣᠢ ᠭᠡᠵᠦ ᠪᠣᠳᠣᠭᠠᠳ
ᠨᠣᠭᠣᠭ᠎ᠠ ᠤᠷᠭᠤᠵᠤ ᠪᠠᠢᠬᠤᠯᠠ
ᠵᠤᠨ ᠪᠣᠯᠵᠤ ᠪᠣᠢ ᠭᠡᠵᠦ ᠪᠣᠳᠣᠭᠠᠳ
ᠠᠷᠪᠠᠨ ᠭᠤᠷᠪᠠᠨ ᠵᠢᠯ ᠶᠠᠪᠤᠵᠤ ᠪᠠᠢᠲᠠᠯ᠎ᠠ ᠪᠠᠨ
ᠵᠤᠯᠵᠠᠭ᠎ᠠ ᠮᠣᠳᠣᠨ ᠤᠷᠭ᠎ᠠ ᠨᠠᠬᠢᠯᠵᠠᠭᠤᠯᠤᠭᠰᠠᠨ
ᠵᠢᠭᠠᠯ ᠬᠦᠦ ᠲᠡᠢ ᠬᠠᠷᠭᠤᠪᠠ ᠭᠡᠨ᠎ᠡ᠃
ᠴᠡᠩᠭᠡᠯ ᠬᠦᠦ ᠲᠡᠭᠦᠨ ᠡᠴᠡ᠄
《ᠠᠬ᠎ᠠ ᠮᠢᠨᠢ ᠠᠮᠤᠷᠬᠠᠨ ᠰᠠᠢᠨ!
ᠣᠷᠣᠨ ᠨᠤᠲᠤᠭ ᠲᠠᠨᠢ ᠬᠠᠮᠢᠭ᠎ᠠ ᠪᠣᠢ?
ᠡᠵᠡᠨ ᠨᠣᠶᠠᠨ ᠴᠢᠨᠢ ᠬᠡᠨ ᠪᠣᠢ?》 ᠭᠡᠬᠦ ᠳ᠋ᠦ᠍
ᠲᠡᠷᠡ ᠬᠣᠨᠢᠴᠢᠨ ᠬᠦᠦ᠄
《ᠪᠢ ᠪᠣᠯ ᠬᠦᠳᠡᠷ ᠠᠯᠲᠠᠢ ᠬᠠᠨ ᠤ᠋
ᠪᠢᠴᠢᠬᠠᠨ ᠠᠯᠪᠠᠲᠤ ᠪᠠᠢᠨ᠎ᠠ》 ᠭᠡᠪᠡ᠃
ᠠᠮᠤᠷ ᠮᠡᠨᠳᠦ ᠪᠡᠨ ᠠᠰᠠᠭᠤᠯᠴᠠᠵᠤ
ᠠᠬ᠎ᠠ ᠳᠣᠣᠷ᠎ᠠ ᠪᠠᠨ ᠰᠣᠷᠠᠯᠴᠠᠵᠣ ②
ᠣᠷᠣᠨ ᠨᠤᠲᠤᠭ ᠢ᠋ᠶ᠋ᠠᠨ ᠲᠠᠨᠢᠯᠴᠠᠵᠤ
ᠬᠣᠶᠠᠷ ᠬᠦᠦ ᠰᠠᠯᠬᠤ ᠪᠣᠯᠬᠤ ᠳ᠋ᠤ᠌
ᠬᠣᠨᠢᠴᠢᠨ ᠬᠦᠦ ᠲᠡᠭᠦᠨ ᠡᠴᠡ
ᠬᠠᠮᠢᠭ᠎ᠠ ᠶᠠᠪᠤᠵᠤ ᠪᠠᠢᠬᠤ ᠶ᠋ᠢ ᠠᠰᠠᠭᠤᠬᠤ ᠳ᠋ᠤ᠌᠄
《ᠪᠠᠷᠠᠭᠤᠨ ᠬᠣᠢᠲᠤ ᠵᠦᠭ ᠲᠦ᠍
ᠪᠠᠳᠮ᠎ᠠ ᠭᠡᠷᠡᠯ ᠬᠠᠨ ᠤ᠋ ᠳ᠋ᠤ᠌ ᠶᠠᠪᠤᠵᠤ ᠪᠠᠢᠨ᠎ᠠ!》 ᠭᠡᠵᠦ
ᠴᠡᠩᠭᠡᠯ ᠬᠦᠦ ᠬᠠᠷᠢᠭᠤᠯᠪᠠ᠃
ᠬᠣᠨᠢᠴᠢᠨ ᠬᠦᠦ ᠶ᠋ᠢᠨ ᠬᠡᠯᠡᠭᠰᠡᠨ ᠨᠢ᠄
《ᠡᠷ᠎ᠡ ᠬᠥᠮᠦᠨ ᠦ᠌
ᠡᠯᠡᠲᠡᠯ᠎ᠡ ᠶᠠᠪᠤᠳᠠᠭ ᠬᠣᠯᠠ ᠭᠠᠵᠠᠷ ᠭᠡᠯᠡ
ᠡᠯᠢᠶ᠎ᠡ ᠰᠢᠪᠠᠭᠤ ᠭᠤᠷᠪᠠ ᠥᠨᠳᠡᠭᠡᠯᠡᠵᠦ ᠬᠦᠷᠦᠮ᠎ᠡ
ᠬᠣᠯᠠ ᠭᠠᠵᠠᠷ ᠭᠡᠯᠡ
ᠲᠤᠷᠤᠭ ᠰᠢᠪᠠᠭᠤ ᠨᠢᠰᠦᠭᠡᠳ
ᠲᠤᠷᠠᠵᠤ ᠬᠦᠷᠦᠮ᠎ᠡ ᠭᠠᠵᠠᠷ ᠭᠡᠯᠡ
ᠲᠤᠭᠤᠷᠠᠢᠲᠤ ᠮᠣᠷᠢ ᠳᠠᠪᠬᠢᠭᠠᠳ
ᠲᠤᠭᠤᠷᠠᠢ ᠨᠢ ᠮᠤᠯᠲᠤᠷᠠᠮᠠ ᠭᠠᠵᠠᠷ ᠭᠡᠯᠡ
ᠭᠠᠩ ᠰᠢᠯᠢ ᠪᠠᠢᠳᠠᠭ ᠭᠡᠯᠡ
ᠭᠠᠳᠣᠯᠣᠰᠢ ᠦᠭᠡᠢ ᠬᠣᠩᠬᠣᠷ ᠲᠣᠬᠢᠶᠠᠯᠳᠤᠳᠠᠭ ᠭᠡᠯᠡ
ᠬᠤᠤᠷᠠᠨ ᠱᠣᠣ ᠳᠠᠯᠠᠢ ᠶ᠋ᠢ ᠭᠠᠲᠤᠯᠳᠠᠭ ᠭᠡᠯᠡ
ᠬᠣᠣᠷᠠᠳᠠᠨ ᠶᠡᠬᠡ ᠳᠠᠢᠰᠤᠨ ᠲᠠᠢ ᠠᠭᠤᠯᠵᠠᠳᠠᠭ ᠭᠡᠯᠡ》 ᠭᠡᠵᠦ
* * *
ᠠᠬᠢᠭᠠᠳ ᠴᠠᠰᠢ ᠮᠤᠷᠳᠠᠵᠤ ᠶᠠᠪᠤᠭᠠᠳ
ᠠᠷᠪᠠᠨ ᠭᠤᠷᠪᠠᠨ ᠵᠢᠯ ᠪᠣᠯᠬᠤ ᠳ᠋ᠤ᠌
ᠵᠡᠭᠦᠳᠦᠨ ᠴᠦ᠍ ᠶᠦᠮ ᠤᠤ᠂
ᠲᠥᠭᠡᠷᠢᠭᠰᠡᠨ ᠴᠦ᠍ ᠶᠦᠮ ᠤᠤ ? ᠭᠡᠮᠡᠷ ᠪᠣᠯᠵᠤ
ᠴᠢᠩ ᠵᠣᠷᠢᠭᠲᠤ ᠴᠡᠩᠭᠡᠯ ᠬᠦᠦ᠄
《ᠬᠠᠢᠷᠠᠨ ᠰᠠᠢᠬᠠᠨ ᠪᠡᠶ᠎ᠡ ᠶ᠋ᠢᠨ ᠮᠢᠨᠢ
ᠬᠠᠭᠠᠭᠳᠠᠬᠤ ᠭᠠᠵᠠᠷ ᠡᠨᠡ ᠪᠢᠯᠢᠤ?
ᠬᠠᠷ᠎ᠠ ᠴᠢᠰᠤᠨ ᠤ᠋ ᠮᠢᠨᠢ
ᠠᠰᠬᠠᠷᠠᠬᠤ ᠭᠠᠵᠠᠷ ᠡᠨᠡ ᠪᠢᠯᠢᠤ?》 ᠭᠡᠳ
ᠬᠥᠬᠡ ᠮᠥᠩᠭᠥᠨ ᠰᠢᠯᠢ ᠳ᠋ᠦ᠍ ᠭᠠᠷᠴᠤ ᠬᠠᠷᠠᠬᠤ ᠳ᠋ᠤ᠌
ᠬᠥᠮᠦᠨ ᠠᠮᠢᠲᠠᠨ ᠬᠠᠷᠠᠭᠳᠠᠭᠰᠠᠨ ᠦᠭᠡᠢ᠃
ᠴᠢᠩ ᠵᠣᠷᠢᠭᠲᠤ ᠪᠠᠭᠠᠲᠤᠷ
ᠴᠢᠭᠯᠡᠭᠡᠳ ᠴᠠᠭᠠᠰᠢ ᠶᠠᠪᠤᠭᠰᠠᠭᠠᠷ
ᠳᠣᠯᠣᠭ᠎ᠠ ᠳᠣᠯᠣᠭ᠎ᠠ ᠳᠥᠴᠢᠨ ᠶᠢᠰᠦᠨ ᠬᠣᠨᠣᠭ ᠪᠣᠯᠬᠤ ᠳ᠋ᠤ᠌
ᠬᠠᠷ᠎ᠠ ᠴᠠᠭᠠᠨ ᠬᠣᠶᠠᠷ ᠨᠠᠴᠢᠨ ᠰᠢᠪᠠᠭᠤ
ᠬᠠᠯᠢᠨ ᠨᠢᠰᠴᠦ ᠬᠦᠷᠴᠦ ᠢᠷᠡᠭᠡᠳ
ᠬᠠᠵᠠᠭᠤ ᠳ᠋ᠤᠨᠢ ᠳᠣᠯᠣᠭ᠎ᠠ ᠬᠣᠨᠣᠭ ᠳᠠᠭᠠᠭᠠᠳ
ᠬᠠᠯᠳᠠᠵᠤ ᠰᠢᠭᠦᠷᠦᠨ ᠠᠯᠳᠠᠭᠠᠳ ᠶᠠᠪᠤᠪᠠ᠃
ᠬᠣᠶᠠᠷ ᠳᠣᠯᠣᠭ᠎ᠠ ᠬᠣᠨᠣᠬᠤ ᠳ᠋ᠤ᠌
ᠬᠠᠰᠠᠷ ᠪᠠᠰᠠᠷ ᠬᠣᠶᠠᠷ ᠨᠣᠬᠠᠢ ᠢᠷᠡᠵᠦ
ᠪᠠᠭ᠎ᠠ ᠵᠢᠭᠠᠬᠠᠨ ᠴᠡᠩᠭᠡᠯ ᠬᠦᠦ ᠶ᠋ᠢ
ᠪᠠᠷᠢᠨ ᠠᠯᠳᠠᠭᠠᠳ ᠶᠠᠪᠤᠪᠠ
ᠭᠤᠷᠪᠠᠨ ᠳᠣᠯᠣᠭ᠎ᠠ ᠬᠣᠨᠣᠬᠤ ᠳ᠋ᠤ᠌
ᠴᠠᠷᠬᠢ ᠴᠠᠭᠠᠨ ᠳᠤᠭᠤᠯᠠᠭ᠎ᠠ ᠶ᠋ᠢᠨ ᠣᠷᠣᠢ
ᠴᠤᠬᠤᠢᠭᠠᠳ ᠢᠷᠡᠪᠡ ᠭᠡᠨ᠎ᠡ᠃
ᠳᠥᠷᠪᠡᠨ ᠳᠣᠯᠣᠭ᠎ᠠ ᠬᠣᠨᠣᠬᠤ ᠳ᠋ᠤ᠌
ᠨᠢᠭᠡᠨ ᠰᠠᠢᠨ ᠡᠷ᠎ᠡ ᠶ᠋ᠢᠨ
ᠴᠡᠭᠡᠵᠢ ᠳᠡᠩᠬᠡᠢᠭᠡᠳ ᠢᠷᠡᠪᠡ ᠭᠡᠨ᠎ᠡ᠃
ᠲᠠᠪᠤᠨ ᠳᠣᠯᠣᠭ᠎ᠠ ᠬᠣᠨᠣᠬᠤ ᠳ᠋ᠤ᠌
ᠨᠢᠭᠡᠨ ᠰᠠᠢᠨ ᠠᠭᠲᠠ ᠶ᠋ᠢᠨ ᠴᠢᠬᠢ
ᠴᠤᠬᠤᠢᠭᠠᠳ ᠢᠷᠡᠪᠡ ᠭᠡᠨ᠎ᠡ᠃
ᠵᠢᠷᠭᠤᠭᠠᠨ ᠳᠣᠯᠣᠭ᠎ᠠ ᠬᠣᠨᠣᠬᠤ ᠳ᠋ᠤ᠌
ᠨᠢᠭᠡᠨ ᠰᠠᠢᠨ ᠠᠭᠲᠠ ᠶ᠋ᠢᠨ ᠴᠡᠭᠡᠵᠢ
ᠬᠣᠰᠢᠭᠤᠷᠠᠭᠠᠳ ᠢᠷᠡᠪᠡ ᠭᠡᠨ᠎ᠡ᠃
ᠳᠣᠯᠣᠭᠠᠨ ᠳᠣᠯᠣᠭ᠎ᠠ ᠬᠣᠨᠣᠬᠤ ᠳ᠋ᠤ᠌
ᠠᠭᠤᠯᠠ ᠶ᠋ᠢᠨ ᠴᠢᠨᠡᠭᠡ ᠴᠣᠬᠣᠷ ᠮᠣᠷᠢ ᠲᠠᠢ
ᠣᠮᠣᠭᠲᠤ ᠨᠢᠭᠡᠨ ᠰᠠᠢᠨ ᠡᠷ᠎ᠡ
ᠬᠠᠵᠠᠭᠤ ᠳ᠋ᠠᠬᠢ ᠴᠡᠩᠭᠡᠯ ᠢ᠋
ᠬᠠᠷ᠎ᠠ ᠪᠠᠲᠠᠭᠠᠨ᠎ᠠ ᠶ᠋ᠢᠨ ᠴᠢᠨᠡᠭᠡ ᠪᠣᠳᠣᠯ ᠦᠭᠡᠢ
ᠲᠡᠮᠡᠦᠯᠦᠨ ᠭᠠᠷᠴᠤ ᠣᠳᠪᠠ ᠭᠡᠨ᠎ᠡ᠃
ᠴᠡᠩᠭᠡᠯ ᠬᠦᠦ ᠪᠤᠰᠢᠭᠤᠯᠠᠵᠤ
ᠬᠠᠰᠠᠭ ᠲᠤᠤᠬᠠᠢ ᠪᠠᠨ ᠲᠠᠰᠢᠭᠤᠷᠳᠠᠨ
ᠬᠠᠵᠠᠭᠤ ᠳ᠋ᠤᠨᠢ ᠬᠦᠷᠴᠦ ᠣᠴᠢᠭᠠᠳ
ᠵᠥᠪ ᠡᠷᠭᠢᠵᠦ ᠢᠷᠡᠭᠡᠳ᠄
《ᠠᠬ᠎ᠠ ᠮᠢᠨᠢ ᠠᠮᠤᠷᠬᠠᠨ ᠰᠠᠢᠨ!
ᠣᠷᠣᠨ ᠨᠤᠲᠤᠭ ᠲᠠᠨᠢ ᠬᠠᠮᠢᠭ᠎ᠠ ᠪᠣᠢ?》 ᠭᠡᠵᠦ
ᠲᠡᠭᠦᠨ ᠡᠴᠡ ᠠᠰᠠᠭᠤᠬᠤ ᠳ᠋ᠤ᠌
ᠬᠠᠷᠠᠵᠤ ᠦᠵᠡᠬᠦ ᠴᠦ᠍ ᠦᠭᠡᠢ ᠶᠠᠪᠤᠭᠠᠳ ᠪᠠᠢᠪᠠ᠃
ᠳᠠᠬᠢᠨ ᠭᠦᠢᠴᠡᠵᠦ ᠣᠴᠢᠭᠠᠳ
ᠪᠤᠷᠤᠭᠤ ᠡᠷᠭᠢᠵᠦ ᠢᠷᠡᠭᠡᠳ᠄
《ᠠᠬ᠎ᠠ ᠮᠢᠨᠢ ᠠᠮᠠᠷᠬᠠᠨ ᠰᠠᠢᠨ!
ᠨᠣᠶᠠᠨ ᠲᠠᠨ ᠬᠡᠨ ᠪᠣᠢ?》 ᠭᠡᠵᠦ
ᠲᠡᠭᠦᠨ ᠡᠴᠡ ᠠᠰᠠᠭᠤᠬᠤ ᠳ᠋ᠤ᠌
ᠳᠠᠭᠤ ᠦᠭᠡᠢ ᠶᠠᠪᠤᠭᠠᠳ ᠪᠠᠢᠪᠠ᠃
ᠴᠢᠩ ᠵᠣᠷᠢᠭᠲᠤ ᠪᠠᠭᠠᠲᠤᠷ
ᠴᠡᠩᠭᠡᠯ ᠬᠦᠦ ᠲᠡᠭᠦᠨ ᠦ᠌ ᠥᠭᠡᠳᠡ᠄
《ᠬᠣᠶᠠᠷ ᠡᠷ᠎ᠡ ᠬᠥᠮᠦᠨ
ᠬᠣᠯᠠ ᠶ᠋ᠢᠨ ᠵᠠᠮ ᠳ᠋ᠤ᠌ ᠬᠠᠷᠭᠤᠴᠢᠭᠠᠳ
ᠠᠮᠤᠷ ᠮᠡᠨᠳᠦ ᠪᠡᠨ ᠠᠰᠠᠭᠤᠯᠴᠠᠭᠠᠳ ᠭᠠᠷᠳᠠᠭ ᠪᠠᠢᠲᠤᠭᠠᠢ
ᠬᠣᠶᠠᠷ ᠬᠡᠦᠬᠡᠳ ᠬᠥᠮᠦᠨ
ᠬᠠᠭᠠᠯᠭ᠎ᠠ ᠵᠠᠮ ᠳᠡᠭᠡᠷ᠎ᠡ ᠬᠠᠷᠭᠤᠪᠠᠯ
ᠠᠮᠤᠷ ᠮᠡᠨᠳᠦ ᠪᠡᠨ ᠠᠰᠠᠭᠤᠯᠴᠠᠭᠠᠳ
ᠠᠬ᠎ᠠ ᠳᠡᠭᠦᠦ ᠪᠡᠨ ᠰᠤᠷᠠᠭᠯᠠᠭᠠᠳ
ᠭᠠᠷᠳᠠᠭ ᠪᠢᠰᠢᠦ ᠪᠢᠯᠢᠤ?》ᠭᠡᠵᠦ ᠬᠡᠯᠡᠪᠡ᠃
《ᠠᠮᠠ ᠴᠢᠨᠢ ᠶᠠᠮᠠᠷ ᠶᠡᠬᠡ ᠬᠦᠦ ᠪᠣᠢ?
ᠴᠢᠳᠠᠯ ᠴᠢᠨᠢ ᠶᠠᠮᠠᠷ ᠪᠠᠭ᠎ᠠ ᠬᠦᠦ ᠪᠣᠢ?》ᠭᠡᠵᠦ
ᠲᠡᠷᠡ ᠬᠥᠮᠦᠨ ᠠᠭᠤᠷᠯᠠᠭᠠᠳ
ᠬᠠᠢᠷᠰᠤᠲᠤ ᠬᠠᠷ᠎ᠠ ᠮᠢᠯᠠᠭ᠎ᠠ ᠪᠠᠷ ᠢ᠋ᠶ᠋ᠠᠨ
ᠴᠠᠷᠬᠢ ᠴᠠᠭᠠᠨ ᠲᠤᠭᠤᠯᠭ᠎ᠠ ᠤᠷᠤᠭᠤ ᠨᠢ
ᠨᠢᠭᠡ ᠲᠠᠲᠠᠭᠠᠳ ᠠᠪᠤᠪᠠ ᠭᠡᠨ᠎ᠡ᠃
《ᠠᠬ᠎ᠠ ᠮᠢᠨᠢ ᠶᠠᠮᠠᠷ ᠪᠣᠢ?
ᠣᠳᠣ ᠮᠢᠨᠦ ᠡᠭᠡᠯᠵᠢ ᠪᠣᠯᠪᠠ? 》ᠭᠡᠵᠦ
ᠴᠡᠩᠭᠡᠯ ᠬᠦᠦ ᠶ᠋ᠢ ᠬᠡᠯᠡᠬᠦ ᠳ᠋ᠦ᠍᠄
《ᠴᠢᠨᠦ ᠡᠭᠡᠯᠵᠢ ᠪᠣᠯᠬᠤ ᠨᠢ ᠲᠡᠷᠡ!》ᠭᠡᠵᠦ
ᠲᠡᠷᠡ ᠡᠷ᠎ᠡ ᠬᠠᠷᠢᠭᠤᠯᠪᠠ᠃
ᠴᠢᠩ ᠵᠣᠷᠢᠭᠲᠤ ᠪᠠᠭᠠᠲᠤᠷ
ᠴᠡᠩᠭᠡᠯ ᠬᠦᠦ ᠬᠠᠷᠢᠭᠤ ᠳ᠋ᠤᠨᠢ
ᠨᠠᠢ᠍ᠮᠠᠨ ᠱᠠᠷ ᠤᠨ ᠠᠷᠠᠰᠤᠨ ᠳᠣᠲᠣᠷ ᠲᠠᠢ
ᠨᠠᠶᠠᠨ ᠱᠠᠷ ᠤ᠋ᠨ ᠠᠷᠠᠰᠤᠨ ᠭᠠᠳᠠᠷ ᠲᠠᠢ
ᠭᠣᠷ ᠤ᠋ᠨ ᠰᠣᠶᠣᠭᠠᠨ ᠡᠰᠢ ᠲᠡᠢ
ᠭᠤᠨ᠎ᠠ ᠶ᠋ᠢᠨ ᠬᠦᠵᠦᠭᠦᠨ ᠰᠠᠭᠠᠯᠳᠤᠷᠭ᠎ᠠ ᠲᠠᠢ
ᠬᠠᠢᠷᠰᠤᠲᠤ ᠬᠠᠷ᠎ᠠ ᠮᠢᠯᠠᠭ᠎ᠠ ᠪᠠᠷ ᠢ᠋ᠶ᠋ᠠᠨ
ᠨᠢᠭᠡ ᠲᠠᠲᠠᠭᠠᠳ ᠠᠪᠤᠪᠠ᠃
ᠲᠡᠭᠡᠭᠡᠳ ᠲᠡᠳᠡ ᠬᠣᠶᠠᠷ
ᠮᠠᠨ ᠤ ᠬᠣᠶᠠᠷ ᠬᠥᠮᠦᠨ
ᠬᠦᠨᠳᠦ ᠬᠥᠯᠲᠦ ᠬᠦᠯᠦᠭ ᠦ᠋ᠳ ᠦ᠋ᠨ
ᠬᠦᠴᠦ ᠪᠡᠷ ᠨᠢᠭᠡ ᠪᠣᠯᠤᠯᠴᠠᠶ᠎ᠠ ᠭᠡᠳ
ᠳᠠᠬᠢ ᠶ᠋ᠢᠨ ᠠᠷᠠᠰᠤᠨ ᠵᠣᠳᠣᠭ ᠤ᠋ᠳ ᠢ᠋
ᠲᠠᠰᠢᠶᠠᠨ ᠳᠡᠭᠡᠷ᠎ᠡ ᠪᠡᠨ ᠨᠥᠮᠥᠷᠦᠭᠡᠳ
ᠪᠤᠭᠤ ᠶ᠋ᠢᠨ ᠠᠷᠠᠰᠤᠨ ᠵᠣᠳᠣᠭ ᠤ᠋ᠳ ᠢ᠋
ᠪᠤᠯᠴᠢᠩ ᠳᠡᠭᠡᠷ᠎ᠡ ᠪᠡᠨ ᠣᠷᠬᠢᠭᠠᠳ
ᠬᠦᠯᠦᠭ ᠦ᠋ᠨ ᠳᠡᠭᠡᠷ᠎ᠡ ᠪᠡᠨ ᠦᠵᠡᠯᠴᠡᠭᠡᠳ
ᠬᠡᠨ ᠠᠯᠢᠨ ᠴᠣ ᠳᠡᠢᠯᠦᠭᠰᠡᠨ ᠦᠭᠡᠢ᠃
* * *
— — — —
① ᠪᠠᠷᠠᠭ᠎ᠠ— ᠠᠪᠳᠠᠷ᠎ᠠ
② ᠰᠣᠷᠠᠯᠴᠠᠵᠣ— ᠨᠠᠰᠤ ᠨᠠᠰᠤ ᠪᠠᠨ ᠠᠰᠠᠭᠤᠯᠴᠠᠵᠤ᠂ ᠠᠬᠠᠮᠠᠳ ᠳᠡᠭᠦᠮᠡᠳ ᠢ᠋ᠶ᠋ᠡᠨ ᠮᠡᠳᠡᠯᠴᠡᠬᠦ
ᠴᠢ ᠪᠢᠳᠡ ᠬᠣᠶᠠᠷ ᠬᠥᠮᠦᠨ
ᠬᠦᠨᠳᠦ ᠬᠥᠯᠲᠦ ᠬᠦᠯᠦᠭ ᠦ᠋ᠳ ᠦ᠋ᠨ
ᠬᠦᠴᠦᠨ ᠢ᠋ᠶ᠋ᠡᠷ ᠦᠵᠡᠭᠡᠳ ᠬᠦᠴᠦᠷᠡᠬᠦ ᠦᠭᠡᠢ
ᠣᠳᠣ ᠪᠢᠳᠡ ᠬᠣᠶᠠᠷ
ᠤᠷᠠᠴᠤᠳ ᠤ᠋ᠨ ᠤᠷᠠᠯᠠᠵᠤ ᠬᠢᠭᠰᠡᠨ
ᠬᠥᠬᠡ ᠲᠡᠮᠦᠷ ᠢ᠋ᠶ᠋ᠡᠷ ᠪᠣᠯᠤᠯᠴᠠᠶ᠎ᠠ ᠭᠡᠳ
ᠪᠠᠷᠠᠭᠤᠨ ᠵᠡᠭᠦᠨ ᠠᠭᠤᠯᠠ ᠶ᠋ᠢᠨ
ᠪᠠᠯ ᠪᠠᠷᠢᠯᠴᠠᠨ ᠪᠣᠯᠤᠯᠴᠠᠬᠤ ᠪᠣᠯᠵᠤ
ᠦᠢ ᠲᠦᠮᠡᠨ ᠲᠣᠪᠴᠢ ᠲᠠᠢ
ᠦᠬᠡᠷ ᠬᠤᠶᠠᠭ ᠢ᠋ᠶ᠋ᠠᠨ ᠲᠠᠢᠯᠵᠤ ᠲᠠᠯᠪᠢᠬᠤ ᠳ᠋ᠤ᠌
ᠠᠭᠤᠯᠠ ᠶ᠋ᠢᠨ ᠵᠡᠷᠭᠡ ᠣᠪᠣᠭ᠎ᠠ ᠪᠣᠯᠪᠠ᠃
ᠪᠠᠷᠠᠭᠤᠨ ᠵᠡᠭᠦᠨ ᠬᠣᠶᠠᠷ ᠠᠭᠤᠯᠠᠨ ᠤ᠋
ᠣᠷᠣᠢ ᠳ᠋ᠤ᠌ ᠭᠠᠷᠬᠤ ᠪᠠᠷ ᠰᠠᠯᠬᠤ ᠳ᠋ᠠᠭᠠᠨ
ᠪᠢᠴᠢᠬᠠᠨ ᠪᠠᠭᠠᠲᠤᠷ ᠴᠡᠩᠭᠡᠯ᠄
《ᠠᠬ᠎ᠠ ᠮᠢᠨᠢ ᠲᠠ ᠤᠷᠢᠳᠠ ᠬᠠᠷᠪᠤᠬᠤ ᠤᠤ?
ᠪᠢ ᠤᠷᠢᠳᠠ ᠪᠠᠷ ᠬᠠᠷᠪᠤᠬᠤ ᠤᠤ?》ᠭᠡᠬᠦ ᠳ᠋ᠦ᠍᠄
《ᠴᠢ ᠮᠠᠭᠤ ᠬᠦᠦ ᠬᠠᠷᠪᠤᠳᠠᠭ ᠶᠤᠮ ᠤᠤ?
ᠪᠢ ᠤᠷᠢᠳᠠ ᠬᠠᠷᠪᠤᠯ ᠦᠭᠡᠢ ᠶᠠᠭᠠᠬᠢᠬᠤ ᠪᠣᠢ?》 ᠭᠡᠳ
ᠪᠠᠷᠠᠭᠤᠨᠰᠢ ᠵᠡᠭᠦᠨᠰᠢ ᠰᠠᠯᠵᠤ ᠶᠠᠪᠤᠭᠠᠳ
ᠲᠡᠷᠡ ᠬᠥᠮᠦᠨ ᠰᠤᠮᠤ ᠪᠠᠨ ᠣᠨᠢᠯᠠᠭᠠᠳ
ᠦᠷ ᠦ᠋ᠨ ᠰᠢᠷ᠎ᠠ ᠭᠡᠷᠡᠯ ᠡᠴᠡ ᠲᠠᠲᠠᠵᠤ
ᠦᠳᠡᠰᠢ ᠶ᠋ᠢᠨ ᠰᠢᠷ᠎ᠠ ᠭᠡᠷᠡᠯ ᠪᠣᠯᠬᠤ ᠦᠶ᠎ᠡ ᠳ᠋ᠦ᠍
ᠡᠷᠡᠬᠡᠢ ᠳᠣᠯᠣᠪᠣᠷ ᠬᠣᠶᠠᠷ ᠠ᠋ᠴᠠ ᠪᠠᠨ
ᠬᠤᠯᠠᠨ ᠦᠬᠡᠷ ᠦ᠋ᠨ ᠴᠢᠨᠡᠭᠡ ᠨᠥᠵᠢ
ᠪᠤᠯᠲᠤ ᠪᠤᠯᠲᠤ ᠶ᠋ᠢᠨ ᠠᠬᠤ ᠦᠶ᠎ᠡ ᠳ᠋ᠦ᠍ ᠲᠠᠯᠪᠢᠬᠤ ᠳ᠋ᠤ᠌
ᠴᠡᠩᠭᠡᠯ ᠦ᠋ᠨ ᠠᠪᠳᠠᠷ᠎ᠠ ᠰᠠᠢᠬᠠᠨ ᠴᠡᠭᠡᠵᠢ ᠶ᠋ᠢᠨ ᠬᠢᠨᠢ
ᠠᠰ ᠳᠤᠮᠳᠠ ᠨᠢ ᠲᠣᠰᠤᠭᠠᠳ
ᠬᠠᠩᠭᠢᠷ ᠬᠢᠩᠭᠢᠷ ᠭᠡᠵᠦ ᠳᠤᠤᠭᠠᠷᠤᠭᠠᠳ
ᠬᠣᠢᠰᠢ ᠬᠡᠳᠡᠷᠡᠬᠦ ᠰᠤᠮᠤ ᠨᠢ ᠤᠨᠠᠵᠤ ᠣᠳᠪᠠ᠃
ᠴᠡᠩᠭᠡᠯ ᠬᠦᠦ ᠶ᠋ᠢᠨ ᠡᠭᠡᠯᠵᠢ ᠪᠣᠯᠵᠤ
ᠳᠡᠪᠬᠡ ᠳᠡᠭᠡᠷ᠎ᠡ ᠨᠢ ᠲᠡᠭᠡ ᠬᠤᠴᠠ ᠮᠥᠷᠭᠥᠯᠳᠦᠬᠦᠯᠦᠨ ᠰᠡᠢᠯᠦᠭᠰᠡᠨ
ᠨᠢᠷᠤᠭᠤᠨ ᠳᠡᠭᠡᠷ᠎ᠡ ᠨᠢ ᠨᠤᠭᠤᠰᠤ ᠭᠠᠯᠠᠭᠤ ᠰᠢᠬᠦᠷᠦᠯᠳᠦᠬᠦᠯᠦᠨ ᠰᠡᠢᠯᠦᠭᠰᠡᠨ
ᠪᠠᠷᠢᠭᠤᠯ ᠳᠡᠭᠡᠷ᠎ᠡ ᠨᠢ ᠪᠠᠷᠰ ᠠᠷᠰᠯᠠᠨ ᠪᠠᠷᠢᠯᠳᠤᠭᠤᠯᠤᠨ ᠰᠡᠢᠯᠦᠭᠰᠡᠨ
ᠶᠡᠷᠡᠨ ᠲᠡᠭᠡ ᠶ᠋ᠢᠨ ᠡᠪᠡᠷ ᠢ᠋ᠶ᠋ᠡᠷ ᠬᠢᠭᠰᠡᠨ
ᠶᠡᠬᠡ ᠬᠠᠷ᠎ᠠ ᠨᠤᠮᠤ ᠳ᠋ᠠᠭᠠᠨ ᠰᠤᠮᠤ ᠪᠠᠨ ᠣᠨᠢᠯᠠᠭᠠᠳ
ᠦᠷ ᠦ᠋ᠨ ᠰᠢᠷ᠎ᠠ ᠭᠡᠷᠡᠯ ᠢ᠋ᠶ᠋ᠡᠷ ᠲᠠᠲᠠᠭᠠᠳ
ᠦᠳᠡᠰᠢ ᠶ᠋ᠢᠨ ᠨᠢᠭᠤᠬᠤ ᠰᠢᠷ᠎ᠠ ᠭᠡᠷᠡᠯ ᠪᠣᠯᠬᠤ ᠳ᠋ᠤ᠌
ᠡᠷᠡᠬᠡᠢ ᠳᠣᠯᠣᠪᠣᠷ ᠬᠣᠶᠠᠷ ᠠ᠋ᠴᠠ ᠪᠠᠨ
ᠭᠤᠨᠠᠨ ᠦᠬᠡᠷ ᠦ᠋ᠨ ᠴᠢᠨᠡᠭᠡᠨ ᠨᠥᠵᠢ
ᠪᠤᠯᠲᠤ ᠪᠤᠯᠲᠤ ᠤᠨᠠᠬᠤ ᠳ᠋ᠤ᠌ ᠲᠠᠯᠪᠢᠬᠤ ᠳ᠋ᠠᠭᠠᠨ᠄
《ᠠᠪᠳᠠᠷ᠎ᠠ ᠰᠠᠢᠬᠠᠨ ᠴᠡᠭᠡᠵᠢᠨ ᠦ᠌ ᠬᠢᠨᠢ
ᠠᠰ ᠳᠤᠮᠳᠠᠭᠤᠷ ᠨᠢ ᠨᠡᠪᠲᠡᠯᠵᠦ ᠭᠠᠷᠤᠭᠠᠳ
ᠲᠦᠮᠡᠨ ᠲᠡᠮᠡᠭᠡᠨ ᠦ᠌ ᠳᠤᠮᠳᠠ
ᠲᠦᠢᠮᠡᠷ ᠪᠠᠳᠠᠷᠠᠭᠤᠯᠤᠨ ᠲᠣᠰᠤᠭᠠᠷᠠᠢ!》 ᠭᠡᠵᠦ
ᠰᠢᠪᠰᠢᠭᠡᠳ ᠲᠠᠯᠪᠢᠪᠠ ᠭᠡᠨ᠎ᠡ᠃
ᠲᠡᠷᠡ ᠬᠥᠮᠦᠨ ᠦ᠌ ᠠᠪᠳᠠᠷ᠎ᠠ ᠰᠠᠢᠬᠠᠨ ᠴᠡᠭᠡᠵᠢᠨ ᠦ᠌
ᠠᠰ ᠳᠤᠮᠳᠠ ᠨᠢ ᠲᠣᠰᠤᠭᠠᠳ
ᠬᠦᠩ ᠬᠠᠩ ᠭᠡᠵᠦ ᠳᠤᠤᠭᠠᠷᠤᠭᠠᠳ
ᠰᠤᠮᠤ ᠨᠢ ᠭᠡᠳᠡᠷᠭᠦ ᠤᠨᠠᠪᠠ ᠭᠡᠨ᠎ᠡ᠃
* * *
ᠲᠡᠭᠡᠭᠡᠳ ᠲᠡᠷᠡ ᠬᠣᠶᠠᠭᠤᠯᠠ ᠪᠠᠨ
ᠡᠴᠢᠭᠡ ᠡᠬᠡ ᠶ᠋ᠢᠨ ᠥᠭᠭᠦᠭᠰᠡᠨ
ᠡᠷᠬᠢᠮ ᠳᠠᠯᠤ ᠪᠠᠷ ᠪᠣᠯᠤᠯᠴᠠᠶ᠎ᠠ ᠭᠡᠳ
ᠬᠣᠨᠣᠭ ᠤ᠋ᠨ ᠭᠠᠵᠠᠷ ᠠ᠋ᠴᠠ
ᠬᠣᠨᠢᠨ ᠴᠢᠨᠡᠭᠡᠨ ᠴᠢᠯᠠᠭᠤ ᠪᠠᠷ ᠴᠣᠬᠢᠯᠳ᠋ᠤᠨ ᠢᠷᠡᠵᠦ
ᠡᠳᠦᠷ ᠦ᠋ᠨ ᠭᠠᠵᠠᠷ ᠠ᠋ᠴᠠ
ᠦᠬᠡᠷ ᠦ᠋ᠨ ᠴᠢᠨᠡᠭᠡ ᠴᠢᠯᠠᠭᠤ ᠪᠠᠷ ᠴᠣᠬᠢᠯᠳ᠋ᠤᠨ ᠢᠷᠡᠵᠦ
ᠬᠠᠳᠠ ᠶ᠋ᠢᠨ ᠢᠷ ᠲᠡᠢ ᠶ᠋ᠢ
ᠬᠠᠭᠠᠯᠵᠤ ᠠᠪᠤᠨ ᠴᠣᠬᠢᠯᠳᠤᠨ ᠢᠷᠡᠵᠦ
ᠬᠠᠷᠭᠠᠢ ᠶ᠋ᠢᠨ ᠦᠨᠳᠦᠰᠦ ᠲᠡᠢ ᠶ᠋ᠢ
ᠲᠠᠰᠤᠳᠠᠨ ᠴᠣᠬᠢᠯᠳᠤᠭᠠᠳ ᠢᠷᠡᠵᠦ
ᠠᠭᠤᠯᠠ ᠶ᠋ᠢ ᠳᠠᠭᠠᠷᠢᠵᠤ ᠬᠥᠳᠡᠭᠡ ᠪᠣᠯᠭᠠᠵᠤ
ᠤᠰᠤ ᠶ᠋ᠢ ᠳᠠᠭᠠᠷᠢᠵᠤ ᠱᠠᠯᠪᠠ ᠪᠣᠯᠭᠠᠵᠤ
ᠮᠣᠳᠣ ᠶ᠋ᠢ ᠦᠵᠡᠭᠳᠡᠬᠦ ᠦᠭᠡᠢ ᠪᠣᠯᠭᠠᠵᠤ
ᠤᠰᠤ ᠶ᠋ᠢ ᠰᠢᠷᠭᠢᠭᠡᠬᠦ ᠳ᠋ᠦ᠍ ᠬᠦᠷᠭᠡᠵᠦ ᠢᠷᠡᠪᠡ ᠭᠡᠨ᠎ᠡ᠃
ᠪᠠᠷᠢᠭᠰᠠᠨ ᠭᠠᠵᠠᠷ ᠠ᠋ᠴᠠ ᠪᠠᠨ
ᠪᠠᠷᠢᠭᠤᠯ ᠤ᠋ᠨ ᠴᠢᠨᠡᠭᠡ ᠮᠢᠬ᠎ᠠ
ᠲᠠᠰᠤᠴᠢᠨ ᠬᠠᠶᠠᠯᠠᠭᠠᠳ ᠢᠷᠡᠪᠡ
ᠬᠦᠷᠦᠭᠰᠡᠨ ᠭᠠᠵᠠᠷ ᠠ᠋ᠴᠠ ᠪᠠᠨ
ᠬᠦᠷᠵᠡ ᠶ᠋ᠢᠨ ᠴᠢᠨᠡᠭᠡ ᠮᠢᠬ᠎ᠠ
ᠲᠠᠰᠤᠴᠢᠨ ᠬᠠᠶᠠᠯᠠᠭᠠᠳ ᠢᠷᠡᠪᠡ ᠭᠡᠨ᠎ᠡ᠃
* * *
ᠲᠡᠷᠡ ᠡᠷ᠎ᠡ ᠨᠢᠭᠡᠨ ᠡᠳᠦᠷ
ᠠᠷᠤ ᠶ᠋ᠢᠨ ᠠᠭᠤᠯᠠ ᠶ᠋ᠢ ᠠᠪᠤᠭᠠᠳ
ᠠᠰᠯᠠᠭᠤᠯᠵᠤ ᠴᠣᠬᠢᠭᠠᠳ ᠢᠷᠡᠵᠦ ᠭᠡᠨ᠎ᠡ
ᠥᠪᠥᠷ ᠦ᠋ᠨ ᠠᠭᠤᠯᠠ ᠶ᠋ᠢ ᠠᠪᠤᠭᠠᠳ
ᠥᠭᠡᠳᠡ ᠡᠴᠡ ᠨᠢ ᠴᠣᠬᠢᠭᠠᠳ ᠢᠷᠡᠪᠡ ᠭᠡᠨ᠎ᠡ᠃
ᠴᠢᠩ ᠵᠣᠷᠢᠭᠲᠤ ᠴᠡᠩᠭᠡᠯ ᠬᠦᠦ ᠶ᠋ᠢᠨ
ᠬᠠᠷ᠎ᠠ ᠴᠢᠰᠤ ᠨᠢ ᠠᠰᠬᠠᠷᠠᠭᠠᠳ
ᠬᠠᠳᠠᠨ ᠶᠠᠰᠤ ᠨᠢ ᠬᠡᠦᠷᠡᠭᠡᠳ ᠢᠷᠡᠬᠦ ᠳ᠋ᠦ᠍
ᠪᠠᠲᠤᠲᠠᠢ ᠭᠤᠷᠪᠠᠨ ᠪᠣᠳᠣᠯ ᠢ᠋ᠶ᠋ᠠᠨ ᠪᠣᠳᠣᠭᠠᠳ
ᠪᠠᠭᠠᠲᠤᠷ ᠢᠳᠡ ᠬᠦᠴᠦ ᠪᠡᠨ ᠭᠠᠷᠭᠠᠭᠠᠳ
ᠠᠷᠠᠭ᠎ᠠ ᠰᠢᠳᠦ ᠪᠡᠨ ᠵᠠᠭᠤᠵᠤ
ᠠᠯᠠᠯᠳᠤᠵᠤ ᠣᠷᠣᠵᠤ ᠣᠴᠢᠭᠠᠳ
ᠠᠷᠤ ᠶ᠋ᠢᠨ ᠠᠭᠤᠯᠠ ᠶ᠋ᠢ ᠠᠪᠴᠤ ᠠᠰᠯᠠᠭᠤᠯᠤᠨ ᠴᠣᠬᠢᠭᠠᠳ
ᠥᠪᠥᠷ ᠦ᠋ᠨ ᠠᠭᠤᠯᠠ ᠶ᠋ᠢ ᠠᠪᠴᠤ
ᠥᠭᠡᠳᠡ ᠡᠴᠡ ᠨᠢ ᠴᠣᠬᠢᠵᠤ ᠣᠴᠢᠭᠠᠳ
ᠠᠩᠭᠠᠯᠵᠠᠭᠴᠢ ᠠᠮᠠᠨ ᠬᠦᠵᠦᠭᠦᠦ ᠳᠡᠭᠡᠷ᠎ᠡ ᠨᠢ ᠰᠠᠭᠤᠵᠤ
ᠠᠯᠠᠵᠤ ᠰᠦᠢᠳᠬᠡᠬᠦ ᠪᠡᠷ ᠪᠡᠯᠡᠳᠬᠡᠭᠡᠳ
ᠬᠠᠷ᠎ᠠ ᠲᠣᠩᠭᠣᠷᠠᠭ ᠢ᠋ᠶ᠋ᠠᠨ ᠭᠠᠷᠭᠠᠵᠤ
ᠬᠠᠭᠠᠯᠵᠤ ᠡᠪᠳᠡᠯᠡᠬᠦ ᠶ᠋ᠢᠨ ᠡᠮᠦᠨ᠎ᠡ᠄
《ᠠᠬ᠎ᠠ ᠮᠢᠨᠢ ᠠᠮᠠᠷᠬᠠᠨ ᠰᠠᠢᠨ!
ᠠᠷᠤ ᠨᠤᠲᠤᠭ ᠲᠠᠨᠢ ᠬᠠᠮᠢᠭ᠎ᠠ ᠪᠣᠢ?
ᠠᠯᠳᠠᠷ ᠨᠡᠷ᠎ᠡ ᠴᠢᠨᠢ ᠬᠡᠨ ᠪᠣᠢ?
ᠠᠯᠤᠰ ᠤ᠋ᠨ ᠵᠣᠷᠢᠯᠭ᠎ᠠ ᠶᠠᠭ ᠤ᠋ᠨ ᠳ᠋ᠤ᠌ ᠪᠣᠢ?》 ᠭᠡᠬᠦ ᠳ᠋ᠦ᠍
ᠲᠡᠷᠡ ᠬᠥᠮᠦᠨ ᠥᠭᠡᠳᠡ ᠡᠴᠡ ᠨᠢ᠄
《ᠴᠢ ᠶᠠᠭᠠᠬᠢᠭᠰᠠᠨ ᠡᠷᠭᠢᠭᠦᠦ ᠬᠦᠦ ᠪᠣᠢ?
ᠦᠬᠦᠬᠦ ᠪᠣᠯᠤᠭᠰᠠᠨ ᠬᠥᠮᠦᠨ
ᠣᠷᠣᠨ ᠨᠤᠲᠤᠭ ᠢ᠋ᠶ᠋ᠠᠨ ᠲᠠᠨᠢᠭᠤᠯᠤᠭᠠᠳ
ᠣᠪᠣᠭ ᠨᠡᠷ᠎ᠡ ᠪᠡᠨ ᠬᠡᠯᠡᠳᠡᠭ ᠶᠦᠮ ᠤᠤ?
ᠴᠢᠨᠦ ᠲᠡᠷᠡ ᠮᠠᠭᠤ ᠬᠠᠷ᠎ᠠ ᠲᠣᠩᠭᠣᠷᠠᠭ
ᠴᠡᠭᠡᠵᠢᠨ ᠪᠡᠶ᠎ᠡ ᠶ᠋ᠢ ᠮᠢᠨᠢ ᠡᠪᠳᠡᠵᠦ ᠳᠠᠭᠠᠭᠠᠬᠤ ᠦᠭᠡᠢ᠃
ᠠᠷᠠᠰᠤᠨ ᠭᠤᠲᠤᠯ ᠤ᠋ᠨ ᠮᠢᠨᠢ ᠤᠯᠠ ᠳ᠋ᠤ᠌
ᠠᠯᠲᠠᠨ ᠬᠠᠷ᠎ᠠ ᠲᠣᠩᠭᠣᠷᠠᠭ ᠪᠣᠢ
ᠲᠡᠭᠦᠨ ᠢ᠋ ᠣᠯᠵᠤ ᠭᠠᠷᠭᠠᠭᠠᠳ
ᠲᠦᠷᠭᠡᠨ ᠠᠮᠠᠨ ᠬᠦᠵᠦᠭᠦᠦ ᠶ᠋ᠢ ᠮᠢᠨᠢ ᠰᠠᠯᠭᠠᠴᠢᠬᠠ!
ᠡᠨᠡ ᠨᠢᠭᠡᠨ ᠤᠳᠠᠭ᠎ᠠ ᠶ᠋ᠢᠨ
ᠠᠲᠠᠭ᠎ᠠ ᠮᠠᠷᠭᠤᠭ᠎ᠠ ᠶ᠋ᠢ ᠴᠢ ᠠᠪᠤᠭᠰᠠᠨ ᠪᠣᠯᠪᠠᠴᠤ
ᠡᠭᠦᠨ ᠡᠴᠡ ᠬᠣᠢᠰᠢ ᠠᠲᠠᠭ᠎ᠠ ᠮᠠᠷᠭᠤᠭ᠎ᠠ ᠶ᠋ᠢ
ᠴᠢ ᠠᠪᠬᠤ ᠦᠭᠡᠢ!》ᠭᠡᠵᠦ ᠵᠣᠷᠢᠭᠲᠠᠢ ᠬᠡᠯᠡᠪᠡ᠃
ᠠᠷᠠᠰᠤᠨ ᠭᠤᠲᠤᠯ ᠤ᠋ᠨ ᠬᠢᠨᠢ ᠤᠯᠠ ᠠ᠋ᠴᠠ
ᠠᠯᠲᠠᠨ ᠬᠠᠷ᠎ᠠ ᠲᠣᠩᠭᠣᠷᠠᠭ ᠢ᠋ ᠨᠢ ᠭᠠᠷᠭᠠᠭᠠᠳ
ᠠᠯᠠᠬᠤ ᠭᠡᠵᠦ ᠪᠠᠢᠲᠠᠯ᠎ᠠ
ᠠᠭᠤᠯᠠ ᠶ᠋ᠢᠨ ᠴᠢᠨᠡᠭᠡ ᠴᠣᠬᠣᠷ ᠮᠣᠷᠢ ᠨᠢ
ᠨᠢᠰᠦᠨ ᠬᠦᠷᠴᠦ ᠢᠷᠡᠭᠡᠳ ᠬᠡᠯᠡᠭᠰᠡᠨ ᠨᠢ᠄
《ᠴᠢ ᠡᠭᠦᠨ ᠢ᠋ ᠠᠯᠠᠭᠠᠳ ᠶᠠᠭᠤ ᠭᠡᠨ᠎ᠡ?
ᠴᠢ ᠡᠭᠦᠨ ᠢ᠋ᠶ᠋ᠡᠷ ᠠᠯᠠᠭᠤᠯᠤᠭᠠᠳ ᠶᠠᠭᠤ ᠬᠢᠨ᠎ᠡ?》ᠭᠡᠵᠦ
ᠢᠳᠬᠠᠨ ᠬᠣᠶᠠᠭᠤᠯᠠ ᠶ᠋ᠢ ᠬᠡᠯᠡᠪᠡ᠃
ᠬᠠᠰᠠᠭ ᠲᠤᠤᠬᠠᠢ ᠭᠡᠳᠡᠭ ᠰᠢᠷᠭ᠎ᠠ ᠮᠣᠷᠢ ᠨᠢ
ᠬᠠᠯᠢᠵᠤ ᠨᠢᠰᠦᠨ ᠬᠦᠷᠴᠦ ᠢᠷᠡᠭᠡᠳ᠄
《ᠴᠢ ᠡᠭᠦᠨ ᠢ᠋ᠶ᠋ᠡᠷ ᠠᠯᠠᠭᠤᠯᠤᠭᠠᠳ ᠶᠠᠭᠤ ᠬᠢᠨ᠎ᠡ?
ᠴᠢ ᠡᠭᠦᠨ ᠢ᠋ ᠠᠯᠠᠭᠠᠳ ᠶᠠᠭᠤ ᠬᠢᠨ᠎ᠡ?
ᠠᠬ᠎ᠠ ᠪᠠᠨ ᠭᠡᠵᠦ ᠶᠠᠪᠤᠭᠠᠳ
ᠮᠣᠷᠢ ᠪᠠᠨ ᠤᠶᠠᠭᠤᠯᠬᠤ ᠴᠢᠨᠢ ᠶᠠᠭᠠᠬᠢᠭ᠎ᠠ ᠪᠣᠢ?
ᠮᠣᠳᠣ ᠪᠠᠨ ᠬᠤᠭᠤᠯᠤᠭᠤᠯᠬᠤ ᠴᠢᠨᠢ ᠶᠠᠭᠠᠬᠢᠭ᠎ᠠ ᠪᠣᠢ?
ᠭᠠᠩ ᠬᠠᠭᠤᠷᠠᠢ ᠰᠢᠯᠢ ᠶ᠋ᠢ ᠲᠤᠭᠤᠯᠬᠤ ᠳ᠋ᠤ᠌
ᠭᠠᠭᠴᠠᠭᠠᠷ ᠢ᠋ᠶ᠋ᠠᠨ ᠶᠠᠪᠤᠭᠰᠠᠨ ᠠ᠋ᠴᠠ ᠳᠡᠭᠡᠷ᠎ᠡ ᠪᠢᠰᠢᠦ?
ᠭᠠᠳᠤᠯᠤᠰᠢ ᠦᠭᠡᠢ ᠬᠣᠩᠬᠣᠷ ᠢᠶᠡᠷ ᠭᠠᠷᠬᠤ ᠳ᠋ᠤ᠌
ᠬᠣᠶᠠᠭᠤᠯᠠ ᠲᠤᠭᠤᠯᠬᠤ ᠳ᠋ᠤ᠌ ᠰᠠᠢᠨ ᠪᠢᠰᠢᠦ?
ᠪᠢᠳᠡ ᠬᠣᠶᠠᠷ ᠮᠣᠷᠢ
ᠠᠬ᠎ᠠ ᠳᠡᠭᠦᠦ ᠪᠣᠯᠴᠢᠬᠠᠭᠠᠳ ᠶᠠᠪᠤᠨ᠎ᠠ!》 ᠭᠡᠪᠡ᠃
《ᠠᠳᠠᠭ ᠤ᠋ᠨ ᠡᠪᠡᠰᠦᠨ ᠢᠳᠡᠭᠡ ᠲᠡᠢ ᠮᠠᠯ
ᠢᠩᠭᠢᠵᠦ ᠰᠠᠢᠬᠠᠨ ᠪᠠᠢᠬᠤ ᠳ᠋ᠤ᠌
ᠠᠯᠲᠠᠨ ᠳᠡᠯᠡᠬᠡᠢ ᠶ᠋ᠢᠨ ᠬᠥᠮᠦᠨ ᠪᠠᠢᠭᠠᠳ
ᠢᠩᠭᠢᠵᠦ ᠮᠠᠭᠤᠬᠠᠢ ᠪᠣᠯᠤᠭᠠᠳ ᠶᠠᠭᠠᠬᠢᠬᠤ ᠪᠣᠢ?》 ᠭᠡᠵᠦ
ᠬᠣᠶᠠᠭᠤᠯᠠ ᠪᠣᠰᠤᠭᠠᠳ
ᠠᠮᠠᠨ ᠤ ᠪᠠᠨ ᠰᠢᠷᠣᠢ ᠶ᠋ᠢ ᠠᠯᠠᠭ᠎ᠠ ᠪᠠᠷ ᠢ᠋ᠶ᠋ᠠᠨ ᠠᠷᠴᠢᠭᠠᠳ
ᠨᠢᠳᠦᠨ ᠦ᠌ ᠪᠡᠨ ᠰᠢᠷᠣᠢ ᠶ᠋ᠢ ᠨᠢᠳᠤᠷᠭ᠎ᠠ ᠪᠠᠷ ᠢ᠋ᠶ᠋ᠠᠨ ᠠᠷᠴᠢᠭᠠᠳ
ᠠᠬ᠎ᠠ ᠳᠡᠭᠦᠦ ᠬᠣᠶᠠᠷ ᠪᠣᠯᠤᠭᠠᠳ
ᠠᠮᠤᠷ ᠮᠡᠨᠳᠦ ᠪᠡᠨ ᠮᠡᠳᠡᠯᠴᠡᠭᠡᠳ
ᠠᠯᠳᠠᠷ ᠨᠡᠷ᠎ᠡ ᠪᠡᠨ ᠠᠰᠠᠭᠤᠯᠴᠠᠬᠤ ᠳ᠋ᠤ᠌
ᠲᠡᠷᠡ ᠪᠠᠭᠠᠲᠤᠷ ᠤ᠋ᠨ ᠬᠡᠯᠡᠭᠰᠡᠨ ᠨᠢ᠄
《ᠦᠬᠡᠷ ᠬᠠᠷ᠎ᠠ ᠴᠢᠯᠠᠭᠤᠨ ᠡᠴᠡ ᠡᠭᠦᠰᠦᠭᠰᠡᠨ
ᠡᠯᠢᠭᠡᠨ ᠬᠠᠷ᠎ᠠ ᠴᠢᠯᠠᠭᠤᠨ ᠡᠴᠡ ᠭᠠᠷᠤᠭᠰᠠᠨ
ᠮᠠᠩᠭᠤᠰ ᠤ᠋ᠨ ᠦᠨᠳᠦᠰᠦ ᠶ᠋ᠢ ᠳᠠᠰᠤᠯᠤᠨ ᠪᠦᠲᠦᠭᠰᠡᠨ
ᠮᠢᠯ ᠤᠯᠠᠭᠠᠨ ᠭᠡᠳᠡᠭ ᠪᠢ ᠮᠥᠨ!》 ᠭᠡᠳ
《ᠳᠡᠭᠦᠦ ᠮᠢᠨᠢ ᠴᠢᠨᠦ
ᠣᠷᠣᠨ ᠨᠤᠲᠤᠭ ᠴᠢᠨᠢ ᠬᠠᠮᠢᠭ᠎ᠠ ᠪᠣᠢ?
ᠣᠪᠣᠭ ᠨᠡᠷ᠎ᠡ ᠴᠢᠨᠢ ᠬᠡᠨ ᠪᠣᠢ?
ᠤᠴᠢᠷ ᠶᠠᠪᠤᠳᠠᠯ ᠶᠠᠭᠤᠨ ᠳ᠋ᠤ᠌ ᠪᠣᠢ?》 ᠭᠡᠬᠦ ᠳ᠋ᠦ᠍
《ᠪᠠᠶᠠᠨ ᠬᠦᠳᠡᠷ ᠠᠯᠲᠠᠢ ᠶ᠋ᠢᠨ
ᠪᠠᠷᠠᠭᠤᠨ ᠰᠤᠭᠤ ᠪᠠᠷ ᠨᠤᠲᠤᠭᠯᠠᠭᠰᠠᠨ
ᠬᠦᠳᠡᠷ ᠠᠯᠲᠠᠢ ᠬᠠᠨ ᠤ᠋
ᠬᠦᠦ ᠴᠡᠩᠭᠡᠯ ᠪᠢ ᠮᠥᠨ᠃
ᠪᠠᠷᠠᠭᠤᠨ ᠬᠣᠢᠲᠤ ᠵᠦᠭ ᠲᠦ᠍
ᠪᠠᠳᠮ᠎ᠠ ᠭᠡᠷᠡᠯ ᠬᠠᠨ ᠤ᠋ ᠳ᠋ᠤ᠌ ᠶᠠᠪᠤᠵᠤ ᠪᠣᠢ》 ᠭᠡᠵᠦ
ᠬᠡᠯᠡᠬᠦ ᠳ᠋ᠦ᠍ ᠮᠢᠯ ᠤᠯᠠᠭᠠᠨ᠄
《ᠬᠣᠯᠠ ᠭᠠᠵᠠᠷ ᠪᠠᠢᠳᠠᠭ ᠪᠢᠯᠡ
ᠬᠣᠣᠷᠠᠨ ᠱᠣᠣ ᠳᠠᠯᠠᠢ ᠶ᠋ᠢ ᠭᠠᠲᠤᠯᠳᠠᠭ ᠪᠢᠯᠡ
ᠬᠣᠣᠷᠲᠠᠨ ᠶᠡᠬᠡ ᠳᠠᠢᠰᠤᠨ ᠲᠠᠢ ᠨᠢᠭᠤᠷᠳᠠᠳᠠᠭ ᠪᠢᠯᠡ
ᠠᠬ᠎ᠠ ᠴᠢᠨᠢ ᠪᠢ ᠣᠳᠣ
ᠠᠮᠠᠷᠠᠭ ᠳᠡᠭᠦᠦ ᠶ᠋ᠢᠨ ᠢ᠋ᠶ᠋ᠡᠨ ᠬᠡᠷᠡᠭ ᠲᠦ᠍
ᠶᠠᠪᠤᠯ ᠦᠭᠡᠢ ᠶᠠᠭᠠᠬᠢᠵᠤ ᠪᠣᠯᠬᠤ ᠪᠣᠢ!》 ᠭᠡᠵᠦ ᠬᠡᠯᠡᠭᠡᠳ
ᠬᠣᠶᠠᠭᠤᠯᠠ ᠪᠠᠨ ᠮᠣᠷᠳᠠᠪᠠ᠃
* * *
ᠠᠷᠪᠠᠨ ᠭᠤᠷᠪᠠᠨ ᠵᠢᠯ ᠶᠠᠪᠤᠭᠠᠳ
ᠨᠢᠭᠡ ᠬᠥᠬᠡ ᠮᠥᠩᠭᠥᠨ ᠰᠢᠯᠢ ᠳ᠋ᠦ᠍ ᠭᠠᠷᠴᠤ
ᠨᠢᠳᠦ ᠪᠡᠨ ᠠᠷᠴᠢᠨ ᠬᠠᠷᠠᠬᠤ ᠳ᠋ᠤ᠌
ᠨᠢᠭᠡᠨ ᠤᠯᠠᠭᠠᠨ ᠠᠭᠤᠯᠠ ᠰᠢᠭ᠋ ᠶᠠᠭᠤᠮ᠎ᠠ
ᠴᠤᠬᠤᠢᠰᠬᠢᠨ ᠵᠢᠯᠢᠢᠪᠡ᠃
《ᠠᠬ᠎ᠠ ᠮᠢᠨᠢ᠂ ᠲᠡᠷᠡ ᠨᠢᠭᠡ ᠤᠯᠠᠭᠠᠨ
ᠴᠤᠬᠤᠢᠰᠬᠢᠨ ᠣᠳᠬᠤ ᠶᠠᠭᠤᠮ᠎ᠠ ᠶᠠᠭᠤ ᠪᠣᠢ?》 ᠭᠡᠵᠦ
ᠴᠡᠩᠭᠡᠯ ᠦ᠋ᠨ ᠠᠰᠠᠭᠤᠬᠤ ᠳ᠋ᠤ᠌᠄
《ᠲᠥᠷᠥ ᠶ᠋ᠢᠨ ᠳᠣᠯᠣᠭᠠᠨ ᠤᠯᠠᠭᠠᠨ ᠲᠠᠷᠪᠠᠭ᠎ᠠ ᠭᠡᠭᠴᠢ
ᠲᠡᠭᠦᠨ ᠢ᠋ ᠬᠡᠯᠡᠳᠡᠭ ᠪᠢᠯᠡ᠃
ᠵᠢᠯ ᠦ᠋ᠨ ᠭᠠᠵᠠᠷ ᠲᠤ᠌ ᠦᠨᠦᠷ ᠢ᠋ᠶ᠋ᠡᠷ ᠮᠡᠳᠡᠳᠡᠭ
ᠰᠠᠷ᠎ᠠ ᠶ᠋ᠢᠨ ᠭᠠᠵᠠᠷ ᠲᠤ᠌ ᠠᠨᠢᠷ ᠢ᠋ᠶ᠋ᠠᠷ ᠮᠡᠳᠡᠳᠡᠭ》 ᠭᠡᠵᠦ
ᠮᠢᠯ ᠤᠯᠠᠭᠠᠨ ᠬᠡᠯᠡᠪᠡ᠃
《ᠠᠬ᠎ᠠ ᠮᠢᠨᠢ ᠠ᠋!
ᠲᠡᠭᠦᠨ ᠢ᠋ ᠶᠠᠭᠠᠬᠢᠵᠤ ᠭᠡᠲᠦᠯᠳᠡᠭ ᠪᠣᠢ?》 ᠭᠡᠵᠦ
ᠴᠡᠩᠭᠡᠯ ᠳᠠᠬᠢᠨ ᠠᠰᠠᠭᠤᠬᠤ ᠳ᠋ᠤ᠌
ᠮᠢᠯ ᠤᠯᠠᠭᠠᠨ ᠤ᠋ ᠬᠡᠯᠡᠭᠰᠡᠨ ᠨᠢ᠄
《ᠳᠣᠯᠣᠭᠠᠨ ᠬᠣᠨᠣᠭ ᠤ᠋ᠨ ᠬᠠᠯᠭᠤ᠋ᠨ ᠪᠣᠯᠭᠠᠵᠤ
ᠳᠣᠣᠷ᠎ᠠ ᠨᠦᠬᠡᠨ ᠳ᠋ᠡᠭᠡᠨ ᠣᠷᠣᠬᠤ ᠳ᠋ᠤᠨᠢ
ᠬᠠᠵᠠᠭᠤ ᠪᠠᠷ ᠨᠢ ᠭᠠᠷᠤᠭᠠᠳ
ᠬᠠᠲᠠᠷᠢᠭᠤᠯᠵᠤ ᠶᠠᠪᠤᠵᠤ ᠪᠣᠯᠳᠠᠭ》 ᠭᠡᠪᠡ᠃
ᠲᠡᠭᠦᠨ ᠢ᠋ᠶ᠋ᠡᠷ ᠥᠩᠭᠡᠷᠡᠨ ᠭᠠᠷᠬᠤ ᠳ᠋ᠤ᠌
ᠬᠦᠨᠳᠦ ᠬᠥᠯᠲᠦ ᠬᠦᠯᠦᠭ ᠦ᠋ᠳ ᠦ᠋ᠨ
ᠬᠥᠭᠡᠷᠦᠬᠦᠨ ᠴᠢᠬᠢ ᠨᠢ ᠰᠢᠲᠠᠭᠠᠳ ᠣᠳᠪᠠ᠃
* * *
ᠳᠠᠬᠢᠨ ᠠᠷᠪᠠᠨ ᠭᠤᠷᠪᠠᠨ ᠵᠢᠯ ᠶᠠᠪᠤᠭᠠᠳ
ᠨᠢᠭᠡᠨ ᠬᠥᠬᠡ ᠮᠥᠩᠭᠥᠨ ᠰᠢᠯᠢ ᠳ᠋ᠦ᠍ ᠭᠠᠷᠴᠤ
ᠬᠣᠯᠠ ᠶ᠋ᠢᠨ ᠵᠠᠮ ᠢ᠋ ᠬᠠᠷᠠᠵᠤ ᠦᠵᠡᠬᠦ ᠳ᠋ᠦ᠍
ᠨᠢᠭᠡᠨ ᠬᠥᠬᠡ ᠠᠭᠤᠯᠠ ᠰᠢᠭ᠋ ᠶᠠᠭᠤᠮ᠎ᠠ
ᠴᠤᠬᠤᠢᠰᠬᠢᠨ ᠵᠢᠯᠢᠢᠪᠡ᠃
ᠲᠥᠷᠥ ᠶ᠋ᠢᠨ ᠲᠡᠮᠦᠷ ᠬᠥᠬᠡ ᠮᠣᠭᠠᠢ ᠭᠡᠳᠡᠭ
ᠲᠤᠢᠯ ᠤ᠋ᠨ ᠬᠣᠣᠷᠲᠤ ᠠᠮᠢᠲᠠᠨ ᠲᠡᠷᠡ ᠭᠡᠨ᠎ᠡ᠃
ᠮᠢᠯ ᠤᠯᠠᠭᠠᠨ ᠤ᠋ ᠬᠡᠯᠡᠭᠰᠡᠨ ᠶᠣᠰᠣᠭᠠᠷ
ᠬᠦᠢᠲᠡᠨ ᠮᠥᠨᠳᠥᠷ ᠣᠷᠣᠭᠤᠯᠵᠤ
ᠳᠣᠯᠣᠭ᠎ᠠ ᠬᠣᠨᠣᠭ ᠪᠣᠯᠬᠤ ᠳ᠋ᠤ᠌
ᠨᠦᠬᠡᠨ ᠦ᠌ ᠪᠡᠨ ᠪᠤᠯᠤᠩ ᠳ᠋ᠤ᠌
ᠨᠢᠭᠡ ᠠᠲᠤᠰᠬᠢᠬᠤ ᠵᠠᠭᠤᠷ᠎ᠠ ᠭᠠᠷᠤᠭᠠᠳ ᠣᠳᠪᠠ᠃
* * *
ᠳᠠᠬᠢᠨ ᠠᠷᠪᠠᠨ ᠭᠤᠷᠪᠠᠨ ᠵᠢᠯ ᠶᠠᠪᠤᠭᠠᠳ
ᠨᠢᠭᠡᠨ ᠬᠥᠬᠡ ᠮᠥᠩᠭᠥᠨ ᠰᠢᠯᠢ ᠳ᠋ᠦ᠍ ᠭᠠᠷᠴᠤ
ᠬᠣᠯᠠ ᠶ᠋ᠢᠨ ᠵᠠᠮ ᠢ᠋ᠶ᠋ᠠᠨ ᠬᠠᠷᠠᠵᠤ ᠦᠵᠡᠬᠦ ᠳ᠋ᠦ᠍
ᠨᠢᠭᠡᠨ ᠴᠠᠭᠠᠨ ᠠᠭᠤᠯᠠ ᠰᠢᠭ᠋ ᠶᠠᠭᠤᠮ᠎ᠠ
ᠴᠤᠬᠤᠢᠰᠬᠢᠨ ᠵᠢᠯᠢᠢᠪᠡ᠃
ᠬᠣᠣᠷᠠᠨ ᠱᠣᠣ ᠳᠠᠯᠠᠢ ᠭᠡᠳᠡᠭ ᠲᠡᠷᠡ ᠪᠠᠢᠯ᠎ᠠ᠃
ᠮᠢᠯ ᠤᠯᠠᠭᠠᠨ ᠤ᠋ ᠬᠡᠯᠡᠭᠰᠡᠨ ᠢ᠋ᠶ᠋ᠡᠷ
ᠬᠦᠨᠳᠦ ᠬᠥᠯᠲᠦ ᠬᠦᠯᠦᠭ ᠦ᠋ᠳ ᠦ᠋ᠨ
ᠬᠦᠴᠦᠨ ᠴᠢᠳᠠᠯ ᠢᠶᠡᠷ ᠭᠠᠷᠬᠤ ᠪᠣᠯᠵᠤ
ᠬᠦᠯᠦᠭ ᠦ᠋ᠨ ᠢ᠋ᠶ᠋ᠡᠨ ᠴᠢᠮᠥᠭᠡ ᠶ᠋ᠢ ᠨᠢ ᠴᠢᠬᠠᠷᠠᠲᠠᠯᠠ
ᠨᠢᠭᠡ ᠨᠢᠭᠡ ᠲᠠᠰᠢᠭᠤᠷᠳᠠᠭᠠᠳ ᠠᠪᠤᠪᠠ᠃
ᠬᠦᠨᠳᠦ ᠬᠥᠯᠲᠦ ᠬᠦᠯᠦᠭ ᠤᠳ ᠨᠢ
ᠬᠡᠢ ᠦᠰᠦᠷᠦᠭᠡᠳ ᠭᠠᠷᠬᠤ ᠳ᠋ᠠᠭᠠᠨ
ᠪᠡᠯᠭᠡ ᠲᠡᠢ ᠪᠠᠢᠨ᠎ᠠ ᠭᠡᠵᠦ
ᠨᠢᠭᠡ ᠨᠢᠭᠡ ᠬᠥᠯ ᠢ᠋ᠶ᠋ᠡᠨ ᠲᠥᠷᠥᠭᠡᠳ ᠣᠳᠪᠠ
ᠨᠢᠭᠡ ᠨᠢᠭᠡ ᠲᠤᠭᠤᠷᠠᠢ ᠨᠢ
ᠮᠥᠯᠲᠥ ᠮᠥᠯᠲᠥ ᠲᠠᠰᠤᠷᠠᠭᠠᠳ ᠤᠨᠠᠪᠠ᠃
ᠦᠳᠡᠯᠡᠭᠦᠯᠳᠡᠭ ᠦᠭᠡᠢ ᠦᠨᠡᠭᠡᠨ ᠴᠠᠭᠠᠨ①
ᠦᠨᠡᠲᠦ ᠡᠮ ᠢ᠋ᠶ᠋ᠡᠨ ᠲᠦᠷᠬᠢᠵᠦ
ᠬᠣᠨᠣᠭᠤᠯᠳᠠᠭ ᠦᠭᠡᠢ ᠬᠣᠨᠢᠨ ᠴᠠᠭᠠᠨ
ᠬᠣᠪᠣᠷ ᠡᠮ ᠢ᠋ᠶ᠋ᠡᠨ ᠲᠦᠷᠬᠢᠵᠦ
ᠡᠳᠡᠭᠡᠭᠡᠵᠦ ᠠᠶᠠᠳᠠᠭᠠᠳ ᠣᠳᠪᠠ᠃
* * *
— — — —
① ᠦᠨᠡᠭᠡᠨ ᠴᠠᠭᠠᠨ— ᠦᠨᠡᠭᠡᠨ ᠭᠡᠳᠡᠭ ᠨᠢ ᠢᠰᠢᠭᠡ ᠶ᠋ᠢ ᠵᠢᠭᠠᠵᠤ ᠪᠣᠢ᠃ ᠡᠨᠳᠡ ᠴᠠᠭᠠᠨ ᠢᠰᠢᠭᠡ ᠰᠢᠭ ᠭᠡᠰᠡᠨ ᠤᠳᠬ᠎ᠠ ᠲᠠᠢ᠃
~ ᠦᠷᠭᠦᠯᠵᠢᠯᠡᠯ ᠪᠣᠢ ~
ᠦᠰᠦᠭ ᠠᠮᠢᠯᠠᠭᠤᠯᠤᠭᠰᠠᠨ ᠨᠢ᠄ ᠬᠥᠬᠡ ᠮᠣᠩᠭᠣᠯ
ᠬᠢᠨᠠᠭᠴᠢ᠄ ᠨᠠᠷᠠᠨ
