ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠨᠢᠭᠡ〕 Цаг төрийн үймээн – Д ᠂ Намдаг - Цаг төрийн үймээн ᠂ гуравдугаар бүлэг -1
ᠭᠤᠷᠪᠠᠳᠤᠭᠠᠷ ᠪᠦᠯᠦᠭ – ᠬᠥᠮᠥᠨ ᠬᠥᠮᠥᠨ ᠦ ᠬᠤᠪᠢ ᠲᠠᠪᠢᠯᠠᠩ -1
ᠬᠥᠳᠡᠯᠮᠦᠷᠢ
( ᠳ᠋ᠠᠨᠽᠡᠨ ᠦ᠌ ᠶᠠᠪᠤᠳᠠᠯ)
ᠳ᠋ᠠᠨᠽᠡᠨ ᠥᠨᠥ ᠠᠢᠯ ᠳ᠋ᠠᠭᠠᠨ ᠠᠩᠬ᠎ᠠ ᠢᠷᠡᠵᠦ ᠬᠣᠨᠣᠭᠰᠠᠨ ᠤ᠋ ᠪᠠᠨ ᠥᠷᠯᠥᠭᠡ᠂ ᠲᠣᠰᠬᠣᠨ ᠤ᠋ ᠤᠷᠢᠳᠤᠬᠢ ᠵᠠᠮ ᠢ᠋ᠶ᠋ᠠᠷ ᠬᠠᠯᠬ᠎ᠠ ᠠᠶᠠᠨᠴᠢᠳ ᠵᠠᠪᠠᠯ ᠶᠠᠪᠤᠨ᠎ᠠ ᠭᠡᠵᠦ ᠪᠠᠲᠤ ᠢᠳᠡᠭᠡᠨ ᠡᠷᠲᠡᠯᠡᠨ ᠪᠣᠰᠴᠤ ᠭᠠᠳᠠᠭ᠎ᠠ ᠭᠠᠷᠤᠨ᠂ ᠲᠡᠷᠡ ᠵᠦᠭ ᠰᠢᠷᠳᠡᠨ ᠠᠵᠢᠪᠠ᠃ ᠴᠡᠩᠬᠡᠷᠯᠡᠨ ᠮᠠᠨᠠᠯᠵᠠᠬᠤ ᠥᠷᠯᠥᠭᠡ ᠶ᠋ᠢᠨ ᠵᠢᠪᠠᠷ ᠲᠤ ᠦᠵᠡᠭᠳᠡᠬᠦ ᠶᠠᠭᠤᠮ᠎ᠠ ᠣᠭᠲᠣ ᠦᠭᠡᠢ ᠲᠤᠯᠠ《ᠣᠳᠣᠬᠠᠨ ᠳ᠋ᠠᠭᠠᠨ ᠠᠶᠠᠨᠴᠢᠳ ᠬᠥᠳᠡᠯᠬᠦ ᠬᠠᠷᠠᠬᠠᠨ ᠪᠣᠯᠤᠭ᠎ᠠ ᠦᠭᠡᠢ ᠡᠷᠲᠡ ᠪᠠᠢᠬᠤ ᠰᠢᠪ ᠳᠡ》 ᠭᠡᠵᠦ ᠪᠣᠳᠣᠨ ᠰᠡᠳᠬᠢᠯ ᠢ᠋ᠶ᠋ᠡᠨ ᠬᠠᠭᠤᠷᠪᠠ᠃ ᠪᠤᠴᠠᠵᠤ ᠣᠷᠣᠬᠤ ᠳ᠋ᠤ᠌ ᠪᠦᠳᠦᠭᠦᠨ ᠴᠢᠬᠢᠷᠰᠦᠨ ᠳᠡᠪᠢᠰᠬᠡᠷ ᠲᠡᠢ ᠪᠢᠴᠢᠬᠠᠨ ᠬᠠᠨᠵᠤᠨ ᠳᠡᠭᠡᠷ᠎ᠡ ᠪᠠᠭᠲᠠᠵᠤ ᠶᠠᠳᠠᠨ ᠬᠣᠨᠣᠭᠰᠠᠨ ᠲᠣᠮᠣ ᠵᠢᠵᠢᠭ ᠵᠢᠷᠭᠤᠭᠠᠨ ᠬᠥᠮᠦᠨ ᠦ᠌ ᠬᠠᠯᠠᠭᠤᠨ ᠠᠮᠢᠰᠬᠤᠯ ᠪᠠ ᠬᠥᠯᠥᠰᠥᠨ ᠦ᠌ ᠦᠨᠦᠷ᠂ ᠭᠠᠵᠠᠷ ᠤ᠋ᠨ ᠳᠠᠪᠲᠠᠮᠠᠯ ᠰᠢᠷᠣᠢ ᠶ᠋ᠢᠨ ᠱᠠᠯᠠ ᠶ᠋ᠢᠨ ᠦᠬᠦᠮᠡᠯ ᠴᠢᠭᠢᠭ᠂ ᠥᠴᠥᠭᠡᠳᠦᠷ ᠦ᠋ᠨ ᠬᠢᠭᠰᠡᠨ ᠬᠣᠭᠣᠯᠠ ᠤᠮᠳᠠ ᠶ᠋ᠢᠨ ᠠᠭᠤᠷ ᠴᠠᠩ᠂ ᠲᠡᠭᠦᠨ ᠦ᠌ ᠳᠡᠭᠡᠷ᠎ᠡ ᠪᠠᠢᠼᠠᠢ᠂ ᠮᠠᠨᠵᠢᠩ᠂ ᠰᠣᠩᠭᠢᠨ᠎ᠠ᠂ ᠰᠠᠷᠢᠮᠰᠠᠭ᠂ ᠼᠤᠤ᠂ ᠵᠢᠶᠠᠩ ᠤ᠋ᠨ ᠦᠨᠦᠷ ᠵᠡᠷᠭᠡ ᠡᠨᠡ ᠣᠯᠠᠨ ᠬᠣᠯᠢᠯᠳᠤᠭᠰᠠᠨ ᠮᠠᠭᠤᠬᠠᠢ ᠦᠨᠦᠷ᠂ ᠠᠭᠯᠠᠭ ᠬᠡᠭᠡᠷ᠎ᠡ ᠠᠭᠤᠯᠠ ᠲᠠᠯ᠎ᠠ ᠶ᠋ᠢᠨ ᠡᠷᠡᠭᠦᠯ ᠴᠡᠩᠭᠡᠭ ᠠᠭᠠᠷ ᠢ᠋ᠶ᠋ᠠᠷ ᠲᠡᠵᠢᠭᠡᠯᠭᠡᠵᠦ ᠥᠰᠦᠭᠰᠡᠨ ᠳ᠋ᠠᠨᠽᠡᠨ ᠦ᠌ ᠬᠠᠮᠠᠷ ᠲᠤ ᠶᠠᠭᠤᠲᠠᠢ ᠠᠶᠤᠮᠰᠢᠭᠲᠠᠢ ᠶᠠᠭᠤᠲᠠᠢ ᠬᠦᠨᠳᠦ ᠪᠡᠷ ᠬᠠᠩᠬᠤᠨ ᠲᠤᠰᠤᠭᠰᠠᠨ ᠭᠡᠬᠦ ᠪᠣᠢ!《ᠦᠭᠡᠢ ᠡᠨᠡ ᠴᠢᠨᠢ ᠶᠠᠭᠤ ᠪᠢᠯᠡ? ᠪᠢ ᠡᠢᠮᠦ ᠠᠢᠬᠤᠪᠲᠤᠷ ᠶᠠᠭᠤᠮᠠᠨ ᠳᠣᠲᠣᠷ᠎ᠠ ᠬᠣᠨᠣᠭᠰᠠᠨ ᠭᠡᠵᠢ ᠤᠤ?》 ᠭᠡᠵᠦ ᠳ᠋ᠠᠨᠽᠡᠨ ᠰᠣᠴᠢᠨ ᠨᠢᠭᠡ ᠦᠶ᠎ᠡ ᠠᠮᠢᠰᠬᠤᠯ ᠪᠠᠷᠢᠨ ᠬᠤᠷᠢᠶᠠᠭᠰᠠᠨ ᠢ᠋ᠶ᠋ᠠᠨ《ᠵᠠ ᠶᠠᠭᠠᠬᠢᠬᠤᠪ᠂ ᠪᠢ ᠡᠨᠳᠡ ᠶᠠᠮᠠᠷ ᠣᠯᠠᠨ ᠬᠣᠨᠣᠬᠤ ᠪᠠᠷ ᠪᠢᠰᠢ᠂ ᠶᠡᠬᠡ ᠪᠣᠳᠣᠵᠤ ᠬᠣᠶᠠᠷ ᠯᠠ ᠬᠣᠨᠣᠬᠤ ᠪᠣᠢ ᠵᠠ》 ᠭᠡᠵᠦ ᠳᠠᠬᠢᠨ ᠰᠡᠳᠬᠢᠯ ᠢ᠋ᠶ᠋ᠡᠨ ᠵᠠᠰᠠᠪᠠ᠃ ᠲᠡᠭᠡᠭᠡᠳ ᠳ᠋ᠠᠨᠽᠡᠨ ᠲᠡᠷᠡ ᠡᠳᠦᠷ ᠪᠠᠢᠰᠢᠩ ᠠ᠋ᠴᠠ ᠠᠷᠪᠠᠨ ᠭᠤᠷᠪᠠ ᠳᠠᠬᠢᠨ ᠭᠠᠷᠴᠤ᠂ ᠤᠭ ᠵᠠᠮ ᠢ᠋ ᠠᠷᠪᠠᠨ ᠳᠠᠬᠢᠨ ᠰᠢᠷᠲᠡᠪᠡ᠃ ᠭᠡᠪᠡᠴᠦ ᠰᠢᠷᠳᠡᠬᠦ ᠪᠦᠷᠢ ᠳ᠋ᠦ᠍ ᠬᠦᠰᠡᠭᠰᠡᠨ ᠭᠣᠷᠢᠳᠠᠭᠰᠠᠨ ᠶᠠᠭᠤᠮ᠎ᠠ ᠶ᠋ᠢᠨ ᠢ᠋ᠶ᠋ᠡᠨ ᠪᠠᠷ᠎ᠠ ᠶ᠋ᠢ ᠨᠢᠭᠡ ᠴᠦ᠍ ᠤᠳᠠᠭ᠎ᠠ ᠣᠯᠵᠤ ᠬᠠᠷᠠᠭᠰᠠᠨ ᠦᠭᠡᠢ᠃
ᠳ᠋ᠠᠨᠽᠡᠨ ᠪᠠᠢᠰᠢᠩ ᠠ᠋ᠴᠠ ᠠᠷᠪᠠᠨ ᠭᠤᠷᠪᠠ ᠳᠠᠬᠢᠨ ᠥᠨᠥᠳᠥᠷ ᠦ᠋ᠨ ᠢ᠋ᠶ᠋ᠡᠨ ᠰᠢᠷᠲᠡᠯᠲᠡ ᠳ᠋ᠦ᠍ ᠤᠷᠮ᠎ᠠ ᠬᠤᠭᠤᠷᠠᠵᠤ ᠮᠣᠬᠣᠭᠰᠠᠨ ᠦᠭᠡᠢ᠂ ᠮᠠᠷᠭᠠᠰᠢ ᠨᠢ ᠮᠥᠨ ᠯᠡ ᠰᠢᠷᠲᠡᠪᠡ᠃ ᠮᠥᠨ ᠯᠡ ᠲᠠᠭ ᠴᠢᠭ᠃ ᠨᠥᠭᠥᠭᠡᠳᠦᠷ ᠨᠢ ᠴᠦ᠍ ᠥᠭᠡᠷ᠎ᠡ ᠴᠦ᠍ ᠦᠭᠡᠢ᠃ ᠶᠡᠷᠦᠨᠢ ᠬᠡᠴᠢᠨᠡᠨ ᠴᠦ᠍ ᠡᠳᠦᠷ ᠰᠢᠷᠲᠡᠭᠡᠳ ᠶᠠᠭᠤ ᠴᠦ᠍ ᠦᠵᠡᠭᠳᠡᠵᠦ ᠬᠠᠷᠠᠭᠳᠠᠬᠤ ᠦᠭᠡᠢ ᠪᠣᠯᠬᠣᠷ ᠡᠴᠦᠰ ᠲᠦ᠋ᠨᠢ ᠥᠪᠡᠷ ᠦ᠋ᠨ ᠡᠷᠬᠡ ᠦᠭᠡᠢ ᠭᠣᠷᠢᠳᠠᠯᠭ᠎ᠠ ᠲᠠᠰᠤᠷᠠᠨ ᠭᠤᠲᠤᠷᠠᠨ᠎ᠠ᠃ ᠰᠡᠳᠬᠢᠯ ᠳ᠋ᠦ᠍ᠨᠢ《ᠡᠨᠡ ᠵᠢᠯ ᠶᠠᠭᠠᠬᠢᠭᠠᠳ ᠠᠶᠠᠨᠴᠢᠳ ᠶᠠᠪᠤᠬᠤ ᠪᠠᠨ ᠪᠣᠯᠢᠴᠢᠬᠠᠪᠠ》 ᠭᠡᠳᠡᠭ ᠪᠣᠳᠣᠯ ᠲᠠᠰᠤᠷᠠᠯᠲᠠ ᠦᠭᠡᠢ ᠡᠷᠭᠢᠯᠳᠦᠬᠦ ᠪᠣᠯᠵᠤ ᠴᠣᠬᠣᠮ ᠲᠡᠭᠡᠬᠦ ᠳᠣᠳᠣᠮ ᠴᠠᠭ ᠢᠮᠠᠭᠲᠠ ᠰᠢᠨ᠎ᠠ ᠪᠠᠨ ᠲᠤᠯᠵᠤ᠂ ᠰᠠᠨᠠᠭ᠎ᠠ ᠠᠯᠲᠠᠨ ᠰᠠᠭᠤᠳᠠᠭ ᠪᠣᠯᠤᠯ᠎ᠠ᠃ ᠬᠠᠵᠠᠭᠤ ᠳ᠋ᠤᠨᠢ ᠠᠪᠠᠭᠠᠢ᠄ ᠠᠢ ᠬᠦᠦ ᠮᠢᠨᠢ ᠴᠢ ᠣᠷᠣᠨ ᠨᠤᠲᠤᠭ ᠤᠷᠤᠭᠤ ᠪᠠᠨ ᠶᠠᠪᠤᠬᠤ ᠶ᠋ᠢ ᠪᠦᠦ ᠶᠠᠭᠠᠷᠠ! ᠠᠶᠠᠨᠴᠢᠨ ᠶᠠᠪᠤᠯ᠎ᠠ ᠴᠦ᠍ ᠭᠡᠰᠡᠨ ᠣᠳᠣ ᠳ᠋ᠦᠩ ᠡᠪᠦᠯ᠂ ᠠᠭᠤᠯᠠ ᠤᠰᠤ᠂ ᠭᠣᠣᠯ ᠭᠣᠷᠣᠬ᠎ᠠ ᠴᠥᠮ ᠲᠠᠭ ᠶᠠᠭ ᠬᠥᠯᠳᠡᠭᠰᠡᠨ ᠪᠠᠢᠬᠤ ᠳ᠋ᠤ᠌ ᠶᠠᠪᠤᠭᠠᠳ ᠶᠠᠭᠤ ᠬᠢᠨ᠎ᠡ᠃ ᠵᠦᠭᠡᠷ ᠡᠨᠳᠡ ᠪᠡᠨ ᠡᠪᠦᠯᠵᠢ᠃ ᠰᠡᠳᠬᠢᠯ ᠠᠭᠤᠵᠢᠮ᠂ ᠪᠡᠶ᠎ᠡ ᠠᠮᠤᠷ ᠰᠠᠭᠤᠵᠤ ᠯᠠ ᠪᠠᠢ᠃ ᠨᠢᠭᠡ ᠮᠡᠳᠡᠬᠦ ᠳ᠋ᠦ᠍ ᠡᠨᠡ ᠳᠡᠯᠡᠬᠡᠢ ᠶ᠋ᠢᠨ ᠴᠠᠰᠤ ᠮᠥᠰᠥ᠂ ᠠᠶᠠᠨᠳᠠᠭᠠᠨ ᠬᠠᠢᠯᠤᠨ ᠬᠠᠩᠵᠠᠷᠠᠵᠤ᠂ ᠭᠣᠣᠯ ᠭᠣᠷᠣᠬ᠎ᠠ ᠨᠢ ᠵᠢᠷᠢᠯᠵᠡᠨ ᠤᠷᠤᠰᠤᠨ᠎ᠠ᠃ ᠠᠢ ᠳᠠ ᠲᠡᠷᠡ ᠴᠠᠭ ᠲᠤ ᠯᠠ ᠴᠢ ᠮᠢᠨᠢ ᠶᠠᠪᠤᠵᠤ ᠦᠵᠡ!
ᠬᠤᠨᠴᠢᠨ ᠰᠢᠪᠠᠭᠤ ᠨᠤᠭᠤᠳ ᠴᠦ᠍ ᠴᠢᠮᠠᠶ᠋ᠢ ᠥᠪᠡᠷ ᠦ᠋ᠨ ᠡᠷᠬᠡ ᠦᠭᠡᠢ ᠳᠠᠭᠤᠳᠠᠭᠠᠳ ᠢᠷᠡᠨ᠎ᠡ᠃ ᠤᠷᠢᠳᠤ ᠵᠦᠭ ᠦ᠋ᠨ ᠬᠠᠯᠠᠭᠤᠨ ᠠ᠋ᠴᠠ ᠵᠢᠭᠤᠲᠠᠨ ᠲᠠᠨ ᠤ᠋ ᠨᠤᠲᠤᠭ ᠤ᠋ᠨ ᠵᠦᠭ ᠶᠠᠪᠤᠬᠤ ᠳ᠋ᠠᠭᠠᠨ ᠮᠠᠨ ᠤ᠋ ᠲᠣᠰᠬᠣᠨ ᠳᠡᠭᠡᠭᠦᠷ ᠡᠭᠡᠭᠡ ᠲᠠᠨ ᠤ᠋ ᠬᠢᠨ ᠦ᠌ ᠠᠶᠠᠨ ᠵᠢᠩ ᠦ᠋ᠨ ᠴᠤᠪᠤᠭ᠎ᠠ ᠰᠢᠭ᠋ ᠬᠣᠢᠨ᠎ᠠ ᠬᠣᠢᠨ᠎ᠠ ᠠ᠋ᠴᠠ ᠪᠠᠨ ᠣᠷᠣᠨ᠂ ᠭᠠᠷᠴᠢᠨ ᠭᠤᠷᠴᠢᠨ ᠳᠠᠭᠤᠯᠠᠯᠳᠤᠨ ᠥᠩᠭᠡᠷᠡᠨ᠎ᠡ᠃ ᠡᠰᠡᠪᠡᠯ ᠭᠤᠷᠪᠠᠯᠵᠢᠯᠠᠨ ᠵᠡᠭᠯᠡᠵᠦ ᠶᠠᠪᠤᠨ᠎ᠠ᠃ ᠶᠠᠭᠠᠬᠢᠭᠠᠳ ᠲᠡᠭᠡᠵᠦ ᠶᠠᠪᠤᠳᠠᠭ ᠶᠤᠮ ᠪᠣᠢ? ᠭᠡᠪᠡᠯ ᠪᠤᠷᠬᠠᠨ ᠲᠡᠳᠡᠨ ᠢ᠋ ᠡᠭᠦᠯᠡ ᠮᠠᠨᠠᠨ ᠳᠤᠮᠳᠠ ᠪᠡᠶ᠎ᠡ ᠪᠡᠶ᠎ᠡ ᠡᠴᠡ ᠪᠡᠨ ᠲᠥᠭᠡᠷᠢᠭᠦᠰᠡᠢ ᠭᠡᠵᠦ ᠵᠢᠭᠠᠵᠤ ᠥᠭᠭᠦᠭᠰᠡᠨ ᠶᠦᠮ ᠭᠡᠨ᠎ᠡ ᠪᠢᠯᠡ᠃ ᠢᠩᠭᠢᠬᠦᠯᠡᠷ ᠶᠠᠭᠤᠮ᠎ᠠ ᠪᠦᠬᠦᠨ ᠤᠴᠢᠷ ᠲᠠᠢ᠃ ᠴᠢᠨᠦ ᠡᠨᠳᠡ ᠢᠷᠡᠭᠰᠡᠨ ᠴᠢᠨᠢ ᠴᠦ᠍ ᠤᠴᠢᠷ ᠲᠠᠢ᠃ ᠴᠢᠮᠠᠶ᠋ᠢ ᠬᠠᠪᠤᠷ ᠶᠠᠪᠤᠭᠠᠰᠠᠢ ᠭᠡᠵᠦ ᠮᠢᠨᠦ ᠪᠣᠳᠣᠬᠤ ᠴᠦ᠍ ᠪᠠᠰᠠ ᠤᠴᠢᠷ ᠲᠠᠢ᠃ ᠪᠤᠷᠬᠠᠨ ᠬᠥᠮᠦᠨ ᠠᠮᠢᠲᠠᠳ ᠲᠤ ᠠᠴᠢ ᠠᠪᠤᠷᠠᠯ ᠢ᠋ᠶ᠋ᠠᠨ ᠬᠠᠢᠷᠠᠯᠠᠬᠤ ᠳ᠋ᠠᠭᠠᠨ ᠢᠩᠭᠢᠵᠦ ᠯᠡ ᠥᠪᠡᠷᠰᠡᠳ ᠲᠤᠨᠢ ᠦᠯᠦ ᠮᠡᠳᠡᠭᠳᠡᠬᠦ ᠠᠷᠭ᠎ᠠ ᠪᠠᠷ ᠬᠠᠢᠷᠠᠯᠠᠳᠠᠭ ᠶᠤᠮ ᠭᠡᠨ᠎ᠡ ᠪᠢᠯᠡ ᠭᠡᠵᠦ ᠢᠳᠬᠠᠨ᠎ᠠ᠃ ᠦᠨᠡᠨ ᠳ᠋ᠡᠭᠡᠨ ᠴᠦ᠍ ᠠᠪᠠᠭᠠᠢ ᠳ᠋ᠠᠨᠽᠡᠨ ᠢ᠋ ᠭᠡᠷ ᠲᠡᠭᠡᠨ ᠪᠠᠢᠯᠭᠠᠭᠠᠳ ᠪᠠᠢᠬᠤ ᠶ᠋ᠢ ᠬᠦᠰᠡᠬᠦ ᠪᠥᠭᠡᠳ ᠠᠩᠬ᠎ᠠ ᠢᠷᠡᠭᠰᠡᠨ ᠡᠳᠦᠷ ᠡᠴᠡ ᠨᠢ ᠡᠬᠢᠯᠡᠨ《ᠬᠦᠦ ᠡᠴᠡ ᠮᠢᠨᠢ ᠶᠠᠭᠤᠨ ᠤ᠋ ᠢᠯᠭᠠᠭ᠎ᠠ》 ᠭᠡᠵᠦ ᠪᠣᠳᠣᠭᠰᠠᠨ ᠨᠢ ᠡᠳᠦᠷ ᠬᠣᠨᠣᠭ ᠢᠷᠡᠬᠦ ᠳᠣᠳᠣᠮ ᠭᠦᠨᠵᠡᠭᠡᠢᠷᠡᠵᠦ᠂ ᠥᠪᠡᠷ ᠦ᠋ᠨ ᠢ᠋ᠶ᠋ᠡᠨ ᠤᠬᠠᠭᠠᠨ ᠵᠢᠯᠣᠭᠣ ᠦᠭᠡᠢ ᠰᠠᠨᠠᠨ ᠮᠥᠷᠥᠭᠡᠳᠴᠦ ᠪᠠᠢᠭᠰᠠᠨ ᠬᠦᠦ ᠪᠡᠨ ᠮᠠᠷᠲᠠᠭᠠᠳ᠂ ᠲᠡᠭᠦᠨ ᠢ᠋ᠶ᠋ᠡᠨ ᠢᠷᠡᠨ᠎ᠡ ᠪᠠᠢᠬᠤ ᠴᠦ᠍ ᠭᠡᠵᠦ ᠬᠦᠯᠢᠶᠡᠬᠦ ᠪᠡᠨ ᠪᠣᠯᠢᠵᠠᠢ᠃ ᠡᠭᠦᠨ ᠢ᠋ ᠯᠤᠤ ᠯᠢ ᠭᠤᠸᠠᠢ ᠠᠯᠢ ᠬᠡᠳᠦᠢᠨ ᠮᠡᠳᠡᠵᠦ ᠪᠠᠶᠠᠷᠯᠠᠬᠤ ᠳ᠋ᠠᠭᠠᠨ ᠠᠷᠠᠢ ᠴᠢᠷᠠᠢ ᠲᠡᠵᠢᠭᠡᠵᠦ ᠪᠠᠢᠭ᠎ᠠ ᠠᠮᠠ ᠪᠦᠯᠢ ᠳᠡᠭᠡᠷ᠎ᠡ ᠪᠠᠰᠠ ᠤᠷᠢᠳ ᠡᠮᠦᠨ᠎ᠡ ᠦᠵᠡᠭᠳᠡᠭᠡ ᠦᠭᠡᠢ ᠨᠢᠭᠡ ᠲᠣᠮᠣ ᠭᠡᠭᠴᠢ ᠶ᠋ᠢᠨ ᠬᠣᠭᠣᠯᠠᠨ ᠤ᠋ ᠰᠠᠪᠠ ᠨᠡᠮᠡᠭᠳᠡᠭᠰᠡᠨ ᠢ᠋ ᠡᠰᠡ ᠰᠠᠨᠠᠨ᠂《ᠠᠢ ᠬᠦᠦ ᠴᠢ ᠡᠪᠦᠯᠵᠢ!》 ᠭᠡᠬᠦ ᠶ᠋ᠢᠨ ᠢ᠋ᠶ᠋ᠡᠨ ᠵᠡᠷᠭᠡᠴᠡᠭᠡ ᠪᠡᠷ《ᠴᠢ ᠶᠠᠭᠤ ᠶᠠᠭᠤ ᠦᠭᠡᠢ ᠭᠠᠯᠵᠠᠭᠤᠷᠠᠬᠤ ᠭᠡᠵᠦ ᠪᠠᠢᠭᠰᠠᠨ ᠡᠬᠡᠨᠡᠷ ᠢ᠋ ᠮᠢᠨᠢ ᠡᠨᠡ ᠪᠡᠶ᠎ᠡ ᠪᠡᠷ ᠡᠮᠨᠡᠨ ᠡᠳᠡᠭᠡᠷᠡᠭᠦᠯᠦᠭᠰᠡᠨ ᠰᠢᠦ》 ᠭᠡᠵᠦ ᠲᠠᠯ᠎ᠠ ᠥᠭᠭᠦᠨ ᠰᠠᠮ ᠰᠢᠪᠡᠨᠡᠨ᠎ᠡ᠃ ᠬᠡᠦᠬᠡᠳ ᠦ᠋ᠳ ᠨᠢ ᠴᠦ᠍ ᠮᠥᠨ ᠳ᠋ᠠᠨᠽᠡᠨ ᠳ᠋ᠦ᠍ ᠰᠠᠢᠨ᠃ ᠬᠠᠮᠤᠭ ᠪᠠᠭ᠎ᠠ ᠨᠢ ᠡᠪᠦᠷ ᠳᠡᠭᠡᠷ᠎ᠡ ᠨᠢ ᠦᠷᠭᠦᠯᠵᠢ ᠰᠠᠭᠤᠵᠤ ᠬᠣᠶᠠᠷ ᠡᠪᠦᠳᠦᠭ ᠲᠡᠢ ᠨᠢ ᠨᠣᠴᠣᠯᠳᠤᠨ ᠲᠣᠭᠯᠠᠨ᠎ᠠ᠃ ᠳᠤᠮᠳᠠᠬᠢ ᠨᠢ ᠴᠦ᠍ ᠠᠷᠤ ᠨᠢᠷᠤᠭᠤ ᠥᠭᠡᠳᠡ ᠠᠪᠠᠷᠢᠵᠤ᠂ ᠮᠥᠷᠦᠨ ᠳᠡᠭᠡᠷ᠎ᠡ ᠭᠠᠷᠤᠨ ᠴᠢᠬᠢᠨ ᠡᠴᠡ ᠵᠣᠭᠠᠳᠠᠨ ᠤᠢᠳᠬᠠᠷ ᠢ᠋ᠶ᠋ᠠᠨ ᠰᠡᠷᠭᠦᠭᠡᠨ᠎ᠡ᠃ ᠲᠣᠮᠣ ᠨᠢ ᠡᠨᠡ ᠳᠡᠯᠡᠬᠡᠢ ᠡᠴᠡ ᠦᠵᠡᠭᠰᠡᠨ᠂ ᠰᠣᠨᠣᠰᠤᠭᠰᠠᠨ ᠪᠦᠬᠦᠨ ᠢ᠋ᠶ᠋ᠡᠨ ᠬᠠᠴᠢᠨ ᠰᠣᠨᠢᠷᠬᠠᠨ ᠢ᠋ᠶ᠋ᠠᠷ ᠡᠪᠯᠡᠭᠦᠯᠦᠨ ᠶᠠᠷᠢᠵᠤ ᠳ᠋ᠠᠨᠽᠡᠨ ᠦ᠌ ᠤᠢᠳᠬᠠᠷ ᠢ᠋ ᠰᠡᠷᠭᠦᠭᠡᠨ᠎ᠡ᠃
ᠡᠢᠨᠬᠦ ᠳ᠋ᠠᠨᠽᠡᠨ ᠲᠡᠳᠡᠨ ᠦ᠌ ᠬᠥᠮᠦᠨ ᠨᠢᠭᠡ ᠪᠦᠷᠢ ᠲᠡᠢ ᠢᠵᠢᠯᠢ ᠳᠠᠰᠤᠯ ᠪᠣᠯᠵᠤ ᠪᠠᠢᠯ᠎ᠠ᠃ ᠲᠡᠷᠡ ᠪᠠᠢᠲᠤᠭᠠᠢ ᠢᠪᠴᠤᠤ ᠰᠢᠪᠡᠷ ᠪᠠᠢᠰᠢᠩ ᠤ᠋ᠨ ᠬᠦᠨᠳᠦ ᠠᠭᠠᠷ᠂ ᠬᠠᠴᠢᠨ ᠦᠨᠦᠷ ᠲᠠᠨᠢᠷ ᠲᠠᠢ ᠬᠦᠷᠲᠡᠯ᠎ᠡ ᠭᠠᠵᠢ ᠪᠤᠷᠤᠭᠤ ᠶᠠᠭᠤᠮ᠎ᠠ ᠦᠭᠡᠢ ᠪᠣᠯᠵᠤ᠂ ᠣᠷᠣᠨ ᠨᠤᠲᠤᠭ ᠤ᠋ᠨ ᠵᠦᠭ ᠶᠠᠭᠠᠷᠠᠬᠤ ᠪᠠᠨ ᠬᠣᠢᠰᠢ ᠲᠠᠯᠪᠢᠬᠤ ᠪᠣᠯᠪᠠ᠃ ᠭᠡᠪᠡᠴᠦ ᠰᠡᠳᠬᠢᠯ ᠳ᠋ᠦ᠍ ᠥᠭᠡᠷ᠎ᠡ ᠲᠦᠭᠰᠢᠭᠦᠷᠢ ᠡᠷᠭᠢᠯᠳᠦᠨ᠎ᠡ᠃ ᠡᠨᠡ ᠨᠢ ᠪᠠᠢᠵᠤ ᠪᠠᠢᠭ᠎ᠠ ᠠᠢᠯ ᠤ᠋ᠨ ᠬᠢᠨᠢ ᠶᠠᠳᠠᠭᠤ ᠵᠦᠳᠡᠭᠦᠦ ᠲᠡᠢ ᠬᠣᠯᠪᠣᠭᠳᠠᠬᠤ ᠲᠦᠭᠰᠢᠭᠦᠷᠢ ᠪᠥᠭᠡᠳ ᠳ᠋ᠠᠨᠽᠡᠨ ᠬᠣᠭᠣᠯᠠ ᠤᠮᠳᠠ ᠶ᠋ᠢ ᠨᠢ ᠳᠡᠮᠡᠢ ᠬᠣᠷᠣᠭᠠᠨ ᠰᠠᠭᠤᠬᠤ ᠠ᠋ᠴᠠ ᠪᠠᠨ ᠰᠡᠳᠬᠢᠯ ᠵᠣᠪᠠᠨᠢᠨ ᠶᠠᠮᠠᠷ ᠨᠢᠭᠡ ᠶᠠᠭᠤᠮ᠎ᠠ ᠬᠢᠵᠦ ᠨᠡᠮᠡᠷᠢ ᠪᠣᠯᠬᠤ ᠶ᠋ᠢ ᠪᠣᠳᠣᠬᠤ ᠪᠣᠯᠵᠠᠢ᠃
ᠨᠢᠭᠡ ᠡᠳᠦᠷ ᠯᠤᠤ ᠯᠢ ᠵᠡᠷᠭᠡᠯᠡᠳᠡᠭᠡ ᠲᠣᠰᠬᠣᠨ ᠤ᠋《ᠳᠠ ᠯᠣᠣᠶᠧ》 ᠭᠡᠭᠴᠢ ᠶ᠋ᠢᠨ ᠳ᠋ᠦ᠍ ᠡᠳᠦᠷ ᠪᠦᠷᠢ ᠣᠴᠢᠵᠤ ᠠᠵᠢᠯᠯᠠᠳᠠᠭ ᠢ᠋ᠶ᠋ᠠᠷ ᠢ᠋ᠶ᠋ᠠᠨ ᠠᠵᠢᠯᠯᠠᠬᠤ ᠪᠠᠷ ᠶᠠᠪᠤᠭᠠᠳ ᠣᠷᠣᠢ ᠢᠷᠡᠬᠦ ᠳ᠋ᠡᠭᠡᠨ ᠶᠠᠳᠠᠷᠠᠭᠰᠠᠨ ᠨᠢ ᠲᠤᠩ ᠶᠡᠬᠡ᠂ ᠪᠠᠢᠰᠢᠩ ᠳ᠋ᠠᠭᠠᠨ ᠠᠷᠠᠢᠬᠠᠨ ᠣᠷᠣᠵᠤ ᠪᠣᠱᠣᠭᠠᠨ ᠳᠡᠭᠡᠷ᠎ᠡ ᠠᠮᠢᠰᠬᠤᠭᠠᠳᠠᠨ ᠠᠮᠠᠷᠠᠭᠠᠳ ᠲᠡᠨᠳᠡ ᠡᠴᠡ ᠪᠡᠨ ᠰᠤᠯᠠᠷᠠᠭᠰᠠᠨ ᠬᠥᠯ ᠢ᠋ᠶ᠋ᠡᠨ ᠰᠠᠯᠭᠠᠨᠠᠨ ᠭᠢᠰᠬᠢᠯᠡᠵᠦ ᠬᠠᠨᠵᠤ ᠪᠠᠨ ᠬᠦᠷᠦᠭᠡᠳ ᠪᠡᠶ᠎ᠡ ᠰᠤᠯᠠ ᠬᠠᠶᠠᠨ ᠬᠠᠵᠠᠭᠤᠯᠳᠠᠨ ᠤᠨᠠᠵᠤ᠂ ᠥᠷᠥᠭᠡᠰᠦᠨ ᠭᠠᠷ ᠢ᠋ᠶ᠋ᠠᠷ ᠢ᠋ᠶ᠋ᠠᠨ ᠭᠥᠯᠢᠷᠡᠭᠰᠡᠨ ᠨᠢᠳᠦ ᠪᠡᠨ ᠬᠠᠪ ᠳᠠᠷᠤᠪᠠ᠃ ᠤᠷᠢᠳᠠ ᠡᠮᠦᠨ᠎ᠡ ᠢᠩᠭᠢᠵᠦ ᠪᠠᠢᠭᠰᠠᠨ ᠤᠳᠠᠭ᠎ᠠ ᠦᠭᠡᠢ᠂ ᠭᠡᠷ ᠦ᠋ᠨ ᠬᠥᠮᠦᠰ ᠴᠥᠮ ᠰᠣᠴᠢᠨ ᠰᠠᠨᠳᠤᠷᠪᠠ᠃
— ᠳᠠᠩᠵᠢᠶᠠᠳ ᠮᠢᠨᠢ᠂ ᠶᠠᠭᠤ ᠪᠣᠯᠪᠠ᠂ ᠡᠪᠡᠳᠴᠢᠨ ᠬᠦᠷᠦᠭᠡ ᠤᠤ? ᠭᠡᠵᠦ ᠠᠪᠠᠭᠠᠢ ᠶ᠋ᠢᠨ ᠢ᠋ᠶ᠋ᠡᠨ ᠴᠡᠴᠡᠷᠬᠢᠯᠡᠭᠰᠡᠨ ᠬᠣᠭᠣᠯᠠᠢ ᠪᠠᠷ ᠰᠢᠪᠡᠨᠡᠨ ᠠᠰᠠᠭᠤᠬᠤ ᠳ᠋ᠤ᠌ ᠯᠤᠤ ᠯᠢ ᠨᠢᠳᠦ ᠪᠡᠨ ᠳᠠᠷᠤᠭᠰᠠᠨ ᠴᠢᠭ ᠢ᠋ᠶ᠋ᠡᠷ ᠲᠣᠯᠣᠭᠠᠢ ᠰᠡᠭᠰᠦᠷᠬᠦ ᠰᠢᠭ ᠪᠣᠯᠪᠠ᠃ ᠨᠡᠯᠢᠶᠡᠳ ᠮᠥᠴᠡ ᠥᠩᠭᠡᠷᠡᠭᠰᠡᠨ ᠦ᠌ ᠳᠠᠷᠠᠭ᠎ᠠ ᠳ᠋ᠠᠨᠽᠡᠨ᠄
— ᠳ᠋ᠠᠶᠧ ᠮᠢᠨᠢ᠂ ᠶᠠᠭᠤ ᠪᠣᠯᠪᠠ? ᠭᠡᠵᠦ ᠠᠰᠠᠭᠤᠬᠤ ᠳ᠋ᠤ᠌᠄
— ᠠᠢ ᠭᠡᠵᠦ ᠰᠠᠨᠠᠭ᠎ᠠ ᠠᠯᠲᠠᠨ᠂ ᠪᠦᠬᠦ ᠬᠦᠴᠦ ᠪᠡᠨ ᠳᠠᠢᠴᠢᠯᠠᠨ ᠥᠨᠳᠡᠢᠵᠦ᠂ ᠥᠨᠥᠳᠥᠷ ᠪᠢ ᠲᠡᠭᠡᠷᠮ᠎ᠡ ᠳ᠋ᠦ᠍ ᠵᠢᠳᠬᠦᠯ᠎ᠡ ᠭᠡᠵᠦ ᠰᠠᠯᠭᠠᠨᠠᠭᠰᠠᠨ ᠭᠠᠷ ᠢ᠋ᠶ᠋ᠠᠷ ᠭᠠᠩᠰᠠᠨ ᠲᠠᠮᠠᠬᠢ ᠪᠠᠨ ᠲᠡᠮᠲᠡᠴᠢᠨ ᠠᠪᠤᠪᠠ᠃
— ᠲᠡᠷᠡ ᠲᠡᠭᠡᠷᠮ᠎ᠡ ᠳ᠋ᠦ᠍ ᠡᠳᠦᠷ ᠪᠦᠷᠢ ᠵᠢᠳᠬᠦᠳᠡᠭ ᠶᠦᠮ ᠪᠢᠰᠢᠦ ᠭᠡᠬᠦ ᠳ᠋ᠦ᠍᠄
— ᠲᠡᠢᠮᠦ ᠠ᠋᠂ ᠡᠳᠦᠷ ᠪᠦᠷᠢ᠃ ᠭᠡᠪᠡᠴᠦ ᠥᠨᠥᠳᠥᠷ ᠪᠠᠭ᠎ᠠ ᠲᠡᠭᠡᠷᠮ᠎ᠡ ᠳ᠋ᠦ᠍ ᠪᠢᠰᠢ᠂ ᠲᠣᠮᠣ ᠲᠡᠭᠡᠷᠮ᠎ᠡ ᠳ᠋ᠦ᠍ ᠭᠡᠳ ᠲᠠᠮᠠᠬᠢ ᠪᠠᠨ ᠲᠠᠲᠠᠪᠠ᠃ ᠠᠵᠢᠪᠠᠯ ᠯᠤᠤ ᠯᠢ ᠲᠠᠮᠠᠬᠢ ᠪᠠᠨ ᠤᠷᠢᠳᠠ ᠶ᠋ᠢᠨ ᠠᠳᠠᠯᠢ ᠤᠭᠵᠠ ᠤᠭᠵᠠ ᠪᠢᠰᠢ᠂ ᠲᠡᠩᠬᠡᠯ ᠦᠭᠡᠢᠬᠡᠨ ᠪᠥᠭᠡᠳ ᠠᠯᠭᠤᠷᠬᠠᠨ ᠢ᠋ᠶ᠋ᠠᠷ ᠰᠣᠷᠣᠵᠤ ᠤᠲᠤᠭ᠎ᠠ ᠶ᠋ᠢ ᠨᠢ ᠠᠭᠤᠰᠬᠢᠨ ᠳ᠋ᠠᠭᠠᠨ ᠪᠦᠭᠦᠳᠡ ᠶ᠋ᠢ ᠨᠢ ᠰᠢᠩᠭᠡᠭᠡᠬᠦ ᠭᠡᠰᠡᠨ ᠰᠢᠭ ᠨᠢᠭᠡ ᠦᠶ᠎ᠡ ᠠᠮᠠ ᠪᠠᠨ ᠵᠢᠮᠢᠢᠨ ᠬᠠᠳᠠᠭᠠᠯᠠᠨ᠎ᠠ᠃ ᠲᠡᠭᠡᠭᠡᠳ《ᠠᠶ᠎ᠠ》 ᠭᠡᠵᠦ ᠳᠤᠤᠭᠠᠷᠤᠨ ᠠᠮᠢᠰᠬᠤᠯ ᠲᠠᠯᠪᠢᠭᠤᠨ ᠪᠣᠯᠵᠤ ᠳᠠᠬᠢᠭᠠᠳ ᠯᠠ ᠰᠤᠷᠤᠨ᠎ᠠ᠃
— ᠳ᠋ᠠᠶᠧ ᠮᠢᠨᠢ᠂ ᠲᠡᠷᠡ ᠲᠡᠭᠡᠷᠮ᠎ᠡ ᠳ᠋ᠦ᠍ ᠵᠢᠳᠬᠦᠬᠦ ᠶ᠋ᠢᠨ ᠬᠡᠷᠡᠭ ᠶᠠᠭᠤ ᠪᠣᠢ? ᠳ᠋ᠠᠨᠽᠡᠨ ᠠᠰᠠᠭᠤᠬᠤ ᠳ᠋ᠤ᠌᠂
ᠯᠤᠤ ᠯᠢ᠄
— ᠬᠠᠢ! ᠵᠢᠳᠬᠦᠬᠦ ᠦᠭᠡᠢ ᠪᠣᠯ ᠮᠠᠭᠤ ᠰᠠᠢᠨ ᠬᠡᠦᠬᠡᠳ ᠦ᠋ᠳ ᠶᠠᠭᠤ ᠢᠳᠡᠨ᠎ᠡ ᠠ᠋? ᠭᠡᠵᠦ ᠤᠴᠠᠭᠠᠷᠯᠠᠭᠰᠠᠨ ᠳᠠᠭᠤ ᠪᠠᠷ ᠬᠠᠷᠢᠭᠤᠯᠪᠠ᠃
ᠢᠩᠭᠢᠭᠡᠳ ᠴᠠᠭᠠᠰᠢ ᠨᠢ ᠶᠠᠷᠢᠬᠤ ᠴᠦ᠍ ᠬᠡᠷᠡᠭ ᠠᠯᠠᠭ᠎ᠠ᠂ ᠶᠠᠷᠢᠭᠤᠯᠬᠤ ᠬᠡᠷᠡᠭ ᠴᠦ᠍ ᠠᠯᠠᠭ᠎ᠠ᠂ ᠪᠦᠬᠦ ᠶᠠᠭᠤᠮ᠎ᠠ ᠳ᠋ᠠᠨᠽᠡᠨ ᠳ᠋ᠦ᠍ ᠲᠣᠳᠣᠷᠬᠠᠢ ᠪᠣᠯᠪᠠ᠃ ᠪᠠᠢᠰᠢᠩ ᠳᠣᠲᠣᠷᠠᠬᠢ ᠡᠨᠡ ᠠᠢᠯ ᠤ᠋ᠨ ᠨᠡᠢᠲᠡ ᠬᠠᠯᠠᠭᠤᠨ ᠠᠮᠠ ᠪᠦᠯᠢ ᠶ᠋ᠢᠨ ᠬᠢᠨ ᠦ᠌ ᠶᠠᠭ ᠡᠨᠡᠬᠡᠨ ᠦᠶ᠎ᠡ ᠶ᠋ᠢᠨ ᠪᠠᠢᠳᠠᠯ ᠴᠦ᠍ ᠴᠣᠬᠣᠮ ᠬᠦ᠌ ᠡᠪᠦᠭᠡᠨ ᠤᠷᠤᠭᠤ ᠳᠣᠷᠣᠢ ᠴᠢᠷᠠᠢ ᠶ᠋ᠢ ᠴᠦ᠍ ᠪᠠᠲᠤᠯᠠᠬᠤ ᠮᠡᠲᠦ᠃ ᠭᠤᠷᠪᠠᠨ ᠨᠠᠰᠤᠲᠠᠢ ᠪᠢᠴᠢᠬᠠᠨ ᠥᠬᠢᠨ ᠨᠢ ᠪᠣᠯᠪᠠᠴᠤ ᠭᠤᠨᠢᠭᠲᠤ ᠴᠢᠷᠠᠢ ᠪᠠᠷ ᠱᠠᠯᠠ ᠰᠢᠷᠲᠡᠨ ᠨᠢᠳᠦ ᠴᠠᠪᠴᠢᠯᠠᠨᠠ᠃ ᠬᠥᠭᠡᠷᠦᠬᠦᠢ ᠪᠣᠯᠤᠭᠰᠠᠨ ᠡᠳᠡᠨ ᠦ᠌ ᠳᠤᠮᠳᠠ ᠳ᠋ᠠᠨᠽᠡᠨ ᠡᠳᠦᠷ ᠳᠣᠳᠣᠮ ᠪᠠᠭ᠎ᠠ ᠦᠭᠡᠢ ᠬᠣᠭᠣᠯᠠ ᠬᠣᠷᠣᠭᠠᠵᠤ ᠰᠠᠭᠤᠭ᠎ᠠ ᠪᠠᠨ ᠰᠠᠨᠠᠨ ᠰᠡᠳᠬᠢᠯ ᠵᠣᠪᠠᠯ᠎ᠠ᠃ ᠠᠪᠠᠭᠠᠢ ᠯᠤᠤ ᠯᠢ ᠳ᠋ᠦ᠍ ᠰᠢᠩᠭᠡᠨ ᠬᠠᠷ᠎ᠠ ᠴᠠᠢ ᠠᠯᠢ ᠬᠡᠳᠦᠢᠨᠡᠢ ᠠᠶᠠᠭᠠᠯᠠᠨ ᠬᠠᠵᠠᠭᠤᠳᠠᠬᠢ ᠰᠢᠷᠡᠭᠡᠨ ᠳᠡᠭᠡᠷ᠎ᠡ ᠲᠠᠯᠪᠢᠵᠠᠢ᠃ ᠲᠡᠷᠡ ᠴᠠᠢ ᠣᠳᠣ ᠪᠠᠷᠤᠭ ᠬᠦᠷᠥᠴᠢᠭᠡᠳ ᠪᠠᠢᠭ᠎ᠠ ᠪᠣᠯᠪᠠᠴᠤ ᠯᠤᠤ ᠯᠢ ᠰᠦᠷᠴᠢᠭᠢᠨᠡᠭᠦᠯᠦᠨ ᠰᠣᠷᠣᠬᠤ ᠨᠢ ᠱᠠᠯ ᠳᠡᠮᠡᠢ ᠮᠠᠶᠢᠭᠯᠠᠯ ᠰᠢᠭ᠋᠃ ᠭᠡᠪᠡᠴᠦ ᠣᠯᠠᠨ ᠦᠷᠴᠢᠯᠡᠭᠡᠰᠦᠲᠦ ᠭᠠᠤᠯᠢᠨ ᠰᠢᠷ᠎ᠠ ᠮᠠᠩᠨᠠᠢ ᠳ᠋ᠤᠨᠢ ᠬᠥᠯᠥᠰᠥ ᠭᠠᠷᠬᠤ ᠲᠡᠳᠦᠢ ᠦᠭᠡᠢ᠂ ᠰᠢᠨ᠎ᠡ ᠶ᠋ᠢ ᠳᠠᠭᠠᠨ ᠤᠷᠤᠰᠴᠤ᠂ ᠵᠠᠪᠢᠯᠠᠨ ᠰᠠᠭᠤᠭᠰᠠᠨ ᠡᠪᠦᠳᠦᠭ ᠦ᠋ᠨ ᠬᠢᠨᠢ ᠥᠮᠥᠳᠥ ᠨᠥᠬᠦᠭᠡᠰᠦᠨ ᠳᠡᠭᠡᠷ᠎ᠡ ᠰᠢᠷᠬᠡᠭ ᠰᠢᠷᠬᠡᠭ ᠢ᠋ᠶ᠋ᠡᠷ ᠳᠤᠰᠤᠯᠠᠵᠤ ᠡᠬᠢᠯᠡᠬᠦ ᠶ᠋ᠢ ᠳ᠋ᠠᠨᠽᠡᠨ ᠨᠢᠳᠦ ᠰᠠᠯᠭᠠᠯ ᠦᠭᠡᠢ ᠰᠢᠷᠳᠡᠨ《ᠠᠢ ᠬᠥᠭᠡᠷᠦᠬᠦᠢ ᠠᠮᠢᠳᠤᠷᠠᠬᠤ ᠭᠡᠳᠡᠭ ᠠᠯᠠᠯᠴᠠᠬᠤ ᠳᠠᠢᠰᠤᠨ ᠠ᠋ᠴᠠ ᠬᠡᠴᠡᠭᠦᠦ ᠭᠡᠳᠡᠭ ᠡᠨᠡ ᠪᠠᠢᠵᠠᠢ》 ᠭᠡᠵᠦ ᠪᠣᠳᠣᠪᠠ᠃
ᠮᠠᠷᠭᠠᠰᠢ ᠨᠢ ᠯᠤᠤ ᠯᠢ ᠥᠴᠥᠭᠡᠳᠦᠷ ᠦ᠋ᠨ ᠢ᠋ᠶ᠋ᠡᠨ ᠬᠦᠨᠳᠦ ᠠᠵᠢᠯ ᠳ᠋ᠤ᠌ ᠨᠢᠴᠠ ᠪᠢᠴᠠ ᠳᠠᠷᠤᠭᠳᠠᠭᠰᠠᠨ ᠢ᠋ᠶ᠋ᠠᠨ ᠣᠷᠣ ᠲᠠᠰᠤ ᠮᠠᠷᠲᠠᠭᠰᠠᠨ ᠰᠢᠭ᠋ ᠥᠷᠯᠥᠭᠡᠨ ᠦ᠌ ᠪᠡᠨ ᠴᠠᠢ ᠶ᠋ᠢ ᠶᠠᠭᠠᠷᠠᠨ ᠤᠤᠭᠤᠵᠤ ᠶᠠᠪᠤᠬᠤ ᠪᠠᠷ ᠪᠡᠯᠡᠳᠬᠡᠪᠡ᠃ ᠭᠡᠲᠡᠯ᠎ᠡ ᠪᠡᠶ᠎ᠡ ᠨᠢ ᠥᠴᠥᠭᠡᠳᠦᠷ ᠦ᠋ᠨ ᠠᠵᠢᠯ ᠤ᠋ᠨ ᠢ᠋ᠶ᠋ᠠᠨ ᠬᠦᠨᠳᠦ ᠶ᠋ᠢ ᠶᠡᠷᠦ ᠮᠠᠷᠲᠠᠭ᠎ᠠ ᠦᠭᠡᠢ ᠮᠡᠲᠦ ᠬᠦᠴᠦᠯᠡᠨ ᠵᠢᠳᠬᠦᠬᠦ ᠳ᠋ᠦ᠍ ᠥᠪᠡᠷ ᠦ᠋ᠨ ᠡᠷᠬᠡ ᠦᠭᠡᠢ ᠬᠥᠰᠢᠯᠳᠦᠨ ᠬᠥᠳᠡᠯᠦᠨ᠎ᠡ᠃ ᠬᠥᠯ ᠨᠢ ᠶᠠᠭᠤᠲᠠᠢ ᠨᠦᠰᠡᠷ ᠬᠦᠨᠳᠦ ᠪᠠᠢᠬᠤ ᠶᠤᠮ ᠪᠣᠢ? ᠣᠯᠠᠨ ᠳᠠᠪᠬᠤᠷ ᠳᠠᠪᠤᠤ ᠱᠠᠬᠠᠢ ᠪᠠᠨ ᠭᠠᠵᠠᠷ ᠠ᠋ᠴᠠ ᠬᠥᠨᠳᠡᠢᠷᠡᠭᠦᠯᠬᠦ ᠴᠢᠳᠠᠯ ᠠᠯᠠᠭ᠎ᠠ᠃ ᠭᠠᠷ ᠨᠢ ᠪᠠᠰᠠ ᠶᠠᠭᠠᠬᠢᠴᠢᠬᠠᠭᠠᠳ ᠪᠠᠢᠭ᠎ᠠ ᠶ᠋ᠢ ᠪᠦᠦ ᠮᠡᠳᠡ᠃ ᠯᠤᠤ ᠯᠢ ᠭᠠᠷ ᠢ᠋ᠶ᠋ᠠᠨ ᠬᠥᠳᠡᠯᠭᠡᠬᠦ ᠪᠦᠷᠢ ᠳ᠋ᠡᠭᠡᠨ《ᠠᠶᠤᠤ ᠠᠶᠤᠤ᠁》 ᠭᠡᠬᠦ ᠨᠢ ᠮᠣᠩᠭᠣᠯ ᠢ᠋ᠶ᠋ᠠᠷ ᠪᠣᠯ《ᠶᠣᠣ ᠶᠣᠬᠣ᠁》 ᠭᠡᠳ ᠪᠠᠢᠭ᠎ᠠ ᠤᠬᠠᠭᠠᠨ ᠲᠠᠢ ᠠᠵᠢ᠃ ᠲᠡᠭᠡᠭᠡᠳ ᠯᠤᠤ ᠯᠢ ᠯᠠᠨᠲᠤᠭᠠᠷ ᠱᠠᠬᠠᠢ ᠪᠠᠨ ᠳᠡᠪᠲᠦᠮᠡᠯ ᠰᠢᠷᠣᠢ ᠶ᠋ᠢᠨ ᠱᠠᠯᠠ ᠳᠡᠭᠡᠭᠦᠷ ᠰᠦᠷ ᠫᠡᠷ ᠴᠢᠷᠦᠨ ᠠᠶ᠎ᠠ ᠠᠶᠠᠯᠭᠤ ᠥᠭᠦᠯᠡᠨ ᠭᠠᠷᠬᠤ ᠭᠡᠬᠦ ᠳ᠋ᠦ᠍ᠨᠢ ᠳ᠋ᠠᠨᠽᠡᠨ᠄
— ᠳ᠋ᠠᠶᠧ! ᠪᠢ ᠬᠠᠮᠲᠤ ᠶᠠᠪᠤᠶ᠎ᠠ ᠭᠡᠯᠡ᠃
— ᠴᠢ ᠶᠠᠪᠤᠵᠤ ᠶᠠᠭᠠᠬᠢᠬᠤ ᠨᠢ ᠪᠣᠢ?
— ᠲᠠᠨ ᠤ᠋ ᠠᠵᠢᠯ ᠳ᠋ᠤ᠌ ᠲᠤᠰᠠᠯᠠᠯᠴᠠᠶᠠ᠃
ᠯᠤᠤ ᠯᠢ ᠲᠦᠷ ᠵᠣᠭᠰᠣᠨ ᠪᠣᠳᠣᠭᠰᠠᠨ ᠢ᠋ᠶ᠋ᠠᠨ᠄
— ᠠᠢ ᠳᠡᠮᠡᠢ᠂ ᠲᠡᠷᠡ ᠠᠵᠢᠯ ᠴᠢᠮ᠎ᠠ ᠳ᠋ᠤ᠌ ᠲᠠᠭᠠᠷᠠᠬᠤ ᠦᠭᠡᠢ᠃
— ᠶᠠᠭᠠᠬᠢᠭᠠᠳ?
— ᠴᠢ ᠪᠣᠯ ᠮᠠᠨ ᠤ᠋ ᠬᠥᠮᠦᠨ ᠰᠢᠭ ᠭᠠᠵᠠᠷ ᠲᠠᠷᠢᠶᠠᠨ ᠤ᠋ ᠬᠥᠮᠦᠨ ᠪᠢᠰᠢ ᠪᠣᠯᠬᠣᠷ ᠲᠡᠭᠡᠷᠮ᠎ᠡ ᠳ᠋ᠦ᠍ ᠵᠢᠳᠬᠦᠬᠦ ᠪᠡᠷ ᠲᠩᠷᠢ ᠴᠢᠨᠢ ᠬᠢᠯᠢᠩᠨᠡᠨ ᠵᠠᠶᠠᠭ᠎ᠠ ᠴᠢᠨᠢ ᠭᠣᠮᠣᠳᠠᠨ᠎ᠠ᠃
— ᠠᠢ ᠬᠠᠮᠢᠭ᠎ᠠ ᠠ᠋ᠴᠠ! ᠮᠠᠨ ᠤ᠋ ᠨᠤᠲᠤᠭ ᠲᠤ ᠪᠠᠰᠠ ᠲᠠᠷᠢᠶ᠎ᠠ ᠪᠠᠢᠳᠠᠭ᠃ ᠪᠢᠳᠡ ᠲᠠᠷᠢᠶ᠎ᠠ ᠶ᠋ᠢ ᠮᠠᠭᠤ ᠳ᠋ᠤ᠌ ᠦᠵᠡᠳᠡᠭ ᠦᠭᠡᠢ᠃ ᠬᠠᠷᠢᠨ ᠶᠡᠬᠡ ᠪᠤᠶᠠᠨ ᠬᠡᠰᠢᠭ ᠦ᠋ᠨ ᠵᠦᠢᠯ ᠭᠡᠵᠦ ᠦᠵᠡᠳᠡᠭ ᠭᠡᠳ ᠳ᠋ᠠᠨᠽᠡᠨ ᠪᠠᠢᠰᠢᠩ ᠠ᠋ᠴᠠ ᠳᠠᠭᠠᠨ ᠭᠠᠷᠪᠠ᠃ ᠲᠡᠭᠡᠭᠡᠳ ᠳ᠋ᠠᠨᠽᠡᠨ ᠬᠢᠲᠠᠳ ᠬᠥᠮᠦᠨ ᠦ᠌ ᠵᠠᠩᠰᠢᠯ ᠢ᠋ᠶ᠋ᠠᠷ ᠯᠤᠤ ᠯᠢ ᠲᠡᠢ ᠮᠥᠷᠥ ᠵᠡᠷᠭᠡᠴᠡᠯ ᠦᠭᠡᠢ ᠠᠷᠤ ᠠ᠋ᠴᠠ ᠨᠢ ᠳᠠᠭᠠᠪᠠ᠃
ᠡᠨᠡ ᠬᠣᠶᠠᠷ ᠤ᠋ᠨ ᠲᠣᠰᠬᠣᠨ ᠠ᠋ᠴᠠ ᠳᠥᠩᠭᠡᠵᠦ ᠭᠠᠷᠤᠮᠠᠭᠴᠠ ᠴᠠᠰᠤᠨ ᠤ᠋ ᠥᠩᠭᠡᠨ ᠲᠠᠯ᠎ᠠ ᠶ᠋ᠢ ᠢᠯᠢᠨ ᠬᠡᠢᠰᠦᠭᠰᠡᠨ ᠵᠢᠪᠠᠷ ᠲᠠᠢ ᠰᠢᠭᠤᠷᠭ᠎ᠠ ᠤᠭᠲᠤᠨ ᠠᠪᠤᠪᠠ᠃ ᠡᠨᠡ ᠨᠢ ᠯᠤᠤ ᠯᠢ ᠡᠪᠦᠭᠡᠨ ᠦ᠌ ᠶᠠᠳᠠᠷᠠᠭᠰᠠᠨ ᠳᠣᠷᠣᠢ ᠪᠡᠶ᠎ᠡ ᠶ᠋ᠢ ᠲᠠᠰᠤ ᠬᠤᠮᠬᠢᠨᠠ ᠃ ᠳ᠋ᠠᠨᠽᠡᠨ ᠪᠣᠯ ᠲᠡᠢᠮᠦ ᠪᠢᠰᠢ᠂ ᠬᠦᠢᠲᠡᠨ ᠵᠢᠪᠠᠷ ᠬᠣᠭᠣᠯᠠᠢ ᠤᠷᠤᠭᠤ ᠨᠢ ᠳᠤᠷ᠎ᠠ ᠵᠣᠷᠢᠭ ᠢ᠋ᠶ᠋ᠠᠷ ᠰᠡᠩᠭᠢᠨᠡᠵᠦ᠂ ᠠᠭᠤᠰᠬᠢ ᠴᠡᠭᠡᠵᠢ ᠶ᠋ᠢ ᠠᠷᠢᠭᠤᠳᠬᠠᠬᠤ ᠮᠡᠲᠦ ᠨᠢ ᠲᠥᠷᠥᠭᠰᠡᠨ ᠨᠤᠲᠤᠭ ᠤ᠋ᠨ ᠳ᠋ᠦᠩ ᠡᠪᠦᠯ ᠦ᠋ᠨ ᠰᠠᠢᠬᠠᠨ ᠢ᠋ ᠨᠢᠭᠡ ᠦᠶ᠎ᠡ ᠰᠠᠨᠠᠭᠳᠠᠭᠤᠯᠵᠤ ᠨᠢᠭᠡ ᠦᠶ᠎ᠡ ᠮᠠᠷᠲᠠᠭᠤᠯᠤᠨᠠ᠃ ᠨᠥᠭᠦᠭᠡ ᠲᠠᠯ᠎ᠠ ᠪᠠᠷ ᠳ᠋ᠠᠨᠽᠡᠨ ᠡᠨᠡ ᠳᠡᠯᠡᠬᠡᠢ ᠳ᠋ᠦ᠍ ᠬᠣᠣᠰ ᠦᠭᠡᠢ ᠰᠠᠢᠬᠠᠨ ᠰᠡᠳᠬᠢᠯᠲᠡᠨ ᠭᠡᠵᠦ ᠦᠵᠡᠳᠡᠭ ᠯᠤᠤ ᠯᠢ ᠶ᠋ᠢᠨ ᠠᠵᠢᠯ ᠬᠡᠷᠡᠭ ᠲᠦ᠍ ᠣᠳᠣ ᠯᠠ ᠨᠢᠭᠡ ᠲᠤᠰᠠ ᠨᠡᠮᠡᠷᠢ ᠪᠣᠯᠬᠤ ᠭᠡᠵᠦ ᠶᠠᠪᠤᠭ᠎ᠠ ᠳ᠋ᠠᠭᠠᠨ ᠪᠠᠶᠠᠷᠯᠠᠨ᠎ᠠ᠃
ᠶᠡᠬᠡ ᠪᠠᠭ᠎ᠠ ᠬᠣᠶᠠᠷ ᠲᠣᠰᠬᠣᠨ ᠳ᠋ᠤ᠌ ᠳᠠ ᠯᠣᠣᠶᠧ ᠠᠯᠳᠠᠷ ᠢ᠋ᠶ᠋ᠠᠨ ᠮᠠᠨᠳᠤᠭᠤᠯᠤᠭᠰᠠᠨ ᠭᠠᠵᠠᠷ ᠤ᠋ᠨ ᠡᠵᠡᠨ ᠦ᠌ ᠪᠠᠢᠰᠢᠩ ᠢ᠋ ᠦᠵᠡᠪᠡᠯ ᠭᠠᠢᠬᠠᠯᠲᠠᠢ ᠴᠦ᠍ ᠶᠠᠭᠤᠮ᠎ᠠ ᠠᠯᠠᠭ᠎ᠠ᠃ ᠬᠠᠯᠬ᠎ᠠ ᠨᠤᠲᠤᠭ ᠤ᠋ᠨ ᠬᠥᠳᠡᠭᠡ ᠬᠢ ᠰᠦᠮ᠎ᠡ ᠬᠡᠢᠳ ᠦ᠋ᠳ ᠦ᠋ᠨ ᠳᠡᠷᠭᠡᠳᠡ ᠪᠠᠢᠳᠠᠭ ᠵᠢᠵᠢᠭ ᠲᠤᠤᠵᠤᠤᠷ ᠫᠦᠰᠡ ᠨᠦ᠍ᠭᠦᠳ ᠦ᠋ᠨ ᠬᠢ ᠰᠢᠭ ᠴᠠᠭᠠᠰᠤᠨ ᠴᠣᠩᠬᠣ ᠨᠤᠭᠤᠳ ᠲᠠᠢ ᠲᠡᠩᠨᠡᠬᠡᠷ ᠣᠷᠣᠢ ᠲᠠᠢ ᠰᠢᠪᠡᠷ ᠪᠠᠢᠰᠢᠩ᠃ ᠭᠡᠪᠡᠴᠦ ᠡᠷᠭᠢᠨ ᠲᠣᠭᠣᠷᠢᠨ ᠢ᠋ ᠨᠢ ᠦᠷᠭᠦᠯᠵᠢᠯᠡᠨ ᠬᠦᠷᠢᠶᠡᠯᠡᠭᠰᠡᠨ ᠣᠯᠠᠨ ᠰᠢᠪᠡᠷ ᠫᠧᠩ ᠰᠠᠷᠠᠪᠴᠢ ᠲᠠᠢ ᠶ᠋ᠢ ᠨᠢ ᠦᠵᠡᠬᠦ ᠳ᠋ᠦ᠍ ᠳᠣᠲᠣᠭᠤᠷ ᠬᠥᠷᠥᠩᠭᠡ ᠪᠡᠷ ᠲᠤᠩ ᠪᠠᠭ᠎ᠠ ᠦᠭᠡᠢ ᠨᠢ ᠢᠯᠡᠷᠬᠡᠢ᠃
ᠳ᠋ᠠᠨᠽᠡᠨ ᠯᠤᠤ ᠯᠢ ᠬᠣᠶᠠᠷ ᠬᠠᠭᠠᠯᠭ᠎ᠠ ᠶ᠋ᠢᠨ ᠰᠠᠮᠪᠠᠷ᠎ᠠ ᠶ᠋ᠢᠨ ᠣᠷᠣᠨ ᠳ᠋ᠤ᠌ ᠪᠦᠲᠦᠭᠡᠨ ᠴᠢᠬᠢᠷᠰᠦᠨ ᠰᠦᠯᠵᠢᠮᠡᠯ ᠢ᠋ ᠤᠨᠵᠢᠭᠤᠯᠤᠭᠰᠠᠨ ᠲᠣᠮᠣ ᠫᠧᠩ ᠳ᠋ᠦ᠍ ᠣᠷᠣᠪᠠ᠃ ᠡᠨᠡ ᠪᠣᠯ ᠲᠡᠭᠡᠷᠮ᠎ᠡ ᠶ᠋ᠢᠨ ᠭᠠᠵᠠᠷ ᠪᠠᠢᠯ᠎ᠠ᠃ ᠲᠡᠷᠡ ᠫᠧᠩ ᠦ᠋ᠨ ᠳᠤᠮᠳᠠ ᠮᠣᠩᠭᠣᠯ ᠭᠡᠷ ᠦ᠋ᠨ ᠲᠣᠮᠣ ᠲᠣᠭᠣᠨᠣ ᠶ᠋ᠢᠨ ᠬᠢᠷᠢ ᠲᠡᠢ ᠪᠣᠷᠵᠢᠨ ᠴᠢᠯᠠᠭᠤᠨ ᠬᠦᠨᠳᠦ ᠲᠡᠭᠡᠷᠮ᠎ᠡ ᠬᠥᠳᠡᠯᠬᠦ ᠪᠡᠨ ᠬᠦᠯᠢᠶᠡᠬᠦ ᠮᠡᠲᠦ ᠪᠠᠢᠭ᠎ᠠ ᠦᠵᠡᠭᠳᠡᠨ᠎ᠡ᠃ ᠲᠡᠭᠦᠨ ᠦ᠌ ᠴᠠᠭᠠᠨ᠎ᠠ ᠪᠤᠭᠤ ᠶ᠋ᠢᠨ ᠵᠢᠰᠦ ᠲᠡᠢ ᠰᠤᠭᠤ ᠶ᠋ᠢᠨ ᠬᠡᠯᠪᠡᠷᠢᠲᠡᠢ ᠬᠣᠶᠠᠷ ᠰᠠᠢᠬᠠᠨ ᠡᠯᠵᠢᠭᠡ ᠤᠶᠠᠭᠠᠲᠠᠢ ᠪᠠᠢᠨ᠎ᠠ᠃ ᠤᠭ ᠨᠢ ᠡᠨᠳᠡ ᠪᠠᠢᠭ᠎ᠠ ᠭᠤᠯᠢᠷ ᠤ᠋ᠨ ᠬᠦᠨᠳᠦ ᠲᠡᠭᠡᠷᠮ᠎ᠡ ᠶ᠋ᠢ ᠯᠤᠤ ᠯᠢ ᠪᠢᠰᠢ ᠳ᠋ᠠᠨᠽᠡᠨ ᠴᠦ᠍ ᠪᠢᠰᠢ᠂ ᠳᠡᠷᠭᠡᠳᠡ ᠨᠢ ᠪᠠᠢᠭ᠎ᠠ ᠲᠡᠷᠡ ᠬᠣᠶᠠᠷ ᠡᠯᠵᠢᠭᠡ ᠬᠥᠳᠡᠯᠭᠡᠬᠦ ᠶᠣᠰᠣᠲᠠᠢ ᠪᠠᠢᠪᠠ᠃
— ᠠᠢ ᠳ᠋ᠠᠶᠧ! ᠡᠨᠡ ᠬᠣᠶᠠᠷ ᠢ᠋ ᠲᠡᠭᠡᠷᠮ᠎ᠡ ᠳ᠋ᠦ᠍ ᠶᠠᠭᠠᠬᠢᠭᠠᠳ ᠣᠷᠣᠭᠤᠯᠳᠠᠭ ᠦᠭᠡᠢ ᠶᠦᠮ ᠪᠣᠢ? ᠭᠡᠵᠦ ᠳ᠋ᠠᠨᠽᠡᠨ ᠦ᠌ ᠠᠰᠠᠭᠤᠬᠤ ᠳ᠋ᠤ᠌ ᠯᠤᠤ ᠯᠢ᠂
— ᠳᠡ ᠯᠣᠣᠶᠧ ᠡᠨᠡ ᠬᠣᠶᠠᠷ ᠲᠠᠭᠠᠨ ᠬᠠᠢᠷᠠᠲᠠᠢ ᠶᠤᠮ ᠭᠡᠵᠦ ᠬᠠᠷᠢᠭᠤᠯᠪᠠ᠃
— ᠶᠠᠭᠠᠬᠢᠭᠠᠳ ᠲᠡᠷᠡ ᠪᠣᠢ?
— ᠶᠠᠭᠠᠬᠢᠶ᠎ᠠ ᠭᠡᠬᠦ ᠪᠣᠢ᠂ ᠡᠨᠡ ᠬᠣᠶᠠᠷ ᠤ᠋ᠨ ᠵᠠᠶᠠᠭ᠎ᠠ! ᠭᠡᠳ ᠢᠨᠢᠶᠡᠮᠰᠦᠭᠯᠡᠭᠰᠡᠨ ᠢ᠋ᠶ᠋ᠡᠨ ᠬᠤᠪᠢᠷᠠᠨ ᠭᠤᠲᠤᠷᠠᠬᠤ ᠨᠢ《ᠪᠢ ᠡᠨᠡ ᠬᠣᠶᠠᠷ ᠠ᠋ᠴᠠ ᠳᠣᠣᠷ᠎ᠠ ᠵᠠᠶᠠᠭ᠎ᠠ ᠲᠠᠢ》 ᠭᠡᠵᠦ ᠰᠢᠭᠤᠳ ᠬᠡᠯᠡᠬᠦ ᠰᠢᠭ ᠪᠣᠯᠪᠠ᠃ ᠭᠡᠪᠡᠴᠦ ᠯᠤᠤ ᠯᠢ ᠳᠠᠬᠢᠨ ᠢᠨᠢᠶᠡᠮᠰᠦᠭᠯᠡᠵᠦ ᠡᠨᠡ ᠬᠣᠶᠠᠷ ᠤ᠋ᠨ ᠵᠠᠶᠠᠭ᠎ᠠ ᠦᠨᠡᠬᠡᠷ ᠥᠨᠳᠥᠷ᠂ ᠲᠡᠷᠡ ᠨᠢ ᠨᠠᠳᠠ ᠪᠣᠯᠪᠠᠴᠤ ᠥᠯᠵᠡᠢ ᠪᠣᠯᠵᠤ ᠪᠠᠢᠭ᠎ᠠ ᠶᠤᠮ ᠰᠢᠦ ᠭᠡᠪᠡ᠃
— ᠵᠠ ᠲᠠᠨ ᠳ᠋ᠤ᠌ ᠶᠠᠭᠠᠬᠢᠵᠤ ᠥᠯᠵᠡᠢ ᠪᠣᠯᠤᠭᠰᠠᠨ ᠪᠣᠢ?
— ᠳᠡ ᠯᠣᠣᠶᠧ ᠡᠨᠡ ᠬᠣᠶᠠᠷ ᠢ᠋ᠶ᠋ᠠᠨ ᠡᠰᠡ ᠬᠠᠢᠷᠠᠯᠠᠨ ᠲᠡᠭᠡᠷᠮ᠎ᠡ ᠳ᠋ᠦ᠍ ᠣᠷᠣᠭᠤᠯᠪᠠᠯ ᠨᠠᠳᠠ ᠳ᠋ᠤ᠌ ᠬᠢᠬᠦ ᠠᠵᠢᠯ ᠬᠡᠷᠬᠢᠪᠡᠴᠦ ᠣᠯᠳᠠᠬᠤ ᠦᠭᠡᠢ ᠭᠡᠳ ᠯᠤᠤ ᠯᠢ᠂ ᠥᠨᠥᠬᠢ ᠬᠦᠨᠳᠦ ᠲᠡᠭᠡᠷᠮ᠎ᠡ ᠳ᠋ᠦ᠍ ᠣᠷᠣᠬᠤ ᠶ᠋ᠢ ᠵᠠᠪᠳᠤᠪᠠ᠃ ᠳ᠋ᠠᠨᠽᠡᠨ ᠬᠠᠵᠠᠭᠤ ᠠ᠋ᠴᠠ ᠨᠢ《ᠪᠢ ᠪᠢ》 ᠭᠡᠯᠡ᠃
《ᠪᠢ ᠪᠢ》 ᠭᠡᠰᠡᠨ ᠴᠢᠭ ᠢ᠋ᠶ᠋ᠡᠷ ᠳ᠋ᠠᠨᠽᠡᠨ ᠡᠯᠵᠢᠭᠡᠨ ᠦ᠌ ᠬᠥᠮᠥᠯᠳᠥᠷᠭᠡ ᠶ᠋ᠢ ᠴᠡᠭᠡᠵᠢᠨ ᠳ᠋ᠡᠭᠡᠨ ᠣᠷᠣᠭᠤᠯᠵᠤ ᠣᠷᠣᠭᠰᠢ ᠵᠢᠳᠬᠦᠪᠡ᠃
ᠠᠩᠬᠠᠨ ᠤ᠋ ᠵᠢᠳᠬᠦᠯᠲᠡ ᠳ᠋ᠦ᠍ ᠳ᠋ᠠᠨᠽᠡᠨ ᠲᠡᠭᠡᠷᠮ᠎ᠡ ᠶ᠋ᠢ ᠬᠠᠷᠠᠬᠠᠨ ᠬᠥᠳᠡᠯᠭᠡᠵᠦ ᠡᠰᠡ ᠴᠢᠳᠠᠪᠠ᠃ ᠬᠣᠶᠠᠳᠠᠬᠢ ᠳᠡᠭᠡᠷ᠎ᠡ ᠪᠡᠨ ᠪᠦᠬᠦ ᠬᠦᠴᠦ ᠪᠡᠨ ᠴᠡᠭᠡᠵᠢᠨ ᠳ᠋ᠡᠭᠡᠨ ᠬᠤᠷᠠᠯᠳᠤᠭᠤᠯᠤᠨ ᠣᠩᠭᠣᠨ ᠮᠣᠷᠢ ᠰᠢᠭ᠋ ᠤᠭᠵᠠ ᠲᠠᠲᠠᠬᠤ ᠳ᠋ᠠᠭᠠᠨ ᠠᠱᠶ᠋ᠭᠦᠢ ᠬᠥᠳᠡᠯᠭᠡᠪᠡ᠃ ᠠᠷᠤ ᠳ᠋ᠤᠨᠢ ᠰᠠᠢᠷ ᠴᠢᠯᠠᠭᠤ ᠠᠰᠬᠠᠷᠠᠬᠤ ᠰᠢᠭ᠋ ᠠᠪᠢᠶ᠎ᠠ ᠭᠠᠷᠤᠨ᠎ᠠ᠃ ᠬᠣᠭᠣᠷᠣᠨᠳᠣᠭᠤᠷ ᠢ᠋ᠶ᠋ᠠᠨ ᠣᠷᠣᠭᠰᠠᠨ ᠦᠷ᠎ᠡ ᠲᠠᠷᠢᠶ᠎ᠠ ᠶ᠋ᠢ ᠨᠢᠴᠠ ᠪᠢᠴᠠ ᠳᠠᠷᠤᠭᠴᠢ ᠬᠣᠶᠠᠷ ᠬᠦᠨᠳᠦ ᠴᠢᠯᠠᠭᠤ ᠬᠠᠪᠢᠷᠤᠯᠳᠤᠬᠤ ᠳ᠋ᠠᠭᠠᠨ ᠡᠢᠨᠬᠦ ᠳᠤᠤᠭᠠᠷᠳᠠᠭ ᠪᠠᠢᠵᠠᠢ᠃ ᠳ᠋ᠠᠨᠽᠡᠨ ᠣᠳᠣ ᠨᠢᠭᠡᠨᠲᠡ ᠬᠥᠳᠡᠯᠭᠡᠵᠦ ᠠᠪᠤᠭᠰᠠᠨ ᠤ᠋ ᠬᠢ ᠭᠡᠰᠡᠨ ᠰᠢᠭ ᠤᠷᠮ᠎ᠠ ᠵᠣᠷᠢᠭᠲᠠᠢᠬᠠᠨ ᠠᠯᠬᠤᠯᠠᠵᠤ ᠠᠷᠤ ᠳ᠋ᠤᠨᠢ ᠥᠨᠥᠬᠢ ᠰᠦᠷᠴᠢᠭᠢᠨᠡᠬᠦ ᠠᠪᠢᠶ᠎ᠠ ᠴᠢᠬᠢᠨ ᠳ᠋ᠦ᠍ᠨᠢ ᠴᠢᠮᠡᠭ ᠪᠣᠯᠤᠨ ᠦᠷᠭᠦᠯᠵᠢᠯᠡᠨ᠎ᠡ᠃ ᠭᠡᠲᠡᠯ᠎ᠡ ᠵᠥᠪᠬᠡᠨ ᠨᠢᠭᠡ ᠭᠠᠵᠠᠷ ᠡᠷᠭᠢᠭᠦᠦ ᠮᠠᠯ ᠰᠢᠭ᠋ ᠡᠷᠭᠢᠯᠳᠦᠵᠦ ᠪᠠᠢᠭ᠎ᠠ ᠠ᠋ᠴᠠ ᠨᠢᠳᠦ ᠡᠷᠢᠶᠡᠯᠵᠡᠨ ᠲᠣᠯᠣᠭᠠᠢ ᠡᠷᠭᠢᠬᠦ ᠮᠠᠶᠢᠭ ᠲᠠᠢ ᠪᠣᠯᠵᠤ ᠢᠷᠡᠬᠦ ᠳ᠋ᠦ᠍ ᠳ᠋ᠠᠨᠽᠡᠨ《ᠡᠨᠡ ᠴᠢᠨᠢ ᠠᠶ᠎ᠠ ᠦᠭᠡᠢ ᠪᠣᠯ ᠡᠷᠭᠢᠭᠦᠦ ᠡᠪᠡᠳᠴᠢᠨ ᠣᠯᠵᠤ ᠮᠠᠭᠠᠳ ᠦᠭᠡᠢ ᠠᠵᠢᠯ ᠪᠠᠢᠬᠤ ᠨᠢ ᠠ᠋》 ᠭᠡᠵᠦ ᠪᠣᠳᠣᠨ ᠨᠢᠳᠦ ᠪᠡᠨ ᠠᠨᠢᠪᠠ᠃ ᠵᠠᠷᠢᠮ ᠳ᠋ᠠᠭᠠᠨ ᠴᠦ᠍ ᠬᠠᠭᠠᠰ ᠠᠨᠢᠨ ᠳᠣᠣᠷᠠᠲᠤ ᠭᠠᠵᠠᠷ ᠤ᠋ᠨ ᠪᠠᠷ᠎ᠠ ᠶ᠋ᠢ ᠬᠠᠭᠠᠰ ᠬᠤᠭᠤᠰ ᠠᠵᠢᠭᠯᠠᠨ᠎ᠠ᠃ ᠶᠠᠪᠤᠬᠤ ᠳᠣᠳᠣᠮ ᠲᠡᠭᠡᠷᠮ᠎ᠡ ᠶ᠋ᠢᠨ ᠴᠢᠯᠠᠭᠤᠨ ᠳ᠋ᠤ᠌ ᠡᠷᠴᠢ ᠣᠷᠣᠨ ᠬᠥᠩᠭᠡᠷᠡᠬᠦ ᠶ᠋ᠢ ᠳ᠋ᠠᠨᠽᠡᠨ ᠮᠡᠳᠡᠵᠦ᠂ ᠶᠠᠪᠤᠳᠠᠯ ᠢ᠋ᠶ᠋ᠠᠨ ᠬᠤᠷᠳᠤᠰᠬᠠᠪᠠ᠃ ᠪᠠᠷᠤᠭ ᠭᠦᠶᠦᠬᠦ ᠰᠢᠬᠠᠮ ᠪᠣᠯᠬᠤ ᠳ᠋ᠤ᠌ ᠯᠤᠤ ᠯᠢ《ᠠᠢ》 ᠭᠡᠵᠦ ᠳᠠᠭᠤ ᠠᠯᠳᠠᠭᠠᠳ᠄
— ᠳᠡᠭᠦᠦ ᠮᠢᠨᠢ ᠠᠶᠠᠷ! ᠭᠡᠯᠡ᠃
— ᠶᠠᠭᠤᠨ ᠳ᠋ᠤ᠌ ᠲᠡᠷᠡ ᠪᠣᠢ? ᠬᠤᠷᠳᠤᠨ ᠶᠠᠪᠤᠪᠠᠯ ᠬᠥᠩᠭᠡᠨ ᠪᠠᠢᠨ᠎ᠠ᠃
— ᠲᠡᠢᠮᠦ᠃ ᠭᠡᠪᠡᠴᠦ ᠬᠥᠩᠭᠡᠷᠡᠭᠰᠡᠨ ᠡᠴᠡ ᠪᠣᠯᠤᠨ ᠭᠤᠯᠢᠷ ᠪᠦᠲᠦᠭᠡᠨ ᠭᠠᠷᠤᠨ᠎ᠠ᠃
— ᠮᠡᠳᠡᠯ᠎ᠡ᠃ ᠶᠠᠮᠠᠷᠬᠠᠨ ᠬᠡᠮᠵᠢᠶ᠎ᠡ ᠪᠡᠷ ᠶᠠᠪᠤᠬᠤ ᠪᠣᠢ?
— ᠡᠯᠵᠢᠭᠡᠨ ᠦ᠌ ᠰᠠᠵᠢᠯᠠᠯᠲᠠ ᠪᠠᠷ ᠶᠠᠪᠤᠪᠠᠯ ᠲᠠᠭᠠᠷᠠᠨ᠎ᠠ᠃
— ᠵᠠ ᠭᠡᠳ ᠳ᠋ᠠᠨᠽᠡᠨ ᠶᠠᠪᠤᠯᠲᠠ ᠪᠠᠨ ᠤᠳᠠᠭᠠᠰᠢᠷᠠᠭᠤᠯᠬᠤ ᠳ᠋ᠤ᠌ ᠲᠡᠭᠡᠷᠮ᠎ᠡ ᠬᠦᠨᠳᠦᠷᠡᠨ᠎ᠡ᠃ ᠰᠦᠷᠴᠢᠭᠢᠨᠡᠬᠦ ᠠᠪᠢᠶ᠎ᠠ ᠨᠢ ᠴᠦ᠍ ᠨᠠᠮᠵᠢᠷᠠᠨ ᠵᠠᠯᠬᠠᠭᠤ ᠬᠦᠷᠦᠮ᠎ᠡ ᠤᠢᠳᠬᠠᠷ ᠲᠠᠢ ᠪᠣᠯᠵᠤ ᠢᠷᠡᠪᠡ᠃ ᠰᠡᠳᠬᠢᠯ ᠳ᠋ᠦ᠍ᠨᠢ《ᠡᠯᠵᠢᠭᠡᠨ ᠦ᠌ ᠰᠠᠵᠢᠯᠠᠯᠲᠠ ᠪᠠᠷ᠁》 ᠭᠡᠰᠡᠨ ᠦᠭᠡ ᠬᠠᠳᠠᠭᠠᠯᠠᠭᠳᠠᠬᠤ ᠤᠴᠢᠷ᠂ ᠶᠣᠰᠣᠲᠠᠢ ᠡᠯᠵᠢᠭᠡ ᠰᠢᠭ ᠰᠠᠵᠢᠯᠠᠬᠤ ᠠᠵᠢ᠃ ᠭᠡᠲᠡᠯ᠎ᠡ《ᠪᠢ ᠣᠳᠣ ᠳ᠋ᠠᠨᠽᠡᠨ ᠪᠢᠰᠢ᠂ ᠡᠯᠵᠢᠭᠡ ᠪᠣᠯᠤᠭᠠᠳ ᠶᠠᠪᠤᠵᠤ ᠪᠠᠢᠨ᠎ᠠ》 ᠭᠡᠰᠡᠨ ᠰᠣᠨᠢᠬᠠᠨ ᠪᠣᠳᠣᠯ ᠲᠥᠷᠥᠪᠡ᠃ ᠲᠡᠭᠡᠭᠡᠳ ᠪᠦᠷ ᠡᠯᠵᠢᠭᠡ ᠲᠡᠢ ᠢᠵᠢᠯᠰᠢᠬᠦ ᠭᠡᠰᠡᠨ ᠰᠢᠭ ᠫᠧᠩ ᠳ᠋ᠦ᠍ ᠤᠶᠠᠭᠠᠲᠠᠢ ᠪᠠᠢᠭ᠎ᠠ ᠬᠣᠶᠠᠷ ᠡᠯᠵᠢᠭᠡ ᠳ᠋ᠦ᠍ ᠪᠡᠶ᠎ᠡ ᠳᠠᠰᠢᠶᠠᠷᠯᠠᠨ ᠣᠴᠢᠬᠤ ᠪᠦᠷᠢ ᠳ᠋ᠡᠭᠡᠨ ᠠᠵᠢᠬᠤ ᠳ᠋ᠤ᠌ ᠬᠣᠶᠠᠷ ᠡᠯᠵᠢᠭᠡ ᠠᠵᠢᠯ ᠦᠭᠡᠢ ᠳᠡᠮᠡᠢ ᠪᠠᠢᠭ᠎ᠠ ᠳ᠋ᠠᠭᠠᠨ ᠪᠡᠶ᠎ᠡ ᠴᠢᠯᠡᠭᠦᠷᠬᠡᠨ ᠤᠢᠳᠬᠠᠷᠯᠠᠵᠤ ᠪᠠᠢᠭ᠎ᠠ ᠶᠤᠮ ᠰᠢᠭ᠋ ᠮᠥᠷᠲᠡᠭᠡᠨ ᠲᠤᠩ ᠶᠡᠬᠡᠮᠰᠦᠭ᠂ ᠬᠠᠷᠢᠨ ᠴᠦ᠍《ᠲᠡᠭᠡᠷᠮ᠎ᠡ ᠳ᠋ᠦ᠍ ᠣᠷᠣᠭᠰᠠᠨ ᠢ᠋ᠶ᠋ᠠᠷ ᠢ᠋ᠶ᠋ᠠᠨ ᠴᠢ ᠡᠯᠵᠢᠭᠡ᠂ ᠡᠵᠡᠨ ᠳ᠋ᠡᠭᠡᠨ ᠬᠠᠢᠷᠠᠯᠠᠭᠳᠠᠨ ᠵᠦᠭᠡᠷ ᠲᠡᠵᠢᠭᠡᠭᠳᠡᠵᠦ ᠪᠠᠢᠭ᠎ᠠ ᠪᠠᠷ ᠢ᠋ᠶ᠋ᠠᠨ ᠪᠢ ᠬᠥᠮᠦᠨ》 ᠭᠡᠰᠡᠨ ᠰᠢᠭ ᠲᠡᠭᠡᠷᠮ᠎ᠡ ᠶ᠋ᠢᠨ ᠵᠦᠭ ᠰᠢᠷᠲᠡᠨ ᠪᠠᠢᠭ᠎ᠠ ᠳ᠋ᠤ᠌ ᠳ᠋ᠠᠨᠽᠡᠨ ᠦ᠌ ᠠᠭᠤᠷ ᠭᠡᠨᠡᠳᠲᠡ ᠬᠦᠷᠦᠨ᠎ᠡ᠃《ᠰᠢ ᠲᠠ ᠮᠠ ᠳᠢ》 ᠭᠡᠬᠦ ᠬᠢᠲᠠᠳ ᠬᠠᠷᠢᠶᠠᠯ ᠠᠮᠠᠨ ᠳ᠋ᠤᠨᠢ ᠠᠶᠠᠨ ᠳ᠋ᠠᠭᠠᠨ ᠣᠷᠣᠵᠤ ᠢᠷᠡᠪᠡ᠃ ᠡᠨᠡ ᠵᠠᠭᠤᠷ᠎ᠠ ᠯᠤᠤ ᠯᠢ ᠭᠤᠸᠠᠢ ᠳ᠋ᠤ᠌ ᠬᠢᠬᠦ ᠠᠵᠢᠯ ᠶᠡᠷᠦ ᠮᠤᠩᠳᠠᠭᠰᠠᠨ ᠦᠭᠡᠢ ᠤᠷᠢᠳᠠ ᠤᠷᠢᠳᠠ ᠶ᠋ᠢᠨ ᠢ᠋ᠶ᠋ᠡᠨ ᠳᠡᠭᠡᠷᠡᠮᠳᠡᠨ ᠭᠠᠷᠭᠠᠵᠤ ᠠᠪᠳᠠᠷᠠᠯᠠᠭᠰᠠᠨ ᠭᠤᠯᠢᠷ ᠢ᠋ᠶ᠋ᠠᠨ ᠱᠤᠤᠳᠠᠢᠯᠠᠬᠤ᠂ ᠱᠤᠤᠳᠠᠢᠯᠠᠭᠰᠠᠨ ᠢ᠋ᠶ᠋ᠠᠨ ᠴᠡᠭᠴᠡᠯᠡᠨ ᠬᠤᠷᠢᠶᠠᠬᠤ᠂ ᠲᠡᠷᠡ ᠵᠠᠪᠰᠠᠷ ᠲᠠᠭᠠᠨ ᠲᠡᠭᠡᠷᠮ᠎ᠡ ᠳ᠋ᠦ᠍ ᠪᠤᠭᠤᠳᠠᠢ ᠬᠢᠬᠦ᠂ ᠳᠡᠭᠡᠷᠡᠮᠳᠡᠭᠳᠡᠭᠰᠡᠨ ᠢ᠋ ᠠᠪᠬᠤ ᠵᠡᠷᠭᠡ ᠪᠡᠷ ᠳᠡᠷᠭᠡᠳᠡ ᠲᠠᠰᠤᠷᠠᠯᠲᠠ ᠦᠭᠡᠢ ᠬᠥᠳᠡᠯᠦᠭᠰᠡᠭᠡᠷ ᠪᠠᠢᠪᠠ᠃
ᠴᠢᠬᠢᠷᠰᠦᠨ ᠡᠭᠦᠳᠡ ᠰᠡᠪᠬᠢᠨ ᠡᠷᠭᠦᠭᠳᠡᠵᠦ ᠫᠧᠩ ᠦ᠋ᠨ ᠳᠣᠲᠣᠷ᠎ᠠ ᠲᠥᠭᠥᠷᠢᠭ ᠴᠠᠭᠠᠨ ᠭᠡᠷᠡᠯ ᠲᠤᠰᠪᠠ᠃ ᠳ᠋ᠠᠨᠽᠡᠨ ᠡᠭᠦᠳᠡᠨ᠎ᠡ ᠲᠠᠰᠢᠷᠯᠠᠨ ᠢᠷᠡᠬᠦ ᠳᠡᠯᠢᠮ ᠳ᠋ᠡᠭᠡᠨ ᠬᠠᠷᠠᠭ᠎ᠠ ᠲᠠᠯᠪᠢᠬᠤ ᠳ᠋ᠤ᠌ ᠪᠤᠬ᠎ᠠ ᠰᠢᠭ᠋ ᠪᠦᠲᠦᠭᠦᠨ ᠬᠠᠷ᠎ᠠ ᠶᠠᠭᠤᠮ᠎ᠠ ᠴᠢᠬᠢᠷᠰᠦᠨ ᠡᠭᠦᠳᠡ ᠶ᠋ᠢ ᠬᠠᠭᠠᠰ ᠨᠥᠮᠥᠷᠦᠨ ᠵᠣᠭᠰᠣᠵᠤ ᠪᠠᠢᠭ᠎ᠠ ᠶ᠋ᠢ ᠬᠠᠯᠲᠤ ᠬᠠᠷᠠᠨ ᠥᠩᠭᠡᠷᠡᠭᠡᠳ ᠳᠠᠷᠠᠭᠠᠴᠢ ᠶ᠋ᠢᠨ ᠡᠷᠭᠢᠯᠲᠡ ᠳᠡᠭᠡᠷ᠎ᠡ ᠪᠤᠬ᠎ᠠ ᠪᠢᠰᠢ ᠬᠥᠮᠦᠨ ᠪᠣᠯᠬᠤ ᠶ᠋ᠢ ᠯᠠᠪᠲᠠᠢ ᠲᠠᠨᠢᠪᠠ᠃ ᠭᠡᠪᠡᠴᠦ ᠰᠡᠳᠬᠢᠯ ᠳ᠋ᠦ᠍ ᠬᠥᠮᠦᠨ ᠪᠢᠰᠢ᠂ ᠪᠦᠲᠦᠭᠡᠨ ᠭᠡᠭᠴᠢ ᠭᠣᠯᠢᠶ᠎ᠠ ᠳᠦᠷᠰᠦᠯᠡᠭᠳᠡᠨ᠎ᠡ᠃ ᠳ᠋ᠠᠨᠽᠡᠨ ᠳᠠᠷᠠᠭᠠᠴᠢ ᠶ᠋ᠢᠨ ᠡᠷᠭᠢᠯᠲᠡ ᠨᠦ᠍ᠭᠦᠳ ᠲᠡᠭᠡᠨ ᠡᠭᠦᠳᠡᠨ᠎ᠡ ᠲᠠᠰᠢᠷᠯᠠᠨ ᠢᠷᠡᠬᠦ ᠪᠦᠷᠢ ᠰᠠᠮ ᠠᠵᠢᠭᠰᠠᠨ ᠤ᠋ ᠳ᠋ᠦᠩ ᠳ᠋ᠦ᠍《ᠵᠤᠵᠠᠭᠠᠨ ᠬᠥᠪᠥᠩ ᠲᠡᠢ ᠬᠠᠷ᠎ᠠ ᠳᠠᠪᠤᠤ ᠳᠡᠪᠡᠯ ᠳ᠋ᠦ᠍ ᠪᠠᠭᠲᠠᠵᠤ ᠶᠠᠳᠠᠭᠰᠠᠨ ᠴᠦᠨᠳᠦᠭᠡᠷ ᠭᠡᠳᠡᠰᠦ ᠲᠡᠢ ᠨᠢᠭᠤᠷ ᠲᠠᠯ᠎ᠠ ᠨᠢ ᠬᠠᠪᠤᠩᠨᠠᠭᠰᠠᠨ ᠮᠡᠲᠦ ᠴᠡᠯᠴᠡᠭᠡᠷ ᠬᠥᠬᠡ ᠥᠩᠭᠡ ᠲᠡᠢ᠂ ᠪᠡᠮᠪᠡᠭᠡᠷ ᠲᠣᠯᠣᠭᠠᠢ᠂ ᠲᠡᠭᠦᠨ ᠳᠡᠭᠡᠷ᠎ᠡ ᠪᠡᠨ ᠪᠢᠴᠢᠬᠠᠨ ᠬᠠᠷ᠎ᠠ ᠲᠣᠷᠭᠠᠨ ᠲᠣᠭᠣᠷᠴᠣᠭ ᠰᠢᠭᠢᠳᠬᠡᠨ ᠡᠮᠦᠰᠦᠭᠰᠡᠨ ᠪᠥᠭᠡᠳ ᠬᠥᠯ ᠳ᠋ᠡᠭᠡᠨ ᠯᠠᠨᠲᠤᠭᠠᠷ ᠴᠠᠭᠠᠨ ᠢᠰᠡᠭᠡᠢ ᠱᠠᠬᠠᠢ ᠤᠭᠯᠠᠵᠤ᠂ ᠥᠷᠭᠡᠨ ᠥᠮᠦᠳᠦᠨ ᠦ᠌ ᠪᠡᠨ ᠱᠤᠮᠠᠭᠠᠢ ᠶ᠋ᠢ ᠴᠡᠩᠬᠡᠷ ᠥᠩᠭᠡ ᠶ᠋ᠢᠨ ᠳ᠋ᠠᠢᠵᠠ ᠶ᠋ᠢ ᠰᠢᠭᠢᠳᠲᠡᠯᠡ ᠣᠷᠢᠶᠠᠭᠰᠠᠨ ᠬᠥᠮᠦᠨ ᠪᠠᠢᠭ᠎ᠠ ᠶ᠋ᠢ ᠲᠣᠳᠣᠷᠬᠠᠢ ᠣᠯᠵᠤ ᠬᠠᠷᠠᠪᠠ᠃ ᠭᠡᠪᠡᠴᠦ ᠰᠡᠳᠬᠢᠯ ᠳ᠋ᠦ᠍ ᠭᠣᠯᠢᠶ᠎ᠠ ᠯᠠ ᠰᠠᠨᠠᠭᠳᠠᠨ᠎ᠠ᠃
ᠡᠭᠦᠳᠡᠨ ᠳ᠋ᠦ᠍ ᠵᠣᠭᠰᠣᠭᠰᠠᠨ ᠬᠥᠮᠦᠨ ᠴᠦ᠍ ᠳ᠋ᠠᠨᠽᠡᠨ ᠢ᠋ ᠮᠥᠨ ᠣᠢᠭ᠎ᠠ ᠦᠭᠡᠢ ᠠᠵᠢᠨ ᠰᠢᠷᠳᠡᠨ᠎ᠡ᠃ ᠲᠡᠷᠡ ᠬᠥᠮᠦᠨ᠂ ᠬᠥᠮᠦᠨ ᠪᠣᠯᠤᠭᠰᠠᠭᠠᠷ ᠳ᠋ᠠᠨᠽᠡᠨ ᠦ᠌ ᠬᠢ ᠰᠢᠭ ᠳᠦᠭᠦᠰᠢᠨ ᠳ᠋ᠡᠭᠡᠨ ᠣᠪᠣᠩ ᠳᠣᠪᠣᠩ ᠵᠠᠩᠭᠢᠷᠠᠭᠰᠠᠨ ᠪᠤᠯᠴᠢᠩ ᠲᠠᠢ ᠥᠷᠭᠡᠨ ᠰᠢᠨ᠎ᠠ ᠲᠠᠢ ᠬᠥᠨᠳᠡᠯᠡᠨ ᠨᠢᠳᠦ᠂ ᠭᠡᠨᠡᠨ ᠬᠠᠷᠠᠴᠠ᠂ ᠥᠷᠭᠡᠨ ᠴᠡᠭᠡᠵᠢ᠂ ᠪᠠᠳᠠᠷᠠᠭᠤᠨ ᠭᠠᠷ᠂ ᠪᠣᠷᠭᠢᠯ ᠬᠥᠳᠡᠯᠭᠡᠭᠡᠨ ᠲᠡᠢ ᠠᠮᠢᠲᠠᠨ ᠢ᠋ ᠦᠵᠡᠭᠡ ᠦᠭᠡᠢ ᠳ᠋ᠡᠭᠡᠨ ᠨᠢᠳᠦ ᠰᠠᠯᠭᠠᠯ ᠦᠭᠡᠢ ᠰᠣᠨᠢᠷᠬᠠᠨ ᠰᠢᠷᠳᠡᠭᠡᠳ ᠡᠴᠦᠰ ᠲᠦ᠋ᠨᠢ ᠠᠶ᠎ᠠ ᠦᠭᠡᠢ ᠪᠣᠯ ᠬᠣᠶᠠᠷ ᠡᠯᠵᠢᠭᠡ ᠣᠷᠣᠭᠤᠯᠬᠤ ᠳ᠋ᠤ᠌ ᠬᠦᠷᠳᠡᠭ ᠲᠡᠭᠡᠷᠮ᠎ᠡ ᠳ᠋ᠦ᠍ ᠲᠡᠳᠦᠢ ᠯᠡ ᠳᠦᠭᠦᠷᠡᠳᠡᠬᠦ ᠦᠭᠡᠢ ᠵᠢᠳᠬᠦᠵᠦ ᠶᠠᠪᠤᠭ᠎ᠠ ᠶ᠋ᠢ ᠨᠢ ᠰᠣᠨᠢᠷᠬᠠᠭᠠᠳ ᠪᠦᠷ ᠡᠴᠦᠰ ᠲᠦ᠋ᠨᠢ《ᠬᠡᠷᠪᠡ ᠬᠡᠵᠢᠶ᠎ᠡ ᠨᠢᠭᠡ ᠰᠥᠨᠢ ᠡᠢᠮᠦ ᠠᠮᠢᠲᠠᠨ ᠠᠪᠳᠠᠷ᠎ᠠ ᠳ᠋ᠠᠬᠢ ᠮᠥᠩᠭᠥᠨ ᠳ᠋ᠦ᠍ ᠮᠢᠨᠢ ᠰᠢᠨᠤᠨ ᠣᠷᠣᠵᠤ ᠢᠷᠡᠭᠡᠳ ᠪᠠᠭᠠᠯᠵᠠᠭᠤᠷ ᠰᠢᠬᠠᠪᠠᠯ ᠶᠠᠭᠠᠬᠢᠨ᠎ᠠ》 ᠭᠡᠵᠦ ᠪᠣᠳᠣᠭᠳᠠᠬᠤ ᠳ᠋ᠤ᠌ ᠳᠣᠲᠣᠷ᠎ᠠ ᠵᠢᠷᠢᠰᠬᠢᠵᠦ ᠡᠷᠭᠢᠨ ᠶᠠᠪᠤᠵᠠᠢ᠃
ᠲᠡᠷᠡ ᠬᠥᠮᠦᠨ ᠢ᠋ ᠳᠠᠯᠳᠠ ᠣᠷᠣᠮᠠᠭᠴᠠ ᠯᠤᠤ ᠯᠢ ᠠᠵᠢᠯ ᠢ᠋ᠶ᠋ᠠᠨ ᠲᠦᠷ ᠵᠣᠭᠰᠣᠨ᠄
— ᠴᠢ ᠠᠵᠢᠪᠠᠤ? ᠳ᠋ᠠ ᠯᠣᠣᠶᠧ! ᠲᠡᠷᠡ ᠴᠢᠮᠠᠶ᠋ᠢ ᠶᠡᠬᠡᠳᠡ ᠲᠠᠭᠠᠯᠠᠨ ᠠᠵᠢᠪᠠ ᠭᠡᠵᠦ ᠪᠠᠶᠠᠰᠤᠩᠭᠤᠢ ᠬᠡᠯᠡᠪᠡ᠃ ᠳ᠋ᠠᠨᠽᠡᠨ ᠣᠳᠣ ᠡᠭᠦᠨ ᠦ᠌ ᠤᠷᠢᠳᠠ ᠯᠤᠤ ᠯᠢ ᠶ᠋ᠢᠨ ᠭᠡᠷ ᠦ᠋ᠨ ᠬᠢᠨ ᠦ᠌ ᠣᠯᠠᠨ ᠲᠠᠢ ᠪᠢᠰᠢᠷᠡᠨ ᠶᠠᠷᠢᠭᠰᠠᠨ ᠳᠠ ᠯᠣᠣᠶᠧ ᠭᠡᠭᠴᠢ ᠪᠣᠯᠬᠤ ᠶ᠋ᠢ ᠰᠠᠶᠢ ᠮᠡᠳᠡᠪᠡ᠃ ᠭᠡᠪᠡᠴᠦ ᠲᠡᠭᠦᠨ ᠦ᠌ ᠥᠪᠡᠷ ᠢ᠋ ᠨᠢ ᠲᠠᠭᠠᠯᠠᠨ ᠠᠵᠢᠭᠰᠠᠨ ᠭᠡᠳᠡᠭ ᠢ᠋ ᠰᠣᠨᠢᠷᠬᠠᠬᠤ ᠶᠠᠭᠤᠮ᠎ᠠ ᠠᠯᠠᠭ᠎ᠠ᠃ ᠬᠠᠷᠢᠨ ᠪᠡᠶ᠎ᠡ ᠶ᠋ᠢᠨ ᠬᠢᠨᠢ ᠣᠨᠴᠠᠭᠠᠢ ᠪᠠᠢᠳᠠᠯ ᠰᠡᠳᠬᠢᠯ ᠳ᠋ᠦ᠍ ᠪᠠᠭᠤᠨ᠄
— ᠶᠠᠮᠠᠷ ᠭᠡᠭᠴᠢ ᠶ᠋ᠢᠨ ᠪᠦᠳᠦᠭᠦᠨ ᠴᠦ᠍ ᠠᠮᠢᠲᠠᠨ ᠪᠣᠢ ᠳᠠ ᠭᠡᠵᠦ ᠢᠨᠢᠶᠡᠪᠡ᠃
— ᠲᠡᠢᠮᠦ ᠠ᠋᠂ ᠶᠣᠰᠣᠲᠠᠢ ᠪᠤᠶᠠᠨ ᠲᠠᠢ ᠬᠥᠮᠦᠨ᠃
ᠳ᠋ᠠᠨᠽᠡᠨ ᠶᠡᠬᠡ ᠪᠤᠶᠠᠨᠲᠠᠨ ᠢ᠋ ᠱᠣᠣᠯᠠᠵᠤ ᠪᠠᠢᠭ᠎ᠠ ᠪᠠᠨ ᠭᠡᠨᠡᠳᠲᠡ ᠰᠠᠨᠠᠨ ᠭᠡᠮᠰᠢᠵᠦ ᠢᠨᠢᠶᠡᠳᠦ ᠪᠡᠨ ᠲᠡᠳᠡᠨ ᠠᠮᠠ ᠬᠠᠮᠬᠢᠪᠠ᠃ ᠬᠠᠵᠠᠭᠤ ᠠ᠋ᠴᠠ ᠬᠣᠶᠠᠷ ᠡᠯᠵᠢᠭᠡ ᠢᠪᠡᠭᠡᠯᠲᠦ ᠡᠵᠡᠨ ᠢ᠋ ᠮᠢᠨᠢ ᠳᠣᠷᠣᠮᠵᠢᠯᠠᠪᠠ ᠭᠡᠵᠦ ᠵᠠᠩᠳᠤᠷᠬᠤ ᠮᠡᠲᠦ ᠭᠡᠨᠡᠳᠲᠡ ᠨᠢᠭᠡ ᠵᠡᠷᠭᠡᠴᠡᠭᠡ ᠪᠡᠷ ᠣᠷᠢᠯᠠᠨ ᠰᠢᠪᠠᠷ ᠫᠧᠩ ᠢ᠋ ᠲᠤᠷᠭᠢᠭᠤᠯᠪᠠ᠃ ᠡᠨᠡ ᠰᠠᠴᠠᠭᠤ ᠭᠠᠳᠠᠭ᠎ᠠ ᠴᠦ᠍ ᠪᠠᠰᠠ ᠱᠤᠤᠭᠢᠶᠠᠨ ᠪᠣᠯᠪᠠ᠃ ᠲᠠᠬᠢᠶ᠎ᠠ ᠨᠤᠭᠤᠳ ᠳᠠᠭᠤ ᠳᠠᠭᠤ ᠪᠠᠨ ᠠᠪᠤᠯᠴᠠᠨ ᠲᠡᠩᠬᠡ ᠭᠠᠷᠭᠠᠨ ᠬᠠᠰᠬᠢᠷᠤᠯᠳᠤᠨ᠎ᠠ᠃ ᠲᠡᠢᠨᠬᠦ ᠨᠢᠭᠡ ᠦᠶ᠎ᠡ ᠠᠢᠬᠤᠪᠲᠤᠷ ᠱᠤᠤᠭᠢᠶᠠᠨ ᠳᠡᠭᠳᠡᠨ ᠨᠠᠮᠵᠢᠬᠤ ᠳ᠋ᠤ᠌ ᠳᠡᠷᠭᠡᠳᠡᠬᠢ ᠬᠣᠶᠠᠷ ᠡᠯᠵᠢᠭᠡ ᠯᠡ ᠪᠠᠷᠬᠢᠷᠠᠯᠳᠤᠭᠰᠠᠭᠠᠷ ᠬᠣᠰᠢᠭᠤ ᠬᠣᠰᠢᠭᠤ ᠪᠠᠨ ᠲᠠᠴᠢᠶᠠᠯᠠᠨ ᠦᠨᠦᠷᠯᠡᠵᠦ ᠤᠶᠠᠭᠳᠠᠭᠰᠠᠨ ᠤᠶᠠᠭ᠎ᠠ ᠪᠠᠨ ᠠᠳᠠ ᠦᠵᠡᠨ ᠪᠡᠶ᠎ᠡ ᠪᠡᠶ᠎ᠡ ᠤᠷᠤᠭᠤ ᠪᠠᠨ ᠤᠬᠠᠭᠠᠨ ᠦᠭᠡᠢ ᠲᠡᠮᠡᠦᠯᠬᠦ ᠶ᠋ᠢ ᠨᠢ ᠠᠵᠢᠪᠠᠯ ᠨᠢᠭᠡ ᠨᠢ ᠭᠡᠭᠦᠦ ᠨᠥᠭᠦᠭᠡ ᠨᠢ ᠠᠵᠢᠷᠭ᠎ᠠ ᠶᠤᠮ ᠰᠠᠨᠵᠢ᠃
— ᠠᠵᠢᠯ ᠢ᠋ᠶ᠋ᠠᠨ ᠵᠣᠭᠰᠣᠶ᠎ᠠ! ᠥᠯᠵᠡᠢ ᠪᠤᠶᠠᠨ ᠤ᠋ ᠴᠠᠭ ᠪᠣᠯᠪᠠ ᠭᠡᠵᠦ ᠯᠤᠤ ᠯᠢ ᠬᠡᠯᠡᠪᠡ᠃
ᠥᠯᠵᠡᠢ ᠪᠤᠶᠠᠨ ᠤ᠋ ᠴᠠᠭ ᠭᠡᠵᠦ ᠡᠳᠦᠷ ᠳᠤᠮᠳᠠ ᠪᠣᠯᠬᠤ ᠶ᠋ᠢ ᠬᠡᠯᠡᠳᠡᠭ ᠪᠠᠢᠵᠠᠢ᠃
ᠡᠳᠦᠷ ᠳᠤᠮᠳᠠ ᠪᠣᠯᠣᠮᠠᠭᠴᠠ ᠡᠯᠵᠢᠭᠡ ᠪᠠᠷᠬᠢᠷᠠᠵᠤ᠂ ᠲᠠᠬᠢᠶ᠎ᠠ ᠳᠣᠩᠭᠣᠳᠴᠤ ᠠᠵᠢᠯ ᠵᠣᠭᠰᠣᠳᠠᠭ ᠪᠠᠢᠵᠠᠢ᠃ ᠴᠠᠭᠠᠰᠢ ᠶᠠᠭᠤ ᠪᠣᠯᠬᠤ ᠪᠣᠢ? ᠭᠡᠪᠡᠯ ᠠᠵᠢᠯᠯᠠᠵᠤ ᠪᠠᠢᠭ᠎ᠠ ᠬᠥᠮᠦᠨ ᠳ᠋ᠦ᠍ ᠬᠣᠭᠣᠯᠠ ᠢᠷᠡᠨ᠎ᠡ᠃ ᠴᠢᠬᠢᠷᠰᠦᠨ ᠡᠭᠦᠳᠡ ᠰᠡᠪᠬᠢᠨ ᠨᠡᠭᠡᠭᠡᠭᠳᠡᠵᠦ ᠬᠠᠷᠠᠴᠤ ᠬᠥᠮᠦᠨ ᠬᠣᠭᠣᠯᠠ ᠣᠷᠣᠭᠤᠯᠵᠤ ᠥᠭᠭᠦᠭᠰᠡᠨ ᠢ᠋ ᠨᠥᠭᠦᠭᠡ ᠬᠣᠶᠠᠷ ᠬᠦᠯᠢᠶᠡᠨ ᠠᠪᠤᠪᠠ᠃ ᠯᠤᠤ ᠯᠢ ᠲᠦᠷᠦᠭᠦᠴᠢ ᠶ᠋ᠢᠨ ᠳᠡ ᠯᠣᠣᠶᠧ ᠶ᠋ᠢᠨ ᠬᠠᠴᠠᠷ ᠰᠢᠭ᠋ ᠴᠡᠯᠴᠡᠭᠡᠷ ᠬᠥᠬᠡ ᠥᠩᠭᠡ ᠶ᠋ᠢᠨ ᠲᠣᠮᠣ ᠮᠠᠨᠲᠠᠤ ᠣᠯᠠᠨ ᠢᠷᠡᠭᠰᠡᠨ ᠢ᠋ ᠦᠵᠡᠭᠡᠳ᠂
— ᠠᠢ ᠳᠠ ᠯᠣᠣᠶᠧ ᠴᠢᠮᠠᠶ᠋ᠢ ᠦᠨᠡᠬᠡᠷ ᠳᠠᠭᠠᠯᠠᠭᠰᠠᠨ ᠪᠠᠢᠨ᠎ᠠ ᠰᠢᠦ ᠭᠡᠵᠦ ᠳᠠᠪᠲᠠᠨ ᠪᠡᠶᠡᠰᠪᠡ᠃
ᠢᠷᠡᠭᠰᠡᠨ ᠬᠣᠭᠣᠯᠠ ᠨᠢ ᠮᠠᠨᠲᠠᠤ᠂ ᠤᠰᠤᠨ ᠳ᠋ᠤ᠌ ᠴᠢᠨᠠᠭᠰᠠᠨ ᠰᠢᠷ᠎ᠠ ᠪᠤᠳᠠᠭ᠎ᠠ ᠬᠤᠶᠠᠷ ᠪᠠᠢᠭ᠎ᠠ ᠪᠢᠯᠡ᠃ ᠠᠵᠢᠯ ᠳᠥᠩᠭᠡᠵᠦ ᠵᠣᠭᠰᠣᠮᠠᠭᠴᠠ ᠫᠧᠩ ᠦ᠋ᠨ ᠵᠢᠬᠡᠭᠦᠨ ᠵᠢᠪᠠᠷ᠂ ᠡᠮᠦᠰᠦᠭᠰᠡᠨ ᠬᠤᠪᠴᠠᠰᠤ ᠶ᠋ᠢ ᠨᠡᠪᠲᠡ ᠵᠢᠩᠳᠡᠬᠦ ᠲᠤᠯᠠ ᠨᠥᠭᠦᠭᠡ ᠬᠣᠶᠠᠷ ᠬᠠᠯᠠᠭᠤᠨ ᠬᠣᠭᠣᠯᠠ ᠪᠠᠷ ᠳᠣᠲᠣᠷ᠎ᠠ ᠠ᠋ᠴᠠ ᠪᠠᠨ ᠳᠤᠯᠠᠭᠠᠴᠠᠬᠤ ᠭᠡᠵᠦ ᠶᠠᠭᠠᠷᠠᠨ ᠰᠦᠷᠡᠬᠡᠢ ᠳᠠᠭᠤ ᠴᠢᠮᠡᠭᠡ ᠲᠡᠢ ᠢᠳᠡᠵᠦ ᠭᠠᠷᠤᠯ᠎ᠠ᠃ ᠨᠢᠭᠡ ᠮᠡᠳᠡᠬᠦ ᠳ᠋ᠦ᠍ ᠳᠡ ᠯᠣᠣᠶᠧ ᠣᠷᠣᠵᠤ ᠢᠷᠡᠭᠰᠡᠨ ᠪᠠᠢᠪᠠ᠃ ᠲᠡᠭᠦᠨ ᠢ᠋ ᠳ᠋ᠠᠨᠽᠡᠨ ᠲᠦᠷᠦᠭᠦᠨ ᠬᠡᠳᠦ ᠠᠵᠢᠭᠯᠠᠭᠰᠠᠨ ᠲᠤᠯᠠ ᠳᠠᠬᠢᠨ ᠠᠵᠢᠭᠯᠠᠬᠤ ᠬᠡᠷᠡᠭ ᠪᠠᠢᠭᠰᠠᠨ ᠦᠭᠡᠢ᠃ ᠬᠠᠷᠢᠨ ᠳᠠ ᠯᠣᠣᠶᠧ ᠳ᠋ᠦ᠍ ᠳ᠋ᠠᠨᠽᠡᠨ ᠦ᠌ ᠳᠦᠷᠢ ᠢᠯᠠᠩᠭᠤᠶ᠎ᠠ ᠲᠦᠬᠦᠰᠢᠨ ᠳ᠋ᠦ᠍ᠨᠢ ᠵᠠᠩᠭᠢᠷᠠᠭᠰᠠᠨ ᠶᠡᠬᠡ ᠪᠤᠯᠴᠢᠩ ᠰᠡᠳᠬᠢᠯ ᠳ᠋ᠦ᠍ᠨᠢ ᠴᠠᠭ ᠦᠷᠭᠦᠯᠵᠢ ᠬᠠᠳᠠᠭᠳᠠᠨ《ᠡᠢᠮᠦ ᠬᠠᠴᠢᠨ ᠪᠣᠯᠠᠢ ᠠᠮᠢᠲᠠᠨ ᠤ᠋ ᠢᠳᠡᠬᠦ ᠶᠠᠮᠠᠷ ᠪᠠᠢᠳᠠᠭ ᠪᠢᠯᠡ?》 ᠭᠡᠰᠡᠨ ᠰᠠᠪᠠᠭ᠎ᠠ ᠦᠭᠡᠢ ᠰᠡᠳᠬᠢᠯ ᠲᠥᠷᠥᠭᠰᠡᠨ ᠢ᠋ᠶ᠋ᠡᠷ ᠵᠠᠷᠤᠴᠠ ᠳ᠋ᠠᠭᠠᠨ ᠠᠷᠪᠠᠨ ᠶᠡᠬᠡ ᠮᠠᠨᠲᠠᠤ ᠥᠭᠬᠦ ᠶ᠋ᠢ ᠲᠤᠰᠢᠶᠠᠭᠠᠳ ᠳᠠᠷᠠᠭ᠎ᠠ ᠨᠢ ᠥᠪᠡᠷ ᠢ᠋ᠶ᠋ᠡᠨ ᠦᠵᠡᠬᠦ ᠪᠡᠷ ᠢᠷᠡᠭᠰᠡᠨ ᠨᠢ ᠲᠡᠷᠡ ᠪᠠᠢᠵᠠᠢ᠃ ᠡᠨᠡ ᠶᠠᠪᠤᠳᠠᠯ ᠢ᠋ ᠳ᠋ᠠᠨᠽᠡᠨ ᠦᠯᠦ ᠮᠡᠳᠡᠬᠦ ᠨᠢ ᠮᠡᠳᠡᠭᠡᠵᠢ᠃ ᠥᠪᠡᠷ ᠦ᠋ᠨ ᠬᠢᠨᠢ ᠭᠠᠵᠢ ᠪᠤᠷᠤᠭᠤ ᠪᠦᠳᠦᠭᠦᠨ ᠪᠡᠶ᠎ᠡ ᠶ᠋ᠢ ᠨᠢ ᠰᠣᠨᠢᠷᠬᠠᠬᠤ ᠶ᠋ᠢ ᠴᠦ᠍ ᠪᠣᠳᠣᠭᠰᠠᠨ ᠦᠭᠡᠢ᠃ ᠵᠥᠪᠬᠡᠨ ᠪᠤᠶᠠᠨᠲᠠᠨ ᠤ᠋ ᠪᠤᠶᠠᠨ ᠥᠭᠭᠦᠭᠰᠡᠨ ᠳᠡᠭᠡᠷ᠎ᠡ ᠨᠢ ᠭᠡᠵᠦ ᠲᠣᠮᠣ ᠲᠣᠮᠣ ᠡᠮᠬᠦᠯᠡᠨᠡ᠃
ᠳᠡ ᠯᠣᠣᠶᠧ ᠳ᠋ᠠᠨᠽᠡᠨ ᠦ᠌ ᠤᠭ ᠠ᠋ᠴᠠ ᠬᠠᠲᠠᠭᠤ ᠭᠦᠳᠡᠭᠦᠦ ᠶ᠋ᠢ ᠬᠤᠯᠠᠨ ᠵᠠᠵᠢᠯᠵᠤ ᠵᠠᠩᠰᠢᠭᠰᠠᠨ ᠡᠷᠡᠦ ᠶ᠋ᠢᠨ ᠬᠥᠳᠡᠯᠭᠡᠭᠡᠨ᠂ ᠲᠦᠬᠦᠰᠢᠨ ᠳ᠋ᠡᠬᠢ ᠣᠪᠣᠰ ᠲᠣᠪᠣᠰ ᠭᠡᠬᠦ ᠪᠤᠯᠴᠢᠩ ᠢ᠋ ᠣᠨᠴᠠᠯᠠᠨ ᠰᠣᠨᠢᠷᠬᠠᠭᠰᠠᠨ ᠢ᠋ᠶ᠋ᠠᠨ ᠠᠷᠢᠶᠠᠲᠠᠨ ᠤ᠋ ᠰᠢᠨᠵᠢ ᠳᠡᠭᠡᠷ᠎ᠡ ᠠᠪᠠᠴᠢᠪᠠ᠃ ᠭᠡᠪᠡᠴᠦ ᠵᠢᠭᠰᠢᠯ ᠢ᠋ᠶ᠋ᠡᠷ ᠪᠢᠰᠢ ᠲᠦᠷᠦᠭᠦᠨ ᠬᠦᠨᠳᠦ ᠲᠡᠭᠡᠷᠮ᠎ᠡ ᠳ᠋ᠦ᠍ ᠬᠡᠨᠡᠭ ᠦᠭᠡᠢ ᠵᠢᠳᠬᠦᠵᠦ ᠪᠠᠢᠭᠰᠠᠨ ᠲᠠᠢ ᠨᠢ ᠬᠣᠯᠪᠣᠨ《ᠬᠡᠷᠪᠡ ᠪᠢ ᠡᠢᠮᠦ ᠵᠠᠷᠤᠴᠠ ᠲᠠᠢ ᠪᠣᠯ ᠶᠠᠭᠤᠲᠠᠢ ᠰᠠᠢᠬᠠᠨ ᠪᠣᠢ᠂ ᠢᠳᠡᠬᠦ ᠶ᠋ᠢᠨ ᠬᠢᠨᠢ ᠦᠨ᠎ᠡ ᠡᠯᠵᠢᠭᠡᠨ ᠦ᠌ ᠡᠴᠡ ᠳᠠᠪᠠᠵᠤ ᠮᠠᠭᠠᠳ ᠪᠣᠯᠪᠠᠴᠤ ᠠᠰᠢᠭ ᠪᠣᠯᠬᠤ ᠲᠠᠯ᠎ᠠ ᠪᠠᠷ ᠬᠠᠮᠢᠶ᠎ᠠ ᠦᠭᠡᠢ ᠳᠠᠪᠠᠭᠤ ᠲᠠᠢ ᠪᠠᠢᠬᠤ ᠰᠢᠦ ᠳᠡ》 ᠭᠡᠵᠦ ᠪᠣᠳᠣᠪᠠ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ
