ᠲᠩᠷᠢᠯᠢᠭ ᠲᠠᠯ᠎ᠠ ᠨᠤᠲᠤᠭ- ᠤᠶᠠᠨ ᠵᠢᠷᠭᠢᠭᠡ ᠬᠠᠮᠲᠤᠯᠢᠭТэнгэрлэг тал нутаг-Уян жиргээ хамтлаг ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠩᠷᠢᠯᠢᠭ ᠲᠠᠯ᠎ᠠ ᠨᠤᠲᠤᠭ- ᠤᠶᠠᠨ ᠵᠢᠷᠭᠢᠭᠡ ᠬᠠᠮᠲᠤᠯᠢᠭТэнгэрлэг тал нутаг-Уян жиргээ хамтлаг

ᠲᠩᠷᠢᠯᠢᠭ ᠲᠠᠯ᠎ᠠ ᠨᠤᠲᠤᠭ- ᠤᠶᠠᠨ ᠵᠢᠷᠭᠢᠭᠡ ᠬᠠᠮᠲᠤᠯᠢᠭТэнгэрлэг тал нутаг-Уян жиргээ хамтлаг

2025-12-20

600

ᠲᠩᠷᠢᠯᠢᠭ ᠲᠠᠯ᠎ᠠ ᠨᠤᠲᠤᠭ


  ᠦᠭᠡ᠄ ᠤᠶᠠᠬᠠᠨ᠂ ᠢᠪᠡᠭᠡᠯ 
  ᠠᠶ᠎ᠠ᠄ ᠢᠪᠡᠭᠡᠯ 
  — ᠤᠶᠠᠨ ᠵᠢᠷᠭᠢᠭᠡ ᠬᠠᠮᠲᠤᠯᠢᠭ 

ᠥᠩ ᠰᠢᠮᠡᠯᠢᠭ ᠪᠡᠯᠴᠢᠭᠡᠷ ᠲᠡᠢ 
ᠥᠷᠭᠡᠨ ᠶᠡᠬᠡ ᠲᠠᠯ᠎ᠠ ᠲᠠᠢ 
ᠡᠨᠡ ᠪᠣᠯ ᠮᠢᠨᠦ ᠥᠰᠴᠦ ᠲᠥᠷᠥᠭᠰᠡᠨ 
ᠥᠯᠥᠭᠡᠢ ᠨᠤᠲᠤᠭ ᠠ᠋ 
ᠮᠠᠯ ᠰᠦᠷᠦᠭ ᠨᠢ ᠨᠠᠯᠠᠢᠭᠠᠳ 
ᠮᠠᠯᠴᠢᠨ ᠪᠦᠬᠦᠨ ᠵᠢᠷᠭᠠᠯ ᠲᠠᠢ 
ᠮᠠᠨᠳᠤᠬᠤ ᠨᠠᠷᠠᠨ ᠤ᠋ ᠭᠡᠷᠡᠯ ᠲᠡᠢ 
ᠰᠠᠢᠬᠠᠨ ᠭᠠᠵᠠᠷ ᠠ᠋ 

ᠴᠡᠯᠮᠡᠭ ᠬᠥᠬᠡ ᠲᠩᠷᠢ ᠶ᠋ᠢᠨ ᠢ᠋ᠶ᠋ᠡᠨ ᠬᠠᠶᠠᠭᠠᠨ ᠳᠡᠭᠡᠷ᠎ᠡ ᠨᠢ ᠪᠥᠵᠢᠭᠯᠡᠶ᠎ᠡ
ᠴᠡᠩᠬᠡᠷ ᠨᠣᠮᠢᠨ ᠲᠠᠯ᠎ᠠ ᠶ᠋ᠢᠨ ᠴᠡᠭᠡᠵᠢᠨ ᠳᠡᠭᠡᠷ᠎ᠡ ᠨᠢ ᠪᠥᠵᠢᠭᠯᠡᠶ᠎ᠡ
ᠴᠢᠨᠳᠠᠭᠠᠨ ᠴᠠᠭᠠᠨ ᠭᠡᠷ ᠦ᠋ᠨ ᠢ᠋ᠶ᠋ᠡᠨ ᠬᠣᠷᠮᠣᠢ ᠳᠡᠭᠡᠷ᠎ᠡ ᠨᠢ ᠪᠥᠵᠢᠭᠯᠡᠶ᠎ᠡ
ᠴᠡᠴᠡᠨ ᠮᠡᠷᠭᠡᠨ ᠠᠷᠠᠳ ᠤ᠋ᠨ ᠬᠥᠭ ᠢ᠋ ᠨᠢ ᠨᠡᠮᠡᠵᠦ ᠪᠥᠵᠢᠭᠯᠡᠶ᠎ᠡ
ᠬᠡᠷᠦᠯᠦᠨ ᠤᠨᠤᠨ ᠮᠥᠷᠡᠨ ᠦ᠌ ᠪᠡᠨ ᠬᠥᠪᠡᠭᠦᠨ ᠳᠡᠭᠡᠷ᠎ᠡ ᠨᠢ ᠪᠥᠵᠢᠭᠯᠡᠶ᠎ᠡ
ᠬᠣᠩᠭᠣᠷ ᠰᠦᠷᠯᠢᠭ ᠠᠭᠤᠯᠠᠰ ᠤ᠋ᠨ ᠢ᠋ᠶ᠋ᠠᠨ ᠬᠣᠷᠮᠣᠢ ᠳᠡᠭᠡᠷ᠎ᠡ ᠨᠢ ᠪᠥᠵᠢᠭᠯᠡᠶ᠎ᠡ
ᠬᠤᠷᠳᠤᠨ ᠵᠢᠷᠣᠭ᠎ᠠ ᠮᠣᠷᠢᠨ ᠤ᠋ ᠪᠠᠨ ᠳᠠᠪᠬᠢᠭᠠᠨ ᠳᠡᠭᠡᠷ᠎ᠡ ᠨᠢ ᠪᠥᠵᠢᠭᠯᠡᠶ᠎ᠡ
ᠬᠡᠢᠮᠣᠷᠢ ᠬᠤᠷᠤᠢᠯᠠᠭᠰᠠᠨ ᠠᠷᠠᠳ ᠤ᠋ᠨ ᠢ᠋ᠶ᠋ᠠᠨ ᠬᠡᠰᠢᠭ ᠢ᠋ ᠨᠢ ᠨᠡᠮᠡᠵᠦ ᠪᠥᠵᠢᠭᠯᠡᠶ᠎ᠡ
ᠠ᠁ ᠵᠠ

ᠰᠣᠯᠣᠩᠭᠠᠷᠠᠬᠤ ᠴᠡᠴᠡᠭ ᠦ᠋ᠨ ᠢ᠋ᠶ᠋ᠡᠨ ᠰᠣᠷᠭᠣᠭ ᠢ᠋ ᠮᠢᠯᠢᠶᠠᠨ ᠪᠥᠵᠢᠭᠯᠡᠶ᠎ᠡ
ᠰᠦᠯᠳᠡᠲᠦ ᠨᠤᠲᠤᠭ ᠤ᠋ᠨ ᠢ᠋ᠶ᠋ᠠᠨ ᠰᠣᠶᠣᠯ ᠢ᠋ ᠪᠠᠬᠠᠳᠤᠨ ᠪᠥᠵᠢᠭᠯᠡᠶ᠎ᠡ
ᠰᠤᠤᠲᠤ ᠤᠬᠠᠭᠠᠨᠲᠤ ᠦᠷᠡᠰ ᠦ᠋ᠨ ᠢ᠋ᠶ᠋ᠡᠨ ᠰᠦᠷ ᠢ᠋ ᠨᠢ ᠮᠠᠭᠲᠠᠨ ᠪᠥᠵᠢᠭᠯᠡᠶ᠎ᠡ
ᠰᠣᠳᠣᠨ ᠮᠠᠯᠴᠢᠳ ᠤ᠋ᠨ ᠢ᠋ᠶ᠋ᠠᠨ ᠰᠦᠷᠦᠭ ᠢ᠋ ᠨᠢ ᠪᠠᠬᠠᠷᠬᠠᠨ ᠪᠥᠵᠢᠭᠯᠡᠶ᠎ᠡ
ᠤᠶᠠᠩᠭ᠎ᠠ ᠢᠷᠠᠭᠤ ᠨᠠᠶ᠋ᠢᠷᠠᠭ ‍ᠤᠨ ᠶ᠋ᠢᠠᠨ ᠤᠷᠠᠨ ᠊ᠢ ᠱᠠᠭᠰᠢᠨ ᠪᠥᠵᠢᠭᠯᠡᠶ᠎ᠡ
ᠤᠷᠲᠤ ᠶ᠋ᠢᠨ ᠳᠠᠭᠤᠨ ᠤ᠋ ᠲᠦᠷᠢᠯᠭᠡ ᠶ᠋ᠢᠨ ᠢ᠋ᠶ᠋ᠡᠨ ᠨᠠᠮᠪᠠ ᠳᠡᠭᠡᠷ᠎ᠡ ᠨᠢ ᠪᠥᠵᠢᠭᠯᠡᠶ᠎ᠡ
ᠤᠶᠠᠷᠠᠭᠤᠨ ᠢᠷᠠᠭᠤ ᠬᠤᠭᠤᠷ ᠤ᠋ᠨ ᠢ᠋ᠶ᠋ᠠᠨ ᠬᠥᠭ ᠢ᠋ ᠨᠢ  ᠳᠠᠭᠠᠨ ᠪᠥᠵᠢᠭᠯᠡᠶ᠎ᠡ
ᠥᠭᠡᠳᠡᠯᠡᠨ ᠮᠠᠨᠳᠤᠬᠤ ᠠᠮᠢᠳᠤᠷᠠᠯ ᠢ᠋ ᠪᠡᠨ ᠢᠷᠥᠭᠡᠨ ᠵᠥᠩᠨᠡᠵᠦ ᠪᠥᠵᠢᠭᠯᠡᠶ᠎ᠡ
ᠠ᠁ ᠵᠠ

ᠥᠩ ᠰᠢᠮᠡᠯᠢᠭ ᠪᠡᠯᠴᠢᠭᠡᠷ ᠲᠡᠢ
ᠥᠷᠭᠡᠨ ᠶᠡᠬᠡ ᠲᠠᠯ᠎ᠠ ᠲᠠᠢ
ᠡᠨᠡ ᠪᠣᠯ ᠮᠢᠨᠦ ᠥᠰᠴᠦ ᠲᠥᠷᠥᠭᠰᠡᠨ
ᠥᠯᠥᠭᠡᠢ ᠨᠤᠲᠤᠭ ᠠ᠋
ᠮᠠᠯ ᠰᠦᠷᠦᠭ ᠨᠢ ᠨᠠᠯᠠᠢᠭᠠᠳ
ᠮᠠᠯᠴᠢᠨ ᠪᠦᠬᠦᠨ ᠵᠢᠷᠭᠠᠯ ᠲᠠᠢ
ᠮᠠᠨᠳᠤᠬᠤ ᠨᠠᠷᠠᠨ ᠤ᠋ ᠭᠡᠷᠡᠯ ᠲᠡᠢ
ᠰᠠᠢᠬᠠᠨ ᠭᠠᠵᠠᠷ ᠠ᠋

  ᠦᠰᠦᠭ ᠠᠮᠢᠯᠠᠭᠤᠯᠵᠤ᠂ ᠬᠠᠲᠠᠭᠰᠠᠨ ᠨᠢ᠄ ᠰᠣᠳᠣ